ᠤᠷᠤᠰ ᠤᠯᠤᠰ ᠤᠨ ᠵᠢᠭᠤᠯᠴᠢᠨ ᠠᠯᠠᠱᠠ ᠳᠤ ᠢᠷᠡᠵᠤ ᠰᠢᠨᠵᠢᠯᠡᠭᠰᠠᠨ ᠪᠠᠶᠢᠳᠠᠯ
ᠨᠡᠶᠢᠲᠡᠯᠡᠭᠰᠡᠨ ᠴᠠᠭ᠄
2020/3/24
   1871 ᠤᠨ ︵ᠪᠥᠷᠢᠨᠲᠤ ᠵᠠᠰᠠᠭᠴᠢ ᠶᠢᠨ ᠠᠷᠪᠠᠲᠤᠭᠠᠷ ᠤᠨ︶ ᠤ ᠶᠢᠰᠤᠨ ᠰᠠᠷ᠎ᠠ ᠶᠢᠨ ᠰᠢᠨᠠᠤᠨ ᠲᠤ ᠤᠷᠤᠰ ᠤᠯᠤᠰ ᠤᠨ ᠠᠯᠲᠠᠷᠲᠤ ᠵᠢᠭᠤᠯᠴᠢᠨ ᠨᠢᠺᠥᠯᠡᠢ ᠮᠧᠬᠠᠶᠢᠯᠤᠸᠢᠴᠢ᠂ ᠹᠠᠷᠵᠢᠸᠠᠨᠰᠺᠢ ᠬᠡᠭᠴᠢ ᠬᠤᠶᠠᠷ ᠬᠥᠮᠤᠨ ᠪᠤᠯᠤᠨ ᠤᠷᠴᠢᠭᠤᠯᠤᠭᠴᠢ ᠪᠤᠷᠢᠶᠠᠤᠨ ᠮᠤᠩᠭᠤᠯ ᠤᠨ ᠬᠤᠶᠠᠷ ᠬᠥᠮᠤᠨ ᠲᠠᠢ 4 ᠬᠥᠮᠤᠨ ᠬᠠᠯᠬ᠎ᠠ ᠮᠤᠩᠭᠤᠯ ᠤᠨ ᠳ᠋ᠠ ᠬᠥᠷᠢᠶ᠎ᠠ ᠠᠴᠠ ᠠᠶᠠᠨᠴᠢᠯᠠᠨ ᠭᠠᠷᠴᠤ᠂ ᠪᠡᠬᠡᠵᠢᠩ ᠢᠶᠠᠷ ᠲᠤᠭᠤᠷᠢᠨ ᠢᠨᠠᠭᠰᠢ ᠮᠥᠨ ᠵᠢᠯ ᠤᠨ ᠶᠢᠰᠤᠨ ᠰᠠᠷ᠎ᠠ ᠶᠢᠨ ᠰᠢᠨᠠᠤᠨ ᠢᠶᠠᠷ ᠳ᠋ᠢᠩ ᠶᠤᠸᠠᠨ ᠶᠢᠩ ᠬᠤᠲᠠ ᠳᠤ ᠬᠥᠷᠴᠤ ᠢᠷᠠᠵᠠᠢ᠃ ᠮᠥᠨ ᠲᠠᠷᠤᠢ ᠴᠢᠨ ᠸᠠᠩ ᠬᠥᠡᠭᠰᠠᠨᠵᠦ᠋ᠷᠮᠢᠤᠨ ᠲᠠᠢ ᠠᠭᠤᠯᠵᠠᠵᠤ᠂ ᠥᠪᠠᠷ ᠤᠨ ᠤᠴᠢᠷ ᠢᠶᠠᠨ ᠲᠠᠨᠢᠯᠴᠭᠤᠯᠵᠤ᠂ ︽ᠪᠢᠲᠠ ᠨᠠᠷ ᠪᠤᠯ ᠵᠥᠪᠬᠡᠨ ᠪᠠᠶᠢᠭᠠᠯᠢ ᠶᠢᠨ ᠡᠬᠡ ᠪᠠᠶᠠᠯᠢᠭ ᠤᠨ ᠠᠭᠤᠷᠬᠠᠢ ᠶᠢᠨ ᠢᠯᠠ ᠪᠠ ᠨᠢᠭᠤᠭᠲᠠᠮᠠᠯ ᠢ ᠰᠤᠲᠤᠯᠤᠨ ᠰᠢᠨᠵᠢᠯᠡᠬᠦ ᠶᠢ ᠬᠠᠷᠢᠭᠤᠴᠠᠬᠤ ᠠᠴᠠ ᠪᠢᠰᠢ᠂ ᠥᠬᠡᠷ᠎ᠠ ᠶᠠᠮᠠᠷ ᠴᠤ ᠶᠠᠪᠤᠲᠠᠯ ᠳᠤ ᠬᠠᠮᠢᠶᠠᠲᠠᠬᠤ ᠦᠭᠡᠢ᠃ ᠡᠬᠦᠨ ᠤ ᠲᠤᠬᠠᠢ ᠡᠷᠬᠢᠮ ᠨᠤᠶᠠᠨᠲᠠᠨ ᠤ ᠤᠷᠤᠨ ᠢ ᠲᠤᠭᠤᠷᠢᠨ ᠰᠢᠨᠵᠢᠯᠡᠬᠦ ᠬᠥᠰᠠᠯ ᠲᠠᠢ︾ ᠬᠡᠰᠠᠨ ᠳᠤ ᠵᠥᠪᠰᠢᠷᠡᠵᠤ᠂ ᠠᠯᠠᠱᠠ ᠠᠭᠤᠯᠠ ᠵᠡᠷᠬᠡ ᠭᠠᠵᠠᠷ ᠢᠶᠠᠷ ᠲᠤᠭᠤᠷᠢᠬᠤ ᠲᠡᠮᠲᠡᠭ ᠪᠢᠴᠢᠭ ᠤᠯᠭᠤᠵᠡᠢ᠃ ᠲᠡᠲᠠ ᠲᠤᠰ ᠭᠠᠵᠠᠷ ᠢ ᠮᠡᠲᠡᠬᠦ ᠨᠢᠬᠡᠨ ᠮᠤᠩᠭᠤᠯ ᠵᠠᠯᠠᠭᠤ ᠶᠢ ᠬᠥᠯᠤᠰᠤᠯᠡᠵᠤ᠂ ᠪᠤᠭᠤᠲᠤ ᠶᠢᠨ ᠠᠭᠤᠯᠠᠨ ᠳᠤ ᠭᠠᠷᠴᠤ ᠪᠠᠷᠤᠭ ᠠᠷᠪᠠ ᠭᠠᠷᠤᠢ ᠡᠲᠤᠷ ᠲᠤᠭᠤᠷᠢᠵᠤ ᠪᠤᠭᠤ᠂ ᠬᠥᠲᠡᠷᠢ᠂ ᠶᠠᠩᠬᠢᠷ᠂ ᠭᠤᠷᠭᠤᠤᠯ ᠵᠡᠷᠬᠡ ᠵᠡᠷᠯᠢᠭ ᠠᠮᠢᠲᠡᠨ ᠢ ᠪᠠᠷᠢᠵᠤ ᠠᠪᠴᠤ ᠰᠢᠨᠵᠢᠨ ᠥᠵᠡᠵᠡᠢ᠃ ᠲᠠᠷᠠᠭ᠎ᠠ ᠪᠠᠷ ᠲᠠᠤᠯᠡᠢ ᠪᠤᠯᠠᠭ ᠲᠤ ᠬᠥᠷᠴᠤ᠂ ᠮᠥᠨ ᠪᠤᠯᠠᠭ ᠲᠤ ᠨᠢᠬᠡᠨ ᠨᠤᠭᠤᠭᠠᠨ ᠮᠤᠭᠠᠢ ᠶᠢ ᠠᠮᠢᠲᠤ ᠪᠠᠷ ᠨᠢ ᠪᠠᠷᠢᠵᠤ ᠤᠰᠤᠲᠡᠢ ᠰᠢᠯ ᠯᠤᠩᠬᠤᠨ ᠳᠤ ᠰᠠᠪᠠᠯᠠᠵᠤ ᠠᠪᠤᠭᠠᠤᠨ ᠭᠠᠵᠠᠷᠴᠢ ᠵᠠᠯᠠᠭᠤ ᠳᠤ ︽ᠪᠢᠲᠠ ᠡᠨᠡᠬᠦ ᠮᠤᠭᠠᠢ ᠶᠢ ᠪᠠᠷᠢᠵᠤ ᠠᠪᠤᠭᠰᠠᠨ ᠢ ᠴᠢ ᠶᠠᠮᠠᠷ ᠴᠤ ᠬᠥᠮᠤᠨ ᠳᠤ ᠬᠡᠵᠢᠶᠠᠲᠠ ᠬᠡᠯᠠᠵᠤ ᠪᠤᠯᠬᠤ ᠦᠭᠡᠢ︾ ᠬᠡᠵᠤ ᠵᠠᠬᠢᠭᠠᠤᠨ᠂ 3 ᠯᠠᠩ ᠰᠢᠷ᠎ᠠ ᠠᠯᠲᠠ ᠲᠠᠢ ᠡᠳ᠋ ᠪᠤᠲᠠᠰ ᠥᠭᠴᠡᠢ᠃ ᠲᠠᠷᠠᠬᠦ ᠭᠠᠵᠠᠷᠴᠢ ᠪᠠᠷ ᠶᠠᠪᠤᠭᠰᠠᠨ ᠵᠠᠯᠠᠭᠤ ᠪᠤᠯ ᠤᠷᠢᠲᠤ ᠬᠡᠷᠡᠭ ᠲᠤ ᠬᠠᠯᠲᠠᠵᠤ᠂ ᠬᠠᠤᠯᠢ ᠪᠠᠷ ᠪᠠᠲᠡᠢ ᠶᠢᠨ ᠵᠢᠷᠠᠨ ᠳᠤ ᠴᠥᠯᠡᠭᠲᠡᠭᠰᠠᠨ ᠵᠤᠭᠤᠰᠤᠨ ᠬᠡᠯᠬᠢᠶ᠎ᠠ ᠬᠡᠭᠴᠢ ᠥᠯᠵᠡᠢ ᠶᠢᠨ ᠡᠴᠢᠬᠡ ᠶᠤᠮ᠃ ᠲᠠᠤᠯᠡᠢ ᠪᠤᠯᠠᠭ ᠤᠨ ᠨᠤᠭᠤᠭᠠᠨ ᠮᠤᠭᠠᠢ ᠦᠭᠡᠢ ᠪᠤᠯᠤᠭᠰᠠᠨ ᠤ ᠬᠤᠶᠢᠨ᠎ᠠ᠂ ᠰᠢᠷᠡᠬᠦ᠋ᠲᠤᠯ ᠤᠨ ᠤᠷᠤᠢ ᠳᠤ ᠡᠬᠦᠯᠠ ᠤᠲᠠᠭᠠᠨ ᠲᠤᠭᠲᠠᠬᠤ ᠦᠭᠡᠢ ᠮᠥᠷᠲᠡᠬᠡᠨ᠂ ᠲᠠᠤᠯᠡᠢ ᠪᠤᠯᠠᠭ ᠤᠨ ᠤᠷᠬᠢᠯᠬᠤ ᠤᠰᠤᠨ ᠤ ᠤᠨᠲᠤᠷᠤᠯ ᠨᠢ ᠴᠤ ᠶᠡᠭᠡ ᠪᠠᠷ ᠪᠠᠭᠠᠰᠴᠤ᠂ ᠬᠤᠷ᠎ᠠ ᠪᠤᠷᠤᠭᠠᠨ ᠤᠷᠤᠬᠤ ᠨᠢ ᠴᠥᠬᠡᠷᠡᠵᠤ᠂ ᠭᠠᠨᠭ᠍ᠲᠠᠬᠤ ᠥᠵᠡᠭᠲᠡᠯ ᠶᠡᠬᠡᠲᠥᠭᠰᠠᠨ ᠬᠡᠵᠤ ᠲᠡᠬᠡᠲᠤ ᠥᠶ᠎ᠠ ᠶᠢᠨ ᠬᠥᠮᠤᠰ ᠬᠡᠯᠡᠲᠡᠭ ᠪᠠᠶᠢᠭᠰᠠᠨ ︵1972 ᠤᠨ ᠤ ᠬᠠᠪᠤᠷ ᠤᠷᠢᠲᠤ ᠱᠠᠷᠢᠯ ᠤᠨ ᠶᠠᠮᠤᠨ ᠤ ᠲᠠᠭᠠᠭᠠᠮᠠᠯ ᠤᠨ ᠲᠤᠰᠢᠶᠠᠯ ᠬᠥᠯᠢᠶᠡᠵᠤ ᠥᠡᠭᠭᠡᠷᠡᠭᠰᠠᠨ ᠨᠠᠶᠠᠨ ᠨᠠᠰᠤᠲᠡᠢ ᠪᠠᠲᠠᠷᠠᠩᠭᠤᠢ ᠡᠪᠤᠬᠡᠨ ᠬᠡᠯᠡᠪᠡᠢ︶ ᠭᠡᠨ᠎ᠠ᠃    ᠮᠥᠨ ᠤᠨ ᠤ ᠴᠭᠠᠭᠴᠢᠨ ᠬᠤᠨᠢᠨ ᠵᠢᠯ ᠤᠨ ᠠᠷᠪᠡᠨ ᠰᠠᠷ᠎ᠠ ᠶᠢᠨ ᠠᠷᠪᠡᠨ ᠲᠠᠪᠤᠨ ᠤ ᠥᠷᠯᠤᠬᠡ᠂ ᠤᠷᠤᠰ ᠤᠯᠤᠰ ᠤᠨ ᠵᠢᠭᠤᠯᠴᠢᠨ ᠨᠢᠺᠥᠯᠠᠢ ᠮᠧᠬᠠᠢᠢᠯᠤᠸᠢᠴᠢ᠂ ᠹᠠᠷᠵᠢᠸᠠᠠᠰᠺᠢ ᠵᠡᠷᠬᠡ 4 ᠬᠥᠮᠤᠨ ᠳ᠋ᠢᠩ ᠶᠤᠸᠠᠨ ᠶᠢᠩ ᠠᠴᠠ ᠮᠤᠷᠲᠠᠵᠤ ᠵᠢᠷᠡᠲᠡᠢ ᠶᠢᠨ ᠨᠠᠭᠤᠷ ᠲᠤ ᠬᠥᠷᠬᠦ ᠳᠤ ᠨᠢᠬᠡᠨᠲᠠ ᠰᠥᠨᠢ ᠲᠥᠯᠢ ᠪᠤᠯᠪᠠ᠃ ᠲᠠᠷᠠ ᠥᠶᠡᠰ ᠲᠤ ᠨᠠᠭᠤᠷ ᠤᠨ ᠲᠤᠲᠤᠷ᠎ᠠ ᠲᠠᠪᠤᠨ ᠥᠡᠭᠬᠡ ᠶᠢᠨ ᠰᠤᠯᠤᠩᠭ᠎ᠠ ᠰᠤᠨᠤᠷᠠᠨ ᠭᠠᠷᠬᠤ ᠲᠠᠢ ᠵᠡᠷᠬᠡ ᠨᠠᠭᠤᠷ ᠤᠨ ᠲᠤᠮᠲᠡᠬᠢ ᠪᠢᠴᠢᠬᠠᠨ ᠪᠤᠯᠠᠭ ᠤᠨ ᠲᠡᠷᠬᠡᠲᠠ ᠬᠤᠶᠠᠷ ᠬᠡᠰᠡᠭ ᠭᠠᠯ ᠪᠥᠮᠪᠦᠭᠡ ᠲᠤᠭᠤᠷᠢᠭᠰᠠᠭᠠᠷ ᠤᠲᠠᠯ ᠦᠭᠡᠢ ᠬᠤᠤᠰ ᠤᠯᠠᠭᠠᠨ ᠬᠡᠷᠠᠯ ᠰᠠᠴᠤᠷᠠᠭᠤᠯᠤᠭᠰᠠᠨ ᠳ᠋ᠸᠡᠭᠯᠤ ᠪᠤᠯᠤᠨ ᠬᠤᠪᠢᠯᠵᠤ᠂ ᠬᠤᠶᠠᠷ ᠯᠤᠤ ᠲᠠᠭᠠᠵᠤ ᠪᠠᠶᠢᠭᠠᠤᠨ ᠪᠤᠯᠠᠭ ᠤᠨ ᠡᠬᠢᠨ ᠳᠤ ᠤᠷᠤᠵᠤ ᠠᠯᠠᠭ᠎ᠠ ᠪᠤᠯᠤᠭᠰᠠᠨ ᠥᠵᠡᠭᠲᠡᠯ ᠭᠠᠷᠴᠤ ᠬᠡᠨ᠎ᠠ᠃ ᠡᠬᠦᠨ ᠢ ᠤᠷᠤᠰ ᠬᠥᠮᠤᠨ ᠶᠡᠭᠡ ᠯᠠ ᠰᠤᠨᠢᠷᠬᠠᠵᠤ᠂ ᠡᠨᠠ ᠬᠦ ᠨᠠᠭᠤᠷ ᠲᠤ ᠠᠮᠢᠲᠤ ᠴᠢᠨᠲᠠᠮᠤᠨᠢ ᠤᠷᠤᠰᠢᠭᠰᠠᠨ ᠡᠯᠪᠡᠭ ᠠᠭᠤᠷᠬᠠᠢ ᠶᠢᠨ ᠬᠥᠷᠤᠩᠭᠡ ᠪᠠᠶᠢᠨ᠎ᠠ ᠬᠡᠵᠤ ᠬᠡᠯᠡᠭᠰᠠᠨ ᠬᠡᠨ᠎ᠠ᠃    ᠵᠢᠷᠡᠲᠡᠢ ᠠᠴᠠ ᠴᠠᠭᠠᠰᠢ ᠶᠠᠪᠤᠵᠤ ᠬᠠᠷ᠎ᠠ ᠮᠤᠷᠢᠲᠤ ᠪᠤᠯᠠᠭ ᠲᠤ ᠬᠥᠷᠴᠤ ᠬᠡᠲᠤᠨ ᠬᠤᠨᠤᠭ ᠰᠠᠭᠤᠵᠤ ᠪᠠᠶᠢᠭᠠᠯᠢ ᠶᠢᠨ ᠪᠤᠯᠠᠭᠲᠠᠮᠠᠯ ᠪᠠᠶᠠᠯᠢᠭ ᠢ ᠡᠷᠢᠵᠤ᠂ ᠮᠥᠨ ᠪᠤᠯᠠᠭ ᠤᠨ ᠤᠷᠴᠢᠮ ᠠᠴᠠ ᠯᠤᠤ ᠶᠢᠨ ᠶᠠᠰᠤ ᠶᠢ ᠮᠠᠯᠲᠠᠵᠤ ᠠᠷᠪᠢᠨ ᠠᠪᠴᠤ ᠶᠠᠪᠤᠵᠡᠢ᠃    ᠲᠠᠷᠠ ᠤᠷᠤᠰ ᠬᠥᠮᠤᠨ ᠶᠠᠪᠤᠭᠰᠠᠨ ᠠᠴᠠ ᠬᠤᠶᠢᠰᠢ᠂ ᠵᠢᠷᠠᠲᠡᠢ ᠶᠢᠨ ᠠᠭᠤᠷ ᠠᠴᠠ ᠬᠡᠷᠠᠯ ᠭᠠᠷᠬᠤ ᠦᠭᠡᠢ ᠪᠤᠯᠤᠭᠰᠠᠨ ᠪᠢᠯᠠ᠃   ᠲᠠᠨᠲᠠ ᠠᠴᠠ ᠴᠠᠭᠠᠰᠢ ᠬᠠᠷᠤᠤᠨ᠎ᠠ ᠶᠢᠨ ᠠᠭᠤᠯᠠ ᠶᠢᠨ ᠬᠠᠭᠠᠰ ᠲᠤ ᠪᠤᠢ ︽ᠵᠠᠬ᠎ᠠ ᠶᠢᠨ ᠴᠠᠭᠠᠨ ᠽᠠᠨᠲᠡᠨ︾ ᠬᠡᠬᠦ ᠭᠠᠵᠠᠷ ᠲᠤ ᠬᠥᠷᠴᠤ᠂ ᠲᠠᠷᠠ ᠬᠦ ᠠᠪᠤᠷᠭᠤ ᠶᠡᠭᠡ ᠤᠷᠭᠤᠭ᠎ᠠ ᠽᠠᠨᠲᠡᠨ ᠮᠤᠲᠤ ᠶᠢ ᠪᠥᠬᠦᠯᠢ ᠶᠤᠰᠤᠭᠠᠷ ᠨᠢ ᠮᠠᠯᠲᠠᠵᠤ ᠲᠡᠷᠬᠡ ᠪᠠᠷ ᠲᠡᠬᠡᠬᠡᠵᠤ ᠠᠪᠴᠤ ᠶᠠᠪᠤᠭᠰᠠᠨ ᠤ ᠰᠡᠬᠦᠯ ᠳᠤ ᠲᠤᠰ ᠨᠤᠲᠤᠭ ᠤᠨ ᠮᠤᠩᠭᠤᠯᠴᠤᠤᠨ ᠡᠨᠡᠬᠦ ᠰᠠᠶᠢᠬᠠᠨ ᠮᠤᠲᠤ ᠪᠠᠨ ᠬᠠᠷᠢ ᠶᠢᠨ ᠬᠥᠮᠤᠨ ᠳᠤ ᠤᠤᠯᠭᠠᠯᠠᠭᠲᠡᠨ ᠠᠯᠲᠠᠭᠰᠠᠨ ᠳᠤ ᠪᠠᠨ ᠬᠠᠷᠠᠮᠰᠠᠵᠤ ︽ᠵᠠᠬ᠎ᠠ ᠶᠢᠨ ᠴᠠᠭᠠᠨ ᠽᠠᠨᠲᠡᠨ ᠮᠢᠨᠢ︾ ᠬᠡᠲᠡᠭ ᠤᠷᠲᠤ ᠶᠢᠨ ᠲᠠᠭᠤᠤ ᠵᠤᠬᠢᠶᠠᠵᠤ ᠲᠠᠭᠤᠯᠠᠨ ᠲᠡᠤᠬᠡ ᠶᠢᠨ ᠲᠡᠮᠲᠡᠭᠯᠠᠯ ᠪᠤᠯᠭᠠᠭᠰᠠᠨ ᠤᠯᠠᠮᠵᠢᠯᠠᠯ ᠲᠠᠢ᠃ ᠡᠨᠠ ᠲᠡᠤᠬᠡ ᠶᠢ ᠬᠠᠷᠤᠤᠨ᠎ᠠ ᠪᠠᠭ ᠤᠨ ᠢᠰᠯᠠᠮ ᠰᠤᠷᠲᠠᠬᠤᠨ ᠤ ᠠᠬᠤᠡᠭ ᠪᠠᠭᠰᠢ ᠮᠠᠰᠢᠪᠢᠯᠢᠭ᠌ ︵1983 ᠤᠨ ᠳᠤ ᠨᠠᠰᠤ ᠪᠠᠷᠠᠪᠠ︶ ᠪᠤᠯᠤᠨ ᠠᠯᠲᠠᠷᠲᠤ ᠶᠡᠭᠡ ᠠᠬᠤᠡᠭ ᠠᠨ ᠪᠠᠶᠠᠨ᠋ᠧᠴᠢᠷ ᠨᠡᠷ ᠶᠠᠷᠢᠬᠤ ᠠᠴᠠ ᠭᠠᠲᠠᠨ᠎ᠠ᠂ ᠠᠬᠠᠮᠠᠤᠨ ᠨᠠᠰᠤᠲᠠᠶᠢᠴᠤᠤᠨ ᠤᠨ ᠠᠮᠠᠨ ᠶᠠᠷᠢᠷ᠎ᠠ ᠳᠤ ᠡᠯᠬᠦᠭᠲᠡᠵᠤ ᠪᠠᠶᠢᠭᠰᠠᠨ ᠪᠢᠯᠠ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号