ᠪᠦᠭᠡᠨᠡᠷ ᠤᠪᠤᠭ᠎ᠠ ᠶᠢᠨ ᠴᠠᠭᠠᠨ ᠰᠦᠯᠳᠡ ᠪᠤᠯ ᠪᠤᠰᠤᠳ ᠭᠠᠵᠠᠷ ᠤᠨ ᠤᠯᠠᠨ ᠲᠦᠷᠦᠯ ᠵᠦᠢᠯ ᠤᠨ ᠲᠠᠬᠢᠯᠭᠠᠳᠤ | ᠤᠪᠤᠭᠠᠨ ᠠᠴᠠ ᠢᠯᠭᠠᠭᠳᠠᠬᠤ ᠤᠨᠴᠠᠭᠠᠢ ᠰᠢᠨᠵᠢ ᠲᠡᠮᠳᠡᠭ ᠪᠤᠯᠵᠦ ᠬᠠᠷᠠᠭᠳᠠᠳᠠᠭ᠃ ᠪᠤᠰᠤᠳ ᠠᠶᠢᠮᠠᠭ ᠪᠦᠯᠦᠭ ᠤᠨ | ᠲᠠᠬᠢᠯᠭᠠᠳᠤ ᠤᠪᠤᠭᠠᠨ ᠳᠤ ᠰᠦᠯᠳᠡ ᠮᠠᠨᠳᠤᠭᠤᠯᠤᠨ ᠲᠠᠬᠢᠳᠠᠭ ᠤᠪᠤᠭ᠎ᠠ ᠭᠡᠵᠦ ᠶᠡᠷᠦ ᠦᠭᠡᠢ᠃ ︽ᠮᠤᠩᠭᠤᠯ ᠵᠠᠩ | ᠦᠢᠯᠡ ᠶᠢᠨ ᠨᠡᠪᠳᠡᠷᠬᠡᠢ ᠲᠤᠯᠢ — ᠤᠶᠤᠨ ᠤ ᠪᠤᠳᠢ︾ ᠳᠠᠬᠢ ᠲᠡᠮᠳᠡᠭᠯᠡᠯ ᠢ ᠦᠨᠳᠦᠰᠦᠯᠡᠪᠡᠯ᠂ ᠦᠵᠦᠮᠴᠢᠨ ᠤ | ᠰᠦᠯᠳᠡ ᠤᠪᠤᠭ᠎ᠠ ᠶᠢ ᠠᠯᠳᠠᠨ ᠬᠢᠩᠭᠠᠨ ᠤ ᠰᠠᠯᠪᠤᠷᠢ ᠱᠤᠭᠰᠤᠷᠭᠠ ᠶᠢᠨ ᠨᠢᠷᠤᠭᠤᠨ ᠤ ᠠᠪᠠᠢ ᠬᠠᠨ ᠠᠭᠤᠯᠠ ᠶᠢᠨ | ᠬᠠᠮᠤᠭ ᠦᠨᠳᠦᠷ ᠤᠷᠤᠢ ᠳᠡᠭᠡᠷ᠎ᠡ ᠦᠵᠦᠮᠴᠢᠨ ᠤ ᠠᠩᠬᠠᠳᠤᠭᠠᠷ ᠦᠶ᠎ᠡ ᠶᠢᠨ ᠬᠤᠱᠤᠢ ᠰᠡᠴᠡᠨ ᠴᠢᠨ ᠸᠠᠩ | ᠪᠤᠰᠬᠠᠵᠠᠢ᠃ ᠲᠤᠰ ᠤᠪᠤᠭ᠎ᠠ ᠶᠢ ᠴᠢᠯᠠᠭᠤ ᠪᠠᠷ ᠴᠠᠪᠴᠢᠨ ᠪᠤᠰᠬᠠᠵᠦ ᠭᠤᠤᠯ ᠳᠤᠨᠢ ᠭᠤᠷᠪᠠᠨ ᠰᠡᠷᠡᠭᠡ ᠲᠠᠢ | ᠰᠦᠯᠳᠡ ᠪᠠᠨ ᠪᠤᠰᠬᠠᠨ ᠳᠠᠯᠪᠢᠵᠠᠢ᠃ ᠦᠵᠦᠮᠴᠢᠨ ᠰᠦᠯᠳᠡ ᠨᠢ ᠬᠠᠷ᠎ᠠ ᠰᠦᠯᠳᠡ ︵ᠬᠠᠷ᠎ᠠ ᠲᠤᠭ︶ ᠶᠢᠨ | ᠬᠤᠪᠢᠯᠪᠤᠷᠢ ᠰᠦᠯᠳᠡ ᠪᠤᠯᠤᠨ᠎ᠠ ᠭᠡᠵᠡᠢ᠃ ᠲᠤᠰ ᠲᠡᠮᠳᠡᠭᠯᠡᠯ ᠢ ᠠᠵᠢᠭᠯᠠᠪᠠᠯ ᠦᠵᠦᠮᠴᠢᠨ ᠴᠢᠨ ᠸᠠᠩ ᠤᠨ | ᠪᠤᠰᠬᠠᠭᠰᠠᠨ ᠤᠪᠤᠭ᠎ᠠ ᠪᠤᠯ ᠲᠡᠰ ᠨᠢ ᠦᠨᠳᠦᠷ᠂ ᠲᠠᠬᠢᠯᠭ᠎ᠠ ᠨᠢ ᠦᠷᠭᠡᠨ ᠬᠡᠪᠴᠢᠶᠠᠨ ᠤ ᠪᠠᠶᠢᠵᠦ᠂ ᠪᠦᠬᠡ ᠮᠦᠷᠭᠦᠯ | ᠤᠨ ᠰᠢᠳᠦᠯᠭᠡ ᠲᠠᠢ ᠪᠤᠯᠵᠦ ᠲᠠᠭᠠᠷᠠᠨ᠎ᠠ᠂ ᠲᠠᠬᠢᠭᠠᠳ ᠬᠡᠯᠡᠪᠡᠯ ᠰᠦᠯᠳᠡ ᠶᠢᠨ ᠬᠡᠯᠪᠡᠷᠢ ᠮᠠᠶ᠋ᠢᠭ ᠨᠢ ᠴᠠᠭᠠᠨ ᠰᠦᠯᠳᠡ | ᠰᠢᠭ᠋ ᠪᠠᠶᠢᠨ᠎ᠠ᠂ ᠴᠠᠭᠠᠨ ᠰᠦᠯᠳᠡ ᠪᠤᠯ ᠭᠤᠷᠪᠠᠨ ᠲᠦᠯᠦ ᠪᠠᠳᠠᠷᠠᠭᠰᠠᠨ ᠭᠠᠯ ᠤᠨ ᠰᠤᠷ ᠤᠨ ᠬᠡᠯᠪᠡᠷᠢ ᠶᠤᠮ᠂ | ᠭᠤᠷᠪᠠᠨ ᠰᠡᠷᠡᠭᠡ ᠬᠡᠵᠦ ᠡᠭᠦᠨ ᠢ ᠬᠡᠯᠡᠵᠦ ᠪᠠᠶᠢᠬᠤ ᠳ᠋ᠠ᠃ ᠭᠡᠳᠡᠯ᠎ᠡ ︽ᠦᠵᠦᠮᠴᠢᠨ ᠰᠦᠯᠳᠡ ᠨᠢ ᠬᠠᠷ᠎ᠠ ᠲᠤᠭ | ᠰᠦᠯᠳᠡ ᠶᠢᠨ ᠬᠤᠪᠢᠯᠪᠤᠷᠢ︾ ᠭᠡᠵᠡᠢ᠃ ᠤᠯᠠᠩᠬᠢ ᠰᠦᠯᠳᠡᠨ ᠲᠡᠮᠳᠡᠭᠯᠡᠯ ᠳᠤ ᠬᠠᠷ᠎ᠠ ᠰᠦᠯᠳᠡ ᠶᠢᠨ ᠬᠡᠯᠪᠡᠷᠢ ᠶᠢ | ᠭᠠᠭᠴᠠ ᠬᠢᠯᠢᠪᠡᠷ ᠮᠠᠶ᠋ᠢᠭ ᠤᠨ ᠦᠵᠦᠭᠦᠷᠳᠡᠢ ᠲᠠᠢ ᠵᠢᠳᠡ ᠬᠡᠯᠪᠡᠷᠢ ᠪᠠᠷ ᠲᠡᠮᠳᠡᠭᠯᠡᠵᠦ ᠪᠠᠶᠢᠳᠠᠭ᠃ ᠦᠨᠡᠨᠬᠦ ᠭᠤᠷᠪᠠᠨ | ᠲᠦᠯᠦ ᠲᠠᠢ ᠲᠤᠭ ᠰᠦᠯᠳᠡ ᠪᠤᠯ ᠲᠠᠷᠤᠢ ᠴᠠᠭᠠᠨ ᠰᠦᠯᠳᠡ ᠪᠤᠯᠬᠤ ᠨᠢ ᠵᠠᠶᠢᠯᠠᠰᠢ ᠦᠭᠡᠢ ᠭᠡᠵᠦ ᠪᠤᠳᠤᠭᠳᠠᠨ᠎ᠠ᠃ | ᠮᠢᠨᠤ ᠲᠤᠰ ᠲᠡᠮᠳᠡᠭᠯᠡᠯ ᠢ ᠡᠰᠢ ᠲᠠᠳᠠᠵᠦ ᠪᠠᠶᠢᠬᠤ ᠨᠢ ᠭᠤᠷᠪᠠᠨ ᠲᠦᠯᠦ ᠲᠠᠢ ᠰᠦᠯᠳᠡ ᠲᠠᠬᠢᠯᠭ᠎ᠠ ᠶᠢᠨ | ᠤᠪᠤᠭ᠎ᠠ ᠭᠡᠪᠡᠯ ᠦᠵᠦᠮᠴᠢᠨ ᠴᠢᠨ ᠸᠠᠩ ᠤᠨ ᠲᠠᠬᠢᠯᠭ᠎ᠠ ᠶᠢᠨ ᠤᠪᠤᠭ᠎ᠠ ᠯᠡ ᠰᠠᠶ᠋ᠢ ᠡᠶᠢᠮᠦ ᠬᠡᠯᠪᠡᠷᠢ ᠢᠶᠠᠷ ᠢᠯᠷᠡᠵᠦ | ᠪᠠᠶᠢᠨ᠎ᠠ ᠭᠡᠰᠡᠨ ᠦᠬᠡ᠃ ᠲᠡᠭᠡᠪᠡᠯ ᠵᠢᠵᠢᠭ ᠠᠶᠢᠮᠠᠭ ᠪᠦᠯᠦᠭ ᠪᠤᠯᠬᠤ ᠪᠦᠭᠡᠨᠡᠷ ᠤᠪᠤᠭ᠎ᠠ ᠶᠢᠨ ᠲᠠᠬᠢᠯᠭ᠎ᠠ ᠳᠤ ᠴᠠᠭᠠᠨ | ᠠᠵᠢᠷᠭ᠎ᠠ ᠶᠢᠨ ᠲᠡᠯ ᠢᠶᠠᠷ ᠬᠦᠬᠦᠯᠡᠭᠰᠡᠨ ᠭᠤᠷᠪᠠᠨ ᠲᠦᠯᠦ ᠲᠠᠢ ᠴᠠᠭᠠᠨ ᠰᠦᠯᠳᠡ ᠲᠠᠬᠢᠭᠳᠠᠵᠦ ᠪᠠᠶᠢᠨ᠎ᠠ᠃ ᠡᠨᠡ | ᠪᠤᠯ ᠨᠢᠭᠡᠨ ᠰᠤᠨᠢᠷᠬᠠᠯᠳᠠᠢ ᠪᠦᠭᠡᠳ ᠰᠤᠳᠤᠯᠤᠭᠤᠰᠢᠳᠠᠢ ᠰᠡᠳᠦᠪ ᠪᠤᠯᠤᠨ᠎ᠠ᠃ ᠴᠢᠨ ᠸᠠᠩ ᠤᠨ ᠴᠠᠭᠠᠨ ᠰᠦᠯᠳᠡ | ᠪᠤᠶᠤ ᠬᠠᠷ᠎ᠠ ᠰᠦᠯᠳᠡ ᠶᠢᠨ ᠲᠠᠬᠢᠯᠭᠠᠳᠤ ᠤᠪᠤᠭ᠎ᠠ ᠪᠤᠯ ᠲᠠᠷᠤᠢ ᠴᠢᠩᠭᠢᠰ ᠬᠠᠭᠠᠨ ᠤ ᠠᠯᠳᠠᠨ ᠤᠷᠤᠭᠳᠠᠨ ᠤ | ᠤᠯᠠᠮᠵᠢᠯᠠᠵᠦ ᠢᠷᠡᠭᠰᠡᠨ ᠶᠡᠭᠡ ᠲᠠᠬᠢᠯᠭᠠᠳᠤ ᠦᠨᠳᠦᠷ ᠬᠢᠷᠢ ᠬᠡᠮ ᠲᠠᠢ ᠤᠪᠤᠭ᠎ᠠ ᠪᠠᠶᠢᠵᠦ ᠲᠠᠭᠠᠷᠠᠨ᠎ᠠ᠃ ᠲᠡᠭᠡᠪᠡᠯ | ᠪᠦᠭᠡᠨᠡᠷ ᠠᠶᠢᠮᠠᠭ ᠤᠨ ᠡᠨᠡ ᠤᠪᠤᠭ᠎ᠠ ᠴᠤᠬᠤᠮ ᠶᠠᠮᠠᠷ ᠲᠡᠤᠬᠡᠨ ᠶᠠᠪᠤᠳᠠᠯ ᠢ ᠢᠯᠡᠷᠡᠭᠦᠯᠬᠦ ᠲᠤᠬᠠᠢ ᠲᠤᠤᠷᠠᠬᠢ ᠮᠡᠳᠦ | ᠦᠴᠦᠬᠡᠨ ᠪᠤᠳᠤᠯ ᠢᠶᠠᠨ ᠲᠡᠯᠭᠡᠶᠡ᠄ | ⒈ ᠪᠦᠭᠡᠨᠡᠷ ᠠᠶᠢᠮᠠᠭ ᠢ ᠴᠠᠭᠠᠨ ᠲᠡᠭᠷᠢ ᠶᠢᠨ ᠰᠢᠳᠦᠭᠡᠨ ᠲᠠᠢ ᠴᠠᠭᠠᠳᠠᠢ ᠪᠦᠭᠡ ᠶᠢᠨ ᠤᠳᠤᠮ ᠭᠡᠳᠡᠭ᠃ ᠡᠷᠳᠡ | ᠲᠡᠭᠡᠷ᠎ᠡ ᠦᠶ᠎ᠡ ᠳᠡᠭᠡᠨ ᠪᠦᠬᠡᠨᠡᠷ ᠠᠶᠢᠮᠠᠭ ᠤᠨ ᠲᠡᠭᠡᠳᠦᠰ ᠨᠠᠷ ᠪᠦᠬᠡ ᠮᠦᠷᠭᠦᠯ ᠤᠨ ᠶᠤᠰᠤᠨ ᠳᠤ ᠨᠡᠪᠳᠡᠷᠡᠵᠦ᠂ | ᠪᠤᠷᠤᠭᠠᠨ ᠬᠤᠷ᠎ᠠ ᠤᠷᠤᠭᠤᠯᠴᠢᠳᠠᠭ᠂ ᠲᠡᠭᠡᠷ᠎ᠡ ᠠᠴᠠ ᠪᠤᠯᠤᠭᠰᠠᠨ ᠢ ᠪᠤᠰᠬᠠᠴᠢᠳᠠᠭ ᠶᠡᠭᠡ ᠡᠷᠳᠡᠮ ᠲᠡᠭᠦᠯᠳᠡᠷ ᠬᠦᠮᠦᠰ | ᠪᠠᠶᠢᠯ᠎ᠠ ᠭᠡᠵᠦ ᠤᠯᠠᠮᠵᠢᠯᠠᠳᠠᠭ᠃ ᠬᠤᠵᠢᠮ ᠨᠢ ᠮᠠᠨᠵᠦ ᠴᠢᠩ ᠤᠨ ᠦᠶ᠎ᠡ ᠳᠤ ᠲᠦᠷᠦ ᠶᠢᠨ ᠶᠤᠰᠤᠨ ᠢ ᠨᠢ ᠲᠠᠭᠠᠵᠦ᠂ | ᠦᠵᠦᠮᠴᠢᠨ ᠨᠤᠲᠤᠭ ᠲᠤ ᠢᠷᠡᠭᠡᠳ ᠰᠢᠷ᠎ᠠ ᠶᠢᠨ ᠱᠠᠰᠢᠨ ᠤ ᠵᠢᠷᠤᠮ ᠢ ᠲᠠᠭᠠᠭᠰᠠᠨ ᠢᠶᠠᠷ ᠯᠠᠮᠠ ᠶᠢᠨ ᠬᠦᠷᠢᠶ᠎ᠡ | ᠰᠦᠮ᠎ᠡ ᠶᠢᠨ ᠬᠠᠷᠢᠶᠠᠳᠤ ᠬᠤᠷᠢᠨ ᠪᠤᠯᠵᠠᠢ᠃ ᠲᠡᠳᠡᠨ ᠤ ᠪᠦᠭᠡ ᠮᠦᠷᠭᠦᠯ ᠤᠨ ᠬᠤᠪᠴᠠᠠᠰᠤ ᠵᠠᠰᠠᠯ᠂ ᠲᠠᠯ᠎ᠠ | ᠬᠡᠩᠭᠡᠷᠭᠡ ᠢ ᠨᠢ, ᠯᠠᠮᠠ ᠶᠢᠨ ᠬᠦᠷᠢᠶ᠎ᠡ ᠰᠦᠮ᠎ᠡ ᠶᠢᠨ ᠴᠤᠶᠢᠷ ᠲᠤᠭᠠᠩ ᠳᠤ ᠬᠠᠳᠠᠭᠠᠯᠭᠰᠠᠨ ᠢᠶᠠᠷ ᠬᠦᠷᠢᠶ᠎ᠡ ᠰᠦᠮ᠎ᠡ | ᠶᠢ ︵1966 ᠤᠨ︶ ᠨᠤᠷᠠᠬᠤ ᠪᠤᠯᠳᠠᠯ᠎ᠠ ᠪᠠᠶᠢᠭᠰᠠᠨ ᠪᠠᠶᠢᠵᠠᠢ᠃ | ⒉ ᠪᠦᠭᠡᠨᠡᠷ ᠤᠪᠤᠭ᠎ᠠ ᠪᠤᠯ ᠵᠡᠭᠦᠨ ᠦᠵᠦᠮᠴᠢᠨ ᠬᠤᠰᠢᠭᠤᠨ ᠤ ᠪᠡᠶᠡᠨᠬᠦᠭᠡᠪᠦᠷ ᠰᠤᠮᠤᠨ ᠤ ᠲᠦᠪ ᠠᠴᠠ | ᠤᠷᠤᠭᠰᠢ ᠪᠦᠬᠦᠢ ᠠᠭᠤᠯᠠᠰ ᠤᠨ 1171 ᠦᠨᠳᠦᠷᠯᠢᠭ ᠤᠨ ᠤᠷᠤᠢ ᠳᠤ ᠪᠠᠶᠢᠵᠦ᠂ ᠭᠠᠵᠠᠷ ᠤᠨ ᠪᠠᠶᠢᠷᠢᠰᠢᠯ ᠨᠢ | ᠤᠮᠠᠷᠠᠳᠤ ᠦᠷᠭᠡᠷᠢᠭ ᠤᠨ 45。56″᠂ ᠵᠡᠭᠦᠨ ᠤᠷᠳᠤᠷᠢᠭ ᠤᠨ 117。43″ ᠶᠢᠨ ᠤᠷᠤᠨ ᠴᠡᠭ ᠲᠤ | ᠪᠠᠶᠢᠷᠢᠰᠢᠵᠦ ᠪᠠᠶᠢᠳᠠᠭ᠃ ᠦᠵᠦᠮᠴᠢᠨ ᠳᠤ ᠢᠷᠡᠭᠡᠳ ᠲᠤᠰ ᠦᠨᠳᠦᠷ ᠤᠷᠭᠢᠯ ᠲᠡᠭᠡᠷ᠎ᠡ ︽ᠬᠠᠰᠢᠶᠠᠳᠤ ᠶᠢᠨ ᠪᠠᠶᠠᠨ | ᠤᠪᠤᠭ᠎ᠠ︾ ᠭᠡᠬᠦ ᠲᠠᠬᠢᠯᠭ᠎ᠠ ᠶᠢᠨ ᠤᠪᠤᠭ᠎ᠠ ᠪᠠᠨ ᠪᠤᠰᠬᠠᠵᠠᠢ᠃ ᠪᠤᠰᠤᠳ ᠤᠪᠤᠭ ᠤᠨ ᠬᠢᠨ ︽ᠪᠦᠭᠡ ᠶᠢᠨ ᠤᠪᠤᠭ᠎ᠠ | ︾ ᠭᠡᠵᠦ ᠳᠠᠭᠤᠳᠠᠳᠠᠭ᠂ ᠪᠠᠶᠠᠨᠬᠦᠭᠡᠪᠦᠷ ᠭᠠᠴᠠᠭ᠎ᠠ ᠶᠢᠨ ᠨᠤᠲᠤᠭ ᠲᠤ ᠪᠤᠢ᠃ ᠪᠦᠭᠡᠨᠡᠷ ᠠᠶᠢᠮᠠᠭ ᠤᠨ ᠲᠡᠭᠡᠳᠦᠰ ᠨᠠᠷ | ᠦᠵᠦᠮᠴᠢᠨ ᠳᠤ ᠢᠷᠡᠬᠦ ᠦᠶ᠎ᠡ ᠪᠦᠬᠡ ᠮᠦᠷᠭᠦᠯ ᠤᠨ ᠡᠷᠳᠡᠮ ᠲᠠᠢ ᠪᠠᠨ ᠢᠷᠡᠭᠰᠡᠨ ᠨᠢ ᠮᠠᠭᠠᠳ᠃ ᠲᠦᠷᠦ ᠶᠢᠨ | ᠲᠠᠷᠤᠯᠳᠠ ᠶᠢᠨ ᠲᠤᠤᠷ᠎ᠠ ᠡᠨᠡ ᠤᠪᠤᠭ᠎ᠠ ᠶᠢ ᠪᠤᠰᠬᠠᠬᠤ ᠦᠶ᠎ᠡ ᠳᠤ᠂ ᠦᠪᠡᠷ ᠤᠨ ᠲᠡᠭᠡᠳᠦᠰ ᠤᠨ ᠤᠩᠭᠤᠳ ᠪᠤᠯᠤᠨ | ᠴᠠᠭᠠᠨ ᠲᠤᠭ ᠢᠶᠠᠨ ᠤᠷᠤᠰᠢᠭᠤᠯᠵᠦ᠂ ᠠᠮᠢᠯᠠᠭᠤᠯᠤᠨ ᠲᠠᠬᠢᠵᠦ ᠤᠯᠠᠮᠵᠢᠯᠠᠭᠰᠠᠨ ᠨᠢ ᠮᠡᠳᠡᠭᠡᠵᠢ ᠬᠡᠷᠡᠭ᠃ ᠡᠨᠡ ᠪᠤᠯ | ᠦᠨᠳᠦᠷ ᠲᠡᠭᠡᠳᠦ ᠠᠴᠠ ᠮᠠᠨ ᠳᠤ ᠦᠯᠡᠳᠡᠭᠡᠭᠰᠡᠨ ᠮᠠᠰᠢ ᠬᠤᠪᠤᠷ ᠨᠠᠨᠳᠢᠨ ᠤᠶᠤᠨ ᠤ ᠦᠪ ᠬᠦᠷᠦᠩᠭᠡ ᠦᠮᠦᠭ | ᠲᠦᠰᠢᠭ ᠮᠠᠨᠢ ᠪᠤᠯᠤᠨ᠎ᠠ᠃ ᠶᠠᠭ ᠪᠦᠬᠡᠨᠡᠷ ᠤᠪᠤᠭᠠᠨ ᠤ ᠲᠡᠭᠡᠳᠦ ᠰᠠᠬᠢᠭᠤᠰᠤ ᠬᠠᠳᠤᠨ ᠡᠬᠡ ᠶᠢᠨ ᠠᠶᠢᠯᠠᠳᠤᠭᠰᠠᠨ | ᠮᠡᠳᠦ᠄᠄ ︽ᠤᠮᠤᠭ ᠦᠭᠡᠢ ᠤᠳᠤᠭ ᠭᠡᠵᠦ ᠪᠠᠶᠢᠳᠠᠭ ᠦᠭᠡᠢ ᠤᠳᠤᠭ ᠤᠨ ᠡᠷᠬᠢᠮ ᠵᠦᠢᠯᠡᠰ ᠨᠢ ᠤᠪᠤᠭ᠎ᠠ ᠪᠤᠯᠬᠤ︾ | ᠭᠡᠰᠡᠨ ᠮᠦᠷᠳᠡᠭᠡᠨ ︽ᠤᠪᠤᠭ᠎ᠠ ᠪᠠᠨ ᠮᠠᠨᠠᠬᠤ ᠨᠢ ᠤᠷᠴᠢᠯᠠᠩ ᠢ ᠮᠠᠨᠠᠵᠦ ᠪᠠᠶᠢᠬᠤ ᠭᠡᠵᠦ ᠪᠤᠳᠤᠵᠦ ᠶᠠᠪᠤ᠂ ᠤᠪᠤᠭ᠎ᠠ | ᠤᠳᠤᠭ ᠢ ᠮᠠᠨᠠᠵᠦ ᠪᠠᠶᠢᠨ᠎ᠠ︾ ᠭᠡᠵᠦ ᠤᠪᠤᠭᠠᠨ ᠤ ᠠᠴᠢ ᠬᠤᠯᠪᠤᠭᠳᠠᠯ ᠤᠪᠤᠭ᠎ᠠ ᠲᠠᠬᠢᠯᠭ᠎ᠠ ᠶᠢᠨ ᠴᠢᠬᠤᠯᠠ ᠴᠢᠨᠠᠷ ᠢ | ᠰᠤᠷᠭᠠᠵᠦ ᠬᠠᠶᠢᠷᠠᠯᠠᠭᠰᠠᠨ ᠪᠠᠶᠢᠭ᠎ᠠ ᠶᠤᠮ᠃ ᠪᠦᠭᠡᠨᠡᠷ ᠤᠪᠤᠭᠠᠨ ᠤ ᠰᠦᠯᠳᠡ ᠰᠢᠳᠦᠯᠭᠡ ᠶᠢᠨ ᠲᠤᠬᠠᠢ ᠠᠰᠠᠭᠤᠬᠤ | ᠳᠤ ᠬᠠᠳᠤᠨ ᠡᠬᠡ᠄ ︽ᠰᠦᠯᠳᠡ ᠦᠭᠡᠢ ᠲᠦᠷᠦ ᠰᠦᠨᠡᠰᠦ ᠦᠭᠡᠢ ᠪᠡᠶ᠎ᠡ ᠭᠡᠵᠦ ᠪᠠᠶᠢᠳᠠᠭ᠂ ᠤᠪᠤᠭ᠎ᠠ ᠪᠠᠨ ᠰᠡᠳᠭᠢᠯ | ᠢᠶᠠᠷ ᠢᠶᠠᠨ ᠰᠠᠶᠢᠨ ᠲᠠᠬᠢ︕︾ ᠭᠡᠵᠦ ᠲᠤᠲᠤᠷᠬᠠᠶᠢᠯᠠᠭᠰᠠᠨ ᠪᠠᠶᠢᠭ᠎ᠠ ᠶᠤᠮ᠃ | ᠪᠦᠬᠡ ᠶᠢᠨ ᠨᠠᠶᠢᠮᠠᠭ ᠪᠤᠯ ᠤᠷᠢᠶᠠᠩᠬᠠᠨ ᠤᠪᠤᠭᠳᠤ ᠤᠯᠤᠰ᠂ ︽ᠪᠦᠬᠡ ᠶᠢᠨ︾ ᠭᠡᠳᠡᠭ ᠨᠢ ᠲᠡᠭᠡᠳᠦ ᠶᠢᠨ | ᠡᠷᠳᠡᠮ ᠢᠶᠠᠷ ᠨᠢ ᠲᠠᠭᠤᠳᠠᠵᠦ ᠠᠶᠢᠮᠠᠭ ᠪᠦᠯᠦᠭ ᠤᠨ ᠨᠡᠷ᠎ᠡ ᠪᠤᠯᠭᠠᠭᠰᠠᠨ ᠨᠢ ᠲᠤᠲᠤᠷᠬᠠᠢ ᠪᠠᠶᠢᠨ᠎ᠠ᠃ ᠡᠨᠡ ᠪᠤᠯ | ᠤᠪᠤᠭ ᠪᠢᠰᠢ᠂ ᠭᠡᠳᠡᠯ᠎ᠡ ᠵᠠᠷᠢᠮ ︽ᠤᠪᠤᠭ ᠤᠭᠰᠠᠭ᠎ᠠ ᠶᠢᠨ ᠨᠤᠮ︾ ᠳᠤ ᠤᠪᠤᠭ ᠢᠶᠠᠷ ᠲᠠᠰᠢᠶᠠᠷᠠᠵᠦ ᠪᠢᠴᠢᠭᠰᠡᠨ | ᠴᠤ ᠪᠤᠢ᠃ | ⒊ ᠲᠡᠤᠬᠡ ᠲᠡᠮᠳᠡᠭᠯᠡᠯ ᠠᠴᠠ ᠰᠢᠨᠵᠢᠯᠡᠬᠦ ᠨᠢ᠄ | ᠡᠨᠡᠬᠦ ᠬᠤᠪᠤᠷ ᠨᠠᠨᠳᠢᠨ ᠴᠠᠭᠠᠨ ᠲᠤᠭ ᠶᠠᠭᠠᠬᠢᠵᠦ ᠪᠦᠭᠡᠨᠡᠷ ᠤᠪᠤᠭᠠᠨ ᠤ ᠲᠠᠬᠢᠯᠭ᠎ᠠ ᠶᠢᠨ ᠰᠢᠳᠦᠭᠡᠨ ᠪᠤᠯᠤᠭᠰᠠᠨ | ᠪᠤᠢ︖ | ᠴᠢᠩᠭᠢᠰ ᠬᠠᠭᠠᠨ ᠪᠤᠯ ᠪᠦᠬᠡ ᠮᠦᠷᠭᠦᠯ ᠤᠨ ᠲᠡᠭᠷᠢ ᠰᠢᠳᠦᠯᠭᠡ ᠲᠠᠢ ᠪᠦᠭᠡᠳ ᠪᠦᠬᠡ ᠮᠦᠷᠭᠦᠯ ᠢᠶᠠᠷ ᠶᠡᠭᠡ | ᠮᠤᠩᠭᠤᠯ ᠬᠠᠭᠠᠨᠳᠤ ᠤᠯᠤᠰ ᠤᠨ ᠲᠦᠷᠦ ᠶᠢᠨ ᠱᠠᠰᠢᠨ ᠪᠤᠯᠭᠠᠭᠰᠠᠨ ᠪᠠᠶᠢᠳᠠᠭ᠃ ᠪᠦᠬᠡ ᠮᠦᠷᠭᠦᠯ ᠤᠨ ᠬᠢᠨ | ᠴᠢᠩᠭᠢᠰ ᠬᠠᠭᠠᠨ ᠢ ᠶᠡᠷᠡ ᠶᠢᠰᠦᠨ ᠲᠡᠭᠷᠢ ᠶᠢ ᠤᠷᠢᠨ ᠵᠠᠯᠠᠵᠦ ᠬᠦᠷᠭᠡᠨ ᠮᠤᠷᠳᠠᠭᠤᠯᠳᠠᠭ ᠪᠦᠬᠡ ᠮᠦᠷᠭᠦᠯ ᠤᠨ ᠢᠳᠡ | ᠰᠢᠳᠢ ᠲᠠᠢ ᠬᠦᠮᠦᠨ ᠪᠠᠶᠢᠭᠰᠠᠨ ᠮᠦᠷᠳᠡᠭᠡᠨ ᠠᠯᠢᠪᠠ ᠶᠡᠭᠡ ᠦᠢᠯᠡ ᠬᠡᠷᠡᠭ ᠢ ᠪᠦᠬᠡ ᠪᠦᠭᠡᠯᠡᠬᠦ ᠪᠠᠷ ᠲᠠᠮᠵᠢᠭᠤᠯᠤᠨ | ᠲᠡᠭᠡᠳᠦ ᠶᠢᠷᠳᠢᠨᠴᠤ ᠠᠴᠠ ᠠᠰᠠᠭᠤᠳᠠᠭ ᠪᠠᠶᠢᠯ᠎ᠠ ᠭᠡᠳᠡᠭ᠃ ︽ᠮᠤᠩᠭᠤᠯ ᠤᠨ ᠨᠢᠭᠤᠴᠠ ᠲᠤᠪᠴᠢᠶᠠᠨ︾ ᠳᠤ᠄ ︽ | ᠬᠤᠷᠴᠢ᠂ ᠲᠡᠮᠦᠵᠢᠨ ᠳᠤ ︿᠁ ᠭᠡᠪᠡᠴᠤ ᠵᠠᠭᠠᠷᠢᠨ ᠲᠡᠭᠷᠢ ᠢᠷᠡᠵᠦ᠂ ᠮᠢᠨᠤ ᠨᠢᠳᠤᠨ ᠳᠤ ᠦᠵᠡᠭᠦᠯᠦᠭᠰᠡ ᠨᠢ᠂ | ᠬᠤᠸᠠᠭᠴᠢᠨ ᠦᠨᠢᠶ᠎ᠡ ᠢᠷᠡᠵᠦ᠂ ᠵᠠᠮᠤᠬ᠎ᠠ ᠶᠢ ᠲᠤᠭᠤᠷᠢᠨ ᠭᠦᠶᠦᠵᠦ᠂ ᠭᠡᠷ ᠲᠡᠷᠭᠡ ᠶᠢ ᠨᠢ ᠮᠦᠷᠭᠦᠵᠦ᠂ ᠵᠠᠮᠤᠬ᠎ᠠ ᠶᠢ | ᠰᠡᠵᠢᠭᠰᠡᠭᠡᠷ ᠦᠷᠦᠭᠡᠰᠦᠨ ᠡᠪᠡᠷ ᠢᠶᠠᠨ ᠬᠤᠭᠤᠯᠵᠦ᠂ ᠰᠤᠯᠵᠢᠷ ᠡᠪᠡᠷ ᠲᠠᠢ ᠪᠤᠯᠤᠭᠠᠳ᠄ ︿ᠡᠪᠡᠷ ᠢ ᠮᠢᠨᠢ ᠦᠭ︕﹀ | ᠭᠡᠵᠦ ᠵᠠᠮᠤᠬ᠎ᠠ ᠶᠢᠨ ᠵᠦᠭ ᠮᠦᠭᠡᠷᠤᠨ ᠮᠦᠭᠡᠷᠤᠨ᠂ ᠰᠢᠷᠤᠢ ᠰᠠᠴᠤᠨ ᠪᠠᠶᠢᠪᠠ᠃ ᠪᠠᠰᠠ ᠨᠢᠭᠡᠨ ᠮᠤᠬᠤᠷ ᠬᠤᠸᠠ | ᠦᠬᠡᠷ ᠢ ᠶᠡᠭᠡ ᠭᠡᠷ ᠲᠡᠷᠭᠡᠨ ᠳᠤ ᠬᠦᠯᠦᠭᠰᠡᠨ ᠳᠤ᠂ ᠲᠡᠷᠡ ᠦᠬᠡᠷ ᠶᠡᠭᠡ ᠵᠠᠮ ᠢᠶᠠᠷ ᠲᠡᠮᠦᠵᠢᠨ ᠤ ᠬᠤᠶᠢᠨ᠎ᠠ ᠠᠴᠠ | ᠲᠠᠭᠠᠵᠦ᠂ ᠮᠦᠭᠡᠷᠤᠨ ᠮᠦᠭᠡᠷᠤᠨ᠄ ︿ᠲᠡᠭᠷᠢ ᠭᠠᠵᠠᠷ ᠡᠶᠡᠳᠤᠯᠳᠤᠵᠦ ᠲᠡᠮᠦᠵᠢᠨ ᠢ ᠤᠯᠤᠰ ᠤᠨ ᠡᠵᠡᠨ ᠪᠤᠯᠳᠤᠭᠠᠢ | ᠬᠡᠮᠡᠨ ᠤᠯᠤᠰ ᠲᠡᠭᠡᠭᠡᠵᠦ ᠬᠦᠷᠭᠡᠵᠦ ᠢᠷᠡᠯ᠎ᠡ﹀ ᠭᠡᠵᠦ ᠬᠡᠯᠡᠬᠦ ᠶᠢ ᠵᠠᠭᠠᠷᠢᠨ ᠲᠡᠭᠷᠢ ᠨᠠᠳᠠ ᠳᠤ ᠵᠢᠭᠠᠵᠦ ᠦᠵᠡᠭᠦᠯᠪᠡ﹀ | ᠁︾ ᠭᠡᠵᠦ ᠭᠠᠷᠳᠠᠭ᠃ ᠡᠨᠡ ᠨᠢ ᠴᠢᠩᠭᠢᠰ ᠬᠠᠭᠠᠨ ᠪᠦᠬᠡ ᠮᠦᠷᠭᠦᠯ ᠤᠨ ᠶᠤᠰᠤᠨ ᠢᠶᠠᠷ ᠦᠢᠯᠡ ᠬᠡᠷᠡᠭ ᠪᠠᠨ | ᠠᠰᠠᠭᠤᠨ ᠪᠤᠯᠭᠤᠭᠠᠵᠦ ᠪᠠᠶᠢᠭᠰᠠᠨ ᠪᠠ ᠴᠢᠩᠭᠢᠰ ᠤᠨ ᠶᠡᠭᠡ ᠦᠢᠯᠡ ᠪᠦᠳᠦᠬᠦ ᠶᠢ ᠰᠢᠭᠤᠳ ᠬᠡᠯᠡᠵᠦ ᠦᠭᠭᠦᠭᠰᠡᠨ | ᠭᠡᠳᠡᠭ ᠢ ᠬᠠᠷᠠᠭᠤᠯᠤᠨ᠎ᠠ᠃ ᠴᠢᠩᠭᠢᠰ ᠬᠠᠭᠠᠨ ᠤ ᠮᠤᠩᠭᠤᠯ ᠤᠨ ᠶᠡᠭᠡ ᠨᠢᠭᠡᠳᠭᠡᠯ ᠢ ᠪᠡᠶᠡᠯᠡᠭᠦᠯᠬᠦ ᠳᠤ ᠪᠦᠬᠡ | ᠮᠦᠷᠭᠦᠯ ᠤᠨ ᠬᠢᠨ ᠲᠤᠬᠠᠶᠢᠯᠠᠪᠠᠯ ᠪᠠᠭᠠᠷᠢᠨ ᠤ ᠬᠤᠷᠴᠢ᠂ ᠵᠠᠯᠠᠶᠢᠷ ᠤᠨ ᠮᠤᠬᠤᠯᠠᠢ ᠶᠢᠨ ᠡᠴᠢᠭᠡ ᠭᠦᠨ ᠭᠤᠸ᠎ᠠ᠂ | ᠬᠤᠩᠬᠤᠳᠠᠨ ᠤ ᠬᠦᠭᠡᠴᠤ ᠨᠠᠷ ᠪᠦᠭᠡ ᠶᠢᠨ ᠢᠳᠡ ᠰᠢᠳᠢ ᠶᠢ ᠦᠵᠡᠭᠦᠯᠦᠨ ᠶᠡᠬᠡᠬᠡᠨ ᠬᠦᠴᠦᠨ ᠢ ᠡᠷᠭᠦᠵᠦ ᠪᠠᠶᠢᠭᠰᠠᠨ | ᠢ ᠤᠯᠠᠨ ᠡᠷᠳᠡᠮᠳᠡᠳ ᠤᠨ ᠰᠤᠳᠤᠯᠭᠠᠨ ᠤ ᠨᠤᠮ ᠳᠤ ᠲᠡᠮᠳᠡᠭᠯᠡᠵᠦ ᠪᠠᠶᠢᠳᠠᠭ᠃ ᠢᠨᠵᠠᠨᠠᠰᠢ ᠶᠢᠨ ︽ᠬᠦᠬᠡ ᠰᠤᠳᠤᠷ︾ | ᠲᠤ ᠲᠡᠮᠦᠵᠢᠨ ᠢ ︽ᠪᠠᠳᠠᠷᠠᠩᠭᠤᠢ ᠴᠠᠭᠠᠨ ᠲᠡᠭᠷᠢ ᠶᠢᠨ ᠬᠤᠪᠢᠯᠭᠠᠨ︾ ᠭᠡᠵᠦ ᠲᠡᠮᠳᠡᠭᠯᠡᠵᠦ ᠪᠤᠢ᠃ | ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠫᠷᠤᠹᠧᠰᠰᠤᠷ ᠭᠡ᠊ ᠮᠦᠩᠭᠡ ᠰᠤᠳᠤᠯᠬᠤ ᠳᠠᠭᠠᠨ᠄ | ︽ᠪᠦᠭᠡ ᠮᠦᠷᠭᠦᠯ ᠪᠤᠯ ᠪᠠᠶᠢᠭᠠᠯᠢ ᠶᠢᠨ ᠰᠢᠳᠦᠯᠭᠡ ᠪᠠ ᠲᠡᠭᠡᠳᠦᠰ ᠤᠨ ᠰᠢᠳᠦᠯᠭᠡ ᠶᠢᠨ ᠤᠶᠠᠯᠳᠤᠯ ᠮᠦᠨ᠂ ᠡᠨᠡ ᠨᠢ | ᠬᠡᠷᠡᠭ ᠳᠡᠭᠡᠷ᠎ᠡ ᠪᠠᠨ ᠪᠠᠶᠢᠭᠠᠯᠢ ᠪᠠ ᠬᠦᠮᠦᠨ ᠤ ᠬᠠᠷᠢᠴᠠᠭ᠎ᠠ᠂ ᠬᠦᠮᠦᠨ ᠪᠠ ᠬᠦᠮᠦᠨ ᠤ ᠬᠠᠷᠢᠴᠠᠭ᠎ᠠ᠂ ᠬᠦᠮᠦᠨ ᠪᠠ | ᠭᠠᠳᠠᠭᠠᠳᠤ ᠶᠢᠷᠳᠢᠨᠴᠤ ᠶᠢᠨ ᠬᠤᠭᠤᠷᠤᠨᠳᠤᠬᠢ ᠬᠠᠷᠢᠴᠠᠭ᠎ᠠ ᠶᠢᠨ ᠠᠰᠠᠭᠤᠳᠠᠯ ᠪᠤᠯᠤᠨ᠎ᠠ᠂ ᠪᠦᠭᠡ ᠮᠦᠷᠭᠦᠯ ᠤᠨ | ᠲᠤᠳᠤᠷ᠎ᠠ ᠡᠨᠡᠬᠦ ᠤᠯᠠᠨ ᠵᠦᠢᠯ ᠤᠨ ᠬᠠᠷᠢᠴᠠᠭ᠎ᠠ ᠶᠢ ᠲᠠᠨᠢᠵᠦ ᠰᠶᠢᠳᠪᠦᠷᠢᠯᠡᠬᠦ ᠲᠤᠬᠠᠢ ᠡᠯᠪᠡᠭ ᠪᠠᠶᠠᠯᠢᠭ ᠦᠵᠡᠯ | ᠰᠠᠨᠠᠭ᠎ᠠ ᠪᠠᠶᠢᠳᠠᠭ᠃ ᠪᠤᠳᠠᠳᠠᠢ ᠪᠠᠷ ᠬᠡᠯᠡᠪᠡᠯ᠂ ᠡᠬᠡ ᠪᠠᠶᠢᠭᠠᠯᠢ ᠶᠢ ᠨᠠᠨᠳᠢᠩᠨᠠᠨ ᠬᠠᠶᠢᠷᠠᠯᠠᠬᠤ᠂ ᠤᠶᠠᠩᠭᠠᠯᠠᠨ | ᠮᠠᠭᠳᠠᠬᠤ᠂ ᠠᠮᠢ ᠨᠠᠰᠤ ᠢ ᠡᠷᠬᠢᠮ ᠨᠠᠨᠳᠢᠨ ᠢᠶᠠᠷ ᠦᠵᠡᠵᠦ᠂ ᠠᠮᠢ ᠭᠤᠤᠯ ᠢ ᠠᠪᠤᠷᠠᠨ ᠳᠡᠳᠭᠦᠬᠦ ᠶᠢ ᠬᠦᠨᠳᠦᠳᠭᠡᠨ | ᠦᠵᠡᠬᠦ᠂ ᠠᠮᠢ ᠨᠠᠰᠤ ᠪᠠᠷ ᠭᠤᠤᠯ ᠪᠤᠯᠭᠠᠵᠦ ᠬᠦᠮᠦᠰ ᠤᠨ ᠠᠮᠢᠳᠤᠷᠠᠯ ᠤᠨ ᠤᠷᠴᠢᠨ ᠲᠤᠭᠤᠷᠢᠨ ᠢ ᠰᠠᠶᠢᠨ ᠮᠠᠭᠤ | ᠬᠡᠮᠡᠨ ᠢᠯᠭᠠᠨ ᠦᠵᠡᠬᠦ᠂ ᠬᠦᠮᠦᠨ ᠪᠠᠶᠢᠭᠠᠯᠢ ᠲᠠᠢ ᠨᠠᠶᠢᠷᠰᠠᠭ ᠢᠶᠠᠷ ᠤᠷᠤᠰᠢᠬᠤ ᠵᠦᠢ᠂ ᠬᠦᠮᠦᠨ ᠬᠦᠮᠦᠨ ᠲᠠᠢ | ᠬᠠᠨᠢᠰᠬᠤ ᠳᠡᠳᠬᠦᠬᠦ ᠶᠤᠰᠤ ᠭᠡᠬᠦ ᠮᠡᠳᠦ ᠶᠢᠨ ᠠᠮᠢ ᠠᠬᠤᠢ ᠶᠢᠨ ᠦᠵᠡᠯ ᠰᠠᠨᠠᠭ᠎ᠠ ᠡᠯᠪᠡᠭ ᠪᠠᠶᠠᠯᠢᠭ ᠪᠠᠶᠢᠳᠠᠭ︾ | ᠭᠡᠵᠦ ᠤᠳᠬ᠎ᠠ ᠭᠦᠨᠵᠡᠭᠡᠢ ᠪᠦᠭᠡᠳ ᠲᠡᠯᠭᠡᠷᠡᠩᠭᠦᠢ ᠰᠤᠳᠤᠯᠭᠠᠨ ᠢ ᠬᠢᠭᠰᠡᠨ ᠪᠠᠶᠢᠪᠠ᠃ ᠰᠠᠶᠢᠨᠵᠢᠷᠭᠠᠯ ᠠᠪᠤᠭᠠᠢ ︽ | ᠲᠠᠭᠤᠳᠠᠭᠠᠴᠢ ᠶᠢ ᠦᠬᠦᠯᠡᠬᠦ ᠨᠢ︾ ᠭᠡᠳᠡᠭ ᠵᠤᠬᠢᠶᠠᠯ ᠳᠠᠭᠠᠨ᠄ ︽ᠤ᠂ ᠶᠤᠨᠳᠤᠨ ᠵᠤᠬᠢᠶᠠᠯ ᠢᠶᠠᠷ ᠢᠶᠠᠨ | ᠦᠵᠦᠮᠴᠢᠨ ᠳᠠᠬᠢ ᠪᠦᠭᠡᠨᠡᠷ ᠠᠶᠢᠮᠠᠭ ᠤᠨ ᠤᠳᠤᠮ ᠤᠭᠰᠠᠭ᠎ᠠ᠂ ᠬᠠᠮᠢᠭ᠎ᠠ ᠠᠯᠢ ᠦᠶ᠎ᠡ ᠳᠤ ᠶᠠᠭᠠᠬᠢᠵᠦ | ᠦᠵᠦᠮᠴᠢᠨ ᠳᠤ ᠢᠷᠡᠵᠦ ᠨᠤᠲᠤᠭᠰᠢᠭᠰᠠᠨ᠂ ᠠᠯᠢ ᠠᠯᠢ ᠭᠠᠵᠠᠷ ᠢᠶᠠᠷ ᠪᠠᠶᠢᠭᠰᠠᠨ᠂ ᠬᠡᠳᠦᠢ ᠡᠷᠦᠬᠡ᠂ ᠰᠢᠳᠦᠯᠭᠡ | ᠪᠢᠰᠢᠷᠡᠯ ᠳᠤᠨᠢ ᠶᠠᠮᠠᠷ ᠬᠤᠪᠢᠷᠠᠯᠳᠠ ᠭᠠᠷᠤᠭᠰᠠᠨ ᠵᠡᠷᠭᠡ ᠶᠢ ᠲᠤᠪᠴᠢ ᠠᠪᠰᠠᠷᠬᠠᠨ ᠰᠢᠰᠲ᠋ᠧᠮ ᠲᠠᠢ ᠰᠠᠶᠢᠬᠠᠨ | ᠪᠢᠴᠢᠭᠰᠡᠨ ᠦᠭᠦᠯᠡᠯ ᠭᠡᠵᠦ ᠪᠢ ᠪᠢᠰᠢᠷᠡᠭᠰᠡᠨ ᠶᠤᠮ᠃ ᠲᠤᠰ ᠵᠤᠬᠢᠶᠠᠯ ᠳᠤ ᠭᠠᠷᠴᠤ ᠪᠠᠶᠢᠭ᠎ᠠ ︽ᠴᠠᠭᠠᠳᠠᠢ ᠪᠦᠭᠡ︾ | ᠭᠡᠭᠴᠢ ᠨᠢ ᠴᠢᠩᠭᠢᠰ ᠤᠨ ᠲᠠᠬᠢᠯᠭ᠎ᠠ ᠶᠢᠨ ︽ᠭᠡᠭᠦᠨ ᠰᠦᠨ ᠤ ᠡᠰᠦᠭ ᠤᠨ ᠴᠠᠭᠠᠨ ᠰᠠᠴᠤᠯᠢ︾ ᠶᠢᠨ ᠰᠤᠳᠤᠷ ᠲᠤ | ᠭᠠᠷᠳᠠᠭ ︽ᠴᠠᠭᠠᠳᠠᠢ ᠬᠠᠨ ᠪᠦᠬᠡ ᠪᠠᠷ ᠰᠠᠴᠤᠯᠢ ᠪᠠᠨ ᠰᠠᠴᠤᠭᠤᠯᠵᠦ ᠴᠢᠩᠬᠤᠯᠠᠩ ᠬᠠᠳᠤᠨ ᠢᠳᠤᠭᠠᠨ ᠢᠶᠠᠷ | ᠬᠦᠨᠦᠭ ᠢᠶᠠᠨ ᠪᠠᠷᠢᠭᠤᠯᠵᠦ︾ ᠭᠡᠰᠡᠨ ᠢ ᠬᠡᠯᠡᠵᠦ ᠪᠠᠶᠢᠭ᠎ᠠ ᠶᠤᠮ᠃ ᠡᠨᠡ ᠦᠬᠡ ᠭᠠᠯ ᠲᠠᠬᠢᠯᠭ᠎ᠠ ᠶᠢᠨ ᠦᠴᠢᠭ | ᠰᠤᠳᠤᠷ ᠲᠤ ᠪᠠᠰᠠ ᠪᠠᠶᠢᠵᠦ ᠯᠡ ᠪᠠᠶᠢᠳᠠᠭ᠃ ᠤ᠂ ᠶᠤᠨᠳᠤᠨ ᠤ ᠵᠤᠬᠢᠶᠠᠯ ᠳᠠᠬᠢ ︽ᠴᠠᠭᠠᠳᠠᠢ ᠪᠦᠬᠡ︾ ᠨᠢ ︽ | ᠴᠠᠭᠠᠳᠠᠢ ᠬᠠᠨ ᠪᠦᠬᠡ︾ ᠪᠤᠯᠬᠤ ᠨᠢ ᠯᠠᠪᠳᠠᠢ᠃ ︽ᠴᠠᠭᠠᠳᠠᠢ ᠬᠠᠨ ᠪᠦᠬᠡ︾ ᠪᠤᠯ ᠮᠤᠩᠭᠤᠯᠴᠦᠳ ᠤᠨ | ᠪᠠᠳᠠᠷᠠᠩᠭᠤᠢ ᠴᠠᠭᠠᠨ ᠲᠡᠭᠷᠢ ᠶᠢ ᠰᠢᠳᠦᠭᠴᠢ ᠪᠦᠬᠡ ᠮᠦᠷᠭᠦᠯᠳᠡᠨ ᠤ ᠪᠤᠷᠬᠠᠨ ᠤ ᠶᠡᠷᠦᠩᠬᠡᠢ ᠨᠡᠷᠡᠶᠢᠳᠦᠯ᠃ | ᠢᠩᠭᠢᠬᠦᠯᠡᠷ ᠦᠵᠦᠮᠴᠢᠨ ᠳᠤ ᠢᠷᠡᠭᠰᠡᠨ ︽ᠪᠦᠭᠡᠨᠡᠷ ᠠᠶᠢᠮᠠᠭ︾ ᠨᠢ ᠪᠦᠬᠡ ᠮᠦᠷᠭᠦᠯᠳᠡᠨ ᠪᠤᠯᠬᠤ ᠨᠢ ᠯᠠᠪᠳᠠᠢ | ᠤᠴᠢᠷ᠃ ᠪᠦᠭᠡᠨᠡᠷ ᠠᠶᠢᠮᠠᠭ ᠤᠨ ᠦᠵᠦᠮᠴᠢᠨ ᠳᠤ ᠢᠷᠡᠬᠦ ᠳᠤ ᠠᠷᠪᠠᠨ ᠭᠤᠷᠪᠠᠨ ᠤᠨᠢ ᠴᠢᠷᠴᠤ ᠢᠷᠡᠭᠰᠡᠨ ︽ᠠᠯᠠᠭ | ᠬᠢᠴᠢᠢ︾ ᠪᠤᠯ ᠦᠨᠡᠨ ᠨᠤᠬᠠᠢ ᠪᠢᠰᠢ ᠪᠤᠷᠬᠠᠨ ᠪᠤᠯᠤᠨ᠎ᠠ᠃ ᠠᠷᠪᠠᠨ ᠭᠤᠷᠪᠠᠨ ᠤᠨᠢ ᠨᠢ ᠴᠤ ᠬᠠᠳᠠᠬᠢᠨ ᠲᠡᠭᠷᠢ ᠶᠢᠨ | ᠪᠡᠯᠭᠡᠳᠡᠯ ᠲᠤᠭ᠎ᠠ ᠪᠠᠶᠢᠨᠠᠮ᠃ ᠤᠷᠳᠤᠰ ᠲᠤ ᠪᠠᠶᠢᠭ᠎ᠠ ᠲᠠᠭᠤᠳᠠᠭᠠᠴᠢ ᠨᠠᠷ ᠤᠨ ︽ᠨᠤᠬᠠᠢ ᠲᠦᠯᠭᠡᠴᠢ︾ ᠶᠢᠨ | ᠲᠤᠲᠤᠷ᠎ᠠ ᠠᠯᠠᠭ ᠬᠢᠴᠢᠢ ᠶᠢᠨ ᠪᠦᠯᠦᠭ᠂ ᠰᠢᠷ᠎ᠠ ᠨᠤᠬᠠᠢ ᠶᠢᠨ ᠪᠦᠯᠦᠭ ᠭᠡᠵᠦ ᠬᠤᠶᠠᠷ ᠬᠤᠪᠢᠶᠠᠳᠠᠭ ᠪᠠᠶᠢᠵᠠᠢ᠃ | ᠠᠯᠠᠭ ᠬᠢᠴᠢᠢ ᠨᠢ ᠲᠤᠲ᠋ᠧᠮ ᠰᠢᠳᠦᠯᠭᠡ ᠶᠢᠨ ᠪᠤᠷᠬᠠᠨ ᠨᠢ ᠪᠠᠶᠢᠵᠦ ᠤᠷᠳᠤᠰ ᠲᠠᠭᠤᠳᠠᠭᠠᠴᠢ ᠨᠠᠷ ᠤᠨ ᠨᠢᠭᠡ ᠤᠪᠤᠭ | ᠪᠤᠯᠵᠦ ᠪᠠᠶᠢᠨ᠎ᠠ᠃ ᠤ᠂ ᠶᠤᠨᠳᠤᠨ ᠤ ᠵᠤᠬᠢᠶᠠᠯ ᠳᠤ ︽ᠤᠭ᠍ᠶᠤ ᠠᠷᠢᠭᠤᠯᠭᠠᠴᠢᠨ︾ ᠢ ᠲᠤᠷᠠᠳᠴᠠᠢ᠃ ᠡᠭᠦᠨ ᠠᠴᠠ | ᠪᠦᠭᠡᠨᠡᠷ ᠠᠶᠢᠮᠠᠭ ᠨᠢ ᠲᠠᠭᠤᠳᠠᠭᠠᠴᠢ ᠪᠤᠯᠬᠤ ᠨᠢ ᠮᠡᠳᠡᠭᠳᠡᠯ᠎ᠡ︾ ᠭᠡᠰᠡᠨ ᠰᠤᠳᠤᠯᠭ᠎ᠠ ᠶᠢ ᠬᠢᠭᠰᠡᠨ ᠪᠠᠶᠢᠨ᠎ᠠ᠃ ᠪᠦᠬᠡ | ᠮᠦᠷᠭᠦᠯ ᠤᠨ ᠶᠤᠰᠤᠨ ᠪᠤᠯ ᠮᠦᠩᠭᠡ ᠬᠦᠬᠡ ᠲᠡᠭᠷᠢ ᠠᠴᠠ ᠡᠰᠢᠯᠡᠭᠰᠡᠨ ᠪᠠᠶᠢᠭᠠᠯᠢ ᠪᠠ ᠲᠡᠭᠡᠳᠦᠰ ᠰᠢᠳᠦᠯᠭᠡ ᠶᠢᠨ | ᠢᠵᠠᠭᠤᠷ ᠲᠠᠢ ᠪᠦᠭᠡᠳ ᠴᠢᠩᠭᠢᠰ ᠬᠠᠭᠠᠨ ᠪᠦᠬᠡ ᠮᠦᠷᠭᠦᠯ ᠤᠨ ᠶᠤᠰᠤᠨ ᠢᠶᠠᠷ ᠶᠡᠭᠡ ᠲᠦᠷᠦ ᠪᠠᠨ ᠵᠠᠰᠠᠵᠦ᠂ ᠶᠡᠷᠡ | ᠶᠢᠰᠦᠨ ᠲᠡᠭᠷᠢ ᠶᠢ ᠵᠠᠯᠠᠵᠦ᠂ ︽ᠴᠠᠭᠠᠳᠠᠢ ᠬᠠᠨ ᠪᠦᠬᠡ ᠪᠠᠷ ᠰᠠᠴᠤᠯᠢ ᠪᠠᠨ ᠰᠠᠴᠤᠭᠤᠯᠵᠦ ᠴᠢᠩᠬᠤᠯᠠᠩ ᠬᠠᠳᠤᠨ | ᠢᠳᠤᠭᠠᠨ ᠢᠶᠠᠷ ᠬᠦᠨᠦᠭ ᠢᠶᠠᠨ ᠪᠠᠷᠢᠭᠤᠯᠵᠦ︾᠂ ᠴᠠᠭᠠᠭᠴᠢ ᠭᠡᠭᠦᠳ ᠤᠨ ᠰᠦᠨ ᠰᠠᠴᠤᠯᠢ ᠪᠠᠷ ᠦᠨᠳᠦᠷ ᠶᠡᠭᠡ | ᠲᠠᠬᠢᠯᠭ᠎ᠠ ᠶᠢ ᠬᠢᠵᠦ ᠪᠠᠶᠢᠭᠰᠠᠨ ᠪᠠ ᠮᠤᠩᠭᠤᠯᠴᠦᠳ ᠤᠨ ᠭᠠᠯ ᠲᠠᠬᠢᠬᠤ ᠰᠠᠩ ᠳᠤ ︽ᠴᠠᠭᠠᠳᠠᠢ ᠪᠦᠬᠡ ᠶᠢᠨ | ᠨᠤᠴᠤᠭᠠᠭᠰᠠᠨ ᠴᠡᠩᠭᠡᠨ ᠢᠳᠦᠭᠠᠨ ᠤ ᠬᠦᠭᠵᠢᠭᠡᠭᠰᠡᠨ᠂ ᠡᠵᠡᠨ ᠪᠤᠭᠳᠠ ᠶᠢᠨ ᠴᠠᠬᠢᠭᠰᠠᠨ ᠡᠰᠢ ᠬᠠᠳᠤᠨ ᠤ | ᠦᠯᠢᠶᠡᠭᠰᠡᠨ︾ ᠭᠡᠵᠦ ᠭᠠᠷᠳᠠᠭ ᠨᠢ ᠲᠡᠭᠷᠢ ᠲᠠᠬᠢᠯᠭ᠎ᠠ ᠴᠤ ᠲᠡᠷᠡ᠂ ᠭᠠᠯ ᠲᠠᠬᠢᠯᠭ᠎ᠠ ᠴᠤ ᠲᠡᠷᠡ ᠪᠦᠬᠡ ᠮᠦᠷᠭᠦᠯ ᠤᠨ | ᠲᠠᠬᠢᠯᠭ᠎ᠠ ᠶᠢᠨ ᠶᠤᠰᠤᠨ ᠪᠤᠯᠬᠤ ᠨᠢ ᠭᠠᠷᠴᠠᠭ᠎ᠠ ᠦᠭᠡᠢ ᠠᠵᠠᠢ᠃ | ᠴᠢᠩᠭᠢᠰ ᠬᠠᠭᠠᠨ ᠪᠤᠯ ᠪᠠᠳᠠᠷᠠᠩᠭᠤᠢ ᠴᠠᠭᠠᠨ ᠲᠡᠭᠷᠢ ᠶᠢᠨ ᠬᠤᠪᠢᠯᠭᠠᠨ᠂ ᠴᠠᠭᠠᠳᠠᠢ ᠬᠠᠨ ᠪᠦᠭᠡ ᠪᠤᠯ ᠲᠡᠭᠷᠢ | ᠶᠢᠨ ᠵᠠᠶᠢᠷᠠᠨ᠂ ᠴᠠᠭᠠᠭᠴᠢ ᠭᠡᠭᠦᠤ ᠶᠢᠨ ᠰᠦᠨ ᠪᠤᠯ ᠢᠳᠡᠭᠡᠨ ᠤ ᠲᠡᠭᠡᠵᠢ᠂ ᠴᠠᠭᠠᠨ ᠮᠤᠷᠢ ᠪᠤᠯ ᠴᠠᠭᠠᠨ ᠲᠡᠭᠷᠢ ᠶᠢᠨ | ᠬᠦᠯᠦᠭ ᠡᠨᠡ ᠪᠤᠯ ᠪᠦᠷ ᠬᠠᠷᠢᠯᠴᠠᠨ ᠴᠠᠭᠠᠨ ᠦᠩᠭᠡ ᠪᠠᠷ ᠤᠨᠴᠠᠯᠢᠭ ᠪᠤᠯᠵᠦ ᠬᠤᠯᠪᠤᠭᠳᠠᠳᠠᠭ ᠵᠢᠮ᠎ᠡ ᠲᠠᠢ ᠰᠢᠭ | ᠠᠵᠢᠭᠯᠠᠭᠳᠠᠨ᠎ᠠ᠃ ᠴᠠᠭᠠᠨ ᠦᠩᠭᠡ ᠪᠤᠯ ᠴᠡᠪᠡᠷ ᠠᠷᠢᠭᠤᠨ᠂ ᠡᠩᠭᠡ ᠠᠮᠤᠭᠤᠯᠠᠩ᠂ ᠨᠠᠮᠤᠭᠤᠨ ᠵᠦᠭᠡᠯᠡᠨ᠂ ᠡᠪ | ᠨᠠᠶᠢᠷᠠᠮᠳᠠᠯ᠂ ᠶᠠᠪᠤᠳᠠᠯ ᠤᠨ ᠲᠡᠭᠡᠳᠦ ᠶᠢ ᠲᠦᠯᠦᠭᠡᠯᠡᠨ᠎ᠡ᠃ ᠡᠶᠢᠮᠦ ᠠᠴᠠ ᠴᠠᠭᠠᠨ ᠲᠡᠭᠷᠢ ᠨᠢ ᠴᠠᠭᠠᠳᠠᠢ ᠬᠠᠨ ᠪᠦᠬᠡ | ᠪᠠᠷ ᠮᠦᠩᠭᠡ ᠲᠡᠭᠷᠢ ᠶᠢᠨ ᠲᠠᠶᠢᠯᠭ᠎ᠠ ᠲᠠᠬᠢᠯᠭ᠎ᠠ ᠶᠢᠨ ᠶᠠᠪᠤᠳᠠᠯ ᠢ ᠦᠢᠯᠡᠳᠦᠭᠦᠯᠳᠡᠭ ᠤᠴᠢᠷ ᠲᠠᠢ ᠶᠤᠮ ᠪᠠᠶᠢᠨ᠎ᠠ᠃ | ᠮᠦᠨᠴᠦ ᠲᠡᠭᠷᠢ ᠶᠢᠨ ᠰᠠᠨᠠᠭ᠎ᠠ ᠪᠤᠯᠠᠢ᠃ | ᠪᠦᠭᠡᠨᠡᠷ ᠠᠶᠢᠮᠠᠭ ᠪᠤᠯ ᠴᠠᠭᠠᠳᠠᠢ ᠪᠦᠬᠡ ᠶᠢᠨ ᠤᠳᠤᠮ ᠭᠡᠬᠦ ᠮᠦᠷᠳᠡᠭᠡᠨ ᠴᠢᠩᠭᠢᠰ ᠤᠨ ᠭᠠᠪᠢᠶᠠᠳᠤ ᠰᠠᠶᠢᠳ ᠤᠨ | ᠨᠢᠭᠡ ᠪᠤᠯᠬᠤ ᠤᠷᠢᠶᠠᠩᠬᠠᠨ ᠤᠪᠤᠭᠳᠤ ᠵᠠᠯᠮ᠎ᠠ ᠶᠢᠨ ᠬᠤᠶᠢᠴᠢᠰ ᠭᠡᠵᠦ ᠪᠠᠶᠢᠨ᠎ᠠ᠃ ᠡᠭᠦᠨ ᠠᠴᠠ ᠵᠠᠷᠴᠢᠭᠤᠳᠠᠢ ᠶᠢᠨ | ᠵᠠᠯᠮ᠎ᠠ ᠪᠤᠯ ᠴᠠᠭᠠᠳᠠᠢ ᠪᠦᠬᠡ ᠶᠢᠨ ᠤᠳᠤᠮ ᠪᠠᠶᠢᠵᠦ᠂ ᠲᠦᠷᠦ ᠶᠢᠨ ᠶᠢᠰᠦᠨ ᠴᠠᠭᠠᠨ ᠲᠤᠭ ᠤᠨ ᠪᠦᠬᠡ ᠮᠦᠷᠭᠦᠯ | ᠤᠨ ᠲᠠᠬᠢᠯᠭ᠎ᠠ ᠶᠢᠨ ᠠᠯᠪᠠ ᠲᠤᠰᠢᠶᠠᠯ ᠢ ᠭᠦᠢᠴᠡᠳᠭᠡᠳᠡᠭ ᠪᠤᠶᠤ ᠲᠤᠭ ᠰᠦᠯᠳᠡ ᠶᠢᠨ ᠬᠠᠮᠠᠭᠠᠯᠠᠭᠴᠢ ᠬᠦᠮᠦᠰ | ᠪᠠᠶᠢᠭᠰᠠᠨ ᠪᠠᠶᠢᠵᠦ ᠪᠤᠯᠤᠨ᠎ᠠ᠃ ᠤᠳᠤᠮ ᠤᠭᠰᠠᠭ᠎ᠠ ᠶᠢᠨ ᠲᠠᠯ᠎ᠠ ᠪᠠᠷ ᠦᠵᠡᠭᠰᠡᠨ ᠴᠤ ᠡᠳᠦᠭᠡ ᠪᠤᠯᠳᠠᠯ᠎ᠠ ︽ᠪᠦᠬᠡ | ᠶᠢᠨ ᠨᠠᠶᠢᠮᠠᠭ︾ ᠭᠡᠰᠡᠨ ᠲᠡᠤᠬᠡᠨ ᠢᠮ ᠲᠠᠮᠠᠭ᠎ᠠ ᠪᠠᠨ ᠤᠯᠠᠮᠵᠢᠯᠠᠭᠰᠠᠭᠠᠷ ᠪᠠᠶᠢᠬᠤ᠂ ᠲᠠᠬᠢᠯᠭ᠎ᠠ ᠶᠢᠨ ᠪᠠᠶᠢᠳᠠᠯ ᠠᠴᠠ | ᠰᠢᠨᠵᠢᠭᠰᠡᠨ ᠴᠤ ᠴᠠᠭᠠᠨ ᠲᠤᠭ ᠰᠦᠯᠳᠡ ᠨᠢ ᠰᠢᠳᠦᠯᠭᠡ ᠶᠢᠨ ᠤᠷᠤᠨ ᠳᠤᠨᠢ ᠬᠠᠳᠠᠭᠠᠯᠠᠭᠳᠠᠭᠰᠠᠭᠠᠷ ᠪᠠᠶᠢᠬᠤ ᠵᠡᠷᠭᠡ | ᠶᠠᠪᠤᠳᠠᠯ ᠪᠤᠯ ᠮᠠᠷᠭᠤᠰᠢ ᠦᠭᠡᠢ ᠭᠡᠷᠡᠴᠢ ᠪᠤᠯᠵᠦ ᠲᠠᠭᠠᠷᠠᠨ᠎ᠠ᠃ ᠲᠡᠶᠢᠮᠦ ᠪᠢᠰᠢ ᠪᠤᠯ ᠠᠯᠳᠠᠨ ᠤᠷᠤᠭᠳᠠᠨ ᠤ ᠭᠠᠯ | ᠭᠤᠯᠤᠮᠳᠠ ᠶᠢᠨ ᠤᠯᠠᠮᠵᠢᠯᠠᠯ ᠲᠠᠢ ᠮᠦᠷᠦ ᠵᠡᠷᠭᠡᠴᠡᠨ ᠴᠠᠭᠠᠨ ᠲᠤᠭ ᠰᠦᠯᠳᠠ ᠶᠢᠨ ᠲᠠᠬᠢᠯᠭ᠎ᠠ ᠲᠠᠢ ᠵᠢᠵᠢᠭ ᠠᠶᠢᠮᠠᠭ | ᠪᠦᠯᠦᠭ ᠭᠡᠵᠦ ᠤᠷᠤᠰᠢᠬᠤ ᠪᠤᠯᠤᠮᠵᠢ ᠦᠭᠡᠢ ᠶᠤᠮ᠃ | ᠡᠷᠳᠡᠮᠳᠡᠨ ᠰᠠᠶᠢᠨᠵᠢᠷᠭᠠᠯ ᠪᠠᠭᠰᠢ ᠶᠢᠨ ᠨᠠᠷᠢᠪᠴᠢᠳᠠᠢ ᠬᠢᠭᠰᠡᠨ ᠰᠤᠳᠤᠯᠭᠠᠨ ᠮᠠᠰᠢ ᠵᠦᠪ ᠪᠠᠶᠢᠨ᠎ᠠ᠃ ᠲᠡᠷᠡ | ᠰᠤᠳᠤᠯᠤᠯ ᠳᠠᠭᠠᠨ᠄ ︽ᠴᠠᠭᠠᠳᠠᠢ ᠬᠠᠨ ᠪᠦᠬᠡ︾ ᠪᠤᠯ ᠮᠤᠩᠭᠤᠯᠴᠦᠳ ᠤᠨ ᠪᠠᠳᠠᠷᠠᠩᠭᠤᠢ ᠴᠠᠭᠠᠨ ᠲᠡᠭᠷᠢ ᠶᠢ | ᠰᠢᠳᠦᠭᠴᠢ ᠪᠦᠬᠡ ᠮᠦᠷᠭᠦᠯᠳᠡᠨ ᠤ ᠪᠤᠷᠬᠠᠨ ᠤ ᠶᠡᠷᠦᠩᠬᠡᠢ ᠨᠡᠷᠡᠶᠢᠳᠦᠯ︾ ᠭᠡᠰᠡᠨ ᠪᠦᠭᠡᠳ ᠪᠦᠭᠡᠨᠡᠷ ᠠᠶᠢᠮᠠᠭ ᠤᠨ | ᠲᠡᠭᠡᠳᠦᠰ ᠴᠠᠭᠠᠳᠠᠢ ᠪᠦᠭᠡ ᠶᠢ ᠴᠢᠩᠭᠢᠰ ᠬᠠᠭᠠᠨ ᠤ ᠦᠶ᠎ᠡ ᠶᠢᠨ ︽ᠴᠠᠭᠠᠳᠠᠢ ᠬᠠᠨ ᠪᠦᠬᠡ︾ ᠶᠢ ᠭᠡᠵᠦ ᠦᠵᠡᠭᠰᠡᠨ | ᠪᠠᠶᠢᠨ᠎ᠠ᠃ ᠮᠤᠩᠭᠤᠯ ᠶᠡᠭᠡ ᠲᠦᠷᠦ ᠶᠢᠨ ᠶᠢᠰᠦᠨ ᠴᠠᠭᠠᠨ ᠲᠤᠭ ᠪᠤᠯ ᠪᠠᠳᠠᠷᠠᠩᠭᠤᠢ ᠴᠠᠭᠠᠨ ᠲᠡᠭᠷᠢ ᠶᠢᠨ ᠬᠤᠪᠢᠯᠭᠠᠨ | ᠴᠢᠩᠭᠢᠰ ᠬᠠᠭᠠᠨ ᠤ ᠡᠭᠦᠳᠦᠨ ᠪᠦᠳᠦᠭᠡᠭᠰᠡᠨ ᠰᠦᠯᠳᠡ ᠲᠤᠭ ᠪᠤᠯᠬᠤᠷ ᠴᠠᠭᠠᠳᠠᠢ ᠪᠦᠬᠡ ᠶᠢᠨ ᠤᠳᠤᠮ ᠲᠠᠶᠢᠯᠭ᠎ᠠ | ᠲᠠᠬᠢᠯᠭ᠎ᠠ ᠡᠷᠬᠦᠬᠦ ᠨᠢ ᠵᠦᠢ ᠶᠤᠰᠤᠨ ᠳᠤ ᠨᠡᠶᠢᠴᠡᠨ᠎ᠡ᠂ ᠪᠦᠬᠡᠨᠡᠷ ᠠᠶᠢᠮᠠᠭ ᠤᠨ ᠴᠠᠭᠠᠨ ᠰᠦᠯᠳᠡ ᠶᠢᠨ ᠲᠠᠬᠢᠯᠭ᠎ᠠ ᠴᠤ | ᠡᠭᠦᠨ ᠢ ᠢᠯᠡᠷᠡᠭᠦᠯᠵᠦ ᠪᠠᠶᠢᠬᠤ ᠶᠢ ᠮᠡᠳᠡᠵᠦ ᠪᠤᠯᠤᠨ᠎ᠠ᠃ ᠡᠷᠳᠡᠮᠳᠡᠨ ᠤ ᠮᠠᠨᠢ ︽ᠢᠩᠭᠢᠬᠦᠯᠡᠷ ᠦᠵᠦᠮᠴᠢᠨ ᠳᠤ | ᠢᠷᠡᠭᠰᠡᠨ ︽ᠪᠦᠭᠡᠨᠡᠷ ᠠᠶᠢᠮᠠᠭ︾ ᠨᠢ ᠪᠦᠬᠡ ᠮᠦᠷᠭᠦᠯᠳᠡᠨ ᠪᠤᠯᠬᠤ ᠨᠢ ᠯᠠᠪᠳᠠᠢ ᠤᠴᠢᠷ︾ ᠭᠡᠰᠡᠨ ᠳ᠋ᠦᠩᠨᠡᠯᠳᠡ ᠶᠢ | ᠬᠢᠭᠰᠡᠨ ᠨᠢ ᠶᠡᠭᠡ ᠵᠦᠢᠳᠡᠢ᠃ | ᠪᠦᠬᠡ ᠶᠢᠨ ᠤᠪᠤᠭᠠᠨ ᠤ ᠴᠠᠭᠠᠨ ᠰᠦᠯᠳᠡ ᠲᠤᠭ ᠪᠤᠯ ᠴᠠᠭᠠᠨ ᠲᠡᠭᠷᠢ ᠠᠴᠠ ᠡᠰᠢ ᠲᠠᠢ᠂ ᠴᠢᠩᠭᠢᠰ ᠤᠨ ᠶᠡᠭᠡ | ᠲᠦᠷᠦ ᠳᠤ ᠦᠢᠯᠡᠴᠢᠯᠡᠵᠦ ᠪᠠᠶᠢᠭᠰᠠᠨ ᠪᠦᠬᠡ ᠮᠦᠷᠭᠦᠯ ᠤᠨ ᠲᠤᠳᠤᠷᠬᠠᠢ ᠰᠢᠨᠵᠢ ᠲᠡᠮᠳᠡᠭ ᠤᠨ ᠪᠡᠯᠭᠡᠳᠡᠯ ᠭᠡᠵᠦ | ᠤᠶᠢᠯᠠᠭᠠᠵᠦ ᠪᠤᠯᠬᠤ ᠮᠦᠷᠳᠡᠭᠡᠨ ᠲᠡᠤᠬᠡ ᠰᠤᠷᠪᠤᠯᠵᠢ ᠶᠢᠨ ᠰᠤᠳᠤᠯᠭᠠᠨ ᠤ ᠰᠡᠳᠦᠪ ᠪᠤᠯᠬᠤ ᠦᠨ᠎ᠡ ᠦᠷᠳᠡᠭ ᠲᠠᠢ | ᠭᠡᠳᠡᠭ ᠲᠤ ᠢᠳᠡᠭᠡᠯᠳᠡᠢ ᠪᠠᠶᠢᠨ᠎ᠠ᠃ | ᠰᠢᠷ᠎ᠠ ᠨᠤᠬᠠᠢ ᠵᠢᠯ ᠤᠨ ᠨᠠᠮᠤᠷ ᠪᠢᠴᠢᠪᠠᠢ᠃ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ | | |