ᠮᠤᠩᠭᠤᠯᠴᠤᠳ᠂ ᠤᠳᠤ ᠶᠢᠨ ᠮᠤᠩᠭᠤᠯᠴᠤᠳ ᠪᠤᠯ ᠠᠽᠢ ᠶᠢᠨ ᠦᠨᠳᠦᠷᠯᠢᠭ ᠤᠨ ᠡᡁᠦ᠋ᠩᠨᠤ᠂ ᠰᠢᠶᠠᠨᠪᠢ᠂ | ᠲᠤᠪᠠ᠂ ᠮᠤ᠋ ᠷᠦᠩ᠂ ᠬᠢᠳᠠᠨ᠂᠂᠂ ᠠᠶᠢᠮᠠᠭ ᠤᠭᠰᠠᠭ᠎ᠠ ᠦᠨᠳᠤᠰᠤᠳᠡᠨ ᠶᠠᠰᠤᠳᠠᠨ ᠤ ᠠᠭᠤᠰᠤᠯ ᠨᠢᠭᠡᠳᠤᠯ ᠪᠤᠯᠬᠤ | ᠶᠤᠮ᠃ | ᠨᠡᠶᠢᠳᠡᠶᠢᠨ ᠤᠨ ᠲᠤᠭᠠᠯᠠᠯ ᠠᠴᠠ ᠡᠮᠤᠨᠡᠬᠢ 3 ᠳ᠋ᠤᠭᠠᠷ ᠵᠠᠭᠤᠨ ᠤ ᠰᠡᠭᠦᠯᠴᠢ ᠪᠠᠷ ᠡᡁᠦ᠋ᠩᠨᠤ ᠤᠯᠤᠰ | ᠬᠦᠴᠤᠷᠭᠡᠭᠵᠢᠪᠠ᠂ ᠴᠢᠨ ᠤᠯᠤᠰ ᠤᠨ ᠠᠩᠬᠠᠨ ᠤ ᠬᠠᠭᠠᠨ ᠬᠢᠭᠡᠳ ᠵᠠᠩᠵᠤᠨ ᠮᠡᠩᠲ᠋ᠢᠶᠠᠨ ᠤᠷᠳᠤ ᠴᠠᠭᠠᠨ ᠬᠡᠷᠡᠮ ᠢ | ᠡᠬᠢᠯᠡᠵᠤ ᠪᠠᠶᠢᠭᠤᠯᠪᠠ᠃ | ᠨᠡᠶᠢᠳᠡᠶᠢᠨ ᠤᠨ ᠲᠤᠭᠠᠯᠠᠯ ᠠᠴᠠ ᠡᠮᠤᠨᠡᠬᠢ 201 ᠤᠨ ᠳᠤ ᠡᡁᠦ᠋ᠩᠨᠤ ᠤᠯᠤᠰ ᠤᠨ ᠲᠦᠮᠡᠨ ᠴᠠᠨ ᠢᠥᠢ | ᠶᠢᠨ ᠬᠦᠪᠡᠭᠦᠨ ᠮᠤᠳᠤᠨ ᠴᠠᠨ ᠢᠥᠢ ᠤᠷᠳᠤ ᠴᠠᠭᠠᠨ ᠬᠡᠷᠡᠮ ᠤᠨ ᠤᠶᠢᠷᠠᠯᠴᠠᠬᠢ ᠪᠠᠢ ᠳ᠋ᠧᠩ ᠲᠠᠢ ᠬᠡᠳᠡᠭ ᠭᠠᠵᠠᠷ | ᠬᠠᠨ ᠤᠯᠤᠰ ᠤᠨ ᠭᠤᠤᠼᠤ ᠬᠠᠭᠠᠨ ᠢ ᠪᠦᠰᠡᠯᠡᠨ ᠲᠠᠶᠢᠨ ᠤ ᠢᠯᠠᠯᠳᠠ ᠤᠯᠪᠠ ︵ᠫᠢᠩᠴᠧᠩ ᠳᠠᠬᠢ ᠲᠤᠯᠤᠯᠳᠤᠭᠠᠨ | ᠪᠠᠰᠨ ᠪᠠᠢ ᠳ᠋ᠧᠩ ᠤᠨ ᠪᠦᠰᠡᠯᠡᠯᠳᠡ ᠭᠡᠳᠡᠭ︶᠃ | 1130 — ᠬᠠᠪᠤᠯ ᠬᠠᠭᠠᠨ ︿︿ᠬᠠᠮᠤᠭ ᠮᠤᠩᠭᠤᠯ ᠤᠯᠤᠰ﹀﹀ ᠢ ᠪᠠᠶᠢᠭᠤᠯᠪᠠ᠃ | 1189 — ᠪᠤᠷᠬᠠᠨ ᠬᠠᠯᠳᠤᠨ ᠤ ᠤᠷᠴᠢᠮ ᠮᠤᠩᠭᠤᠯ ᠨᠤᠶᠠᠳ ᠤᠨ ᠬᠤᠷᠠᠯᠳᠠᠢ ᠠᠴᠠ ᠲᠡᠮᠤᠵᠢᠨ ᠢ ᠬᠠᠮᠤᠭ | ᠮᠤᠩᠭᠤᠯ ᠤᠨ ᠬᠠᠭᠠᠨ ︵ᠲᠦᠷᠪᠡᠳᠤᠭᠡᠷ ᠬᠠᠭᠠᠨ︶ ᠡᠷᠭᠦᠮᠵᠢᠯᠡᠵᠤ᠂ ︿︿ᠴᠢᠩᠭᠢᠰ ᠬᠠᠭᠠᠨ﹀﹀ ᠴᠤᠯᠨ ᠦᠭᠪᠠ᠃ | 1206 — ᠪᠤᠷᠬᠠᠨ ᠬᠠᠯᠳᠤᠨ ᠳᠤ ᠭᠤᠷᠪᠠᠨ ᠡᠳᠤᠷ ᠶᠡᠭᠡ ᠲᠠᠬᠢᠯᠭ᠎ᠠ ᠦᠢᠯᠡᠳᠪᠠ᠂ ᠶᠡᠭᠡ ᠬᠤᠷᠠᠯᠳᠠᠢ ᠶᠢᠨ | ᠡᠬᠢᠨ ᠤ ᠡᠳᠤᠷ ᠠᠴᠠ ᠬᠦᠬᠡᠴᠤ ︵ᠲᠡᠪ ᠲᠡᠭᠷᠢ︶ ᠵᠠᠭᠠᠷᠢᠨ ᠴᠠᠩ ᠬᠡᠩᠭᠡᠷᠭᠡ ᠰᠦᠷᠵᠢᠩ ᠲᠡᠯᠡᠳᠤᠨ ︿︿ᠴᠢᠩᠭᠢᠰ﹀﹀ | ︿︿ᠲᠡᠭᠷᠢ ᠶᠢᠨ ᠡᠯᠴᠢ﹀﹀ ︿︿ᠮᠦᠩᠬᠡ ᠲᠡᠭᠷᠢ ᠠᠴᠠ ᠵᠠᠶᠠᠭᠠᠭᠰᠠᠨ ᠶᠡᠭᠡ ᠡᠵᠡᠨ﹀﹀ ᠁ ᠡᠵᠡᠨᠴᠢᠩᠭᠢᠰ ᠢ | ᠪᠢᠰᠢᠷᠡᠨ ᠰᠢᠳᠦᠭᠳᠤᠨ ᠬᠡᠮᠡᠨ ᠦᠨᠳᠤᠷ ᠲᠠᠭᠤ ᠪᠠᠷ ᠬᠠᠰᠬᠢᠷᠤᠨ ᠪᠦᠭᠡᠯᠡᠵᠤ ᠪᠠᠶᠢᠭᠰᠠᠨ᠂ ︿︿ᠶᠡᠭᠡ ᠮᠤᠩᠭᠤᠯ ᠤᠯᠤᠰ | ﹀﹀ ᠪᠠᠶᠢᠭᠤᠯᠠᠭᠳᠠᠵᠤ ᠴᠢᠩᠭᠢᠰ ᠬᠠᠭᠠᠨᠶᠡᠭᠡᠮᠤᠩᠭᠤᠯ ᠤᠯᠤᠰ ᠤᠨ ᠬᠠᠭᠠᠨ ᠡᠷᠭᠦᠮᠵᠢᠯᠡᠭᠳᠡᠵᠤ᠂ ᠮᠤᠩᠭᠤᠯ ᠪᠢᠴᠢᠭ ᠢ | ᠲᠦᠷᠤ ᠶᠢᠨ ᠪᠢᠴᠢᠭ ᠪᠤᠯᠭᠠᠨ ᠤᠯᠤᠰ ᠦᠨᠳᠤᠰᠤᠳᠡᠨ ᠤ ᠪᠠᠨ ᠨᠡᠷᠡᠶᠢᠳᠤᠯ ᠢ ︿︿ᠮᠤᠩᠭᠤᠯ﹀﹀ ᠬᠡᠮᠡᠪᠡ᠃ ︿︿ᠶᠡᠭᠡ | ᠵᠠᠰᠠᠭ﹀﹀ ᠢ ᠵᠠᠷᠯᠠᠨ᠂ ᠬᠤᠵᠢᠮ ᠨᠢ ᠶᠡᠭᠡ ᠮᠤᠩᠭᠤᠯ ᠤᠯᠤᠰ ᠠᠽᠢᠶ᠎ᠠ ᠡᠸᠦ᠋ᠷᠤᠫᠠ ᠶᠢ ᠰᠤᠨᠳᠠᠯᠠᠳᠠᠯᠠ ᠦᠷᠭᠡᠵᠢᠪᠡ᠃ | | 1224 — ᠴᠢᠩᠭᠢᠰ ᠬᠠᠭᠠᠨ ᠰᠠᠷᠳᠠᠭᠤᠯ ᠢ ᠲᠠᠶᠢᠯᠠᠨ ᠪᠤᠴᠠᠵᠤ᠂ ᠡᠷᠴᠢᠰ ᠮᠦᠷᠡᠨ ᠤ ᠡᠷᠬᠢ ᠤᠷᠴᠢᠮ | ᠪᠤᠭᠤ ᠰᠤᠴᠢᠭᠠᠢ ᠭᠡᠳᠡᠭ ᠭᠠᠵᠠᠷ ᠶᠡᠭᠡ ᠬᠤᠷᠠᠯᠳᠠᠢ ᠪᠤᠯᠵᠤ᠂ ᠲᠦᠷᠪᠡᠨ ᠶᠡᠭᠡ ᠬᠠᠭᠠᠨᠳᠤ ᠤᠯᠤᠰ ᠡᠬᠢᠯᠡᠨ | ᠪᠦᠷᠢᠯᠳᠤᠨ᠂ ︿︿ᠴᠢᠩᠭᠢᠰ ᠤᠨ ᠴᠢᠯᠠᠭᠤᠨ ᠪᠢᠴᠢᠭ﹀﹀ ᠪᠤᠰᠬᠠᠭᠳᠠᠵᠠᠢ᠃ | 1234 — ᠦᠭᠡᠳᠠᠢ ᠬᠠᠭᠠᠨ ᠵᠦᠷᠴᠢᠨ ︵ᠮᠠᠨᠵᠤ︶ ᠤᠨ ᠠᠯᠳᠠᠨ ᠤᠯᠤᠰ ᠢ ᠮᠦᠬᠦᠭᠡᠪᠡ᠃ ᠬᠤᠵᠢᠮ ᠨᠢ | ︿︿ᠤᠯᠤᠰ ᠣᠨᠬᠦ᠋ᠪᠡᠭᠦᠳ ᠤᠨ ᠰᠤᠷᠭᠠᠭᠤᠯᠢ﹀﹀ ᠶᠢ ᠪᠠᠶᠢᠭᠤᠯᠪᠠ᠃ | 1235 — ᠬᠠᠷ᠎ᠠ ᠬᠤᠷᠠᠮ ᠳᠤ ᠶᠡᠭᠡ ᠬᠤᠷᠠᠯᠳᠠᠢ ᠪᠤᠯᠪᠠ᠂ ᠪᠠᠳᠤ ᠬᠠᠨ ᠤ ᠲᠠᠶᠢᠴᠢᠯᠠᠭᠰᠠᠨ ᠦᠷᠤᠨ᠎ᠡ | ᠵᠦᠭ ᠤᠨ ᠲᠠᠶᠢᠨ ᠤ ᠠᠵᠢᠯᠯᠠᠭ᠎ᠠ ᠡᠬᠢᠯᠡᠪᠡ᠃ | 1240 — ︿︿ᠮᠤᠩᠭᠤᠯ ᠤᠨ ᠨᠢᠭᠤᠴᠨ ᠲᠤᠪᠴᠢᠶᠠᠨ﹀﹀ ᠢ ᠪᠢᠴᠢᠵᠤ ᠲᠠᠭᠤᠰᠬᠠᠪᠠ᠂ ᠪᠠᠳᠤ ᠬᠠᠨ ᠤᠷᠤᠰ | ᠤᠨ ᠸᠠᠩᠳᠤ ᠤᠯᠤᠰ ᠤᠳ ᠢ ᠪᠠᠶᠢᠯᠳᠤᠨ ᠲᠠᠭᠠᠭᠤᠯᠵᠤ᠂ ᠮᠤᠩᠭᠤᠯ ᠴᠡᠷᠢᠭᠠᠦ᠋ᠰᠲᠷᠢᠶᠠ ᠶᠢᠨ ᠸᠢᠶᠧᠨᠠ ᠬᠤᠳᠠ | ᠬᠦᠷᠴᠤ᠂ ᠹᠠᠷᠠᠨᠽᠢ ᠠᠩᠭᠡᠯᠢ ᠢᠰᠫᠠᠨᠢ ᠬᠦᠷᠳᠡᠯ᠎ᠡ ᠠᠶᠤᠨ ᠪᠤᠯᠭᠤᠮᠵᠢᠯᠠᠵᠤ ᠡᠭᠢᠯᠡᠭᠰᠡᠨ ᠪᠤᠶᠤ ᠲᠠᠶᠢᠨ ᠳᠤ | ᠬᠠᠮᠤᠷᠠᠭᠳᠠᠨ᠂ ᠡᠸᠦ᠋ᠷᠤᠫᠡ ᠶᠢᠨ ᠱᠠᠰᠢᠨ ᠤ ᠬᠠᠭᠠᠨᠠᠶᠤᠨ ᠰᠦᠷᠳᠡᠵᠤ ᠡᠳᠤᠷ ᠪᠦᠷᠢ ᠮᠦᠷᠭᠦᠯ ᠵᠠᠯᠪᠠᠷᠢᠯ | ᠦᠢᠯᠡᠳᠴᠦ ᠪᠠᠶᠢᠭᠰᠠᠨ ᠭᠡᠳᠡᠭ᠃ | 1244 — ᠦᠭᠡᠳᠠᠢ ᠬᠠᠭᠠᠨ ᠤ ᠬᠦᠤ ᠬᠦᠳᠡᠨ ᠰᠠᠰᠭᠢᠶ᠎ᠠ ᠪᠦᠯᠥᠭ ᠤᠨ ᠠᠬᠠᠯᠠᠭᠴᠢ ᠯᠠᠮᠨ ᠰᠠᠰᠭᠢᠶ᠎ᠠ | ᠪᠠᠨᠳᠢᠳᠠ ᠬᠦᠩᠭᠠᠵᠠᠯᠰᠠᠨ ᠳᠤ ᠰᠦᠷ ᠬᠦᠴᠤᠨ ᠵᠠᠷᠯᠠᠭᠰᠠᠨ ᠤᠷᠢᠯᠭ᠎ᠠ ᠶᠢᠨ ᠪᠢᠴᠢᠭ ᠢᠯᠡᠭᠡᠪᠡ᠂ 1253 — | ᠰᠠᠰᠭᠢᠶ᠎ᠠ ᠪᠠᠨᠳᠢᠳᠠ ᠤ ᠠᠴᠢ ᠬᠦᠪᠡᠭᠦᠨ ᠫᠠᠭᠪᠠ ᠯᠠᠮᠠ ᠮᠤᠩᠭᠤᠯ ᠭᠠᠵᠠᠷ ᠢᠷᠡᠪᠠ᠃ | 1246 — ᠦᠭᠡᠳᠠᠢ ᠬᠠᠭᠠᠨ ᠤ ᠬᠦᠤ ᠭᠦᠶᠦᠭ ᠬᠠᠭᠠᠨ ᠡᠸᠦ᠋ᠷᠤᠫᠡ ᠶᠢᠨ ᠱᠠᠰᠢᠨ ᠤ ᠬᠠᠭᠠᠨ ᠳᠤ | ᠢᠯᠡᠭᠡᠭᠰᠡᠨ ᠵᠠᠬᠢᠳᠠᠯ ᠳᠤ ᠪᠠᠨ — ᠴᠢ ᠨᠠᠮᠠᠢᠢ ᠪᠤᠭᠳᠠ ᠰᠠᠬᠢᠭᠤᠯᠰᠤᠨ ᠳᠤ ᠮᠦᠷᠭᠦᠭᠦᠯᠤᠨ ᠨᠠᠮᠠᠨᠴᠢᠯᠠᠭᠤᠯᠵᠤ᠂ | ᠤᠭᠢᠶᠠᠯ ᠰᠠᠬᠢᠯ ᠠᠪᠤᠭᠤᠯᠬᠤ ᠭᠡᠪᠡ᠂ ᠪᠢ ᠴᠢᠨᠤ ᠲᠡᠷᠡ ᠨᠠᠮᠠᠨᠴᠢᠠᠯ ᠲᠠᠭᠠᠳᠬᠠᠯ ᠭᠡᠳᠡᠭ ᠢ ᠴᠢᠨᠢ ᠮᠡᠳᠡᠬᠦ ᠦᠭᠡᠢ ᠁ | ᠲᠡᠳᠡ ᠴᠢᠩᠭᠢᠰ ᠬᠠᠭᠠᠨ ᠭᠢᠭᠡᠳ ᠬᠠᠭᠠᠨ ︵ᠦᠭᠡᠳᠠᠢ ᠬᠠᠭᠠᠨ︶ ᠳᠤ ᠦᠨᠡᠨᠴᠢ ᠦᠭᠡᠢ᠂ ᠲᠡᠷᠡᠴᠢᠯᠡᠨ ᠮᠦᠩᠬᠡ | ᠲᠡᠭᠷᠢ ᠶᠢᠨ ᠵᠠᠷᠯᠢᠭ ᠢ ᠴᠤ ᠰᠤᠨᠤᠰᠬᠤ ᠦᠭᠡᠢ ᠲᠤᠯᠨ ᠮᠦᠩᠬᠡ ᠲᠡᠭᠷᠢ ᠲᠡᠳᠡᠨ ᠢ ᠰᠦᠨᠤᠭᠡᠪᠡ᠂ ᠴᠢ ᠬᠡᠷᠪᠡ ᠮᠢᠨᠤ | ᠵᠠᠷᠯᠢᠭ ᠢ ᠰᠤᠨᠤᠰᠬᠤ ᠦᠭᠡᠢ ᠪᠤᠯ ᠬᠤᠵᠢᠮ ᠶᠠᠮᠠᠷ ᠪᠤᠯᠬᠤ ᠶᠢ ᠮᠦᠩᠬᠡ ᠲᠡᠭᠷᠢ ᠯᠡ ᠮᠡᠳᠡᠨ᠎ᠡ ᠬᠡᠮᠡᠨ ᠦᠴᠢᠪᠡ᠃ | ᠮᠦᠩᠬᠡ ᠲᠡᠭᠷᠢ ᠶᠢᠨ ᠬᠦᠴᠤᠨ ᠳᠤᠷ ᠶᠡᠭᠡ ᠮᠤᠩᠭᠤᠯ ᠤᠯᠤᠰ ᠤᠨ ᠲᠠᠯᠠᠢ ᠶᠢᠨ ᠬᠠᠨᠤ ︵ᠬᠠᠭᠠᠨ ᠤ︶ ᠵᠠᠷᠯᠢᠭ ᠢᠯ | ᠪᠤᠯᠭᠠᠨ︵ᠤᠯᠤᠰ ᠪᠤᠯᠭᠠᠨ︶ ᠢᠷᠭᠡᠨ ᠲᠤᠷ ᠬᠦᠷᠪᠡᠰᠤ ᠪᠢᠰᠢᠷᠡᠳᠤᠭᠡᠢ ᠠᠶᠤᠳᠤᠭᠠᠢ — ︿︿ᠶᠡᠭᠡ ᠮᠤᠩᠭᠤᠯ | ᠣᠯᠣᠰ ᠤᠨ ᠬᠠᠭᠠᠨ ᠤ ᠲᠠᠮᠠᠭ᠎ᠠ﹀﹀᠃ | 1253 — ᠬᠠᠷ᠎ᠠ ᠬᠤᠷᠤᠮ ᠬᠤᠳᠠ ᠳᠤ ᠵᠦᠸᠠᠶᠢᠨᠢ ︿︿ᠶᠢᠷᠳᠢᠨᠴᠤ ᠶᠢ ᠪᠠᠶᠢᠯᠳᠤᠨ ᠲᠠᠭᠠᠭᠤᠯᠤᠭᠴᠢ ᠶᠢᠨ | ᠲᠡᠤᠬᠡ﹀﹀ ᠪᠠᠨ ᠡᠬᠢᠯᠡᠵᠤ ᠪᠢᠴᠢᠪᠡ᠃ | 1256 — ᠲᠤᠯᠤᠢ ᠶᠢᠨ ᠬᠦᠣ ᠮᠦᠩᠬᠡ ᠬᠠᠭᠠᠨ ᠪᠡᠶ᠎ᠡ ᠪᠠᠷ ᠶᠡᠭᠡ ᠴᠡᠷᠢᠭ ᠤᠳᠤᠷᠢᠳᠤᠨ ᠬᠢᠳᠠᠳ ᠤᠨ | ᠡᠮᠤᠨᠡᠳᠤ ᠰᠦᠩ ᠤᠯᠤᠰ ᠢ ᠲᠠᠶᠢᠯᠠᠪᠠ ︵ᠮᠦᠩᠬᠡ᠂ ᠬᠠᠭᠠᠨ ᠡᠷᠭᠦᠮᠵᠢᠯᠡᠭᠳᠡᠬᠦ ᠳᠤ᠂ ᠪᠠᠳᠤ ᠬᠠᠨ ᠶᠡᠭᠡ ᠵᠠᠷᠯᠢᠭ ᠠᠴᠠ | ᠲᠡᠷᠰᠯᠡᠭᠴᠢᠳᠳ ᠲᠡᠷᠢᠭᠦᠨ ᠢ ᠲᠠᠰᠤ ᠴᠠᠪᠴᠢᠳᠤᠭᠠᠢ ᠬᠡᠮᠡᠭᠰᠡᠨ ᠭᠡᠳᠡᠭ︶᠃ | 1258 — ᠲᠤᠯᠤᠢ ᠶᠢᠨ ᠬᠦᠣ ᠦᠯᠡᠬᠦ ᠬᠠᠨ ᠪᠠᠭᠳᠠᠸ᠋ ᠢ ᠡᠵᠡᠯᠡᠨ ᠢᠰᠯᠠᠮ ᠤᠨ ᠱᠠᠰᠢᠨ ᠤ ᠭᠤᠷᠪᠠᠨ | ᠶᠡᠭᠡ ᠰᠦᠮ᠎ᠡ ᠶᠢ ᠭᠠᠯᠳᠠᠪᠠ᠃ | 1260 — ᠲᠤᠯᠤᠢ ᠶᠢᠨ ᠬᠦᠣ ᠬᠤᠪᠢᠯᠠᠢ ᠶᠡᠭᠡ ᠮᠤᠩᠭᠤᠯ ᠤᠯᠤᠰ ᠤᠨ ᠶᠡᠭᠡ ᠬᠤᠷᠠᠯᠳᠠᠢ ᠶᠢᠨ ᠲᠦᠷᠢᠮ | ᠠᠴᠠ ᠵᠦᠷᠢᠴᠡᠨ ᠪᠡᠶ᠎ᠡ ᠪᠠᠨᠬᠠᠭᠠᠨ︵ᠲᠠᠪᠤᠳᠠᠬᠢ ᠬᠠᠭᠠᠨ︶ ᠪᠤᠯᠭᠠᠪᠠ᠂ ᠮᠦᠨᠤᠨ ᠳᠤ ᠲᠦᠪᠡᠳᠤᠨ ᠫᠠᠭᠪᠠ ᠯᠠᠮᠠ | ᠳᠤ ︿︿ᠣᠯᠣᠰ ᠤᠨ ᠪᠠᠭᠰᠢ﹀﹀ ᠴᠤᠯᠨ ᠬᠦᠷᠳᠡᠭᠡᠵᠤ ᠪᠤᠷᠬᠠᠨ ᠱᠠᠰᠢᠨ ᠤ ᠬᠡᠷᠡᠭ ᠡᠷᠬᠢᠯᠡᠭᠦᠯᠪᠡ ︵ᠬᠤᠪᠢᠯᠠᠢ ᠪᠤᠷᠬᠠᠨ | ᠤ ᠱᠠᠰᠢᠨ ᠢ ᠵᠦᠪᠬᠡᠨ ᠬᠢᠳᠠᠳ ᠲᠦᠪᠡᠳ ᠢ ᠨᠤᠶᠠᠷᠬᠠᠬᠤ ᠳᠤ ᠠᠰᠢᠭᠯᠠᠬᠤ ᠭᠡᠰᠡᠨ ᠤᠤ︖ ᠭᠤᠷᠪᠠᠳᠤᠭᠠᠷ ᠬᠦᠤ | ᠴᠢᠩᠭᠢᠮ ᠨᠢ ᠨᠤᠮ ᠳᠤ ᠨᠡᠪᠳᠡᠷᠬᠡᠢ ᠪᠤᠷᠠᠬᠨ ᠤ ᠰᠤᠳᠤᠷ ᠤᠩᠰᠢᠬᠤ ᠲᠤᠷᠠᠲᠠᠢ ᠪᠠᠭᠰᠢ ᠨᠠᠷ ᠨᠢ ᠱᠠᠰᠢᠨ ᠤ | ᠲᠦᠷᠤᠭᠦᠤ ᠪᠤᠯᠭᠠᠬᠤ ᠭᠡᠰᠡᠨ ᠳᠤ ᠬᠠᠭᠠᠨ ᠶᠡᠬᠡᠳᠡ ᠠᠭᠤᠷᠯᠠᠭᠰᠠᠨ ᠨᠢ ᠶᠠᠭᠤ ᠪᠤᠢ︖︶᠃ | 1260 — ᠲᠤᠯᠤᠢ ᠶᠢᠨ ᠬᠦᠣ ᠠᠷᠢᠠᠠᠪᠦ᠋ᠬᠡ ᠬᠠᠷ᠎ᠠ ᠬᠤᠷᠠᠮᠣᠨ ᠶᠡᠭᠡ ᠬᠤᠷᠠᠯᠳᠠᠢ ᠪᠠᠷ ᠶᠡᠭᠡ ᠮᠤᠩᠭᠤᠯ | ᠤᠯᠤᠰ ᠤᠨ ᠬᠠᠭᠠᠨ︵ᠲᠠᠪᠤᠳᠠᠬᠢ ᠬᠠᠭᠠᠨ︶ ᠡᠷᠭᠦᠮᠵᠢᠯᠡᠭᠳᠡᠪᠡ᠂ ᠠᠷᠢᠠᠠᠪᠦ᠋ᠬᠡ ᠶᠢ ᠲᠦᠷᠦ ᠶᠢᠨ ᠪᠦᠬᠡᠣᠳ᠂ | ᠮᠦᠩᠬᠡ ᠬᠠᠭᠠᠨ ᠤ ᠬᠤᠶᠠᠷ ᠬᠦᠪᠡᠭᠦᠨ᠂ ᠴᠠᠭᠠᠳᠠᠢ ᠬᠠᠭᠠᠨᠳᠤ ᠤᠯᠤᠰ᠂ ᠠᠯᠳᠠᠨ ᠤᠷᠳᠤᠳᠤ ᠬᠠᠭᠠᠨᠳᠤ ᠤᠯᠤᠰ ᠤᠨ | ᠲᠤᠮᠤ ᠨᠤᠶᠠᠳ ᠢᠳᠡᠪᠬᠢᠳᠠᠢ ᠲᠡᠮᠵᠢᠭᠰᠡᠨ ᠪᠠᠶᠢᠨ᠎ᠠ᠃ | 1267 — ᠬᠤᠪᠢᠯᠠᠢ ᠨᠡᠶᠢᠰᠯᠡᠯ ᠪᠠᠨ ᠱᠠᠩᠳᠤ ᠠᠴᠠ ᠲᠤᠮᠳᠠᠳᠤ ᠨᠡᠶᠢᠰᠯᠡᠯ ︵ᠵᠦᠩᠳᠤ — ᠪᠡᠭᠡᠵᠢᠩ︶ | ᠳᠤ ᠨᠡᠭᠦᠯᠭᠡᠪᠡ᠃ ᠲᠠᠷᠠᠭ᠎ᠠ ᠵᠢᠯ ᠨᠢ ᠮᠤᠩᠭᠤᠯ ᠤᠨ ᠲᠡᠤᠬᠡ ᠶᠢᠨ ᠭᠦᠷᠢᠶᠡᠯᠡᠩ ᠠᠵᠢᠯ ᠢᠶᠠᠨ ᠡᠬᠢᠯᠡᠪᠡ᠃ | 1269 — ᠴᠠᠭᠠᠳᠠᠢ ᠬᠠᠭᠠᠨᠳᠤ ᠤᠯᠤᠰ ᠬᠠᠶᠢᠳᠤ ᠶᠢᠨ ᠬᠠᠷᠢᠶᠠᠳᠤ ᠪᠤᠯᠪᠠ᠃ | 1269 — ᠦᠭᠡᠳᠠᠢ ᠬᠠᠭᠠᠨ ᠤ ᠠᠴᠢ ᠬᠠᠶᠢᠳᠤ ᠬᠤᠪᠢᠯᠠᠢ ᠠᠴᠠ ᠠᠩᠭᠢᠳᠠ ᠪᠦᠷᠢᠨ ᠲᠤᠰᠠᠭᠠᠷ ᠨᠢᠭᠡᠨ | ᠬᠠᠭᠠᠨᠳᠤ ᠤᠯᠤᠰ ᠢ ᠲᠦᠪᠠᠽᠢᠶᠠ ᠳᠤ ᠪᠠᠶᠢᠭᠤᠯᠤᠪᠠ᠃ ᠬᠤᠪᠢᠯᠠᠢ ᠳᠤ ᠢᠯᠡᠭᠡᠭᠰᠡᠨ ᠨᠢᠭᠡᠨ ᠵᠠᠬᠢᠳᠠᠯ ᠳᠤ ︿︿ᠮᠡᠨ ᠤ | ᠲᠦᠷᠦ ᠤᠯᠤᠰ ᠤᠨ ᠶᠣᠰᠣ ᠵᠠᠩᠰᠢᠯ ᠪᠤᠯ ᠬᠢᠳᠠᠳ ᠠᠴᠠ ᠲᠠᠰᠤ ᠦᠭᠡᠷ᠎ᠡ ᠪᠢᠯᠨ᠃ ᠭᠡᠳᠡᠯ᠎ᠡ᠂ ᠬᠢᠳᠠᠳ ᠭᠠᠵᠠᠷ | ᠪᠦᠭᠯᠡᠨ ᠬᠤᠷᠭᠤᠳᠠᠵᠤ᠂ ᠬᠤᠳᠠ ᠰᠠᠭᠤᠷᠢᠨ ᠪᠠᠶᠢᠭᠤᠯᠵᠤ᠂ ᠶᠤᠰᠤ ᠵᠠᠩᠰᠢᠯ ᠳᠤ ᠨᠢ ᠠᠪᠳᠠᠵᠤ᠂ ᠬᠠᠤᠯᠢ ᠲᠦᠷᠢᠮ ᠢ | ᠨᠢ ᠲᠠᠭᠠᠳᠠᠭ ᠤᠴᠢᠷ ᠶᠠᠭᠤ ᠪᠢᠯᠡ︖﹀﹀ ᠬᠡᠮᠡᠨ ᠶᠠᠯ᠎ᠠ ᠠᠰᠠᠭᠤᠭᠰᠠᠨ ᠪᠠᠶᠢᠨ᠎ᠠ᠂ ᠮᠤᠩᠭᠤᠯ ᠤᠨ ᠤᠯᠠᠨ ᠨᠤᠶᠠᠳ | ᠶᠡᠬᠡᠰ ᠤᠨ ᠲᠡᠮᠵᠢᠯᠭᠡ ᠲᠤᠤᠷ᠎ᠠ ᠬᠤᠪᠢᠯᠠᠢ᠂ ᠦᠯᠵᠠᠶᠢᠳᠤ᠂ ᠲᠡᠮᠤᠷ ᠨᠠᠷ ᠲᠠᠢ ᠲᠦᠴᠢ ᠭᠠᠷᠤᠢ ᠵᠢᠯ ᠲᠡᠮᠴᠡᠭᠰᠡᠨ | ᠪᠠᠶᠢᠨ᠎ᠠ᠃ | 1270 — ᠬᠠᠭᠠᠨ ᠪᠠᠯᠭᠠᠰᠤᠨ ᠬᠤᠳᠠ ︵ᠪᠡᠭᠡᠵᠢᠩ ᠤᠨ ᠵᠡᠭᠦᠨ ᠬᠤᠶᠢᠨ᠎ᠠ︶ ᠶᠢ ᠪᠠᠷᠢᠵᠤ ᠲᠠᠭᠤᠰᠪᠠ᠃ | ᠲᠠᠷᠠᠭ᠎ᠠ ᠵᠢᠯ ᠨᠢ ᠬᠤᠪᠢᠯᠠᠢ ᠤᠯᠤᠰ ︵ᠬᠤᠪᠢᠯᠠᠢ ᠶᠢᠨ ᠤᠯᠤᠰ︶ ᠣᠨᠨᠡᠷᠡ ᠪᠠᠨ ᠶᠡᠭᠡ ᠶᠤᠸᠠᠨ ᠤᠯᠤᠰ | ᠦᠭᠡᠷᠴᠢᠯᠡᠵᠤ ᠬᠡᠮᠡᠨ ᠬᠠᠭᠠᠨ ᠪᠠᠯᠭᠠᠰᠤᠨ ᠬᠤᠳᠠ ᠳᠤ ᠨᠡᠶᠢᠰᠯᠡᠪᠡ᠃ ᠮᠤᠩᠭᠤᠯ ᠬᠢᠳᠠᠳ ᠲᠦᠰᠢᠮᠡᠳ ᠤᠨ ᠦᠷ᠎ᠡ | ᠬᠡᠤᠬᠡᠳ ᠤᠨ ᠰᠤᠷᠭᠠᠭᠤᠯᠢ ᠪᠠᠶᠢᠭᠤᠯᠪᠠ᠃ | 1274 — ᠮᠤᠩᠭᠤᠯ ᠴᠡᠷᠢᠭ ᠶᠠᠫᠤᠨ ᠢ ᠲᠠᠶᠢᠯᠠᠪᠠ᠃ ᠠᠩᠭᠡᠯᠢ ᠷᠤᠮ ᠤᠨ ᠡᠯᠴᠢ ᠢᠷᠡᠪᠡ᠃ ᠬᠤᠪᠢᠯᠠᠢ | ᠬᠠᠭᠠᠨ ᠬᠡᠤᠬᠡᠨ ᠢᠶᠠᠨ ᠰᠤᠯᠤᠩᠭᠤᠰ ᠸᠠᠩ ᠳᠤ ᠬᠠᠳᠤᠨ ᠪᠤᠯᠭᠠᠨ ᠦᠭᠪᠡ᠃ | 1277 — ᠨᠠᠶᠠᠨ ᠸᠠᠩ ᠯᠢᠶᠤᠤᠳᠦ᠋ᠩ ᠢ ᠵᠠᠬᠢᠷᠡᠭᠰᠡᠨ ᠶᠡᠭᠡ ᠴᠡᠷᠢᠭ ᠢᠶᠠᠨ ᠲᠠᠭᠠᠭᠤᠯᠤᠨ ᠬᠠᠶᠢᠳᠤ ᠶᠢ | ᠲᠡᠮᠵᠢᠨ ᠬᠤᠪᠢᠯᠠᠢ ᠶᠢ ᠲᠠᠶᠢᠯᠠᠪᠠ᠃ | 1279 — ᠬᠢᠳᠠᠳ ᠤᠨ ᠯᠢᠤ ᠰᠢᠤ ᠹᠦ᠋ ᠵᠠᠩᠵᠤᠨ ᠮᠤᠩᠭᠤᠯ ᠴᠡᠷᠢᠭ ᠲᠤ ᠢᠯᠠᠭᠳᠠᠭᠰᠠᠨ ᠳᠤ ᠪᠠᠨ | ᠭᠤᠳᠤᠷᠠᠵᠤ᠂ ᠰᠦᠩ ᠣᠯᠣᠰ ᠤᠨ ᠪᠠᠯᠴᠢᠷ ᠬᠠᠭᠠᠨ ᠢᠶᠠᠨ ᠡᠭᠦᠷᠴᠤ ᠲᠠᠯᠠᠢ ᠳᠤ ᠬᠠᠷᠠᠶᠢᠪᠠ᠃ | 1281 — ᠮᠤᠩᠭᠤᠯ ᠴᠡᠷᠢᠭ ᠶᠠᠫᠤᠨ ᠢ ᠲᠠᠬᠢᠨᠳᠠ ᠲᠠᠶᠢᠯᠠᠪᠠ᠃ | 1283 — ᠮᠤᠩᠭᠤᠯ ᠴᠡᠷᠢᠭ ᠪᠢᠷᠮᠨ ᠶᠢ ᠲᠠᠶᠢᠯᠠᠨ ᠢᠯᠠᠪᠠ᠃ | 1284 — ᠮᠤᠩᠭᠤᠯ ᠪᠢᠴᠢᠭ ᠤᠨ ᠡᠷᠳᠡᠮᠳᠡᠨ ᠪᠤᠯᠤᠳᠳᠡᠮᠤᠷ ᠢᠯ ᠬᠠᠭᠠᠨᠳᠤ ᠤᠯᠤᠰ ᠲᠤ ᠬᠦᠷᠴᠤ ︿︿ | ᠰᠣᠳᠤᠷ ᠤᠨ ᠴᠢᠭᠤᠯᠭᠠᠨ﹀﹀ ᠢ ᠵᠤᠬᠢᠶᠠᠬᠤ ᠳᠤ ᠤᠷᠤᠯᠴᠠᠪᠠ᠃ | 1285 — ᠮᠤᠩᠭᠤᠯ ᠴᠡᠷᠢᠭ ᠸᠢᠶᠧᠲᠨᠠᠮ ᠢ ᠲᠠᠶᠢᠯᠠᠪᠠ᠃ | 1287 — ᠬᠤᠪᠢᠯᠠᠢ ᠬᠠᠭᠠᠨ ᠤ ᠡᠯᠴᠢ ᠷᠤᠮ ᠫᠧᠷᠰ ᠯᠤᠨᠳᠤᠨ ᠳᠤ ᠬᠦᠷᠪᠡ᠃ | 1292 — ᠮᠤᠩᠭᠤᠯ ᠴᠡᠷᠢᠭ ᠵᠡᠸ᠋ᠨ ᠶᠢᠨ ᠠᠷᠠᠯ ᠤᠨ ᠣᠯᠤᠰ ᠢ ᠡᠵᠡᠯᠡᠪᠡ᠃ ᠮᠠᠷᠺᠤ ᠫᠤᠯᠤ ᠨᠤᠳᠤᠭ | ᠪᠤᠴᠠᠪᠠ᠂ ᠬᠤᠵᠢᠮ ᠨᠢ ︿︿ᠮᠠᠷᠺᠤ ᠫᠤᠯᠤ ᠵᠢᠨᠠᠶᠠᠯᠠᠯ ᠤᠨ ᠲᠡᠮᠳᠡᠭᠯᠡᠯ﹀﹀ ᠢ ᠪᠢᠴᠢᠪᠡ᠃ | 1294 — ᠲᠡᠮᠤᠷ ᠬᠠᠭᠠᠨ ᠳᠤ ᠲᠠᠶᠢᠯᠠᠨᠳ᠋᠊ ᠤᠨ ᠸᠠᠩ ᠢᠷᠠᠵᠤ ᠪᠠᠷᠠᠭᠠᠯᠠᠪᠠ᠃ | 1305 — ᠡᠷᠳᠡᠮᠳᠡᠨ ᠴᠤᠶᠢᠵᠢᠠᠤᠳᠰᠠᠷ ︿︿ᠵᠢᠷᠤᠬᠡᠨ ᠤ ᠲᠤᠯᠢᠳᠤ﹀﹀ ᠬᠡᠮᠡᠬᠦ ᠮᠤᠩᠭᠤᠯ ᠬᠡᠯᠡᠨ ᠵᠦᠢ ᠶᠢᠨ | ᠨᠤᠮ ᠵᠤᠬᠢᠶᠠᠪᠠ᠃ | 1330 — ︿︿ᠴᠠᠭᠠᠨ ᠲᠡᠤᠬᠡ﹀﹀ ᠶᠢ ᠵᠠᠰᠠᠵᠤ ᠬᠡᠪᠯᠡᠭᠦᠯᠪᠡ᠂ ᠠᠯᠳᠠᠷᠳᠤ ᠮᠤᠩᠭᠤᠯ ᠡᠮᠴᠢ ᠬᠦᠰᠡᠭᠦᠢ ︿︿ | ᠢᠳᠡᠭᠡ ᠤᠮᠳᠠᠭᠠᠨ ᠤ ᠵᠢᠩᠬᠢᠨᠢ ᠲᠤᠪᠴᠢᠶ᠎ᠠ﹀﹀ ᠶᠢ ᠵᠤᠬᠢᠶᠠᠪᠠ᠃ | 1335 — ᠢᠯ ᠬᠠᠭᠠᠨᠳᠤ ᠤᠯᠤᠰ ︵ᠫᠧᠷᠰ ᠳᠠᠬᠢ ᠮᠤᠩᠭᠤᠯ ᠬᠭᠠᠨᠳᠤ ᠣᠯᠤᠰ︶ ᠡᠬᠢᠯᠡᠨ ᠵᠠᠳᠠᠷᠠᠪᠠ᠃ | 1346 — ᠴᠠᠭᠠᠳᠠᠢ ᠬᠠᠭᠠᠨᠳᠤ ᠤᠯᠤᠰᠡᠬᠢᠯᠡᠨ ᠵᠠᠳᠠᠷᠠᠪᠠ᠃ | 1360 — ᠲᠦᠭᠦᠷᠦᠭ ᠲᠡᠮᠤᠷ ᠴᠠᠭᠠᠳᠠᠢ ᠬᠠᠭᠠᠨᠳᠤ ᠤᠯᠤᠰ ᠢ ᠲᠠᠬᠢᠨ ᠨᠢᠭᠡᠳᠭᠡᠪᠡ᠃ | 1368 — ᠮᠤᠩᠭᠤᠯ ᠤᠨ ᠶᠡᠭᠡ ᠶᠤᠸᠠᠨ ᠤᠯᠤᠰ ᠤᠨ ᠲᠤᠬᠤᠨᠲᠡᠮᠤᠷ ᠬᠠᠭᠠᠨᠨᠡᠶᠢᠰᠯᠡᠯ ᠬᠤᠳᠠ ᠬᠠᠭᠠᠨ | ᠪᠠᠯᠭᠠᠰᠤᠨ ᠠᠴᠠ ᠪᠠᠨᠤᠬᠤᠷᠢᠨ ᠭᠠᠷᠴᠤ᠂ ᠴᠠᠭᠠᠨ ᠬᠡᠷᠡᠮ ᠤᠨ ᠭᠠᠳᠠᠨᠠᠮᠤᠩᠭᠤᠯ ᠤᠨ ᠤᠮᠠᠷᠠᠳᠤ ᠶᠤᠸᠠᠨ ᠤᠯᠤᠰ ︵ | ︶ ᠢ ᠪᠠᠶᠢᠭᠤᠯᠪᠠ᠃ ᠲᠤᠰ ᠣᠯᠣᠰ ᠨᠢ ᠮᠤᠩᠭᠤᠯᠴᠤᠳ ᠮᠠᠨᠵᠤ ᠶᠢᠨ ᠲᠠᠶᠢᠴᠢᠨ ᠤᠯᠤᠰ ᠲᠠᠢ ᠨᠡᠶᠢᠯᠡᠳᠡᠯᠡ | ᠲᠤᠭᠳᠠᠨᠢᠪᠠ᠃ ᠶᠡᠭᠡ ᠮᠤᠩᠭᠤᠯ ᠤᠯᠤᠰ ᠠᠴᠠ ᠨᠠᠰᠢ ︿︿ᠴᠢᠩᠭᠢᠰ ᠤᠨ ᠰᠤᠷᠭᠠᠯ﹀﹀᠂ ︿︿ᠴᠢᠩᠭᠢᠰ ᠤᠨ ᠡᠷ᠎ᠡ | ᠬᠤᠶᠠᠷ ᠵᠠᠭᠠᠯ ᠤᠨ ᠲᠤᠭᠤᠵᠢ﹀﹀᠂ ︿︿ᠬᠦᠬᠡ ᠲᠠᠪᠳᠡᠷ﹀﹀᠂ ︿︿ᠠᠯᠳᠠᠨ ᠲᠠᠪᠳᠡᠷ﹀﹀᠂ ︿︿ᠦᠨᠡᠨ ᠲᠡᠤᠬᠡ﹀﹀᠂ ︿︿ | ᠬᠠᠷ᠎ᠠ ᠬᠤᠷᠤᠮ ᠤᠨ ᠲᠡᠮᠳᠡᠭᠯᠡᠯ﹀﹀᠂ ︿︿ᠴᠠᠭ ᠮᠡᠳᠡᠭᠦᠯᠬᠦ ᠵᠢᠷᠤᠬᠠᠢ﹀﹀᠂ ︿︿ᠴᠠᠭᠠᠨ ᠬᠤᠰᠤ ᠶᠢᠨ ᠤᠶᠢᠰᠤᠨ | ᠲᠡᠭᠡᠷᠡᠬᠢ ᠪᠢᠴᠢᠭ﹀﹀᠂ ︿︿ᠪᠤᠳᠠᠵᠢ ᠵᠠᠯᠷᠡᠪ﹀﹀᠂ ︿︿ᠰᠠᠬᠢᠶ᠎ᠠ ᠷᠠᠪᠰᠠᠯ﹀﹀᠂ ᠲᠤᠭᠳᠠᠬᠤ ᠶᠢᠨ︿︿ᠭᠤᠷᠪᠠᠨ ᠰᠤᠳᠤᠷ﹀﹀ | ᠂ ︿︿ᠴᠠᠩ ᠴᠦᠨ ᠪᠤᠮᠪᠤ ᠶᠢᠨ ᠪᠠᠷᠠᠭᠤᠨᠰᠢ ᠵᠢᠭᠤᠯᠴᠢᠯᠠᠭᠰᠠᠨ ᠲᠡᠮᠳᠡᠭᠯᠡᠯ﹀﹀᠂ ︿︿ᠪᠠᠷᠠᠭᠤᠨᠰᠢ ᠵᠢᠭᠤᠯᠴᠢᠯᠠᠭᠰᠠᠨ | ᠲᠡᠮᠳᠡᠭᠯᠡᠯ﹀﹀᠂ ︿︿ᠶᠢᠷᠳᠢᠨᠴᠤ ᠶᠢ ᠵᠠᠰᠠᠬᠤ ᠮᠠᠭᠠᠳ ᠬᠠᠤᠯᠢ﹀﹀᠂ ︿︿ᠤᠯᠠᠭᠠᠨ ᠲᠡᠪᠳᠡᠷ﹀﹀᠂ ︿︿ᠮᠢᠯᠠᠭ᠎ᠠ﹀﹀᠂ ︿︿ | ᠲᠤᠬᠤᠨᠲᠡᠮᠤᠷ ᠤᠨ ᠡᠮᠭᠡᠨᠢᠯ﹀﹀ ᠁ ᠨᠤᠮ ᠵᠤᠬᠢᠶᠠᠯ ᠪᠢᠴᠢᠭᠳᠡᠨ᠂ ︿︿ᠠᠯᠳᠠᠨ ᠭᠡᠷᠡᠯ﹀﹀᠂ ︿︿ᠰᠤᠪᠠᠰᠢᠳᠢ﹀﹀᠂ | ︿︿ᠲᠠᠪᠤᠨ ᠰᠠᠬᠢᠶ᠎ᠠ﹀﹀᠂ ︿︿ᠪᠠᠨᠽᠠᠷᠠᠭᠴᠨ﹀﹀᠂ ︿︿ᠪᠤᠳᠢᠽᠠᠷᠢᠶᠠ ᠠᠸᠠᠳᠠᠷᠠ﹀﹀᠂ ︿︿ᠠᠴᠢᠯᠠᠯᠳᠤ ᠨᠤᠮ﹀﹀᠂ ︿︿ | ᠬᠠᠭᠠᠳ ᠤᠨ ᠦᠯᠢᠭᠡᠷ ᠲᠦᠷᠢᠮ﹀﹀᠂ ︿︿ᠵᠠᠰᠠᠭ ᠲᠤᠷ ᠲᠤᠰᠠᠯᠠᠬᠤ ᠨᠡᠪᠳᠡᠷᠬᠡᠢ ᠲᠤᠯᠢ﹀﹀᠂ ︿︿ᠲᠠᠪᠤᠨ ᠨᠤᠮ﹀﹀᠂ | ︿︿ᠲᠦᠷᠪᠡᠨ ᠪᠢᠴᠢᠭ﹀﹀᠂ ︿︿ᠲᠤᠯᠤᠭᠠᠨ ᠡᠪᠤᠭᠡᠨ ᠤ ᠰᠤᠳᠤᠷ﹀﹀ ᠁ ᠨᠤᠮ ᠰᠤᠳᠤᠷ ᠢ ᠮᠤᠩᠭᠤᠯᠴᠢᠯᠠᠪᠠ᠃ | 1449 — ᠮᠤᠩᠭᠤᠯ ᠤᠨ ᠲᠤᠭᠤᠨᠲ᠋ᠠᠶᠢᠱᠢ ᠵᠢᠨᠬᠦ᠋ᠤ ᠡᠰᠡᠨ ᠲᠠᠶᠢᠱᠢ ᠡᠯ᠎ᠡ ᠠᠶᠢᠮᠠᠭ ᠲᠤ᠄ ︽ᠮᠢᠩ | ᠤᠯᠤᠰ ᠤᠨ ᠬᠠᠭᠠᠨ ᠢ ᠡᠮᠦᠨᠡᠰᠢ ᠬᠥᠭᠡᠭᠡᠵᠦ᠂ ᠮᠠᠨᠤᠰ ᠤᠨ ᠳᠠᠶᠢᠳᠤ ᠬᠤᠲᠠ ︵ᠬᠠᠭᠠᠨ ᠪᠠᠯᠭᠠᠰᠤ︶ ᠪᠠᠨ ᠪᠤᠴᠠᠭᠠᠨ | ᠠᠪᠰᠤᠭᠠᠢ︕︾ ᠭᠡᠵᠦ ᠤᠷᠢᠶᠠᠯᠠᠨ ᠳᠥᠷᠪᠡᠨ ᠵᠠᠮ ᠢᠶᠠᠷ ᠴᠡᠷᠢᠭᠯᠡᠪᠡ᠃ ᠳ᠋ᠨ ᠲᠦᠩ ᠤᠨ ᠲᠦᠮᠤᠪᠤᠤ ᠬᠡᠳᠡᠭ | ᠭᠠᠵᠠᠷ ᠡᠰᠡᠨ ᠲᠠᠶᠢᠱᠢ ᠬᠤᠶᠠᠷ ᠲᠦᠮᠡᠨ ᠮᠤᠷᠢᠳᠤ ᠴᠡᠷᠢᠭ ᠢᠶᠠᠷ ᠢᠶᠠᠨ ᠬᠢᠳᠠᠳ ᠤᠨ ᠮᠢᠩ ᠤᠯᠤᠰ ᠤᠨ | ᠲᠠᠪᠢᠨᠲ᠋ᠦ᠋ᠮᠡᠨ ᠶᠡᠭᠡ ᠴᠡᠷᠢᠭ ᠢ ᠪᠤᠳᠠ ᠴᠤᠬᠢᠵᠤ ᠢᠩᠽᠤᠩ ᠬᠠᠭᠠᠨ ᠢ ᠨᠢ ᠪᠠᠷᠢᠪᠴᠢᠯᠠᠨ︵ᠲᠤᠮᠤᠴᠠᠶᠢᠵᠨ ᠶᠢᠨ | ᠲᠤᠯᠤᠯᠳᠤᠭᠠᠨ ᠪᠠᠰᠨ ᠲᠦᠮᠤ ᠶᠢᠨ ᠬᠡᠷᠡᠭ ᠬᠤᠪᠢᠰᠤᠯ ᠭᠡᠳᠡᠭ︶ ᠤᠷᠤᠭᠰᠢᠯᠠᠵᠤ᠂ ᠨᠡᠶᠢᠰᠯᠡᠯ ᠪᠡᠭᠡᠵᠢᠩ ᠢ ᠨᠢ | ᠪᠦᠰᠡᠯᠡᠪᠡ᠃ ᠢᠩᠽᠤᠩ ᠬᠠᠭᠠᠨ ᠢ ᠨᠢ ᠮᠤᠩᠭᠤᠯ ᠤᠯᠤᠰ ᠳ᠋ᠠᠭᠠᠨᠠᠪᠴᠢᠷᠠᠵᠤ ᠬᠤᠨᠢ ᠬᠠᠷᠢᠭᠤᠯᠤᠭᠤᠯᠪᠠ᠃ ᠡᠨᠡ | ᠤᠳᠠᠭᠠᠨ ᠤ ᠲᠠᠶᠢᠨ ᠨᠢ ᠤᠮᠠᠷᠠᠲᠤ ᠶᠤᠸᠠᠨ ᠬᠢᠭᠡᠳ ᠮᠢᠩ ᠤᠯᠤᠰ ᠤᠨ ᠬᠦᠴᠦᠨ ᠤ ᠬᠠᠷᠢᠴᠠᠯ ᠢ ᠲᠤᠶᠢᠯᠪᠤᠷᠢᠲᠠᠢ | ᠬᠤᠪᠢᠷᠠᠭᠤᠯᠵᠤ᠂ ᠲᠡᠭᠦᠨ ᠠᠴᠠ ᠬᠤᠶᠢᠰᠢ ᠮᠢᠩ ᠤᠯᠤᠰ ᠨᠢ ᠲᠠᠬᠢᠵᠤᠮᠣᠩᠭᠤᠯ ᠣᠷᠣᠨ ᠵᠦᠭ ᠤᠤᠯᠭᠠᠯᠠᠨ | ᠳᠣᠪᠲᠣᠯᠬᠤ ᠬᠦᠴᠦᠨ ᠲᠡᠩᠬᠡᠭᠡ ᠦᠭᠡᠢ ᠪᠣᠯᠣᠭᠰᠠᠨ ᠶᠤᠮ᠃ | 1482 — ᠤᠷᠴᠢᠮ᠂ ᠮᠤᠩᠭᠤᠯ ᠳᠤ ᠮᠨᠳᠤᠬᠠᠢ ᠰᠡᠴᠡᠨ ᠬᠠᠳᠤᠨ ᠪᠠᠳᠤᠮᠦ᠋ᠩᠭᠡ ᠲᠠᠶᠠᠨ ᠬᠠᠭᠠᠨ ᠤ ᠦᠶ᠎ᠡ | ᠶᠢᠨ ᠶᠡᠭᠡ ᠮᠠᠨᠳᠤᠯ ᠡᠬᠢᠯᠡᠪᠡ᠃ ᠬᠤᠵᠢᠮ ᠨᠢ ᠰᠤᠳᠤᠷᠴᠢ ᠮᠡᠷᠭᠡᠳ ᠬᠠᠮᠤᠭ ᠮᠤᠩᠭᠤᠯ ᠢ ᠬᠠᠭᠠᠨ ᠴᠢᠩᠭᠢᠰ | ᠨᠢᠭᠡᠳᠭᠡᠵᠤ᠂ ᠬᠠᠭᠠᠴᠠᠭᠰᠠᠨ ᠮᠤᠩᠭᠤᠯ ᠢ ᠬᠠᠳᠤᠨ ᠮᠠᠨᠳᠤᠬᠠᠢ ᠬᠠᠮᠳᠤᠳᠬᠠᠭᠰᠠᠨ ᠬᠡᠮᠡᠨᠮᠨᠳᠤᠬᠠᠢ ᠰᠡᠴᠡᠨ ᠬᠠᠳᠤᠨ | ᠤ ᠲᠡᠤᠬᠡᠳᠤ ᠵᠢᠳᠭᠦᠯ ᠢ ᠲᠡᠭᠡᠳᠤ ᠬᠡᠮᠵᠢᠶ᠎ᠡ ᠪᠠᠷ ᠦᠨᠡᠯᠡᠵᠤ᠂ ᠪᠠᠳᠤᠮᠦ᠋ᠩᠭᠡ ᠲᠠᠶᠠᠨ ᠬᠠᠭᠠᠨ ᠪᠤᠯ ᠮᠤᠩᠭᠤᠯ ᠤᠨ ︿︿ | ᠬᠠᠷᠠᠩᠭᠤᠢ ᠦᠶ᠎ᠡ﹀﹀ ᠶᠢ ᠡᠴᠤᠰᠯᠠᠭᠦᠯᠵᠤ ᠮᠤᠩᠭᠤᠯ ᠢ ᠲᠠᠬᠢᠨ ᠮᠠᠨᠳᠤᠭᠤᠯᠤᠭᠰᠠᠨ ᠠᠭᠤᠤ ᠶᠡᠭᠡ ᠲᠦᠷᠤ ᠶᠢᠨ | ᠵᠢᠳᠭᠦᠯᠳᠡᠨ ᠮᠦᠨ᠃ | 1502 — ᠵᠣᠴᠢ ᠶᠢᠨ ᠬᠦᠤ ᠪᠠᠳᠤ ᠬᠠᠨ ᠤ ᠪᠠᠶᠢᠭᠤᠯᠤᠭᠰᠨ ᠠᠯᠳᠠᠨ ᠤᠷᠳᠤᠳᠤ ᠬᠭᠠᠨᠳᠤ ᠤᠯᠤᠰ | ᠵᠠᠳᠠᠷᠠᠨ ᠭᠤᠷᠪᠠᠨ ᠬᠠᠨ ᠤᠯᠤᠰ ᠪᠤᠯᠪᠠ᠃ | 1533 — ᠲᠠᠶᠠᠨ ᠬᠠᠭᠠᠨ ᠤ ᠤᠮᠪᠤᠯᠤ ᠠᠯᠳᠠᠨ ᠬᠠᠨ ᠬᠤᠷᠢᠨ ᠲᠠᠪᠤᠨ ᠵᠢᠯ ᠤᠨ ᠲᠤᠳᠤᠷ᠎ᠠ ᠮᠢᠩ ᠤᠯᠤᠰ | ᠢ ᠶᠢᠰᠤ ᠤᠳᠠᠭ᠎ᠠ ᠲᠠᠶᠢᠯᠠᠨ᠂ 1550 — ᠳ᠋ᠨ ᠲᠦᠩ ᠢ ᠲᠤᠪᠳᠤᠯᠤᠨ ᠵᠠᠬᠢᠷᠤᠭᠴᠢ ᠶᠢ ᠨᠢ ᠠᠯᠠᠨ ᠪᠡᠭᠡᠵᠢᠩ | ᠤᠨ ᠲᠡᠭᠦᠷᠭᠡ ᠬᠦᠷᠤᠨᠮᠢᠩ ᠤᠯᠤᠰ ᠰᠦᠷᠳᠡᠭᠦᠯᠪᠠ ︵ᠴᠠᠭᠠᠨ ᠨᠤᠬᠠᠢ ᠵᠢᠯ ᠤᠨ ᠬᠤᠪᠢᠰᠤᠯ︶ ᠃1575 — | ᠠᠯᠳᠠᠨ ᠬᠠᠨ ᠬᠦᠬᠡᠬᠤᠳᠠ ᠶᠢ ᠪᠠᠶᠢᠭᠤᠯᠪᠠ᠃ | 1578 — ᠠᠯᠳᠠᠨ ᠬᠠᠨ ᠲᠦᠪᠡᠳ ᠤᠨ ᠰᠢᠷ᠎ᠠ ᠶᠢᠨ ᠱᠠᠰᠢᠨ ᠤ ᠲᠦᠷᠤᠭᠦᠤ ᠰᠤᠳᠨᠠᠮᠵᠠᠮᠰᠤ ᠳᠤ ︿︿ | ᠲᠠᠯᠠᠢ ᠯᠠᠮᠠ﹀﹀ ᠴᠤᠯᠨ ᠦᠭᠭᠦᠨ᠂ ᠦᠩᠭᠡᠷᠡᠭᠰᠡᠨ ᠬᠤᠶᠠᠷ ᠲᠦᠷᠢ ᠶᠢ ᠨᠡᠬᠡᠮᠵᠢᠯᠡᠨ ᠴᠤᠯᠠᠯᠠᠵᠤ ᠭᠤᠷᠪᠠᠳᠤᠭᠠᠷ ᠲᠠᠯᠠᠢ | ᠯᠠᠮᠠ ᠬᠡᠮᠡᠪᠡ᠂ ᠲᠠᠯᠠᠢ ᠯᠠᠮᠠ ᠡᠴᠡᠠᠯᠳᠠᠨ ᠬᠠᠨ ᠳᠤ ︿︿ᠰᠡᠴᠡᠨ ᠬᠠᠭᠠᠨ﹀﹀ ᠴᠤᠯᠨ ᠦᠭᠪᠡ᠂ ᠡᠨᠡ ᠨᠢ ᠫᠠᠭᠪᠠ | ᠯᠠᠮᠠ ᠡᠴᠡᠬᠤᠪᠢᠯᠠᠢ ᠬᠠᠭᠠᠨ ᠳᠤ ᠦᠭᠭᠦᠭᠰᠡᠨ ᠴᠤᠯᠨ ᠲᠠᠢ ᠠᠳᠠᠯᠢᠬᠠᠨ ᠶᠤᠮ᠃ 1601 — ᠠᠯᠳᠠᠨ ᠬᠠᠨ ᠤ | ᠲᠤᠮᠪᠤᠯᠤ ᠶᠦᠨᠳᠤᠨᠵᠠᠮᠰᠤ ᠲᠦᠷᠪᠡᠳᠤᠭᠡᠷ ᠲᠠᠯᠠᠢ ᠯᠠᠮᠠ ᠡᠷᠭᠦᠮᠵᠢᠯᠡᠭᠳᠡᠪᠡ᠂ ᠠᠯᠳᠠᠨ ᠬᠠᠨ ᠰᠢᠷ᠎ᠠ ᠶᠢᠨ ᠱᠠᠰᠢᠨ ᠢ | ᠤᠯᠤᠰ ᠲᠦᠷᠤ ᠳᠤ ᠠᠰᠢᠭᠯᠠᠬᠤ ᠭᠡᠰᠡᠨ ᠨᠢ ᠲᠤᠳᠤᠷᠬᠠᠢ ᠶᠤᠮ᠃ | 1683 — ᠴᠠᠭᠠᠳᠠᠢ ᠬᠠᠭᠠᠨᠳᠤ ᠤᠯᠤᠰ ᠮᠦᠬᠦᠪᠡ᠃ | 1604 — 1634 ︿︿ᠠᠯᠳᠠᠨ ᠲᠤᠪᠴᠢ﹀﹀ ᠵᠤᠬᠢᠶᠠᠭᠳᠠᠵᠠᠢ᠃ | 1624 — ︿︿ᠤᠰᠤᠨ ᠤ ᠭᠤᠷᠪᠠᠨ ᠵᠦᠷᠴᠢᠳ﹀﹀ ᠤᠨ ᠠᠶᠢᠰᠢᠨ ︵ᠠᠯᠳᠠᠨ︶ ᠬᠦᠷᠤᠨ ︵ᠤᠯᠤᠰ︶᠂ | ᠬᠤᠷᠴᠢᠨ ᠤ ᠠᠬᠠᠯᠠᠭᠴᠢ ᠤᠳᠪᠠ ᠲᠠᠶᠢᠵᠢ ᠲᠠᠢ ᠬᠤᠯᠪᠤᠭᠠᠯᠠᠪᠠ᠃ ᠬᠤᠵᠢᠮ ᠨᠢ ᠮᠠᠨᠵᠤ ᠬᠡᠮᠡᠨ ᠣᠯᠣᠰ ᠢᠶᠠᠨ | ᠲᠠᠶᠢᠴᠢᠨᠣᠯᠤᠰ ᠬᠡᠮᠡᠪᠡ᠃ | 1628 — 1634 ᠮᠤᠩᠭᠤᠯ ᠤᠨ ᠲᠡᠤᠬᠡᠴᠢ ᠯᠠᠮᠨ ᠯᠤᠪᠰᠠᠩᠳᠠᠨᠵᠢᠨ᠂ ᠯᠤ ︿︿ᠠᠯᠳᠠᠨ ᠲᠤᠪᠴᠢ﹀﹀ ᠶᠢ | ᠪᠢᠴᠢᠵᠠᠢ᠃ | 1634 — ᠯᠢᠭᠳᠡᠨ ᠬᠠᠭᠠᠨ ᠬᠦᠬᠡᠨᠠᠭᠤᠷ ᠤᠨ ᠰᠢᠷ᠎ᠠ ᠲᠠᠯ᠎ᠠ ᠳᠤ ᠨᠦᠭᠴᠢᠪᠡ᠂ ᠯᠢᠭᠳᠡᠨ ᠬᠠᠭᠠᠨ ᠤᠯᠠᠭᠠᠨ | ᠰᠢᠷ᠎ᠠ ᠶᠢᠨ ᠱᠠᠰᠢᠨᠢ ᠠᠳᠠᠯᠢᠬᠠᠨ ᠦᠵᠡᠵᠤ ᠪᠠᠶᠢᠭᠰᠠᠨ ᠠᠴᠠ ᠰᠢᠷ᠎ᠠ ᠶᠢᠨ ᠱᠠᠰᠢᠨ ᠢ ᠲᠠᠷᠤᠨ ᠤᠯᠠᠭᠠᠨ ᠤ ᠱᠠᠰᠢᠨ ᠢ | ᠲᠡᠮᠵᠢᠭᠰᠡᠨ ᠶᠤᠮ᠃ ᠮᠤᠩᠭᠤᠯ ᠤᠨ ᠤᠮᠠᠷᠠᠳᠤ ᠶᠤᠸᠠᠨ ᠤᠯᠤᠰ ᠤᠨ ᠦᠶ᠎ᠡ ᠳᠤ ︿︿ᠴᠢᠩᠭᠢᠰ ᠬᠠᠭᠠᠨ ᠤ ᠠᠯᠳᠠᠨ | ᠲᠤᠪᠴᠢ﹀﹀᠂ ︿︿ᠠᠯᠳᠠᠨ ᠤᠷᠤᠭ ᠤᠨ ᠲᠤᠳᠤ ᠲᠡᠤᠬᠡ﹀﹀᠂ ︿︿ᠰᠢᠷ᠎ᠠ ᠲᠤᠭᠤᠵᠢ﹀﹀᠂ ︿︿ᠵᠠᠩᠭᠠᠷ﹀﹀᠂ ︿︿ᠭᠡᠰᠡᠷ | ﹀﹀᠂ ︿︿ᠠᠯᠳᠠᠨ ᠡᠷᠢᠭᠡ﹀﹀᠂ ︿︿ᠠᠯᠳᠠᠨ ᠬᠠᠨ ᠤ ᠴᠠᠭᠠᠵᠨ ᠪᠢᠴᠢᠭ﹀﹀᠂ ︿︿ᠠᠯᠳᠠᠨ ᠬᠠᠨ ᠤ ᠨᠠᠮᠳᠠᠷ﹀﹀᠂ ︿︿ | ᠠᠯᠳᠠᠨ ᠬᠠᠨ ᠤ ᠲᠤᠭᠤᠵᠢ﹀﹀᠂ ︿︿ᠤᠪᠠᠰᠢ ᠬᠤᠩ ᠲᠠᠶᠢᠵᠢ ᠶᠢᠨ ᠲᠤᠭᠤᠵᠢ﹀﹀᠂ ︿︿ᠬᠠᠳᠠᠨ ᠤ ᠪᠢᠴᠢᠭ﹀﹀᠂ ︿︿ | ᠶᠤᠸᠠᠨ ᠣᠯᠣᠰ ᠤᠨ ᠰᠤᠳᠤᠷ ︵ᠵᠤ᠋ ᠶᠤᠸᠠᠨ ᠵᠠᠩ ᠤᠨ ᠰᠠᠨᠠᠭ᠎ᠠ ᠪᠠᠷ ᠬᠢᠳᠠᠳ ᠲᠡᠤᠬᠡᠴᠢᠨ ᠪᠢᠴᠢᠵᠠᠢ︶﹀﹀ ᠁ | ᠨᠤᠮ ᠵᠤᠬᠢᠶᠠᠯ ᠪᠢᠴᠢᠭᠳᠡᠨ᠂ ︿︿ᠦᠯᠢᠭᠡᠷ ᠤᠨ ᠲᠠᠯᠠᠢ﹀﹀᠂ ︿︿ᠴᠢᠨᠳᠠᠮᠤᠨᠢ ᠶᠢᠨ ᠡᠷᠢᠭᠡ﹀﹀᠂ ︿︿ᠭᠠᠨᠵᠤᠤᠷ﹀﹀᠂᠂ | ᠨᠤᠮ ᠰᠤᠳᠤᠷ ᠢ ᠮᠤᠩᠭᠤᠯᠴᠢᠯᠠᠪᠠ᠃ | 1636 — ᠤᠶᠢᠷᠠᠳ ᠤᠨ ᠴᠢᠭᠤᠯᠭᠠᠨ ᠪᠤᠯᠵᠤ ᠲᠦᠷᠤᠪᠠᠶᠢᠬᠤ ᠭᠦᠣᠰᠢ ᠬᠠᠨ᠂ ᠪᠠᠭᠠᠳᠤᠷ ᠬᠤᠩ ᠲᠠᠶᠢᠵᠢ | ᠲᠦᠪᠡᠳᠣᠨᠰᠢᠷᠠ ᠵᠢᠨᠱᠠᠰᠢᠨᠢ ᠲᠡᠮᠵᠢᠨᠤᠯᠠᠭᠠᠨᠣ ᠱᠠᠰᠢᠨᠢ ᠲᠠᠷᠤᠬᠤ ᠨᠡᠷ᠎ᠡ ᠪᠠᠷ ᠬᠦᠬᠡᠨᠡᠭᠤᠷ ᠲᠦᠪᠡᠳᠵᠦ᠋ᠭ | ᠴᠡᠷᠢᠭᠯᠡᠨ᠂ ᠬᠠᠯᠠᠬ᠎ᠠ ᠵᠢᠨᠴᠤᠭᠳᠤ ᠲᠠᠶᠢᠵᠢ ᠶᠢᠨ ᠴᠡᠷᠢᠭ ᠢ ᠢᠯᠠᠨ᠂ ᠭᠦᠣᠰᠢ ᠬᠠᠨ ᠲᠠᠯᠠᠢ ᠯᠠᠮᠠ ᠵᠢᠨᠡᠷᠬᠡ ᠶᠢ | ᠬᠢᠵᠠᠭᠠᠷᠯᠠᠬᠤ ᠶᠢᠨ ᠲᠦᠯᠤᠭᠡ ᠬᠤᠪᠢᠯᠭᠠᠨ ᠯᠤᠪᠰᠠᠩᠴᠤᠶᠢᠵᠢᠵᠠᠯᠰᠠᠨ ᠳᠤ ︿︿ᠪᠠᠨᠴᠠᠨ ᠪᠤᠭᠳᠠ﹀﹀ ᠴᠤᠯᠨᠦᠭᠭᠦᠨ᠂ | ᠦᠩᠭᠡᠷᠡᠭᠰᠡᠨᠭᠤᠷᠪᠠᠨ ᠲᠦᠷᠢ ᠶᠢ ᠨᠡᠬᠡᠮᠵᠢᠯᠡᠨ ᠴᠤᠯᠠᠯᠠᠵᠤ ᠲᠦᠷᠪᠡᠳᠤᠭᠡᠷ ᠪᠠᠨᠴᠠᠨ ᠪᠤᠭᠳᠠ ᠬᠡᠮᠡᠨ᠂ ᠬᠦᠬᠡᠨᠡᠭᠤᠷ | ᠲᠦᠪᠡᠳᠢ ᠡᠵᠡᠯᠡᠨᠰᠠᠭᠤᠪᠠ᠃ | 1640 — ᠤᠶᠢᠷᠠᠳᠣᠨᠲ᠋ᠠᠷᠪᠠᠭᠠᠳᠠᠢ ᠵᠢᠨᠤᠯᠠᠭᠠᠨ ᠪᠡᠯᠴᠢᠭᠡᠷ ᠲᠤ ᠬᠠᠯᠠᠬ᠎ᠠ ᠤᠶᠢᠷᠠᠳᠣᠨ | ᠬᠤᠷᠢᠨᠲ᠋ᠤᠯᠤᠭᠠᠨ ᠶᠡᠬᠡᠴᠤᠳᠶᠡᠭᠡ ᠴᠢᠭᠤᠯᠭᠠᠨ ︵ᠬᠦᠬᠡᠨᠠᠭᠤᠷ ᠠᠴᠠ ᠬᠦᠤᠱᠢ ᠬᠠᠨ ᠢᠵᠢᠯ ᠲᠤᠷᠭᠤᠳᠡᠴᠡ ᠬᠤ | ᠦᠷᠯᠦᠭ ᠵᠠᠯᠠᠭᠳᠠᠨ︶ ᠪᠤᠯᠵᠤ᠂ ︿︿ᠮᠤᠩᠭᠤᠯ ᠤᠶᠢᠷᠠᠳ ᠤᠨ ᠴᠠᠭᠠᠵᠨ ᠪᠢᠴᠢᠭ﹀﹀ ᠢ ᠪᠠᠳᠤᠯᠠᠪᠠ᠃ | 1644 — ᠬᠢᠳᠠᠳᠣᠨ ᠮᠢᠩ ᠤᠯᠤᠰ ᠮᠦᠬᠦᠨ᠂ ᠮᠠᠨᠵᠤ ᠶᠢᠨ ᠲᠠᠶᠢᠴᠢᠨ ᠤᠯᠤᠰ ᠪᠡᠭᠡᠵᠢᠩ ᠳᠤ ᠨᠠᠶᠢᠰᠯᠡᠪᠡ | ᠃ | 1646 — ᠰᠦᠨᠢᠳ ᠤᠨ ᠲᠠᠩᠭᠢᠰ ᠸᠠᠩ ᠮᠠᠨᠵᠤ ᠲᠠᠢ ᠲᠡᠮᠴᠡᠪᠡ᠃ | 1662 — ᠤᠷᠳᠤᠰ ᠤᠨ ᠰᠠᠭᠠᠩ ᠰᠡᠴᠡᠨ ᠬᠤᠩ ᠲᠠᠶᠢᠵᠢ ︿︿ᠡᠷᠳᠡᠨᠢ ᠶᠢᠨ ᠲᠤᠪᠴᠢ﹀﹀ ᠶᠢ ᠪᠢᠴᠢᠵᠤ | ᠲᠠᠭᠤᠰᠬᠠᠵᠠᠢ᠃ | 1671 — ᠪᠠᠭᠠᠳᠤᠷ ᠬᠤᠩ ᠲᠠᠶᠢᠵᠢ ᠶᠢᠨ ᠬᠦᠪᠡᠭᠦᠨ ᠭᠠᠯᠳᠠᠨ ᠵᠡᠭᠦᠨᠭᠠᠷ ᠬᠠᠭᠠᠨᠳᠤ ᠤᠯᠤᠰ ᠢ ᠡᠬᠢᠯᠡᠨ | ᠪᠠᠶᠢᠭᠤᠯᠪᠠ᠂ ᠮᠢᠨᠤ ᠨᠤᠳᠤᠭ ᠤᠨ ᠭᠠᠵᠠᠷ ᠠᠴᠠ ᠪᠤᠷᠬᠠᠨ ᠭᠤᠶᠤᠭᠰᠠᠨ ᠴᠤ ᠪᠤᠤ ᠦᠭ — ᠭᠠᠯᠳᠠᠨ ᠪᠤᠱᠤᠭᠳᠤ | ᠬᠠᠭᠠᠨ᠃ | 1675 — ᠯᠢᠭᠳᠡᠨ ᠬᠭᠠᠨ ᠤ ᠤᠮᠪᠤᠯᠤ ᠪᠦᠷᠨᠢ ᠮᠠᠨᠵᠤ ᠲᠠᠢ ᠲᠡᠮᠴᠡᠪᠡ᠃ | 1677 — ᠬᠠᠯᠠᠬ᠎ᠠ ᠶᠢᠨ ᠵᠢᠮᠪᠠ ︿︿ᠠᠰᠠᠷᠠᠭᠴᠢ ᠨᠡᠷᠡᠳᠤ ᠶᠢᠨ ᠲᠡᠤᠬᠡ﹀﹀ ᠶᠢ ᠪᠢᠴᠢᠵᠤ ᠲᠠᠭᠤᠰᠬᠠᠵᠠᠢ᠃ | 1689 — ᠲᠠᠶᠢᠴᠢᠨᠤᠯᠤᠰ᠂ ᠤᠷᠤᠰ ᠤᠯᠤᠰ ᠲᠠᠢ ︿︿ᠨᠢᠪᠴᠦ᠋ ᠵᠢᠨᠭᠡᠷ᠎ᠡ﹀﹀ ᠲᠤᠭᠳᠠᠪᠠ᠃ | 1691 — ᠲᠤᠯᠤᠨ ᠨᠠᠭᠤᠷ ᠤᠨ ᠴᠢᠭᠤᠯᠭᠠᠨ ᠢᠶᠠᠷ ᠲᠠᠮᠵᠢᠨ ᠬᠠᠯᠠᠬᠠᠴᠤᠳ ᠡᠬᠢᠯᠡᠨ ᠲᠠᠶᠢᠴᠢᠨ ᠤᠯᠤᠰ | ᠲᠠᠢ ᠨᠡᠶᠢᠯᠡᠪᠡ᠂ ︿︿ᠲᠤᠯᠤᠨ ᠨᠠᠭᠤᠷ ᠤᠨ ᠬᠦᠰᠢᠶ᠎ᠡ﹀﹀ ᠪᠤᠰᠬᠠᠭᠳᠠᠵᠠᠢ᠃ | 1717 — ᠵᠡᠭᠦᠨᠭᠠᠷ ᠬᠠᠭᠠᠨᠳᠤ ᠤᠯᠤᠰ ᠤᠨ ᠴᠡᠷᠢᠭ ᠲᠦᠪᠡᠳ ᠢ ᠡᠵᠡᠯᠡᠪᠡ᠃ | 1723 — ᠬᠦᠬᠡᠨᠠᠭᠤᠷ ᠤᠨ ᠯᠤᠪᠰᠠᠩᠳᠠᠨᠵᠢᠨ ᠤ ᠲᠡᠮᠡᠴᠡᠯ ᠡᠭᠦᠰᠪᠡ᠃ | 1727 — ᠲᠠᠶᠢᠴᠢᠨᠤᠯᠤᠰ᠂ ᠤᠷᠤᠰ ᠤᠯᠤᠰ ᠲᠠᠢ ︿︿ᠬᠢᠶᠠᠭᠳᠤ ᠵᠢᠨᠭᠡᠷ᠎ᠡ﹀﹀ ᠲᠤᠭᠳᠠᠪᠠ᠃ | 1724 — ᠬᠦᠬᠡᠬᠤᠳᠠ ᠳᠤ ᠮᠤᠩᠭᠤᠯ ᠠᠯᠪᠠᠨ ᠤ ᠰᠤᠷᠭᠠᠭᠤᠯᠢ ᠪᠠᠶᠢᠭᠤᠯᠤᠭᠳᠠᠪᠠ᠂ ᠬᠤᠵᠢᠮ ᠨᠢ | ᠲᠦᠮᠡᠳ ᠮᠤᠩᠭᠤᠯ ᠤᠨ ᠠᠯᠪᠠᠨ ᠤ ᠰᠤᠷᠭᠠᠭᠤᠯᠢ᠂ ᠮᠠᠨᠵᠤ ᠬᠢᠳᠠᠳ ᠬᠡᠯᠡᠨ ᠤ ᠤᠷᠴᠢᠭᠤᠯᠤᠭᠴᠢ ᠬᠦᠮᠤᠵᠢᠭᠦᠯᠬᠦ | ᠰᠤᠷᠭᠠᠭᠤᠯᠢ ᠪᠠᠶᠢᠭᠤᠯᠤᠭᠳᠠᠪᠠ᠃ | 1731 — ᠬᠤᠳᠤᠩ ᠨᠠᠭᠤᠷᠣᠨᠲ᠋ᠠᠶᠢᠨ ᠳᠤ ᠵᠡᠭᠦᠨᠭᠠᠷ ᠬᠠᠭᠠᠨᠳᠤ ᠤᠯᠤᠰ᠂ ᠲᠠᠶᠢᠴᠢᠨ ᠤᠯᠤᠰ ᠢ ᠶᠡᠬᠡᠪᠡᠷ | ᠢᠯᠠᠪᠠ᠃ | 1739 — ᠵᠡᠭᠦᠨᠭᠠᠷ ᠬᠠᠭᠠᠨᠳᠤ ᠤᠯᠤᠰ᠂ ᠲᠠᠶᠢᠴᠢᠨ ᠤᠯᠤᠰ ᠬᠢᠯᠢ ᠶᠢᠨ ᠬᠡᠯᠡᠯᠴᠡᠭᠡᠷ ᠲᠤᠬᠢᠷᠡᠨ ᠶᠡᠭᠡ | ᠲᠦᠯᠤᠪ ᠠᠯᠳᠠᠢ ᠬᠠᠶᠢᠷᠬᠠᠨ ᠢᠶᠠᠷ ᠵᠠᠭᠠᠭ ᠪᠤᠯᠭᠠᠪᠠ᠃ | 1751 — ︿︿ᠲᠦᠷᠪᠡᠨ ᠤᠶᠢᠷᠠᠳ ᠤᠨ ᠲᠡᠤᠬᠡ﹀﹀ ᠪᠢᠴᠢᠭᠳᠡᠵᠠᠢ᠃ | 1754 — ᠠᠮᠤᠷᠰᠠᠨᠠᠭ᠎ᠠ ᠲᠠᠶᠢᠴᠢᠨ ᠤᠯᠤᠰ ᠳᠤ ᠪᠠᠭᠤᠨ ᠦᠭᠴᠤ᠂ 1755 — ᠠᠮᠤᠷᠰᠠᠨᠠᠭ᠎ᠠ | ᠲᠠᠷᠪᠠᠭᠠᠳᠠᠢ ᠲᠤ ᠲᠠᠶᠢᠴᠢᠨ ᠤᠯᠤᠰ ᠢ ᠡᠬᠢᠯᠡᠨ ᠡᠰᠡᠷᠭᠦᠴᠡᠪᠡ᠂ 1757 — ᠠᠮᠤᠷᠰᠠᠨᠠᠭ᠎ᠠ ᠡᠪᠡᠳᠴᠢᠨ ᠢᠶᠠᠷ | ᠨᠠᠰᠤ ᠪᠠᠷᠠᠪᠠ᠃ | 1756 — ᠬᠠᠯᠠᠬ᠎ᠠ ᠶᠢᠨ ᠴᠢᠩᠭᠦᠨᠵᠠᠪ ᠤᠨ ᠲᠡᠮᠡᠴᠡᠯ ᠡᠭᠦᠰᠪᠡ᠃ | 1760 — ᠮᠤᠩᠭᠤᠯ ᠤᠨ ᠬᠠᠮᠤᠭ ᠡᠴᠤᠰ ᠤᠨ ᠬᠠᠭᠠᠨᠳᠤ ᠤᠯᠤᠰ ᠵᠡᠭᠦᠨᠭᠠᠷ ᠬᠠᠭᠠᠨᠳᠤᠤᠯᠤᠰ᠂ ᠮᠠᠨᠵᠤ | ᠮᠤᠩᠭᠤᠯ ᠤᠨ ᠶᠡᠭᠡ ᠬᠢᠳᠤᠯᠭ᠎ᠠ ᠳᠤ ᠮᠦᠭᠦᠪᠡ᠃ | 1771 — ᠲᠤᠷᠭᠤᠳ ᠢᠵᠢᠯ ᠮᠦᠷᠡᠨ ᠠᠴᠠ ᠮᠤᠩᠭᠤᠯ ᠨᠤᠳᠤᠭ ᠳᠤ ᠪᠠᠨ ᠪᠤᠴᠠᠪᠡ᠃ | 1775 — ᠪᠠᠭᠠᠷᠢᠨ ᠬᠤᠰᠢᠭᠤᠨᠣ ᠲᠤᠰᠠᠯᠠᠭᠴᠢ ᠲᠠᠶᠢᠵᠢ ᠷᠠᠰᠢᠫᠤᠩᠰᠤᠭ ︿︿ᠪᠤᠯᠤᠷ ᠡᠷᠢᠭᠡ﹀﹀ ᠢ | ᠪᠢᠴᠢᠵᠠᠢ᠃ | 1783 — ᠠᠯᠳᠠᠨᠤᠷᠳᠤᠳᠤ ᠬᠭᠠᠨᠳᠤᠤᠯᠤᠰ ᠵᠠᠳᠠᠷᠠᠨ ᠪᠦᠷᠢᠯᠳᠤᠭᠰᠡᠨᠺᠷᠢᠮᠢᠶᠠ ᠬᠠᠨᠤᠯᠤᠰᠮᠦ᠋ᠬᠦᠪᠡ᠃ | 1832 — ᠡᠷᠳᠡᠮᠳᠡᠨ ᠯᠤᠪᠰᠠᠩᠷᠢᠨᠴᠢᠨ︿︿ᠢᠷᠠᠭᠤ ᠬᠡᠯᠡᠨ ᠤ ᠬᠦᠷᠬᠢᠷᠡᠯ﹀﹀ ᠭᠡᠳᠡᠭ ᠲᠡᠤᠬᠡᠬᠡᠪᠯᠡᠪᠡ᠃ | 1835 — ᠤᠷᠳᠤᠰ ᠤᠨ ᠲᠡᠤᠬᠡᠴᠢ ᠭᠤᠴᠣᠭᠵᠠᠪ ︿︿ᠰᠤᠪᠤᠳ ᠡᠷᠢᠭᠡ﹀﹀᠂ ᠤᠷᠳᠤᠰ ᠤᠨ ᠢᠰᠢᠪᠠᠯᠳᠠᠨ︿︿ | ᠡᠷᠳᠡᠨᠢ ᠶᠢᠨ ᠡᠷᠢᠭᠡ﹀﹀᠂ ᠤᠷᠠᠳ ᠤᠨ ᠲᠤᠮᠳᠠ ᠬᠤᠰᠢᠭᠤᠨ ᠤ ᠳ᠋ᠠ ᠯᠠᠮᠨ ᠵᠢᠮᠪᠠᠳᠤᠷᠵᠢ ᠵᠡᠷᠭᠡ ᠵᠤᠬᠢᠶᠠᠯ ᠤᠳ ᠲᠤᠰ | ᠲᠤᠰ ᠪᠢᠴᠢᠵᠤ ᠲᠠᠭᠤᠰᠬᠠᠵᠠᠢ᠃ | 1840 — ᠬᠠᠷ᠎ᠠ ᠲᠠᠮᠠᠬᠢ ᠶᠢᠨ ᠲᠠᠶᠢᠨ ᠡᠭᠦᠰᠪᠡ᠃ ᠬᠤᠵᠢᠮ ᠨᠢ ᠲᠠᠢ ᠫᠢᠩ ᠲᠢᠶᠠᠨ ᠭᠦᠸᠧ ᠶᠢᠨ | ᠤᠷᠪᠠᠯᠠᠭᠠᠨ ᠡᠭᠦᠰᠪᠡ᠃ ᠲᠠᠶᠢᠴᠢᠨ ᠤᠯᠤᠰ ᠮᠤᠩᠭᠤᠯ ᠤᠷᠤᠨ ᠳᠤ ᠬᠢᠳᠠᠳ ᠦᠯᠤ ᠨᠤᠳᠤᠭᠯᠠᠭᠤᠯᠬᠤ ᠪᠤᠳᠤᠯᠭ᠎ᠠ | ᠪᠠᠨ ᠬᠠᠶᠠᠨ ᠶᠡᠭᠡ ᠬᠡᠮᠵᠢᠶᠡᠨ ᠤ ᠦᠯᠤᠰᠭᠦᠯᠡᠩ ᠶᠠᠳᠠᠭᠤ ᠬᠢᠳᠠᠳ ᠲᠠᠷᠢᠶᠠᠴᠢᠨ ᠮᠤᠩᠭᠤᠯ ᠭᠠᠵᠠᠷ ᠢᠷᠡᠪᠡ᠃ | ᠮᠤᠩᠭᠤᠯ ᠸᠠᠩ ᠭᠦᠩ ᠢᠵᠠᠭᠤᠷᠳᠠᠨ ᠤ ᠬᠦᠴᠦᠨ ᠠᠭᠠᠵᠢᠮ ᠲᠤᠷᠤᠶᠢᠳᠠᠨ ᠮᠠᠨᠵᠤ ᠮᠤᠩᠭᠤᠯ ᠤᠨ ᠬᠤᠯᠪᠤᠭ᠎ᠠ ᠨᠢ | ᠮᠠᠨᠵᠤ ᠬᠢᠳᠠᠳ ᠤᠨ ᠨᠤᠶᠠᠷᠬᠠᠯ ᠢᠶᠠᠷ ᠤᠷᠤᠯᠠᠭᠳᠠᠪᠠ᠃ | 1841 — ᠬᠠᠯᠠᠬ᠎ᠠ ᠶᠢᠨ ᠲᠡᠤᠬᠡᠴᠢᠨ ᠭᠠᠯᠳᠠᠨ ᠲᠤᠰᠠᠯᠠᠭᠴᠢ ︿︿ᠡᠷᠳᠡᠨᠢ ᠶᠢᠨ ᠡᠷᠢᠭᠡ﹀﹀ ᠭᠡᠳᠡᠭ ᠲᠡᠤᠬᠡ | ᠶᠢᠨ ᠵᠤᠬᠢᠶᠠᠯ ᠪᠢᠴᠢᠵᠠᠢ᠃ | 1843 — ᠹᠠᠷᠠᠨᠽᠢ ᠡᠷᠳᠡᠮᠳᠡᠨᠳᠣᠰᠰᠤᠳ ︿︿ᠮᠤᠩᠭᠤᠯᠴᠤᠳ ᠤᠨ ᠲᠡᠤᠬᠡ﹀﹀ ᠭᠡᠳᠡᠭ ᠪᠦᠳᠤᠭᠡᠯ | ᠲᠤᠭᠤᠷᠪᠢᠵᠠᠢ᠃ | 1847 — 1849 ᠹᠠᠷᠠᠨᠽᠢ ᠶᠢᠨ ᠬᠠᠷ᠎ᠠ ᠯᠠᠮᠨ ᠡᠾᠦ᠋ᠸ᠋ ᠣᠣᠮᠧᠨ ᠳᠤ ᠠᠯᠳᠠᠷᠳᠠᠢ ᠪᠦᠳᠤᠭᠡᠯ ᠪᠤᠯᠬᠤ ︿︿ | ᠲᠠᠲ᠋ᠠᠷ ᠲᠦᠪᠡᠳ ᠢᠶᠠᠷ ᠵᠢᠭᠤᠯᠴᠢᠯᠠᠭᠰᠠᠨ ᠲᠡᠮᠳᠡᠭᠯᠡᠯ﹀﹀ ᠢᠶᠠᠨ ᠪᠢᠴᠢᠵᠠᠢ᠂ ᠬᠤᠵᠢᠮ ᠨᠢ ︿︿ᠱᠠᠰᠢᠨ | ᠲᠡᠯᠭᠡᠷᠡᠭᠦᠯᠭᠴᠢ ᠶᠢᠨ ᠬᠠᠷᠠᠭᠠᠨ ᠳᠠᠬᠢ ᠦᠪᠤᠷ ᠮᠤᠩᠭᠤᠯ﹀﹀ ᠬᠡᠮᠡᠨ ᠮᠤᠩᠭᠤᠯ ᠢᠶᠠᠷ ᠬᠡᠪᠯᠡᠭᠳᠡᠵᠠᠢ᠃ | 1860 — ᠦᠪᠤᠷ ᠮᠤᠩᠭᠤᠯ ᠤᠨ ᠵᠡᠭᠦᠨ ᠤᠷᠤᠨ ᠳᠤ ᠪᠠᠶᠢᠯᠢᠩᠭᠠᠮᠠᠨᠵᠤ ᠲᠠᠢᠲ᠋ᠡᠮᠴᠡᠪᠡ᠃ | 1891 — ᠵᠤᠰᠤᠳᠤ᠂ ᠵᠤᠤ ᠤᠳᠠ ᠶᠢᠨ ᠴᠢᠭᠤᠯᠭᠠᠨ ᠳᠤ ︿︿ᠤᠯᠠᠭᠠᠨ ᠮᠠᠯᠠᠭᠠᠶᠢᠳᠠᠨ ᠤ ᠤᠷᠪᠠᠯᠭᠠᠨ﹀﹀ | ᠭᠠᠷᠪᠠ᠃ | 1902 — ᠲᠠᠶᠢᠴᠢᠨ ᠤᠯᠤᠰ ︿︿ᠰᠢᠨ᠎ᠡ ᠵᠠᠰᠠᠭ﹀﹀ ᠶᠠᠪᠤᠭᠤᠯᠤᠨ᠂ ᠮᠤᠩᠭᠤᠯ ᠤᠷᠤᠨ ᠳᠤ ︿︿ᠢᠷᠭᠡᠳᠢ | ᠨᠡᠭᠦᠯᠭᠡᠨ ᠬᠢᠯᠢ ᠭᠢᠵᠠᠭᠠᠷ ᠢᠶᠠᠨ ᠪᠠᠬᠢᠵᠢᠭᠦᠯᠬᠦ﹀﹀ ᠪᠤᠳᠤᠯᠭ᠎ᠠ ᠬᠡᠷᠡᠭᠵᠢᠭᠦᠯᠤᠨ ᠬᠢᠳᠠᠳ ᠲᠠᠷᠢᠶᠠᠴᠢᠳ ᠢ ᠠᠯᠪᠠᠨ | ᠶᠤᠰᠤᠭᠠᠷ ᠤᠷᠤᠭᠤᠯᠤᠨ ᠦᠩ ᠰᠢᠮᠡᠯᠢᠭ ᠪᠡᠯᠴᠢᠭᠡᠷ ᠢ ᠬᠠᠭᠠᠯᠪᠤᠷᠢᠯᠠᠨ ᠲᠠᠷᠢᠶᠠᠨ ᠭᠠᠵᠠᠷ ᠪᠤᠯᠭᠠᠪᠠ᠃ ᠬᠦᠩᠰᠠᠩᠨᠤᠷᠪᠤ | ︿︿ᠲᠦᠪ ᠢ ᠡᠷᠬᠢᠮᠯᠡᠬᠦ ᠰᠤᠷᠭᠠᠭᠤᠯᠢ﹀﹀ ︵ᠲᠡᠮᠡᠭᠡᠳᠤ ᠰᠤᠷᠤᠯᠴᠠᠵᠤ ᠪᠠᠶᠢᠪᠠ︶ ᠪᠠᠶᠢᠭᠤᠯᠪᠠ᠃ | 1905 — ᠶᠠᠫᠤᠨ ᠤᠷᠤᠰ ᠲᠠᠶᠢᠨ ᠤ ᠲᠠᠷᠠᠭ᠎ᠠ ︿︿ᠫᠦᠰᠮᠤᠰ ᠤᠨ ᠨᠠᠶᠢᠷᠠᠮᠳᠠᠯ ᠤᠨ ᠭᠡᠷ᠎ᠡ﹀﹀ ᠲᠤᠭᠳᠠᠪᠠ᠃ | ᠲᠡᠷᠡ ᠬᠡᠳᠤᠨ ᠵᠢᠯ ᠳᠤ ᠲᠤᠭᠳᠠᠬᠤ᠂ ᠪᠠᠶᠠᠨᠳᠠᠯᠠᠢ᠂ ᠲᠠᠮᠫᠢᠯ᠂ ᠬᠤᠵᠢᠮ ᠨᠢ ᠭᠠᠳᠠ ᠮᠠᠶᠢᠷᠠᠨ᠂ ᠰᠢᠨᠡᠯᠠᠮ᠎ᠠ ᠶᠢᠨ ᠁ | ᠪᠤᠰᠤᠯᠭ᠎ᠠ ᠲᠡᠮᠴᠡᠯ ᠡᠭᠦᠰᠪᠡ᠃ | 1911 — 1760 ᠮᠤᠩᠭᠤᠯᠴᠤᠳ ᠲᠦᠷᠤ ᠪᠠᠨ ᠠᠯᠳᠠᠭᠰᠠᠨ ᠪᠤᠭᠤᠯᠴᠢᠯᠠᠭᠳᠠᠭᠰᠠᠨ ᠭᠤᠳᠤᠮᠰᠢᠭᠳᠤ ᠴᠠᠭ | ᠦᠶ᠎ᠡ ᠮᠦᠨ᠃ | 1911 — ᠵᠤᠨ᠂ ᠮᠤᠩᠭᠤᠯ ᠤᠨ ᠨᠤᠶᠠᠳ ᠪᠠᠶᠠᠳ ᠵᠢᠪᠽᠤᠠᠳᠠᠮᠪᠠ ᠬᠤᠳᠤᠭᠳᠤ ᠳᠤ ᠪᠠᠳᠤ ᠤᠷᠤᠰᠢᠯ | ᠡᠷᠭᠦᠬᠦ ᠢᠯᠳᠠᠮ ᠢᠶᠠᠷ ᠬᠦᠷᠢᠶ᠎ᠡ ᠳᠤ ︵ᠤᠯᠠᠭᠠᠨᠪᠠᠭᠠᠳᠤᠷ︶ ᠴᠤᠭᠯᠠᠨ ᠨᠢᠭᠤᠴᠠ ᠬᠤᠷᠠᠯᠳᠠᠢ ᠪᠤᠯᠪᠠ᠂ ᠤᠳᠠᠯ ᠦᠭᠡᠢ | ᠮᠤᠩᠭᠤᠯ ᠤᠯᠤᠰ ᠮᠠᠨᠵᠤ ᠶᠢᠨ ᠲᠠᠶᠢᠴᠢᠨ ᠤᠯᠤᠰ ᠠᠴᠠ ᠰᠠᠯᠤᠨ ᠲᠤᠰᠠᠭᠠᠷ ᠲᠤᠭᠳᠠᠨᠢᠯ ᠢᠶᠠᠨ ᠰᠡᠷᠭᠦᠭᠡᠭᠰᠡᠨ ᠢᠶᠠᠨ | ᠲᠡᠯᠡᠬᠡᠢ ᠳᠤ ᠲᠤᠩᠬᠠᠭᠯᠠᠨ᠂ ᠬᠤᠳᠤᠭᠳᠤ ᠢ ᠪᠤᠭᠳᠠ ᠬᠠᠭᠠᠨ ᠡᠷᠭᠦᠮᠵᠢᠯᠡᠨ ᠶᠡᠭᠡ ᠮᠤᠩᠭᠤᠯ ᠤᠯᠤᠰ ᠢᠶᠠᠨ ᠲᠠᠬᠢᠨ | ᠪᠠᠶᠢᠭᠤᠯᠬᠤ ᠲᠡᠮᠡᠴᠡᠯ ᠡᠬᠢᠯᠡᠪᠡ᠃ ᠮᠠᠨᠵᠤ ᠶᠢᠨ ᠨᠤᠶᠠᠷᠬᠠᠯ ᠤᠨ ᠦᠶ᠎ᠡ ᠳᠤ ᠮᠤᠩᠭᠤᠯᠴᠤᠳ ︿︿ᠬᠦᠬᠡ ᠰᠤᠳᠤᠷ | — ᠢᠨᠵᠠᠨᠠᠰᠢ﹀﹀᠂ ︿︿ᠠᠯᠳᠠᠨ ᠬᠦᠷᠳᠤᠨ ᠮᠢᠩᠭᠠᠨ ᠭᠡᠭᠡᠰᠤᠳᠤ ᠪᠢᠴᠢᠭ﹀﹀᠂ ︿︿ᠬᠤᠷᠢᠨ ᠨᠢᠭᠡᠳᠤ ᠲᠠᠶᠢᠯᠪᠤᠷᠢ | ᠲᠤᠯᠢ﹀﹀᠂ ︿︿ᠤᠭᠳᠠᠷᠭᠤᠢ ᠶᠢᠨ ᠮᠠᠨᠢ﹀﹀᠂ ︿︿ᠬᠡᠯᠡᠨ ᠤ ᠴᠢᠮᠡᠭ﹀﹀᠂ ︿︿ᠰᠠᠷᠠᠨ ᠤ ᠭᠡᠷᠡᠯ﹀﹀᠂ ︿︿ᠨᠠᠷᠠᠨ ᠤ | ᠭᠡᠷᠡᠯ﹀﹀᠂ ︿︿ᠲᠨᠨᠵᠤᠤᠷ﹀﹀᠂ ︿︿ᠮᠤᠩᠭᠤᠯ ᠦᠭᠡᠨ ᠤ ᠲᠤᠯᠢ ᠪᠢᠴᠢᠭ﹀﹀᠂ ︿︿ᠮᠤᠩᠭᠤᠯ ᠬᠡᠯᠡᠨ ᠤ ᠲᠠᠶᠢᠯᠪᠤᠷᠢ | ᠲᠤᠯᠢ﹀﹀᠂ ︿︿ᠡᠷᠡᠬᠡᠯᠳᠠᠢ ᠮᠡᠷᠭᠡᠨ ᠤ ᠦᠯᠢᠭᠡᠷ﹀﹀᠂ ︿︿ᠪᠠᠳᠢᠷᠴᠢᠨ ᠤ ᠦᠯᠢᠭᠡᠷ﹀﹀᠂ ︿︿ᠪᠠᠯᠭᠠᠨᠰᠠᠩ﹀﹀᠂ ︿︿ | ᠠᠵᠤ ᠲᠦᠷᠤᠬᠦ ᠶᠢᠨ ᠰᠤᠷᠭᠠᠯ﹀﹀᠂ ︿︿ᠡᠮ ᠤᠨ ᠵᠤᠷ﹀﹀᠂ ︿︿ᠷᠠᠰᠢᠶᠠᠨ ᠪᠤᠯᠠᠭ﹀﹀᠂ ︿︿ᠡᠮ ᠲᠠᠨᠢᠬᠤ ᠪᠤᠯᠤᠷ | ᠲᠤᠯᠢ﹀﹀᠂ ︿︿ᠰᠤᠳᠤᠯ ᠪᠠᠷᠢᠬᠤ ᠤᠨᠤᠯ﹀﹀᠂ ︿︿ᠡᠮ ᠤᠨ ᠲᠠᠪᠤᠨ ᠵᠠᠰᠠᠯᠭ᠎ᠠ﹀﹀᠂ ︿︿ᠠᠨᠠᠭᠠᠬᠤ ᠤᠬᠠᠭᠠᠨ ᠤ | ᠦᠨᠳᠤᠰᠤᠨ ᠲᠦᠷᠪᠡᠨ ᠤᠨᠤᠯ﹀﹀᠂ ︿︿ᠷᠠᠰᠢᠶᠠᠨ ᠪᠤᠯᠠᠭ﹀﹀᠂ ︿︿ᠤᠳᠤᠨ ᠤᠷᠤᠨ ᠤ ᠤᠬᠠᠭᠠᠨ﹀﹀᠂ ︿︿ | ᠲᠤᠭᠤᠷᠢᠭ ᠤᠨ ᠤᠭᠳᠤᠯᠤᠯ ᠤᠨ ᠨᠠᠷᠢᠨ ᠬᠡᠮᠵᠢᠶᠡᠨ ᠤ ᠲᠦᠳᠡ ᠠᠷᠭ᠎ᠠ— ᠮᠢᠩᠭᠠᠳᠤ﹀﹀ ᠁ ᠵᠤᠬᠢᠶᠠᠭᠳᠠᠨ᠃ | ︿︿ᠪᠠᠴᠢᠨᠪᠠᠭᠰᠢ ᠶᠢᠨ ᠦᠯᠢᠭᠡᠷ﹀﹀᠂ ︿︿ᠭᠤᠷᠪᠠᠨ ᠤᠯᠤᠰ ᠤᠨ ᠦᠯᠢᠭᠡᠷ﹀﹀᠂ ︿︿ᠤᠯᠠᠭᠠᠨ ᠠᠰᠠᠷ ᠤᠨ ᠵᠡᠭᠦᠳᠤ﹀﹀ | ᠂ ︿︿ᠯᠢᠶᠤᠤ ᠵᠠᠢ ᡁᠢ ᠢ ᠪᠢᠴᠢᠭ﹀﹀᠂ ︿︿ᠰᠠᠬᠢᠭᠤᠯᠰᠤᠨ ᠡᠷᠭᠦᠮᠵᠢᠯᠡᠭᠰᠡᠨ ᠦᠯᠢᠭᠡᠷ﹀﹀ ᠁ ᠮᠤᠩᠭᠤᠯᠴᠢᠯᠠᠪᠠ᠃ | | 1911 — ᠮᠠᠨᠵᠤ ᠶᠢᠨ ᠲᠠᠶᠢᠴᠢᠨ ᠤᠯᠤᠰ ᠮᠦᠭᠦᠪᠡ᠃ | 1912 — ᠪᠣᠭᠳᠠ ᠬᠠᠭᠠᠨᠳᠤ ᠵᠠᠰᠠᠭ ᠴᠠᠭᠠᠨ ᠬᠡᠷᠡᠮ ᠤᠨ ᠭᠠᠳᠠᠨᠠᠬᠢ ᠬᠠᠭᠤᠴᠢᠨ ᠮᠤᠩᠭᠤᠯ ᠤᠨ ᠨᠤᠳᠤᠭ | ᠲᠤ ᠪᠠᠶᠢᠬᠤ ᠬᠤᠳᠠ ᠨᠤᠭᠤᠳ ᠢ ᠠᠪᠴᠤ᠂ ᠮᠤᠩᠭᠤᠯ ᠤᠯᠤᠰ ᠢᠶᠠᠨ ᠨᠢᠭᠡᠳᠭᠡᠵᠤ᠂ ᠬᠢᠵᠠᠭᠠᠷ ᠤᠷᠤᠨ ᠨᠤᠳᠤᠭ | ᠢᠶᠠᠨ ᠪᠠᠳᠤᠯᠠᠨ ᠬᠠᠮᠠᠭᠠᠯᠠᠬᠤ ᠪᠠᠷ ᠴᠢᠭᠤᠯᠤᠯᠳᠤ ᠬᠠᠭᠠᠯᠭ᠎ᠠ᠂ ᠪᠠᠳᠤᠬᠠᠭᠠᠯᠭ᠎ᠠ᠂ ᠲᠤᠯᠤᠨᠨᠠᠭᠤᠷ᠂ ᠬᠦᠬᠡᠬᠤᠳᠠ᠂ | ᠪᠤᠭᠤᠳᠤ ᠬᠤᠳᠠ ᠶᠢᠨ ᠴᠢᠭᠯᠡᠯ ᠳᠤ ᠲᠠᠪᠤᠨ ᠵᠠᠮ ᠢᠶᠠᠷ ᠤᠯᠠᠨ ᠮᠢᠩᠭᠠᠨ ᠴᠡᠷᠢᠭ ᠬᠦᠳᠡᠯᠭᠡᠪᠡ᠃ ᠦᠪᠤᠷ ᠮᠤᠩᠭᠤᠯ | ᠤᠨ49 ᠬᠤᠰᠢᠭᠤᠨ ᠡᠴ᠊ 35 ᠬᠤᠰᠢᠭᠤ᠂ ᠪᠠᠷᠭᠤ ᠤᠶᠢᠷᠠᠳ ᠤᠨ ᠤᠯᠠᠨ ᠬᠤᠰᠢᠭᠤ ᠨᠢᠭᠡᠳᠬᠦ ᠲᠤᠷᠠᠳᠠᠢ ᠪᠠᠨ | ᠢᠯᠡᠷᠬᠡᠶᠢᠯᠡᠭᠰᠡᠨ ᠭᠡᠳᠡᠭ᠃ | 1920 — ᠪᠠᠳᠤ ᠬᠠᠨ ᠤ ᠲᠡᠭᠦᠤ ᠰᠢᠪᠡᠨ ᠤ ᠬᠠᠨ ᠲᠦᠷᠤ ︵ᠣᠷᠣᠰ ᠲᠤ︶ ᠮᠦᠬᠦᠪᠡ᠃ | 1921 — ᠮᠤᠩᠭᠤᠯ ᠤᠯᠤᠰ ᠲᠤ ᠠᠷᠠᠳ ᠤᠨ ᠬᠤᠪᠢᠰᠬᠠᠯ ᠡᠭᠦᠰᠪᠡ᠃ | 1930 — ᠹᠠᠷᠠᠨᠽᠢ ᠶᠢᠨ ᠠᠯᠳᠠᠷᠳᠤ ᠲᠡᠤᠬᠡᠴᠢ ᠷᠧᠨᠧ ᠭᠷᠤᠰᠧ ︿︿ᠲᠠᠯ᠎ᠠ ᠨᠤᠳᠤᠭ ᠤᠨ ᠬᠠᠭᠠᠨᠳᠤ ᠤᠯᠤᠰ | ﹀﹀ ᠭᠡᠳᠡᠭ ᠪᠦᠳᠤᠭᠡᠯ ᠲᠤᠭᠤᠷᠪᠢᠵᠠᠢ᠃ ᠬᠤᠵᠢᠮ ᠨᠢ ︿︿ᠠᠽᠢᠶ᠎ᠠ ᠶᠢᠨ ᠨᠡᠭᠦᠳᠡᠯᠴᠢᠨ ᠦᠨᠳᠤᠰᠤᠳᠡᠨ ᠤ ᠲᠡᠤᠬᠡ﹀﹀ | ᠬᠡᠮᠡᠨ ᠮᠤᠩᠭᠤᠯ ᠢᠶᠠᠷ ᠬᠡᠪᠯᠡᠭᠳᠡᠵᠠᠢ᠃ | 1934 — ᠲᠡᠮᠴᠥᠭᠳᠤᠩᠷᠤᠪ ︵ᠳ᠋ᠧ ᠸᠠᠩ︶ ᠪᠠᠳᠤᠬᠠᠭᠠᠯᠭ᠎ᠠ ᠳᠤ ᠮᠤᠩᠭᠤᠯ ᠤᠨ ᠤᠷᠤᠨ ᠨᠤᠳᠤᠭ ᠤᠨ | ᠦᠪᠡᠷᠳᠡᠭᠡᠨ ᠵᠠᠰᠠᠬᠤ ᠵᠠᠰᠠᠭ ᠤᠨ ᠶᠠᠪᠤᠳᠠᠯ ᠤᠨ ᠵᠦᠪᠯᠡᠯ ᠪᠠᠶᠢᠭᠤᠯᠵᠤ᠂ ᠲᠠᠷᠠᠭ᠎ᠠ ᠵᠢᠯ ᠨᠢ ︿︿ᠬᠠᠭᠤᠷᠮᠠᠭ ᠮᠠᠨᠵᠤ | ᠤᠯᠤᠰ﹀﹀ ᠲᠤ ᠠᠶᠢᠯᠴᠢᠯᠠᠪᠠ᠃ | 1936 — ᠳ᠋ᠧ ᠸᠠᠩ ︿︿ᠴᠠᠬᠠᠷ ᠤᠨ ᠴᠢᠭᠤᠯᠭᠠᠨ ᠤ ᠵᠠᠬᠢᠷᠠᠭ᠎ᠠ﹀﹀ ᠶᠢ ᠪᠠᠶᠢᠭᠤᠯᠵᠤ᠂ ︿︿ᠮᠤᠩᠭᠤᠯ ᠤᠨ | ᠶᠡᠭᠡ ᠬᠤᠷᠠᠯ﹀﹀ ᠬᠤᠷᠠᠯᠳᠤᠨ᠂ ᠮᠤᠩᠭᠤᠯ ᠤᠨ ᠴᠡᠷᠢᠭ ᠤᠨ ᠵᠠᠰᠠᠭ ᠤᠨ ᠭᠠᠵᠠᠷ ᠪᠠᠶᠢᠭᠤᠯᠤᠨ᠂ ︿︿ᠮᠤᠩᠭᠤᠯ — | ᠮᠠᠨᠵᠤ ᠶᠢᠨ ᠭᠡᠷ᠎ᠡ﹀﹀ ᠲᠤᠭᠳᠠᠪᠠ᠃ | 1937 — ᠳ᠋ᠧ ᠸᠠᠩ ᠶᠠᠫᠤᠨᠴᠤᠳ ᠲᠠᠢ ᠬᠠᠮᠳᠤ ᠵᠢᠨᠢᠩ ᠪᠤᠭᠤᠳᠤ ᠬᠦᠬᠡᠬᠤᠳᠠ ᠶᠢ ᠡᠵᠡᠯᠡᠨ᠂ | ᠬᠦᠬᠡᠬᠤᠳᠠ ᠳᠤ ︿︿ᠮᠤᠩᠭᠤᠯ ᠤᠨ ᠶᠡᠭᠡ ᠬᠤᠷᠠᠯ﹀﹀ ᠬᠤᠷᠠᠯᠳᠤᠨ ︿︿ᠮᠤᠩᠭᠤᠯ ᠤᠨ ᠬᠠᠮᠳᠤᠷᠠᠭᠰᠠᠨᠦᠪᠡᠷᠳᠡᠭᠡᠨ | ᠵᠠᠰᠠᠬᠤ ᠵᠠᠰᠠᠭ ᠤᠨ ᠭᠠᠵᠠᠷ﹀﹀ ᠪᠠᠶᠢᠭᠤᠯᠪᠠ᠃ | 1939 — ᠳ᠋ᠧ ᠸᠠᠩ ︿︿ᠮᠤᠩᠭᠤᠯ ᠤᠨ ᠶᠡᠭᠡ ᠬᠤᠷᠠᠯ﹀﹀ ᠬᠤᠷᠠᠯᠳᠤᠨ ︿︿ᠮᠤᠩᠭᠤᠯ ᠬᠢᠵᠠᠭᠠᠷ | ᠦᠪᠡᠷᠳᠡᠭᠡᠨ ᠵᠠᠰᠠᠬᠤ ᠬᠤᠯᠪᠤᠭᠠᠳᠤ ᠵᠠᠰᠠᠭ ᠤᠨ ᠭᠠᠵᠠᠷ﹀﹀ ᠪᠠᠶᠢᠭᠤᠯᠪᠠ᠃ | 1941— ᠳ᠋ᠧ ᠸᠠᠩ ᠬᠤᠶᠠᠳᠡᠬᠢ ᠤᠳᠠᠭ᠎ᠠ ᠶᠠᠫᠤᠨ ᠳ᠋ᠤ᠋ᠠᠶᠢᠯᠴᠢᠯᠠᠪᠠ᠃ | 1944 — ᠳ᠋ᠧ ᠸᠠᠩᠮᠤᠩᠭᠤᠯ ᠴᠡᠷᠢᠭ ᠵᠶ᠋ᠠᠨᠦᠷᠭᠡᠳᠭᠡᠨ ᠵᠤᠬᠢᠶᠠᠨ ᠪᠠᠶᠢᠭᠤᠯᠪᠠ᠃ | 1945 — ᠪᠤᠶᠠᠨᠮᠠᠨᠳᠤᠬᠤ᠂ ᠬᠠᠹᠦ᠋ᠩᠭ᠎ᠠ᠂ ᠠᠰᠬᠠᠨ᠂ ᠮᠠᠨᠢᠪᠠᠳᠠᠷᠠ᠂ ᠰᠠᠩᠵᠠᠶᠢᠵᠠᠪ ᠁ ᠸᠠᠩ ᠤᠨ | ᠰᠦᠮ᠎ᠡ ︵ᠤᠯᠠᠭᠠᠨᠬᠤᠳᠠ︶ ᠳᠤ ᠬᠤᠷᠠᠯᠳᠤᠵᠤ ᠵᠡᠭᠦᠨ ᠮᠤᠩᠭᠤᠯ ᠤᠨ ᠠᠷᠠᠳ ᠤᠨ ᠬᠤᠪᠢᠰᠬᠠᠯᠳᠤ ᠨᠠᠮ | ᠪᠠᠶᠢᠭᠤᠯᠤᠭᠳᠠᠭᠰᠠᠨ ᠢᠶᠠᠨ ᠵᠠᠷᠠᠯᠠᠵᠤ᠂ ᠵᠡᠭᠦᠨ ᠮᠤᠩᠭᠤᠯ ᠣᠨᠦᠪᠡᠷᠳᠡᠭᠡᠨ ᠵᠠᠰᠠᠬᠤ ᠵᠠᠰᠠᠭ ᠤᠨ ᠭᠠᠵᠠᠷ ᠪᠠᠶᠢᠭᠤᠯᠪᠠ᠃ | 1945 — ᠤᠯᠭᠠᠨᠬᠦᠤ ᠴᠢᠭᠤᠯᠤᠯᠳᠤ ᠬᠠᠭᠠᠯᠭ᠎ᠠ ᠳᠤ ᠦᠪᠤᠷ ᠮᠤᠩᠭᠤᠯ ᠤᠨ ᠵᠡᠭᠦᠨ ᠪᠠᠷᠠᠭᠤᠨ ᠣᠷᠤᠨ ᠤ | ᠴᠦᠬᠡᠨ ᠬᠡᠳᠤᠨ ᠬᠤᠰᠢᠭᠤᠨ ᠠᠴᠠ ᠢᠷᠡᠭᠰᠡᠨ79 ᠲᠦᠯᠤᠭᠡᠯᠡᠭᠴᠢ ᠲᠠᠢ ᠬᠤᠷᠠᠯᠳᠤᠨ︿︿ᠦᠪᠤᠷ ᠮᠤᠩᠭᠤᠯ ᠤᠨ | ᠦᠪᠡᠷᠳᠡᠭᠡᠨ ᠵᠠᠰᠠᠬᠤ ᠬᠦᠳᠡᠯᠭᠡᠭᠡᠨ ᠤ ᠬᠤᠯᠪᠤᠭᠠᠳᠤ ᠬᠤᠷᠠᠯ﹀﹀ ᠢ ᠪᠠᠶᠢᠭᠤᠯᠪᠠ᠃ | 1946 — ᠭᠡᠭᠡᠨ ᠰᠦᠮ᠎ᠡ ᠳᠤ ᠦᠪᠤᠷ ᠮᠤᠩᠭᠤᠯ ᠤᠨ ᠵᠡᠭᠦᠨ ᠬᠡᠰᠡᠭ᠂ ᠪᠠᠷᠭᠤ ᠶᠢᠨ ᠠᠷᠠᠳ ᠤᠨ | ᠲᠦᠯᠣᠭᠡᠯᠡᠭᠴᠢᠳ ᠤᠨ ᠶᠡᠭᠡ ᠬᠤᠷᠠᠯ ᠨᠡᠭᠡᠭᠡᠭᠳᠡᠵᠤ᠂ 552 ᠲᠦᠯᠤᠭᠡᠯᠡᠭᠴᠢ ᠤᠷᠤᠯᠴᠠᠯ᠎ᠠ᠃ ᠶᠡᠭᠡ ᠬᠤᠷᠠᠯ ᠬᠦᠯᠤᠨ | ᠪᠦᠢᠷ᠂ ᠨᠤᠨ ᠮᠦᠷᠡᠨ᠂ ᠵᠢᠷᠢᠮ᠂ ᠵᠤᠰᠤᠳᠤ᠂ ᠵᠤᠤ ᠤᠳᠠ ᠶᠢᠨ ᠴᠢᠭᠤᠯᠭᠠᠨ ᠢ ᠬᠠᠮᠤᠷᠠᠭᠰᠠᠨ ᠵᠡᠭᠦᠨ ᠮᠤᠩᠭᠤᠯ ᠤᠨ | ᠦᠪᠡᠷᠳᠡᠭᠡᠨ ᠵᠠᠰᠠᠬᠤ ᠤᠷᠤᠨ ᠪᠠᠶᠢᠭᠤᠯᠤᠭᠰᠠᠨ ᠢ ᠲᠤᠩᠬᠠᠭᠯᠠᠵᠤ᠂ ᠦᠨᠳᠤᠰᠤᠨ ᠬᠠᠤᠯᠢ ᠶᠢᠨ ᠰᠢᠨᠵᠢ ᠲᠠᠢ ᠮᠦᠷ | ᠤᠨ ᠬᠦᠳᠤᠯᠪᠤᠷᠢ ᠶᠢᠨ ᠲᠦᠰᠤᠯ ᠢ ᠪᠠᠳᠤᠯᠠᠪᠠ᠃ ᠪᠤᠶᠠᠨᠮᠠᠨᠳᠤᠬᠤ ᠲᠡᠷᠢᠭᠦᠯᠡᠭᠴᠢ ᠪᠠᠷ᠂ ᠬᠠᠹᠦ᠋ᠩᠭᠠᠲ᠋ᠡᠸ᠋ | ᠲᠡᠷᠢᠭᠦᠯᠡᠭᠴᠢ ᠪᠠᠷ ᠰᠤᠩᠭᠤᠭᠳᠠᠪᠠ᠃ | 1947— ᠦᠪᠤᠷ ᠮᠤᠩᠭᠤᠯ ᠣᠨᠠᠷᠠᠳ ᠤᠨ ᠲᠦᠯᠤᠭᠡᠯᠡᠭᠴᠢᠳ ᠸᠠᠩ ᠤᠨ ᠰᠦᠮ᠎ᠡ ︵ᠤᠯᠠᠭᠠᠨᠬᠤᠳᠠ︶ | ᠳᠤ ᠬᠤᠷᠠᠯᠳᠤᠵᠤ᠂ ᠬᠤᠷᠠᠯ ᠤᠨ ᠲᠡᠷᠢᠭᠦᠯᠡᠭᠴᠢᠳ ᠤᠨ ᠲᠠᠷᠤᠭ᠎ᠠ ᠪᠠᠷ ᠪᠤᠶᠠᠨᠮᠠᠨᠳᠤᠬᠤ᠂ ᠲᠡᠸ᠋ ᠲᠠᠷᠤᠭ᠎ᠠ ᠪᠠᠷ | ᠵᠠᠶᠠᠭᠠᠳᠠᠢ ᠰᠤᠩᠭᠤᠭᠳᠠᠨ᠂ ᠶᠡᠷᠤᠩᠬᠡᠢ ᠰᠠᠶᠢᠳ ᠢᠶᠠᠷ ᠤᠯᠭᠠᠨᠬᠦᠤ ᠤᠷᠤᠯᠠᠭᠴᠢ ᠪᠠᠷ ᠬᠠᠹᠦ᠋ᠩᠭ᠎ᠠ ᠶᠢ ᠪᠠᠳᠤᠯᠠᠨ᠂ | ᠬᠤᠯᠪᠤᠭᠠᠳᠤ ᠬᠤᠷᠠᠯ ᠤᠨ ᠲᠤᠭ ᠢ ᠵᠠᠰᠠᠭ ᠤᠨ ᠭᠠᠵᠠᠷ ᠤᠨ ᠲᠤᠭ ᠪᠤᠯᠭᠠᠵᠤ᠂ ︿︿ᠦᠪᠤᠷ ᠮᠤᠩᠭᠤᠯ ᠤᠨ | ᠦᠪᠡᠷᠳᠡᠭᠡᠨ ᠵᠠᠰᠠᠬᠤ ᠤᠷᠤᠨ﹀﹀ ᠪᠠᠶᠢᠭᠤᠯᠤᠭᠳᠠᠪᠠ᠃ | 1959 — ᠴ᠊ ᠲᠠᠮᠳᠢᠨᠰᠦ᠋ᠷᠦᠩ ᠤᠨ ᠨᠠᠶᠢᠷᠠᠭᠤᠯᠤᠭᠰᠠᠨ ︿︿ᠮᠤᠩᠭᠤᠯ ᠤᠷᠠᠨ ᠵᠤᠬᠢᠶᠠᠯ ᠤᠨ ᠲᠡᠭᠡᠵᠢ | ᠵᠠᠭᠤᠨ ᠪᠢᠯᠢᠭ ᠤᠷᠤᠰᠢᠪᠠᠢ﹀﹀ ᠤᠯᠠᠭᠠᠨᠪᠠᠭᠠᠳᠤᠷ ᠲᠤ ᠬᠡᠪᠯᠡᠭᠳᠡᠪᠡ᠃ | 1961 — ᠮᠤᠩᠭᠤᠯ ᠤᠯᠤᠰ ᠨᠢᠭᠡᠳᠦᠭᠰᠡᠨ ᠦᠨᠳᠤᠰᠤᠳᠡᠨ ᠤ ᠪᠠᠶᠢᠭᠤᠯᠤᠭ᠎ᠠ ᠶᠢᠨ ᠭᠡᠰᠢᠭᠦᠨ ᠢᠶᠠᠷ | ᠡᠯᠡᠰᠡᠭᠳᠡᠪᠡ᠃ | 1966 —1976 ᠦᠪᠤᠷ ᠮᠤᠩᠭᠤᠯᠴᠤᠳ ᠰᠤᠶᠤᠯ ᠤᠨ ᠬᠤᠪᠢᠰᠬᠠᠯ ᠳᠤ ᠬᠠᠮᠤᠷᠠᠭᠳᠠᠪᠠ᠃ ᠪᠤᠶᠠᠨᠮᠠᠨᠳᠤᠬᠤ | ᠂ ᠬᠠᠹᠦ᠋ᠩᠭ᠎ᠠ᠂ ᠤᠯᠭᠠᠨᠬᠦᠤ ᠁ ᠰᠡᠵᠢᠭᠯᠡᠭᠳᠡᠬᠦ ᠪᠤᠶᠤ ᠲᠡᠮᠡᠴᠡᠭᠳᠡᠪᠠ᠃ | 1981 — 1990 — ᠮᠤᠩᠭᠤᠯ ᠤᠯᠤᠰ ᠠᠷᠠᠳᠴᠢᠯᠠᠪᠠ᠃ | ᠮᠤᠩᠭᠤᠯᠴᠤᠳ᠂ ᠤᠳᠤ ᠶᠢᠨ ᠮᠢᠩᠭ᠎ᠠ ᠭᠠᠷᠤᠢ ᠲᠦᠮᠡᠨ ᠮᠤᠩᠭᠤᠯᠴᠤᠳ ᠮᠤᠩᠭᠤᠯ ᠤᠯᠤᠰ ᠢᠶᠠᠷ ᠭᠤᠤᠯ ᠴᠤᠭᠴᠨ | ᠪᠤᠯᠭᠠᠵᠤ᠂ ᠤᠷᠤᠰ ᠤᠨ ᠬᠤᠯᠪᠤᠭᠠᠨ ᠤ ᠠᠯᠳᠠᠢ ᠤᠯᠤᠰ ᠪᠤᠷᠢᠶᠠᠳᠤᠯᠤᠰ ᠲᠤᠸ᠋ᠨᠤᠯᠤᠰᠬᠠᠯᠢᠮᠠᠭ ᠤᠯᠤᠰ᠂ | ᠲᠤᠮᠳᠠᠳᠤ ᠤᠯᠤᠰ ᠤᠨ ᠦᠪᠤᠷ ᠮᠤᠩᠭᠤᠯ ᠰᠢᠨᠵᠢᠶᠠᠩ ᠬᠦᠬᠡᠨᠠᠭᠤᠷ ᠭᠠᠨᠰᠤ ᠯᠢᠶᠣᠤᠨᠢᠩ ᠬᠢᠷᠢᠨ ᠁ ᠮᠤᠵᠢ | ᠤᠷᠤᠨ᠂ ᠠᠮᠧᠷᠢᠺᠠ ᠶᠠᠫᠤᠨ ᠁ᠤᠯᠤᠰ ᠤᠷᠤᠨ ᠢᠶᠠᠷ ᠤᠷᠤᠰᠢᠨᠠᠮᠢᠳᠤᠷᠠᠵᠤ ᠪᠠᠶᠢᠨ᠎ᠠ᠃ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ | |