ᠮᠤᠩᠭᠤᠯ ᠤᠭᠰᠠᠭᠠᠲᠠᠨ᠂ ᠲᠡᠤᠬᠡ ᠶᠢᠨ ᠪᠦᠷᠢᠯᠳᠦᠭᠦᠨ
ᠨᠡᠶᠢᠲᠡᠯᠡᠭᠰᠡᠨ ᠴᠠᠭ᠄
2020/3/25
   ᠠᠯᠢᠪᠠ ᠤᠭᠰᠠᠭᠠᠲᠠᠨ ᠲᠡᠤᠬᠡ ᠶᠢᠨ ᠪᠣᠯᠣᠨ ᠨᠡᠶᠢᠭᠡᠮ ᠤᠨ ᠬᠦᠭᠵᠢᠯ ᠤᠨ ᠣᠯᠠᠨ ᠵᠠᠭᠤᠨ ᠵᠢᠯ ᠤᠨ ᠶᠠᠪᠤᠴᠠ ᠳᠤ ᠪᠦᠷᠢᠯᠳᠦᠨ ᠪᠤᠢ ᠪᠣᠯᠳᠠᠭ ᠪᠠᠶᠢᠵᠠᠢ᠃ ᠤᠭᠰᠠᠭᠠᠲᠠᠨ ᠤ ᠨᠡᠶᠢᠲᠡᠯᠢᠭ ᠨᠢ ᠭᠠᠷᠤᠯ᠂ ᠬᠡᠯᠡ᠂ ᠰᠣᠶᠣᠯ᠂ ᠵᠠᠩ ᠵᠠᠩᠰᠢᠯ ᠂ ᠠᠵᠤ ᠠᠬᠤᠢ᠂ ᠨᠤᠲᠤᠭ ᠳᠡᠪᠢᠰᠬᠡᠷ ᠭᠡᠬᠦ ᠮᠡᠲᠦ ᠨᠡᠶᠢᠲᠡᠯᠢᠭ ᠵᠦᠢᠯ ᠢᠶᠠᠷ ᠲᠤᠳᠤᠷᠬᠠᠶᠢᠯᠠᠭᠳᠠᠳᠠᠭ᠃    ᠮᠤᠩᠭᠤᠯᠴᠤᠳ ᠦᠪᠡᠷᠰᠡᠳ ᠤᠨ ᠭᠠᠷᠤᠯ ᠢ ᠳᠡᠭᠡᠳᠤ ᠲᠡᠭᠷᠢ ᠲᠠᠢ ᠬᠤᠯᠪᠣᠵᠤ ᠢᠷᠡᠭᠰᠡᠨ ᠪᠦᠭᠡᠳ ᠢᠩᠭᠢᠵᠦ ᠦᠵᠡᠬᠦ ᠨᠢ ᠶᠡᠭᠡ ᠡᠷᠲᠡ ᠦᠶ᠎ᠡ ᠠᠴᠠ ᠤᠯᠪᠠᠭ᠎ᠠ ᠲᠠᠢ᠃ ᠨᠡᠶᠢᠭᠡᠮ ᠲᠡᠤᠬᠡᠨ ᠤ ᠬᠥᠭᠵᠢᠯ ᠤᠨ ᠶᠠᠪᠤᠴᠠ ᠳᠤ ᠲᠡᠷᠢᠭᠦᠯᠡᠬᠦ ᠣᠪᠣᠭ ᠠᠶᠢᠮᠠᠭ ᠤᠳ ᠪᠤᠢ ᠪᠣᠯᠵᠦ ᠪᠣᠰᠣᠳ ᠣᠪᠣᠭ ᠠᠶᠢᠮᠠᠭ ᠢ ᠨᠤᠶᠠᠯᠠᠨ ᠵᠠᠬᠢᠷᠤᠬᠤ ᠪᠣᠯᠣᠭᠰᠠᠨ ᠠᠴᠠ ᠲᠡᠳᠡᠭᠡᠷ ᠠᠶᠢᠮᠠᠭ ᠤᠳ ᠤᠨ ᠲᠡᠷᠢᠭᠦᠯᠡᠭᠴᠢ᠂ ᠲᠣᠯᠣᠭᠠᠶᠢᠯᠠᠭᠴᠢ ᠶᠢᠨ ᠤᠳᠤᠮ ᠭᠠᠷᠪᠠᠯ ᠢ ᠬᠠᠨ ᠴᠠᠭᠠᠨ ᠶᠠᠰᠦᠲᠠᠢ᠂ ᠲᠠᠶᠢᠵᠢ ᠤᠭᠰᠠᠭ᠎ᠠ ᠲᠠᠢ ᠬᠡᠮᠡᠨ ᠨᠠᠷᠡᠯᠡᠵᠡᠢ᠃    ᠲᠠᠶᠢᠵᠢ ᠨᠠᠷ ᠢ ᠲᠠᠪᠤᠨ ᠬᠡᠰᠡᠭ ᠲᠤ ᠬᠤᠪᠢᠶᠠᠬᠤ ᠪᠥᠭᠡᠳ ᠡᠳᠡᠭᠡᠷ ᠲᠤ᠂ ︿ᠪᠣᠷᠵᠢᠭᠢᠨ ᠲᠠᠶᠢᠵᠢ ᠨᠠᠷ﹀ ᠪᠣᠳᠠᠨᠴᠠᠷ ᠠᠴᠠ ᠡᠭᠦᠰᠦᠭᠰᠡᠨ ᠠᠯᠲᠠᠨ ᠤᠷᠤᠭ ᠤᠨ ᠭᠠᠷᠤᠯ ᠲᠠᠢ ᠪᠦᠭᠡᠳ ᠳᠤᠲᠤᠷ᠎ᠠ ᠨᠢ ᠲᠦᠷᠦᠯ ᠲᠠᠶᠢᠵᠢ᠂ ᠬᠠᠷᠢᠶᠠᠲᠤ ᠲᠠᠶᠢᠵᠢ ᠬᠡᠮᠡᠨ ᠬᠤᠶᠡᠷ ᠬᠤᠪᠢᠶᠠᠨ᠎ᠠ᠃ ᠲᠥᠷᠦᠯ ᠲᠠᠶᠢᠵᠢ ᠭᠡᠳᠡᠭ ᠨᠢ ᠴᠢᠩᠭᠢᠰ ᠬᠠᠭᠠᠨ ᠤ ᠰᠢᠭᠤᠳ ᠤᠳᠤᠮ ᠤᠨ ᠲᠠᠶᠢᠵᠢ ᠨᠠᠷ︔ ᠬᠠᠷᠢᠶᠠᠲᠤ ᠲᠠᠶᠢᠵᠢ ᠭᠡᠳᠡᠭ ᠨᠢ ᠴᠢᠩᠭᠢᠰ ᠬᠠᠭᠠᠨ ᠤ ᠳᠡᠭᠦᠦ ᠬᠠᠪᠤᠲᠤ ᠬᠠᠰᠠᠷ᠂ ᠪᠦᠬᠡ ᠪᠡᠯᠭᠦᠳᠡᠢ᠂ ᠣᠳᠴᠢᠬᠠᠨ ᠨᠤᠶᠠᠨ ᠨᠠᠷ ᠤᠨ ᠬᠤᠶᠢᠴᠢᠰ ᠶᠤᠮ᠃    ︿ᠴᠣᠷᠣᠰ ᠲᠠᠶᠢᠵᠢ ᠨᠠᠷ﹀ ᠪᠥᠷᠢᠳᠡ ᠴᠢᠨ᠋ᠸ᠎ᠠ ᠶᠢᠨ 12 ᠳ᠋ᠤᠭᠠᠷ ᠦᠶ᠎ᠡ ᠶᠢᠨ ᠠᠴᠢ ᠲᠤᠸᠠ ᠰᠣᠬᠤᠷ ᠠᠴᠠ ᠲᠥᠷᠦᠭᠰᠡᠨ ᠲᠣᠨᠣᠢ᠂ ᠳᠣᠭᠰᠢᠨ᠂ ᠡᠮᠨᠡᠭ᠂ ᠡᠷᠬᠡ ᠬᠡᠮᠡᠬᠦ ᠳᠦᠷᠪᠡᠨ ᠬᠦᠪᠡᠭᠦᠳ ᠤᠨ ᠨᠢᠭᠡ ᠳᠣᠨᠣᠢ ᠶᠢᠨ ᠤᠳᠤᠮ ᠠᠴᠠ ᠡᠭᠦᠰᠴᠡᠢ᠃    ︿ᠬᠤᠶᠢᠳ ᠲᠠᠶᠢᠵᠢ ᠨᠠᠷ﹀12 —13 ᠵᠠᠭᠤᠨ ᠤ ᠦᠶ᠎ᠡ ᠳᠤ ᠨᠢᠭᠡ ᠲᠦᠮᠡᠨ ᠤᠶᠢᠷᠠᠳ ᠢ ᠵᠠᠬᠢᠷᠴᠤ ᠶᠠᠪᠤᠭᠰᠠᠨ ᠬᠤᠲᠠᠭ᠎ᠠ ᠪᠠᠬᠢ ᠨᠤᠶᠠᠨ ᠤ ᠦᠷ᠎ᠡ ᠬᠤᠶᠢᠴᠢ ᠶᠤᠮ᠃   ︿ᠤᠷᠢᠶᠠᠩᠬᠠᠢ ᠲᠠᠶᠢᠵᠢ ᠨᠠᠷ﹀ ᠨᠢ ᠴᠢᠩᠭᠢᠰ ᠬᠠᠭᠠᠨ ᠤ ᠶᠢᠰᠦᠨ ᠥᠷᠯᠦᠭ ᠤᠨ ᠨᠢᠭᠡ ᠵᠡᠯᠮ᠎ᠡ  ᠶᠢᠨ ᠦᠷ᠎ᠡ ᠬᠤᠶᠢᠴᠢᠰ ᠠᠴᠠ ᠡᠭᠦᠰᠴᠡᠢ᠃    ︿ᠲᠤᠷᠭᠤᠳ ᠲᠠᠶᠢᠵᠢ ᠨᠠᠷ﹀ ᠬᠡᠷᠡᠶᠢᠳ ᠤᠨ ᠸᠠᠩ ᠬᠠᠨ ᠲᠣᠭᠤᠷᠢᠯ ᠤᠨ ᠦᠷ᠎ᠡ ᠤᠳᠤᠮ ᠶᠠᠪᠤᠭᠰᠠᠭᠠᠷ ᠲᠣᠷᠭᠤᠳ ᠲᠠᠶᠢᠵᠢ ᠨᠠᠷ ᠤᠨ ᠡᠪᠦᠭᠡ ᠳᠡᠭᠡᠳᠦᠰ ᠪᠣᠯᠣᠭᠰᠠᠨ ᠶᠤᠮ᠃     ᠡᠳᠦᠭᠡ ᠮᠣᠩᠭᠤᠯᠴᠣᠳ ᠮᠣᠩᠭᠤᠯ ᠣᠯᠣᠰ᠂ ᠬᠢᠳᠡᠳ ᠤᠯᠤᠰ ᠤᠨ ᠦᠪᠦᠷ ᠮᠤᠩᠭᠤᠯ᠂ ᠶᠦᠨᠨᠠᠨ᠂ ᠬᠦᠬᠡᠨᠠᠭᠤᠷ᠂ ᠰᠢᠨᠵᠢᠶᠠᠩ᠂ ᠣᠷᠣᠰ ᠤᠨ ᠪᠤᠷᠢᠶᠠᠳ᠂ ᠬᠠᠯᠢᠮᠠᠭ᠂ ᠠᠮᠧᠷᠢᠺᠡ᠂ ᠹᠷᠠᠨᠼᠢ ᠳᠤ ᠣᠷᠣᠰᠢᠨ ᠰᠠᠭᠤᠳᠠᠭ᠃    ᠲᠡᠭᠦᠨᠴᠢᠯᠡᠨ ᠦᠪᠡᠷᠰᠡᠳ ᠢ ᠪᠠᠨ ᠮᠤᠩᠭᠤᠯ ᠭᠠᠷᠤᠯ ᠲᠠᠢ ᠬᠡᠮᠡᠨ ᠦᠵᠡᠳᠡᠭ ᠬᠠᠵᠠᠶᠠᠷ ᠮᠤᠩᠭᠤᠯᠴᠤᠳ ᠠᠹᠭᠠᠨᠨᠢᠰᠲᠠᠨ ᠣᠯᠣᠰ ᠳᠤ ᠪᠠᠶᠢᠳᠠᠭ ᠠᠵᠠᠢ᠃     ᠳᠡᠯᠡᠬᠡᠢ ᠳᠡᠭᠡᠷ᠎ᠡ ᠮᠤᠩᠭᠤᠯ ᠭᠠᠷᠪᠠᠯ ᠲᠠᠢ ᠨᠡᠶᠢᠲᠡ ᠠᠷᠪᠠᠨ ᠰᠠᠶ᠎ᠠ ᠣᠷᠴᠢᠮ ᠮᠤᠩᠭᠤᠯ ᠬᠦᠮᠦᠨ ᠪᠠᠶᠢᠳᠠᠭ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号