ᠵᠢᠭᠡ ᠵᠠᠷᠣᠳ ᠣᠪᠣᠭ ᠤᠨ ᠳᠣᠬᠠᠢ
ᠨᠡᠶᠢᠲᠡᠯᠡᠭᠰᠡᠨ ᠴᠠᠭ᠄
2020/3/25
  《ᠠᠯᠳᠠᠨ ᠬᠦᠷᠳᠦᠨ ᠮᠢᠩᠭᠠᠨ ᠬᠡᠭᠡᠰᠦᠳᠦ 》 ᠳᠤ : ᠵᠠᠷᠣᠳ ᠤᠨ ᠪᠠᠰᠠᠩ ᠳᠠᠪᠣᠨᠡᠩ ᠮᠣᠩᠭᠤᠯ ᠤᠨ ᠶᠢᠰᠦᠨ ᠦᠷᠯᠦᠭ ᠤᠨ ᠨᠢᠭᠡ ᠵᠠᠯᠮ᠎ᠠ ᠶᠢᠨ ᠦᠷᠳᠦᠰ ᠭᠡᠵᠣ ᠳᠠᠮᠳᠡᠭᠯᠡᠵᠣ ᠪᠣᠢ᠃ ᠡᠨᠡ ᠠᠴᠠ ᠦᠵᠡᠬᠦ ᠳᠤ ᠵᠠᠷᠣᠳ  ᠨᠢ ᠣᠷᠢᠶᠠᠩᠬᠠᠨ ᠤ ᠵᠠᠷᠴᠢᠭᠤᠳ ᠠᠶᠢᠮᠠᠭ ᠪᠣᠯᠣᠨ᠎ᠠ᠃ ᠵᠠᠷᠴᠢᠭᠤᠳ ᠨᠢ ᠵᠠᠷᠣᠳ ᠪᠣᠯᠵᠣ ᠬᠤᠪᠢᠷᠠᠰᠢᠨ ᠳᠠᠭᠤᠳᠣᠭᠰᠠᠨ ᠪᠠᠶᠢᠨ᠎ᠠ᠃     ᠳᠠᠶᠠᠨ ᠬᠠᠭᠠᠨ ᠳᠦᠷᠦᠯᠳᠦ ᠭᠦᠡᠭᠵᠦ ᠪᠠᠨ ᠵᠠᠷᠣᠳ ᠠᠶᠢᠮᠠᠭ ᠤᠨ ᠪᠠᠰᠣᠳ ᠳᠠᠷᠬᠠᠨ ᠳᠠᠪᠣᠨᠠᠩ ᠳᠤ ᠬᠤᠯᠪᠣᠭᠰᠠᠨ ᠭᠡᠵᠣ 〈 ᠮᠣᠩᠭᠤᠯ ᠤᠨ ᠪᠣᠷᠵᠢᠭᠢᠳ ᠣᠪᠣᠭ ᠤᠨ ᠳᠡᠣᠬᠡ 〉 ᠳᠤ ᠳᠡᠮᠳᠡᠭᠯᠡᠭᠡᠰᠦᠳᠠᠢ᠃ ᠳᠠᠪᠣᠨᠠᠩ ᠭᠡᠭᠴᠢ ᠬᠠᠭᠠᠨ ᠤ ᠬᠦᠷᠭᠡᠨ᠃ ᠣᠷᠢᠶᠠᠩᠬᠠᠨ ᠤ ᠬᠤᠳᠣᠩ ᠨᠣᠶᠠᠨ ᠳᠠᠶᠠᠨ ᠬᠠᠭᠠᠨ ᠳᠤ ᠡᠨᠡᠷᠡᠯ ᠲᠠᠢ ᠠᠴᠠ ᠪᠣᠷᠵᠢᠭᠢᠨ . ᠣᠷᠢᠶᠠᠩᠬᠠᠨ ᠤ ᠬᠠᠷᠢᠴᠠᠭ᠎ᠠ ᠰᠠᠶᠢᠨ ᠪᠠᠶᠢᠳᠠᠭ᠃ ᠵᠢᠭᠡ ᠵᠠᠷᠣᠳ ᠣᠪᠣᠭ ᠪᠣᠯ ᠳᠦᠷᠦᠯᠳᠦ ᠭᠦᠡᠭᠵᠦ . ᠪᠠᠰᠣᠳ ᠳᠠᠷᠬᠠᠨ ᠳᠠᠪᠣᠨᠠᠩ ᠤᠨ ᠦᠷ᠎ᠡ ᠬᠤᠶᠢᠴᠢᠰ ᠪᠣᠯᠣᠨ᠎ᠠ᠃    ᠳᠠᠶᠠᠨ ᠬᠠᠭᠠᠨ ᠤᠨ ᠬᠦᠪᠠᠭᠦᠨ ᠠᠯᠴᠣᠪᠣᠯᠣᠳ. ᠳᠡᠭᠦᠨ ᠤ ᠬᠦᠪᠡᠭᠦᠨ ᠬᠤᠱᠣᠴᠢ ᠬᠠᠰᠠᠷ. ᠳᠡᠭᠦᠨ ᠤ ᠬᠦᠪᠡᠭᠦᠨ ᠣᠪᠠᠰᠢ ᠸᠡᠶᠢᠵᠢᠩ ᠨᠣᠶᠠᠨ ᠵᠠᠷᠣᠳ ᠠᠶᠢᠮᠠᠭ ᠢ ᠮᠡᠳᠡᠭᠰᠡᠨ ᠠᠴᠠ ᠵᠠᠷᠣᠳ ᠠᠶᠢᠮᠠᠭ ᠢ ᠵᠠᠬᠢᠷᠠᠬᠤ ᠡᠷᠬᠡ ᠪᠣᠷᠵᠢᠭᠢᠨ ᠤ ᠭᠠᠷ ᠳᠤ ᠰᠢᠯᠵᠢᠪᠡ᠃ ᠡᠶᠢᠨᠡᠬᠦ ᠣᠭ ᠳᠠᠭᠠᠨ ᠵᠠᠷᠣᠳ ᠶᠢ ᠮᠡᠳᠡᠵᠣ ᠪᠠᠶᠢᠭᠰᠠᠨ ᠵᠠᠷᠴᠢᠭᠤᠳ —— ᠵᠠᠷᠣᠳ ᠣᠪᠣᠭ ᠢ 〈 ᠵᠢᠭᠡ ᠵᠠᠷᠣᠳ 〉 ᠭᠡᠳᠡᠩ ᠪᠣᠯᠣᠭᠰᠠᠨ ᠪᠠᠶᠢᠨ᠎ᠠ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号