ᠬᠤᠷᠠᠯᠳᠠᠢ ᠶᠢᠨ ᠲᠦᠷᠢᠮ
ᠨᠡᠶᠢᠲᠡᠯᠡᠭᠰᠡᠨ ᠴᠠᠭ᠄
2020/3/25
    ᠤᠪᠤᠭ ᠲᠦᠷᠦᠯ ᠤᠨ ᠠᠬᠠᠯᠠᠭᠴᠢ ᠪᠠᠨ ᠰᠤᠩᠭᠤᠬᠤ ᠲᠦᠷᠢᠮ ᠪᠤᠯᠤᠨ ᠬᠦᠨᠳᠤ ᠴᠢᠬᠤᠯᠠ ᠬᠡᠷᠡᠭ ᠤᠴᠢᠷ ᠢ ᠲᠤᠭᠳᠠᠭᠠᠬᠤ ᠬᠤᠷᠠᠯᠳᠠᠢ ᠶᠢᠨ ᠲᠦᠷᠢᠮ ᠬᠤᠶᠠᠷ ᠵᠦᠢᠯ ᠢ ᠪᠠᠭᠳᠠᠭᠠᠨ᠎ᠠ᠃ ᠤᠪᠤᠭ ᠲᠦᠷᠦᠯ ᠤᠨ ᠲᠦᠷᠦᠭᠦᠦ ᠪᠠᠨ ᠡᠷᠳᠡᠨ ᠤ ᠮᠤᠩᠭᠤᠯᠴᠤᠳ ︽ᠬᠠᠨ︾ ᠬᠡᠮᠡᠨ ᠲᠠᠭᠤᠳᠠᠳᠠᠭ᠃ ᠬᠡᠭᠦ ᠳᠡᠭᠡᠨ ︽ᠬᠠᠨ︾ ᠢᠶᠠᠨ ᠪᠦᠬᠦ ᠤᠪᠤᠭ ᠲᠦᠷᠦᠯ ᠤᠨ ᠭᠡᠰᠢᠭᠦᠳ ᠤᠨ ᠬᠤᠷᠠᠯ — ᠬᠤᠷᠡᠯᠳᠠᠢ ᠪᠠᠷ ᠲᠠᠮᠵᠢᠨ ᠰᠤᠩᠭᠤᠨ ᠲᠤᠭᠳᠠᠭᠠᠳᠠᠭ᠃ ᠬᠤᠵᠢᠮ ᠨᠢ ᠲᠤᠳᠤᠭᠠᠳᠤ ᠶᠢᠨ ᠠᠩᠬᠢ ᠶᠢᠨ ᠬᠤᠪᠢᠶᠠᠷᠢᠯᠠᠯ ᠪᠠ ᠬᠤᠪᠢ ᠶᠢᠨ ᠦᠮᠴᠢᠯᠡᠯ ᠤᠨ ᠬᠦᠭᠵᠢᠬᠦ᠂ ᠪᠠᠶᠠᠨ ᠡᠷᠦᠬᠡ ᠶᠢᠨ ᠰᠦᠷ ᠬᠦᠴᠦᠨ ᠶᠡᠬᠡᠳᠬᠦ ᠶᠢ ᠲᠠᠭᠠᠯᠳᠤᠨ᠂ ᠤᠪᠤᠭ ᠲᠦᠷᠦᠯ ᠤᠨ ᠲᠦᠷᠦᠭᠦᠦ ᠶᠢ ᠤᠯᠠᠨ ᠨᠡᠶᠢᠳᠡ ᠪᠠᠷ ᠢᠶᠠᠨ ᠰᠤᠩᠭᠤᠬᠤ ᠲᠦᠷᠢᠮ ᠢ ᠬᠤᠪᠢᠷᠠᠭᠤᠯᠤᠭᠠᠳ᠂ ᠡᠷᠬᠡ ᠰᠦᠷᠳᠠᠢ ᠨᠢᠭᠡᠨ ᠤᠪᠤᠭ ᠶᠠᠰᠤᠳᠠᠨ ᠦᠶ᠎ᠡ ᠤᠯᠠᠷᠢᠨ ᠵᠠᠯᠭᠠᠮᠵᠢᠯᠠᠬᠤ ᠲᠦᠷᠢᠮ ᠪᠤᠯᠭᠠᠭᠰᠠᠨ ᠪᠠᠶᠢᠨ᠎ᠠ᠃ ᠠᠯᠢᠪᠠ ᠤᠪᠤᠭ ᠲᠦᠷᠦᠯ ᠤᠨ ᠲᠤᠳᠤᠭᠠᠳᠤ ᠶᠢᠨ ᠬᠦᠨᠳᠤ ᠴᠢᠬᠤᠯᠠ ᠬᠡᠷᠡᠭ ᠤᠴᠢᠷ ᠢ ᠪᠦᠷ ᠤᠪᠤᠭ ᠲᠦᠷᠦᠯ ᠤᠨ ᠭᠡᠰᠢᠭᠦᠳ ᠤᠷᠤᠯᠴᠠᠭᠰᠠᠨ ᠬᠤᠷᠠᠯᠳᠠᠢ ᠬᠤᠷᠠᠯᠳᠤᠭᠤᠯᠵᠤ ᠬᠠᠮᠳᠤ  ᠳᠠᠭᠠᠨ ᠵᠦᠪᠯᠡᠨ ᠲᠤᠭᠳᠠᠭᠠᠳᠠᠭ᠃ ᠬᠤᠵᠢᠮ ᠨᠢ ᠮᠤᠩᠭᠤᠯ ᠤᠨ ᠨᠡᠶᠢᠭᠡᠮ ᠠᠩᠬᠢᠳᠤ ᠨᠡᠶᠢᠭᠡᠮ ᠲᠤ ᠤᠷᠤᠭᠰᠠᠨ ᠤ ᠲᠠᠷᠠᠭ᠎ᠠ᠂ ᠤᠪᠤᠭ ᠲᠦᠷᠦᠯ ᠤᠨ ᠭᠡᠰᠢᠭᠦᠳ ᠪᠦᠭᠦᠳᠡᠭᠡᠷ ᠢᠶᠠᠨ ᠤᠷᠤᠯᠴᠠᠭᠰᠠᠨ ᠬᠤᠷᠠᠯᠳᠠᠢ ᠶᠢᠨ ᠲᠦᠷᠢᠮ ᠨᠢ ᠬᠤᠪᠢᠷᠠᠭᠠᠳ᠂ ᠤᠪᠤᠭ ᠠᠶᠢᠮᠠᠭ ᠤᠨ ᠲᠦᠷᠦᠭᠦᠴᠤᠳ ᠤᠷᠤᠯᠴᠠᠭᠰᠠᠨ ᠢᠵᠠᠭᠤᠷᠳᠠᠨ ᠤ ᠬᠤᠷᠠᠯᠳᠤᠭᠠᠨ ᠪᠤᠯᠵᠤ᠂ ᠬᠠᠨ ᠡᠵᠡᠨ ᠢᠶᠠᠨ ᠰᠤᠩᠭᠤᠬᠤ᠂ ᠴᠡᠷᠢᠭ ᠳᠠᠶᠢᠨ ᠮᠤᠷᠳᠠᠬᠤ ᠮᠡᠳᠤ ᠶᠢᠨ ᠶᠡᠭᠡ ᠭᠡᠷᠡᠭ ᠢᠶᠠᠨ ᠵᠦᠪᠳᠡᠨ ᠲᠤᠭᠳᠠᠭᠠᠵᠤ ᠪᠠᠶᠢᠭᠰᠠᠨ ᠪᠠᠶᠢᠨ᠎ᠠ᠃ ᠲᠡᠦᠬᠡᠨ ᠲᠡᠮᠳᠡᠭᠯᠡᠯ ᠳᠤ᠂ ᠠᠮᠪᠠᠭᠠᠢ ᠬᠠᠨ ᠪᠠᠷᠢᠭᠳᠠᠭᠠᠳ ᠬᠤᠳᠠᠯᠠ ᠶᠢ ᠬᠠᠨ ᠪᠤᠯᠭᠠᠬᠤ ᠦᠶ᠎ᠡ ᠳᠤ ︽ᠬᠠᠮᠤᠭ ᠮᠤᠩᠭᠤᠯ ᠬᠢᠭᠡᠳ ᠲᠠᠶᠢᠴᠢᠭᠤᠳ ᠨᠠᠷ ᠤᠨᠤᠨ ᠭᠤᠤᠯ ᠤᠨ ᠬᠤᠷᠬᠤᠨᠠᠭ ᠤᠨ ᠰᠢᠭᠤᠢ ᠳᠤ ᠬᠤᠷᠠᠯᠳᠤᠭᠠᠨ ᠬᠢᠵᠤ᠂ ᠬᠤᠳᠠᠯᠠ ᠶᠢ ᠬᠠᠨ ᠪᠤᠯᠭᠠᠪᠠ᠃ ᠬᠤᠳᠠᠯᠠ ᠶᠢ ᠬᠠᠨ ᠡᠷᠭᠦᠮᠵᠢᠯᠡᠭᠡᠳ ᠬᠤᠷᠬᠤᠨᠠᠭ ᠤᠨ ᠰᠠᠭᠯᠠᠭᠠᠷ ᠮᠤᠳᠤᠨ ᠤ ᠲᠤᠤᠷ᠎ᠠ ᠬᠤᠪᠢᠷᠭ᠎ᠠ ᠭᠠᠵᠠᠷ ᠢ ᠬᠠᠯᠴᠠᠷᠠᠳᠠᠯ᠎ᠠ᠂ ᠡᠪᠦᠳᠦᠭ ᠲᠦᠭᠦᠷᠡᠩ ᠲᠤᠭᠤᠰᠤ ᠪᠤᠯᠳᠠᠯ᠎ᠠ ᠪᠦᠵᠢᠭᠯᠡᠨ ᠨᠠᠭᠠᠳᠴᠤ ᠬᠤᠷᠢᠮᠯᠠᠪᠠ︾ ᠭᠡᠳᠡᠭ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号