ᠪᠠᠯᠭᠦᠨᠤᠳ᠂ ᠪᠥᠬᠦᠨᠤᠳ᠂ ᠬᠠᠳᠠᠬᠢᠨ᠂ ᠰᠠᠯᠵᠢᠭᠤᠨ᠂ ᠪᠤᠷᠵᠢᠭᠢᠨ ᠤᠪᠤᠭ
ᠨᠡᠶᠢᠲᠡᠯᠡᠭᠰᠡᠨ ᠴᠠᠭ᠄
2020/3/25
   ᠲᠤᠪᠤ ᠮᠡᠷᠭᠡᠨ ᠠᠯᠤᠨ ᠭᠤᠸ᠎ᠠ ᠶᠢ ᠬᠡᠷᠬᠡᠢ ᠪᠤᠯᠭᠠᠨ ᠠᠪᠴᠣ ᠪᠡᠯᠬᠦᠨᠥᠲᠠᠢ᠂ ᠪᠥᠬᠦᠨᠥᠲᠠᠢ ᠨᠡᠷᠡᠳᠤ ᠬᠤᠶᠠᠷ ᠬᠥᠪᠡᠭᠦᠨ ᠲᠥᠷᠥᠪᠡ᠃ ᠲᠤᠪᠤᠨ ᠮᠡᠷᠭᠡᠨ ᠦᠭᠡᠢ ᠪᠤᠯᠤᠭᠰᠠᠨ ᠤ ᠬᠤᠶᠢᠨ᠎ᠠ ᠠᠯᠤᠨ ᠭᠤᠸ᠎ᠠ ᠪᠠᠯᠪᠠᠰᠤᠨ ᠪᠠᠶᠢᠭᠰᠠᠨ ᠥᠶ᠎ᠡ ᠳᠤ ᠰᠥᠨᠢ ᠪᠥᠷᠢ ᠴᠡᠭᠡᠨ ᠰᠢᠷ᠎ᠠ ᠬᠥᠮᠥᠨ ᠭᠡᠷ ᠤᠨ ᠡᠷᠥᠭᠡ ᠲᠤᠳᠤᠭᠤ ᠶᠢᠨ ᠬᠡᠬᠡ ᠪᠠᠷ ᠤᠷᠤᠵᠤ ᠢᠷᠡᠭᠡᠳ ᠲᠡᠭᠦᠨ ᠤ ᠬᠡᠪᠡᠯᠢ ᠶᠢ ᠨᠢ ᠢᠯᠪᠢᠵᠤ ᠭᠡᠭᠡ ᠭᠡᠷᠡᠯ ᠢᠶᠠᠨ ᠬᠡᠪᠡᠯᠢ ᠳᠤᠨᠢ ᠰᠢᠩᠭᠡᠭᠡᠳᠡᠭ᠃ ᠭᠠᠷᠬᠤ ᠳᠠᠭᠠᠨ ᠲᠡᠷᠡ ᠥᠷ ᠰᠥᠨᠢ ᠶᠢᠨ ᠵᠠᠭᠠᠭ ᠢᠶᠠᠷ ᠰᠢᠷ᠎ᠠ ᠨᠤᠬᠠᠢ ᠰᠢᠭ᠋ ᠰᠢᠴᠠᠪᠠᠯᠵᠠᠨ ᠭᠠᠷᠳᠠᠭ ᠭᠡᠨ᠎ᠡ᠃ ᠡᠨᠡ ᠪᠡᠯᠭᠡ ᠪᠠᠷ ᠠᠯᠤᠨ ᠭᠤᠸ᠎ᠠ ᠪᠤᠭᠤ ᠬᠠᠳᠠᠬᠢ᠂ ᠪᠤᠬᠠᠳᠤ ᠰᠠᠯᠵᠢ᠂ ᠪᠤᠳᠤᠨᠴᠢᠷ ᠮᠤᠩᠬᠠᠭ ᠭᠡᠳᠡᠭ ᠭᠤᠷᠪᠠᠨ ᠬᠥᠪᠡᠭᠦᠨ ᠲᠥᠷᠥᠭᠦᠯᠪᠡ᠃ ᠬᠤᠵᠢᠮ  ᠨᠢ ᠠᠯᠤᠨ ᠭᠤᠸ᠎ᠠ ᠶᠢᠨ ᠲᠠᠪᠤᠨ ᠬᠥᠪᠡᠭᠦᠨ ᠪᠡᠯᠭᠦᠨᠥᠲᠠᠢ ᠪᠡᠯᠭᠦᠨᠤᠳ ᠤᠪᠤᠭᠲᠠᠨ᠂ ᠪᠥᠬᠦᠨᠥᠲᠠᠢ ᠪᠥᠬᠦᠨᠤᠳ ᠤᠪᠤᠭᠲᠠᠨ᠂ ᠪᠤᠭᠤ ᠬᠠᠳᠠᠬᠢ ᠬᠠᠳᠠᠬᠢᠨ ᠤᠪᠤᠭᠲᠠᠨ᠂ ᠪᠤᠬᠠᠳᠤ ᠰᠠᠯᠵᠢ ᠰᠠᠯᠵᠢᠭᠤᠳ ᠤᠪᠤᠭᠲᠠᠨ᠂ ᠪᠤᠳᠤᠨᠴᠠᠷ ᠪᠤᠷᠵᠢᠭᠢᠨ ᠤᠪᠤᠭᠲᠠᠨ ᠪᠤᠯᠪᠠ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ︽ᠮᠤᠩᠭᠤᠯ ᠤᠨ ᠨᠢᠭᠤᠴᠠ ᠲᠤᠪᠴᠢᠶᠠᠨ︾ ᠠᠴᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号