︿ᠲᠡᠬᠡᠲᠤ ᠮᠤᠩᠭᠤᠯ︶ ᠬᠡᠮᠡᠬᠦ ᠨᠡᠷᠡᠶᠢᠲᠤᠯ ᠤᠨ ᠲᠤᠬᠠᠢ
ᠨᠡᠶᠢᠲᠡᠯᠡᠭᠰᠡᠨ ᠴᠠᠭ᠄
2020/3/3
   ︿ᠲᠡᠬᠡᠲᠤ ᠮᠤᠩᠭᠤᠯ︶ ᠬᠡᠵᠤ ᠬᠦᠬᠡᠨᠠᠭᠤᠷ ᠲᠦᠪᠡᠳ ᠤᠨ ᠦᠨᠳᠦᠷᠯᠢᠭ ︵ᠭᠠᠨᠰᠤ ᠮᠤᠵᠢ ᠶᠢᠨ ᠰᠦᠪᠸᠢ ᠢ ᠪᠠᠭᠲᠠᠭᠠᠭᠰᠠᠨ︶ ᠲᠤ ᠠᠮᠢᠲᠤᠷᠠᠨ ᠰᠠᠭᠤᠭ᠎ᠠ ᠮᠤᠩᠭᠤᠯᠴᠤᠤᠨ ᠢ ᠵᠢᠭᠠᠲᠠᠭ᠂ ᠡᠲᠡᠨ ᠢ ᠶᠠᠮᠠᠷ ᠤᠴᠢᠷ ᠠᠴᠠ ᠲᠡᠬᠡᠲᠤ ᠮᠤᠩᠭᠤᠯ ᠬᠡᠲᠡᠭ ᠪᠤᠢ︖ ᠬᠡᠰᠡᠨ ᠠᠰᠠᠭᠤᠯᠲᠠ ᠲᠠᠨᠢᠵᠤ ᠮᠡᠲᠡᠲᠡᠭ ᠦᠬᠡᠢ ᠪᠤᠰᠤᠤᠨ ᠭᠠᠵᠠᠷ ᠤᠨ ᠮᠤᠩᠭᠤᠯᠴᠤᠤᠨ  ᠤᠨ ᠲᠠᠷᠢᠬᠢᠨ ᠳᠤ ᠡᠷᠬᠢᠯᠲᠦᠬᠦ ᠪᠠᠷ ᠪᠠᠷᠠᠬᠤ ᠦᠬᠡᠢ ᠶᠡᠬᠡᠩᠬᠢ ᠲᠡᠬᠡᠲᠤ ᠮᠤᠩᠭᠤᠯᠴᠤᠤᠨ ᠴᠦ ᠪᠦᠷᠢᠨ ᠰᠠᠶᠢᠨ ᠮᠡᠲᠡᠬᠦ ᠦᠬᠡᠢ ᠪᠠᠶᠢᠲᠠᠭ᠃ ᠲᠡᠬᠡᠪᠡᠯ ᠪᠢ ᠨᠢᠬᠡ ᠲᠡᠬᠡᠲᠤ ᠮᠤᠩᠭᠤᠯ ᠤᠨ ᠵᠠᠯᠠᠭᠤ ᠪᠤᠯᠤᠭᠰᠠᠨ ᠬᠤᠪᠢ ᠳᠤ᠂ ᠦᠪᠡᠷ ᠤᠨ ᠲᠡᠦᠬᠡ ᠰᠤᠶᠤᠯ ᠢᠶᠠᠨ ᠬᠠᠶᠢᠷᠠᠯᠠᠨ ᠬᠦᠨᠲᠦᠳᠬᠡᠵᠤ᠂ ᠪᠠᠭ᠎ᠠ ᠰᠠᠭ᠎ᠠ ᠲᠠᠨᠢᠨ ᠮᠡᠲᠡᠭᠰᠡᠨ ᠪᠠᠷ ᠢᠶᠠᠨ ᠲᠠ ᠪᠦᠬᠦᠨ  ᠲᠡᠭᠡᠨ︿ᠲᠡᠬᠡᠲᠤ ᠮᠤᠩᠭᠤᠯ︶ ᠭᠡᠰᠡᠨ ᠨᠡᠷᠡᠶᠢᠲᠦᠯ ᠤᠨ ᠲᠤᠬᠠᠢ ᠲᠠᠶᠢᠯᠪᠤᠷᠢ ᠬᠢᠶ᠎ᠡ︕    ᠡᠨᠡ ᠨᠡᠷᠡᠶᠢᠲᠦᠯ ᠢ ᠲᠠᠶᠢᠯᠪᠦᠷᠢᠯᠠᠬᠤ ᠳᠤ ᠶᠠᠭᠤᠨ ᠤ ᠤᠷᠢᠳ ᠲᠡᠬᠡᠲᠤ ᠮᠤᠩᠭᠤᠯᠴᠤᠤᠨ ᠤᠨ ᠲᠡᠦᠬᠡ ᠢ ᠵᠠᠪᠠᠯ ᠶᠠᠷᠢᠬᠤ ᠴᠢᠬᠤᠯᠲᠠᠢ᠃ ᠣᠨ ᠲᠤᠭᠠᠯᠠᠯ ᠤᠨ ᠡᠮᠦᠨ᠎ᠡ ᠠᠴᠠ ᠡᠲᠦᠬᠡ ᠪᠤᠯᠲᠠᠯ᠎ᠠ ᠮᠤᠩᠭᠤᠯ ᠤᠭᠰᠠᠭᠠᠲᠠᠨ ᠲᠠᠰᠣᠷᠠᠯᠲᠠ ᠦᠬᠡᠢ ᠬᠦᠬᠡᠨᠠᠭᠤᠷ ᠲᠦᠪᠡᠤᠨ ᠤᠨ ᠦᠨᠲᠦᠷᠯᠢᠭ ᠲᠤ ᠬᠤᠶᠢᠨ᠎ᠠ ᠬᠤᠶᠢᠨ᠎ᠠ ᠠᠴᠠ ᠪᠠᠨ ᠨᠡᠬᠦᠲᠦᠯᠯᠡᠨ ᠢᠷᠡᠵᠤ ᠠᠮᠢᠲᠦᠷᠠᠨ ᠰᠠᠭᠤᠭᠰᠠᠨ ᠶᠤᠮ ᠠ᠋᠃    ᠮᠤᠩᠭᠤᠯ ᠤᠭᠰᠠᠭᠠᠲᠠᠨ ᠬᠡᠪᠡᠯ ᠴᠢᠩᠬᠢᠰ ᠬᠠᠭᠠᠨ ᠤ ᠨᠢᠬᠡᠳᠬᠡᠭᠰᠡᠨ ᠮᠤᠩᠭᠤᠯ ᠲᠤᠭᠤᠷᠭᠠᠲᠠᠨ ᠠᠴᠠ ᠭᠠᠲᠠᠨ᠎ᠠ ᠪᠠᠰᠠ ᠮᠤᠩᠭᠤᠯ ᠦᠨᠲᠦᠰᠦᠲᠡᠨ ᠪᠦᠷᠢᠯᠲᠦᠬᠦ ᠠᠴᠠ ᠡᠮᠦᠨᠡᠬᠢ ᠤᠮᠠᠷᠠᠲᠤ ᠶᠢᠨ ᠡᠯ᠎ᠡ ᠨᠡᠬᠦᠲᠡᠯᠴᠢᠨ ᠦᠨᠲᠦᠰᠦᠲᠡᠨ ᠪᠤᠶᠤ ᠮᠤᠩᠭᠤᠯᠴᠤᠤᠨ ᠲᠠᠢ ᠲᠦᠷᠦᠯ ᠰᠠᠲᠤᠨ ᠤ ᠬᠠᠷᠢᠴᠠᠭ᠎ᠠ ᠲᠠᠢ ᠤᠲᠤᠮ ᠤᠭᠰᠠᠭ᠎ᠠ ᠨᠤᠭᠤᠳ ᠢ ᠵᠢᠭᠠᠲᠠᠭ᠃    ᠨᠡᠶᠢᠲᠡ ᠶᠢᠨ ᠣᠨ ᠲᠤᠭᠠᠯᠠᠯ ᠠᠴᠠ ᠡᠮᠦᠨ᠎ᠡ ᠾᠦᠩᠨᠦ ᠶᠢᠨ ᠬᠦᠴᠦᠷᠬᠡᠭᠵᠢᠬᠦ ᠢ ᠲᠠᠭᠠᠯᠲᠤᠨ᠂ ᠾᠦᠩᠨᠦ ᠶᠢᠨ ᠬᠦᠴᠦᠨ ᠬᠦᠬᠡ ᠨᠠᠭᠤᠷ ᠢ ᠡᠵᠡᠷᠬᠡᠵᠤ ᠪᠠᠶᠢᠵᠡᠢ᠂ ᠡᠨᠡ ᠨᠢ ᠮᠤᠩᠭᠤᠯ ᠤᠭᠰᠠᠭᠠᠲᠠᠨ ᠬᠦᠬᠡ ᠨᠠᠭᠤᠷ ᠲᠤ ᠠᠮᠢᠲᠤᠷᠠᠨ ᠰᠠᠭᠤᠵᠤ ᠪᠠᠶᠢᠭᠰᠠᠨ ᠠᠩᠬᠠᠨ ᠤ ᠦᠶ᠎ᠡ ᠶᠤᠮ ᠠ᠋᠃ ᠡᠬᠦᠨ ᠤ ᠲᠠᠷᠠᠭ᠎ᠠ ᠪᠠᠷ ᠰᠢᠶᠠᠨᠪᠢ ᠦᠨᠲᠦᠰᠦᠲᠡᠨ ᠤ ᠮᠦᠷᠦᠨ ᠰᠢᠶᠠᠨᠪᠢ ᠬᠦᠬᠡ ᠨᠠᠭᠤᠷ ᠲᠤ ᠨᠡᠬᠦᠲᠡᠯᠯᠡᠨ ᠢᠷᠡᠵᠤ᠂ ᠤᠨ ᠲᠤᠭᠠᠯᠠᠯ ᠤᠨ ᠲᠦᠷᠪᠡᠲᠦᠬᠡᠷ ᠵᠠᠭᠤᠨ ᠳᠤ ᠲᠦᠢᠭᠤᠨ ᠬᠠᠭᠠᠨᠲᠤ ᠤᠯᠤᠰ ᠢ ᠪᠠᠶᠢᠭᠤᠯᠤᠵᠤ᠂ ᠭᠤᠷᠪᠠᠨ ᠵᠠᠭᠤᠨ ᠲᠠᠪᠢ ᠭᠠᠷᠤᠢ ᠵᠢᠯ ᠤᠨ ᠲᠦᠷᠦ ᠪᠠᠨ ᠦᠷᠬᠦᠯᠵᠢᠯᠡᠬᠦᠯᠦᠬᠡᠤᠨ᠂ ᠡᠴᠤᠰ ᠲᠡᠭᠡᠨ ᠲᠦᠪᠡᠳ ᠲᠤ ᠲᠡᠶᠢᠯᠦᠭᠲᠡᠨ᠂ ᠬᠠᠷᠢᠶᠠᠲᠤ ᠨᠢ ᠪᠤᠯᠵᠡᠢ᠃ ᠠᠷᠪᠠᠨ ᠭᠤᠷᠪᠠᠲᠤᠭᠠᠷ ᠵᠠᠭᠤᠨ ᠳᠤ ᠮᠤᠩᠭᠤᠯ ᠦᠨᠲᠦᠰᠦᠲᠡᠨ ᠬᠦᠴᠦᠷᠬᠡᠭᠵᠢᠨ ᠮᠠᠨᠲᠤᠵᠤ᠂ ᠬᠦᠬᠡ ᠨᠠᠭᠤᠷ ᠶᠡᠭᠡ ᠮᠤᠩᠭᠤᠯ ᠣᠯᠣᠰ ᠲᠤ ᠬᠠᠷᠢᠶᠠᠯᠠᠭᠲᠠᠵᠤ᠂ ᠮᠤᠩᠭᠤᠯ ᠬᠦᠮᠦᠨ ᠬᠠᠮᠤᠭ ᠠᠩᠬ᠎ᠠ ᠬᠦᠬᠡ ᠨᠠᠭᠤᠷ ᠲᠤ ᠨᠡᠭᠦᠳᠡᠯᠯᠡᠨ ᠢᠷᠡᠵᠤ ᠠᠮᠢᠲᠦᠷᠠᠵᠡᠢ᠃    ᠤᠮᠠᠷᠠᠲᠤ ᠶᠤᠸᠠᠨ ᠤᠯᠤᠰ ᠤᠨ ᠦᠶ᠎ᠡ ᠳᠤ᠂ ᠠᠷᠪᠠᠨ ᠵᠢᠷᠭᠤᠲᠤᠭᠠᠷ ᠵᠠᠭᠤᠨ ᠤ ᠡᠬᠢ ᠪᠠᠷ ᠵᠡᠬᠦᠨ ᠮᠤᠩᠭᠤᠯ  ᠤᠨ ᠶᠦᠩᠰᠢᠶᠠᠪᠤ ᠶᠢᠨ ᠢᠪᠡᠷᠡᠢ᠂ ᠣᠷᠲᠣᠰ ᠤᠨ ᠪᠤᠷᠬᠠᠢ ᠠᠯᠪᠠᠲᠤ ᠬᠠᠷᠢᠶᠠᠲᠤ ᠪᠠᠨ ᠲᠠᠭᠠᠭᠤᠯᠤᠨ ᠬᠦᠬᠡ ᠨᠠᠭᠤᠷ  ᠲᠤ ᠨᠡᠬᠦᠲᠡᠯᠯᠡᠨ ᠢᠷᠡᠵᠡᠢ᠃ ᠠᠷᠪᠠᠨ ᠵᠢᠷᠭᠤᠲᠤᠭᠠᠷ ᠵᠠᠭᠤᠨ ᠤ ᠲᠤᠮᠲᠠᠴᠢ ᠪᠠᠷ ᠲᠦᠮᠡᠤᠨ ᠤᠨ ᠠᠯᠲᠠᠨ ᠬᠠᠭᠠᠨ ᠬᠦᠬᠡ ᠨᠠᠭᠤᠷ ᠲᠤ ᠨᠡᠬᠦᠲᠡᠯᠯᠡᠨ ᠢᠷᠡᠵᠤ᠂ ᠬᠦᠬᠡ ᠨᠠᠭᠤᠷ ᠢ ᠡᠷᠬᠡᠰᠢᠶᠡᠯ ᠳᠡᠭᠡᠨ ᠤᠷᠤᠭᠤᠯᠵᠡᠢ᠃ ᠠᠷᠪᠠᠨ ᠲᠤᠯᠤᠲᠤᠭᠠᠷ ᠵᠠᠭᠤᠨ ᠳᠤ ᠬᠠᠯᠬ᠎ᠠ ᠤᠨ ᠴᠣᠭᠲᠤ ᠲᠠᠶᠢᠵᠢ ᠠᠯᠪᠠᠲᠤ ᠪᠠᠨ ᠲᠠᠭᠠᠭᠤᠯᠤᠨ ᠬᠦᠬᠡ ᠨᠠᠭᠤᠷ ᠲᠤ ᠢᠷᠡᠵᠤ᠂ ᠬᠦᠬᠡ ᠨᠠᠭᠤᠷ ᠢ ᠡᠷᠬᠡᠰᠢᠶᠡᠵᠡᠢ᠃ ᠬᠡᠲᠤᠨ ᠵᠢᠯ ᠤᠨ ᠲᠠᠷᠠᠭ᠎ᠠ᠂ ᠪᠠᠷᠠᠭᠤᠨ ᠮᠤᠩᠭᠤᠯ ᠤᠨ ᠬᠤᠱᠤᠤᠨ ᠠᠶᠢᠮᠠᠭ ᠤᠨ ᠬᠦᠦᠰᠢ ᠬᠠᠭᠠᠨ ᠠᠯᠪᠠᠲᠤ ᠪᠠᠨ ᠲᠠᠭᠠᠭᠤᠯᠤᠨ ︵ᠡᠬᠦᠨ ᠤ ᠲᠤᠲᠤᠷ᠎ᠠ ᠬᠤᠱᠤᠤᠨ ᠠᠴᠠ ᠭᠠᠲᠠᠨ᠎ᠠ᠂ ᠪᠠᠰᠠ ᠲᠤᠷᠭᠤᠤᠨ᠂ ᠴᠣᠷᠣᠰ ︵ᠲᠠᠷᠦᠢ ᠵᠡᠬᠦᠨᠭᠠᠷ︶᠂ ᠬᠤᠶᠢᠤᠨ ᠤᠨ ᠬᠠᠷᠢᠶᠠᠲᠤ ᠪᠠᠶᠢᠵᠡᠢ︶ ᠬᠦᠬᠡ ᠨᠠᠭᠤᠷ ᠲᠤ ᠨᠠᠬᠦᠲᠡᠯᠯᠡᠨ ᠢᠷᠡᠵᠤ᠂ ᠬᠦᠬᠡ ᠨᠠᠭᠤᠷ ᠲᠦᠪᠡᠤᠨ ᠢ ᠡᠷᠬᠡᠰᠢᠶᠡᠯ ᠳᠡᠭᠡᠨ ᠣᠷᠣᠭᠤᠯᠵᠤ᠂ ᠬᠤᠱᠤᠤᠨ ᠬᠠᠭᠠᠨᠲᠤ ᠣᠯᠣᠰ ᠢ ᠪᠠᠶᠢᠭᠤᠯᠵᠡᠢ᠃ 1723 ᠣᠨ ᠳᠤ ᠬᠦᠦᠰᠢ ᠬᠠᠭᠠᠨ ᠤ ᠠᠴᠢ ᠯᠤᠪᠰᠠᠩᠲᠠᠨᠵᠢᠨ ᠬᠤᠩ ᠲᠠᠶᠢᠵᠢ ᠬᠦᠬᠡ ᠨᠠᠭᠤᠷ ᠮᠤᠩᠭᠤᠯᠴᠤᠤᠨ ᠢ ᠤᠷᠢᠶᠠᠯᠠᠨ ᠴᠢᠩ ᠢ ᠡᠰᠡᠷᠬᠦᠴᠡᠨ ᠪᠤᠰᠤᠯᠭ᠎ᠠ ᠭᠠᠷᠭᠠᠨ ᠡᠴᠤᠰ ᠲᠡᠭᠡᠨ ᠲᠠᠷᠤᠭᠲᠠᠵᠤ᠂ ᠲᠠᠷᠠᠭ᠎ᠠ ᠨᠢ ᠮᠠᠨᠵᠤ ᠴᠢᠩ ᠤᠨ ᠵᠠᠰᠠᠭ ᠠᠴᠠ ᠬᠦᠬᠡ ᠨᠠᠭᠤᠷ ᠮᠤᠩᠭᠤᠯᠴᠤᠤᠨ ᠲᠤ ᠬᠤᠰᠢᠭᠤᠨ ᠪᠠᠶᠢᠭᠤᠯᠤᠮᠵᠢ ᠶᠢᠨ ᠲᠦᠷᠢᠮ ᠢ ᠶᠠᠪᠤᠭᠤᠯᠤᠭᠰᠠᠨ ᠠᠴᠠ ᠬᠤᠶᠢᠰᠢ᠂ ᠬᠦᠬᠡ ᠨᠠᠭᠤᠷ ᠤᠨ ᠮᠤᠩᠭᠤᠯᠴᠤᠤᠨ ᠤᠨ ᠲᠤᠲᠤᠷ᠎ᠠ ᠶᠡᠭᠡ ᠬᠡᠪᠴᠢᠶᠠᠨ ᠤ ᠨᠡᠬᠦᠲᠡᠯ ᠦᠬᠡᠢ ᠪᠤᠯᠵᠤ᠂ ᠲᠤᠭᠲᠠᠪᠤᠷᠢᠵᠢᠨ ᠤᠲᠤ ᠪᠤᠯᠵᠡᠢ᠃    ᠲᠡᠤᠬᠡᠨ ᠠᠴᠠ ᠦᠵᠡᠬᠦ ᠳᠤ᠂ ᠴᠢᠩ ᠣᠯᠣᠰ ᠤᠨ ᠦᠶ᠎ᠡ ᠳᠤ ᠬᠦᠬᠡ ᠨᠠᠭᠤᠷ ᠤᠨ ᠮᠤᠩᠭᠤᠯᠴᠤᠤᠨ ᠢ ᠬᠦᠬᠡ ᠨᠠᠭᠤᠷ ᠤᠨ ᠦᠬᠡᠯᠡᠤᠨ ᠮᠤᠩᠭᠤᠯ ᠬᠡᠲᠡᠭ ᠪᠠᠶᠢᠵᠡᠢ᠂ ᠬᠡᠪᠡᠴᠤ ᠢᠩᠭᠢᠵᠤ ᠨᠡᠷᠡᠶᠢᠲᠤᠬᠦ ᠳᠤ ᠦᠬᠡᠯᠡᠤᠨ ᠮᠤᠩᠭᠤᠯ ᠤᠨ ᠬᠤᠱᠣᠣᠨ᠂ ᠲᠤᠷᠭᠤᠣᠨ᠂ ᠴᠤᠷᠣᠰ ︵ᠲᠠᠷᠣᠢ ᠵᠡᠬᠦᠨᠭᠠᠷ︶ ᠬᠤᠶᠢᠤᠨ ᠵᠡᠷᠬᠡ ᠠᠴᠠ ᠭᠠᠲᠠᠨ᠎ᠠ ᠶᠦᠩᠰᠢᠶᠠᠪᠤ᠂ ᠲᠦᠮᠡᠤᠨ᠂ ᠬᠠᠯᠬ᠎ᠠ ᠵᠡᠷᠬᠡ ᠣᠨᠲᠣᠣ ᠠᠶᠢᠮᠠᠭ ᠶᠠᠰᠣᠲᠠᠤᠨ ᠬᠤᠯᠢᠯᠲᠤᠵᠤ ᠪᠠᠶᠢᠭᠰᠠᠨ ᠠᠴᠠ ᠬᠦᠬᠡᠨᠠᠭᠤᠷ ᠤᠨ ᠦᠬᠡᠯᠡᠤᠨ ᠬᠡᠬᠦ ᠳᠤ ᠵᠤᠬᠢᠰ ᠦᠬᠡᠢ ᠪᠤᠯᠵᠡᠢ᠃ ᠬᠦᠬᠡᠨᠠᠭᠤᠷ ᠮᠤᠵᠢ ᠪᠠᠶᠢᠭᠤᠯᠤᠭᠲᠠᠬᠤ ᠳᠤ ᠰᠦᠪᠸᠢ ᠶᠢᠨ ᠮᠤᠩᠭᠤᠯᠴᠤᠤᠨ ︵ᠬᠦᠬᠡᠨᠠᠭᠤᠷ ᠤᠨ ᠬᠦᠷᠯᠦᠭ ᠪᠠᠶᠢᠰᠨ ᠶᠢᠨ ᠬᠤᠰᠢᠭᠤ ᠤ ᠬᠤᠶᠢᠲᠤ ᠭᠤᠷᠪᠠᠨ ᠲᠤᠬᠤᠢ︶ ᠭᠠᠨᠰᠤ ᠮᠤᠵᠢ ᠳᠤ ᠬᠠᠷᠢᠶᠠᠯᠠᠭᠲᠠᠭᠰᠠᠨ ᠪᠠ ᠯᠾ‌‍ᠰᠠ ᠤᠨ ᠬᠤᠶᠢᠲᠤ ᠲᠠᠯ᠎ᠠ ᠤᠨ ᠲᠡᠭᠷᠢ ᠨᠠᠭᠤᠷ ︵ᠨᠠᠮᠴᠤᠤ ᠨᠠᠭᠤᠷ︶ ᠤᠨ ᠣᠷᠴᠢᠮ ᠢᠶᠠᠷ ᠪᠠᠶᠢᠭ᠎ᠠ ᠳᠠᠮᠴᠤᠭ ᠤᠨ ᠬᠤᠱᠤᠳ ᠮᠤᠩᠭᠤᠯ ᠨᠢ ᠲᠦᠪᠡᠳ ᠲᠤ ᠬᠠᠷᠢᠶᠠᠯᠠᠭᠳᠠᠬᠤ ᠠᠴᠠ ᠡᠲᠡᠬᠡᠷ ᠮᠤᠩᠭᠤᠯᠴᠤᠤᠨ ᠢ ᠰᠢᠭᠤᠤᠨ ᠬᠦᠬᠡᠨᠠᠭᠤᠷ ᠮᠤᠩᠭᠤᠯ ᠬᠡᠵᠤ ᠨᠡᠷᠡᠶᠢᠲᠤᠬᠦ ᠳᠤ ᠵᠠᠰᠠᠭ ᠵᠠᠬᠢᠷᠭ᠎ᠠ ᠠᠲᠠᠯᠢ ᠦᠬᠡᠢ ᠪᠤᠯᠤᠭᠰᠠᠨ ᠠᠴᠠ ᠵᠤᠬᠢᠰ ᠦᠬᠡᠢ ᠪᠤᠯᠤᠭᠰᠠᠨ ᠪᠠᠶᠢᠨ᠎ᠠ᠃    ᠬᠠᠷᠢᠨ ᠳᠡᠯᠡᠬᠡᠢ ᠶᠢᠨ ᠰᠡᠬᠡᠷ ᠨᠢᠷᠤᠭᠤ ᠢᠶᠠᠷ ᠨᠣᠲᠣᠭᠯᠠᠲᠠᠭ ᠠᠴᠠ ︿ᠲᠡᠬᠡᠲᠤ ᠮᠤᠩᠭᠤᠯ︶ ᠬᠡᠵᠤ ᠨᠡᠷᠡᠶᠢᠲᠤᠬᠦ  ᠨᠢ ᠨᠡᠯᠢᠶᠡᠳ ᠵᠤᠬᠢᠰ ᠲᠠᠢ ᠪᠤᠯᠤᠭᠰᠠᠨ ᠪᠠᠶᠢᠨ᠎ᠠ᠃                                                           ᠴ᠊᠂ ᠰᠥ᠋ᠶᠥᠯᠲᠥᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号