ᠸᠠᠶᠢᠰ ᠬᠠᠭᠠᠨ ᠨᠠᠰᠣ ᠪᠠᠷᠠᠭᠰᠠᠨ ᠤ ᠰᠡᠬᠦᠯᠡᠷ ᠢᠷᠠᠵᠠᠨ ᠠᠶᠢᠮᠠᠭ ᠲᠤ ᠵᠣᠪᠠᠯᠠᠩ ᠲᠣᠬᠢᠶᠠᠭᠰᠠᠨ ᠨᠢ
ᠨᠡᠶᠢᠲᠡᠯᠡᠭᠰᠡᠨ ᠴᠠᠭ᠄
2020/3/24
ᠭᠤᠴᠢᠨ ᠲᠠᠪᠣᠳᠣᠭᠠᠷ ᠪᠦᠯᠦᠭ  ①      ᠸᠠᠶᠢᠰ ᠬᠠᠭᠠᠨ ᠨᠠᠰᠣ ᠪᠠᠷᠠᠭᠰᠠᠨ ᠤ ᠰᠡᠬᠦᠯᠡᠷ᠂ ᠮᠣᠩᠭᠤᠯ ᠠᠶᠢᠮᠠᠭ ᠮᠠᠰᠢ ᠭᠦᠨ ᠰᠠᠮᠠᠷᠠᠭᠤᠯ ᠤᠨ ᠬᠦᠪ ᠲᠤ ᠣᠨᠠᠵᠠᠢ᠃ ᠭᠡᠪᠡᠴᠦ ᠲᠡᠳᠡ ᠱᠠᠲ᠋ᠣᠺ ᠨᠢᠭᠡᠨᠳᠡ ᠦᠬᠦᠪᠡ ᠭᠡᠳᠡᠭ ᠢ ᠰᠣᠨᠣᠰᠣᠭᠠᠳ ᠪᠠᠰᠠ ᠵᠢᠭᠠᠬᠠᠨ ᠰᠠᠨᠠᠭ᠎ᠠ ᠠᠮᠣᠷᠴᠠᠢ᠃ ᠸᠠᠶᠢᠰ ᠬᠠᠭᠠᠨ ᠬᠤᠶᠠᠷ ᠬᠦᠪᠡᠭᠦᠨ ᠦᠯᠡᠳᠡᠭᠡᠵᠡᠢ᠂ ᠨᠢᠭᠡ ᠨᠢ ᠶᠦᠨᠦᠰ ᠬᠠᠭᠠᠨ᠂ ᠨᠦᠬᠦᠭᠡ ᠨᠢ ᠡᠰᠡᠨ ᠪᠣᠬ᠎ᠠ ᠬᠠᠭᠠᠨ ᠪᠣᠯᠣᠨ᠎ᠠ᠃ ᠶᠦᠨᠦᠰ ᠬᠠᠭᠠᠨ ᠪᠣᠯ ᠠᠬ᠎ᠠ ᠨᠢ ᠶᠣᠮ᠃ ᠲᠡᠭᠦᠨ ᠤ ᠡᠴᠢᠭᠡ ᠨᠠᠰᠣ ᠪᠠᠷᠠᠬᠤ ᠦᠶ᠎ᠡ ᠳᠤ ᠲᠡᠷᠡ ᠰᠠᠶ᠋ᠢ ᠠᠷᠪᠠᠨ ᠭᠤᠷᠪᠠᠭ᠋ᠠᠨ ᠨᠠᠰᠣᠳᠠᠢ ᠪᠠᠶᠢᠵᠠᠢ᠃ ᠣᠯᠠᠨ ᠸᠠᠩ ᠭᠦᠩ ᠨᠡᠷ ᠬᠡᠨ ᠢᠶᠠᠷ ᠬᠠᠭᠠᠨ ᠰᠠᠭᠤᠷᠢ ᠵᠠᠯᠭᠠᠮᠵᠢᠯᠠᠭᠤᠯᠬᠤ ᠠᠰᠠᠭᠤᠳᠠᠯ ᠲᠡᠭᠡᠷ᠎ᠡ ᠰᠠᠨᠠᠯ ᠵᠦᠷᠢᠯᠳᠦᠪᠠ᠃ ᠲᠡᠭᠦᠨ ᠤ ᠲᠣᠲᠣᠷ᠎ᠠ ᠬᠤᠶᠠᠷ ᠬᠦᠮᠦᠨ ᠪᠣᠢ᠂ ᠨᠢᠭᠡ  ᠨᠢ ᠢᠷᠵᠠᠨ · ᠪᠠᠭᠠᠷᠢᠨ᠂ ᠨᠦᠬᠦᠭᠡ ᠨᠢ ᠮᠢᠷᠠᠾ · ᠲᠦᠷᠺᠮᠧᠨ ᠭᠡᠳᠡᠭ᠂ ᠠᠩᠬ᠎ᠠ ᠡᠳᠡ ᠬᠤᠶᠠᠭᠤᠯᠠ ᠪᠦᠷ ᠡᠮᠢᠷ ᠬᠤᠳᠠᠶᠢᠳᠠ ᠶᠢᠨ ᠲᠣᠣᠷ᠎ᠠ ᠳᠦᠰᠢᠮᠡᠯ ᠪᠠᠶᠢᠪᠠ᠃ ᠬᠤᠵᠢᠮ ᠨᠢ ᠡᠮᠢᠷ ᠬᠤᠳᠠᠶᠢᠳᠠ ᠶᠢᠨ ᠬᠦᠪᠡᠭᠦᠨ ᠡᠮᠢᠷ · ᠮᠠᠬᠠᠮᠠᠳ᠋ · ᠱᠠᠾ ᠲᠤ ᠦᠢᠯᠡᠴᠢᠯᠡᠵᠦ ᠪᠠᠶᠢᠪᠠ᠃ ᠭᠡᠪᠡᠴᠦ ᠸᠠᠶᠢᠰ ᠬᠠᠭᠠᠨ ᠨᠠᠰᠣ ᠪᠠᠷᠠᠮᠠᠭᠴᠠ ᠡᠳᠡ ᠬᠤᠶᠠᠭᠤᠯᠠ ᠬᠦᠴᠦ ᠪᠠᠷ ᠡᠮᠢᠷ · ᠮᠠᠬᠠᠮᠠᠳ᠋ · ᠱᠠᠾ ᠠᠴᠠ ᠰᠠᠯᠵᠣ᠂ ᠶᠦᠨᠦᠰ ᠬᠠᠭᠠᠨ ᠳᠤ ᠳᠦᠰᠢᠵᠦ᠂ ᠡᠨᠡ ᠬᠠᠭᠠᠨ ᠤ ᠲᠦᠯᠦᠭᠡ ᠴᠡᠷᠢᠭ ᠡᠭᠦᠰᠭᠡᠨ ᠬᠠᠭᠠᠨ ᠰᠠᠭᠤᠷᠢᠨ ᠢ ᠪᠣᠯᠢᠶᠠᠨ ᠠᠪᠬᠤ ᠭᠡᠪᠡ᠃ ᠪᠣᠰᠣᠳ ᠬᠦᠮᠦᠰ ᠪᠣᠯ ᠡᠰᠡᠨ ᠪᠣᠬ᠎ᠠ ᠬᠠᠭᠠᠨ ᠢ ᠲᠡᠮᠵᠢᠵᠡᠢ᠃ ᠣᠯᠠᠩᠬᠢ ᠬᠦᠮᠦᠰ ᠪᠦᠷ ᠡᠰᠡᠨ ᠪᠣᠬ᠎ᠠ ᠬᠠᠭᠠᠨ ᠢ ᠲᠡᠮᠵᠢᠭᠰᠡᠨ ᠪᠣᠯᠬᠤᠷ᠂ ᠶᠦᠨᠦᠰ ᠬᠠᠭᠠᠨ ᠢ ᠲᠡᠮᠵᠢᠭᠴᠢᠳ ᠮᠣᠩᠭᠤᠯᠰᠲ᠋ᠠᠨ ᠠᠴᠠ ᠰᠠᠯᠬᠤ ᠦᠭᠡᠢ ᠪᠣᠯ ᠪᠣᠯᠬᠤ ᠦᠭᠡᠢ ᠪᠣᠯᠵᠠᠢ᠃ ᠡᠨᠡ ᠦᠶ᠎ᠡ ᠳᠤ ᠢᠷᠵᠠᠨ · ᠪᠠᠭᠠᠷᠢᠨ ᠪᠠ ᠮᠢᠷᠠᠾ · ᠲᠦᠷᠺᠮᠧᠨ ᠭᠤᠷᠪᠠᠨ ᠲᠦᠮᠡᠨ ᠡᠷᠦᠬᠡ② ᠠᠷᠠᠳ ᠢᠷᠭᠡᠳ ᠢᠶᠠᠨ ᠲᠠᠭᠠᠭᠤᠯᠣᠨ ᠶᠦᠨᠦᠰ ᠬᠠᠭᠠᠨ ᠢ ᠠᠪᠴᠣ ᠰᠠᠮᠠᠷᠺᠠᠨᠳ᠋ ᠵᠦᠭ ᠲᠣᠳᠠᠭᠠᠨ ᠶᠠᠪᠣᠵᠠᠢ᠃ ᠡᠰᠡᠨ ᠪᠣᠬ᠎ᠠ ᠬᠠᠭᠠᠨ ᠪᠠ ᠪᠣᠰᠣᠳ ᠮᠣᠩᠭᠤᠯᠴᠣᠳ ᠪᠦᠷ ᠮᠣᠩᠭᠤᠯᠰᠲ᠋ᠠᠨ ᠳᠠᠭᠠᠨ ᠦᠯᠡᠳᠡᠵᠡᠢ᠃      ᠲᠣᠰ ᠪᠦᠯᠦᠭ ᠤᠨ ᠲᠠᠶᠢᠯᠪᠣᠷᠢ ① ᠢᠷᠵᠠᠨ ᠠᠶᠢᠮᠠᠭ ᠲᠤ ᠵᠣᠪᠠᠯᠠᠩ ᠲᠣᠬᠢᠶᠠᠭᠰᠠᠨ ᠬᠡᠷᠡᠭ ᠢ ᠨᠠᠷᠢᠪᠴᠢᠯᠠᠨ ᠦᠵᠡᠪᠡᠰᠦ᠂ ᠮᠣᠩᠭᠤᠯ ᠬᠦᠮᠦᠨ ᠤ ᠲᠣᠮᠳᠠ ᠣᠷᠳᠣ ᠬᠤᠭᠤᠴᠠᠭ᠎ᠠ ᠪᠠᠷ ᠮᠠᠷᠳᠠᠭᠳᠠᠰᠢ ᠦᠭᠡᠢ ᠶᠡᠭᠡ ᠬᠡᠷᠡᠭ ᠪᠠᠶᠢᠵᠠᠢ᠃ ᠠᠳᠡ Virani ᠭᠡᠳᠡᠭ ᠦᠭᠡ  ᠶᠢ ᠬᠡᠷᠡᠭᠯᠡᠵᠡᠢ᠃ ᠲᠡᠭᠦᠨ ᠤ ᠠᠭᠤᠯᠭ᠎ᠠ ᠨᠢ ᠵᠣᠪᠠᠯᠠᠩ ᠲᠣᠬᠢᠶ᠋ᠶᠠᠬᠤ᠂ ᠲᠠᠯᠬᠢᠭᠳᠠᠬᠤ᠂ ᠭᠠᠶᠢᠳᠠᠬᠤ᠂ ᠴᠦᠯᠡᠭᠳᠡᠬᠦ ᠪᠠ ᠪᠣᠳᠠᠷᠠᠬᠤ ᠵᠡᠷᠭᠡ ᠠᠭᠤᠯᠭ᠎ᠠ ᠪᠠᠶᠢᠳᠠᠭ᠃ ᠦᠨᠡᠨᠳᠡᠭᠡᠨ ᠰᠦᠢᠷᠡᠯ ᠳᠤ ᠣᠴᠠᠷᠠᠨ ᠴᠦᠯᠡᠭᠳᠡᠭᠰᠡᠨ ᠨᠢ ᠢᠷᠵᠠᠨ · ᠪᠠᠭᠠᠷᠢᠨ ᠤ ᠠᠶᠢᠮᠠᠭ ᠪᠣᠯᠣᠨ᠎ᠠ᠃ ᠬᠡᠳᠦᠶᠢᠪᠡᠷ ᠡᠨᠡ ᠣᠳᠠᠭᠠᠨ ᠤ ᠵᠣᠪᠠᠯᠠᠩ ᠮᠣᠩᠭᠤᠯ ᠬᠦᠮᠦᠨ ᠤ ᠪᠡᠶ᠎ᠡ ᠲᠡᠭᠡᠷ᠎ᠡ ᠡᠭᠦᠰᠴᠡᠢ ᠭᠡᠳᠡᠭ ᠪᠣᠯᠪᠠᠴᠣ ᠣᠨᠴᠠᠭᠠᠶᠢᠯᠠᠨ ᠲᠡᠭᠦᠨ ᠤ ᠲᠦᠷᠦᠭᠦᠴᠦᠳ ᠤᠨ ᠪᠡᠶ᠎ᠡ ᠲᠡᠭᠡᠷ᠎ᠡ ᠡᠭᠦᠰᠦᠭᠰᠡᠨ ᠬᠡᠷᠡᠭ ᠶᠣᠮ᠃ ᠡᠨᠡ ᠣᠳᠠᠭ᠎ᠠ ᠠᠯᠠᠭᠳᠠᠭᠰᠠᠨ ᠮᠣᠩᠭᠤᠯ ᠲᠦᠷᠦᠭᠦᠴᠦᠳ ᠲᠣᠩ ᠣᠯᠠᠨ ᠪᠠᠶᠢᠪᠠ᠃ ᠪᠠᠪᠣᠷ ᠲᠡᠭᠦᠨ ᠤ ᠵᠣᠬᠢᠶᠠᠯ ︽ᠪᠠᠪᠣᠷ ᠤᠨ ᠲᠣᠷᠠᠰᠣᠮᠵᠢ︾ ᠳᠠᠭᠠᠨ ᠴᠦ ᠡᠭᠦᠨ ᠤ ᠲᠣᠬᠠᠢ ᠲᠣᠷᠠᠳᠴᠣ ᠦᠩᠭᠡᠷᠡᠪᠡ᠃ ᠲᠡᠭᠦᠨ ᠤ ᠬᠡᠯᠡᠬᠦ ᠪᠠᠷ ᠢᠷᠵᠠᠨ ᠪᠠ ᠮᠢᠷᠠᠾ ᠲᠡᠭᠦᠨ ᠤ ᠲᠡᠷᠡᠬᠦ ᠵᠠᠯᠠᠭᠤ ᠪᠠᠭ᠎ᠠ ᠨᠠᠰᠣᠨ ᠤ ᠬᠠᠭᠠᠨ ᠶᠦᠨᠦᠰ ᠢᠶᠠᠨ ᠲᠠᠭᠠᠭᠤᠯᠣᠨ ᠰᠠᠮᠠᠷᠺᠠᠨᠳ᠋ ᠲᠤ ᠢᠷᠡᠬᠦ ᠦᠶ᠎ᠡ ᠳᠤ ᠭᠤᠷᠪᠠ ᠲᠦᠷᠪᠡᠨ ᠮᠢᠩᠭᠠᠨ ᠡᠷᠦᠬᠡ ᠢᠷᠭᠡᠳ ᠲᠡᠳᠡᠨᠡᠷ ᠢ ᠲᠠᠭᠠᠯᠳᠣᠵᠣ ᠢᠷᠡᠪᠡ ᠭᠡᠵᠡᠢ᠃ ᠦᠯᠦᠭᠪᠡᠢ ᠲᠡᠳᠡᠨᠡᠷ ᠲᠤ ᠮᠠᠰᠢ ᠮᠠᠭᠤ ᠪᠠᠷ ᠬᠠᠨᠳᠣᠵᠣ᠂ ᠲᠡᠳᠡᠨᠡᠷ ᠤᠨ ᠨᠢᠭᠡ ᠪᠦᠯᠦᠭ ᠬᠦᠮᠦᠰ ᠢ ᠱᠣᠷᠣᠩ  ᠳᠤ ᠬᠤᠷᠢᠵᠣ᠂ ᠪᠣᠰᠣᠳ ᠬᠦᠮᠦᠨ ᠢ ᠨᠢ ᠴᠦᠯᠡᠵᠦ ᠶᠠᠪᠣᠭᠤᠯᠪᠠ ᠭᠡᠵᠡᠢ᠃ ᠡᠶᠢᠮᠦ ᠠᠴᠠ ᠢᠷᠵᠠᠨ ᠤ ᠴᠦᠯᠡᠭᠳᠡᠭᠰᠡᠨ  ᠨᠢ ᠮᠣᠩᠭᠤᠯ ᠬᠦᠮᠦᠨ ᠤ ᠲᠣᠮᠳᠠ ᠨᠢᠭᠡᠨ ᠴᠠᠭ ᠦᠶ᠎ᠡ ᠶᠢ ᠵᠠᠭᠠᠭᠯᠠᠬᠤ ᠶᠡᠭᠡ ᠬᠡᠷᠡᠭ ᠪᠣᠯᠪᠠ ᠭᠡᠵᠡᠢ᠃ ② ᠲᠣᠰ ᠨᠣᠮ ᠳᠤ ᠭᠤᠷᠪᠠᠨ ᠲᠦᠮᠡᠨ ᠡᠷᠦᠬᠡ ᠢᠷᠭᠡᠳ ᠭᠡᠬᠦ ᠳᠤ ᠪᠠᠪᠣᠷ ᠪᠣᠯ ᠭᠤᠷᠪᠠ ᠲᠦᠷᠪᠡᠨ ᠮᠢᠩᠭᠠᠨ ᠡᠷᠦᠬᠡ ᠢᠷᠭᠡᠳ ᠭᠡᠵᠡᠢ᠃  ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号