ᠬᠠᠰᠠᠭᠤᠳ ᠭᠡᠲᠡᠭ ᠤᠪᠤᠭ ᠨᠡᠷ᠎ᠡ ᠨᠢ ᠲᠤᠬᠠᠢ ᠲᠦᠬᠦᠮ ᠦᠭᠦᠯᠡᠬᠦ ᠨᠢ
ᠨᠡᠶᠢᠲᠡᠯᠡᠭᠰᠡᠨ ᠴᠠᠭ᠄
2020/3/25
   ᠬᠠᠰᠠᠭᠤᠳ — — ᠦᠭᠡ ᠶᠢᠨ ᠢᠵᠠᠭᠤᠷ ᠬᠠᠰᠠᠭ᠂ ᠮᠤᠲᠤᠨ ᠲᠡᠷᠭᠡᠨ ᠤ ᠨᠢᠬᠡ ᠲᠦᠷᠦᠯ᠂ ᠬᠠᠰᠠᠭᠤᠳ ᠪᠤᠯ ᠬᠠᠰᠠᠭ ᠲᠡᠷᠭᠡᠲᠡᠨ ᠤ ᠤᠯᠠᠨ ᠲᠤᠭ᠎ᠠ ᠶᠢ ᠢᠯᠡᠳᠬᠡᠭᠰᠡᠨ ᠬᠡᠯᠪᠡᠷ᠃ ᠤᠲᠤᠬᠢ ᠺᠠᠽᠠᠭ ᠤᠨ ᠰᠠᠯᠪᠤᠷᠢ ᠬᠤᠪᠢᠯᠪᠤᠷᠢ ᠪᠤᠯᠤᠨ᠎ᠠ᠃ ᠡᠷᠲᠡᠨ ᠳᠤ ᠬᠠᠰᠠᠭ ᠢ ᠪᠠᠰᠠ ᠬᠤᠶᠢᠬ᠎ᠠ ᠠᠶᠢᠮᠠᠭ ᠭᠡᠲᠡᠭ ᠪᠠᠶᠢᠵᠠᠢ᠃ ᠮᠤᠩᠭᠤᠯ ᠤᠭᠰᠠᠭᠠᠲᠠᠨ ᠪᠤᠯ ᠨᠡᠭᠦᠲᠡᠯᠴᠢᠨ ᠦᠠᠲᠤᠰᠤᠲᠡᠨ᠂ ᠡᠷᠲᠡᠨ ᠲᠡᠭᠡᠲᠤᠰ ᠠᠴᠠ ᠪᠠᠨ ︽ᠬᠠᠨᠠᠨ ᠬᠡᠷᠲᠡᠨ᠂ ᠬᠠᠰᠠᠭ ᠲᠡᠷᠭᠡᠲᠡᠨ︾ ᠴᠤᠤᠲᠠᠢ ᠲᠤᠯᠠ ︽ᠲᠡᠷᠭᠡᠲᠡᠨ︾᠂ ︽ᠦᠠᠲᠦᠷ ᠲᠡᠷᠭᠡᠲᠡᠨ︾ ᠵᠡᠷᠭᠡ ᠨᠡᠷᠡᠶᠢᠲᠤᠯ ᠢᠶᠠᠷ ᠬᠠᠷᠢ ᠦᠠᠲᠤᠰᠤᠲᠡᠨ ᠤ ᠰᠤᠷᠪᠤᠯᠵᠢ ᠲᠡᠤᠬᠡ ᠰᠤᠲᠤᠷ ᠲᠤ ᠲᠡᠮᠲᠡᠭᠯᠡᠭᠲᠡᠭᠰᠡᠭᠡᠷ ᠢᠷᠡᠭᠰᠡᠨ ᠪᠢᠯᠠ᠃ ᠬᠠᠰᠠᠭ ᠪᠤᠯ ᠮᠤᠩᠭᠤᠯ ᠲᠡᠷᠭᠡ᠂ ᠮᠤᠲᠤᠨ ᠲᠡᠷᠭᠡ ᠶᠢᠨ ᠨᠢᠭᠡ ᠲᠦᠷᠦᠯ᠂ ᠨᠡᠭᠦᠲᠡᠯ ᠤᠨ ᠴᠢᠬᠤᠯᠠ ᠪᠠᠭᠠᠵᠢ ᠪᠠᠶᠢᠵᠠᠢ᠃    ᠬᠠᠰᠠᠭ ᠤᠪᠤᠭ ᠨᠢ ᠬᠠᠰᠠᠭ ᠲᠡᠷᠭᠡ ᠲᠠᠢ ᠲᠡᠤᠭᠡᠨ ᠪᠠᠷᠢᠯᠲᠤᠯᠭ᠎ᠠ ᠲᠠᠢ ᠪᠢᠯᠠ᠃ ︽ᠦᠢᠷᠡᠳ ᠲᠡᠤᠬᠡ ᠶᠢᠨ ᠲᠤᠷᠠᠰᠠᠬᠠᠯ ᠤᠳ︾ ᠲᠤ ︽ᠮᠤᠩᠭᠤᠯ ᠤᠨ ᠬᠠᠷᠢᠶᠠᠲᠤ ᠠᠪᠠᠭ ᠬᠡᠷᠡᠢ ᠬᠠᠰᠠᠭ ᠤᠳ ᠪᠤᠯᠪᠠᠰᠤ ᠠᠯᠲᠠᠢ ᠶᠢᠨ ᠤᠷᠢᠶᠠᠩᠬᠠᠢ ᠯᠤᠭ᠎ᠠ ᠬᠤᠯᠢᠶᠠᠯᠲᠤᠨ ᠰᠠᠭᠤᠬᠤ ᠪᠦᠭᠡᠳ ᠤᠷᠢᠲᠡ ᠭᠤᠷᠪᠠᠨ ᠬᠤᠰᠢᠭᠤᠨ ᠪᠠᠶᠢᠭᠰᠠᠨ᠂ ᠬᠤᠶᠢᠨ᠎ᠠ ᠲᠦᠷᠪᠡᠨ ᠬᠤᠰᠢᠭᠤᠨ ᠪᠤᠯᠤᠭᠰᠠᠨ ᠁ ᠬᠠᠰᠠᠭ ᠤᠳ ᠤᠨ ᠤᠭ ᠭᠠᠷᠤᠯ ᠠᠨᠤ ᠪᠤᠯᠪᠠᠰᠤ ᠴᠤᠬᠤᠮ ᠳᠠᠭᠠᠨ ᠤᠯᠠᠨ ᠦᠠᠲᠤᠰᠤ ᠶᠠᠰᠤᠨ ᠤ ᠬᠤᠯᠢᠮᠠᠭ ᠭᠠᠷᠤᠯ ᠪᠦᠬᠦᠢ ᠰᠢᠠᠵᠢᠲᠠᠢ ᠪᠤᠯᠪᠠᠴᠤ ᠠᠷᠪᠠᠨ ᠬᠤᠶᠠᠷ ᠤᠲᠤᠭ ᠬᠠᠷ᠎ᠠ ᠬᠡᠷᠡᠢ ᠬᠡᠮᠡᠨ ᠠᠯᠲᠠᠷᠰᠢᠵᠤ ᠶᠡᠭᠡ ᠲᠦᠯᠦᠪ ᠲᠦᠷᠤᠭ᠌ ᠦᠠᠲᠦᠰᠦᠲᠡᠨ ᠤ ᠠᠶᠢᠮᠠᠭ ᠲᠤ ᠤᠷᠤᠬᠤ ᠶᠤᠮ᠃ ᠤᠷᠤᠰ ᠤᠨ ᠲᠤᠲᠤᠷᠠᠬᠢ ᠬᠠᠰᠠᠭᠰᠲ᠋ᠠᠨ ᠤ ᠬᠠᠰᠠᠭ ᠤᠳ ᠯᠤᠭ᠎ᠠ ᠬᠡᠯᠡᠨ ᠤ ᠠᠶᠠᠯᠭᠤ ᠪᠠ ᠭᠠᠷᠤᠯ ᠲᠡᠤᠬᠡ ᠬᠢᠭᠡᠳ ᠵᠠᠩ ᠰᠤᠷᠲᠠᠯ ᠠᠨᠤ ᠶᠡᠭᠡ ᠢᠯᠭᠠᠪᠤᠷᠢ ᠦᠭᠡᠢ ᠬᠡᠮᠡᠪᠠᠰᠤ ᠪᠤᠯᠤᠮᠤᠢ︾ ᠭᠡᠵᠤ ᠲᠤᠲᠤᠷᠬᠠᠶᠢᠯᠠᠨ ᠲᠡᠮᠲᠡᠭᠯᠡᠭᠰᠡᠨ ᠶᠤᠮ᠃ ᠲᠠᠶᠢᠴᠢᠩ ᠤᠯᠤᠰ ᠤᠨ ᠰᠡᠭᠦᠯ ᠤᠨ ᠦᠶᠡᠰ ᠲᠤ ᠬᠠᠰᠠᠭ ᠬᠡᠷᠡᠢ ᠨᠠᠷ 6 ᠲᠦᠮᠡᠨ ᠤᠷᠴᠢᠮ ᠬᠦᠮᠦᠨ ᠲᠠᠢ ᠪᠠᠶᠢᠵᠠᠢ᠃ ᠭᠤᠤᠯᠲᠠᠭᠤ ᠠᠲᠤᠭᠤ᠂ ᠦᠬᠡᠷ᠂ ᠰᠠᠷᠯᠤᠭ᠂ ᠲᠡᠮᠡᠭᠡ᠂ ᠬᠤᠨᠢ ᠮᠠᠯᠵᠢᠲᠠᠭ᠂ ᠢᠰᠡᠭᠡᠢ ᠭᠡᠷ ᠲᠤ ᠰᠠᠭᠤᠲᠠᠭ᠃    ᠲᠠᠷᠠᠬᠠᠯᠲᠠ ᠪᠠ ᠲᠠᠭᠤᠲᠠᠯᠭ᠎ᠠ ᠪᠢᠴᠢᠯᠭᠡ ᠶᠢᠨ ᠬᠤᠪᠢᠷᠠᠯ ᠭᠡᠪᠡᠰᠤ ᠬᠠᠰᠠᠭ᠂ ᠬᠠᠰᠠᠭᠤᠳ᠂ ᠬᠠᠰᠠᠭ ᠤᠳ᠂ ᠺᠠᠽᠠᠺᠠᠤᠳ᠂ ᠬᠠᠰᠠᠭ ᠲᠠᠩᠭᠤᠳ᠂ ᠬᠠᠰᠠᠭ ᠬᠡᠷᠡᠢ᠂ ᠮᠤᠳᠬᠠᠰᠠᠭ ᠵᠡᠷᠭᠡ ᠪᠤᠯᠤᠨ᠎ᠠ᠃    ᠮᠤᠩᠭᠤᠯ ᠤᠯᠤᠰ᠂ ᠦᠪᠤᠷ ᠮᠤᠩᠭᠤᠯ᠂ ᠪᠠᠷᠠᠭᠤᠨ ᠮᠤᠩᠭᠤᠯ ᠤᠨ ᠲᠤᠲᠤᠷ᠎ᠠ ᠬᠠᠰᠠᠭᠤᠳ ᠪᠠᠰᠠ ᠲᠠᠷᠬᠤᠨ ᠰᠠᠭᠤᠵᠤ ᠪᠠᠶᠢᠨ᠎ᠠ᠃ ᠪᠤᠤ ᠰᠢ ᠠᠪᠤᠭᠠᠢ ︽ᠮᠤᠩᠭᠤᠯ ᠤᠪᠤᠭ ᠠᠶᠢᠮᠠᠭ︾ ᠲᠠᠭᠠᠨ ᠬᠠᠰᠠᠭ ᠢ ᠦᠠᠲᠦᠰᠤᠲᠡᠨ ᠤ ᠨᠡᠷ᠎ᠡ ᠠᠴᠠ ᠡᠭᠦᠰᠤᠯ ᠭᠠᠷᠣᠯ ᠲᠠᠢ ᠤᠪᠤᠭ ᠢᠶᠠᠷ ᠪᠦᠷᠢᠳᠬᠡᠨ ᠲᠡᠮᠲᠡᠭᠯᠡᠪᠡ᠃ ᠦᠪᠤᠷ ᠮᠤᠩᠭᠤᠯ ᠤᠨ ᠠᠯᠠᠱᠠᠨ ᠵᠡᠭᠦᠨ ᠬᠤᠰᠢᠭᠤᠨ ᠢᠶᠠᠷ ᠮᠤᠳᠬᠠᠰᠠᠭ ᠤᠪᠤᠭᠲᠠᠨ ᠪᠦᠷᠢᠳᠬᠡᠭᠲᠡᠵᠤ ᠪᠤᠢ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠴᠤ᠋᠂ ᠪᠠᠲᠤᠪᠠᠶᠠᠷ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号