ᠪᠣᠷᠵᠢᠭᠢᠨ ᠣᠪᠣᠭ
ᠨᠡᠶᠢᠲᠡᠯᠡᠭᠰᠡᠨ ᠴᠠᠭ᠄
2020/3/25
   ᠪᠦᠷᠳᠠ ᠴᠢᠨ᠋ᠸ᠎ᠠ  ᠭᠤᠸ᠎ᠠ ᠮᠠᠷᠠᠯ ᠤᠨ12 ᠳ᠋ᠣᠭᠠᠷ ᠦᠶ᠎ᠡ ᠶᠢᠨ ᠠᠴᠢ ᠳᠣᠪᠣᠨ ᠮᠡᠷᠭᠡᠨ ᠤ ᠭᠡᠷᠭᠡᠢ ᠠᠯᠦᠨ ᠭᠤᠸ᠎ᠠ ᠳᠡᠭᠷᠢ ᠶᠢᠨ ᠡᠨᠡᠷᠡᠯ ᠪᠠᠷ ᠳᠦᠷᠦᠭᠰᠡᠨ ᠭᠤᠷᠪᠠᠨ ᠬᠦᠪᠡᠭᠦᠨ ᠤ ᠣᠳᠬᠠᠨ ᠨᠢ ᠪᠣᠳᠠᠨᠴᠢᠷ ᠳᠦᠷᠪᠡᠨ ᠠᠬ᠎ᠠ ᠪᠡᠯᠭᠦᠨᠦᠳ᠂ ᠪᠦᠬᠦᠨᠦᠳ᠂ ᠪᠠᠬᠢ ᠬᠠᠳᠠᠬᠢ᠂ ᠪᠣᠬᠠᠳᠦ ᠰᠠᠯᠵᠢ ᠯᠤᠭ᠎ᠠ ᠪᠠᠨ ᠣᠷᠢᠶᠠᠩᠬᠠᠨ ᠵᠠᠷᠴᠢᠭᠤᠳ ᠣᠪᠣᠭ ᠢ ᠬᠤᠷᠢᠶᠠᠨ ︿ᠮᠣᠩ ᠬᠠᠨ﹀ ᠡᠷᠭᠦᠭᠳᠡᠵᠣ ᠪᠢᠯᠡ  ︔  ᠳᠡᠭᠦᠨ ᠤ ᠣᠭᠰᠠᠭ᠎ᠠ ᠨᠢᠷᠣᠭᠤᠨ ᠮᠣᠩᠭᠤᠯ ᠪᠣᠷᠵᠢᠭᠢᠨ ᠣᠪᠣᠭ ᠪᠣᠯᠪᠠ︔  ᠪᠣᠳᠠᠨᠴᠢᠷ ᠮᠣᠩ ᠬᠠᠨ ᠤ ᠠᠪᠠᠯᠢ ᠬᠡᠷᠭᠡᠢ ᠠᠴᠠ ᠳᠦᠷᠦᠭᠰᠡᠨ ᠬᠦᠪᠡᠭᠦᠨ ᠬᠠᠪᠢᠴᠢ ᠪᠠᠭᠠᠳᠣᠷ ᠪᠣᠷᠵᠢᠭᠢᠨ ᠣᠪᠣᠭ ᠢᠶᠠᠨ  ᠵᠠᠯᠭᠠᠪᠠ︔ᠪᠣᠳᠠᠨᠴᠢᠷ ᠮᠣᠩ ᠬᠠᠨ ᠤ 6 ᠳ᠋ᠣᠭᠠᠷ ᠦᠶ᠎ᠡ ᠶᠢᠨ ᠠᠴᠢ ᠬᠠᠶᠢᠳᠣ ᠬᠠᠨ :ᠪᠣᠳᠠᠨᠴᠢᠷ ᠮᠣᠩ ᠬᠠᠨ ᠤ 9  ᠳ᠋ᠦ᠋ᠭᠡᠷ ᠦᠶ᠎ᠡ ᠶᠢᠨ ᠬᠠᠪᠣᠯ ᠬᠠᠨ   ᠠᠮᠪᠠᠭᠠᠢ ᠬᠠᠨ :ᠪᠣᠳᠠᠨᠴᠢᠷ ᠮᠣᠩ ᠬᠠᠨ ᠤ 12  ᠳ᠋ᠣᠭᠠᠷ ᠦᠶ᠎ᠡ ᠶᠢᠨ ᠳᠡᠮᠦᠵᠢᠨ1189 ᠣᠨ ᠳᠤ  ᠨᠢᠷᠥᠭᠤᠨ ᠮᠣᠩᠭᠤᠯ   ᠤᠨ ︿ᠬᠠᠨ﹀ ᠪᠣᠯᠵᠣ : 1206 ᠣᠨ ᠳᠤ ᠬᠠᠮᠤᠭ ᠮᠣᠩᠭᠤᠯ ᠢ ᠨᠢᠭᠡᠳᠬᠡᠨ ︿ᠴᠢᠩᠭᠢᠰ ᠬᠠᠭᠠᠨ﹀ ᠡᠷᠭᠦᠮᠵᠢᠯᠡᠭᠳᠡᠪᠡ︔    ᠪᠣᠭᠳᠠ  ᠴᠢᠩᠭᠢᠰ ᠬᠠᠭᠠᠨ ᠤ ᠣᠣᠭᠠᠨ ᠬᠦᠪᠡᠭᠦᠨ ᠵᠦᠴᠢ᠂ ᠳᠡᠳ᠋ ᠬᠦᠪᠡᠭᠦᠨ ᠴᠠᠭᠠᠳᠠᠢ ᠶᠢᠨ ᠣᠭᠰᠠᠭ᠎ᠠ ᠳᠣᠮᠳᠠ  ᠠᠽᠢᠶ᠎ᠠ ᠶᠢ  ᠡᠵᠢᠯᠡᠨ ︐  ᠣᠮᠪᠣᠯ ᠨᠢ ᠰᠡᠴᠡᠨ ᠬᠠᠭᠠᠨ ᠬᠤᠪᠢᠯᠠᠢ ᠬᠢᠳᠠᠳ ᠨᠠᠩᠭᠢᠶᠠᠳ ᠣᠷᠣᠨ ᠢ ᠪᠦᠬᠦᠨ  ᠢ ᠡᠵᠢᠯᠡᠨ ︿ᠳᠠᠶᠢᠶᠦᠸᠠᠨ﹀ ᠣᠯᠣᠰ   ᠢ ᠪᠠᠶᠢᠭᠤᠯᠣᠨ ︿ᠳᠠᠶᠢᠳᠣ﹀ ᠳᠤ ᠨᠡᠶᠢᠰᠯᠡᠪᠡ︔    ᠪᠣᠭᠳᠠ ᠴᠢᠩᠭᠢᠰ ᠬᠠᠭᠠᠨ ᠤ 8 ᠳ᠋ᠣᠭᠠᠷ ᠦᠶ᠎ᠡ ᠶᠢᠨ ᠠᠴᠢ ᠳᠣᠭᠤᠨᠳᠡᠮᠦᠷ ᠬᠠᠭᠠᠨ1370 ᠣᠨ ᠳᠤ ᠬᠢᠳᠠᠳ ᠨᠠᠩᠭᠢᠶᠠᠳ ᠣᠷᠣᠨ ᠢ ᠭᠡᠭᠡᠵᠣ ᠣᠷᠳᠣ ᠴᠠᠭᠠᠨ ᠬᠡᠷᠡᠮ ᠤᠨ ᠠᠷᠣ   ᠲᠤ ᠢᠷᠡᠵᠣ᠂ ᠳᠡᠣᠬᠡᠨ᠎ᠡ ︿ᠬᠤᠶᠢᠳᠣ ᠶᠤᠸᠠᠨ﹀ ᠣᠯᠣᠰ ᠪᠣᠯᠪᠠ︔    ᠪᠣᠭᠳᠠ ᠴᠢᠩᠭᠢᠰ ᠬᠠᠭᠠᠨ ᠤ12 ᠳ᠋ᠣᠭᠠᠷ ᠦᠶ᠎ᠡ ᠶᠢᠨ ᠳᠠᠶᠠᠨ ᠬᠠᠭᠠᠨ ᠪᠠᠳᠣᠮᠦᠩᠬᠡ᠂ ᠬᠠᠳᠣᠨ ᠮᠠᠨᠳᠣᠬᠠᠢ ᠲᠠᠢ  ᠪᠠᠨ  ᠪᠦᠬᠦ ᠮᠣᠩᠭᠤᠯ ᠢ ᠳᠠᠬᠢᠨ ᠨᠢᠭᠡᠳᠬᠡᠨ᠂ 11 ᠪᠣᠯᠣᠳ ᠬᠦᠪᠡᠭᠦᠨ ᠳᠦᠷᠦᠵᠣ ᠠᠯᠳᠠᠨ ᠣᠷᠤᠭ ᠢ ᠵᠠᠯᠭᠠᠪᠠ︔  ᠣᠣᠭᠠᠨ ᠬᠦᠪᠡᠭᠦᠨ ᠨᠢ ᠲᠦᠷᠦᠪᠣᠯᠣᠳ ᠴᠠᠬᠠᠷ  ᠂ ᠰᠦᠨᠢᠳ᠂ ᠬᠠᠭᠤᠴᠢᠳ᠂ ᠦᠵᠦᠮᠦᠴᠢᠨ᠂ ᠨᠠᠶᠢᠮᠠᠨ᠂ ᠣᠣᠬᠠᠨ ᠤ ᠪᠣᠷᠵᠢᠭᠢᠨ ᠣᠪᠣᠭᠳᠠᠨ ‍ᠤ‌‍ᠲ᠋ᠡᠭᠡᠳᠦ︔ ᠪᠠᠷᠰᠪᠣᠯᠣᠳ ᠵᠢᠨᠦᠩ ᠣᠷᠳᠣᠰ᠂ ᠪᠠᠷᠠᠭᠤᠨ ᠲᠦᠮᠡᠳ᠂ ᠬᠦᠬᠡ ᠬᠤᠳᠠ ᠶᠢᠨ ᠲᠦᠮᠡᠳ᠂  ᠬᠠᠷᠠᠴᠢᠨ ᠲᠦᠮᠡᠨ ᠤ ᠪᠣᠷᠵᠢᠭᠢᠳ ᠤᠨ ᠳᠡᠭᠡᠳᠦ︔  ᠸᠠᠴᠢᠷᠪᠣᠯᠣᠳ ᠬᠡᠰᠢᠭᠳᠡᠨ ᠤ ᠪᠣᠷᠵᠢᠭᠢᠳ ᠣᠪᠣᠭᠳᠠᠨ ᠤ ᠳᠡᠭᠡᠳᠦ︔ ᠠᠯᠴᠣᠪᠣᠯᠣᠳ ᠪᠠᠭᠠᠷᠢᠨ᠂ ᠵᠠᠷᠣᠳ ᠤᠨ ᠪᠣᠷᠵᠢᠭᠢᠳ ᠤᠨ ᠳᠡᠭᠡᠳᠦ︔ ᠠᠯᠪᠣᠯᠣᠳ ᠠᠰᠣᠳ᠂  ᠰᠢᠷᠠᠨᠣᠳ ᠤᠨ ᠪᠣᠷᠵᠢᠭᠢᠳ ᠤᠨ ᠲᠡᠭᠡᠳᠦ︔ ᠬᠡᠷᠰᠡᠨᠵᠠ ᠪᠣᠯᠣᠳ ᠬᠠᠯᠬ᠎ᠠ ᠶᠢᠨ ᠬᠤᠰᠢᠭᠤᠳ ᠤᠨ ᠪᠣᠷᠵᠢᠭᠢᠳ ᠤᠨ ᠳᠡᠭᠡᠳᠦ︔    ᠪᠣᠭᠳᠠ ᠴᠢᠩᠭᠢᠰ ᠬᠠᠭᠠᠨ ᠤ ᠳᠡᠭᠦᠦ ᠵᠦᠴᠢ ᠬᠠᠪᠳᠣ ᠬᠠᠰᠠᠷ ᠤᠨ12 ᠳ᠋ᠣᠭᠠᠷ ᠦᠶ᠎ᠡ ᠶᠢᠨ ᠠᠴᠢ ᠪᠣᠯᠣᠨᠠᠢ ᠬᠤᠷᠴᠢᠨ᠂ ᠬᠤᠱᠣᠳ᠂ ᠠᠷᠣ ᠬᠤᠷᠴᠢᠨ᠂ ᠮᠣᠣᠮᠢᠩᠭᠠᠨ᠂ ᠭᠤᠷᠯᠣᠰ᠂  ᠲᠦᠷᠪᠡᠳ᠂ ᠵᠠᠯᠠᠶᠢᠳ᠂ ᠣᠷᠠᠳ᠂ ᠲᠦᠷᠪᠡᠨ ᠬᠡᠣᠬᠡᠳ ᠤᠨ ᠪᠣᠷᠵᠢᠭᠢᠨ ᠤ ᠲᠡᠭᠡᠳᠦ︔  ᠳᠡᠭᠦᠦ ᠪᠡᠯᠭᠦᠳᠠᠢ ᠨᠢ ᠠᠪᠠᠭ᠎ᠠ᠂ ᠠᠪᠠᠭᠠᠨᠠᠷ ᠤᠨ ᠪᠣᠷᠵᠢᠭᠢᠨ ᠤ ᠳᠡᠭᠡᠳᠦ︔ ᠳᠡᠭᠦᠦ ᠳᠡᠮᠦᠬᠡ ᠣᠳᠴᠢᠬᠢᠨ ᠨᠢ ᠣᠡᠭᠨᠢᠭᠤᠳ ᠤᠨ ᠪᠣᠷᠵᠢᠭᠢᠳ ᠤᠨ ᠳᠡᠭᠡᠳᠦ ᠪᠣᠯᠣᠨ᠎ᠠ︔    ᠣᠵᠢᠭᠤᠷ ᠪᠣᠷᠵᠢᠭᠢᠨ ᠠᠴᠠ ᠰᠠᠯᠣᠭᠰᠠᠨ ᠣᠪᠣᠭ ᠲᠤ ᠪᠠᠭᠠᠷᠢᠨ᠂ ᠵᠠᠳᠠᠷᠠᠨ᠂  ᠵᠡᠭᠦᠷᠢᠳ᠂ ᠨᠣᠶᠠᠬᠢᠨ᠂ ᠪᠠᠷᠣᠯᠠᠰ᠂ ᠪᠠᠷᠣᠯᠠ᠂ ᠪᠣᠳᠠᠭᠠᠳ᠂ ᠠᠳᠠᠷᠬᠢᠨ᠂ ᠵᠣᠷᠭᠢᠨ᠂ ᠳᠠᠶᠢᠴᠢᠭᠤᠳ ᠵᠡᠷᠭᠡ ᠵᠡᠷᠭᠡ ᠰᠠᠯᠣᠭᠰᠠᠨ ᠪᠠᠶᠢᠨ᠎ᠠ︔ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号