︽ᠲᠠᠮᠤ ᠶᠢᠨ ᠴᠠᠭᠠᠨ︾ ᠤ ᠨᠡᠷ᠎ᠡ ᠶᠢᠨ ᠢᠷᠡᠯᠳᠡ
ᠨᠡᠶᠢᠲᠡᠯᠡᠭᠰᠡᠨ ᠴᠠᠭ᠄
2020/3/4
ᠪᠡᠯᠬᠦᠳᠡᠢ ︽ᠭᠤᠸᠠᠩ ᠨᠢᠩ ᠸᠠᠩ︾ ᠪᠤᠯᠤᠬᠰᠠᠨ ᠤ ᠲᠠᠷᠠᠭ᠎ᠠ ᠤᠰᠤᠨ ᠵᠢᠷᠤᠭ᠎ᠠ ᠮᠤᠷᠢ ᠪᠠᠨ ᠤᠨᠤᠵᠤ ᠬᠤᠶᠠᠷ ᠮᠢᠩᠭᠠᠨ ᠰᠢᠯᠢᠳᠡᠭ ᠮᠤᠷᠢᠳᠤ ᠴᠡᠷᠢᠭ ᠲᠠᠭᠠᠭᠤᠯᠵᠤ ᠲᠤᠰᠢᠶᠠᠯ ᠤᠨ ᠭᠠᠵᠠᠷ ᠲᠤ ᠪᠠᠨ ᠮᠤᠷᠳᠠᠪᠠ᠃ ᠲᠡᠳᠡ ᠵᠠᠮ ᠳᠤ ᠪᠠᠨ ᠨᠡᠯᠤᠭᠡᠷ ᠶᠡᠭᠡ ᠲᠠᠯ᠎ᠠ ᠪᠠᠷ ᠲᠤᠪᠳᠤᠯᠤᠨ᠂ ᠦᠨᠳᠦᠷ ᠲᠤᠮᠤ ᠠᠭᠤᠯᠠ ᠶᠢ ᠲᠠᠪᠠᠵᠤ᠂ ᠦᠷᠭᠡᠨ ᠮᠦᠷᠡᠨ ᠢ ᠬᠡᠳᠦᠯᠦᠭᠡᠳ ᠶᠠᠪᠤᠵᠤ ᠪᠠᠶᠢᠳᠠᠯ᠎ᠠ ᠨᠢᠭᠡ ᠪᠠᠷᠠᠭᠤᠨ ᠠᠴᠠ ᠵᠡᠬᠦᠨ ᠵᠦᠭ ᠦᠷᠬᠦᠯᠵᠢᠯᠡᠭᠰᠡᠨ ᠡᠯᠡᠰᠤᠨ ᠤᠷᠠᠰᠬᠠᠯ ᠲᠠᠢ ᠲᠠᠭᠠᠷᠠᠯᠳᠤᠪᠠ ᠬᠡᠨ᠎ᠡ᠃ ᠤᠯᠠᠨ ᠴᠡᠷᠢᠭ ᠬᠡᠯᠡᠯᠴᠡᠵᠤ ᠪᠠᠶᠢᠨ᠎ᠠ᠄ ︽ᠬᠦᠢ︕ ᠡᠨᠡ ᠶᠡᠭᠡ ᠡᠯᠡᠰᠤ ᠶᠢ ᠶᠠᠭᠠᠬᠢᠵᠤ ᠭᠡᠳᠦᠯᠬᠦ ᠪᠤᠢ︖ ᠬᠤᠭᠤᠯᠠ‌ᠤᠮᠳᠠᠭᠠᠨ ᠢᠶᠠᠨ ᠢᠯᠡᠬᠦᠦ ᠪᠡᠯᠡᠳᠬᠡᠬᠦ ᠦᠬᠡᠢ ᠪᠤᠯ ᠪᠤᠯᠬᠤ ᠦᠬᠡᠢ ᠪᠠᠶᠢᠬ᠎ᠠ︖ ᠡᠨᠡ ᠡᠯᠡᠰᠤ ᠬᠡᠳᠤᠢ ᠤᠷᠳᠤ ᠪᠠᠶᠢᠳᠠᠭ ᠪᠤᠯ ᠁︾ ᠪᠡᠯᠬᠦᠳᠡᠢ ᠨᠤᠶᠠᠨ᠄ ︽ᠬᠠᠢ︕ ᠡᠨᠡ ᠨᠢᠭᠡ ᠪᠠᠭ᠎ᠠ ᠡᠯᠡᠰᠤ ᠶᠢ ᠬᠡᠳᠦᠯᠬᠦ ᠳᠤ ᠶᠠᠮᠠᠷ ᠬᠦᠴᠢᠷ ᠤᠷᠤᠬᠤ ᠪᠤᠢ︖ ᠲᠠᠨᠤᠰ ‍ᠤᠨ‌ᠮᠤᠷᠢ ᠰᠠᠶᠢᠳᠡᠢ ᠨᠢ ᠨᠡᠳᠡ ᠶᠢ ᠲᠠᠭᠠᠵᠤ ᠡᠨᠡᠬᠦ ᠠᠯᠠᠰᠤᠨ ᠤ ᠡᠬᠢ  ᠠᠴᠠ ᠮᠤᠷᠳᠠᠵᠤ ᠦᠵᠦᠬᠦᠷ ᠲᠤ ᠨᠢ ᠠᠭᠤᠯᠵᠠᠶ᠎ᠠ᠂ ᠤᠨᠤᠭ᠎ᠠ ᠠᠨᠠᠶᠢᠬᠠᠨ ᠨᠢ ᠰᠢᠭᠤᠳ ᠬᠡᠳᠦᠯ︕ ᠪᠢ ᠤᠰᠤᠨ ᠵᠢᠷᠤᠭ᠎ᠠ ᠬᠦᠯᠦᠭ ᠤᠨ ᠢᠶᠠᠨ ᠲᠠᠮᠢᠷ ᠢ ᠨᠢᠭᠡ ᠰᠢᠯᠭᠠᠶ᠎ᠠ︕︾ ᠬᠡᠳ ᠡᠯᠡᠰᠤᠨ ᠤ ᠡᠬᠢ ᠳᠤ ᠮᠠᠶᠢᠬᠠᠨ ᠪᠤᠰᠬᠠᠵᠤ ᠨᠢᠭᠡ ᠰᠦᠨᠢ ᠠᠮᠠᠷᠠᠪᠠ᠃ ᠲᠠᠷᠠᠭ᠎ᠠ ᠡᠳᠤᠷ ᠤᠨ ᠡᠷᠳᠡ ᠨᠠᠷᠠ ᠮᠠᠨᠳᠤᠬᠤ ᠦᠶᠡᠰ ᠪᠡᠯᠬᠦᠳᠡᠢ ᠤᠯᠠᠨ ᠴᠡᠷᠢᠭ ᠢ ᠲᠠᠭᠠᠭᠤᠯᠵᠤ᠂ ᠡᠯᠡᠰᠤᠨ ᠤ ᠡᠬᠢ ᠠᠴᠠ ᠮᠤᠷᠳᠡᠵᠤ ᠵᠡᠬᠦᠨᠰᠢ ᠠᠶᠠᠯᠠᠪᠠ ᠁ ᠨᠠᠷᠠ ᠤᠨᠠᠬᠤ ᠦᠶᠡᠰ᠂ ᠪᠡᠯᠬᠦᠳᠡᠢ ᠡᠯᠡᠰᠤ ᠶᠢ ᠲᠤᠭᠤᠯᠵᠤ ᠭᠠᠷᠤᠭᠠᠳ ᠨᠢᠭᠡ ᠰᠦᠨᠢ ᠨᠢᠭᠡ ᠡᠳᠤᠷ ᠬᠦᠯᠦᠭ ᠢᠶᠠᠨ ᠠᠮᠠᠷᠠᠭᠤᠯᠵᠤ ᠪᠠᠶᠢᠳᠠᠯ᠎ᠠ᠂ ᠬᠦᠨᠳᠡᠯᠡᠨ ᠬᠡᠳᠦᠯᠦᠭᠰᠡᠨ ᠴᠡᠷᠢᠭ ᠤᠳ ᠵᠠᠪᠳᠤᠨ ᠢᠷᠡᠵᠤ ᠠᠭᠤᠯᠵᠠᠪᠠ᠃ ᠴᠡᠷᠢᠭ᠄ ︽ᠮᠦᠩᠬᠡ ᠲᠡᠩᠷᠢ ᠶᠢᠨ ᠢᠪᠡᠬᠡᠯ ᠢᠶᠠᠷ ᠲᠦᠩᠬᠡᠵᠢ ᠭᠠᠷᠴᠤ ᠢᠷᠡᠪᠡ︕ ᠨᠤᠶᠠᠨᠳᠠᠨ ᠤ ᠬᠦᠯᠦᠭ ᠬᠠᠰᠢᠯᠠ ᠲᠦᠷᠬᠡᠨ ᠪᠠᠶᠢᠨ᠎ᠠ︕ ᠪᠢᠳᠡ ᠰᠢᠭᠤᠳ ᠠᠰᠯᠠᠭᠠᠳ ᠪᠠᠰᠠ ᠡᠯᠡᠰᠤᠨ ᠯᠤᠤ ᠶᠢᠨ ᠲᠤᠯᠤᠭᠠᠢ ᠳᠤ ᠢᠷᠡᠳᠡᠯ᠎ᠡ ᠬᠤᠶᠠᠷ ᠡᠳᠤᠷ ᠬᠡᠷᠡᠭᠰᠡᠭᠰᠡᠨ ᠠᠳᠠᠯ᠎ᠠ᠂ ᠨᠤᠶᠠᠨᠳᠠᠨ ᠬᠠᠷᠢᠨ ᠭᠠᠭᠴᠠᠬᠠᠨ ᠡᠳᠤᠷ ᠶᠠᠪᠤᠵᠤ ᠡᠯᠡᠰᠤ ᠶᠢ ᠲᠤᠭᠤᠯᠪᠠ᠂ ᠡᠵᠡᠨ ᠤ ᠬᠦᠯᠦᠭ ᠬᠤᠪᠢᠯᠭᠠᠨ ᠬᠦᠯᠦᠭ ᠡ︕ ᠁ ᠡᠨᠡ ᠤᠳᠠᠭ᠎ᠠ ᠪᠢᠳᠡ ᠬᠠᠷᠢᠨ ᠶᠠᠭ ᠲᠠᠮᠤ ᠳᠤ ᠤᠷᠤᠬᠰᠠᠨ ᠮᠡᠳᠤ ᠦᠢᠯᠡ  ᠪᠠᠨ ᠪᠠᠷᠠᠵᠤ ᠵᠤᠪᠠᠪᠠ ᠁︾ ᠪᠡᠯᠬᠦᠳᠡᠢ᠄ ︽ᠡᠨᠡ ᠲᠠᠮᠤ ᠠᠳᠠᠯᠢ ᠴᠠᠭᠠᠨ ᠮᠠᠩᠬᠠᠨ ᠤ ᠤᠷᠳᠤ ᠨᠢ ᠬᠡᠳᠤᠢ ᠭᠠᠵᠠᠷ ᠪᠠᠶᠢᠬᠤ ᠶᠢ ᠬᠡᠨ ᠪᠠᠷᠤᠬᠯᠠᠵᠤ ᠴᠢᠳᠠᠬᠤ ᠪᠤᠢ︖︾ ᠴᠡᠷᠢᠭ ᠤᠳ᠄ ︽ᠮᠡᠳᠡᠬᠦ ᠦᠬᠡᠢ︕︾ ᠪᠡᠯᠬᠦᠳᠡᠢ᠄ ︽ᠪᠢ ᠮᠡᠳᠡᠨ᠎ᠡ︕ ᠡᠨᠡᠬᠦ ︿ᠲᠠᠮᠤ ᠶᠢᠨ ᠴᠠᠭᠠᠨ﹀ ᠤ ᠤᠷᠳᠤ ᠨᠢ ᠪᠠᠷᠤᠭ ᠨᠠᠢᠮᠠᠨ ᠵᠠᠭᠤᠨ ᠭᠠᠵᠠᠷ ᠪᠠᠶᠢᠨ᠎ᠠ︕ ᠮᠢᠨᠤ ᠤᠰᠤᠨ ᠵᠢᠷᠤᠭ᠎ᠠ ᠬᠦᠯᠦᠭ ᠡᠩ ᠤᠨ ᠭᠠᠵᠠᠷ ᠲᠤ ᠡᠳᠤᠷ ᠲᠤ ᠮᠢᠩᠭᠠᠨ ᠭᠠᠵᠠᠷ ᠲᠤᠪᠳᠤᠯᠬᠤ ᠳᠤ ᠠᠵᠢᠭ ᠦᠬᠡᠢ ᠪᠠᠶᠢᠳᠠᠭ︕ ᠬᠡᠪᠡᠴᠤ ᠡᠨᠡᠬᠦ ᠡᠯᠡᠰᠤ ᠮᠡᠩᠬᠠᠨ ᠳᠤ ᠤᠳᠠᠭᠠᠨ ᠪᠤᠯᠪᠠᠴᠤ ᠨᠢᠭᠡ ᠡᠳᠤᠷ ᠠᠶᠠᠯᠠᠬᠰᠠᠨ  ᠠᠴᠠ ᠲᠤᠰ ᠡᠯᠡᠰᠤ ᠪᠠᠷᠤᠭ ︿ᠨᠠᠢᠮᠠᠨ‌ᠵᠠᠭᠤᠨ ᠭᠠᠵᠠᠷ ᠪᠠᠶᠢᠨ᠎ᠠ﹀ ᠬᠡᠵᠤ ᠪᠢ ᠪᠠᠳᠤᠳᠠᠢ ᠬᠡᠯᠡᠵᠤ ᠴᠢᠳᠡᠨ᠎ᠡ︕︾ ᠲᠡᠬᠦᠨ ᠠᠴᠠ ᠬᠤᠶᠢᠰᠢ ᠡᠨᠡᠬᠦ ᠬᠦᠨᠳᠡᠯᠡᠨ ᠮᠠᠩᠬ᠎ᠠ ᠶᠢ ︽ᠨᠠᠢᠮᠠᠨ ᠵᠠᠭᠤᠨ ᠭᠠᠵᠠᠷ ᠤᠨ ᠲᠠᠮᠤ ᠶᠢᠨ ᠴᠠᠭᠠᠨ︾ ᠬᠡᠵᠤ ᠨᠡᠷᠡᠯᠡᠨ ᠲᠠᠭᠤᠳᠠᠬᠤ ᠪᠤᠯᠤᠬᠰᠠᠨ ᠬᠡᠳᠡᠭ᠃                                                                 ᠳ᠋᠊ · ᠡᠷᠳᠡᠮᠳᠦᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号