ᠠᠯᠤᠨ ᠭᠤᠸ᠎ᠠ ᠶᠢᠨ ᠲᠣᠮᠤᠭ
ᠨᠡᠶᠢᠲᠡᠯᠡᠭᠰᠡᠨ ᠴᠠᠭ᠄
2020/3/4
   ᠴᠢᠩᠭᠢᠰ ᠤᠨ ᠠᠯᠳᠠᠨ ᠣᠷᠤᠭ ᠤᠨ ᠬᠢᠨ ᠤ ᠲᠡᠭᠡᠳᠣ ᠡᠮᠡᠭᠡ ᠠᠯᠣᠨ ᠭᠤᠸ᠎ᠠ ᠲᠡᠭᠷᠢ ᠶᠢᠨ ᠬᠦᠪᠡᠬᠦᠳ ᠲᠦᠷᠦᠭᠦᠯᠦᠭᠰᠡᠨ ᠲᠣᠬᠠᠢ᠂ ᠬᠦᠪᠡᠬᠦᠳ ᠲᠤ ᠪᠠᠨ ᠡᠪ ᠨᠢᠭᠡᠳᠦᠯ ᠲᠠᠢ ᠪᠠᠶᠢᠬᠤ ᠶᠢ ᠰᠣᠷᠭᠠᠭᠰᠠᠨ ᠲᠣᠬᠠᠢ᠂ ︽ᠮᠣᠩᠭᠤᠯ ᠤᠨ ᠨᠢᠭᠤᠴᠨ ᠲᠣᠪᠴᠢᠶᠠᠨ︾ ᠤ 17-22 ᠳ᠋ᠣᠭᠠᠷ ᠵᠣᠶᠢᠯ ᠳᠤ ᠲᠡᠮᠳᠡᠭᠯᠡᠭᠰᠡᠨ ᠬᠠᠭᠤᠴᠢ ᠶᠠᠷᠢᠶ᠎ᠠ ᠠᠯᠣᠨ ᠭᠤᠸ᠎ᠠ ᠶᠢᠨ ᠲᠣᠮᠤᠭ ᠬᠡᠮᠡᠨ ᠠᠯᠳᠠᠷᠰᠢᠵᠡᠢ᠃ ᠫᠧᠷᠰ ᠤᠨ ᠲᠡᠣᠬᠡᠴᠢ ᠷᠠᠰᠢᠳ᠋ — ᠠᠳ᠋ — ᠳ᠋ᠢᠨ ᠤ ︽ᠰᠣᠳᠣᠷ ᠤᠨ ᠴᠢᠭᠤᠯᠭᠠᠨ︾ ᠵᠣᠬᠢᠶᠠᠯ ᠳᠤ ᠡᠨᠡ ᠲᠣᠮᠤᠭ  ᠲᠠᠢ ᠬᠤᠯᠪᠣᠭᠠᠲᠠᠢ ᠵᠠᠷᠢᠮ ᠨᠡᠮᠡᠯᠳᠡ ᠮᠡᠳᠡᠭᠡ ᠪᠣᠢ᠂ ᠲᠣᠮᠤᠭ ᠲᠤ ᠦᠬᠦᠯᠡᠬᠦ ᠳᠤ ᠪᠠᠨ ᠰᠦᠨᠢ ᠪᠦᠷᠢ ᠬᠡᠷ ᠤᠨ ᠡᠷᠦᠬᠡ ᠲᠣᠳᠣᠭᠤ ᠪᠠᠷ ᠲᠣᠰᠣᠭᠰᠠᠨ ᠬᠡᠬᠡ ᠪᠠᠷ ᠴᠡᠭᠡᠨ ᠰᠢᠷ᠎ᠠ ᠬᠦᠮᠦᠨ ᠣᠷᠣᠵᠦ ᠢᠷᠡᠵᠦ᠂ ᠲᠡᠷᠨ ᠬᠡᠷᠡᠯ ᠬᠡᠪᠡᠯᠢ ᠳᠤ ᠨᠢ ᠲᠣᠰᠣᠭᠰᠠᠨ ᠠᠴᠠ ᠠᠯᠣᠨ ᠭᠤᠸ᠎ᠠ ᠵᠢᠷᠮᠣᠰᠣᠨ ᠪᠣᠯᠵᠦ᠂ ᠪᠣᠬ᠎ᠠ ᠬᠠᠳᠠᠬᠢ᠂ ᠪᠣᠭᠤᠳᠣ ᠰᠠᠯᠵᠢ᠂ ᠪᠣᠳᠣᠨᠴᠠᠷ ᠮᠣᠩᠬᠠᠭ ᠬᠡᠮᠡᠬᠦ ᠭᠤᠷᠪᠠᠨ ᠬᠦᠪᠡᠬᠦᠨ ᠢ ᠨᠢᠷᠣᠭᠤᠨ ᠠᠴᠠ ᠪᠠᠨ ᠲᠦᠷᠦᠭᠦᠯᠵᠡᠢ᠃    ᠠᠯᠣᠨ ᠭᠤᠸ᠎ᠠ ᠲᠡᠶᠢᠨᠬᠦ ᠢᠳᠡ ᠰᠢᠳᠢ ᠶᠢᠨ ᠬᠡᠷᠡᠯ ᠢᠶᠠᠷ ᠵᠢᠷᠮᠣᠰᠣᠯᠠᠨ ᠨᠢᠷᠣᠭᠤᠨ ᠠᠴᠠ ᠪᠠᠨ ᠬᠦᠪᠡᠬᠦᠨ ᠲᠦᠷᠦᠭᠦᠯᠦᠭᠰᠡᠨ ᠣᠴᠢᠷ ᠲᠡᠳᠡᠭᠡᠷ ᠬᠦᠪᠡᠬᠦᠨ ᠢ ᠲᠡᠭᠷᠢ ᠠᠴᠠ ᠵᠠᠶᠠᠭᠠᠳᠣ ᠲᠡᠭᠷᠢ ᠶᠢᠨ ᠬᠦᠦ ᠬᠡᠵᠦ ᠡᠷᠬᠦᠮᠵᠢᠯᠡᠨ᠂ ᠲᠡᠳᠡᠨ ᠤ ᠣᠳᠣᠮ ᠢ ᠨᠢᠷᠦᠭᠤᠨ ᠠᠶᠢᠮᠠᠭ ᠬᠡᠵᠦ ᠨᠡᠷᠡᠯᠡᠵᠡᠢ᠃ ᠨᠢᠷᠣᠭᠤ ᠬᠡᠳᠡᠭ ᠨᠢ ᠣᠷᠴᠢᠨ ᠴᠠᠭ ᠤᠨ ᠮᠣᠩᠭᠤᠯ ᠬᠡᠯᠡᠨ ᠨᠢᠷᠣᠭᠤ ︵НУРУУ︶᠂ ᠬᠤᠳᠣᠮ ᠮᠣᠩᠭᠤᠯ ᠪᠢᠴᠢᠭ ᠤᠨ ᠬᠡᠯᠡᠨ ᠤ ᠨᠢᠷᠣᠭᠤ ᠮᠢᠩᠭ᠎ᠠ ᠭᠠᠷᠣᠢ ᠵᠢᠯ ᠤᠨ ᠡᠮᠦᠨᠡᠬᠢ ᠵᠠᠪᠰᠠᠷ ᠤᠨ ᠲᠠᠭᠤᠳᠠᠯᠭ᠎ᠠ ᠶᠣᠮ᠃ ᠣᠳᠣ ᠶᠢᠨ ᠬᠠᠯᠬ᠎ᠠ ᠮᠣᠩᠭᠤᠯ ᠪᠠᠷᠠᠭᠤᠨ ᠮᠣᠩᠭᠤᠯ ᠢ ᠪᠠᠭᠳᠠᠭᠠᠭᠰᠠᠨ 19 ᠨᠢᠷᠣᠭᠤᠨ ᠮᠣᠩᠭᠤᠯ ᠴᠢᠩᠭᠢᠰ ᠤᠨ ᠦᠶ᠎ᠡ ᠳᠤ ᠪᠠᠶᠢᠵᠡᠢ᠃ ᠠᠯᠢᠪᠠ ᠲᠣᠮᠤᠭ ᠲᠤ ᠲᠣᠬᠠᠶᠢᠯᠠᠨ ᠵᠢᠭᠠᠭᠰᠠᠨ ᠲᠣᠳᠣᠷᠬᠠᠢ ᠣᠨ ᠴᠠᠭ ᠪᠠᠶᠢᠳᠠᠭ ᠦᠬᠡᠢ ᠪᠣᠯᠪᠠᠴᠣ᠂ ᠲᠡᠣᠬᠡ ᠶᠢᠨ ᠰᠣᠷᠪᠣᠯᠵᠢ ᠪᠢᠴᠢᠭ ᠲᠤ ᠲᠡᠮᠳᠡᠭᠯᠡᠭᠰᠡᠨ ᠢᠶᠠᠷ ᠡᠷᠳᠡᠨ ᠤ ᠢᠵᠠᠭᠤᠷ ᠮᠣᠩᠭᠤᠯᠴᠣᠳ᠂ ᠲᠦᠷᠪᠡᠳᠦᠭᠡᠷ ᠵᠠᠭᠤᠨ ᠤ ᠡᠬᠢ ᠪᠠᠷ ᠦᠪᠡᠷᠰᠡᠳ ᠢ ᠪᠠᠨ ᠨᠢᠷᠣᠭᠤᠨ ᠬᠡᠵᠦ ᠨᠡᠷᠡᠯᠡᠨ᠂ ᠶᠡᠭᠡ ᠨᠢᠷᠣᠭᠤᠨ ᠣᠯᠣᠰ ᠢ ︵330-555︶ ᠪᠠᠶᠢᠭᠤᠯᠣᠭᠰᠠᠨ ᠪᠣᠯᠬᠤᠷ ᠠᠯᠣᠨ ᠭᠤᠸ᠎ᠠ ᠶᠢᠨ ᠲᠣᠮᠤᠭ ᠢ 3-4 ᠳ᠋ᠣᠭᠡᠷ ᠵᠠᠭᠤᠨ ᠤ ᠦᠶ᠎ᠡ ᠳᠤ ᠬᠤᠯᠪᠣᠭᠳᠠᠨ᠎ᠠ ᠬᠡᠵᠦ ᠦᠵᠡᠵᠦ ᠪᠠᠶᠢᠨ᠎ᠠ᠃    ᠪᠣᠷᠬᠠᠨ ᠱᠠᠰᠢᠨ ᠤ ᠰᠣᠷᠭᠠᠯ ᠶᠣᠰᠣ ᠪᠠᠷ ᠲᠦᠷᠦ ᠶᠢᠨ ᠡᠵᠡᠨ ᠬᠠᠭᠠᠨ ᠬᠦᠮᠦᠨ ᠪᠣᠯ ᠵᠢᠷ ᠤᠨ ᠬᠦᠮᠦᠨ ᠪᠣᠰᠣ᠂ ᠷᠢᠳᠢ ᠰᠢᠳᠢ ᠪᠠᠷ ᠲᠡᠭᠷᠢ ᠠᠴᠠ ᠲᠦᠷᠦᠭᠰᠡᠨ ᠲᠡᠭᠷᠢ ᠶᠢᠨ ᠬᠦᠦ ᠪᠠᠶᠢᠬᠤ ᠶᠣᠰᠣ ᠲᠠᠢ ᠣᠴᠢᠷ ᠦᠪᠡᠷ ᠤᠨ ᠨᠡᠷ᠎ᠡ ᠠᠴᠠ ᠭᠠᠳᠠᠨ᠎ᠠ ᠡᠷᠭᠦᠮᠵᠢᠯᠡᠭᠰᠡᠨ ᠨᠡᠷ᠎ᠡ ᠲᠠᠢ ᠪᠠᠶᠢᠳᠠᠭ᠃ ᠶᠡᠭᠡ ᠬᠠᠭᠠᠳ ᠤᠨ ᠢᠵᠠᠭᠤᠷ ᠣᠳᠣᠮ ᠤᠨ ᠬᠢ ᠶᠢ ᠠᠯᠳᠠᠨ ᠣᠷᠤᠭ ᠬᠡᠨ᠎ᠡ᠃ ᠲᠡᠮᠦᠵᠢᠨ ᠲᠡᠭᠷᠢ ᠠᠴᠠ ᠵᠠᠶᠠᠭᠠᠳᠣ ᠲᠦᠷᠦᠭᠰᠡᠨ ᠲᠡᠭᠷᠢ ᠶᠢᠨ ᠬᠦᠦ ᠬᠡᠮᠡᠬᠦ ᠣᠴᠢᠷ 1206 ᠣᠨ ᠳᠤ ᠶᠡᠭᠡ ᠮᠣᠩᠭᠤᠯ ᠣᠯᠣᠰ ᠤᠨ ᠬᠠᠭᠠᠨ ᠢᠶᠠᠷ ᠡᠷᠭᠦᠮᠵᠢᠯᠡᠭᠳᠡᠨ᠂ ᠴᠢᠩᠭᠢᠰ ᠬᠡᠮᠡᠨ ᠠᠯᠳᠠᠷᠰᠢᠭᠰᠠᠨ ᠪᠠᠶᠢᠨ᠎ᠠ᠃ ᠡᠨᠡ ᠨᠢ ᠣᠯᠠᠨ ᠤ ᠪᠢᠰᠢᠷᠡᠯ ᠢᠳᠡᠭᠡᠯ ᠳᠤ ᠨᠡᠶᠢᠴᠡᠭᠦᠯᠦᠨ᠂ ᠭᠠᠪᠢᠶ᠎ᠠ ᠵᠢᠳᠬᠦᠯ ᠢ ᠦᠨᠡᠯᠡᠭᠰᠡᠨ ᠬᠡᠷᠡᠭ ᠪᠣᠯᠠᠢ᠃    ᠠᠯᠣᠨ ᠭᠤᠸ᠎ᠠ ᠡᠷ᠎ᠡ ᠨᠦᠬᠦᠷ ᠲᠣᠪᠤ ᠮᠡᠷᠭᠡᠨ ᠤ ᠠᠮᠢᠳᠣ ᠠᠬᠤᠢ ᠳᠤ ᠲᠦᠷᠦᠭᠦᠯᠦᠭᠰᠡᠨ ᠪᠡᠯᠬᠦᠨᠣᠳᠠᠢ᠂ ᠪᠦᠬᠦᠨᠣᠲᠠᠢ᠂ ᠮᠦᠨ ᠡᠷ᠎ᠡ ᠨᠦᠬᠦᠷ ᠢᠶᠠᠨ ᠦᠬᠦᠭᠰᠡᠨ ᠠᠴᠠ ᠬᠤᠶᠢᠰᠢ ᠲᠦᠷᠦᠭᠦᠯᠦᠭᠰᠡᠨ ᠪᠣᠬ᠎ᠠ ᠬᠠᠳᠠᠬᠢ᠂ ᠪᠣᠭᠤᠳᠣ ᠰᠠᠯᠵᠢ᠂ ᠪᠣᠳᠣᠨᠴᠠᠷ ᠮᠣᠩᠬᠠᠭ ᠨᠠᠷ ᠤᠨ ᠲᠠᠪᠣᠨ ᠬᠦᠦ ᠪᠠᠨ ᠲᠣᠷᠰᠢᠨ᠂ ᠨᠢᠭᠡ ᠨᠢᠭᠡ ᠰᠣᠮᠣ ︵ᠮᠦᠰᠦ︶ ᠦᠭᠴᠦ ︽ᠬᠤᠭᠤᠯᠣᠭᠳᠣᠨ︾ ᠬᠡᠬᠦ ᠳᠤ ᠰᠣᠮᠣ ᠲᠣᠰᠪᠣᠷᠢ ᠶᠢ ᠬᠤᠭᠤᠯᠴᠢᠬᠠᠪᠠ᠃ ᠲᠡᠭᠡᠬᠦᠯᠡᠷ ᠨᠢ ᠪᠠᠭᠴᠠᠯᠠᠨ ᠪᠣᠭᠤᠭᠰᠠᠨ ᠲᠠᠪᠣᠨ ᠰᠣᠮᠣ ᠦᠭᠭᠦᠭᠡᠳ ᠬᠤᠭᠤᠯᠣᠭᠳᠣᠨ ᠬᠡᠮᠡᠭᠰᠡᠨ ᠳᠤ ᠳᠡᠳᠡ ᠬᠤᠭᠤᠯᠵᠦ ᠡᠰᠡ ᠴᠢᠳᠠᠭᠰᠠᠨ ᠳᠤ ᠰᠣᠷᠭᠠᠨ ᠬᠡᠯᠡᠬᠦ ᠳᠤ ᠪᠠᠨ᠄ ᠨᠢᠭᠡ ᠡᠬᠡ ᠶᠢᠨ ᠲᠠ ᠨᠠᠷ ᠲᠠᠪᠣᠨ ᠰᠣᠮᠣ ᠰᠢᠭ᠋ ᠲᠣᠰ ᠲᠣᠰ ᠪᠠᠶᠢᠪᠠᠯ ᠬᠡᠨ ᠪᠦᠬᠦᠨ ᠳᠤ ᠠᠮᠠᠷᠬᠠᠨ ᠲᠡᠶᠢᠯᠳᠡᠨ᠎ᠠ᠃ ᠬᠠᠷᠢᠨ ᠪᠠᠭᠴᠠᠯᠠᠨ ᠪᠣᠭᠤᠭᠰᠠᠨ ᠲᠠᠪᠣᠨ ᠰᠣᠮᠣ ᠰᠢᠭ᠋ ᠡᠪᠲᠠᠢ ᠪᠠᠶᠢᠪᠠᠰᠣ ᠬᠡᠨ ᠳᠤ ᠴᠣ᠋ ᠦᠯᠦ ᠲᠡᠶᠢᠯᠳᠡᠨ᠎ᠠ ᠬᠡᠮᠡᠨ ᠰᠣᠷᠭᠠᠵᠡᠢ᠃    ᠬᠦᠮᠦᠨ ᠲᠦᠷᠦᠯᠬᠢᠳᠠᠨ ᠤ ᠲᠡᠣᠬᠡᠨ ᠬᠦᠭᠵᠢᠯ ᠲᠦᠬᠡᠮᠡᠯ ᠰᠢᠨᠵᠢ ᠲᠠᠢ ᠣᠴᠢᠷ ᠠᠯᠣᠨ ᠭᠤᠸ᠎ᠠ ᠶᠢᠨ ᠲᠣᠮᠤᠭ  ᠲᠠᠢ ᠲᠦᠰᠦᠬᠡᠲᠠᠢ ᠲᠣᠮᠤᠭ ᠪᠣᠰᠣᠳ ᠣᠯᠣᠰ ᠣᠷᠣᠨ᠂ ᠠᠷᠠᠳ ᠲᠦᠮᠡᠨ ᠳᠤ ᠴᠣ᠋ ᠪᠠᠶᠢᠳᠠᠭ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号