ᠸᠠᠶᠢᠰ ᠬᠠᠭᠠᠨ ᠳᠤ ᠵᠣᠪᠠᠯᠠᠩ ᠲᠣᠬᠢᠶᠠᠭᠰᠠᠨ ᠨᠢ
ᠨᠡᠶᠢᠲᠡᠯᠡᠭᠰᠡᠨ ᠴᠠᠭ᠄
2020/3/24
ᠭᠤᠴᠢᠨ ᠲᠦᠷᠪᠡᠳᠦᠭᠡᠷ ᠪᠦᠯᠦᠭ       ᠡᠮᠢᠷ ᠬᠤᠳᠠᠶᠢᠳᠠ ᠮᠧᠺᠺᠠ ᠳᠤ ᠮᠦᠷᠬᠦᠯ ᠬᠢᠬᠦ ᠪᠠᠷ ᠶᠠᠪᠣᠭᠰᠠᠨ ᠲᠣᠯᠠ ᠳᠣᠰᠢᠶᠠᠯ ᠪᠠ ᠬᠡᠷᠬᠢᠮ ᠵᠡᠷᠭᠡ ᠶᠢ ᠨᠢ ᠲᠡᠭᠦᠨ ᠤ ᠠᠬᠠᠮᠠᠳ ᠬᠦᠪᠡᠭᠦᠨ ᠡᠮᠢᠷ · ᠮᠠᠬᠠᠮᠠᠳ᠋ · ᠱᠠᠾ ᠵᠠᠯᠭᠠᠮᠵᠢᠯᠠᠭᠠᠳ ᠣᠳᠠᠭᠠᠳᠣᠢ ᠪᠠᠷ ᠸᠠᠶᠢᠰ ᠬᠠᠭᠠᠨ ᠨᠠᠰᠣ ᠪᠠᠷᠠᠴᠢᠬᠠᠪᠠ᠃ ᠲᠡᠭᠦᠨ ᠤ ᠨᠠᠰᠣ ᠪᠠᠷᠠᠭᠰᠠᠨ ᠦᠩᠭᠡᠷᠡᠯᠳᠡ ᠨᠢ ᠲᠣᠣᠷᠠᠬᠢ ᠮᠡᠳᠦ᠄ ᠡᠮᠢᠷ ᠲᠡᠮᠦᠷ ᠤᠨ ᠬᠠᠭᠠᠨ ᠰᠠᠭᠤᠷᠢᠨ ᠳᠤ ᠭᠠᠷᠭᠠᠭᠰᠠᠨ ᠣᠯᠠᠨ ᠮᠠᠨᠣᠣᠯ ᠬᠠᠭᠠᠳ① ᠤᠨ ᠲᠣᠲᠣᠷ᠎ᠠ ᠨᠢᠭᠡ ᠱᠠᠲ᠋ᠣᠺ ᠭᠡᠳᠡᠭ ᠨᠡᠷ᠎ᠡ ᠲᠠᠢ ᠬᠠᠭᠠᠨ ᠪᠠᠶᠢᠪᠠ᠃ ᠲᠡᠭᠦᠨ ᠢ ᠨᠢᠭᠡ ᠮᠠᠰᠢ ᠦᠨᠳᠦᠷ ᠰᠦᠷᠯᠢᠭ ᠬᠤᠳᠠ ᠴᠠᠶᠢᠵᠠ ᠳᠤ ᠲᠣᠬᠢᠷᠠᠭᠤᠯᠣᠨ ᠰᠠᠭᠤᠯᠭᠠᠵᠠᠢ᠃ ᠡᠨᠡ ᠬᠤᠳᠠ ᠴᠠᠶᠢᠵᠠ ᠨᠢ ᠰᠠᠮᠠᠷᠺᠠᠨᠳ᠋ ᠲᠤ ᠪᠠᠶᠢᠭ᠎ᠠ ᠶᠣᠮ᠃ ᠲᠡᠭᠦᠨ ᠢ ᠶᠡᠷᠦ ᠨᠢ ᠬᠠᠭᠠᠨ ᠬᠤᠳᠠ ︵Hiyat-i-khan ︶ ②ᠭᠡᠳᠡᠭ ᠶᠣᠮ᠃ ᠲᠡᠭᠦᠨ ᠤ ᠲᠠᠯᠠᠪᠠᠢ ᠨᠢ ᠮᠠᠰᠢ ᠶᠡᠭᠡ᠂ ᠲᠣᠲᠣᠷᠠᠬᠢ ᠡᠯ᠎ᠡ ᠬᠡᠰᠡᠭ ᠲᠤ ᠨᠢ ᠪᠦᠷ ᠦᠪᠡᠷ ᠦᠪᠡᠷ ᠤᠨ ᠬᠢᠨᠢ ᠨᠡᠷᠡᠶᠢᠳᠦᠯ ᠲᠠᠢ ᠪᠠᠶᠢᠪᠠ᠃ ᠲᠡᠭᠦᠨ ᠤ ᠨᠢᠭᠡ ᠬᠡᠰᠡᠭ ᠢ ᠬᠠᠭᠠᠨ ᠤ ᠬᠦᠷᠢᠶᠡᠯᠡᠩ ᠭᠡᠵᠦ ᠰᠠᠮᠠᠷᠺᠠᠨᠳ᠋  ᠲᠤ ᠬᠠᠮᠤᠭ ᠰᠠᠶᠢᠬᠠᠨ ᠦᠵᠡᠮᠵᠢ ᠲᠠᠢ ᠭᠠᠵᠠᠷ ᠪᠣᠯᠬᠤ ᠶᠣᠮ᠃ ᠡᠮᠢᠷ ᠲᠡᠮᠦᠷ ᠤᠨ ᠴᠠᠭ ᠦᠶ᠎ᠡ ᠳᠤ ᠬᠠᠭᠠᠨ ᠰᠠᠭᠤᠷᠢᠨ ᠳᠤ ᠪᠠᠶᠢᠭᠰᠠᠨ ᠶᠢᠰᠦᠷᠬᠠᠳ᠋ᠮᠢᠱ ᠬᠠᠭᠠᠨ③ ᠲᠠᠷᠣᠢ ᠠᠳᠡ ᠰᠠᠭᠤᠵᠣ ᠪᠠᠶᠢᠵᠠᠢ᠃ ᠭᠡᠪᠡᠴᠦ ᠶᠢᠰᠦᠷᠬᠠᠳ᠋ᠮᠢᠱ ᠬᠠᠭᠠᠨ ᠠᠳᠡ ᠠᠴᠠ ᠰᠠᠯᠵᠣ ᠢᠷᠠᠺ ᠲᠤ ᠲᠣᠳᠠᠭᠠᠨ ᠶᠠᠪᠣᠵᠠᠢ᠃ ᠢᠩᠬᠢᠭᠡᠳ ᠰᠣᠯᠲ᠋ᠠᠨ · ᠮᠠᠬᠠᠮᠠᠳ᠋ ᠬᠠᠭᠠᠨ ᠡᠨᠡ ᠬᠤᠳᠠᠨ ᠳᠤ ᠬᠠᠭᠠᠨ ᠰᠠᠭᠤᠵᠣ ᠲᠡᠭᠦᠨ ᠢ ᠣᠷᠣᠯᠠᠭᠰᠠᠨ ᠶᠣᠮ᠃ ᠡᠮᠢᠷ ᠲᠡᠮᠦᠷ ᠤᠨ ᠠᠯᠢᠪᠠ ᠵᠠᠷᠯᠢᠭ ᠵᠠᠷᠯᠠᠯ ᠳᠤ ᠪᠦᠷ ᠡᠳᠡᠭᠡᠷ ᠬᠠᠭᠠᠳ ᠭᠠᠷ ᠤᠨ ᠦᠰᠦᠭ ᠵᠢᠷᠣᠵᠣ᠂ ᠬᠠᠭᠠᠨ ᠲᠠᠮᠠᠭ᠎ᠠ ᠪᠠᠨ ᠲᠠᠷᠣᠭᠳᠠᠭ ᠵᠣᠷᠰᠢᠯ ᠲᠠᠢ ᠪᠠᠶᠢᠪᠠ᠃ ᠡᠶᠢᠮᠦ ᠠᠴᠠ ᠡᠮᠢᠷ ᠦᠯᠦᠭᠪᠡᠢ ᠶᠢᠨ ᠵᠠᠷᠯᠢᠭ ᠳᠤ ᠴᠦ ᠱᠠᠲ᠋ᠣᠺ ᠬᠠᠭᠠᠨ ᠭᠠᠷ ᠤᠨ ᠦᠰᠦᠭ ᠵᠢᠷᠣᠨ ᠬᠠᠭᠠᠨ ᠲᠠᠮᠠᠭ᠎ᠠ  ᠪᠠᠨ ᠲᠠᠷᠣᠳᠠᠭ ᠵᠠᠩᠰᠢᠯ ᠲᠠᠢ ᠪᠠᠶᠢᠵᠠᠢ᠃ ᠬᠤᠵᠢᠮ ᠮᠢᠷᠽᠠ · ᠦᠯᠦᠭᠪᠡᠢ ᠱᠠᠲ᠋ᠣᠺ ᠬᠠᠭᠠᠨ ᠢ ᠣᠷᠳᠣᠨ ᠠᠴᠠ ᠨᠢ ᠬᠦᠭᠡᠭᠡᠨ ᠭᠠᠷᠭᠠᠵᠣ ᠦᠭᠡᠷ᠎ᠡ ᠨᠢᠭᠡᠨ ᠬᠠᠭᠠᠨ ᠢᠶᠠᠷ ᠲᠡᠭᠦᠨ ᠢ ᠣᠷᠣᠯᠠᠭᠤᠯᠪᠠ᠃ ᠲᠡᠭᠡᠭᠡᠳ ᠲᠡᠭᠦᠨ ᠢ ᠮᠣᠩᠭᠤᠯᠰᠲ᠋ᠠᠨ ᠳᠤ ᠬᠦᠷᠭᠡᠵᠦ ᠶᠠᠪᠣᠭᠤᠯᠪᠠ④᠃    ᠸᠠᠶᠢᠰ ᠬᠠᠭᠠᠨ ᠢᠰᠠᠶᠢᠺ ᠨᠠᠭᠤᠷ ᠤᠨ ᠪᠠᠭ᠎ᠠ ᠪᠣᠯᠣᠩ ᠭᠡᠳᠡᠭ ᠭᠠᠵᠠᠷ ᠲᠤ ᠰᠠᠭᠤᠵᠣ ᠪᠠᠶᠢᠵᠠᠢ᠃ ᠪᠢ ᠶᠡᠭᠡ ᠮᠠᠣᠯᠠ · ᠬᠤᠵᠠ · ᠠᠬᠠᠮᠠᠳ᠋ ᠤᠨ ᠬᠡᠯᠡᠬᠦ ᠶᠢ ᠰᠣᠨᠣᠰᠣᠭᠰᠠᠨ ᠢᠶᠠᠷ᠄ ︽ᠮᠢᠨᠦ ᠦᠶᠡᠯᠢᠳ ᠠᠬ᠎ᠠ ᠬᠤᠵᠠ · ᠠᠪᠣᠳ᠋ · ᠬᠠᠷᠢᠮ ᠪᠣᠯ ᠸᠠᠶᠢᠰ ᠬᠠᠭᠠᠨ ᠲᠠᠢ ᠮᠠᠰᠢ ᠲᠣᠲᠣᠨᠣ ᠨᠠᠶᠢᠷ ᠲᠠᠢ ᠪᠠᠶᠢᠵᠠᠢ᠃ ᠲᠡᠷᠡ ᠨᠠᠳᠠ ᠦᠷᠬᠦᠯᠵᠢ ᠡᠨᠡ ᠣᠴᠢᠷ ᠢ ᠶᠠᠷᠢᠳᠠᠭ ᠪᠠᠶᠢᠭᠰᠠᠨ ᠶᠣᠮ᠃ ᠨᠢᠭᠡ ᠣᠳᠠᠭ᠎ᠠ ᠭᠠᠷᠠᠭ ᠤᠨ ᠲᠠᠪᠣᠨ ᠤ ᠮᠦᠷᠬᠦᠯ ᠤᠨ ᠴᠣᠭᠯᠠᠭᠠᠨ ᠤ ᠡᠮᠦᠨ᠎ᠡ ᠸᠠᠶᠢᠰ ᠬᠠᠭᠠᠨ ᠰᠠᠬᠠᠯ ᠬᠤᠣᠵᠠ ᠪᠠᠨ ᠬᠤᠰᠣᠴᠢᠬᠠᠭᠠᠳ᠂ ᠪᠡᠶ᠎ᠡ ᠪᠠᠨ ᠠᠷᠢᠭᠤᠯᠠᠵᠣ ᠪᠠᠷᠠᠭᠠᠳ ᠮᠢᠨᠦ ᠠᠳᠡ ᠢᠷᠡᠵᠦ᠂ ᠨᠠᠳᠠ ᠠᠴᠠ᠄ ︽ᠮᠢᠨᠦ ᠲᠣᠯᠣᠭᠠᠢ ᠪᠠᠨ ᠵᠠᠰᠠᠭᠰᠠᠨ ᠶᠠᠮᠠᠷ ᠪᠠᠶᠢᠨ᠎ᠠ᠃ ᠲᠡᠭᠦᠨ ᠤ ᠦᠷᠳᠡᠭ ᠨᠢ ᠶᠠᠭᠤ ᠪᠣᠯᠳᠠᠭ ᠪᠣᠯ︖︾ ᠭᠡᠵᠦ ᠠᠰᠠᠭᠤᠪᠠ᠃ ᠡᠭᠦᠨ ᠳᠤ ᠪᠢ ᠲᠡᠭᠦᠨ ᠳᠤ ᠬᠠᠷᠢᠭᠤ ᠬᠡᠯᠡᠭᠰᠡᠨ ᠨᠢ᠄ ︽ᠣᠳᠣ ᠨᠢᠭᠡ ᠰᠣᠪᠣᠳ ᠡᠷᠳᠡᠨᠢ ᠰᠢᠬᠢᠳᠭᠡᠭᠰᠡᠨ ᠬᠠᠭᠠᠨ ᠲᠢᠲᠢᠮ ᠲᠣᠳᠠᠵᠣ ᠪᠠᠶᠢᠨ᠎ᠠ︾ ᠭᠡᠬᠦ ᠳᠤ ᠬᠠᠭᠠᠨ ᠬᠡᠯᠡᠭᠰᠡᠨ ᠨᠢ᠄ ︽ᠲᠡᠶᠢᠮᠦ ᠪᠢᠰᠢ᠂ ᠲᠡᠶᠢᠮᠦ ᠪᠢᠰᠢ᠂ ᠲᠡᠭᠦᠨ ᠤ ᠦᠷᠳᠡᠭ ᠨᠢ ᠦᠷᠡᠭᠳᠡᠯ ᠶᠣᠮ︾ ᠭᠡᠨ᠎ᠡ᠃ ᠲᠡᠷᠡ ᠦᠭᠡ ᠪᠠᠨ ᠬᠠᠯᠳᠣ ᠬᠡᠯᠡᠵᠦ ᠪᠠᠷᠠᠳᠠᠯ᠎ᠠ᠂ ᠨᠢᠭᠡᠨ ᠡᠯᠴᠢ ᠭᠦᠶᠦᠨ ᠣᠷᠣᠵᠣ ᠢᠷᠡᠭᠡᠳ ᠮᠡᠳᠡᠭᠦᠯᠦᠭᠰᠡᠨ ᠨᠢ᠄ ︽ᠱᠠᠲ᠋ᠣᠺ ᠬᠠᠭᠠᠨ ᠨᠢᠭᠡᠨᠳᠡ ᠲᠣᠪᠳᠣᠯᠣᠷ᠎ᠠ ᠢᠷᠡᠪᠡ︾ ᠭᠡᠪᠡ ᠲᠡᠭᠡᠭᠡᠳ ᠸᠠᠶᠢᠰ ᠬᠠᠭᠠᠨ ᠲᠡᠷᠡ ᠲᠣᠣᠷ᠎ᠠ ᠪᠠᠨ ᠬᠡᠩᠬᠡᠷᠭᠡ ᠲᠡᠯᠡᠳᠡᠭᠦᠯᠦᠨ ᠵᠡᠷ ᠲᠠᠷᠬᠠᠭᠠᠵᠣ᠂ ᠦᠪᠡᠷ ᠢᠶᠠᠨ ᠬᠤᠶᠠᠭᠯᠠᠨ ᠡᠬᠢᠯᠡᠪᠡ᠃ ᠣᠶᠢᠷ᠎ᠠ ᠣᠷᠴᠢᠮ ᠤᠨ ᠬᠦᠮᠦᠰ ᠪᠦᠷ ᠬᠠᠭᠠᠨ ᠤ ᠲᠡᠷᠭᠡᠳᠡ ᠬᠦᠷᠦᠯᠴᠡᠨ ᠢᠷᠡᠵᠡᠭᠡᠨ ᠲᠠᠶᠢᠰᠣᠨ ᠢ ᠣᠭᠳᠣᠬᠤ ᠪᠠᠷ ᠮᠣᠷᠳᠠᠨ ᠭᠠᠷᠴᠠᠭᠠᠪᠠ᠃ ᠬᠤᠶᠠᠷ ᠲᠠᠯ᠎ᠠ ᠶᠢᠨ ᠴᠡᠷᠢᠭ ᠭᠤᠣᠯ ᠠᠯᠣᠰᠯᠠᠨ ᠵᠢᠬᠰᠠᠭᠠᠵᠠᠢ᠃ ᠪᠠᠶᠢᠯᠳᠣᠬᠤ ᠦᠶ᠎ᠡ ᠳᠤ ᠸᠠᠶᠢᠰ ᠬᠠᠭᠠᠨ ᠦᠪᠡᠷ ᠤᠨ ᠪᠡᠶ᠎ᠡ ᠪᠠᠷ ᠲᠡᠷᠢᠭᠦᠯᠡᠨ ᠲᠠᠶᠢᠰᠣᠨ  ᠤ ᠵᠦᠭ ᠮᠣᠷᠢ ᠲᠣᠪᠳᠣᠯᠭᠠᠨ ᠲᠠᠭᠠᠷᠢᠨ ᠣᠷᠣᠪᠠ᠃ ᠲᠡᠷᠡ ᠮᠣᠷᠢ ᠬᠠᠷᠠᠶᠢᠯᠭᠠᠨ ᠭᠤᠣᠯ ᠢ ᠭᠠᠳᠣᠯᠬᠤ ᠰᠠᠨᠠᠭ᠎ᠠ ᠲᠠᠢ ᠲᠣᠪᠳᠣᠯᠣᠨ ᠣᠷᠣᠭᠰᠠᠨ ᠪᠣᠯᠪᠠᠴᠣ᠂ ᠲᠡᠭᠦᠨ ᠤ ᠣᠨᠣᠭᠰᠠᠨ ᠮᠣᠷᠢ ᠨᠢ ᠭᠤᠣᠯ ᠤᠨ ᠡᠷᠬᠢ ᠳᠠᠬᠢ ᠪᠠᠯᠴᠢᠭ ᠨᠠᠮᠤᠭ  ᠲᠤ ᠣᠷᠣᠵᠣ᠂ ᠵᠦᠪᠬᠡᠨ ᠲᠣᠯᠣᠭᠠᠢ ᠨᠢ ᠯᠠ ᠭᠠᠷᠴᠣ ᠪᠠᠶᠢᠯ᠎ᠠ᠃ ᠲᠣᠬᠠᠢ ᠶᠢᠨ ᠦᠶ᠎ᠡ ᠳᠤ ᠡᠮᠢᠷ · ᠮᠠᠬᠠᠮᠠᠳ᠋ · ᠱᠠᠾ  ᠲᠤ ᠨᠢᠭᠡ ᠵᠠᠾᠢᠷ ᠭᠡᠳᠡᠭ ᠨᠡᠷ᠎ᠡ ᠲᠠᠢ ᠲᠠᠭᠠᠯᠳᠠ ᠪᠠᠶᠢᠵᠣ᠂ ᠮᠠᠰᠢ ᠰᠢᠯᠢᠳᠡᠭ ᠰᠠᠶᠢᠨ ᠬᠠᠷᠪᠣᠭᠠᠴᠢ ᠶᠣᠮ᠃ ᠲᠡᠭᠦᠨ ᠤ ᠵᠡᠪᠡ ᠶᠢᠨ ᠡᠷᠳᠡᠮ ᠪᠦᠬᠦ ᠴᠡᠷᠢᠭ ᠲᠤ ᠣᠷᠣᠶᠢᠯᠠᠳᠠᠭ ᠪᠣᠯᠬᠤᠷ᠂ ᠸᠠᠶᠢᠰ ᠬᠠᠭᠠᠨ ᠲᠡᠭᠦᠨ ᠢ ᠡᠮᠢᠷ · ᠮᠠᠬᠠᠮᠠᠳ᠋ · ᠱᠠᠾ  ᠤᠨ ᠭᠠᠷ ᠲᠣᠣᠷ᠎ᠠ ᠠᠴᠠ ᠲᠠᠭᠤᠳᠠᠨ ᠠᠪᠴᠢᠷᠠᠭᠠᠳ ᠦᠪᠡᠷ ᠤᠨ ᠰᠢᠳᠠᠷ ᠲᠠᠭᠠᠯᠳᠠ ᠪᠣᠯᠭᠠᠪᠠ᠃ ᠸᠠᠶᠢᠰ ᠬᠠᠭᠠᠨ ᠤ ᠮᠣᠷᠢ ᠨᠠᠮᠤᠭ ᠲᠤ ᠰᠢᠬᠢᠳᠣᠨ ᠣᠷᠣᠭᠠᠳ ᠪᠠᠶᠢᠳᠠᠯ᠎ᠠ ᠡᠨᠡᠬᠦ ᠵᠠᠾᠢᠷ ᠬᠤᠶᠢᠨ᠎ᠠ ᠠᠴᠠ ᠢᠷᠡᠵᠦ᠂ ᠬᠠᠭᠠᠨ ᠢᠶᠠᠨ ᠲᠠᠶᠢᠰᠣᠨ ᠭᠡᠵᠦ ᠪᠣᠳᠣᠭᠠᠳ ᠨᠢᠭᠡᠯ᠎ᠡ ᠬᠠᠷᠪᠣᠭᠰᠠᠨ ᠳᠤ ᠬᠠᠭᠠᠨ ᠤ ᠨᠢᠷᠣᠭᠤ ᠣᠨᠣᠭᠳᠠᠨ ᠮᠣᠷᠢᠨ ᠠᠴᠠ ᠦᠩᠬᠦᠷᠢᠨ ᠲᠡᠭᠡᠭᠰᠢ ᠬᠠᠷᠠᠨ ᠬᠦᠰᠡᠷ ᠣᠨᠠᠪᠠ᠃ ᠡᠨᠡ ᠦᠶ᠎ᠡ ᠲᠡᠷᠡ ᠰᠠᠶ᠋ᠢ ᠬᠠᠭᠠᠨ ᠢᠶᠠᠨ ᠲᠠᠨᠢᠵᠣ᠂ ᠲᠦᠷᠭᠡᠨ ᠭᠦᠶᠦᠵᠦ ᠣᠴᠢᠭᠠᠳ ᠲᠡᠭᠦᠨ ᠤ ᠲᠡᠭᠡᠷ᠎ᠡ ᠬᠦᠷᠴᠡᠢ᠃ ᠱᠠᠲ᠋ᠣᠺ ᠬᠠᠭᠠᠨ ᠡᠨᠡᠬᠦ ᠴᠢᠮᠡᠭᠡ ᠶᠢ ᠰᠣᠨᠣᠰᠣᠭᠠᠳ ᠮᠦᠨ ᠲᠦᠷᠭᠡᠯᠡᠨ ᠢᠷᠡᠵᠦ᠂ ᠸᠠᠶᠢᠰ ᠬᠠᠭᠠᠨ ᠤ ᠲᠣᠯᠣᠭᠠᠢ ᠶᠢ ᠡᠪᠴᠢᠭᠦᠨ ᠲᠡᠭᠡᠨ ᠲᠡᠪᠡᠷᠢᠨ ᠠᠪᠬᠤ ᠦᠶ᠎ᠡ ᠳᠤ ᠸᠠᠶᠢᠰ ᠬᠠᠭᠠᠨ ᠨᠢᠭᠡᠨᠳᠡ ᠠᠮᠢᠰᠬᠤᠯ ᠬᠤᠷᠢᠶᠠᠪᠠ᠃    ᠢᠩᠬᠢᠭᠡᠳ ᠮᠣᠩᠭᠤᠯ ᠶᠡᠬᠡᠪᠡᠷ ᠰᠠᠮᠠᠭᠤᠷᠠᠪᠠ᠃ ᠭᠡᠪᠡᠴᠦ ᠲᠡᠳᠡ ᠰᠠᠲ᠋ᠣᠺ · ᠬᠠᠭᠠᠨ ᠢ ᠲᠠᠭ ᠲᠠᠭᠠᠬᠤ ᠲᠣᠷ᠎ᠠ ᠦᠭᠡᠢ ᠪᠣᠯᠬᠤᠷ ᠲᠡᠷᠡ ᠴᠦ ᠮᠣᠩᠭᠤᠯᠰᠲ᠋ᠠᠨ ᠳᠤ ᠬᠦᠯ ᠲᠣᠭᠳᠠᠵᠣ ᠴᠢᠳᠠᠬᠤ ᠦᠭᠡᠢ ᠪᠣᠯᠵᠣ᠂ ᠺᠠᠱᠬᠠᠷ ᠵᠦᠭ ᠲᠤ ᠣᠬᠤᠷᠢᠨ ᠶᠠᠪᠣᠵᠠᠢ᠃ ᠲᠡᠷᠡ ᠲᠡᠨᠳᠡ ᠬᠦᠷᠦᠭᠡᠳ ᠡᠮᠢᠷ ᠬᠤᠳᠠᠶᠢᠳᠠ ᠶᠢᠨ ᠣᠮᠪᠣᠯ ᠬᠦᠪᠡᠭᠦᠨ ᠬᠠᠷᠠᠬᠤᠯ · ᠠᠬᠠᠮᠠᠳ᠋ · ᠮᠢᠷᠽᠠ ᠳᠤ ᠨᠣᠮᠣᠳᠬᠠᠭᠳᠠᠪᠠ᠃ ᠲᠡᠮᠡᠢ ᠣᠳᠠᠯ ᠦᠭᠡᠢ ᠮᠢᠷᠽᠠ · ᠦᠯᠦᠭᠪᠡᠢ ᠴᠡᠷᠢᠭ ᠲᠣᠮᠢᠯᠠᠨ ᠺᠠᠱᠬᠠᠷ ᠢ ᠲᠠᠶᠢᠯᠠᠨ᠂ ᠬᠠᠷᠠᠬᠤᠯ · ᠠᠬᠠᠮᠠᠳ᠋ · ᠮᠢᠷᠽᠠ ᠶᠢ ᠪᠠᠷᠢᠪᠴᠢᠯᠠᠨ ᠠᠪᠴᠣ᠂ ᠰᠠᠮᠠᠷᠺᠠᠨᠳ᠋ ᠲᠤ ᠠᠪᠠᠴᠢᠨ ᠴᠠᠪᠴᠢᠨ ᠠᠯᠠᠭᠰᠠᠨ ᠪᠢᠯᠡ᠃    ᠲᠣᠰ ᠪᠦᠯᠦᠭ ᠤᠨ ᠲᠠᠶᠢᠯᠪᠣᠷᠢ ① ᠡᠮᠢᠷ ᠲᠡᠮᠦᠷ ᠬᠡᠳᠦᠶᠢᠪᠡᠷ ᠲᠣᠮᠳᠠᠳᠣ ᠠᠽᠢ ᠳᠤ ᠬᠢᠵᠠᠭᠠᠯᠠᠰᠢ ᠦᠭᠡᠢ ᠶᠡᠭᠡ ᠡᠷᠬᠡ ᠮᠡᠳᠡᠯ ᠲᠠᠢ ᠪᠠᠶᠢᠭᠰᠠᠨ ᠪᠣᠯᠪᠠᠴᠣ᠂ ᠲᠡᠨᠳᠡᠬᠢ ᠢᠵᠠᠭᠤᠷᠳᠠᠳ ᠪᠠ ᠠᠷᠠᠳ ᠢᠷᠭᠡᠳ ᠨᠢ ᠵᠦᠪᠬᠡᠨ ᠴᠢᠩᠬᠢᠰ ᠬᠠᠭᠠᠨ ᠤ ᠣᠳᠣᠮ ᠤᠨ ᠬᠦᠮᠦᠰ ᠰᠠᠶ᠋ᠢ ᠬᠠᠭᠠᠨ ᠰᠠᠭᠤᠬᠤ ᠶᠢ ᠵᠦᠪᠰᠢᠶᠡᠷᠡᠨ ᠮᠡᠳᠡᠷᠡᠵᠦ᠂ ᠪᠣᠰᠣᠳ ᠬᠦᠮᠦᠨ ᠢ ᠲᠠᠭ ᠵᠦᠪᠰᠢᠶᠡᠷᠡᠬᠦ ᠦᠭᠡᠢ ᠬᠠᠳᠠᠭᠤ ᠵᠣᠷᠰᠢᠯ ᠲᠠᠢ ᠪᠠᠶᠢᠵᠠᠢ᠃ ᠡᠶᠢᠮᠦ ᠠᠴᠠ ᠲᠡᠮᠦᠷ ᠬᠡᠳᠦᠶᠢᠪᠡᠷ ᠦᠪᠡᠷ ᠢ ᠪᠠᠨ ᠬᠠᠭᠠᠨ ᠬᠡᠮᠡᠨ ᠲᠣᠩᠬᠠᠭᠯᠠᠵᠣ ᠦᠵᠡᠭᠰᠡᠨ ᠪᠣᠯᠪᠠᠴᠣ ᠲᠣᠣᠷᠠᠬᠢ ᠣᠯᠠᠨ ᠮᠣᠩᠭᠤᠯ ᠢᠵᠠᠭᠤᠷᠳᠠᠨ ᠪᠠ ᠮᠣᠩᠭᠤᠯ ᠠᠶᠢᠮᠠᠭ ᠤᠨ ᠲᠦᠷᠦᠭᠦᠴᠦᠳ ᠤᠨ ᠲᠠᠰᠣᠷᠠᠰᠢ ᠦᠭᠡᠢ ᠣᠯᠠᠨ ᠣᠷᠪᠠᠯᠭᠠᠨ ᠰᠠᠮᠠᠭᠤᠷᠠᠯ ᠢ ᠠᠷᠭᠠᠴᠠᠬᠤ ᠶᠢᠨ ᠲᠦᠯᠦᠭᠡ ᠬᠠᠰᠢᠯᠠ ᠴᠢᠩᠬᠢᠰ ᠬᠠᠭᠠᠨ ᠤ ᠣᠳᠣᠮ ᠠᠴᠠ ᠨᠢᠭᠡᠨ ᠮᠠᠨᠣᠣᠯ ᠬᠠᠭᠠᠨ ᠭᠠᠷᠭᠠᠬᠤ ᠨᠢ ᠬᠠᠮᠤᠭ ᠮᠡᠷᠭᠡᠨ ᠠᠷᠭ᠎ᠠ ᠪᠣᠯᠣᠨ᠎ᠠ ᠭᠡᠳᠡᠭ ᠢ ᠰᠡᠷᠡᠵᠦ ᠮᠡᠳᠡᠵᠡᠢ ᠃ ᠲᠡᠭᠡᠭᠡᠳ ᠲᠡᠷᠡ ᠲᠡᠭᠦᠨ ᠤ ᠦᠭᠡ ᠶᠢ ᠰᠣᠨᠣᠰᠣᠳᠠᠭ ᠨᠢᠭᠡ ᠬᠦᠮᠦᠨ ᠢ ᠣᠯᠵᠣ ᠬᠠᠭᠠᠨ ᠪᠣᠯᠭᠠᠪᠠ᠃ ᠡᠨᠡᠬᠦ ᠪᠠᠶᠢᠳᠠᠯ ᠲᠡᠮᠦᠷ ᠤᠨ ᠦᠶ᠎ᠡ ᠠᠴᠠ ᠡᠬᠢᠯᠡᠨ ᠲᠡᠭᠦᠨ ᠤ ᠦᠷ᠎ᠡ ᠬᠡᠣᠬᠡᠳ ᠲᠤ ᠬᠦᠷᠳᠡᠯ᠎ᠡ ᠪᠦᠷ ᠡᠶᠢᠮᠦ ᠪᠠᠶᠢᠵᠠᠢ᠂ ᠨᠠᠭᠠᠳᠣ ᠵᠠᠬ᠎ᠠ ᠨᠢ ᠦᠯᠦᠭᠪᠡᠢ ᠶᠢᠨ ᠦᠶ᠎ᠡ ᠳᠤ ᠬᠦᠷᠳᠡᠯ᠎ᠡ ᠡᠶᠢᠮᠦ ᠪᠠᠶᠢᠭᠰᠠᠨ ᠢ ᠲᠡᠭᠡᠷᠡᠬᠢ ᠪᠠᠶᠢᠳᠠᠯ ᠠᠴᠠ ᠣᠯᠵᠣ ᠦᠵᠡᠨ᠎ᠡ᠃  ② ᠦᠨᠡᠨᠳᠡᠭᠡᠨ ᠬᠠᠭᠠᠨ ᠣᠷᠳᠣᠨ ᠭᠡᠳᠡᠭ ᠣᠳᠬ᠎ᠠ ᠲᠠᠢ ᠦᠭᠡ ᠶᠣᠮ᠃ ③ ᠡᠨᠡᠬᠦ ᠬᠠᠭᠠᠨ ᠤ ᠨᠡᠷ᠎ᠡ ᠶᠢ ᠶᠡᠷᠦᠳᠡᠭᠡᠨ ᠪᠦᠷ ᠰᠣᠶᠣᠷᠬᠠᠳ᠋ᠮᠢᠱ ᠭᠡᠳᠡᠭ ᠶᠣᠮ᠃ ᠲᠡᠭᠦᠨ ᠤ ᠨᠡᠷ᠎ᠡ ᠳᠡᠳᠦᠢ ᠨᠣᠶᠠᠷᠬᠠᠯ ᠤᠨ ᠬᠤᠭᠤᠴᠠᠭ᠎ᠠ ᠨᠢ 1369 ᠣᠨ — 1388 ᠣᠨ ᠪᠣᠯᠵᠠᠢ᠃ ᠮᠠᠬᠠᠮᠠᠳ᠋ ᠤᠨ ᠨᠡᠷ᠎ᠡ ᠳᠡᠳᠦᠢ ᠨᠣᠶᠠᠷᠬᠠᠯ ᠨᠢ 1388 ᠣᠨ —1398 ᠣᠨ ᠪᠣᠯᠵᠠᠢ᠃ ︵S ·L · ᠫᠦᠯ ᠤᠨ ᠵᠣᠬᠢᠶᠠᠭᠰᠠᠨ ︽ᠮᠦᠬᠠᠮᠦᠳ᠋ ᠲᠦᠷᠦ ᠨᠦᠭᠦᠳ ᠤᠨ ᠲᠡᠣᠬᠡ︾ ᠤᠨ 268 ᠳ᠋ᠣᠭᠠᠷ ᠨᠢᠭᠤᠷ ᠲᠤ ᠦᠵᠡ︶ ᠡᠳᠡ ᠬᠤᠶᠠᠭᠤᠯᠠ ᠪᠣᠯ ᠪᠦᠷ ᠲᠡᠮᠦᠷ  ᠤᠨ ᠨᠣᠶᠠᠷᠬᠠᠯ ᠤᠨ ᠴᠠᠭ ᠦᠶ᠎ᠡ ᠳᠤ ᠭᠠᠷᠭᠠᠭᠰᠠᠨ ᠮᠠᠨᠣᠣᠯ ᠬᠠᠭᠠᠳ ᠶᠣᠮ᠃ ᠮᠢᠷᠽᠠ · ᠬᠠᠶᠢᠳᠠᠷ ᠤᠨ ᠡᠨᠡᠬᠦ ᠲᠦᠭᠦᠮ ᠠᠪᠰᠠᠷᠬᠠᠨ ᠬᠡᠯᠡᠯᠭᠡ ᠠᠴᠠ ᠲᠣᠬᠠᠢ ᠶᠢᠨ ᠦᠶ᠎ᠡ ᠶᠢᠨ ᠲᠡᠮᠦᠷ ᠮᠡᠳᠦ ᠶᠢᠨ ᠶᠡᠭᠡ ᠡᠮᠢᠷ ᠨᠡᠷ ᠲᠡᠳᠡᠭᠡᠷ ᠮᠠᠨᠣᠣᠯ ᠬᠠᠭᠠᠳ ᠲᠠᠭᠠᠨ ᠶᠠᠭᠠᠬᠢᠵᠣ ᠬᠠᠨᠳᠣᠵᠣ ᠪᠠᠶᠢᠭᠰᠠᠨ ᠢ ᠣᠯᠵᠣ ᠦᠵᠡᠨ᠎ᠡ᠃  ④ ᠬᠢᠳᠠᠳ ᠬᠠᠷᠭᠤᠯᠣᠭᠴᠢ ᠶᠢᠨ ᠲᠠᠶᠢᠯᠪᠣᠷᠢ᠄ ᠪᠠᠷᠲ᠋ᠣᠯᠢᠲ ᠶᠢᠨ ᠨᠣᠮ ︽ᠦᠯᠦᠭᠪᠡᠢ ᠵᠢᠴᠢ ᠲᠡᠭᠦᠨ ᠤ ᠴᠠᠭ ᠦᠶ᠎ᠡ︾ ᠭᠡᠳᠡᠭ ᠨᠣᠮ ᠳᠤ ᠬᠡᠯᠡᠭᠰᠡᠨ ᠢᠶᠠᠷ ᠲᠣᠰ ᠬᠡᠷᠡᠭ ᠨᠡᠶᠢᠳᠡ ᠶᠢᠨ ᠣᠨ ᠲᠣᠭᠠᠯᠠᠯ ᠤᠨ1428 ᠣᠨ ᠳᠤ ᠡᠭᠦᠰᠴᠡᠢ ᠭᠡᠪᠡ᠃  ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号