ᠡᠮᠢᠷ ᠬᠤᠳᠠᠶᠢᠳᠠ ᠪᠣᠯᠣᠨ ᠲᠡᠭᠦᠨ ᠤ ᠮᠧᠺᠺᠠ ᠳᠤ ᠮᠦᠷᠭᠦᠯ ᠬᠢᠬᠦ ᠪᠠᠷ ᠶᠠᠪᠣᠭᠰᠠᠨ ᠨᠢ
ᠨᠡᠶᠢᠲᠡᠯᠡᠭᠰᠡᠨ ᠴᠠᠭ᠄
2020/3/24
ᠭᠤᠴᠢᠨ ᠭᠤᠷᠪᠠᠳᠣᠭᠠᠷ ᠪᠦᠯᠦᠭ       ᠲᠡᠭᠡᠷ᠎ᠡ ᠨᠢᠭᠡᠨᠳᠡ ᠡᠮᠢᠷ ᠬᠤᠳᠠᠶᠢᠳᠠ ᠶᠢᠨ ᠨᠢᠭᠡ ᠬᠡᠰᠡᠭ ᠬᠡᠷᠡᠭ ᠣᠴᠢᠷ ᠢ ᠶᠠᠷᠢᠵᠣ ᠦᠩᠭᠡᠷᠡᠪᠡ᠃ ᠡᠨᠡ ᠪᠦᠯᠦᠭ ᠲᠤ ᠪᠣᠰᠣᠳ ᠬᠡᠷᠡᠭ ᠣᠴᠢᠷ ᠢ ᠨᠢ ᠨᠦᠬᠦᠪᠦᠷᠢᠯᠡᠨ ᠶᠠᠷᠢᠬᠤ ᠪᠣᠯᠣᠨ᠎ᠠ᠃ ᠡᠨᠡ ᠡᠮᠢᠷ ᠤᠨ ᠨᠣᠳᠤᠭ ᠣᠰᠣᠨ  ᠤ ᠬᠢᠨᠢ ᠬᠢᠯᠢ ᠬᠢᠵᠠᠭᠠᠷ ᠭᠡᠪᠡᠯ ᠪᠣᠢ ᠪᠦᠬᠦᠢ ᠮᠣᠩᠭᠤᠯ ᠣᠯᠠᠮᠵᠢᠯᠠᠯ ᠶᠠᠷᠢᠶᠠᠨ ᠳᠤ ᠪᠦᠷ ᠨᠢᠭᠡᠨ ᠠᠳᠠᠯᠢ ᠪᠠᠶᠢᠳᠠᠭ ᠶᠣᠮ᠃ ᠮᠢᠨᠦ ᠴᠡᠭᠡᠵᠢᠯᠡᠵᠦ ᠪᠠᠶᠢᠬᠤ ᠪᠠᠷ ᠮᠢᠨᠦ ᠡᠴᠢᠭᠡ ︵ᠠᠯᠯᠠᠾ ᠲᠡᠭᠦᠨ ᠳᠤ ᠠᠮᠣᠷ ᠲᠦᠪᠰᠢᠨ ᠣᠯᠭᠤᠬᠤ ᠪᠣᠯᠳᠣᠭᠠᠢ︶ ᠪᠣᠯᠣᠨ ᠶᠡᠭᠡ ᠪᠠᠭ᠎ᠠ ᠠᠪᠠᠭ᠎ᠠ ᠨᠡᠷ ︵ᠠᠯᠯᠠᠾ ᠲᠡᠳᠡᠨᠡᠷ ᠢ ᠠᠭᠤᠴᠢᠯᠠᠬᠤ ᠪᠣᠯᠳᠣᠭᠠᠢ︶ ᠤᠨ ᠬᠡᠯᠡᠭᠰᠡᠨ  ᠢᠶᠠᠷ ᠮᠠᠨ ᠤ ᠡᠨᠡᠬᠦ ᠲᠡᠭᠡᠳᠦᠰ ᠲᠤ ᠬᠤᠶᠠᠷ ᠲᠦᠮᠡᠨ ᠲᠦᠷᠪᠡᠨ ᠮᠢᠩᠭᠠᠨ ᠡᠷᠦᠬᠡ ᠢᠷᠭᠡᠳ ᠬᠠᠷᠢᠶᠠᠯᠠᠭᠳᠠᠵᠣ ᠪᠠᠶᠢᠵᠠᠢ ᠃ ᠲᠡᠷᠡ ᠪᠣᠯ ︵ᠬᠤᠳᠠᠶᠢᠳᠠ︶ ᠾᠢᠵᠢᠷ ᠲᠣᠭᠠᠯᠠᠯ ᠤᠨ765 ᠣᠨ ︵1363 —1364︶ ᠠᠴᠠ ᠡᠮᠦᠨ᠎ᠡ ᠲᠠᠷᠣᠢ ᠡᠮᠢᠷ ᠤᠨ ᠳᠣᠰᠢᠶᠠᠯ ᠳᠤ ᠪᠠᠶᠢᠪᠠ᠃ ᠲᠡᠭᠡᠭᠡᠳ ᠾᠢᠵᠢᠷ ᠲᠣᠭᠠᠯᠠᠯ ᠤᠨ850 ᠣᠨ ︵1446 —1447︶ ᠠᠴᠠ ᠡᠮᠦᠨ᠎ᠡ ᠮᠧᠺᠺᠠ ᠳᠤ ᠮᠦᠷᠭᠦᠯ ᠬᠢᠬᠦ ᠪᠠᠷ ᠶᠠᠪᠣᠵᠠᠢ᠃ ᠲᠡᠭᠦᠨ ᠤ ᠲᠣᠰᠢᠶᠠᠯ ᠳᠤ ᠪᠠᠶᠢᠭᠰᠠᠨ ᠴᠠᠭ ᠬᠤᠭᠤᠴᠠᠭ᠎ᠠ ᠨᠢ ᠶᠢᠷᠡᠨ ᠣᠨ① ᠬᠦᠷᠴᠦ᠂ ᠺᠠᠱᠭᠠᠷ᠂ ᠶᠠᠷᠺᠠᠨᠳ᠋᠂ ᠠᠺᠰᠣ᠂ ᠢᠥᠢ ᠲᠢᠶᠠᠨ᠂ ᠪᠠᠶᠢᠴᠧᠩ  ᠪᠣᠯᠣᠨ ᠺᠦ᠋ ᠴᠧ ᠵᠡᠷᠭᠡ ᠣᠷᠣᠨ ᠤ ᠬᠠᠮᠤᠭ ᠲᠡᠭᠡᠳᠦ ᠡᠷᠬᠡ ᠶᠢ ᠪᠠᠷᠢᠵᠣ ᠪᠠᠶᠢᠭᠰᠠᠨ ᠶᠣᠮ᠃ ᠬᠡᠳᠦᠶᠢᠪᠡᠷ ᠡᠶᠢᠮᠦ ᠭᠡᠪᠡᠴᠦ ᠲᠡᠷᠡ ᠪᠣᠯ ᠨᠢᠭᠡ ᠲᠡᠶᠢᠮᠦ ᠪᠠᠶᠠᠨ ᠬᠦᠮᠦᠨ ᠪᠢᠰᠢ ᠪᠠᠶᠢᠵᠠᠢ᠃ ᠴᠢᠨᠠᠭᠰᠢᠯᠠᠪᠠᠯ ᠨᠢᠭᠡ ᠨᠠᠰᠣᠨ ᠤ ᠪᠠᠨ ᠶᠡᠬᠡᠩᠬᠢ ᠴᠠᠭ ᠦᠶ᠎ᠡ ᠳᠤ ᠦᠪᠡᠷ ᠤᠨ ᠣᠨᠣᠬᠤ ᠮᠣᠷᠢ ᠴᠦ ᠦᠭᠡᠢ ᠪᠠᠶᠢᠭᠰᠠᠨ ᠶᠣᠮ᠃ ᠡᠶᠢᠮᠦ ᠠᠴᠠ ᠲᠡᠷᠡ ᠭᠠᠳᠠᠭᠰᠢ ᠭᠠᠷᠬᠤ ᠪᠣᠯᠭᠠᠨ ᠲᠣᠬᠠᠢ ᠶᠢᠨ ᠭᠠᠵᠠᠷ ᠤᠨ ᠠᠷᠠᠳ ᠢᠷᠭᠡᠳ ᠲᠡᠭᠦᠨ ᠳᠤ ᠣᠨᠣᠬᠤ ᠮᠣᠷᠢ ᠬᠠᠩᠭᠠᠵᠣ ᠦᠭᠳᠡᠭ ᠠᠵᠠᠢ᠃ ᠴᠡᠷᠢᠭ ᠲᠠᠶᠢᠨ ᠳᠤ ᠴᠦ ᠡᠶᠢᠮᠦ ᠪᠠᠶᠢᠪᠠ᠃ ᠲᠡᠷᠡ ᠦᠪᠡᠷ ᠤᠨ ᠣᠯᠣᠰ ᠤᠨ ᠢᠶᠠᠨ ᠶᠡᠬᠡᠩᠬᠢ ᠣᠷᠣᠯᠭ᠎ᠠ ᠶᠢ ᠪᠦᠷ ᠮᠦᠰᠯᠢᠮ ᠣᠯᠵᠠᠯᠠᠭᠰᠠᠳ ᠤᠨ ᠲᠦᠯᠦᠭᠡ ᠵᠣᠯᠢᠶᠠᠨ ᠤ ᠲᠦᠯᠦᠪᠦᠷᠢ ᠪᠠᠷ ᠬᠡᠷᠡᠭᠯᠡᠳᠡᠭ ᠪᠠᠶᠢᠵᠠᠢ᠃ ᠲᠣᠬᠠᠢ ᠶᠢᠨ ᠦᠶ᠎ᠡ ᠳᠤ ᠮᠣᠩᠭᠤᠯᠴᠣᠳ ᠲᠦᠷᠺᠰᠲ᠋ᠠᠨ᠂ ᠴᠠᠴᠢ ᠪᠣᠯᠣᠨ ᠠᠨᠳᠢᠵᠠᠨ ᠢᠶᠠᠷ ᠮᠦᠰᠯᠢᠮᠴᠣᠳ ᠢ ᠪᠣᠯᠢᠶᠠᠨ ᠣᠯᠵᠠᠯᠠᠬᠤ ᠲᠠᠶᠢᠨ ᠢ ᠲᠠᠰᠣᠷᠠᠰᠢ ᠦᠭᠡᠢ ᠬᠢᠵᠦ ᠪᠠᠶᠢᠭᠰᠠᠨ ᠪᠣᠯᠬᠤᠷ ᠡᠨᠡᠬᠦ ᠡᠮᠢᠷ ᠲᠠᠷᠣᠢ ᠡᠳᠡᠭᠡᠷ ᠬᠦᠮᠦᠨ ᠤ ᠭᠠᠷ ᠠᠴᠠ ᠣᠯᠵᠠᠯᠠᠭᠰᠠᠨ ᠮᠦᠰᠯᠢᠮᠴᠣᠳ ᠢ ᠵᠣᠯᠢᠶᠠᠨ ᠤ ᠮᠦᠩᠭᠦ ᠦᠭᠴᠦ ᠭᠠᠷᠭᠠᠨ ᠠᠪᠣᠭᠠᠳ᠂ ᠲᠡᠳᠡᠨᠡᠷ ᠲᠤ ᠠᠮᠣ ᠬᠦᠨᠡᠰᠦ᠂ ᠣᠨᠤᠭ᠎ᠠ ᠮᠠᠯ ᠪᠡᠯᠡᠳᠭᠡᠨ ᠦᠭᠴᠦ ᠨᠣᠳᠤᠭ ᠲᠤᠨᠢ ᠬᠠᠷᠢᠭᠤᠯᠳᠠᠭ ᠪᠠᠶᠢᠪᠠ᠃ ᠲᠡᠷᠡ ᠪᠠᠰᠠ ᠦᠷᠬᠦᠯᠵᠢ ᠲᠡᠳᠡᠨᠡᠷ ᠲᠤ ᠢᠰᠡᠭᠡᠢ ᠮᠠᠶᠢᠬᠠᠨ ᠪᠡᠯᠡᠳᠭᠡᠨ ᠦᠭᠴᠦ᠂ ᠲᠡᠭᠦᠨ ᠤ ᠲᠣᠲᠣᠷ᠎ᠠ ᠮᠦᠷᠭᠦᠯ ᠦᠢᠯᠡᠳᠦᠭᠦᠯᠵᠦ ᠪᠠᠶᠢᠪᠠ᠃ ᠲᠡᠷᠡ ᠨᠠᠰᠣᠨ ᠲᠣᠷᠰᠢ ᠡᠨᠡᠬᠦ ᠦᠢᠯᠡ ᠶᠢ ᠲᠠᠰᠣᠷᠠᠯ ᠦᠭᠡᠢ ᠬᠢᠵᠦ ᠪᠣᠶᠠᠨ ᠤ ᠦᠢᠯᠡᠰ ᠲᠤ ᠵᠢᠳᠭᠦᠵᠦ ᠪᠠᠶᠢᠪᠠ᠃      ᠡᠮᠢᠷ ᠬᠤᠳᠠᠶᠢᠳᠠ ᠳᠤ ᠪᠠᠰᠠ ᠮᠠᠰᠢ ᠣᠯᠠᠨ ᠭᠠᠶᠢᠬᠠᠮᠰᠢᠭᠳᠣ ᠬᠡᠷᠡᠭ ᠪᠠᠶᠢᠭ᠎ᠠ ᠶᠣᠮ᠃ ᠲᠡᠭᠦᠨ ᠤ ᠲᠣᠲᠣᠷᠠᠬᠢ ᠨᠢᠭᠡᠨ ᠬᠡᠷᠡᠭ ᠢ ᠾᠢᠳᠢᠷᠮᠠᠲ ᠶᠡᠭᠡ ᠮᠠᠣᠯᠠ ᠬᠤᠵᠠ · ᠠᠬᠠᠮᠠᠳ᠋ ᠨᠠᠳᠠ ᠳᠤ ᠬᠡᠯᠡᠵᠦ ᠦᠭᠭᠦᠭᠰᠡᠨ ᠶᠣᠮ᠃ ᠲᠣᠷᠣᠭᠰᠢ ᠲᠡᠭᠦᠨ ᠤ ᠬᠡᠯᠡᠭᠰᠡᠨ ᠦᠭᠡ ᠶᠢ ᠡᠰᠢᠯᠡᠨ ᠦᠬᠦᠯᠡᠶ᠎ᠡ᠃ ᠺᠠᠱᠭᠠᠷ ᠤᠨ ᠬᠤᠵᠠ · ᠵᠠᠾᠢᠳᠢ ᠪᠣᠯ ᠨᠢᠭᠡ ᠠᠭᠤᠣ ᠶᠡᠭᠡ ᠮᠦᠷᠳᠡᠭᠡᠨ ᠦᠨᠡᠨᠴᠢ ᠰᠢᠳᠦᠯᠭᠡᠳᠡᠨ ᠶᠣᠮ᠃ ᠬᠤᠳᠠᠶᠢᠳᠠ ᠮᠣᠩᠭᠤᠯᠰᠲ᠋ᠠᠨ ᠠᠴᠠ ᠨᠢᠭᠡ ᠡᠯᠴᠢ ᠲᠣᠮᠢᠯᠠᠨ ᠬᠤᠵᠠ · ᠵᠠᠾᠢᠳᠢ ᠶᠢᠨ ᠳᠤ ᠣᠴᠢᠭᠤᠯᠣᠨ ᠲᠡᠭᠦᠨ ᠤ ᠭᠠᠷ ᠠᠯᠴᠢᠭᠤᠷ ᠢ ᠠᠪᠣᠶ᠎ᠠ ᠭᠡᠪᠡ᠃ ᠭᠡᠳᠡᠯ᠎ᠡ ᠡᠨᠡᠬᠦ ᠬᠤᠵᠠ ᠶᠢᠨ ᠡᠬᠡᠨᠡᠷ ᠨᠢ ᠬᠤᠵᠠ ᠶᠢᠨ ᠭᠠᠷ ᠠᠯᠴᠢᠭᠤᠷ ᠢ ᠮᠣᠩᠭᠤᠯᠰᠲ᠋ᠠᠨ ᠤ ᠮᠣᠩᠭᠤᠯ ᠬᠦᠮᠦᠨ ᠳᠤ ᠬᠦᠷᠭᠡᠵᠦ ᠦᠭᠬᠦ ᠨᠢ ᠵᠣᠬᠢᠰ ᠦᠭᠡᠢ᠂ ᠢᠩᠬᠢᠵᠦ ᠬᠢᠬᠦ ᠨᠢ ᠨᠢᠭᠦᠯ ᠠᠯᠳᠠᠰ ᠪᠣᠯᠣᠨ᠎ᠠ ᠭᠡᠵᠦ ᠪᠣᠳᠣᠵᠠᠢ᠃ ᠲᠡᠭᠡᠭᠡᠳ ᠲᠡᠭᠦᠨ ᠳᠤ ᠪᠣᠰᠣᠳ ᠬᠦᠮᠦᠨ  ᠤ ᠭᠠᠷ ᠠᠯᠴᠢᠭᠤᠷ ᠠᠴᠠ ᠨᠢᠭᠡ ᠶᠢ ᠬᠦᠷᠭᠡᠵᠦ ᠦᠭᠭᠦᠪᠡ᠃ ᠲᠣᠮᠢᠯᠠᠭᠰᠠᠨ ᠬᠦᠮᠦᠨ ᠪᠣᠴᠠᠵᠣ ᠢᠷᠡᠭᠡᠳ ᠡᠨᠡᠬᠦ ᠭᠠᠷ ᠠᠯᠴᠢᠭᠤᠷ ᠢ ᠡᠮᠢᠷ ᠲᠤ ᠲᠣᠰᠢᠶᠠᠨ ᠦᠭᠬᠦ ᠦᠶ᠎ᠡ ᠳᠤ ᠲᠡᠷᠡ ᠲᠠᠬᠢᠨ ᠲᠠᠪᠳᠠᠨ ᠲᠠᠯᠠᠷᠬᠠᠬᠤ ᠦᠭᠡ ᠬᠡᠯᠡᠵᠦ ᠪᠠᠶᠢᠭᠠᠳ ᠭᠠᠷ ᠠᠯᠴᠢᠭᠤᠷ ᠢ ᠲᠣᠰᠴᠣ ᠠᠪᠣᠨ᠂ ᠨᠢᠭᠤᠷ ᠢᠶᠠᠨ ᠨᠢᠭᠡᠯ᠎ᠡ ᠵᠦᠯᠭᠦᠮᠡᠭᠴᠡ ᠪᠠᠨ ᠭᠠᠷ ᠠᠯᠴᠢᠭᠤᠷ ᠢ ᠢᠷᠡᠭᠰᠡᠨ ᠬᠦᠮᠦᠨ ᠳᠤ ᠪᠣᠴᠠᠭᠠᠨ ᠦᠭᠴᠦ ᠬᠡᠯᠡᠭᠰᠡᠨ ᠨᠢ᠄ ︽ᠦᠨᠡᠨ ᠢ ᠬᠡᠯᠡᠪᠡᠯ ᠬᠡᠷᠪᠡ ᠡᠨᠡ ᠠᠯᠴᠢᠭᠤᠷ ᠬᠡᠷᠪᠡ ᠬᠤᠵᠠ ᠶᠢᠨ ᠠᠯᠴᠢᠭᠤᠷ ᠪᠠᠶᠢᠭᠰᠠᠨ ᠪᠣᠯᠪᠠᠴᠣ ᠨᠠᠳᠠ ᠳᠤ ᠬᠡᠷᠡᠭ ᠴᠦ ᠦᠭᠡᠢ︾ ᠭᠡᠵᠡᠢ᠃ ᠲᠡᠭᠡᠭᠡᠳ ᠡᠯᠴᠢ ᠭᠠᠷ ᠠᠯᠴᠢᠭᠤᠷ ᠢ ᠬᠤᠵᠠ ᠶᠢᠨ ᠡᠬᠡᠨᠡᠷ ᠲᠤ ᠪᠣᠴᠠᠭᠠᠨ ᠬᠦᠷᠭᠡᠪᠡ᠃ ᠡᠨᠡ ᠦᠶ᠎ᠡ ᠪᠠᠷ ᠬᠤᠵᠠ ᠶᠢᠨ ᠡᠬᠡᠨᠡᠷ ᠰᠠᠶ᠋ᠢ ᠶᠡᠬᠡᠳᠡ ᠰᠣᠴᠢᠵᠣ᠂ ᠡᠨᠡ ᠬᠡᠷᠡᠭ ᠤᠨ ᠡᠬᠢᠯᠡᠯᠳᠡ ᠲᠡᠭᠦᠰᠦᠯᠳᠡ ᠳᠤ ᠬᠦᠷᠳᠡᠯ᠎ᠡ ᠬᠤᠵᠠ ᠳᠤ ᠨᠠᠷᠢᠨ ᠮᠡᠳᠡᠭᠦᠯᠪᠡ᠃ ᠬᠤᠵᠠ · ᠵᠠᠾᠢᠳᠢ ᠡᠬᠡᠨᠡᠷ ᠢᠶᠠᠨ ᠵᠢᠮᠡᠯᠡᠨ ᠬᠡᠯᠡᠭᠰᠡᠨ ᠨᠢ᠄ ︽ᠡᠨᠡᠬᠦ ᠡᠮᠢᠷ ᠪᠣᠯ ᠮᠠᠨ ᠤ ᠲᠣᠰ ᠱᠠᠰᠢᠨ ᠤ ᠪᠦᠯᠦᠭ  ᠤᠨ ᠬᠦᠮᠦᠨ ᠶᠣᠮ᠃ ᠴᠢ ᠶᠠᠭᠤ ᠭᠡᠵᠦ ᠲᠡᠭᠦᠨ ᠳᠤ ᠲᠡᠭᠡᠵᠦ ᠬᠠᠨᠳᠣᠬᠤ ᠪᠣᠢ︖︾ ᠭᠡᠪᠡ᠃ ᠲᠡᠭᠡᠭᠡᠳ ᠬᠤᠵᠠ ᠦᠪᠡᠷ ᠤᠨ ᠭᠠᠷ ᠠᠯᠴᠢᠭᠤᠷ ᠢᠶᠠᠨ ᠭᠠᠷᠭᠠᠨ ᠡᠯᠴᠢ ᠳᠤ ᠳᠣᠰᠢᠶᠠᠨ ᠦᠭᠴᠦ ᠢᠯᠭᠡᠪᠡ᠃ ᠡᠯᠴᠢ ᠬᠤᠵᠠ ᠶᠢᠨ ᠭᠠᠷ ᠠᠯᠴᠢᠭᠤᠷ ᠢ ᠡᠮᠢᠷ ᠲᠤ ᠭᠦᠷᠭᠡᠨ ᠢᠷᠡᠬᠦ ᠦᠶ᠎ᠡ ᠳᠤ᠂ ᠡᠮᠢᠷ · ᠬᠤᠳᠠᠶᠢᠳᠠ ᠲᠡᠭᠦᠨ ᠢᠶᠠᠷ ᠨᠢᠭᠤᠷ ᠢᠶᠠᠨ ᠨᠢᠭᠡ ᠠᠴᠢᠭᠠᠳ ᠬᠡᠯᠡᠭᠰᠡᠨ ᠨᠢ᠄ ︽ᠵᠠ ᠵᠠ᠂ ᠡᠨᠡ ᠪᠣᠯ ᠰᠠᠶ᠋ᠢ ᠬᠤᠵᠠ ᠶᠢᠨ ᠠᠯᠴᠢᠭᠤᠷ ᠮᠦᠨ᠃ ᠪᠢ ᠡᠨᠡ ᠬᠤᠵᠠ ᠶᠢ ᠢᠳᠡᠭᠡᠨ᠎ᠡ︾ ᠭᠡᠪᠡ᠃ ᠡᠨᠡᠬᠦ ᠡᠮᠢᠷ ᠲᠤ ᠡᠶᠢᠮᠦ ᠭᠠᠶᠢᠬᠠᠮᠰᠢᠭ ᠪᠠᠶᠢᠭ᠎ᠠ ᠶᠢ ︵ᠮᠣᠩᠭᠤᠯᠴᠣᠳ ᠤᠨ︶ ᠲᠡᠮᠳᠡᠭᠯᠡᠯ ᠳᠤ ᠮᠠᠰᠢ ᠣᠯᠠᠨ ᠲᠡᠮᠳᠡᠭᠯᠡᠭᠡᠰᠦᠳᠡᠢ ᠶᠣᠮ᠃    ᠬᠠᠮᠤᠭ ᠡᠴᠦᠰ ᠲᠤ ᠡᠨᠡᠬᠦ ᠡᠮᠢᠷ ᠶᠢᠷᠡᠨ ᠲᠣᠯᠣᠭᠠᠨ ᠨᠠᠰᠣᠨ ᠳᠠᠭᠠᠨ ᠮᠧᠺᠺᠠ ᠬᠦᠷᠴᠦ ᠮᠦᠷᠭᠦᠯ ᠬᠢᠬᠦ ᠪᠠᠷ ᠬᠦᠰᠡᠵᠡᠢ᠃ ᠭᠡᠳᠦᠶᠢᠪᠡᠷ ᠲᠡᠷᠡ ᠲᠠᠬᠢᠨ ᠲᠠᠪᠳᠠᠨ ᠭᠤᠶᠣᠴᠢᠯᠠᠪᠠᠴᠣ᠂ ᠸᠠᠶᠢᠰ ᠬᠠᠭᠠᠨ ᠲᠠᠭ ᠵᠦᠪᠰᠢᠶᠡᠷᠡᠬᠦ ᠦᠭᠡᠢ ᠪᠠᠶᠢᠪᠠ᠃ ᠲᠡᠭᠡᠭᠡᠳ ᠲᠡᠷᠡ ᠨᠢᠭᠤᠴᠠ ᠪᠠᠷ ᠦᠯᠦᠭᠪᠡᠢ ᠳᠤ ᠨᠢᠭᠡᠨ ᠵᠠᠬᠢᠳᠠᠯ ᠪᠢᠴᠢᠵᠦ ᠬᠡᠯᠡᠭᠰᠡᠨ ᠨᠢ᠄ ︽ᠬᠡᠷᠪᠡ ᠲᠠ ᠠᠳᠡ ᠢᠷᠡᠬᠦ ᠲᠣᠷᠠᠳᠠᠢ ᠪᠣᠯ᠂ ᠪᠢ ᠮᠣᠩᠭᠤᠯᠴᠣᠳ ᠢ ᠲᠠᠶᠢᠯᠠᠯᠳᠣᠬᠤ ᠦᠭᠡᠢ ᠪᠠᠷ ᠲᠠᠨ ᠳᠤ ᠪᠠᠭᠤᠵᠣ ᠦᠭᠬᠦ ᠪᠣᠯᠭᠠᠨ᠎ᠠ︾ ᠭᠡᠪᠡ᠃ ᠡᠨᠡ ᠦᠶ᠎ᠡ ᠪᠠᠷ ᠮᠢᠷᠽᠠ · ᠦᠯᠦᠭᠪᠡᠢ ᠮᠣᠩᠭᠤᠯᠴᠣᠳ ᠤᠨ ᠲᠦᠢᠪᠡᠯᠭᠡ ᠳᠤ ᠨᠢᠭᠡᠮᠦᠰᠦᠨ ᠬᠠᠰᠢᠷᠠᠭᠠᠳ᠂ ᠶᠠᠭ ᠰᠠᠶᠢᠬᠠᠨ ᠦᠷᠬᠦᠯᠵᠢᠯᠡᠨ ᠴᠡᠷᠢᠭ ᠬᠡᠷᠡᠭᠯᠡᠬᠦ ᠪᠠᠷ ᠪᠡᠯᠡᠳᠭᠡᠭᠡᠳ ᠪᠠᠶᠢᠵᠠᠢ᠃ ᠡᠶᠢᠮᠦ ᠠᠴᠠ ᠲᠣᠰ ᠵᠠᠬᠢᠳᠠᠯ ᠢ ᠣᠯᠣᠮᠣᠭᠴᠠ ᠪᠠᠨ ᠲᠡᠷᠡ ᠲᠣᠣᠷ᠎ᠠ ᠪᠠᠨ ᠮᠣᠩᠭᠤᠯᠰᠲ᠋ᠠᠨ ᠵᠦᠭ ᠲᠣᠪᠳᠣᠯᠭᠠᠨ ᠭᠠᠷᠪᠠ᠃ ᠲᠡᠷᠡ ᠮᠣᠩᠭᠤᠯᠰᠲ᠋ᠠᠨ ᠤ ᠨᠢᠭᠡ ᠴᠣᠢ② ᠭᠡᠳᠡᠭ ᠠᠯᠳᠠᠷᠳᠣ ᠬᠤᠳᠠ ᠪᠠᠯᠭᠠᠰᠣᠨ ᠳᠤ ᠬᠦᠷᠦᠭᠰᠡᠨ ᠤ ᠰᠡᠬᠦᠯᠡᠷ᠂ ᠡᠨᠡᠬᠦ ᠡᠮᠢᠷ ᠦᠪᠡᠷ ᠤᠨ ᠴᠡᠷᠢᠭ ᠮᠣᠷᠢ ᠠᠴᠠ ᠪᠠᠨ ᠰᠠᠯᠵᠣ᠂ ᠮᠢᠷᠽᠠ · ᠦᠯᠦᠭᠪᠡᠢ ᠶᠢ ᠳᠦᠰᠢᠬᠦ ᠪᠠᠷ ᠲᠡᠭᠦᠨ ᠤ ᠴᠡᠷᠢᠭ ᠤᠨ ᠲᠣᠮᠳᠠ ᠣᠴᠢᠪᠠ᠃ ᠲᠡᠭᠦᠨ ᠤ ᠦᠷ᠎ᠡ ᠳ᠋ᠦᠩ ᠳᠤ ᠮᠣᠩᠭᠤᠯᠴᠣᠳ ᠲᠦᠷᠪᠡᠨ ᠵᠦᠭ ᠰᠠᠷᠨᠢᠨ ᠪᠣᠷᠣᠭᠤᠯᠠᠵᠠᠭᠠᠪᠠ᠃ ᠡᠨᠡᠬᠦ ᠡᠮᠢᠷ ᠮᠢᠷᠽᠠ ᠦᠯᠦᠭᠪᠡᠢ ᠲᠠᠢ ᠠᠭᠤᠯᠵᠠᠬᠤ ᠦᠶ᠎ᠡ ᠳᠤ ᠬᠡᠯᠡᠭᠰᠡᠨ ᠨᠢ᠄ ︽ᠮᠢᠨᠦ ᠢᠩᠬᠢᠵᠦ ᠬᠢᠵᠦ ᠪᠠᠶᠢᠭ᠎ᠠ  ᠨᠢ ᠭᠤᠣᠯᠳᠠᠭᠤ ᠮᠧᠺᠺᠠ ᠬᠦᠷᠴᠦ ᠮᠦᠷᠭᠦᠯ ᠬᠢᠵᠦ ᠴᠢᠳᠠᠬᠤ ᠶᠢᠨ ᠲᠦᠯᠦᠭᠡ ᠪᠢᠯᠡ᠃ ᠡᠨᠡ ᠪᠣᠯ ᠮᠢᠨᠦ ᠴᠢᠮ᠎ᠠ ᠳᠤ ᠲᠠᠭᠠᠭᠰᠠᠨ ᠴᠣᠷᠢ ᠶᠢᠨ ᠭᠠᠭᠴᠠ ᠰᠢᠯᠳᠠᠭᠠᠨ ᠪᠣᠯᠣᠨ᠎ᠠ᠂ ᠭᠡᠪᠡᠴᠦ ᠪᠢ ᠣᠳᠣ ᠪᠠᠷ ᠢᠶᠠᠨ ᠶᠠᠪᠣᠴᠢᠬᠠᠬᠤ ᠪᠢᠰᠢ︾ ᠭᠡᠪᠡ᠃ ᠲᠡᠭᠡᠭᠡᠳ ᠲᠡᠳᠡ ᠠᠳᠡ ᠠᠴᠠ ᠬᠦᠳᠡᠯᠵᠦ᠂ ᠮᠢᠷᠽᠠ · ᠦᠯᠦᠭᠪᠡᠢ ᠡᠨᠡᠬᠦ ᠡᠮᠢᠷ ᠲᠤ ᠲᠣᠩ ᠰᠠᠶᠢᠨ ᠬᠠᠷᠠᠭᠠᠯᠵᠠᠯᠠᠯ ᠪᠠ ᠶᠣᠰᠣᠯᠠᠯ ᠬᠦᠷᠳᠡᠭᠡᠵᠡᠢ᠃ ᠲᠡᠳᠡ ᠰᠠᠮᠠᠷᠺᠠᠨᠳ᠋ ᠲᠤ ᠬᠦᠷᠦᠭᠰᠡᠨ ᠤ ᠲᠠᠷᠠᠭ᠎ᠠ᠂ ᠮᠢᠷᠽᠠ · ᠦᠯᠦᠭᠪᠡᠢ ᠡᠮᠢᠷ ᠬᠤᠳᠠᠶᠢᠳᠠ ᠠᠴᠠ ᠠᠰᠠᠭᠤᠷᠣᠨ᠄ ︽ᠴᠢ ᠴᠢᠩᠬᠢᠰ ᠬᠠᠭᠠᠨ ᠤ ᠲᠣᠷᠠ③ ᠶᠢ ᠮᠠᠰᠢ ᠰᠠᠶᠢᠨ ᠮᠡᠳᠡᠬᠦ ᠭᠠᠭᠴᠠ ᠬᠦᠮᠦᠨ ᠭᠡᠳᠡᠭ᠂ ᠲᠠᠨ ᠤ ᠮᠡᠳᠡᠬᠦ ᠵᠦᠢᠯᠡᠰ ᠢᠶᠠᠨ ᠵᠣᠷᠪᠣᠰ ᠲᠠᠷᠠᠭᠠᠯᠠᠨ ᠨᠠᠳᠠ ᠳᠤ ᠨᠢᠭᠤᠯ ᠦᠭᠡᠢ ᠪᠦᠬᠦᠨ ᠢ ᠬᠡᠯᠡᠵᠦ ᠦᠭᠬᠦ ᠪᠣᠯᠪᠠᠥ᠃ ᠪᠢ ᠲᠡᠭᠦᠨ ᠢ ᠪᠦᠬᠦ ᠲᠠᠯ᠎ᠠ ᠪᠠᠷ ᠣᠶᠢᠯᠭᠠᠬᠤ ᠰᠠᠨᠠᠭ᠎ᠠ ᠲᠠᠢ︾ ᠭᠡᠪᠡ᠃ ᠡᠨᠡ ᠡᠮᠢᠷ ᠤᠨ ᠬᠠᠷᠢᠭᠤᠯᠣᠭᠰᠠᠨ ᠨᠢ᠄ ︽ᠪᠢᠳᠡ ᠠᠯᠢ ᠡᠷᠳᠡ ᠠᠴᠠ  ᠴᠢᠩᠬᠢᠰ ᠬᠠᠭᠠᠨ ᠤ ᠲᠡᠷᠡᠭᠦ ᠮᠠᠭᠤ ᠲᠣᠷᠠ ᠶᠢ ᠨᠢᠭᠡᠨᠳᠡ ᠪᠦᠬᠦᠨ ᠢ ᠬᠠᠶᠠᠴᠢᠬᠠᠭᠠᠳ᠂ ᠢᠰᠯᠠᠮ ᠱᠠᠰᠢᠨ ᠤ ᠬᠠᠣᠯᠢ ᠶᠢ ᠬᠡᠷᠡᠭᠯᠡᠴᠢᠭᠡᠪᠡ᠃ ᠭᠡᠪᠡᠴᠦ ᠬᠡᠷᠪᠡ ᠮᠢᠷᠽᠠ · ᠦᠯᠦᠭᠪᠡᠢ ᠶᠢᠨ ᠡᠨᠡ ᠮᠡᠳᠦ ᠭᠡᠭᠡᠨ ᠮᠡᠷᠭᠡᠨ ᠢᠶᠠᠷ ᠬᠡᠷᠪᠡ ᠴᠢᠩᠬᠢᠰ ᠬᠠᠭᠠᠨ ᠤ ᠲᠣᠷᠠ ᠶᠢ ᠵᠢᠷᠣᠮᠯᠠᠶ᠎ᠠ ᠭᠡᠪᠡᠯ ᠪᠢ ᠬᠡᠯᠡᠯᠬᠡᠨ ᠦᠭᠡᠢ ᠲᠠᠨ ᠳᠤ ᠴᠢᠩᠬᠢᠰ ᠬᠠᠭᠠᠨ ᠤ ᠲᠣᠷᠠ ᠶᠢᠨ ᠪᠦᠬᠦ ᠠᠭᠤᠯᠭ᠎ᠠ ᠶᠢ ᠪᠦᠷ ᠵᠢᠭᠠᠵᠣ ᠦᠭᠴᠦ ᠪᠣᠯᠣᠨ᠎ᠠ ︾ ᠭᠡᠪᠡ᠃ ᠮᠢᠷᠽᠠ · ᠦᠯᠦᠭᠪᠡᠢ ᠡᠨᠡᠬᠦ ᠦᠭᠡᠨ ᠳᠤ ᠮᠠᠰᠢ ᠶᠡᠭᠡ ᠰᠠᠨᠠᠭ᠎ᠠ ᠪᠣᠯᠵᠣ᠂ ᠲᠠᠬᠢᠵᠣ ᠡᠨᠡᠬᠦ ᠲᠣᠷᠠ ᠠᠴᠠ ᠰᠣᠷᠣᠯᠴᠠᠶ᠎ᠠ ᠭᠡᠵᠦ ᠬᠡᠯᠡᠭᠰᠡᠨ ᠦᠭᠡᠢ ᠭᠡᠳᠡᠭ᠃     ᠡᠴᠦᠰ ᠲᠡᠭᠡᠨ ᠡᠮᠢᠷ ᠬᠤᠳᠠᠶᠢᠳᠠ ᠮᠧᠺᠺᠠ ᠳᠤ ᠮᠦᠷᠭᠦᠯ ᠬᠢᠬᠦ ᠪᠠᠷ ᠶᠠᠪᠣᠵᠠᠢ᠃ ᠬᠤᠵᠢᠮ ᠮᠢᠨᠦ ᠡᠴᠢᠭᠡ ︵ᠠᠯᠯᠠᠾ ᠲᠡᠭᠦᠨ ᠢ ᠨᠢᠭᠦᠯᠡᠰᠬᠦ ᠪᠣᠯᠳᠣᠭᠠᠢ︶ ᠬᠤᠷᠣᠽᠠᠨ ᠳᠤ ᠬᠦᠷᠦᠭᠰᠡᠨ ᠤ ᠲᠠᠷᠠᠭ᠎ᠠ᠂ ᠲᠡᠷᠡ ᠲᠡᠨᠳᠡ ᠰᠣᠯᠲ᠋ᠠᠨ · ᠬᠤᠰᠢᠨ · ᠮᠢᠷᠽᠠ ᠶᠢᠨ ᠨᠢᠭᠡ ᠵᠠᠩᠵᠣᠨ ᠲᠠᠢ ᠠᠭᠤᠯᠵᠠᠪᠠ᠃ ᠲᠡᠭᠦᠨ ᠤ ᠨᠡᠷ᠎ᠡ ᠨᠢ ᠰᠣᠯᠲ᠋ᠠᠨ · ᠠᠯᠢ · ᠪᠠᠷᠣᠯᠠᠰ ᠭᠡᠳᠡᠭ᠂ ᠲᠣᠬᠠᠢ ᠶᠢᠨ ᠦᠶ᠎ᠡ ᠳᠤ ᠲᠡᠷᠡ ᠨᠢᠭᠡᠨᠳᠡ ᠵᠠᠭᠤᠨ ᠨᠠᠰᠣ ᠶᠢ ᠣᠶᠢᠷᠠᠳᠴᠣ ᠪᠠᠶᠢᠭᠰᠠᠨ ᠦᠳᠡᠭᠦᠰ ᠬᠦᠮᠦᠨ ᠶᠣᠮ᠃ ᠲᠡᠷᠡ ᠪᠣᠯ ᠰᠣᠯᠲ᠋ᠠᠨ · ᠬᠤᠰᠢᠨ · ᠮᠢᠷᠽᠠ ᠶᠢᠨ ᠬᠠᠮᠤᠭ ᠬᠦᠨᠳᠦᠳᠭᠡᠯ ᠲᠠᠢ ᠬᠦᠮᠦᠨ ᠪᠣᠯᠣᠨ᠎ᠠ᠃ ᠮᠢᠨᠦ ᠡᠴᠢᠭᠡ ᠲᠡᠭᠦᠨ ᠠᠴᠠ ᠦᠪᠡᠷ ᠤᠨ ᠲᠡᠭᠡᠳᠦᠰ ᠤᠨ ᠲᠣᠬᠠᠢ ᠶᠢᠨ ᠦᠶ᠎ᠡ ᠶᠢᠨ ᠬᠡᠷᠡᠭ ᠣᠴᠢᠷ ᠢ ᠰᠣᠷᠠᠭᠯᠠᠭᠰᠠᠨ ᠳᠤ ᠲᠡᠭᠦᠨ ᠤ ᠬᠡᠯᠡᠵᠦ ᠦᠭᠭᠦᠭᠰᠡᠨ ᠨᠢ᠄ ︽ᠮᠢᠨᠦ ᠡᠴᠢᠭᠡ ᠪᠣᠯ ᠱᠠᠾ · ᠬᠤᠰᠢᠨ · ᠪᠠᠷᠣᠯᠠᠰ ᠭᠡᠵᠦ᠂ ᠮᠣᠩᠭᠤᠯ ᠤᠨ ᠪᠠᠷᠣᠯᠠᠰ ᠠᠶᠢᠮᠠᠭ ᠤᠨ ᠬᠦᠮᠦᠨ ᠪᠦᠭᠡᠳ ᠮᠠᠰᠢ ᠰᠢᠯᠢᠳᠡᠭ ᠡᠮᠢᠷ ᠪᠠᠶᠢᠭᠰᠠᠨ ᠶᠣᠮ᠃ ᠡᠮᠢᠷ ᠬᠤᠳᠠᠶᠢᠳᠠ ᠪᠣᠯ ᠲᠠᠷᠣᠢ ᠲᠡᠭᠦᠨ ᠤ ᠪᠠᠷ᠎ᠠ ᠪᠣᠯᠣᠯᠭ᠎ᠠ ᠲᠠᠢ ᠪᠠᠷ ᠮᠣᠩᠭᠤᠯᠰᠲ᠋ᠠᠨ ᠠᠴᠠ ᠭᠠᠷᠴᠣ ᠢᠷᠡᠭᠰᠡᠨ ᠶᠣᠮ︾ ᠭᠡᠪᠡ᠃ ᠮᠢᠨᠦ ᠡᠴᠢᠭᠡ ᠡᠭᠦᠨ ᠢ ᠰᠣᠨᠣᠰᠣᠭᠠᠳ ᠮᠠᠰᠢ ᠪᠠᠶᠠᠷᠯᠠᠵᠣ᠂ ᠡᠨᠡᠬᠦ ᠪᠠᠷᠣᠯᠠᠰ ᠬᠦᠮᠦᠨ ᠠᠴᠠ ᠪᠦᠬᠦ ᠦᠯᠢᠭᠡᠷ ᠢ ᠶᠠᠷᠢᠭᠤᠯᠬᠤ ᠪᠠᠷ ᠭᠤᠶᠣᠴᠢᠯᠠᠪᠠ᠃ ᠡᠨᠡ ᠵᠠᠩᠵᠣᠨ ᠤ ᠬᠡᠯᠡᠭᠰᠡᠨ ᠨᠢ᠄ ︽ᠡᠮᠢᠷ ᠬᠤᠳᠠᠶᠢᠳᠠ ᠮᠧᠺᠺᠠ ᠳᠤ ᠮᠦᠷᠭᠦᠯ ᠬᠢᠬᠦ ᠪᠠᠷ ᠶᠠᠪᠣᠬᠤ ᠦᠶ᠎ᠡ ᠳᠤ ᠪᠢ ᠵᠢᠭᠠᠬᠠᠨ ᠬᠡᠣᠬᠡᠳ ᠪᠠᠶᠢᠭᠰᠠᠨ ᠶᠣᠮ᠃ ᠮᠢᠨᠦ ᠡᠴᠢᠭᠡ ᠪᠣᠯ ᠡᠮᠢᠷ ᠬᠤᠳᠠᠶᠢᠳᠠ ᠶᠢᠨ ᠲᠣᠣᠷᠠᠬᠢ ᠳᠦᠰᠢᠮᠡᠯ ᠪᠠᠶᠢᠵᠠᠢ᠃ ᠡᠶᠢᠮᠦ ᠠᠴᠠ ᠲᠡᠭᠦᠨ ᠳᠤ ᠪᠠᠷ᠎ᠠ ᠪᠣᠯᠣᠨ ᠲᠠᠭᠠᠯᠳᠣᠵᠣ ᠬᠠᠮᠳᠣ ᠪᠠᠷ ᠮᠧᠺᠺᠠ ᠵᠦᠭ ᠮᠣᠷᠳᠠᠪᠠ ᠃ ᠪᠢᠳᠡ ᠮᠣᠩᠭᠤᠯᠰᠲ᠋ᠠᠨ ᠠᠴᠠ ᠭᠠᠷᠴᠣ ᠢᠷᠡᠭᠰᠡᠨ ᠤ ᠲᠠᠷᠠᠭ᠎ᠠ ᠮᠠᠰᠢ ᠣᠯᠠᠨ ᠬᠤᠳᠠ ᠪᠠᠯᠭᠠᠰᠣ ᠪᠠᠷ ᠲᠣᠭᠤᠷᠢᠨ ᠵᠣᠭᠠᠴᠠᠵᠣ ᠡᠴᠦᠰ ᠲᠡᠭᠡᠨ ᠰᠠᠶ᠋ᠢ ᠮᠦᠷᠭᠦᠯ ᠬᠢᠬᠦ ᠵᠠᠮ ᠳᠠᠭᠠᠨ ᠣᠷᠣᠵᠣ ᠪᠣᠭᠳᠠ ᠶᠢᠨ ᠬᠤᠳᠠ ᠬᠦᠷᠴᠦ ᠮᠦᠷᠭᠦᠯ ᠬᠢᠭᠰᠡᠨ ᠶᠣᠮ᠃ ᠪᠢᠳᠡ ᠪᠣᠴᠠᠬᠤ ᠵᠠᠮ ᠲᠠᠭᠠᠨ ᠣᠷᠣᠭᠠᠳ ᠬᠡᠳᠦᠨ ᠡᠳᠦᠷ ᠠᠶᠠᠯᠠᠭᠰᠠᠨ ᠤ ᠰᠡᠭᠦᠯᠡᠷ ᠡᠮᠢᠷ ᠬᠤᠳᠠᠶᠢᠳᠠ ᠮᠠᠳᠢᠨᠠ④ ᠭᠠᠮᠢᠭ᠎ᠠ ᠪᠠᠶᠢᠳᠠᠭ ᠪᠣᠢ ᠭᠡᠵᠦ ᠠᠰᠠᠭᠤᠪᠠ᠃ ᠬᠦᠮᠦᠰ ᠲᠡᠭᠦᠨ ᠳᠤ ᠮᠠᠳᠢᠨᠠ ᠡᠨᠡ ᠵᠦᠭ  ᠲᠤ ᠪᠠᠶᠢᠬᠤ ᠦᠭᠡᠢ ᠭᠡᠵᠦ ᠬᠡᠯᠡᠵᠦ ᠦᠭᠭᠦᠭᠰᠡᠨ ᠳᠤ ᠲᠡᠷᠡ ᠲᠣᠩ ᠡᠭᠳᠡᠭᠦᠴᠡᠵᠦ᠄ ︽ᠪᠢ ᠡᠶᠢᠮᠦ ᠬᠤᠯᠠ ᠵᠠᠮ ᠢ ᠰᠠᠯᠬᠢᠨ ᠪᠣᠷᠣᠭᠠᠨ ᠢ ᠰᠦᠷᠦᠨ ᠠᠶᠠᠯᠠᠵᠣ᠂ ᠠᠳᠡ ᠢᠷᠡᠴᠢᠭᠡᠳ ᠪᠣᠭᠳᠠ ᠶᠢᠨ ᠣᠩᠭᠤᠨ ᠳᠤ ᠪᠠᠷᠠᠯᠠᠬᠤ ᠦᠭᠡᠢ ᠪᠠᠷ ᠶᠠᠭᠠᠬᠢᠨ ᠬᠠᠷᠢᠬᠤ ᠪᠣᠢ︖ ᠪᠣᠴᠠᠬᠤ ᠵᠠᠮ ᠴᠦ ᠪᠠᠰᠠ ᠬᠤᠯᠠ ᠪᠠᠶᠢᠭᠰᠠᠭᠠᠷ ᠠᠳᠠᠯ᠎ᠠ︾ ᠭᠡᠪᠡ᠃    ︽ᠲᠡᠭᠡᠭᠡᠳ ᠲᠡᠷᠡ ᠦᠪᠡᠷ ᠤᠨ ᠪᠦᠬᠦ ᠲᠠᠭᠠᠯᠳᠠ ᠪᠠ ᠠᠴᠢᠶ᠎ᠠ ᠬᠦᠰᠭᠡ ᠶᠢᠨ ᠬᠦᠴᠦᠨ ᠤ ᠬᠦᠮᠦᠰ ᠢ ᠪᠦᠷ ᠠᠷᠠᠯᠵᠢᠶᠠᠴᠢᠳ ᠤᠨ ᠠᠩᠬᠢ ᠲᠠᠢ ᠬᠠᠮᠳᠣ ᠪᠣᠴᠠᠭᠠᠵᠣ᠂ ᠡᠭᠦᠨ ᠤ ᠬᠠᠮᠳᠣ ᠣᠯᠠᠨ ᠬᠤᠪᠢ ᠵᠠᠬᠢᠳᠠᠯ ᠪᠢᠴᠢᠵᠦ᠂ ᠲᠡᠳᠡᠨᠡᠷ ᠢᠶᠠᠷ ᠮᠣᠩᠭᠤᠯᠰᠲ᠋ᠠᠨ ᠳᠤ ᠪᠠᠶᠢᠭ᠎ᠠ ᠦᠪᠡᠷ ᠤᠨ ᠬᠡᠣᠬᠡᠳ ᠠᠴᠢᠷ ᠪᠦᠬᠦᠨ ᠳᠡᠭᠡᠨ ᠶᠠᠪᠣᠭᠤᠯᠵᠠᠢ᠃ ᠲᠡᠭᠦᠨ  ᠤ ᠲᠣᠲᠣᠷᠠᠬᠢ ᠨᠢᠭᠡᠨ ᠬᠤᠪᠢ ᠵᠠᠬᠢᠳᠠᠯ ᠨᠢ ᠡᠴᠢᠬᠡ ᠠᠴᠠ ᠬᠦᠪᠡᠭᠦᠨ ᠲᠡᠭᠡᠨ ᠣᠯᠠᠮᠵᠢᠯᠠᠬᠤ ᠬᠡᠯᠪᠡᠷᠢ ᠪᠠᠷ ᠦᠶ᠎ᠡ ᠲᠠᠮᠵᠢᠨ ᠣᠯᠠᠮᠵᠢᠯᠠᠰᠠᠭᠠᠷ ᠪᠠᠶᠢᠵᠣ ᠮᠢᠨᠦ ᠭᠠᠷ ᠳᠤ ᠢᠷᠡᠭᠰᠡᠨ ᠶᠣᠮ᠃ ᠡᠨᠡ ᠬᠤᠪᠢ ᠵᠠᠬᠢᠳᠠᠯ ᠢ ᠮᠠᠨ ᠤ ᠭᠡᠷ ᠬᠤᠳᠠᠯᠠᠭᠠᠷ ᠢᠶᠠᠷ ᠢᠶᠠᠨ ᠮᠠᠰᠢ ᠨᠠᠨᠳᠢᠩᠨᠠᠨ ᠬᠠᠳᠠᠭᠠᠯᠣᠵᠣ ᠪᠠᠶᠢᠨ᠎ᠠ᠃ ᠵᠠ᠂ ᠲᠡᠭᠡᠭᠡᠳ ᠡᠨᠡᠬᠦ ᠡᠮᠢᠷ ᠡᠬᠡᠨᠡᠷ ᠲᠠᠢ ᠪᠠᠨ ᠬᠤᠶᠠᠭᠤᠯᠠ ᠨᠢᠭᠡᠨ ᠠᠷᠠᠪ ᠵᠠᠮᠴᠢ ᠵᠠᠯᠠᠵᠣ᠂ ᠰᠠᠨᠠᠭ᠎ᠠ ᠪᠣᠳᠣᠯ ᠲᠠᠭᠠᠨ ᠶᠠᠮᠠᠷᠴᠣ ᠴᠢᠷᠦᠭᠳᠡᠯ ᠦᠭᠡᠢ ᠪᠠᠷ ᠮᠠᠳᠢᠨᠠ ᠵᠦᠭ ᠬᠦᠳᠡᠯᠵᠡᠢ᠃ ᠮᠢᠨᠦ ᠡᠴᠢᠬᠡ ᠴᠦ ᠨᠠᠳᠠ ᠶᠢ ᠲᠡᠳᠡᠨᠡᠷ ᠲᠠᠢ ᠬᠠᠮᠳᠣ ᠶᠠᠪᠣᠭᠠᠷᠠᠢ ᠭᠡᠪᠡ᠃ ᠢᠩᠬᠢᠭᠡᠳ ᠪᠢ ᠲᠡᠭᠦᠨ ᠤ ᠪᠠᠷ᠎ᠠ ᠪᠣᠯᠣᠭᠴᠢᠳ ᠤᠨ ᠨᠢᠭᠡ ᠨᠢ ᠪᠣᠯᠪᠠ᠃ ᠮᠠᠰᠢ ᠣᠷᠳᠣ ᠠᠶᠠᠨ ᠵᠠᠮ ᠢ ᠲᠣᠭᠤᠯᠣᠨ ᠪᠢᠳᠡ ᠣᠯᠠᠭᠤᠯᠠ ᠮᠠᠳᠢᠨᠠ ᠬᠦᠷᠪᠡ᠃ ᠡᠨᠡᠬᠦ ᠡᠮᠢᠷ ᠮᠦᠬᠠᠮᠦᠳ᠋ ᠪᠣᠭᠳᠠ ︵ᠬᠠᠮᠤᠭ ᠢᠷᠠᠭᠤ ᠮᠠᠭᠳᠠᠭᠠᠯ ᠪᠦᠷ ᠲᠡᠭᠦᠨ ᠤ ᠬᠢ︶ ᠶᠢᠨ ᠣᠩᠭᠤᠨ ᠳᠤ ᠪᠠᠷᠠᠯᠠᠨ ᠶᠣᠰᠣ ᠭᠦᠢᠴᠡᠳᠭᠡᠪᠡ᠃ ᠰᠦᠨᠢ ᠨᠢ ᠪᠢᠳᠡ ᠨᠢᠭᠡ ᠳ᠋ᠧᠷᠸᠧᠢᠱ ᠶᠢᠨ ᠭᠡᠷ ᠲᠤ ᠬᠤᠨᠣᠭᠯᠠᠪᠠ᠃ ᠲᠣᠰ ᠰᠦᠨᠢ ᠡᠮᠢᠷ ᠤᠨ ᠴᠤᠭ ᠰᠦᠯᠳᠡ ᠶᠡᠬᠡᠪᠡᠷ ᠬᠤᠪᠢᠷᠠᠵᠣ᠂ ᠲᠡᠷᠡ ᠮᠢᠨᠦ ᠡᠴᠢᠭᠡ ︵ᠲᠠᠷᠣᠢ ᠱᠠᠾ · ᠬᠤᠰᠢᠨ · ᠪᠠᠷᠣᠯᠠᠰ ᠢ︶ ᠶᠢ ᠲᠠᠭᠤᠳᠠᠨ ᠠᠪᠴᠢᠷᠠᠵᠣ ᠬᠡᠯᠡᠭᠰᠡᠨ ᠨᠢ᠄ ︽ᠴᠢ ᠨᠠᠳᠠ ᠳᠤ ᠠᠶᠠᠯᠭ᠎ᠠ ᠵᠣᠬᠢᠴᠠᠭᠤᠯᠣᠭᠰᠠᠨ ᠪᠦᠯᠦᠭ ᠢ ᠣᠩᠰᠢᠵᠣ ᠦᠭᠭᠦᠭᠡᠷᠡᠢ ᠭᠡᠪᠡ᠃ ᠮᠢᠨᠦ ᠡᠴᠢᠭᠡ ᠣᠩᠰᠢᠭᠠᠳ Mislahum Bala⑤ ᠬᠦᠷᠬᠦ ᠦᠶ᠎ᠡ ᠳᠤ ᠡᠮᠢᠷ ᠠᠮᠢᠰᠬᠤᠯ ᠢᠶᠠᠨ ᠬᠤᠷᠢᠶᠠᠪᠠ᠃ ᠡᠨᠡ ᠬᠡᠷᠡᠭ ᠠᠴᠠ ᠪᠢᠳᠡ ᠶᠡᠬᠡᠪᠡᠷ ᠰᠣᠴᠢᠵᠠᠭᠠᠪᠠ᠃ ᠮᠠᠷᠭᠠᠰᠢ  ᠶᠢᠨ ᠡᠷᠳᠡ ᠲᠡᠭᠷᠢ ᠭᠡᠭᠡᠷᠡᠬᠦ ᠦᠶ᠎ᠡ ᠪᠠᠷ ᠮᠠᠳᠢᠨᠠ ᠶᠢᠨ ᠣᠯᠠᠨ ᠸᠠᠩ ᠭᠦᠩ ᠪᠠ ᠠᠷᠠᠳ ᠢᠷᠭᠡᠳ ᠪᠦᠷ ᠡᠨᠡ ᠠᠶᠢᠯ  ᠳᠤ ᠬᠦᠷᠦᠯᠴᠡᠨ ᠢᠷᠡᠵᠦ ᠠᠰᠠᠭᠤᠷᠣᠨ᠄ ︽ᠦᠴᠦᠭᠡᠳᠦᠷ ᠰᠦᠨᠢ ᠲᠠᠨ ᠤ ᠬᠢ ᠪᠠᠷ ᠶᠠᠮᠠᠷ ᠬᠦᠮᠦᠨ ᠨᠠᠰᠣ ᠪᠠᠷᠠᠭᠰᠠᠨ ᠶᠣᠮ ᠦᠦ︖︾ ᠭᠡᠪᠡ᠃ ᠪᠢᠳᠡ ᠣᠴᠢᠷ ᠶᠠᠪᠣᠳᠠᠯ ᠢᠶᠠᠨ ᠲᠣᠲᠣᠷᠬᠠᠶᠢᠯᠠᠭᠰᠠᠨ ᠤ ᠲᠠᠷᠠᠭ᠎ᠠ ᠲᠡᠳᠡ ᠪᠢᠳᠡᠨ ᠳᠤ ᠭᠠᠰᠢᠭᠤᠳᠠᠯ ᠢᠯᠡᠷᠬᠡᠶᠢᠯᠡᠭᠡᠳ ᠬᠡᠯᠡᠭᠰᠡᠨ ᠨᠢ᠄ ︽ᠦᠴᠦᠭᠡᠳᠦᠷ ᠰᠦᠨᠢ ᠪᠢᠳᠡ ᠮᠦᠬᠠᠮᠦᠳ᠋ ᠪᠣᠭᠳᠠ ᠶᠢ ᠵᠡᠭᠦᠳᠦᠯᠡᠵᠦ ᠂ ᠪᠣᠭᠳᠠ ᠮᠠᠨ ᠳᠤ ᠬᠡᠯᠡᠭᠰᠡᠨ ᠨᠢ᠂ ᠡᠨᠡ ᠰᠦᠨᠢ ᠳᠦᠯᠢ ᠪᠠᠷ ᠨᠢᠭᠡ ᠵᠣᠴᠢᠨ ᠮᠢᠨᠦ ᠠᠳᠡ ᠠᠶᠢᠯᠴᠢᠯᠠᠷ᠎ᠠ ᠢᠷᠡᠪᠡ᠃ ᠲᠡᠷᠡ ᠪᠣᠯ ᠠᠯᠣᠰ ᠬᠤᠯᠠ ᠠᠴᠠ ᠣᠷᠳᠣ ᠠᠶᠠᠨ ᠵᠠᠮ ᠢ ᠦᠩᠭᠡᠷᠭᠡᠵᠦ ᠨᠠᠳᠠ ᠶᠢ ᠦᠵᠡᠬᠦ ᠪᠠᠷ ᠢᠷᠡᠭᠡᠳ ᠠᠳᠡ ᠨᠠᠰᠣ ᠪᠠᠷᠠᠪᠠ᠃ ᠲᠠ ᠨᠡᠷ ᠲᠡᠭᠦᠨ ᠢ ᠮᠦᠰᠯᠢᠮᠴᠦᠳ ᠤᠨ ᠲᠡᠷᠢᠭᠦᠯᠡᠭᠴᠢ ᠣᠰᠮᠠᠨ ᠤ ᠣᠩᠭᠤᠨ ᠤ ᠲᠣᠣᠷ᠎ᠠ ᠪᠣᠯᠠᠰᠢᠯᠠᠭᠠᠷᠠᠢ ᠭᠡᠵᠦ ᠬᠡᠯᠡᠭᠡᠳ ᠮᠦᠬᠠᠮᠦᠳ᠋ ᠪᠣᠭᠳᠠ ᠦᠪᠡᠷ ᠤᠨ ᠭᠠᠷ ᠢᠶᠠᠷ ᠨᠢᠭᠡᠨ ᠵᠣᠷᠪᠣᠰ ᠵᠢᠷᠣᠭᠠᠰᠣ ᠵᠢᠷᠣᠪᠠ᠃ ᠪᠢᠳᠡ ᠰᠡᠷᠢᠭᠡᠳ ᠲᠡᠷᠡ ᠭᠠᠵᠠᠷ ᠨᠢ ᠬᠦᠶᠦᠵᠦ ᠣᠴᠢᠭᠠᠳ ᠦᠵᠡᠭᠰᠡᠨ ᠴᠢᠨᠢ ᠲᠡᠨᠳᠡ ᠦᠨᠡᠬᠡᠷ ᠨᠢᠭᠡᠨ ᠵᠣᠷᠪᠣᠰ ᠱᠣᠭᠤᠮ ᠵᠢᠷᠣᠭᠠᠳ ᠪᠠᠶᠢᠨ᠎ᠠ᠂ ᠡᠨᠡ ᠬᠦᠮᠦᠨ ᠦᠨᠡᠬᠡᠷ ᠪᠣᠶᠠᠨ ᠲᠠᠢ ᠬᠦᠮᠦᠨ ᠪᠠᠶᠢᠨ᠎ᠠ᠂ ᠲᠡᠷᠡ ᠶᠠᠭᠠᠬᠢᠭᠠᠳ ᠪᠣᠭᠳᠠ  ᠶᠢᠨ ᠡᠶᠢᠮᠦ ᠶᠡᠭᠡ ᠡᠨᠡᠷᠢᠯ ᠬᠡᠰᠢᠭ ᠢ ᠬᠦᠷᠳᠡᠬᠦ ᠠᠵᠠ ᠵᠠᠪᠰᠢᠶᠠᠨ ᠲᠠᠢ ᠬᠦᠮᠦᠨ ᠪᠣᠢ ᠭᠡᠯᠴᠡᠪᠡ⑥᠃ ᠮᠠᠳᠢᠨᠠ ᠶᠢᠨ ᠢᠵᠠᠭᠤᠷᠳᠠᠳ ᠭᠦᠢᠴᠡᠳ ᠭᠠᠰᠢᠭᠤᠳᠠᠯ ᠤᠨ ᠶᠣᠰᠣᠯᠠᠯ ᠢᠶᠠᠷ ᠡᠮᠢᠷ ᠢ ᠣᠰᠮᠠᠨ ᠤ ᠬᠦᠯ ᠤᠨ ᠦᠵᠡᠬᠦᠷ ᠣᠷᠣᠰᠢᠭᠤᠯᠪᠠ᠃ ᠲᠠᠷᠠᠭ᠎ᠠ ᠡᠳᠦᠷ ᠤᠨ ᠰᠦᠨᠢ ᠪᠠᠷ ᠡᠮᠢᠷ ᠤᠨ ᠬᠠᠳᠣᠨ ᠴᠦ ᠨᠠᠰᠣ ᠪᠠᠷᠠᠪᠠ᠃ ᠲᠡᠭᠡᠭᠡᠳ ᠲᠡᠭᠦᠨ ᠢ ᠡᠷ᠎ᠡ ᠶᠢᠨ ᠬᠢᠨᠢ ᠣᠩᠭᠤᠨ ᠤ ᠬᠠᠵᠠᠭᠤ ᠳᠤ ᠣᠷᠣᠰᠢᠭᠤᠯᠵᠠᠢ︾᠃    ᠰᠣᠯᠲ᠋ᠠᠨ · ᠠᠯᠢ · ᠪᠠᠷᠣᠯᠠᠰ ᠠᠳᠡ ᠬᠦᠷᠳᠡᠯ᠎ᠡ ᠬᠡᠯᠡᠬᠦ ᠦᠶ᠎ᠡ ᠳᠤ ᠮᠢᠨᠦ ᠡᠴᠢᠭᠡ ᠲᠣᠩ ᠪᠠᠶᠠᠷᠯᠠᠪᠠ᠃ ᠵᠠᠷᠢᠮ ᠬᠦᠮᠦᠨ ᠲᠡᠭᠦᠨ ᠠᠴᠠ ᠴᠢ ᠶᠠᠭᠤᠨ ᠳᠤ ᠢᠩᠬᠢᠵᠦ ᠶᠡᠬᠡᠪᠡᠷ ᠪᠠᠶᠠᠷᠯᠠᠬᠤ ᠶᠣᠮ ᠪᠣᠢ ᠭᠡᠵᠦ ᠠᠰᠠᠭᠤᠭᠰᠠᠨ ᠳᠤ ᠮᠢᠨᠦ ᠡᠴᠢᠭᠡ ᠲᠡᠭᠦᠨ ᠳᠤ ᠡᠨᠡᠬᠦ ᠡᠮᠢᠷ ᠬᠤᠳᠠᠶᠢᠳᠠ ᠪᠣᠯ ᠮᠢᠨᠦ ᠡᠪᠦᠭᠡ ᠮᠦᠨ ᠭᠡᠪᠡ᠃ ᠡᠭᠦᠨ ᠢ ᠰᠣᠨᠣᠰᠣᠭᠰᠠᠨ ᠰᠣᠯᠲ᠋ᠠᠨ · ᠠᠯᠢ · ᠪᠠᠷᠣᠯᠠᠰ ᠪᠣᠰᠴᠣ ᠵᠣᠭᠰᠣᠨ ᠮᠢᠨᠦ ᠡᠴᠢᠭᠡ ᠶᠢ ᠲᠡᠪᠡᠷᠢᠨ ᠬᠡᠯᠡᠭᠰᠡᠨ ᠨᠢ᠄ ︽ᠮᠢᠨᠦ ᠴᠢᠮ᠎ᠠ ᠳᠤ ᠬᠡᠯᠡᠭᠰᠡᠨ ᠪᠣᠯ ᠦᠪ ᠦᠨᠡᠨ ᠣᠴᠢᠷ ᠰᠢᠥ ᠳ᠋ᠡ᠃ ᠡᠮᠢᠷ ᠬᠤᠳᠠᠶᠢᠳᠠ ᠶᠢᠨ ᠨᠠᠰᠣ ᠪᠠᠷᠠᠭᠰᠠᠨ ᠬᠡᠷᠡᠭ ᠮᠣᠩᠭᠤᠯᠰᠲ᠋ᠠᠨ ᠳᠤ ᠣᠯᠠᠮᠵᠢᠯᠠᠨ ᠬᠦᠷᠴᠦ ᠴᠢᠳᠠᠭᠠᠳᠣᠢ ᠶᠣᠮ᠃ ᠣᠴᠢᠷ ᠨᠢ ᠪᠢᠳᠡ ᠪᠣᠴᠠᠬᠤ ᠵᠠᠮ ᠲᠠᠭᠠᠨ ᠡᠮᠦᠨ᠎ᠡ ᠬᠤᠶᠢᠨ᠎ᠠ ᠢᠷᠠᠺ ᠬᠤᠷᠣᠽᠠᠨ ᠢᠶᠠᠷ ᠨᠢᠭᠡ ᠬᠤᠭᠤᠴᠠᠭ᠎ᠠ ᠰᠠᠭᠤᠵᠣ᠂ ᠶᠠᠮᠠᠷᠪᠠ ᠬᠦᠮᠦᠨ ᠡᠨᠡᠬᠦ ᠴᠢᠮᠡᠭᠡ ᠶᠢ ᠮᠣᠩᠭᠤᠯᠰᠲ᠋ᠠᠨ ᠳᠤ ᠬᠦᠷᠭᠡᠵᠦ ᠠᠮᠵᠢᠭᠠᠳᠣᠢ ᠪᠠᠶᠢᠪᠠ᠃ ᠠᠯᠯᠠᠾ ᠶᠢᠨ ᠠᠪᠣᠷᠠᠯ ᠢᠶᠠᠷ ᠡᠴᠦᠰ ᠲᠡᠭᠡᠨ ᠡᠨᠡᠬᠦ ᠴᠢᠮᠡᠭᠡ ᠶᠢ ᠲᠠᠨ ᠳᠤ ᠲᠠᠮᠵᠢᠭᠤᠯᠵᠣ᠂ ᠡᠮᠢᠷ ᠬᠤᠳᠠᠶᠢᠳᠠ ᠶᠢᠨ ᠦᠩᠭᠡ ᠭᠡᠷᠡᠯᠳᠦ ᠨᠠᠰᠣ ᠪᠠᠷᠠᠭᠰᠠᠨ ᠬᠡᠷᠡᠭ ᠣᠴᠢᠷ ᠢ ᠲᠠᠨ ᠳᠤ ᠲᠣᠲᠣᠷᠬᠠᠢ ᠬᠡᠯᠡᠵᠦ ᠦᠭᠴᠦ ᠴᠢᠳᠠᠯ᠎ᠠ︾ ᠭᠡᠪᠡ᠃ ᠮᠣᠩᠭᠤᠯ ᠬᠦᠮᠦᠨ ᠤ ᠣᠯᠠᠮᠵᠢᠯᠠᠯ ᠶᠠᠷᠢᠶᠠᠨ ᠳᠤ ᠪᠠᠰᠠ ᠬᠡᠯᠡᠭᠰᠡᠨ ᠢᠶᠠᠷ᠂ ᠡᠮᠢᠷ ᠬᠤᠳᠠᠶᠢᠳᠠ ᠮᠧᠺᠺᠠ ᠬᠦᠷᠴᠦ ᠮᠦᠷᠭᠦᠯ ᠬᠢᠬᠦ ᠪᠠᠷ ᠶᠠᠪᠣᠭᠰᠠᠨ ᠤ ᠲᠠᠷᠠᠭ᠎ᠠ᠂ ᠲᠡᠭᠦᠨ ᠤ ᠲᠣᠰᠢᠶᠠᠯ ᠬᠡᠷᠬᠢᠮ ᠢ ᠪᠦᠷ ᠲᠡᠭᠦᠨ ᠤ ᠠᠬᠠᠮᠠᠳ ᠬᠦᠪᠡᠭᠦᠨ ᠡᠮᠢᠷ · ᠮᠠᠬᠠᠮᠠᠳ᠋ · ᠱᠠᠾ ᠲᠤ ᠣᠯᠠᠷᠢᠭᠤᠯᠣᠨ ᠦᠭᠭᠦᠪᠡ ᠭᠡᠳᠡᠭ ᠶᠣᠮ᠃   ᠲᠣᠰ ᠪᠦᠯᠦᠭ ᠤᠨ ᠲᠠᠶᠢᠯᠪᠣᠷᠢ  ① ᠲᠣᠰ ᠨᠣᠮ ᠤᠨ ᠵᠢᠭᠠᠬᠠᠨ ᠲᠣᠷᠣᠭᠰᠢ ᠬᠡᠰᠡᠭ ᠲᠤ ᠵᠣᠬᠢᠶᠠᠭᠴᠢ ᠠᠴᠠ ᠡᠮᠢᠷ ᠬᠤᠳᠠᠶᠢᠳᠠ ᠮᠧᠺᠺᠠ ᠬᠦᠷᠴᠦ ᠪᠣᠭᠳᠠ ᠳᠤ ᠮᠦᠷᠭᠦᠯ ᠬᠢᠬᠦ ᠪᠠᠷ ᠣᠴᠢᠬᠤ ᠦᠶ᠎ᠡ ᠳᠤ ᠨᠢᠭᠡᠨᠳᠡ ᠶᠢᠷᠡᠨ ᠲᠣᠯᠣᠭᠠᠨ ᠨᠠᠰᠣᠯᠠᠪᠠ᠂ ᠬᠤᠳᠠᠶᠢᠳᠠ ᠡᠮᠢᠷ  ᠤᠨ ᠳᠣᠰᠢᠶᠠᠯ ᠳᠤ ᠨᠡᠶᠢᠳᠡ ᠶᠢᠷᠡᠨ ᠵᠢᠯ ᠪᠣᠯᠪᠠ ᠭᠡᠵᠡᠢ᠃ ᠦᠨᠡᠨᠳᠡᠭᠡᠨ ᠶᠢᠷᠡᠨ ᠲᠣᠯᠣᠭᠠᠨ ᠨᠠᠰᠣᠳᠠᠢ ᠦᠳᠡᠭᠦᠰ ᠬᠦᠮᠦᠨ ᠵᠣᠬᠢᠶᠠᠭᠴᠢ ᠶᠢᠨ ᠬᠡᠯᠡᠭᠰᠡᠨ ᠬᠤᠳᠠᠶᠢᠳᠠ ᠮᠡᠳᠦ ᠪᠠᠷ ᠮᠧᠺᠺᠠ ᠮᠠᠳᠢᠨᠠ ᠬᠦᠷᠴᠦ ᠮᠦᠷᠭᠦᠯ ᠬᠢᠵᠦ ᠲᠡᠶᠢᠯᠦᠨ᠎ᠡ ᠭᠡᠵᠢ ᠦᠦ︖ ᠪᠠᠷᠤᠭ ᠬᠤᠳᠠᠶᠢᠳᠠ ᠶᠢᠨ ᠨᠣᠶᠠᠷᠬᠠᠯ ᠶᠢᠷᠡᠨ ᠵᠢᠯ ᠬᠦᠷᠦᠭᠰᠡᠨ ᠦᠭᠡᠢ ᠪᠠᠶᠢᠵᠣ ᠶᠠᠭᠤ ᠮᠠᠭᠠᠳ᠃ ᠮᠢᠷᠽᠠ · ᠬᠠᠶᠢᠳᠠᠷ ᠤᠨ ᠡᠨᠡᠬᠦ ᠲᠡᠣᠬᠡᠨ ᠨᠣᠮ ᠲᠣᠲᠣᠷ᠎ᠠ ᠣᠨ ᠵᠢᠯ ᠤᠨ ᠲᠠᠯ᠎ᠠ ᠪᠠᠷ ᠬᠢ ᠵᠦᠢᠯᠡᠰ ᠢ ᠪᠢᠴᠢᠭᠰᠡᠨ ᠨᠢ ᠮᠠᠰᠢ ᠢᠳᠡᠭᠡᠮᠵᠢ ᠮᠠᠭᠤᠳᠠᠢ ᠪᠠᠶᠢᠳᠠᠭ᠃ ᠲᠡᠷᠡ ᠣᠯᠠᠩᠬᠢ ᠪᠠᠶᠢᠳᠠᠯ ᠳᠤ ᠪᠦᠷ ᠪᠠᠷᠣᠭᠴᠠᠯᠠᠭᠰᠠᠨ ᠲᠤᠭ᠎ᠠ ᠪᠠᠷ ᠦᠨᠳᠦᠰᠦᠯᠡᠯ ᠪᠣᠯᠭᠠᠨ ᠬᠡᠷᠡᠭᠯᠡᠳᠡᠭ ᠶᠣᠮ᠃ ᠵᠠᠷᠢᠮ ᠳᠠᠭᠠᠨ ᠵᠦᠪᠬᠡᠨ ᠮᠠᠲ᠋ᠧᠷᠢᠶᠠᠯ ᠬᠠᠩᠭᠠᠭᠰᠠᠨ ᠬᠦᠮᠦᠨ ᠤ ᠦᠭᠡ  ᠶᠢ ᠵᠢᠭᠠᠬᠠᠨ ᠵᠠᠰᠠᠭᠠᠳ ᠬᠡᠷᠡᠭᠯᠡᠴᠢᠭᠡᠳᠡᠭ ᠪᠠᠶᠢᠨ᠎ᠠ᠃ ᠲᠡᠷᠡ ᠨᠡᠷ᠎ᠡ ᠠᠯᠳᠠᠷ ᠶᠡᠬᠡᠳᠡᠢ ᠦᠯᠦᠭᠪᠡᠢ ᠮᠡᠳᠦ ᠬᠦᠮᠦᠨ ᠤ ᠬᠡᠷᠡᠭ ᠶᠠᠪᠣᠳᠠᠯ ᠢ ᠬᠦᠷᠳᠡᠯ᠎ᠡ ᠬᠡᠳᠦᠨ ᠵᠢᠯ ᠢᠶᠠᠷ ᠠᠨᠳᠣᠭᠤᠷᠠᠴᠢᠬᠠᠳᠠᠭ ᠶᠣᠮ ᠴᠢᠨᠢ᠂ ᠦᠯᠦᠭᠪᠡᠢ ᠲᠠᠢ ᠨᠢᠭᠡᠨ ᠴᠠᠭ ᠦᠶ᠎ᠡ ᠶᠢᠨ ᠪᠣᠰᠣᠳ ᠬᠦᠮᠦᠨ ᠳᠤ ᠨᠢᠭᠡᠴᠦ ᠠᠳᠡᠬᠦᠷᠡᠯ ᠪᠠᠶᠢᠬᠤ ᠦᠭᠡᠢ ᠭᠡᠵᠦ ᠬᠡᠯᠡᠵᠦ ᠴᠢᠳᠠᠬᠤ ᠦᠭᠡᠢ᠃ ᠭᠡᠪᠡᠴᠦ ᠮᠠᠨ ᠤ ᠮᠡᠳᠡᠵᠦ ᠪᠠᠶᠢᠭ᠎ᠠ ᠪᠠᠷ ᠮᠢᠷᠽᠠ · ᠬᠠᠶᠢᠳᠠᠷ ᠤᠨ ᠡᠨᠡᠬᠦ ᠨᠣᠮ ᠪᠣᠯ ᠮᠣᠩᠭᠤᠯᠴᠣᠳ ᠤᠨ ᠡᠨᠡᠬᠦ ᠰᠠᠯᠠᠭᠠᠨ ᠤ ᠲᠡᠣᠬᠡ ᠶᠢᠨ ᠲᠣᠬᠠᠢ ᠴᠣᠷᠢ ᠶᠢᠨ ᠭᠠᠭᠴᠠ ᠨᠣᠮ ᠪᠣᠯᠣᠨ᠎ᠠ᠃ ᠪᠦᠬᠦᠶᠢᠯᠡ ᠳᠤᠨᠢ ᠦᠵᠡᠪᠡᠯ ᠦᠭᠡᠷ᠎ᠡ ᠶᠠᠮᠠᠷᠴᠣ ᠣᠨ ᠲᠠᠷᠠᠭᠠᠯᠠᠭᠰᠠᠨ ᠲᠡᠣᠬᠡᠨ ᠨᠣᠮ ᠣᠯᠵᠣ᠂ ᠪᠣᠳᠠᠳᠠᠢ ᠴᠠᠭ ᠦᠶ᠎ᠡ ᠶᠢ ᠨᠢ ᠬᠠᠷᠭᠤᠯᠣᠨ ᠲᠣᠲᠣᠯᠠᠬᠤ ᠠᠷᠭ᠎ᠠ ᠦᠭᠡᠢ ᠪᠣᠯᠵᠠᠢ᠃  ② ᠡᠨᠡᠬᠦ ᠬᠤᠳᠠ ᠶᠢᠨ ᠨᠡᠷ᠎ᠡ ᠶᠢ ᠵᠠᠷᠢᠮ ᠭᠠᠷ ᠪᠢᠴᠢᠮᠡᠯ ᠳᠤ Jn ᠭᠡᠵᠦ ᠪᠢᠴᠢᠵᠦ ᠪᠠᠶᠢᠨ᠎ᠠ᠃ ᠭᠡᠪᠡᠴᠦ ᠬᠡᠷᠪᠡ ᠲᠡᠭᠦᠨ ᠤ ᠨᠢᠭᠡᠳᠦᠭᠡᠷ ᠠᠷᠠᠪ ᠴᠠᠭᠠᠨ ᠲᠣᠯᠣᠭᠠᠢ ᠶᠢᠨ ᠲᠣᠣᠷ᠎ᠠ ᠭᠠᠭᠴᠠ ᠲᠣᠰᠣᠯ ᠪᠢᠰᠢ᠂ ᠬᠠᠷᠢᠨ ᠭᠤᠷᠪᠠᠨ ᠲᠣᠰᠣᠯ ᠲᠠᠢ ᠪᠠᠶᠢᠭᠰᠠᠨ ᠪᠣᠯ ᠮᠣᠩᠭᠤᠯᠰᠲ᠋ᠠᠨ ᠢᠶᠠᠷ ᠣᠷᠣᠰᠴᠣ ᠪᠠᠶᠢᠭ᠎ᠠ ᠴᠣᠢ ᠮᠦᠷᠡᠨ ᠤ ᠴᠣᠢ ᠲᠠᠢ ᠨᠢᠭᠡᠨ ᠠᠳᠠᠯᠢ ᠪᠣᠯᠣᠨ᠎ᠠ᠃ ᠪᠠᠷᠤᠭ ᠲᠣᠬᠠᠢ ᠶᠢᠨ ᠦᠶ᠎ᠡ ᠳᠤ ᠴᠣᠢ ᠮᠦᠷᠡᠨ ᠤ ᠡᠷᠭᠢ ᠲᠠᠭᠠᠭᠠᠳ ᠨᠢᠭᠡ ᠡᠶᠢᠮᠦ ᠨᠡᠷ᠎ᠡ ᠲᠠᠢ ᠬᠤᠳᠠ ᠪᠠᠯᠭᠠᠰᠣ ᠪᠣᠶᠣ ᠠᠬᠤᠯ ᠪᠠᠶᠢᠭᠰᠠᠨ ᠴᠦ ᠶᠠᠭᠤ ᠮᠠᠭᠠᠳ᠂ ᠮᠠᠨ ᠤ ᠮᠡᠳᠡᠳᠡᠭ ᠠᠯᠢᠪᠠ ᠰᠢᠯᠳᠠᠭᠠᠨ ᠳᠤ ᠲᠣᠬᠠᠢ ᠶᠢᠨ ᠦᠶ᠎ᠡ ᠶᠢᠨ ᠴᠣᠢ ᠮᠦᠷᠡᠨ ᠢ ᠲᠠᠭᠠᠭᠠᠳ᠂ ᠣᠯᠠᠨ ᠡᠷᠳᠡᠨ ᠤ ᠠᠬᠤᠯ ᠪᠣᠶᠣ ᠪᠠᠯᠭᠠᠰᠣ ᠪᠠᠶᠢᠭᠰᠠᠨ ᠪᠠᠭᠤᠷᠢ ᠶᠢ ᠢᠯᠡᠷᠡᠭᠦᠯᠦᠨ ᠣᠯᠵᠠᠢ᠃ ᠬᠡᠳᠦᠶᠢᠪᠡᠷ ᠡᠳᠡᠭᠡᠷ ᠠᠬᠤᠯ ᠪᠣᠶᠣ ᠪᠠᠯᠭᠠᠰᠣᠨ ᠪᠠᠭᠤᠷᠢ ᠠᠴᠠ ᠪᠢᠳᠡ ᠲᠡᠭᠦᠨ ᠢ ᠣᠳᠣ ᠦᠶ᠎ᠡ ᠶᠢᠨ ᠣᠬᠠᠭᠳᠠᠬᠤᠨ ᠤ ᠬᠤᠳᠠ ᠭᠡᠵᠦ ᠨᠡᠷᠡᠯᠡᠵᠦ ᠴᠢᠳᠠᠬᠤ ᠦᠭᠡᠢ ᠴᠦ᠂ ᠡᠶᠢᠮᠦ ᠪᠠᠭᠤᠷᠢ ᠪᠠᠶᠢᠭᠰᠠᠨ ᠨᠢ ᠬᠠᠷᠢᠨ ᠦᠨᠡᠨᠳᠡᠢ ᠶᠣᠮ᠃  ③ ᠠᠳᠡ ᠠᠴᠠ ᠦᠵᠡᠪᠡᠯ ᠲᠣᠷᠠ ᠭᠡᠳᠡᠭ ᠦᠭᠡ ᠨᠢ ᠴᠢᠩᠬᠢᠰ ᠬᠠᠭᠠᠨ ᠤ ᠶᠡᠭᠡ ᠵᠠᠰᠠᠭ ᠢ ᠵᠢᠭᠠᠵᠣ ᠪᠠᠶᠢᠨ᠎ᠠ ᠭᠡᠳᠡᠭ  ᠢ ᠮᠡᠳᠡᠵᠦ ᠪᠣᠯᠣᠨ᠎ᠠ᠃ ④ ᠮᠣᠩᠭᠤᠯᠴᠢᠯᠠᠭᠴᠢ ᠠᠴᠠ ᠠᠳᠡ ᠮᠧᠺᠺᠠ ᠮᠠᠳᠢᠨᠠ ᠵᠡᠷᠭᠡ ᠶᠢ ᠲᠦᠭᠦᠮ ᠲᠠᠶᠢᠯᠪᠣᠷᠢᠯᠠᠶ᠎ᠠ᠃ ᠠᠳᠡ ᠬᠡᠯᠡᠵᠦ ᠪᠠᠶᠢᠭ᠎ᠠ ᠮᠧᠺᠺᠠ ᠪᠣᠯ ᠢᠰᠯᠠᠮ ᠱᠠᠰᠢᠨᠳᠠᠨ ᠤ ᠭᠤᠷᠪᠠᠨ ᠶᠡᠭᠡ ᠠᠷᠢᠭᠤᠨ ᠲᠠᠷᠬᠠᠨ ᠣᠷᠣᠨ ᠤ ᠨᠢᠭᠡᠳᠦᠭᠡᠷ ᠨᠢ ᠮᠧᠺᠺᠠ ᠪᠣᠯᠣᠨ᠎ᠠ᠃ ᠮᠧᠺᠺᠠ ᠶᠢᠨ ᠪᠦᠳᠦᠨ ᠨᠡᠷ᠎ᠡ ᠨᠢ ᠮᠧᠺᠺᠠ ᠮᠦᠺᠠᠷᠠᠮᠠ ︵Makka Mukarrama︶ ᠭᠡᠵᠦ᠂ ᠰᠠᠦ᠋ᠳᠢ ᠠᠷᠠᠪ ᠣᠯᠣᠰ ᠤᠨ ᠪᠠᠷᠠᠭᠤᠨ ᠬᠡᠰᠡᠭ ᠤᠨ ᠰᠠᠶᠢᠷᠠᠲ ᠠᠭᠤᠯᠠ ᠨᠢᠷᠣᠭᠤᠨ ᠤ ᠲᠣᠲᠣᠷᠠᠬᠢ ᠨᠢᠭᠡᠨ ᠢᠪᠴᠠᠥ ᠴᠢᠬᠤᠯᠠ ᠵᠠᠪᠡᠢ ᠶᠢᠨ ᠲᠣᠲᠣᠷ᠎ᠠ ᠪᠠᠶᠢᠨ᠎ᠠ᠃ ᠮᠧᠺᠺᠠ ᠪᠣᠯ ᠢᠰᠯᠠᠮ ᠱᠠᠰᠢᠨ ᠢ ᠡᠭᠦᠳᠦᠨ ᠪᠠᠶᠢᠭᠤᠯᠣᠭᠴᠢ ᠪᠣᠭᠳᠠ ᠮᠦᠬᠠᠮᠦᠳ᠋ ᠶᠢᠨ ᠮᠡᠨᠳᠦᠯᠦᠭᠰᠡᠨ ᠭᠠᠵᠠᠷ ᠪᠣᠯᠬᠤᠷ ᠲᠡᠯᠡᠬᠡᠢ ᠲᠠᠬᠢᠨ ᠳᠤ ᠨᠡᠷ᠎ᠡ ᠠᠯᠳᠠᠷᠰᠢᠵᠠᠢ᠃ ᠮᠧᠺᠺᠠ ᠮᠦᠺᠠᠷᠠᠮᠠ ᠭᠡᠳᠡᠭ ᠨᠢ ᠦᠩᠭᠡ ᠭᠡᠷᠡᠯᠳᠦ ᠮᠧᠺᠺᠠ ᠭᠡᠳᠡᠭ ᠣᠳᠬ᠎ᠠ ᠲᠠᠢ ᠦᠭᠡ ᠪᠣᠯᠬᠤ ᠠᠵᠠᠢ᠃ ᠠᠳᠡ ᠪᠠᠰᠠ ᠠᠯ — ᠺᠠᠪᠠᠾ ︵al-Kaʿbah︶ ᠪᠠᠶᠢᠳᠠᠭ᠃ ᠲᠠᠷᠣᠢ ᠣᠯᠠᠮᠵᠢᠯᠠᠯ ᠶᠠᠷᠢᠶᠠᠨ ᠳᠤ ᠨᠡᠶᠢᠳᠡ ᠶᠢᠨ ᠣᠨ ᠲᠣᠭᠠᠯᠠᠯ ᠠᠴᠠ ᠡᠮᠦᠨ᠎ᠡ ᠠᠷᠪᠠᠨ ᠨᠠᠢᠮᠠᠳᠣᠭᠠᠷ ᠵᠠᠭᠤᠨ ᠢᠶᠠᠷ ᠪᠠᠶᠢᠭᠤᠯᠣᠭᠳᠠᠭᠰᠠᠨ ᠱᠠᠰᠢᠨ ᠤ ᠪᠠᠷᠢᠯᠭ᠎ᠠ — ᠲᠦᠷᠪᠡᠯᠵᠢᠨ ᠦᠷᠦᠭᠡ — ᠲᠡᠭᠷᠢ ᠶᠢᠨ ᠣᠷᠳᠣᠨ ᠬᠡᠮᠡᠭᠴᠢ ᠨᠢᠭᠡ ᠵᠢᠵᠢᠭ ᠴᠢᠯᠠᠭᠤᠨ ᠦᠷᠦᠭᠡ ᠪᠠᠶᠢᠳᠠᠭ ᠢᠶᠠᠷ ᠨᠡᠷ᠎ᠡ ᠠᠯᠳᠠᠷᠰᠢᠵᠠᠢ᠃ ᠮᠧᠺᠺᠠ ᠳᠤ ᠺᠠᠹᠢᠷ ︵ᠮᠦᠰᠯᠢᠮ ᠪᠣᠰᠣ ᠬᠦᠮᠦᠰ︶ ᠨᠡᠷ ᠢ ᠣᠷᠣᠭᠤᠯᠳᠠᠭ ᠦᠭᠡᠢ ᠱᠠᠰᠢᠨ ᠤ ᠵᠣᠷᠰᠢᠯ ᠲᠠᠢ᠃ ᠢᠰᠯᠠᠮ ᠱᠠᠰᠢᠨ ᠤ ᠬᠤᠶᠠᠳᠣᠭᠠᠷ ᠠᠷᠢᠭᠤᠨ ᠲᠠᠷᠬᠠᠨ ᠣᠷᠣᠨ ᠭᠡᠪᠡᠯ ᠮᠠᠳᠢᠨᠠ ︵Madina︶ ᠪᠣᠯᠣᠨ᠎ᠠ᠃ ᠮᠠᠳᠢᠨᠠ ᠮᠦᠨ ᠲᠡᠭᠡᠷ᠎ᠡ ᠬᠡᠯᠡᠭᠰᠡᠨ ᠮᠧᠺᠺᠠ ᠲᠠᠢ ᠨᠢᠭᠡᠨ ᠠᠭᠤᠯᠠᠨ ᠣᠷᠣᠨ ᠤ ᠲᠣᠲᠣᠷᠠᠬᠢ ᠨᠢᠭᠡᠨ ᠲᠡᠭᠰᠢ ᠰᠢᠭ ᠭᠠᠵᠠᠷ ᠲᠤ ᠪᠠᠶᠢᠳᠠᠭ᠃ ᠮᠠᠳᠢᠨᠠ ᠭᠡᠳᠡᠭ ᠨᠢ ᠣᠷᠢᠳᠠᠰᠠ ᠮᠡᠳᠡᠭᠴᠢ ︵ᠠᠶᠢᠯᠣᠳᠣᠭᠴᠢ︶ ᠭᠡᠳᠡᠭ ᠣᠳᠬ᠎ᠠ ᠲᠠᠢ ᠦᠭᠡ ᠠᠵᠠᠢ᠃ ᠪᠣᠭᠳᠠ ᠮᠦᠬᠠᠮᠣᠳ᠋ ᠤᠨ ᠣᠩᠭᠤᠨ ᠪᠠᠶᠢᠭ᠎ᠠ ᠪᠣᠯᠬᠤᠷ ᠢᠵᠢᠯ ᠱᠠᠰᠢᠨᠳᠠᠨ ᠳᠠᠭᠠᠨ ᠲᠦᠢᠯ ᠤᠨ ᠶᠡᠭᠡ ᠠᠯᠳᠠᠷ ᠬᠦᠨᠳᠦ  ᠲᠠᠢ ᠭᠠᠵᠠᠷ ᠪᠣᠯᠣᠨ᠎ᠠ᠃ ᠭᠤᠷᠪᠠᠳᠣᠭᠠᠷ ᠠᠷᠢᠭᠤᠨ ᠲᠠᠷᠬᠠᠨ ᠣᠷᠣᠨ ᠭᠡᠪᠡᠯ ᠣᠯᠠᠨ ᠤ ᠮᠡᠳᠡᠳᠡᠭ ᠪᠠᠯᠧᠰᠲ᠋ᠠᠨ ᠪᠠ ᠢᠰᠷᠸᠢᠯ ᠤᠨ ᠪᠣᠯᠢᠶᠠᠯᠳᠣᠵᠣ ᠪᠠᠶᠢᠭ᠎ᠠ ᠶᠧᠷᠦᠰᠠᠯᠧᠮ ᠪᠣᠯᠣᠨ᠎ᠠ᠃ ᠢᠰᠯᠠᠮ ᠱᠠᠰᠢᠨ ᠤ ᠶᠣᠰᠣᠨ ᠳᠤ ᠡᠳᠡᠭᠡᠷ ᠠᠷᠢᠭᠤᠨ ᠲᠠᠷᠬᠠᠨ ᠭᠠᠵᠠᠷ ᠢᠶᠠᠷ ᠮᠦᠰᠯᠢᠮ ᠪᠣᠰᠣ ᠬᠦᠮᠦᠰ ᠢ ᠣᠷᠣᠭᠤᠯᠳᠠᠭ ᠦᠭᠡᠢ ᠬᠠᠳᠠᠭᠤ ᠴᠢᠩᠭ᠎ᠠ ᠵᠣᠷᠰᠢᠯ ᠲᠠᠢ ᠶᠣᠮ᠃ ⑤ ᠡᠨᠡ ᠪᠦᠯᠦᠭ ᠣᠩᠰᠢᠯᠭ᠎ᠠ ᠪᠣᠯ ᠺᠣᠷᠠᠨ ᠰᠣᠳᠣᠷ ᠤᠨ ᠭᠤᠴᠢᠨ ᠵᠢᠷᠭᠤᠳᠣᠭᠠᠷ ᠪᠦᠯᠦᠭ ᠤᠨ ᠨᠠᠶᠠᠨ ᠨᠢᠭᠡᠳᠦᠭᠡᠷ ᠬᠡᠰᠡᠭ ᠤᠨ ᠲᠠᠭᠠᠳᠬᠠᠯ ᠦᠭᠡ ᠪᠣᠯᠣᠨ᠎ᠠ᠃ Mislahum Bala ᠭᠡᠳᠡᠭ ᠨᠢ ᠲᠡᠭᠦᠨ ᠤ ᠡᠴᠦᠰ ᠤᠨ ᠨᠢᠭᠡ ᠪᠠᠳᠠᠭ ᠦᠭᠡ ᠮᠦᠨ᠃ ᠲᠠᠷᠣᠢ ᠡᠮᠢᠷ ᠬᠤᠳᠠᠶᠢᠳᠠ ᠡᠨᠡᠬᠦ ᠪᠠᠳᠠᠭ ᠲᠠᠭᠠᠳᠬᠠᠯ ᠦᠭᠡ ᠶᠢ ᠰᠣᠨᠣᠰᠴᠣ ᠲᠠᠭᠤᠰᠣᠮᠠᠭᠴᠠ ᠠᠮᠢᠰᠬᠤᠯ ᠬᠤᠷᠢᠶᠠᠪᠠ ᠭᠡᠳᠡᠭ ᠣᠳᠬ᠎ᠠ ᠲᠠᠢ ᠦᠭᠡ ᠪᠣᠯᠣᠨ᠎ᠠ᠃  ⑥ ᠬᠢᠳᠠᠳ ᠬᠠᠷᠭᠤᠯᠣᠭᠴᠢ ᠶᠢᠨ ᠲᠠᠶᠢᠯᠪᠣᠷᠢ ᠳᠤ ᠪᠠᠷᠲ᠋ᠣᠯᠢᠲ ᠶᠢᠨ ︽ᠦᠯᠦᠭᠪᠡᠢ ᠵᠢᠴᠢ ᠲᠡᠭᠦᠨ ᠤ ᠴᠠᠭ ᠦᠶ᠎ᠡ︾ ᠭᠡᠳᠡᠭ ᠨᠣᠮ ᠳᠤ ᠬᠡᠯᠡᠭᠰᠡᠨ ᠦᠭᠡ ᠠᠴᠠ ᠡᠰᠢᠯᠡᠨ ᠶᠠᠷᠢᠭᠰᠠᠨ ᠨᠢ᠂ ᠠᠷᠪᠠᠨ ᠲᠠᠪᠣᠳᠣᠭᠠᠷ ᠵᠠᠭᠤᠨ ᠤ ᠡᠮᠦᠨ᠎ᠡ ᠬᠠᠭᠠᠰ ᠬᠤᠭᠤᠴᠠᠭᠠᠨ ᠳᠤ ᠮᠣᠩᠭᠤᠯᠴᠣᠳ ᠪᠣᠯᠣᠨ ᠦᠽᠪᠧᠭ ᠬᠦᠮᠦᠰ ᠦᠷᠬᠦᠯᠵᠢ ᠦᠯᠦᠭᠪᠡᠢ ᠶᠢᠨ ᠣᠯᠣᠰ ᠲᠤ ᠬᠠᠯᠳᠠᠨ ᠣᠷᠣᠵᠣ᠂ ᠦᠯᠦᠭᠪᠡᠢ ᠬᠡᠳᠦᠶᠢᠪᠡᠷ ᠣᠯᠠᠨ ᠣᠳᠠᠭ᠎ᠠ ᠮᠣᠩᠭᠤᠯᠰᠲ᠋ᠠᠨ ᠢ ᠲᠠᠶᠢᠯᠠᠨ ᠲᠣᠪᠳᠣᠯᠣᠭᠰᠠᠨ ᠪᠣᠯᠪᠠᠴᠣ ᠶᠠᠮᠠᠷᠴᠣ ᠠᠮᠵᠢᠯᠳᠠ ᠳᠤ ᠬᠦᠷᠴᠦ ᠴᠢᠳᠠᠭᠰᠠᠨ ᠦᠭᠡᠢ ᠪᠠᠶᠢᠵᠠᠢ᠃ ᠭᠡᠪᠡᠴᠦ ᠡᠨᠡ ᠦᠶ᠎ᠡ ᠪᠠᠷ ᠡᠮᠢᠷ ᠬᠤᠳᠠᠶᠢᠳᠠ ᠮᠣᠩᠭᠤᠯᠴᠣᠳ ᠠᠴᠠ ᠪᠠᠨ ᠣᠷᠪᠠᠵᠣ᠂ ᠦᠯᠦᠭᠪᠡᠢ ᠳᠤ ᠳᠦᠰᠢᠷ᠎ᠡ ᠢᠷᠡᠭᠰᠡᠨ ᠤ ᠰᠡᠬᠦᠯᠡᠷ ᠲᠠᠬᠢᠨ ᠠᠳᠡ ᠠᠴᠠ ᠮᠧᠺᠺᠠ ᠳᠤ ᠮᠦᠷᠭᠦᠯ ᠬᠢᠬᠦ ᠪᠠᠷ ᠶᠠᠪᠣᠵᠣ ᠮᠠᠳᠢᠨᠠ ᠬᠦᠷᠴᠦ ᠨᠠᠰᠣ ᠪᠠᠷᠠᠵᠠᠢ᠃ ᠪᠠᠷᠲ᠋ᠣᠯᠢᠲ ᠶᠢᠨ ᠦᠵᠡᠬᠦ ᠪᠠᠷ ᠲᠣᠰ ᠨᠣᠮ ᠤᠨ ᠡᠨᠡ ᠪᠦᠯᠦᠭ ᠲᠤ ᠮᠢᠷᠽᠠ · ᠬᠠᠶᠢᠳᠠᠷ ᠤᠨ ᠦᠬᠦᠯᠡᠭᠰᠡᠨ ᠠᠭᠤᠯᠭ᠎ᠠ ᠪᠣᠯ ᠲᠡᠭᠦᠨ ᠤ ᠲᠡᠭᠡᠳᠦᠰ ᠤᠨ ᠮᠣᠩᠭᠤᠯᠰᠲ᠋ᠠᠨ ᠠᠴᠠ ᠣᠷᠪᠠᠭᠰᠠᠨ ᠣᠴᠢᠷ ᠤᠨ ᠲᠦᠯᠦᠭᠡ ᠬᠢᠭᠰᠡᠨ ᠦᠮᠦᠭᠯᠡᠯ ᠪᠣᠯᠬᠤᠷ᠂ ᠵᠦᠪᠬᠡᠨ ᠡᠨᠡᠬᠦ ᠵᠠᠮ ᠢᠶᠠᠷ ᠶᠠᠪᠣᠪᠠᠯ ᠰᠠᠶ᠋ᠢ ᠮᠧᠺᠺᠠ ᠬᠦᠷᠴᠦ ᠮᠦᠷᠭᠦᠯ ᠬᠢᠬᠦ ᠬᠦᠰᠡᠯ ᠢᠶᠠᠨ ᠪᠡᠶᠡᠯᠡᠬᠦᠯᠵᠦ ᠴᠢᠳᠠᠨ᠎ᠠ᠃ ᠣᠴᠢᠷ  ᠨᠢ ᠸᠠᠶᠢᠰ ᠬᠠᠭᠠᠨ ᠲᠡᠭᠦᠨ ᠤ ᠮᠧᠺᠺᠠ ᠬᠦᠷᠴᠦ ᠮᠦᠷᠭᠦᠯ ᠬᠢᠬᠦ ᠪᠠᠷ ᠶᠠᠪᠣᠬᠤ ᠶᠢ ᠲᠠᠭ ᠵᠦᠪᠰᠢᠶᠡᠷᠡᠬᠦ ᠦᠭᠡᠢ ᠪᠣᠯᠬᠤᠷ᠂ ᠵᠦᠪᠬᠡᠨ ᠡᠨᠡᠬᠦ ᠵᠠᠮ ᠢ ᠰᠣᠩᠭᠤᠵᠠᠢ ᠭᠡᠵᠦ ᠦᠮᠦᠭᠯᠡᠭᠰᠡᠨ ᠬᠡᠷᠡᠭ ᠪᠣᠯᠣᠨ᠎ᠠ ᠭᠡᠵᠦ ᠬᠡᠯᠡᠵᠡᠢ᠃  ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号