ᠸᠠᠶᠢᠰ ᠬᠠᠭᠠᠨ ᠤ ᠬᠡᠷᠡᠭ ᠶᠠᠪᠣᠳᠠᠯ
ᠨᠡᠶᠢᠲᠡᠯᠡᠭᠰᠡᠨ ᠴᠠᠭ᠄
2020/3/24
ᠭᠤᠴᠢᠨ ᠬᠤᠶᠠᠳᠣᠭᠠᠷ ᠪᠦᠯᠦᠭ      ᠸᠠᠶᠢᠰ ᠬᠠᠭᠠᠨ ᠰᠠᠭᠤᠷᠢᠨ ᠵᠠᠯᠭᠠᠮᠵᠢᠯᠠᠮᠠᠭᠴᠠ ᠪᠠᠨ ᠱᠠᠰᠢᠨ ᠰᠢᠳᠦᠯᠭᠡ ᠳᠤ ᠮᠠᠰᠢ ᠬᠠᠯᠠᠭᠤᠷᠠᠯ ᠲᠠᠢ ᠪᠣᠯᠬᠤᠷ ᠮᠣᠩᠭᠤᠯᠴᠣᠳ ᠤᠨ ᠮᠦᠰᠯᠢᠮᠴᠣᠳ ᠢ ᠲᠣᠪᠳᠣᠯᠬᠤ ᠲᠠᠶᠢᠨ ᠢ ᠡᠷᠡᠰ ᠬᠤᠷᠢᠭᠯᠠᠨ ᠵᠣᠭᠰᠣᠭᠠᠪᠠ᠃ ᠲᠡᠭᠡᠭᠡᠳ ᠲᠠᠶᠢᠨ  ᠢᠶᠠᠨ ᠭᠠᠵᠢᠭᠤ ᠰᠣᠷᠳᠠᠬᠤᠨᠳᠠᠨ ᠪᠣᠯᠬᠤ ᠬᠠᠯᠢᠮᠠᠭ ᠲᠤ ᠬᠠᠨᠳᠣᠭᠤᠯᠪᠠ᠃ ᠬᠡᠳᠦᠶᠢᠪᠡᠷ ᠲᠡᠷᠡ ᠲᠠᠬᠢᠨ ᠲᠠᠪᠳᠠᠨ ᠢᠯᠠᠭᠳᠠᠵᠣ ᠪᠠᠶᠢᠭᠰᠠᠨ ᠪᠣᠯᠪᠠᠴᠣ ᠮᠦᠨ ᠲᠡᠳᠡᠨᠡᠷ ᠲᠠᠢ ᠲᠠᠶᠢᠳᠣᠬᠤ ᠪᠠᠨ ᠪᠠᠷᠢᠮᠳᠠᠯᠠᠵᠣ᠂ ᠶᠠᠭᠠᠬᠢᠭᠰᠠᠨ ᠴᠦ ᠠᠷᠢᠭᠤᠨ ᠲᠠᠶᠢᠨ ᠢᠶᠠᠨ ᠵᠣᠭᠰᠣᠬᠤ ᠦᠭᠡᠢ ᠭᠡᠵᠦ ᠪᠠᠶᠢᠯᠳᠣᠵᠣ᠂ ᠲᠡᠷᠡ ᠬᠤᠶᠠᠷ ᠣᠳᠠᠭ᠎ᠠ ᠬᠠᠯᠢᠮᠠᠭᠴᠣᠳ ᠲᠤ ᠣᠯᠵᠠᠯᠠᠭᠳᠠᠵᠣ ᠪᠠᠶᠢᠪᠠ᠃ ᠨᠢᠭᠡᠳᠦᠭᠡᠷ ᠣᠳᠠᠭ᠎ᠠ ᠨᠢ ᠮᠢᠩᠯᠠᠺ ᠤᠨ ᠲᠠᠶᠢᠨ ᠳᠤ ᠲᠠᠶᠢᠰᠣᠨ ᠳᠠᠭᠠᠨ ᠣᠯᠵᠠᠯᠠᠭᠳᠠᠪᠠ᠃ ᠲᠡᠷᠡ ᠣᠯᠵᠠᠯᠠᠭᠳᠠᠭᠰᠠᠨ ᠤ ᠲᠠᠷᠠᠭ᠎ᠠ᠂ ᠲᠡᠭᠦᠨ ᠢ ᠡᠰᠡᠨ ᠲᠠᠶᠢᠱᠢ ᠶᠢᠨ ᠡᠮᠦᠨ᠎ᠡ ᠲᠠᠷᠣᠵᠣ ᠠᠪᠴᠢᠷᠠᠪᠠ᠃ ᠡᠰᠡᠨ ᠲᠠᠶᠢᠱᠢ ᠲᠣᠲᠣᠷ᠎ᠠ ᠪᠠᠨ ᠪᠣᠳᠣᠷᠣᠨ᠄ ︽ᠬᠡᠷᠪᠡ ᠲᠡᠷᠡ ᠦᠨᠡᠬᠡᠷ ᠴᠢᠩᠬᠢᠰ ᠬᠠᠭᠠᠨ ᠤ ᠬᠤᠶᠢᠴᠢᠰ ᠪᠣᠯ ᠲᠡᠷᠡ ᠯᠠᠪ ᠨᠠᠳᠠ ᠳᠤ ᠵᠣᠯᠭᠠᠯᠳᠠ ᠶᠢᠨ ᠶᠣᠰᠣ ᠬᠢᠬᠦ ᠦᠭᠡᠢ᠂ ᠬᠠᠷᠢᠨ ᠨᠠᠳᠠ ᠶᠢ ᠲᠣᠣᠷᠠᠳᠣ ᠪᠠᠷ ᠦᠵᠡᠬᠦ ᠶᠣᠮ︾ ᠭᠡᠵᠡᠢ᠃ ᠸᠠᠶᠢᠰ ᠬᠠᠭᠠᠨ ᠢ ᠲᠠᠭᠠᠭᠤᠯᠣᠨ ᠠᠪᠴᠢᠷᠠᠬᠤ ᠦᠶ᠎ᠡ ᠳᠤ ᠲᠡᠷᠡ ᠮᠣᠷᠢᠨ ᠠᠴᠠ ᠪᠠᠭᠤᠨ ︵ᠢᠷᠡᠬᠦ ᠳᠤ ᠮᠣᠷᠢ ᠣᠨᠣᠵᠣ ᠢᠷᠡᠭᠰᠡᠨ ᠠᠵᠠᠢ︶ ᠡᠰᠡᠨ ᠲᠠᠶᠢᠱᠢ ᠮᠠᠰᠢ ᠬᠦᠨᠳᠦᠳᠭᠡᠯ ᠲᠠᠢ ᠪᠠᠷ ᠲᠡᠭᠦᠨ ᠢ ᠣᠭᠳᠣᠵᠣ ᠢᠷᠡᠪᠡ①᠃ ᠭᠡᠪᠡᠴᠦ᠂ ᠡᠨᠡᠬᠦ ᠬᠠᠭᠠᠨ ᠬᠠᠷᠢᠨ ᠨᠢᠭᠤᠷ ᠵᠡᠨ ᠪᠣᠷᠣᠭᠤᠯᠠᠨ᠂ ᠭᠠᠷ ᠢᠶᠠᠨ ᠴᠦ ᠡᠷᠭᠦᠭᠰᠡᠨ ᠦᠭᠡᠢ᠃ ᠲᠡᠭᠡᠭᠡᠳ ᠡᠰᠡᠨ ᠲᠠᠶᠢᠱᠢ ᠲᠡᠭᠦᠨ ᠢ ᠴᠢᠩᠬᠢᠰ ᠬᠠᠭᠠᠨ ᠤ ᠬᠤᠶᠢᠴᠢᠰ ᠭᠡᠵᠦ ᠢᠳᠡᠭᠡᠵᠦ᠂ ᠲᠣᠩ ᠶᠣᠰᠣᠷᠬᠠᠭ ᠬᠠᠷᠠᠭᠠᠯᠵᠠᠯᠠᠯ ᠦᠵᠡᠬᠦᠯᠵᠦ ᠲᠠᠯᠪᠢᠨ ᠶᠠᠪᠣᠭᠤᠯᠵᠠᠢ᠃ ᠬᠤᠵᠢᠮ ᠬᠦᠮᠦᠰ ᠲᠡᠭᠦᠨ ᠠᠴᠠ ᠶᠠᠭᠤᠨ ᠳᠤ ᠡᠰᠡᠨ ᠲᠠᠶᠢᠱᠢ ᠳᠤ ᠳᠦᠰᠢᠮᠡᠯ ᠬᠦᠮᠦᠨ ᠤ ᠶᠣᠰᠣ ᠬᠢᠭᠰᠡᠨ ᠦᠭᠡᠢ ᠪᠣᠢ ᠭᠡᠵᠦ ᠠᠰᠠᠭᠤᠬᠤ ᠳᠤ ᠲᠡᠭᠦᠨ ᠤ ᠬᠠᠷᠢᠭᠤᠯᠣᠭᠰᠠᠨ ᠨᠢ᠄ ︽ᠬᠡᠷᠪᠡ ᠡᠰᠡᠨ ᠲᠠᠶᠢᠱᠢ ᠰᠦᠷ ᠭᠡᠷᠡᠯ ᠲᠠᠢ ᠪᠠᠷ ᠨᠠᠳᠠ ᠲᠠᠢ ᠵᠣᠯᠭᠠᠭᠰᠠᠨ ᠪᠣᠯ ᠪᠢ ᠬᠠᠷᠢᠨ ᠠᠮᠢ ᠪᠠᠨ ᠬᠠᠭᠠᠴᠠᠶᠢᠯᠠᠬᠤ ᠪᠠᠷ ᠲᠡᠭᠦᠨ ᠢ ᠬᠦᠨᠳᠦᠯᠡᠵᠦ ᠮᠡᠳᠡᠨ᠎ᠡ᠃ ᠭᠡᠳᠡᠯ᠎ᠡ ᠲᠡᠷᠡ ᠨᠡᠷ᠎ᠡ ᠠᠯᠳᠠᠷ ᠢᠶᠠᠨ ᠪᠣᠳᠣᠬᠤ ᠦᠭᠡᠢ ᠡᠭᠡᠯ ᠲᠣᠣᠷᠠᠳᠣ ᠲᠦᠷᠢᠯᠡᠵᠦ ᠨᠠᠳᠠ  ᠶᠢ ᠣᠭᠳᠣᠨ ᠢᠷᠡᠭᠰᠡᠨ ᠲᠣᠯᠠᠳᠠ ᠪᠢ ᠬᠠᠷᠢᠨ ᠨᠠᠳᠠ ᠶᠢ ᠠᠯᠠᠬᠤ ᠨᠢ ᠯᠠᠪ ᠪᠣᠯᠪᠠ ᠬᠡᠮᠡᠨ ᠰᠠᠨᠠᠵᠣ᠂ ᠨᠢᠭᠡ ᠮᠦᠰᠯᠢᠮ ᠬᠦᠮᠦᠨ ᠶᠠᠭᠠᠬᠢᠭᠰᠠᠨ ᠴᠦ ᠭᠠᠵᠢᠭᠤ ᠱᠠᠰᠢᠨᠳᠠᠨ ᠳᠤ ᠲᠣᠯᠣᠭᠠᠢ ᠪᠦᠬᠦᠶᠢᠬᠦ ᠶᠣᠰᠣᠨ ᠦᠭᠡᠢ ᠬᠡᠮᠡᠨ ᠪᠣᠳᠣᠵᠣ ᠲᠡᠭᠦᠨ  ᠢ ᠣᠶᠢᠰᠢᠶᠠᠭᠰᠠᠨ ᠴᠦ ᠦᠭᠡᠢ︾ ᠬᠡᠪᠡ᠃ ᠡᠨᠡ ᠬᠠᠭᠠᠨ ᠱᠠᠰᠢᠨ ᠲᠠᠭᠠᠨ ᠦᠨᠡᠨᠴᠢ ᠪᠠᠶᠢᠭᠰᠠᠨ ᠤ ᠲᠣᠯᠠᠳᠠ ᠦᠬᠦᠯ  ᠠᠴᠠ ᠬᠡᠯᠳᠦᠷᠢᠭᠰᠡᠨ ᠠᠵᠠᠢ᠃    ᠨᠦᠬᠦᠭᠡ ᠨᠢᠭᠡᠨ ᠣᠳᠠᠭ᠎ᠠ ᠨᠢ ᠸᠠᠶᠢᠰ ᠬᠠᠭᠠᠨ ᠮᠣᠩᠭᠤᠯᠰᠲ᠋ᠠᠨ ᠤ ᠬᠢᠯᠢ ᠲᠡᠭᠡᠷ᠎ᠡ ᠪᠠᠶᠢᠭ᠎ᠠ ᠺᠠᠪᠠᠺᠠ ᠭᠡᠳᠡᠭ ᠭᠠᠵᠠᠷ  ᠲᠤ ᠮᠦᠨ ᠡᠨᠡ ᠡᠰᠡᠨ ᠲᠠᠶᠢᠱᠢ ᠲᠠᠢ ᠲᠠᠶᠢᠨ ᠬᠢᠭᠡᠳ ᠢᠯᠠᠭᠳᠠᠨ᠂ ᠲᠡᠭᠦᠨ ᠤ ᠣᠨᠣᠭᠰᠠᠨ ᠮᠣᠷᠢ ᠨᠢ ᠰᠣᠮᠣᠨ ᠳᠤ ᠣᠨᠣᠭᠳᠠᠨ ᠣᠨᠠᠵᠣ ᠶᠠᠪᠠᠭᠠᠨ ᠢᠶᠠᠷ ᠲᠣᠳᠠᠭᠠᠪᠠ᠃ ᠶᠠᠭ ᠣᠯᠵᠠᠯᠠᠭᠳᠠᠮᠠᠷ ᠪᠣᠯᠵᠣ ᠪᠠᠶᠢᠬᠤ ᠳᠤ ᠡᠮᠢᠷ · ᠰᠠᠶ᠋ᠢᠳ᠋ · ᠠᠯᠢ ᠮᠣᠷᠢᠨ ᠠᠴᠠ ᠪᠠᠨ ᠦᠰᠦᠷᠦᠨ ᠪᠠᠭᠤᠵᠣ ᠢᠷᠡᠭᠡᠳ᠂ ᠦᠪᠡᠷ ᠤᠨ ᠮᠣᠷᠢ ᠪᠠᠨ ᠲᠡᠭᠦᠨ ᠳᠤ ᠣᠨᠣᠭᠤᠯᠵᠣ ᠲᠣᠳᠠᠭᠠᠯᠭᠠᠨ᠂ ᠦᠪᠡᠷ ᠢᠶᠠᠨ ᠭᠠᠵᠠᠷ ᠨᠠᠭᠠᠯᠳᠣᠨ ᠬᠡᠪᠳᠡᠪᠡ᠃ ᠭᠠᠵᠢᠭᠤ ᠰᠢᠳᠦᠭᠡᠨᠳᠡᠳ ᠲᠡᠭᠦᠨ ᠢ ᠦᠬᠦᠴᠢᠭᠡᠯ᠎ᠡ ᠭᠡᠵᠦ ᠪᠣᠳᠣᠭᠠᠳ ᠲᠡᠭᠦᠨ ᠤ ᠲᠣᠯᠣᠭᠠᠢ ᠣᠷᠣᠭᠤ ᠨᠢᠭᠡ ᠰᠣᠮᠣ ᠬᠠᠷᠪᠣᠪᠠ᠃ ᠲᠡᠳᠡᠭᠡᠷ ᠬᠦᠮᠦᠰ ᠣᠶᠢᠷᠬᠠᠨ ᠢᠷᠡᠭᠰᠡᠨ ᠤ ᠲᠠᠷᠠᠭ᠎ᠠ ᠡᠮᠢᠷ ᠭᠡᠨᠡᠳᠳᠡ ᠭᠦᠶᠦᠨ ᠪᠣᠰᠴᠣ ᠨᠢᠭᠡᠨ ᠬᠦᠮᠦᠨ ᠢ ᠪᠠᠷᠢᠵᠣ ᠠᠪᠣᠪᠠ ︵ᠶᠠᠭ ᠲᠠᠭᠠᠷᠠᠭᠰᠠᠨ  ᠨᠢ ᠡᠨᠡ ᠬᠦᠮᠦᠨ ᠪᠠᠰᠠ ᠵᠢᠭᠠᠬᠠᠨ ᠪᠠᠶᠢᠷᠢ ᠰᠠᠭᠤᠷᠢ ᠲᠠᠢ ᠬᠦᠮᠦᠨ ᠪᠠᠶᠢᠵᠠᠢ︶᠃ ᠲᠡᠭᠡᠭᠡᠳ ᠲᠡᠷᠡ ᠡᠨᠡ ᠬᠦᠮᠦᠨ ᠢ ᠲᠡᠪᠡᠯ ᠬᠤᠪᠴᠠᠰᠣ ᠲᠠᠢ ᠲᠡᠭᠡᠭᠰᠢ ᠡᠷᠭᠦᠨ ᠪᠠᠮᠪᠠᠢ ᠪᠣᠯᠭᠠᠵᠣ᠂ ᠲᠦᠷᠪᠡᠨ ᠵᠦᠭ ᠠᠴᠠ ᠬᠠᠷᠪᠣᠵᠣ ᠢᠷᠡᠬᠦ ᠵᠡᠪᠡ ᠶᠢ ᠬᠠᠯᠬᠠᠯᠠᠪᠠ᠃ ᠨᠢᠭᠡ ᠲᠠᠯ᠎ᠠ ᠪᠠᠷ ᠵᠡᠪᠡ ᠰᠣᠮᠣᠨ ᠠᠴᠠ ᠵᠠᠶᠢᠯᠠᠵᠣ ᠨᠦᠬᠦᠭᠡ ᠲᠠᠯ᠎ᠠ ᠪᠠᠷ ᠬᠤᠶᠢᠰᠢ ᠣᠬᠤᠷᠢᠨ ᠬᠠᠭᠠᠨ  ᠤ ᠬᠠᠵᠠᠭᠤ ᠳᠤ ᠵᠢᠯᠣᠭᠤ ᠠᠴᠠ ᠨᠢ ᠰᠠᠯᠬᠤ ᠦᠭᠡᠢ ᠲᠠᠭᠠᠯᠳᠣᠨ᠂ ᠨᠢᠭᠡ ᠲᠠᠯ᠎ᠠ ᠪᠠᠷ ᠪᠠᠶᠢᠯᠳᠣᠨ ᠨᠦᠬᠦᠭᠡ ᠲᠠᠯ᠎ᠠ  ᠪᠠᠷ ᠲᠣᠳᠠᠭᠠᠵᠠᠢ᠃ ᠢᠩᠬᠢᠵᠦ ᠨᠢᠭᠡ ᠦᠷᠳᠡᠭᠡ ᠶᠠᠪᠣᠭᠠᠳ ᠢᠯᠠ ᠭᠤᠣᠯ② ᠤᠨ ᠡᠷᠭᠢᠨ ᠳᠤ ᠢᠷᠡᠭᠡᠳ ᠡᠨᠡᠬᠦ ᠬᠦᠮᠦᠨ ᠢ ᠣᠰᠣ ᠣᠷᠣᠭᠤ ᠬᠠᠶᠠᠵᠣ ᠣᠷᠣᠭᠤᠯᠣᠨ᠂ ᠬᠠᠭᠠᠨ ᠤ ᠮᠣᠷᠢᠨ ᠴᠣᠯᠪᠣᠭᠤᠷ ᠠᠴᠠ ᠬᠦᠳᠦᠯᠡᠵᠦ ᠭᠤᠣᠯ ᠭᠠᠳᠣᠯᠪᠠ᠃ ᠡᠨᠡ ᠣᠳᠠᠭ᠎ᠠ ᠨᠡᠯᠢᠶᠡᠳ ᠬᠦᠮᠦᠨ ᠭᠤᠣᠯ ᠳᠤ ᠴᠠᠴᠠᠵᠣ ᠦᠬᠦᠵᠡᠢ᠃ ᠲᠡᠳᠡ ᠣᠷᠣᠭᠰᠢ ᠶᠠᠪᠣᠵᠣ ᠪᠠᠶᠢᠳᠠᠯ᠎ᠠ ᠭᠤᠣᠯ ᠤᠨ ᠣᠰᠣ ᠬᠦᠨ ᠪᠣᠯᠵᠣ ᠮᠣᠷᠢ ᠡᠬᠢᠯᠡᠨ ᠣᠰᠣ ᠰᠡᠯᠢᠭᠦᠷᠳᠡᠪᠡ᠃ ᠡᠮᠢᠷ · ᠰᠠᠶ᠋ᠢᠳ᠋ · ᠠᠯᠢ ᠮᠣᠷᠢᠨ ᠲᠣᠯᠣᠭᠠᠢ ᠶᠢ ᠡᠷᠭᠦᠵᠦ ᠴᠢᠨᠠᠭᠰᠢ ᠣᠮᠪᠠᠵᠣ᠂ ᠬᠤᠶᠠᠭ ᠲᠣᠭᠤᠯᠭ᠎ᠠ ᠪᠦᠷᠢᠨ ᠬᠠᠭᠠᠨ ᠪᠠ ᠲᠡᠭᠦᠨ ᠤ ᠣᠨᠣᠭᠰᠠᠨ ᠮᠣᠷᠢ ᠲᠠᠢ ᠭᠤᠣᠯ ᠢ ᠭᠠᠳᠣᠯᠵᠣ ᠭᠠᠷᠪᠠ᠃ ᠡᠨᠡ ᠡᠳᠦᠷ ᠮᠠᠰᠢ ᠣᠯᠠᠨ ᠬᠦᠮᠦᠨ ᠭᠤᠣᠯ ᠳᠤ ᠴᠠᠴᠠᠵᠣ ᠦᠬᠦᠪᠠ᠃     ᠬᠦᠮᠦᠰ ᠤᠨ ᠬᠡᠯᠡᠯᠴᠡᠬᠦ ᠪᠠᠷ ᠸᠠᠶᠢᠰ ᠬᠠᠭᠠᠨ ᠲᠡᠷᠡᠬᠦ ᠲᠠᠶᠢᠨ ᠳᠤ ᠦᠪᠡᠷ ᠤᠨ ᠬᠤᠶᠠᠷ ᠠᠴᠢ ᠬᠦᠪᠡᠭᠦᠳ ᠢᠶᠠᠨ ᠲᠠᠭᠠᠭᠤᠯᠣᠨ ᠲᠠᠶᠢᠨ ᠳᠤ ᠣᠷᠣᠪᠠ᠃ ᠲᠡᠭᠦᠨ ᠤ ᠨᠢᠭᠡ ᠨᠢ ᠬᠠᠰᠠᠨ · ᠰᠣᠯᠲ᠋ᠠᠨ ᠭᠡᠳᠡᠭ ᠨᠡᠷ᠎ᠡ ᠲᠠᠢ ᠪᠠᠶᠢᠵᠣ᠂ ᠣᠯᠠᠭᠠᠨ ᠦᠩᠭᠡ ᠲᠠᠢ ᠬᠤᠶᠠᠭ ᠲᠣᠭᠤᠯᠬ᠎ᠠ ᠡᠮᠦᠰᠴᠦ ᠪᠠᠶᠢᠪᠠ᠃ ᠨᠦᠬᠦᠭᠡ ᠨᠢ ᠷᠣᠾᠮᠠᠨ · ᠰᠣᠯᠲ᠋ᠠᠨ ᠭᠡᠳᠡᠭ ᠨᠡᠷ᠎ᠡ  ᠲᠠᠢ᠂ ᠬᠦᠭᠡ ᠦᠩᠭᠡ ᠶᠢᠨ ᠬᠤᠶᠠᠭ ᠲᠣᠭᠤᠯᠭ᠎ᠠ ᠡᠮᠦᠰᠦᠭᠰᠡᠨ ᠠᠵᠠᠢ᠃ ᠲᠡᠳᠡ ᠬᠤᠶᠠᠭᠤᠯᠠ ᠪᠦᠷ ᠡᠨᠡ ᠭᠤᠣᠯ  ᠳᠤ ᠦᠰᠦᠷᠦᠨ ᠣᠷᠣᠭᠠᠳ ᠴᠠᠴᠠᠵᠣ ᠦᠬᠦᠭᠰᠡᠨ ᠠᠵᠠᠢ᠃ ᠡᠮᠢᠷ · ᠰᠠᠶ᠋ᠢᠳ᠋ · ᠠᠯᠢ ᠨᠢᠭᠡ ᠭᠠᠷ ᠢᠶᠠᠷ ᠢᠶᠠᠨ ᠬᠠᠭᠠᠨ  ᠤ ᠮᠣᠷᠢᠨ ᠵᠢᠯᠣᠭᠤ ᠠᠴᠠ ᠠᠳᠬᠤᠨ ᠵᠢᠯᠣᠭᠤᠳᠴᠣ᠂ ᠨᠦᠬᠦᠭᠡ ᠭᠠᠷ ᠢᠶᠠᠷ ᠢᠶᠠᠨ ᠡᠳᠡ ᠬᠤᠶᠠᠭᠤᠯᠠ ᠶᠢ ᠴᠢᠷᠮᠠᠶᠢᠨ ᠠᠪᠣᠷᠠᠶ᠎ᠠ ᠭᠡᠰᠡᠨ ᠪᠣᠯᠪᠠᠴᠣ᠂ ᠬᠡᠳᠦᠷᠬᠡᠢ ᠬᠤᠯᠠ ᠪᠣᠯᠬᠤᠷ ᠠᠪᠣᠷᠠᠵᠣ ᠴᠢᠳᠠᠭᠰᠠᠨ ᠦᠭᠡᠢ ᠶᠣᠮ᠃ ᠸᠠᠶᠢᠰ ᠬᠠᠭᠠᠨ ᠤ ᠬᠡᠯᠡᠬᠦ ᠪᠠᠷ ᠲᠡᠷᠡ ᠵᠦᠪᠬᠡᠨ ᠣᠯᠠᠭᠠᠨ ᠬᠦᠬᠡ ᠦᠩᠭᠡ ᠶᠢᠨ ᠬᠤᠶᠠᠭ ᠲᠣᠭᠤᠯᠭ᠎ᠠ ᠪᠠᠷ ᠨᠢ ᠲᠡᠳᠡ ᠬᠤᠶᠠᠭᠤᠯᠠ ᠶᠢ ᠲᠠᠨᠢᠵᠣ ᠪᠠᠶᠢᠪᠠ ᠭᠡᠳᠡᠭ᠃ ᠬᠤᠵᠢᠮ ᠸᠠᠶᠢᠰ ᠬᠠᠭᠠᠨ ᠲᠣᠣᠷᠠᠬᠢ ᠲᠠᠪᠣᠨ ᠶᠠᠪᠣᠳᠠᠯ ᠢᠶᠠᠷ ᠡᠮᠢᠷ · ᠰᠠᠶ᠋ᠢᠳ᠋ · ᠠᠯᠢ ᠳᠤ ᠲᠠᠪᠣᠨ ᠵᠦᠢᠯ ᠤᠨ ᠱᠠᠩᠨᠠᠯ③ ᠬᠦᠷᠳᠡᠭᠡᠭᠰᠡᠨ ᠶᠣᠮ᠃ ᠨᠢᠭᠡᠳᠦᠭᠡᠷ ᠨᠢ ᠣᠨᠣᠭᠰᠠᠨ ᠮᠣᠷᠢ ᠪᠠᠨ ᠬᠠᠭᠠᠨ ᠳᠤ ᠶᠡᠭᠦᠯᠦᠨ ᠦᠭᠴᠦ ᠦᠪᠡᠷ ᠢᠶᠠᠨ ᠶᠠᠪᠠᠭᠠᠨ ᠢᠶᠠᠷ ᠬᠠᠭᠠᠨ ᠢ ᠬᠠᠮᠠᠭᠠᠯᠠᠭᠰᠠᠨ᠂ ᠬᠤᠶᠠᠳᠣᠭᠠᠷ ᠵᠦᠢᠯ ᠨᠢ᠂ ᠲᠡᠷᠡ ᠨᠢᠭᠡ ᠬᠠᠯᠢᠮᠠᠭ ᠬᠦᠮᠦᠨ ᠢ ᠪᠠᠷᠢᠪᠴᠢᠯᠠᠭᠰᠠᠨ᠂ ᠭᠤᠷᠪᠠᠳᠣᠭᠠᠷ ᠨᠢ᠂ ᠲᠡᠷᠡ ᠡᠨᠡᠬᠦ ᠪᠠᠷᠢᠪᠴᠢᠯᠠᠭᠰᠠᠨ ᠬᠦᠮᠦᠨ ᠢᠶᠠᠷ ᠪᠠᠮᠪᠠᠢ ᠬᠢᠵᠦ ᠨᠢᠭᠡᠨ ᠦᠷᠳᠡᠭᠡ ᠶᠠᠪᠣᠭᠰᠠᠨ᠂ ᠲᠦᠷᠪᠡᠳᠦᠭᠡᠷ ᠨᠢ᠂ ᠲᠡᠷᠡ ᠪᠦᠬᠦ ᠪᠡᠶ᠎ᠡ ᠬᠤᠶᠠᠭ ᠲᠣᠭᠤᠯᠭ᠎ᠠ ᠲᠠᠢ ᠬᠠᠭᠠᠨ ᠢ ᠣᠨᠣᠭᠰᠠᠨ ᠮᠣᠷᠢ ᠶᠢᠨ ᠬᠠᠮᠳᠣ ᠬᠠᠮᠠᠭᠠᠯᠠᠨ ᠢᠯᠠ ᠭᠤᠣᠯ ᠢ ᠭᠠᠳᠣᠯᠣᠭᠤᠯᠣᠭᠰᠠᠨ᠂ ᠲᠠᠪᠣᠳᠣᠭᠠᠷ ᠨᠢ᠂ ᠲᠡᠷᠡ ᠨᠢᠭᠡ ᠭᠠᠷ ᠢᠶᠠᠷ ᠬᠠᠭᠠᠨ ᠤ ᠮᠣᠷᠢᠨ ᠵᠢᠯᠣᠭᠤ ᠶᠢ ᠠᠳᠬᠤᠵᠣ ᠪᠠᠶᠢᠭᠠᠳ ᠪᠠᠰᠠ ᠨᠦᠬᠦᠭᠡ ᠭᠠᠷ ᠢᠶᠠᠷ ᠢᠶᠠᠨ ᠴᠠᠴᠠᠵᠣ ᠪᠠᠶᠢᠭ᠎ᠠ ᠪᠣᠰᠣᠳ ᠬᠦᠮᠦᠨ ᠢ ᠠᠪᠣᠷᠠᠬᠤ ᠪᠠᠷ ᠴᠢᠷᠮᠠᠶᠢᠭᠰᠠᠨ ᠵᠡᠷᠭᠡ ᠪᠣᠯᠣᠨ᠎ᠠ᠃ ᠵᠠᠯᠭᠠᠭᠠᠳ ᠡᠨᠡᠬᠦ ᠬᠠᠭᠠᠨ ᠬᠡᠯᠡᠭᠰᠡᠨ  ᠨᠢ᠂ ᠡᠨᠡ ᠡᠮᠢᠷ ᠤᠨ ᠡᠶᠢᠮᠦᠷᠬᠦ ᠬᠦᠴᠦᠨ ᠴᠢᠳᠠᠯ ᠲᠠᠢ ᠪᠠᠷ ᠦᠵᠡᠪᠡᠯ ᠬᠡᠷᠪᠡ ᠲᠡᠭᠦᠨ ᠤ ᠭᠠᠷ ᠲᠡᠳᠡ ᠬᠤᠶᠠᠭᠤᠯᠠ  ᠶᠢ ᠣᠯᠵᠣ ᠪᠠᠷᠢᠭᠰᠠᠨ ᠪᠣᠯ ᠠᠪᠣᠷᠠᠵᠣ ᠭᠠᠷᠭᠠᠬᠤ ᠶᠢ ᠪᠠᠷᠳᠠᠮ ᠴᠢᠳᠠᠨ᠎ᠠ︾ ᠭᠡᠪᠡ᠃ ᠡᠳᠡᠭᠡᠷ ᠲᠠᠪᠣᠨ ᠵᠦᠢᠯ ᠤᠨ ᠬᠡᠷᠡᠭ ᠢᠶᠠᠷ ᠡᠨᠡᠬᠦ ᠡᠮᠢᠷ ᠲᠤ ᠲᠠᠪᠣᠨ ᠠᠶᠢᠮᠠᠭ ᠢ ᠬᠠᠷᠠᠮᠵᠢ ᠪᠣᠯᠭᠠᠨ ᠱᠠᠩᠨᠠᠨ ᠦᠭᠴᠡᠢ᠃ ᠨᠢᠭᠡᠳᠦᠭᠡᠷ ᠠᠶᠢᠮᠠᠭ ᠨᠢ ᠲᠠᠺ ︵ᠲᠣᠷᠭᠤᠳ᠂Turkat︶ ᠬᠤᠶᠠᠳᠣᠭᠠᠷ ᠠᠶᠢᠮᠠᠭ ᠨᠢ ᠴᠧ ᠯᠧ ︵Hibat Shira Sur᠂ ᠡᠨᠡ ᠠᠶᠢᠮᠠᠭ ᠤᠨ ᠨᠡᠷ᠎ᠡ ᠶᠢ ᠪᠠᠰᠠ ᠰᠢᠷᠠᠨᠣᠳ ᠭᠡᠳᠡᠭ ᠠᠵᠠᠢ︶᠂ ᠭᠤᠷᠪᠠᠳᠣᠭᠠᠷ ᠠᠶᠢᠮᠠᠭ ᠨᠢ ᠢᠥᠢ ᠲᠢᠶᠠᠨ ᠤ ᠨᠢᠭᠡ ᠠᠶᠢᠮᠠᠭ᠂ ᠲᠦᠷᠪᠡᠳᠦᠭᠡᠷ ᠠᠶᠢᠮᠠᠭ ᠨᠢ ᠬᠠᠭᠠᠨ ᠬᠦᠪᠡᠭᠦᠨ ᠤ ᠪᠠᠬᠢ ︵ᠦᠽᠪᠧᠭ᠂ Uzbeg︶᠂ ᠲᠠᠪᠣᠳᠣᠭᠠᠷ ᠠᠶᠢᠮᠠᠭ ᠨᠢ ᠲᠠᠷᠤᠭ᠎ᠠ ︵Darugha︶ ᠭᠡᠵᠦ ᠮᠦᠨ ᠢᠥᠢ ᠲᠢᠶᠠᠨ ᠤ ᠨᠢᠭᠡ ᠠᠶᠢᠮᠠᠭ ᠪᠣᠯᠣᠨ᠎ᠠ᠃     ᠰᠣᠯᠲ᠋ᠠᠨ · ᠸᠠᠶᠢᠰ ᠬᠠᠭᠠᠨ ᠲᠦᠷᠹᠠᠨ ᠣᠷᠴᠢᠮ ᠪᠠᠰᠠ ᠨᠢᠭᠡ ᠣᠳᠠᠭ᠎ᠠ ᠡᠰᠡᠨ ᠲᠠᠶᠢᠱᠢ ᠲᠠᠢ ᠲᠠᠶᠢᠳᠣᠪᠠ᠃ ᠮᠦᠨ ᠠᠳᠠᠯᠢ ᠪᠠᠷ ᠲᠡᠭᠦᠨ ᠳᠤ ᠢᠯᠠᠭᠳᠠᠨ ᠣᠯᠵᠠᠯᠠᠭᠳᠠᠪᠠ᠃ ᠸᠠᠶᠢᠰ ᠬᠠᠭᠠᠨ ᠢ ᠲᠠᠭᠠᠭᠤᠯᠣᠨ ᠠᠪᠴᠢᠷᠠᠵᠣ ᠡᠰᠡᠨ ᠲᠠᠶᠢᠱᠢ ᠳᠤ ᠠᠭᠤᠯᠵᠠᠭᠤᠯᠬᠤ ᠳᠤ᠂ ᠡᠰᠡᠨ ᠲᠠᠶᠢᠱᠢ ᠠᠴᠠ ᠸᠠᠶᠢᠰ ᠬᠠᠭᠠᠨ ᠳᠤ ᠬᠡᠯᠡᠭᠰᠡᠨ ᠨᠢ᠄ ︽ᠡᠨᠡ ᠣᠳᠠᠭ᠎ᠠ ᠴᠢ ᠬᠡᠣᠬᠡᠨ ᠲᠡᠭᠦᠥ ᠮᠠᠬᠠᠲ᠋ᠦᠮ · ᠬᠠᠨᠢᠮ ᠢᠶᠠᠨ ᠨᠠᠳᠠ ᠳᠤ ᠠᠮᠢᠨ ᠵᠣᠯᠢᠶ᠎ᠠ ᠶᠢᠨ ᠪᠡᠯᠡᠭ ᠪᠣᠯᠭᠠᠨ ᠬᠦᠷᠭᠡᠵᠦ ᠦᠭᠭᠦᠪᠡᠯ ᠴᠢᠮ᠎ᠠ ᠶᠢ ᠰᠠᠶ᠋ᠢ ᠲᠠᠯᠪᠢᠵᠣ ᠶᠠᠪᠣᠭᠤᠯᠠᠨ᠎ᠠ ᠭᠡᠪᠡ᠃ ᠲᠣᠬᠠᠢ ᠶᠢᠨ ᠦᠶ᠎ᠡ ᠳᠤ ᠶᠠᠮᠠᠷ ᠴᠦ ᠦᠭᠡᠷ᠎ᠡ ᠠᠷᠭ᠎ᠠ ᠪᠠᠶᠢᠬᠤ ᠦᠭᠡᠢ ᠪᠣᠯᠬᠤᠷ ᠮᠠᠬᠠᠲ᠋ᠦᠮ · ᠬᠠᠨᠢᠮ ᠢ ᠲᠡᠭᠦᠨ ᠳᠤ ᠬᠦᠷᠭᠡᠵᠦ ᠦᠭᠬᠦᠭᠡᠳ ᠸᠠᠶᠢᠰ ᠬᠠᠭᠠᠨ ᠰᠠᠶ᠋ᠢ ᠲᠠᠯᠪᠢᠭᠳᠠᠵᠠᠢ᠃ ᠶᠡᠷᠦ ᠶᠢᠨ ᠲᠡᠮᠳᠡᠭᠯᠡᠯ ᠠᠴᠠ ᠦᠵᠡᠪᠡᠯ ᠡᠨᠡᠬᠦ ᠬᠠᠭᠠᠨ ᠬᠠᠯᠢᠮᠠᠭ ᠬᠦᠮᠦᠨ ᠲᠠᠢ ᠨᠡᠶᠢᠳᠡ ᠵᠢᠷᠠᠨ ᠨᠢᠭᠡᠨ ᠣᠳᠠᠭ᠎ᠠ ᠲᠠᠶᠢᠯᠠᠯᠳᠣᠭᠰᠠᠨ ᠭᠡᠳᠡᠭ ᠶᠣᠮ᠃ ᠭᠡᠪᠡᠴᠦ ᠵᠦᠪᠬᠡᠨ ᠨᠢᠭᠡᠯ᠎ᠡ ᠣᠳᠠᠭ᠎ᠠ ᠢᠯᠠᠯᠳᠠ ᠣᠯᠵᠣ᠂ ᠪᠣᠰᠣᠳ ᠨᠢ ᠪᠦᠷ ᠢᠯᠠᠭᠳᠠᠭᠰᠠᠨ ᠠᠵᠠᠢ ︵ᠦᠨᠡᠨ ᠮᠦᠨ ᠴᠣᠬᠤᠮ ᠶᠠᠮᠠᠷ ᠢ ᠵᠦᠪᠬᠡᠨ ᠠᠯᠯᠠᠾ ᠮᠡᠳᠡᠭᠰᠡᠨ ᠬᠡᠷᠡᠭ ᠪᠣᠯᠵᠠᠢ︶᠃ ᠪᠢ ᠨᠢᠭᠡ ᠪᠣᠰᠣ ᠣᠳᠠᠭ᠎ᠠ ᠶᠡᠭᠡ ᠮᠠᠣᠯᠠ ᠬᠤᠵᠠ · ᠠᠬᠠᠮᠠᠳ᠋ ᠤᠨ ᠬᠡᠯᠡᠬᠦ ᠶᠢ ᠰᠣᠨᠣᠰᠣᠭᠰᠠᠨ ᠢᠶᠠᠷ᠂ ᠸᠠᠶᠢᠰ ᠬᠠᠭᠠᠨ ᠪᠣᠯ ᠮᠠᠰᠢ ᠬᠦᠳᠡᠷ ᠴᠢᠬᠢᠷᠠᠭ ᠬᠦᠮᠦᠨ ᠭᠡᠳᠡᠭ ᠶᠣᠮ᠃ ᠲᠡᠷᠡ ᠵᠢᠯ ᠪᠣᠯᠭᠠᠨ ᠲᠦᠷᠹᠠᠨ᠂ ᠲᠠᠷᠢᠮ᠂ ᠯᠣᠪ᠂ ᠺᠠᠲ᠋ᠠᠺ ᠵᠡᠷᠭᠡ ᠭᠠᠵᠠᠷ ᠤᠨ ᠣᠶᠢᠷᠠᠯᠴᠠᠭ᠎ᠠ ᠬᠦᠷᠴᠦ ᠬᠠᠪᠳᠠᠭᠠᠢ ︵ᠵᠡᠷᠯᠢᠭ ᠲᠡᠮᠡᠭᠡ︶ ᠠᠪᠠᠯᠠᠳᠠᠭ ᠭᠡᠨ᠎ᠡ᠃ ᠡᠳᠡᠭᠡᠷ ᠭᠠᠵᠠᠷ ᠢ ᠪᠢ ᠬᠤᠶᠠᠳᠣᠭᠠᠷ ᠪᠣᠳᠢ ᠳᠠᠭᠠᠨ ᠨᠢᠭᠡᠨᠳᠡ ᠬᠡᠯᠡᠵᠦ ᠦᠩᠭᠡᠷᠡᠪᠡ᠃ ᠲᠡᠷᠡ ᠵᠡᠷᠯᠢᠭ ᠲᠡᠮᠡᠭᠡ ᠠᠪᠠᠯᠠᠵᠣ ᠣᠯᠣᠭᠰᠠᠭᠠᠷ᠂ ᠶᠡᠷᠦ ᠨᠢ ᠪᠦᠷ ᠦᠪᠡᠷᠳᠡᠭᠡᠨ ᠦᠪᠴᠢᠳᠡᠭ ᠭᠡᠨ᠎ᠡ᠃ ᠲᠡᠭᠡᠭᠡᠳ ᠲᠡᠮᠡᠭᠡᠨ ᠨᠣᠣᠰᠣ ᠶᠢ ᠡᠬᠡ ᠰᠣᠯᠲ᠋ᠠᠨ · ᠬᠠᠳᠣᠨ ᠳᠠᠭᠠᠨ ᠬᠦᠷᠭᠡᠵᠦ ᠦᠭᠳᠡᠭ᠂ ᠡᠨᠡᠬᠦ ᠬᠠᠳᠣᠨ ᠡᠨᠡ ᠲᠡᠮᠡᠭᠡᠨ ᠨᠣᠣᠰᠣ ᠪᠠᠷ ᠣᠳᠠᠰᠣ ᠡᠭᠡᠷᠢᠵᠦ ᠲᠣᠲᠣᠷ ᠬᠤᠪᠴᠠᠰᠣ ᠦᠮᠦᠳᠦ ᠨᠡᠬᠡᠵᠦ ᠲᠡᠭᠦᠨ ᠳᠤ ᠡᠮᠦᠰᠭᠡᠳᠡᠭ ᠠᠵᠠᠢ᠃ ᠲᠡᠷᠡ ᠶᠠᠷᠦ ᠨᠢ ᠡᠬᠡ ᠬᠠᠳᠣᠨ ᠤ ᠪᠠᠨ ᠨᠡᠬᠡᠭᠰᠡᠨ ᠡᠨᠡᠬᠦ ᠲᠡᠮᠡᠭᠡᠨ ᠨᠣᠣᠰᠣᠨ ᠬᠤᠪᠴᠠᠰᠣ ᠶᠢ ᠲᠣᠲᠣᠷ ᠪᠠᠨ ᠡᠮᠦᠰᠴᠦ᠂ ᠲᠡᠭᠦᠨ ᠤ ᠭᠠᠳᠠᠭᠤᠷ ᠰᠠᠶ᠋ᠢ ᠬᠤᠷᠭᠤᠢ ᠲᠣᠷᠭ᠎ᠠ ᠪᠠᠷ ᠬᠤᠪᠴᠠᠰᠣᠯᠠᠳᠠᠭ ᠶᠣᠮ ᠭᠡᠨ᠎ᠡ᠃ ᠲᠦᠷᠹᠠᠨ ᠪᠣᠯ ᠮᠠᠰᠢ ᠭᠠᠩ ᠬᠠᠭᠤᠷᠠᠢ ᠪᠠᠶᠢᠵᠣ᠂ ᠣᠰᠣ ᠶᠡᠭᠡ ᠲᠣᠳᠠᠳᠠᠭ ᠶᠣᠮ᠃ ᠭᠡᠳᠡᠯ᠎ᠡ ᠸᠠᠶᠢᠰ ᠬᠠᠭᠠᠨ ᠪᠣᠯ ᠦᠪᠡᠷ ᠤᠨ ᠪᠡᠶ᠎ᠡ ᠪᠠᠷ ᠲᠠᠷᠢᠶ᠎ᠠ ᠪᠠᠨ ᠣᠰᠣᠯᠠᠳᠠᠭ᠃ ᠲᠡᠭᠡᠭᠡᠳ ᠲᠡᠷᠡ ᠬᠡᠵᠢᠶᠡᠳᠡ ᠭᠤᠣᠯ ᠤᠨ ᠣᠰᠣ ᠶᠢ ᠬᠡᠷᠡᠭᠯᠡᠬᠦ ᠦᠭᠡᠢ᠂ ᠬᠠᠷᠢᠨ ᠭᠦᠨ ᠬᠤᠣᠳᠤᠭ ᠮᠠᠯᠳᠠᠭᠠᠳ ᠲᠠᠷᠢᠶ᠎ᠠ ᠣᠰᠣᠯᠠᠳᠠᠭ᠃ ᠡᠨᠡᠬᠦ ᠶᠡᠭᠡ ᠮᠠᠣᠯᠠ ᠦᠷᠬᠦᠯᠵᠢ ᠲᠡᠭᠦᠨ ᠤ ᠠᠪᠠᠭ᠎ᠠ ᠡᠴᠢᠭᠡ ᠨᠡᠷ ᠤᠨ ᠦᠯᠢᠭᠡᠷ ᠪᠣᠯᠭᠠᠨ ᠲᠡᠭᠦᠨ ᠳᠤ ᠬᠡᠯᠡᠵᠦ ᠦᠭᠴᠦ ᠪᠠᠶᠢᠭᠰᠠᠨ ᠸᠠᠶᠢᠰ ᠬᠠᠭᠠᠨ ᠤ ᠲᠣᠬᠠᠢ ᠣᠴᠢᠷ ᠶᠠᠪᠣᠳᠠᠯ ᠢ ᠨᠠᠳᠠ ᠳᠤ ᠬᠡᠯᠡᠵᠦ ᠦᠭᠳᠡᠭ ᠪᠠᠶᠢᠭᠰᠠᠨ ᠶᠣᠮ᠂ ᠲᠡᠭᠦᠨ ᠤ ᠬᠡᠯᠡᠬᠦ ᠪᠠᠷ ᠲᠡᠳᠡ ᠦᠷᠬᠦᠯᠵᠢ ᠸᠠᠶᠢᠰ ᠬᠠᠭᠠᠨ ᠤ ᠬᠠᠯᠠᠭᠤᠨ ᠵᠣᠨ ᠤ ᠡᠳᠦᠷ ᠦᠪᠡᠷ ᠤᠨ ᠪᠡᠶ᠎ᠡ ᠪᠠᠷ ᠲᠠᠷᠢᠶ᠎ᠠ ᠣᠰᠣᠯᠠᠬᠤ ᠶᠢ ᠣᠯᠵᠣ ᠦᠵᠡᠭᠰᠡᠨ ᠭᠡᠳᠡᠭ᠃ ᠪᠦᠭᠴᠢᠮ᠎ᠡ ᠡᠳᠦᠷ ᠪᠣᠭᠤᠯᠴᠣᠳ ᠨᠢ ᠬᠤᠳᠳᠤᠭ ᠠᠴᠠ ᠣᠰᠣ ᠳᠠᠳᠠᠵᠣ ᠭᠠᠷᠭᠠᠪᠠᠯ ᠬᠠᠭᠠᠨ ᠦᠪᠡᠷ ᠤᠨ ᠭᠠᠷ ᠢᠶᠠᠷ ᠣᠰᠣ ᠶᠢ ᠲᠠᠷᠢᠶ᠎ᠠ ᠣᠷᠣᠭᠤ ᠪᠠᠨ ᠴᠢᠳᠬᠤᠨ ᠣᠰᠣᠯᠠᠳᠠᠭ ᠪᠠᠶᠢᠵᠠᠢ᠃ ᠲᠡᠭᠦᠨ ᠤ ᠲᠠᠷᠢᠳᠠᠭ ᠲᠠᠷᠢᠶ᠎ᠠ ᠨᠢ ᠲᠣᠩ ᠵᠢᠵᠢᠭᠬᠡᠨ ᠨᠢᠭᠡ ᠬᠡᠰᠡᠭ ᠪᠠᠶᠢᠵᠣ᠂ ᠬᠤᠷᠢᠶᠠᠯᠳᠠ ᠨᠢ ᠨᠢᠭᠡ ᠲᠡᠮᠡᠭᠡᠨ ᠠᠴᠢᠶ᠎ᠠ ᠲᠦᠭᠦᠷᠬᠦ ᠦᠭᠡᠢ ᠪᠣᠯᠪᠠᠴᠣ᠂ ᠲᠡᠭᠦᠨ ᠳᠤ ᠪᠣᠯ ᠨᠢᠭᠡ ᠵᠢᠯ ᠤᠨ ᠬᠦᠨᠡᠰᠦ ᠪᠣᠯᠳᠠᠭ ᠭᠡᠨ᠎ᠡ ᠪᠢᠯᠡ᠃     ᠲᠡᠷᠡ ᠪᠣᠯ ᠶᠡᠭᠡ ᠮᠠᠣᠯᠠ ᠮᠠᠬᠠᠮᠠᠳ᠋ · ᠺᠠᠱᠠᠨᠢ ᠶᠢᠨ ᠱᠠᠪᠢ ᠶᠣᠮ᠃ ᠡᠨᠡ ᠮᠠᠣᠯᠠ ᠪᠣᠯ ᠬᠠᠰᠷᠠᠲ · ᠬᠤᠵᠠ · ᠬᠠᠰᠠᠨ ︵ᠠᠯᠯᠠᠾ ᠲᠡᠭᠦᠨ ᠤ ᠠᠯᠳᠠᠷ ᠢ ᠮᠢᠩᠭᠠᠨ ᠣᠨ ᠲᠠᠭᠤᠷᠢᠰᠬᠤ ᠪᠣᠯᠭᠠᠳᠣᠭᠠᠢ︶ ᠤ ᠱᠠᠪᠢ ᠮᠦᠨ᠃ ᠬᠤᠵᠠ · ᠬᠠᠰᠠᠨ ᠪᠣᠯ ᠬᠠᠰᠷᠠᠲ · ᠬᠤᠲᠪᠢ · ᠮᠠᠰᠨᠠᠳᠢ · ᠠᠷᠱᠠᠳᠢ · ᠬᠤᠵᠠ · ᠪᠠᠭ᠋ᠠᠢ ᠦᠳ᠋ᠳᠢᠨ · ᠨᠠᠾᠱᠪᠠᠨᠳ᠋ ︵ᠠᠯᠯᠠᠾ ᠲᠡᠭᠦᠨ ᠤ ᠰᠦᠨᠡᠰᠦ ᠳᠤ ᠪᠣᠶᠠᠨ ᠵᠢᠷᠭᠠᠯ ᠰᠣᠶᠣᠷᠬᠠᠬᠤ ᠪᠣᠯᠳᠣᠭᠠᠢ︶ ᠶᠢᠨ ᠱᠠᠪᠢ ᠶᠣᠮ᠃ ᠸᠠᠶᠢᠰ ᠬᠠᠭᠠᠨ ᠬᠡᠳᠦᠶᠢᠪᠡᠷ ᠨᠢᠭᠡᠨ ᠡᠵᠡᠨ ᠬᠠᠭᠠᠨ ᠪᠣᠯᠪᠠᠴᠣ᠂ ᠦᠪᠡᠷ ᠤᠨ ᠱᠠᠰᠢᠨ ᠤ ᠣᠬᠠᠭᠠᠨ ᠤ ᠰᠣᠷᠣᠯᠭ᠎ᠠ  ᠪᠠᠨ ᠬᠡᠵᠢᠶᠡᠳᠡ ᠰᠣᠯᠠ ᠲᠠᠯᠪᠢᠬᠤ ᠦᠭᠡᠢ᠃ ᠡᠮᠢᠷ · ᠬᠤᠳᠠᠶᠢᠳᠠ ᠲᠠᠷᠣᠢ ᠡᠨᠡᠬᠦ ᠲᠡᠭᠷᠢ ᠶᠢᠨ ᠪᠣᠱᠤᠭ ᠢᠶᠠᠷ ᠣᠯᠠᠷᠢᠯ  ᠨᠢ ᠮᠠᠨᠳᠣᠭᠰᠠᠨ ᠬᠠᠭᠠᠨ ᠢ ᠰᠠᠭᠤᠷᠢᠨ ᠳᠤ ᠪᠠᠶᠢᠭ᠎ᠠ ᠦᠶ᠎ᠡ ᠳᠤ ᠮᠧᠺᠺᠠ ᠬᠦᠷᠴᠦ ᠮᠦᠷᠭᠦᠯ ᠭᠢᠭᠰᠡᠨ ᠶᠣᠮ᠃ ᠮᠣᠩᠭᠤᠯ ᠬᠦᠮᠦᠨ ᠤ ᠲᠡᠮᠳᠡᠭᠯᠡᠯ ᠢ ᠦᠨᠳᠦᠰᠦᠯᠡᠪᠡᠯ ᠡᠮᠢᠷ ᠬᠤᠳᠠᠶᠢᠳᠠ ᠨᠢᠭᠡ ᠨᠠᠰᠣᠨ ᠲᠠᠭᠠᠨ ᠦᠪᠡᠷ ᠤᠨ ᠭᠠᠷ  ᠢᠶᠠᠷ ᠨᠡᠶᠢᠳᠡ ᠵᠢᠷᠭᠤᠭᠠᠨ ᠬᠠᠭᠠᠨ ᠢ ᠬᠦᠷᠢᠶᠡᠯᠡᠨ ᠬᠠᠭᠠᠨ ᠰᠠᠭᠤᠷᠢᠨ ᠳᠤ ᠰᠠᠭᠤᠯᠭᠠᠭᠰᠠᠨ ᠭᠡᠳᠡᠭ ᠶᠣᠮ᠃ ᠲᠡᠳᠡᠨᠡᠷ  ᠤᠨ ᠲᠡᠰ ᠲᠠᠷᠠᠭ᠎ᠠ ᠶᠢ ᠲᠣᠭᠠᠴᠢᠪᠠᠯ᠄ ᠾᠢᠳᠢᠷ ᠬᠤᠵᠠ ᠬᠠᠭᠠᠨ ︵ᠪᠢᠳᠡ ᠲᠡᠭᠦᠨ ᠢ ᠨᠢᠭᠡᠨᠳᠡ ᠶᠠᠷᠢᠵᠣ ᠦᠩᠭᠡᠷᠡᠪᠡ︶ ᠱᠠᠮᠢᠴᠠᠭᠠᠨ ᠬᠠᠭᠠᠨ᠂ ᠨᠠᠾᠱ ᠵᠢᠬᠠᠨ ᠬᠠᠭᠠᠨ᠂ ᠮᠠᠬᠠᠮᠠᠳ᠋ ᠬᠠᠭᠠᠨ᠂ ᠰᠢᠷ · ᠮᠠᠬᠠᠮᠠᠳ᠋ ᠬᠠᠭᠠᠨ ᠪᠣᠯᠣᠨ ᠬᠠᠮᠤᠭ ᠡᠴᠦᠰ ᠤᠨ ᠸᠠᠶᠢᠰ ᠬᠠᠭᠠᠨ ᠪᠣᠯᠣᠨ᠎ᠠ᠃   ᠲᠣᠰ ᠪᠦᠯᠦᠭ ᠤᠨ ᠲᠠᠶᠢᠯᠪᠣᠷᠢ ① ᠠᠳᠡ ᠣᠣᠯ ᠦᠭᠡ ᠨᠢ Sar Zadah ᠭᠡᠳᠡᠭ ᠦᠭᠡ ᠶᠢ ᠬᠡᠷᠡᠭᠯᠡᠵᠡᠢ᠃ ᠰᠢᠭᠤᠳ ᠣᠳᠬ᠎ᠠ ᠨᠢ ᠪᠦᠬᠦᠶᠢᠨ ᠣᠭᠳᠣᠪᠠ ᠭᠡᠰᠡᠨ ᠦᠭᠡ ᠪᠣᠯᠣᠨ᠎ᠠ᠃ ᠡᠶᠢᠮᠦ ᠠᠴᠠ ᠷᠣᠰ ᠪᠣᠯ ᠡᠰᠡᠨ ᠲᠠᠶᠢᠱᠢ ᠶᠢ ᠲᠡᠭᠦᠨ ᠢ ᠣᠭᠳᠣᠬᠤ  ᠲᠠᠭᠠᠨ ᠮᠠᠰᠢ ᠲᠣᠣᠷᠠᠳᠣ ᠠᠪᠣᠷᠢᠯᠠᠨ ᠬᠦᠨᠳᠦᠳᠭᠡᠨ ᠣᠭᠳᠣᠪᠠ ᠭᠡᠵᠦ ᠲᠠᠶᠢᠯᠪᠣᠷᠢᠯᠠᠨ ᠣᠷᠴᠢᠭᠤᠯᠵᠠᠢ᠃ ᠦᠨᠡᠨᠳᠡᠭᠡᠨ ᠠᠳᠡ ᠮᠢᠷᠽᠠ · ᠬᠠᠶᠢᠳᠠᠷ ᠤᠨ ᠱᠠᠰᠢᠨ ᠤ ᠬᠠᠵᠠᠭᠠᠢ ᠦᠵᠡᠯᠳᠡ ᠠᠴᠠ ᠪᠣᠯᠣᠭᠰᠠᠨ ᠬᠡᠯᠡᠯᠭᠡ ᠨᠢ ᠢᠯᠡᠷᠬᠡᠢ ᠪᠠᠶᠢᠨ᠎ᠠ᠃ ② ᠣᠣᠯ ᠦᠭᠡ ᠨᠢ ᠠᠳᠡ ᠨᠢᠭᠡ farsakh ᠭᠡᠵᠡᠢ᠃ ᠨᠢᠭᠡ ᠹᠠᠷᠰᠠᠾ ᠪᠣᠯ ᠦᠨᠡᠨᠳᠡᠭᠡᠨ ᠲᠦᠷᠪᠡᠨ ᠮᠢᠯ ᠲᠠᠢ ᠲᠡᠩᠴᠡᠭᠦᠥ ᠪᠣᠯᠣᠨ᠎ᠠ᠃ ᠨᠦᠬᠦᠭᠡ ᠢᠯᠠ ᠭᠤᠣᠯ ᠢ Ailah ᠭᠡᠵᠦ ᠭᠠᠯᠢᠭᠴᠢᠯᠠᠪᠠ᠃ ᠭᠡᠪᠡᠴᠦ ᠡᠨᠡ ᠪᠣᠯ ᠣᠯᠠᠨ ᠤ ᠮᠡᠳᠡᠬᠦ ᠢᠯᠢ ᠭᠤᠣᠯ ᠶᠣᠮ᠃ ᠢᠯᠢ ᠭᠡᠳᠡᠭ ᠨᠢ ᠬᠢᠳᠠᠳ ᠭᠠᠯᠢᠭᠴᠢᠯᠠᠭ᠎ᠠ ᠪᠣᠯᠣᠨ᠎ᠠ᠃ ᠲᠦᠷᠺᠴᠦᠳ ᠢᠯᠠ ᠭᠤᠣᠯ ᠭᠡᠵᠦ᠂ ᠮᠣᠩᠭᠤᠯᠴᠣᠳ ᠢᠯ ᠭᠤᠣᠯ ᠭᠡᠳᠡᠭ ᠪᠠᠶᠢᠭᠰᠠᠨ ᠠᠵᠠᠢ᠃ ᠡᠨᠡᠬᠦ ᠭᠤᠣᠯ ᠭᠤᠯᠵᠠ ᠶᠢ ᠦᠩᠭᠡᠷᠡᠨ ᠪᠠᠯᠬᠠᠱ ᠨᠠᠭᠤᠷ ᠲᠤ ᠴᠢᠳᠬᠤᠨ᠎ᠠ᠃ ᠮᠢᠷᠽᠠ · ᠬᠠᠶᠢᠳᠠᠷ ᠡᠨᠡ ᠣᠳᠠᠭᠠᠨ ᠤ ᠲᠠᠶᠢᠨ ᠢ ᠴᠣᠬᠤᠮ ᠶᠠᠮᠠᠷ ᠭᠠᠵᠠᠷ ᠭᠡᠵᠦ ᠪᠣᠳᠠᠳᠠᠢ ᠬᠡᠯᠡᠭᠰᠡᠨ ᠦᠭᠡᠢ ᠵᠦᠪᠬᠡᠨ ᠮᠣᠩᠭᠤᠯᠰᠲ᠋ᠠᠨ ᠤ ᠬᠢᠯᠢ ᠲᠡᠭᠡᠷ᠎ᠡ ᠪᠠᠶᠢᠭ᠎ᠠ ᠺᠠᠪᠠᠺᠠ ᠭᠡᠳᠡᠭ ᠭᠠᠵᠠᠷ ᠲᠤ ᠪᠣᠯᠵᠠᠢ ᠭᠡᠪᠡ᠃ ᠲᠣᠬᠠᠢ ᠶᠢᠨ ᠦᠶ᠎ᠡ ᠳᠤ ᠮᠣᠩᠭᠤᠯᠰᠲ᠋ᠠᠨ ᠤ ᠵᠡᠭᠦᠨ ᠲᠠᠯ᠎ᠠ ᠪᠠ ᠠᠷᠣ ᠲᠠᠯ᠎ᠠ ᠪᠠᠷ ᠪᠦᠷ ᠬᠠᠯᠢᠮᠠᠭᠴᠣᠳ ᠪᠠᠶᠢᠵᠠᠢ᠃ᠪᠷᠧᠲᠱᠨ᠋ᠸᠢᠳᠧᠷ ᠠᠴᠠ ᠺᠠᠲᠮᠠᠶᠢᠷ ᠤᠨ ᠨᠣᠮ ︽ᠨᠢᠳᠦ ᠪᠠᠷ ᠢᠶᠠᠨ ᠬᠠᠷᠠᠭᠰᠠᠨ ᠣᠯᠠᠨ ᠣᠯᠣᠰ ᠤᠨ ᠵᠢᠭᠤᠴᠢᠯᠠᠯ︾ ᠠᠴᠠ ᠡᠰᠢᠯᠡᠵᠦ ᠬᠡᠯᠡᠭᠰᠡᠨ ᠨᠢ ᠠᠷᠪᠠᠨ ᠲᠦᠷᠪᠡᠳᠦᠭᠡᠷ ᠵᠠᠭᠤᠨ ᠳᠤ ᠢᠯᠢ ᠭᠤᠣᠯ ᠪᠣᠯ ᠮᠠᠸᠧᠢᠷᠠᠨᠨᠠᠷ  ᠤᠨ ᠵᠡᠭᠦᠨ ᠬᠢᠯᠢ ᠪᠠᠶᠢᠪᠠ᠃ ᠭᠡᠪᠡᠴᠦ ᠣᠳᠠᠯ ᠦᠭᠡᠢ ᠲᠡᠳᠡ ᠡᠨᠡᠬᠦ ᠬᠢᠯᠢ ᠠᠴᠠ ᠪᠠᠨ ᠬᠤᠶᠢᠰᠢ ᠣᠬᠤᠷᠢᠨ ᠶᠠᠪᠣᠪᠠ᠃ ᠸᠠᠶᠢᠰ ᠬᠠᠭᠠᠨ ᠤ ᠴᠠᠭ ᠦᠶ᠋ᠶ᠎ᠡ ᠪᠣᠯᠬᠤ ᠳᠤ ᠴᠣᠬᠤᠮ ᠶᠠᠮᠠᠷ ᠪᠠᠶᠢᠭᠰᠠᠨ ᠢ ᠬᠡᠯᠡᠵᠦ ᠮᠡᠳᠡᠬᠦ ᠦᠭᠡᠢ ᠪᠣᠯᠪᠠ ᠭᠡᠪᠡ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号