ᠮᠣᠩᠭᠤᠯ ᠤᠨ ᠠᠩᠬᠠᠨ ᠤ ᠭᠤᠷᠪᠠᠨ ᠲᠣᠷᠠᠰᠬᠠᠯᠳᠤ ᠪᠢᠴᠢᠭ
ᠨᠡᠶᠢᠲᠡᠯᠡᠭᠰᠡᠨ ᠴᠠᠭ᠄
2020/3/4
︿︿ᠴᠢᠩᠭᠢᠰ ᠬᠠᠭᠠᠨ ᠤ ᠴᠢᠯᠠᠭᠤᠨ ᠪᠢᠴᠢᠭ﹀﹀ — ᠡᠨᠡ ᠪᠣᠯ ᠴᠢᠩᠭᠢᠰ ᠬᠠᠭᠠᠨ 1225 ᠣᠨ ᠳᠤ ᠲᠦᠪ ᠠᠽᠢᠶ᠎ᠠ ᠶᠢᠨ ᠰᠠᠷᠳᠠᠭᠤᠯ ᠣᠯᠤᠰ ᠢ ᠲᠠᠶᠢᠯᠠᠵᠤ ᠪᠣᠬ᠎ᠠ ᠰᠤᠴᠠᠭᠠᠢ ᠭᠡᠳᠡᠭ ᠭᠠᠵᠠᠷ ᠬᠢᠭᠰᠡᠨ ᠶᠡᠭᠡ ᠨᠠᠶᠢᠷ ᠤᠨ ᠴᠤᠭᠯᠠᠭᠠᠨ ᠲᠡᠭᠡᠷ᠎ᠡ ᠬᠠᠰᠠᠷ ᠤᠨ ᠬᠦᠪᠡᠭᠦᠨ ᠶᠢᠰᠤᠩᠭᠡ ᠶᠢᠨ 335 ᠠᠯᠳᠠ ᠭᠠᠵᠠᠷ ᠭᠠᠷᠪᠤᠭᠰᠠᠨ ᠲᠤᠷᠠᠰᠬᠠᠯ ᠳᠤ ᠪᠣᠰᠬᠠᠭᠰᠠᠨ ᠬᠦᠰᠢᠶᠠᠨ ᠤ ᠪᠢᠴᠢᠭᠡᠰᠤ ᠪᠣᠯᠤᠨ᠎ᠠ᠃ ᠡᠭᠦᠨ ᠢ ᠠᠷᠪᠠ ᠶᠢᠰᠤᠳᠦᠭᠡᠷ ᠵᠠᠭᠤᠨ ᠤ ᠦᠶ᠎ᠡ ᠳᠤ ᠣᠨᠣᠨ ᠭᠤᠣᠯ ᠤᠨ ᠬᠠᠪᠢ ᠠᠴᠠ ᠣᠯᠤᠭᠠᠳ ᠪᠦᠷᠢᠶᠠᠳ ᠮᠤᠩᠭᠤᠯ ᠤᠨ ᠡᠷᠳᠡᠮᠳᠡᠨ ᠪᠠᠨᠵᠠᠷ ᠤᠨ ᠲᠣᠷᠵᠢ ᠨᠠᠷ ᠣᠩᠰᠢᠨ ᠲᠠᠶᠢᠯᠪᠦᠷᠢᠯᠠᠵᠠᠢ᠃ ︿︿ᠭᠦᠶᠦᠭ ᠬᠠᠭᠠᠨ ᠤ ᠲᠠᠮᠠᠭᠠᠨ ᠪᠢᠴᠢᠭ﹀﹀ — ᠡᠨᠡ ᠪᠣᠯ1246 ᠣᠨ ᠳᠤ ᠡᠸᠤᠷᠦᠹ᠊ ᠳ᠋ᠠᠬᠢᠨ ᠤ ᠨᠣᠮ ᠤᠨ ᠬᠠᠭᠠᠨ ᠳᠤ ᠶᠠᠪᠤᠭᠤᠯᠤᠭᠰᠠᠨ ᠪᠢᠴᠢᠭ ᠲᠡᠭᠡᠷ᠎ᠡ ᠲᠠᠷᠤᠭᠰᠠᠨ ᠲᠠᠮᠠᠭ᠎ᠠ ᠶᠢᠨ ᠪᠢᠴᠢᠭ ᠪᠣᠯᠤᠨ᠎ᠠ᠃ ︿︿ᠮᠦᠩᠬᠡ ᠬᠠᠭᠠᠨ ᠤ ᠬᠦᠰᠢᠶᠡᠨ ᠪᠢᠴᠢᠭ﹀﹀ — ᠡᠨᠡ ᠪᠣᠯ1257 ᠣᠨ ᠳᠤ ᠪᠣᠰᠬᠠᠭᠰᠠᠨ ᠮᠦᠩᠬᠡ ᠬᠠᠭᠠᠨ ᠤ ᠬᠦᠰᠢᠶᠠᠨ ᠪᠢᠴᠢᠭ ᠪᠣᠯᠤᠨ᠎ᠠ᠃ ᠮᠣᠩᠭᠤᠯ ᠬᠢᠳᠠᠳ ᠬᠤᠶᠠᠷ ᠬᠡᠯᠡ ᠪᠠᠷ ᠰᠡᠶᠢᠯᠦᠭᠰᠡᠨ ᠪᠦᠭᠡᠳ ᠬᠢᠳᠠᠳ ᠪᠢᠴᠢᠭᠡᠰᠤ ᠨᠢ ᠮᠣᠩᠭᠤᠯ ᠠᠴᠠ ᠪᠠᠨ ᠲᠡᠯᠭᠡᠷᠡᠩᠭᠦᠢ ᠪᠠᠶᠢᠳᠠᠭ᠃ 1953 ᠣᠨ ᠳᠤ ᠣᠯᠵᠤ ᠠᠪᠤᠭᠰᠠᠨ ᠶᠤᠮ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号