ᠬᠠᠭᠤᠴᠢᠳ ᠣᠪᠣᠭ ᠠᠶᠢᠮᠠᠭ
ᠨᠡᠶᠢᠲᠡᠯᠡᠭᠰᠡᠨ ᠴᠠᠭ᠄
2020/3/25
    ᠬᠠᠭᠤᠴᠢᠳ —— ᠪᠠᠰᠠ ᠬᠠᠣᠴᠢᠨ᠂ ᠬᠠᠣᠴᠢᠳ᠂ ᠬᠠᠭᠤᠴᠠᠰ᠂ ᠬᠠᠭᠤᠴᠠᠳ᠂ ᠬᠤᠴᠠᠳ᠂ ᠬᠤᠴᠢᠳ ᠭᠡᠵᠦ ᠪᠢᠴᠢᠭᠳᠡᠭᠰᠡᠨ ᠴᠦ ᠪᠠᠶᠢᠳᠠᠭ᠃    ᠳᠠᠶᠠᠨ ᠬᠠᠭᠠᠨ ᠤ ᠳᠣᠯᠣᠳᠣᠭᠠᠷ ᠬᠦᠪᠡᠭᠦᠨ ᠠᠷᠪᠣᠯᠣᠳ ᠨᠢ ᠴᠠᠬᠠᠷ ᠤᠨ ᠬᠠᠭᠤᠴᠢᠳ ᠤᠨ ᠬᠤᠶᠠᠷ ᠣᠳᠤᠭ ᠢ ᠵᠠᠬᠢᠷᠴᠤ ᠪᠠᠶᠢᠪᠠ᠃ ᠪᠣᠳᠢ ᠠᠯᠠᠭ ᠬᠠᠭᠠᠨ ᠤ ᠦᠶ᠎ᠡ ᠳᠤ ᠴᠠᠬᠠᠷ ᠤᠨ ᠲᠠᠪᠣᠨ ᠬᠦᠷᠢᠶ᠎ᠡ ᠶᠢᠨ ᠳᠣᠳᠣᠷ᠎ᠠ ᠬᠠᠭᠤᠴᠢᠨ ᠴᠠᠬᠠᠷ ᠭᠡᠳᠡᠭ ᠤᠳᠤᠭ ᠪᠠᠶᠢᠳᠠᠭ᠃ ᠤᠷᠳᠤᠰ ᠲᠦᠮᠡᠨ ᠤ ᠳᠣᠳᠣᠷ᠎ᠠ ᠴᠦ ᠬᠠᠭᠤᠴᠢᠰ ᠭᠡᠳᠡᠭ ᠤᠳᠤᠭ ᠪᠠᠶᠢᠵᠠᠢ᠃ ᠣᠤᠯ ᠤᠨ ︿︿ᠨᠠᠢᠮᠠᠨ ᠣᠳᠤᠭ ᠬᠠᠭᠤᠴᠢᠨ ᠴᠠᠬᠠᠷ﹀﹀ ᠭᠡᠳᠡᠭ ᠨᠡᠷᠡᠶᠢᠳᠦᠯ ᠠᠴᠠ ᠬᠤᠵᠢᠮ ᠨᠠᠢᠮᠠᠨ᠂ ᠬᠠᠭᠤᠴᠢᠳ᠂ ᠴᠠᠬᠠᠷ ᠪᠡᠶ᠎ᠡ ᠪᠠᠨ ᠳᠠᠭᠠᠭᠠᠭᠰᠠᠨ ᠰᠢᠨ᠎ᠡ ᠭᠤᠷᠪᠠᠨ ᠣᠳᠤᠭ ᠤᠨ ᠨᠡᠷ᠎ᠡ ᠡᠭᠦᠰᠴᠡᠢ᠃ ᠪᠣᠳᠢ ᠠᠯᠠᠭ ᠬᠠᠭᠠᠨ ᠤ ᠠᠬᠠᠮᠠᠳ ᠬᠦᠪᠡᠬᠦᠨ ᠬᠦᠳᠡᠩ ᠬᠠᠭᠠᠨ ᠲᠡᠭᠦᠨ ᠤ ᠠᠶᠢᠮᠠᠭ ᠢᠶᠠᠨ ᠬᠠᠭᠤᠴᠢᠳ ᠭᠡᠮᠡᠨ ᠨᠡᠷᠡᠶᠢᠳᠴᠡᠢ ᠃    ᠬᠠᠭᠤᠴᠢᠳ ᠤᠪᠣᠭ ᠨᠢ ᠳᠡᠭᠡᠳᠦᠰ ᠤᠨ ᠢᠶᠠᠨ ᠬᠠᠷᠢᠶᠠᠯᠠᠭᠳᠠᠵᠣ ᠪᠠᠶᠢᠭᠰᠠᠨ ᠠᠶᠢᠮᠠᠭ᠂ ᠣᠳᠤᠭ ᠤᠨ ᠨᠡᠷᠡᠶᠢᠳᠦᠯ  ᠢᠶᠠᠷ ᠤᠪᠣᠭᠰᠢᠭᠰᠠᠨ ᠤᠪᠣᠭ ᠪᠣᠯᠣᠨ᠎ᠠ᠃ ᠬᠠᠭᠤᠴᠢᠳ ᠭᠡᠳᠡᠭ ᠨᠡᠷ᠎ᠡ ᠨᠢ ︿︿ᠬᠠᠭᠤᠴᠢᠨ﹀﹀ ᠭᠡᠬᠦ ᠤᠳᠬ᠎ᠠ ᠲᠠᠢ ᠪᠠᠶᠢᠵᠣ᠂ ᠬᠤᠵᠢᠮ ᠤᠨ ᠰᠢᠨᠡᠳᠴᠦ ᠬᠤᠪᠢᠷᠠᠭᠰᠠᠨ ᠴᠠᠬᠠᠷ ᠠᠴᠠ ᠢᠯᠭᠠᠵᠠᠢ᠃ ᠤᠮᠠᠷᠠᠳᠣ ᠶᠣᠸᠠᠨ ᠣᠯᠣᠰ ᠤᠨ ᠦᠶ᠎ᠡ ᠳᠤ ᠣᠷᠳᠣᠰ ᠲᠦᠮᠡᠨ ᠤ ᠵᠡᠭᠦᠨ ᠭᠠᠷ ᠤᠨ ᠠᠷᠪᠠᠨ ᠬᠤᠶᠠᠷ ᠣᠳᠤᠭ ᠤᠨ ᠨᠢᠭᠡ ᠨᠢ ᠬᠠᠭᠤᠴᠢᠳ ᠪᠠᠶᠢᠪᠠ᠃ ᠴᠢᠩ ᠣᠯᠣᠰ ᠤᠨ ᠦᠶ᠎ᠡ ᠳᠤ ᠬᠠᠭᠤᠴᠢᠳ ᠨᠢ ᠬᠤᠶᠠᠷ ᠬᠤᠰᠢᠭᠤ ᠪᠣᠯᠵᠣ ᠰᠢᠯᠢ ᠶᠢᠨ ᠭᠤᠤᠯ ᠤᠨ ᠴᠢᠭᠤᠯᠭᠠᠨ ᠳᠤ ᠬᠠᠮᠢᠶᠠᠷᠣᠭᠳᠠᠪᠠ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ︿︿ᠮᠢᠩᠭᠠᠨ ᠣᠪᠣᠭ﹀﹀ ᠤᠨ ᠲᠠᠶᠢᠯᠪᠤᠷᠢ ᠨᠤᠮ ᠠᠴᠠ᠂ ᠬᠤ᠋᠂ ᠵᠢᠨᠱᠠᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号