︽ᠪᠠᠯᠴᠢᠷᠣᠳ︾ ᠭᠡᠬᠦ ᠣᠪᠣᠭ ᠠᠶᠢᠮᠠᠭ ᠤᠨ ᠨᠡᠷᠡᠶᠢᠳᠦᠯ ᠪᠣᠯᠣᠭᠰᠠᠨ ᠡᠨᠡ ᠦᠬᠡ ᠴᠣᠬᠤᠮ ᠶᠠᠮᠠᠷ ᠣᠳᠬ᠎ᠠ | ᠲᠠᠢ ᠪᠣᠯᠬᠤ ᠳᠣᠬᠠᠢ ᠠᠷᠠᠳ ᠤᠨ ᠳᠣᠮᠳᠠᠬᠢ ᠬᠡᠯᠡᠯᠬᠡ ᠪᠠ ᠪᠢᠴᠢᠭ ᠨᠣᠮ ᠳᠤ ᠳᠡᠮᠳᠡᠭᠯᠡᠭᠰᠡᠨ ᠨᠢ ᠠᠳᠠᠯᠢ ᠪᠣᠰᠣ | ᠬᠡᠳᠦᠨ ᠵᠦᠢᠯ ᠤᠨ ᠬᠡᠯᠡᠯᠬᠡ ᠪᠠᠶᠢᠳᠠᠭ ᠠᠴᠠ ᠴᠣᠬᠤᠮ ᠠᠯᠢ ᠨᠢ ᠦᠨᠡᠮᠰᠢᠬᠦᠰᠢᠳᠡᠢ ᠪᠣᠯᠬᠤ ᠳᠣᠬᠠᠢ ᠴᠢᠨᠠᠭᠰᠢᠳᠠ | ᠳᠣᠩᠭᠠᠨ ᠨᠢᠭᠳᠠᠯᠠᠬᠤ ᠴᠢᠬᠤᠯᠠᠳᠠᠢ᠃ | ︽ᠪᠠᠯᠴᠢᠷ ᠣᠳᠠ︾ ᠬᠡᠮᠡᠨ ᠳᠠᠶᠢᠯᠪᠣᠷᠢᠯᠠᠵᠣ ᠪᠠᠶᠢᠭ᠎ᠠ ᠨᠢ — ᠬᠡᠰᠡᠭ ᠠᠷᠠᠳ ᠤᠨ ᠳᠣᠮᠳᠠᠬᠢ ᠶᠠᠷᠢᠶ᠎ᠠ ᠪᠠ ︽ | ᠮᠣᠩᠭᠤᠯ ᠣᠪᠣᠭ ᠠᠶᠢᠮᠠᠭ ᠤᠨ ᠳᠡᠮᠳᠡᠭᠯᠡᠯ︾ ᠭᠡᠬᠦ ᠨᠣᠮ ᠳᠤ ᠴᠦᠮ ᠪᠠᠯᠴᠢᠷ ᠣᠳᠠ ᠬᠡᠮᠡᠬᠦ ᠦᠬᠡᠨ ᠠᠴᠠ ᠠᠪᠢᠶ᠎ᠠ | ᠣᠨᠳᠣᠣᠰᠢᠨ ᠣᠯᠠᠷᠢᠵᠦ ᠢᠷᠡᠵᠦ ᠭᠡᠵᠦ ᠦᠵᠡᠭᠰᠡᠨ ᠪᠠᠶᠢᠳᠠᠭ᠃ ᠠᠩᠬ᠎ᠠ ᠣᠷᠢᠳᠠ ᠳᠤ ᠪᠠᠯᠴᠢᠷᠣᠳ ᠰᠦᠮ᠎ᠡ ᠶᠢ | ᠡᠬᠢᠯᠡᠨ ᠪᠠᠶᠢᠭᠤᠯᠬᠤ ᠳᠤ ᠰᠢᠷ᠎ᠠ ᠮᠦᠷᠡᠨ ᠤ ᠰᠠᠪᠠ ᠭᠠᠵᠠᠷ ᠪᠣᠯᠬᠤ ᠣᠳᠠ ᠣᠯᠢᠶᠠᠰᠣ ᠰᠠᠶᠢᠳᠠᠢ ᠭᠠᠵᠠᠷ | ᠪᠠᠶᠢᠭᠤᠯᠣᠭᠰᠠᠨ ᠭᠡᠳᠡᠭ᠂ ᠬᠤᠵᠢᠮ ᠨᠢ ᠡᠨᠡᠬᠦ ᠭᠠᠵᠠᠷ ᠦᠶᠡᠷ ᠤᠨ ᠣᠰᠣᠨ ᠳᠤ ᠠᠪᠳᠠᠭᠰᠠᠨ ᠳᠣᠯᠨ ᠰᠦᠮ᠎ᠡ ᠪᠠᠨ | ᠨᠡᠬᠦᠯᠭᠡᠵᠦ ᠣᠳᠣ ᠶᠢᠨ ᠵᠡᠭᠡᠷᠡᠳᠡᠢ ᠬᠤᠸᠠ ᠶᠢᠨ ᠡᠩᠬᠡᠷ ᠭᠠᠵᠠᠷ ᠰᠣᠩᠭᠤᠨ ᠨᠢ ᠪᠠᠶᠢᠭᠤᠯᠣᠭᠰᠠᠨ ᠨᠢ ᠦᠯᠵᠡᠶᠢᠮᠦᠷᠡᠨ | ᠤ ᠰᠠᠪᠠ ᠭᠠᠵᠠᠷ ᠳᠠᠭᠠᠷᠠᠵᠦ ᠮᠦᠨ ᠬᠦ᠋ ᠨᠢᠷᠡᠢ ᠣᠳᠠ ᠵᠢᠯ ᠤᠨ ᠵᠢᠯ ᠬᠦᠬᠡᠷᠡᠨ ᠣᠷᠭᠤᠳᠠᠭ ᠳᠣᠯᠨ ᠰᠦᠮ᠎ᠡ ᠶᠢᠨ | ᠭᠤᠣᠯ ᠦᠭᠯᠢᠭᠡ ᠶᠢᠨ ᠡᠵᠨᠨ ᠪᠣᠯᠣᠭᠰᠠᠨ ᠪᠠᠭᠠᠷᠢᠨ ᠨᠣᠳᠤᠭ ᠲᠠᠢ ᠢᠷᠭᠡᠳ ᠦᠪᠡᠷ ᠤᠨ ᠠᠶᠢᠮᠠᠭ ᠳᠦᠷᠦᠯ ᠢᠶᠠᠨ | ᠪᠠᠯᠴᠢᠷ ᠣᠳᠠ ᠲᠠᠢ ᠬᠤᠪᠢ ᠳᠠᠪᠢᠯᠭ᠎ᠠ ᠲᠠᠢ ᠬᠡᠮᠡᠨ ︽ᠪᠠᠯᠴᠢᠷ ᠣᠳᠠ︾ ᠭᠡᠵᠦ ᠨᠡᠷᠡᠯᠡᠯ᠎ᠡ ᠭᠡᠳᠡᠭ᠃ | ︽ᠪᠠᠯᠴᠢᠷᠣᠣ︾ ᠭᠡᠮᠡᠨ ᠳᠠᠶᠢᠯᠪᠣᠷᠢᠯᠠᠵᠣ ᠪᠠᠶᠢᠭ᠎ᠠ ᠨᠢ — ᠡᠷᠳᠡᠮᠳᠡᠳ ︽ᠰᠣᠳᠣᠷ ᠤᠨ ᠴᠢᠭᠤᠯᠭᠠᠨ︾ ᠵᠡᠷᠭᠡ | ᠰᠣᠷᠪᠣᠯᠵᠢ ᠪᠢᠴᠢᠭ ᠠᠴᠠ ᠡᠰᠢᠯᠡᠵᠦ ᠬᠤᠩᠬᠢᠷᠠᠳ ᠤᠨ ᠡᠬᠦᠰᠦᠯ ᠭᠠᠷᠣᠯ ᠤᠨ ᠳᠣᠮᠤᠭ ᠠᠴᠠ ᠵᠦᠢᠴᠢᠯᠡᠨ ᠡᠨᠡᠬᠦ | ᠳ᠋ᠦᠩ ᠳᠤ ᠬᠦᠷᠴᠦ ᠪᠠᠶᠢᠭ᠎ᠠ ᠶᠣᠮ᠃ ᠪᠠᠯᠴᠢᠷᠣᠳ ᠠᠶᠢᠮᠠᠭ ᠤᠨ ᠣᠯᠠᠮᠵᠢᠯᠠᠯ ᠶᠠᠷᠢᠶᠠᠨ ᠳᠤ ᠳᠡᠳᠡ ᠪᠠᠷᠠᠭᠤᠨ | ᠪᠠᠭᠠᠷᠢᠨ ᠳᠤ ᠨᠣᠳᠣᠭᠰᠢᠭᠰᠠᠨ ᠵᠡᠬᠦᠨ ᠨᠠᠢᠮᠠᠨ ᠰᠣᠮᠣ ᠶᠢᠨ ᠬᠤᠩᠬᠢᠷᠠᠳ ᠠᠴᠠ ᠰᠠᠯᠵᠣ ᠭᠠᠷᠴᠣ ᠢᠷᠡᠭᠰᠡᠨ ᠭᠡᠨ᠎ᠡ᠃ | ᠷᠠᠰᠢᠳ᠋ ᠠᠳᠠᠳᠢᠨ ᠤ ︽ᠰᠣᠳᠣᠷ ᠤᠨ ᠴᠢᠭᠤᠯᠭᠠᠨ︾ ᠳᠤ ᠬᠤᠩᠬᠢᠷᠠᠳ ᠤᠨ ᠢᠷᠡᠯ ᠡᠭᠦᠰᠦᠯ ᠤᠨ ᠳᠣᠬᠠᠢ | ᠡᠶᠢᠮᠦ ᠨᠢᠭᠡ ᠳᠣᠮᠤᠭ ᠢ ᠳᠡᠮᠳᠡᠭᠯᠡᠵᠦ ᠪᠣᠢ᠄ ᠬᠢᠶᠠᠨ ᠪᠠ ᠨᠡᠬᠦᠰ ᠢᠶᠠᠷ ᠳᠣᠯᠣᠭᠠᠶᠢᠯᠠᠭᠤᠯᠣᠭᠰᠠᠨ ᠮᠣᠩᠭᠤᠯ ᠠᠶᠢᠮᠠᠭ | ᠨᠢ ᠡᠷᠬᠢᠨ᠎ᠡ ᠬᠤᠨ ᠠᠴᠠ ᠬᠦᠳᠡᠷ ᠬᠠᠶᠢᠯᠠᠭᠤᠯᠣᠨ ᠠᠭᠤᠯᠨ ᠶᠢ ᠶᠡᠬᠦᠷᠡᠬᠦᠯᠵᠦ ᠭᠠᠷᠬᠤ ᠳᠤ ᠬᠤᠩᠬᠢᠷᠠᠳ ᠠᠶᠢᠮᠠᠭ ᠨᠢ | ᠪᠣᠰᠣᠳ ᠯᠤᠭ᠎ᠠ ᠵᠦᠪᠳᠡᠭᠰᠡᠨ ᠦᠭᠡᠢ ᠪᠠᠷ ᠡᠷᠭᠦᠨ᠎ᠡ ᠬᠤᠨ ᠠᠴᠠ ᠶᠠᠭᠠᠷᠠᠪᠴᠢᠯᠠᠨ ᠭᠠᠷᠬᠤ ᠳᠠᠭᠠᠨ ᠰᠠᠨᠠᠮᠰᠠᠷ ᠦᠭᠡᠢ | ᠪᠣᠰᠣᠳ ᠤᠨ ᠳᠣᠯᠭ᠎ᠠ ᠶᠢ ᠢᠰᠬᠦᠯᠦᠨ ᠣᠩᠬᠤᠯᠢᠭᠤᠯᠣᠭᠰᠠᠨ ᠠᠴᠠ ᠬᠤᠩᠬᠢᠷᠠᠳ ᠬᠦᠮᠦᠨ ᠤ ᠬᠦᠯ ᠳᠡᠭᠡᠷ᠎ᠡ ᠨᠢ | ᠪᠠᠯᠴᠢᠷᠣ ᠭᠠᠷᠳᠠᠭ ᠪᠣᠯᠣᠭᠰᠠᠨ ᠭᠡᠨ᠎ᠡ᠃ ᠪᠠᠷᠠᠭᠤᠨ ᠪᠠᠭᠠᠷᠢᠨ ᠤ ︽ᠨᠠᠢᠮᠠᠨ ᠰᠣᠮᠣ︾ ᠨᠢ ᠬᠦᠬᠡᠬᠠᠳᠠ ᠪᠣᠭᠳᠠ ᠶᠢᠨ | ᠣᠪᠣᠭᠠᠨ ᠠᠴᠠ ᠢᠷᠡᠬᠦ ᠳᠤ ᠪᠠᠨ ᠠᠷᠪᠠᠨ ᠰᠣᠮᠣ ᠣᠯᠣᠰ ᠢᠷᠡᠯ᠎ᠡ ᠭᠡᠳᠡᠭ᠂ ᠲᠠᠰᠠ ᠳᠣᠰᠠᠯᠠᠭᠴᠢ ᠶᠢᠨ ᠦᠶ᠎ᠡ ᠪᠣᠯᠵᠣ | ᠢᠷᠡᠭᠡᠳ ᠪᠠᠭᠠᠷᠢᠨ ᠸᠠᠩ ᠲᠠᠢ ᠭᠠᠶᠢᠯᠢ ᠭᠤᠪᠴᠢᠭᠤᠷ ᠤᠨ ᠣᠴᠠᠷ ᠵᠦᠷᠢᠴᠡᠯᠳᠦᠭᠰᠡᠨ ᠳᠣᠯᠨ ᠬᠤᠶᠠᠷ ᠰᠣᠮᠣ ᠣᠯᠣᠰ | ᠨᠢ ᠣᠩᠨᠢᠭᠤᠳ ᠪᠠ ᠠᠷᠣ ᠬᠤᠷᠴᠢᠨ ᠳᠤ ᠰᠢᠷᠭᠤᠨ ᠰᠠᠭᠤᠯ᠎ᠠ ᠭᠡᠳᠡᠭ᠂ ᠳᠡᠭᠡᠬᠦ ᠳᠤ ᠪᠠᠨ ᠣᠣᠯ ᠤᠨ ᠬᠤᠩᠬᠢᠷᠠᠳ | ᠬᠡᠮᠡᠬᠦ ᠨᠡᠷᠡᠶᠢᠳᠦᠯ ᠢᠶᠠᠨ ᠣᠷᠬᠢᠵᠦ ᠳᠣᠮᠤᠭ ᠪᠠ ᠱᠣᠣᠯᠠᠯ ᠣᠶᠠᠯᠳᠣᠭᠰᠠᠨ ︽ᠪᠠᠯᠴᠢᠷᠣᠣ︾ ᠨᠡᠷ᠎ᠡ ᠶᠢ ᠠᠶᠢᠮᠠᠭ | ᠣᠭᠰᠠᠭᠠᠨ ᠤ ᠨᠡᠷ᠎ᠡ ᠪᠣᠯᠭᠠᠨ ᠠᠪᠴᠣ ᠬᠤᠩᠬᠢᠷᠠᠳ ᠠᠴᠠ ᠰᠠᠯᠪᠣᠷᠢᠯᠠᠭᠰᠠᠨ ︽ᠪᠠᠯᠴᠢᠷᠣᠳ ᠣᠪᠣᠭ︾ ᠪᠣᠯᠣᠯ᠎ᠠ | ᠭᠡᠳᠡᠭ᠃ | ︽ᠪᠠᠯᠵᠣᠳ︾ ︵ᠪᠠᠰᠠ ᠪᠠᠯᠵᠢᠭᠤᠳ ᠭᠡᠵᠦ ᠪᠢᠴᠢᠳᠡᠭ︶ ᠠᠴᠠ ᠢᠷᠡᠯ ᠲᠠᠢ ᠬᠡᠮᠡᠨ ᠳᠠᠶᠢᠯᠪᠣᠷᠢᠯᠠᠵᠣ ᠪᠠᠶᠢᠭ᠎ᠠ | ᠨᠢ — ᠨᠠᠷᠢᠨᠴᠠᠪ ᠤᠨ ᠳᠠᠸᠠ ᠭᠤᠸᠠᠢ ᠶᠢᠨ ᠬᠠᠭᠤᠴᠢᠯᠠᠬᠤ ᠪᠠᠷ ᠳᠡᠭᠡᠷ᠎ᠡ ᠦᠶ᠎ᠡ ᠶᠢᠨ ᠬᠢᠨᠢ ᠨᠡᠷᠡᠳᠦ ᠡᠮᠴᠢ ᠠᠭᠰᠠᠨ | ᠪᠠᠯᠴᠢᠷᠣᠳ ᠠᠶᠢᠮᠠᠭ ᠤᠨ ᠨᠣᠷᠪᠤ ᠬᠡᠮᠡᠬᠦ ᠨᠠᠰᠣᠳᠠᠨ ︽ᠪᠢᠳᠡ ᠴᠢᠨᠢ ᠪᠠᠯᠵᠣᠳ ᠠᠶᠢᠮᠠᠭ ᠶᠣᠮ ᠰᠢᠦ︾ ᠭᠡᠵᠦ | ᠬᠠᠭᠤᠴᠢᠯᠠᠵᠣᠪᠠᠶᠢᠯᠠ ᠭᠡᠳᠡᠭ᠃ ᠬᠡᠷᠪᠡ ᠡᠨᠡᠬᠦ ᠬᠠᠭᠤᠴᠢᠯᠠᠯ ᠢ ᠦᠨᠡᠮᠰᠢᠳᠡᠭ ᠪᠣᠯ ︽ᠪᠠᠯᠵᠣᠳ ᠠᠶᠢᠮᠠᠭ︾ ᠭᠡᠳᠡᠭ | ᠪᠣᠯ ᠣᠵᠣᠭᠤᠷ ᠮᠣᠩᠭᠤᠯ ᠤᠨ ᠪᠠᠯᠵᠣᠨᠠ ᠶᠢᠨ ᠢᠷᠡᠭᠡᠳ ᠠᠴᠠ ᠣᠯᠠᠷᠢᠵᠦ ᠢᠷᠡᠭᠰᠡᠨ ᠨᠢ ᠮᠠᠳᠠᠭ ᠦᠬᠡᠢ᠂ ︽ | ᠰᠣᠳᠣᠷ ᠤᠨ ᠴᠢᠭᠤᠯᠭᠠᠨ︾ ᠳᠤ ᠳᠡᠮᠳᠡᠭᠯᠡᠵᠦ ᠪᠠᠶᠢᠬᠤ ᠪᠠᠷ ᠴᠢᠩᠬᠢᠰ ᠬᠠᠭᠠᠨ ᠬᠡᠷᠡᠶᠢᠳ ᠠᠶᠢᠮᠠᠭ ᠲᠠᠢ ᠬᠢᠭᠰᠡᠨ | ᠬᠠᠯᠨ ᠬᠠᠯᠵᠢᠳ ᠡᠯᠡᠰᠦᠨ ᠤ ᠳᠠᠶᠢᠨ ᠳᠤ ᠬᠡᠷᠡᠶᠢᠳ ᠤᠨ ᠬᠦᠴᠦᠨ ᠶᠡᠭᠡ ᠳᠣᠯᠨ ᠴᠢᠩᠬᠢᠰ ᠬᠠᠭᠠᠨ ᠢᠯᠡᠵᠦ ᠴᠢᠳᠠᠯ | ᠦᠬᠡᠢ ᠣᠬᠤᠷᠢᠭᠰᠠᠨ ᠭᠡᠨ᠎ᠡ᠂ ᠡᠨᠡ ᠦᠶ᠎ᠡ ᠳᠤ ᠶᠡᠬᠡᠩᠬᠢ ᠬᠡᠰᠡᠭ ᠢᠷᠭᠡᠳ ᠴᠢᠩᠬᠢᠰ ᠬᠠᠭᠠᠨ ᠠᠴᠠ ᠬᠠᠭᠠᠴᠠᠨ | ᠶᠠᠪᠣᠭᠰᠠᠨ ᠳᠤ ᠳᠡᠳᠡ ᠪᠠᠯᠵᠣᠨᠠ ᠣᠷᠣᠭᠤ ᠴᠡᠷᠢᠭ ᠣᠬᠤᠷᠢᠪᠠ᠃ ᠡᠨᠡ ᠭᠠᠵᠠᠷ ᠲᠤ ᠣᠰᠣ ᠪᠠᠭ᠎ᠠ ᠲᠠᠢ ᠬᠡᠳᠦᠬᠡᠨ | ᠨᠠᠭᠤᠷ ᠪᠠᠶᠢᠵᠠᠢ᠂ ᠴᠡᠷᠢᠭ ᠮᠣᠷᠢᠳ ᠨᠢ ᠣᠣᠭᠤᠵᠣ ᠬᠦᠷᠬᠦ ᠦᠬᠡᠢ ᠳᠣᠯᠨ ᠵᠠᠷᠢᠮ ᠬᠦᠮᠦᠰ ᠰᠢᠪᠠᠷ ᠨᠠᠮᠤᠭ ᠲᠠᠢ | ᠬᠤᠩᠬᠤᠷ ᠠᠴᠠ ᠣᠰᠣ ᠰᠢᠬᠠᠵᠣ ᠣᠣᠭᠤᠵᠣ ᠪᠠᠶᠢᠭᠰᠠᠨ ᠭᠡᠨ᠎ᠡ᠃ ᠴᠢᠩᠬᠢᠰ ᠬᠠᠭᠠᠨ ᠢ ᠳᠠᠭᠠᠵᠣ ᠡᠨᠡ ᠭᠠᠵᠠᠷ | ᠢᠷᠡᠭᠰᠡᠨ ᠬᠦᠮᠦᠰ ᠨᠢ ᠣᠯᠠᠨ ᠦᠬᠡᠢ ᠪᠠᠶᠢᠪᠠ᠂ ᠬᠡᠴᠡᠬᠦᠦ ᠦᠶ᠎ᠡ ᠳᠤ ᠬᠠᠶᠠᠵᠣ ᠣᠷᠬᠢᠯ ᠦᠬᠡᠢ ᠳᠠᠭᠠᠵᠣ ᠢᠷᠡᠭᠰᠡᠨ | ᠦᠨᠡᠨᠴᠢ ᠢᠷᠭᠡᠳ ᠭᠡᠮᠡᠨ ᠴᠢᠩᠬᠢᠰ ᠬᠠᠭᠠᠨ ᠳᠡᠷᠡᠬᠦ ᠪᠦᠯᠦᠭ ᠬᠦᠮᠦᠰ ᠢ ︽ᠪᠠᠯᠵᠣᠨᠠ ᠢᠷᠭᠡᠨ︾ ᠭᠡᠮᠡᠨ | ᠨᠡᠷᠡᠶᠢᠳᠴᠠᠢ᠂ ᠰᠢᠨ᠎ᠡ ᠪᠠᠷ ᠣᠷᠴᠢᠭᠤᠯᠣᠭᠰᠠᠨ ︽ᠰᠣᠳᠣᠷ ᠤᠨ ᠴᠢᠭᠤᠯᠭᠠᠨ︾ ᠤ 276 ᠳ᠋ᠣᠭᠠᠷ ᠨᠢᠭᠤᠷ ᠲᠤ ︽ | ᠳᠡᠳᠡᠨ ᠢ ᠪᠠᠯᠵᠣᠨᠳᠣ ᠶᠢᠨ ᠬᠢᠨ ᠭᠡᠳᠡᠭ︾ ᠭᠡᠵᠦ ᠳᠡᠮᠳᠡᠭᠯᠡᠵᠡᠢ᠃ ᠡᠷᠬᠡ ᠪᠠᠶᠢᠷᠢ ᠨᠢ ᠣᠯᠠᠨ ᠠᠴᠠ ᠣᠷᠣᠶᠢᠯᠠᠵᠣ | ᠪᠠᠶᠢᠪᠠ᠃ᠡᠨᠡᠬᠦ ᠢᠷᠡᠭᠡᠳ ᠢ ᠬᠤᠵᠢᠮ ᠤᠨ ᠬᠦᠮᠦᠰ ᠪᠠᠯᠵᠣᠨ ᠣᠪᠣᠭᠳᠠᠨ ᠭᠡᠵᠡᠢ᠂ ᠡᠳᠡᠨᠦᠰ ᠬᠤᠵᠢᠮ ᠨᠢ ᠠᠶᠢᠮᠠᠭ | ᠣᠯᠠᠭᠤᠯᠨ ᠪᠣᠯᠵᠣ ᠰᠠᠯᠬᠤ ᠳᠤ ᠪᠠᠨ ᠨᠢᠬᠡ ᠪᠦᠯᠦᠭ ᠨᠢ ᠪᠠᠯᠵᠣᠳ ᠣᠪᠣᠭ ᠠᠪᠣᠭᠰᠠᠨ ᠭᠡᠵᠦ ︽ᠮᠣᠩᠭᠤᠯ ᠣᠪᠣᠭ | ᠤᠨ ᠴᠢᠭᠤᠯᠭᠠᠨ︾᠂ ︽ᠮᠢᠩᠭᠠᠨ ᠣᠪᠣᠭ ᠤᠨ ᠳᠠᠶᠢᠯᠪᠣᠷᠢ︾ ᠳᠤ ᠴᠦᠮ ᠡᠬᠦᠨ ᠢ ᠳᠠᠪᠳᠠᠨ ᠳᠡᠮᠳᠡᠭᠯᠡᠵᠡᠢ᠃ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ | | |