ᠳᠣᠷᠭᠤᠳ ᠠᠶᠢᠮᠠᠭ
ᠨᠡᠶᠢᠲᠡᠯᠡᠭᠰᠡᠨ ᠴᠠᠭ᠄
2020/3/24
   ᠴᠢᠩᠭᠢᠰ ᠬᠠᠭᠠᠨ ᠤ 13 ᠳ᠋ᠣᠭᠠᠷ ᠦᠶ᠎ᠡ ᠶᠢᠨ ᠡᠪᠦᠭᠡ ᠳᠣᠪᠣᠨ ᠮᠡᠷᠭᠡᠨ ᠤ ᠠᠬ᠎ᠠ ᠲᠣᠸ᠎ᠠ ᠰᠣᠬᠤᠷ ᠤᠨ ᠳᠦᠷᠪᠡᠨ ᠬᠦᠪᠡᠭᠦᠨ ᠤ ᠣᠳᠬᠤᠨ ᠨᠢ ᠡᠷᠡᠭᠡ᠃ ᠡᠷᠡᠭᠡ ᠶᠢᠨ ᠣᠭᠰᠠᠭ᠎ᠠ ᠬᠡᠷᠢᠶ᠎ᠡ ᠮᠡᠳᠦ ᠬᠠᠷ᠎ᠠ ᠪᠦᠭᠡᠳ ᠡᠷᠡᠯᠬᠡᠭ ᠪᠠᠭᠠᠳᠣᠷ ᠳᠣᠯᠠ ︽ᠬᠡᠷᠡᠶᠢᠳ ᠠᠶᠢᠮᠠᠭ︾ ᠪᠣᠯᠪᠠ᠃    ᠴᠢᠩᠭᠢᠰ ᠬᠠᠭᠠᠨ ᠤ ᠬᠤᠯᠣᠨᠴᠠ ᠲᠦᠮᠪᠢᠨᠠᠢ ᠰᠡᠴᠠᠨ ᠳᠡᠭᠦᠣ ᠴᠢᠷᠬᠠᠢ ᠯᠢᠩᠬᠤ ᠶᠢᠨ ᠬᠢᠨᠢ ᠦᠶ᠎ᠡ ᠳᠤ ᠬᠡᠷᠡᠶᠢᠳ ᠠᠶᠢᠮᠠᠭ ᠤᠨ ᠣᠭᠳᠠ ᠪᠣᠷᠵᠢᠭᠢᠨ ᠤ ᠭᠡᠷ ᠤᠨ ᠪᠣᠭᠤᠯ ᠪᠠᠶᠢᠪᠠ᠃ ᠣᠭᠳᠠ ᠶᠢᠨ ᠬᠦᠪᠡᠭᠦᠨ ᠰᠦᠪᠡᠬᠡᠢ . ᠳᠡᠭᠦᠨ ᠤ ᠬᠦᠪᠡᠭᠦᠨ ᠬᠦᠬᠡᠴᠦ ᠬᠢᠷᠰᠠᠭᠠᠨ . ᠳᠡᠭᠦᠨ ᠤ ᠬᠦᠪᠡᠭᠦᠨ ᠶᠡᠭᠡ ᠬᠦᠨᠳᠠᠭᠠᠷ ︵ᠳᠠᠷᠣᠢ ᠬᠡᠷᠡᠶᠢᠳ ᠤᠨ ᠬᠤᠷᠴᠠᠬᠤᠰ ᠪᠦᠢᠷᠤᠭ ᠬᠠᠨ︶ . ᠳᠡᠭᠦᠨ ᠤ ᠬᠦᠪᠡᠭᠦᠨ ᠲᠣᠭᠤᠷᠢᠯ . ᠵᠠᠬ᠎ᠠ ᠭᠠᠮᠪᠤ . ᠡᠯ ᠬᠤᠳᠣᠷ  ᠂  ᠬᠤᠯᠪᠢᠷᠢ  ᠂  ᠨᠠᠷᠢᠨ ᠳᠠᠶᠢᠵᠢ᠃    ᠳᠣᠭᠤᠷᠢᠯ ᠡᠷᠳᠡ ᠦᠶ᠎ᠡ ᠶᠢᠰᠦᠭᠦᠢ ᠪᠠᠭᠠᠳᠣᠷ ᠲᠠᠢ ᠠᠨᠳᠠ ᠪᠠᠷᠢᠯᠳᠣᠨ ᠶᠢᠰᠦᠭᠦᠢ ᠪᠠᠭᠠᠳᠣᠷ ᠤᠨ ᠳᠡᠮᠵᠢᠯᠭᠡ ᠪᠠᠷ ᠬᠡᠷᠡᠶᠢᠳ ᠠᠶᠢᠮᠠᠭ ᠤᠨ ᠳᠡᠷᠢᠭᠦᠨ ᠸᠠᠩ ᠬᠠᠨ ᠪᠣᠯᠵᠣ ᠪᠢᠯᠡ᠃ ᠮᠦᠨ ᠴᠢᠩᠭᠢᠰ ᠬᠠᠭᠠᠨ ᠢ ᠳᠡᠮᠵᠢᠨ ᠮᠡᠷᠭᠢᠳ  ᠂  ᠲᠠᠲ᠋ᠠᠷ ᠢ ᠰᠦᠨᠦᠭᠡᠵᠣ  ᠂  ᠵᠠᠮᠤᠬ᠎ᠠ ᠶᠢ ᠳᠠᠶᠢᠯᠠᠨ  ᠂  ᠨᠠᠶᠢᠮᠠᠨ ᠢ ᠰᠦᠨᠦᠭᠡᠵᠣ ᠪᠢᠯᠡ᠃    1203 ᠣᠨ ᠲᠤ ᠸᠠᠩ ᠬᠠᠠ ᠪᠣᠯᠣᠨ ᠴᠢᠩᠭᠢᠰ ᠬᠠᠭᠠᠨ ᠵᠦᠷᠢᠴᠡᠯ ᠭᠠᠷᠴᠣ  ᠂  ᠴᠢᠩᠭᠢᠰ ᠬᠠᠭᠠᠨ ᠲᠤ ᠢᠯᠠᠭᠳᠠᠨ ᠨᠠᠶᠢᠮᠠᠨ ᠠᠶᠢᠮᠠᠭ ᠤᠨ ᠬᠦᠮᠦᠨ ᠲᠤ ᠠᠯᠠᠭᠳᠠᠪᠠ᠃ ᠸᠠᠩ ᠬᠠᠨ ᠲᠣᠭᠤᠷᠢᠯ ᠤᠨ ᠨᠢᠭᠡ ᠬᠦᠪᠡᠭᠦᠨ ᠨᠢ ᠠᠷᠰᠠᠯᠠᠨ  ᠂  ᠳᠡᠭᠦᠨ ᠤ ᠬᠦᠪᠠᠭᠦᠨ ᠠᠮᠣᠭᠤᠯᠠᠩ  ᠂  ᠳᠡᠭᠦᠨ ᠤ ᠬᠦᠪᠠᠭᠦᠨ ᠬᠡᠶᠢᠪᠠᠨᠭ᠌ ᠤᠨ ᠣᠭᠰᠠᠭ᠎ᠠ  ︽ᠲᠣᠷᠭᠤᠳ ᠠᠶᠢᠮᠠᠭ︾ ᠬᠡᠮᠡᠵᠣ ᠳᠦᠷᠪᠡᠨ ᠣᠶᠢᠷᠠᠳ ᠤᠨ ᠨᠢᠭᠡ  ᠂  ᠲᠠᠷᠪᠠᠭᠠᠳᠠᠢ ᠣᠷᠴᠢᠮ ᠤᠨ ᠶᠠᠭᠠᠷ ᠬᠡᠮᠡᠬᠦ ᠨᠣᠳᠤᠭ ᠲᠤ ᠨᠣᠳᠣᠭᠯᠠᠨ ᠪᠠᠶᠢᠵᠣ  ᠂  1771 ᠣᠨ ᠲᠤ ᠢᠯᠢ ᠣᠷᠣᠨ ᠲᠤ ᠨᠣᠳᠣᠭᠯᠠᠪᠠ᠃ ᠬᠡᠶᠢᠪᠠᠨᠭ᠌ ᠤᠨ ᠬᠦᠪᠡᠭᠦᠨ ᠰᠣᠰᠠᠢ  ᠂  ᠳᠡᠭᠦᠨ ᠤ ᠬᠦᠪᠡᠭᠦᠨ ᠪᠠᠶᠠᠷ  ᠂  ᠳᠡᠭᠦᠨ ᠤ ᠬᠦᠪᠡᠭᠦᠨ ᠮᠠᠭᠴᠢ ᠮᠦᠡᠭᠬᠡ ᠶᠢᠨ ᠣᠭᠰᠠᠭ᠎ᠠ ᠬᠤᠶᠢᠴᠢᠰ ᠮᠠᠨᠵᠣ ᠴᠢᠩ ᠢ ᠳᠠᠭᠠᠭᠠᠵᠣ ᠳᠣᠷᠭᠤᠳ ᠤᠨ ᠡᠮᠦᠨ᠎ᠡ ᠡᠮᠦᠨᠡᠳᠦ ᠬᠤᠰᠢᠭᠤ  ᠂  ᠡᠮᠦᠨ᠎ᠡ ᠬᠤᠶᠢᠳᠣ ᠬᠤᠰᠢᠭᠤ  ᠂  ᠰᠢᠨ᠎ᠡ ᠳᠣᠷᠭᠤᠳ ᠤᠨ ᠪᠠᠷᠠᠭᠤᠨ  ᠂  ᠵᠡᠭᠦᠨ ᠬᠤᠶᠠᠷ ᠬᠤᠰᠢᠭᠤ ᠪᠣᠯᠣᠨ ᠦᠨᠡᠨ ᠰᠦᠰᠦᠭᠳᠦ ᠶᠢᠨ ᠡᠮᠦᠨᠡᠳᠦ ᠵᠠᠮ ᠤᠨ ᠴᠢᠭᠤᠯᠠᠭᠠᠨ ᠤ ᠬᠠᠨ ᠤ ᠬᠤᠰᠢᠭᠤ  ᠂  ᠳᠣᠮᠳᠠᠳᠣ ᠬᠤᠰᠢᠭᠤ  ᠂  ᠪᠠᠷᠠᠭᠤᠨ ᠬᠤᠰᠢᠭᠤ  ᠂  ᠵᠡᠭᠦᠨ ᠬᠤᠰᠢᠭᠤ  ᠂  ᠦᠨᠡᠨ ᠰᠦᠰᠦᠭᠳᠦ ᠶᠢᠨ ᠣᠮᠠᠷᠠᠳᠣ ᠵᠠᠮ ᠤᠨ ᠴᠢᠭᠤᠯᠠᠭᠠᠨ ᠤ ᠣᠮᠠᠷᠠᠳᠣ ᠵᠠᠮ ᠤᠨ ᠬᠤᠰᠢᠭᠤ  ᠂  ᠪᠠᠷᠠᠭᠤᠨ ᠬᠤᠰᠢᠭᠤ  ᠂  ᠵᠡᠭᠦᠨ ᠬᠤᠰᠢᠭᠤ  ᠂  ᠦᠨᠡᠨ ᠰᠦᠰᠦᠭᠳᠦ ᠶᠢᠨ ᠳᠣᠷᠣᠨᠠᠳᠣ ᠵᠠᠮ ᠤᠨ ᠴᠢᠭᠤᠯᠠᠭᠠᠨ ᠤ ᠪᠠᠷᠠᠭᠤᠨ  ᠂  ᠵᠡᠭᠦᠨ ᠬᠤᠶᠠᠷ ᠬᠤᠰᠢᠭᠤ  ᠂  ᠦᠨᠡᠨ ᠰᠦᠰᠦᠭᠳᠦ ᠶᠢᠨ ᠦᠷᠦᠨᠡᠳᠦ ᠵᠠᠮ ᠤᠨ ᠴᠢᠭᠤᠯᠠᠭᠠᠨ ᠤ ᠦᠷᠦᠨᠡᠳᠦ ᠵᠠᠮ ᠤᠨ ᠬᠤᠰᠢᠭᠤ  ᠂  ᠡᠵᠡᠨ᠎ᠡ ᠬᠤᠰᠢᠭᠤ ᠵᠡᠷᠭᠡ ᠬᠤᠰᠢᠭᠤ ᠶᠢ ᠮᠡᠳᠡᠵᠣ ᠪᠠᠶᠢᠪᠠ᠃    ᠳᠣᠰ ᠠᠶᠢᠮᠠᠭ ᠤᠨ ᠬᠢᠳᠠᠳ ᠢᠶᠠᠷ  ︽陶,佟,唐,段  ︾ ᠢᠶᠠᠷ ᠣᠪᠣᠭᠰᠢᠵᠣ ᠪᠣᠢ᠃ ᠳᠣᠷᠭᠤᠳᠴᠣᠳ ᠭᠤᠣᠯᠳᠠᠭᠤ ᠬᠦᠬᠡᠨᠠᠭᠤᠷ  ᠂  ᠰᠢᠨᠵᠢᠶᠠᠩ  ᠂  ᠠᠯᠠᠭᠱᠠ ᠪᠠᠷ ᠳᠦᠪᠯᠡᠷᠡᠵᠣ ᠪᠣᠢ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号