ᠮᠦᠽᠸᠢ ᠳᠤ ᠬᠠᠳᠠᠭᠠᠯᠠᠭᠳᠠᠭ᠎ᠠ ︽ᠭᠠᠨᠵᠤᠤᠷ︾᠂ ︽ᠳ᠋ᠠᠨᠵᠤᠤᠷ︾
ᠨᠡᠶᠢᠲᠡᠯᠡᠭᠰᠡᠨ ᠴᠠᠭ᠄
2020/3/4
1᠂ ᠨᠤᠮ ᠤᠨ ᠨᠡᠷ᠎ᠡ ᠮᠤᠩᠭᠤᠯ ᠨᠡᠷ᠎ᠠ᠄ ︽ᠱᠠᠰᠲᠢᠷ ᠤᠨ ᠤᠷᠴᠢᠭᠤᠯᠭ᠎ᠠ︾ ᠲᠦᠪᠡᠳ ᠨᠡᠷ᠎ᠠ᠄ ︽ᠳ᠋ᠠᠨᠵᠤᠤᠷ︾ ᠬᠢᠲᠠᠳ ᠨᠡᠷ᠎ᠠ᠄ ︽丹珠尔︾ 2᠂ ᠪᠠᠷ ᠬᠡᠪᠯᠡᠯ᠄ 1744 ᠨᠤᠮ ᠤ ᠲᠧᠷᠺᠠ ᠶᠢᠨ ᠲᠦᠪᠡᠳ ᠮᠤᠳᠤᠨ ᠪᠠᠷ 1724 ᠤᠨ ᠤ ᠪᠡᠭᠡᠵᠢᠩ ᠤᠨ ᠰᠦᠩ ᠵᠦ ᠰᠧ ᠶᠢᠨ ᠲᠦᠪᠠᠳ‌ᠮᠤᠳᠤᠨ ᠪᠠᠷ 3᠂ ᠠᠭᠤᠯᠭ᠎ᠠ ᠶᠢᠨ ᠲᠤᠪᠴᠢ ᠲᠠᠨᠢᠯᠴᠠᠭᠤᠯᠭ᠎ᠠ ︽ᠳ᠋ᠠᠨᠵᠤᠤᠷ︾ ᠪᠤᠯ ᠰᠤᠳᠤᠷ ᠲᠠᠷᠨᠢ ᠬᠤᠶᠠᠷ ᠢ ᠪᠠᠭᠲᠠᠭᠠᠭᠰᠡᠡᠨ ᠪᠤᠷᠬᠠᠨ ᠤ ᠱᠠᠰᠢᠨ ᠤ ᠤᠬᠠᠭᠠᠨ ᠤ ᠲᠤᠳᠤᠭᠠᠳᠦ ᠱᠠᠰᠲᠢᠷ ᠬᠢᠭᠡᠳ ᠰᠢᠯᠭᠠᠳᠠᠭ ᠤᠬᠠᠭᠠᠨ᠂ ᠳᠠᠭᠤᠨ ᠤᠬᠠᠭᠠᠨ᠂ ᠲᠡᠵᠢᠭᠡᠬᠦᠢ ᠤᠬᠠᠭᠠᠨ ᠪᠠ ᠤᠷᠠᠯᠠᠬᠤᠢ ᠤᠬᠠᠭᠠᠨ ᠢ ᠪᠠᠭᠲᠠᠭᠠᠭᠰᠡᠨ ᠭᠠᠳᠠᠭᠠᠳᠦ ᠱᠠᠰᠲᠢᠷ ᠤᠨ ᠡᠮᠬᠢᠳᠭᠡᠯ ᠪᠤᠯᠤᠨ᠎ᠠ᠃ ᠱᠠᠭᠵᠠᠮᠣᠨᠢ ᠶᠢᠨ ᠦᠶ᠎ᠡ ᠠᠴᠠ ᠬᠤᠶᠢᠰᠢᠬᠢ ᠡᠨᠡᠳᠭᠡᠭ ᠮᠡᠷᠭᠡᠳ ᠤᠨ ᠵᠤᠬᠢᠶᠠᠭᠰᠡᠨ ᠲᠡᠭᠦᠰ ᠤᠳᠬᠠᠳᠦ᠂ ᠵᠤᠪᠠᠯᠠᠩ ᠢ ᠲᠡᠪᠴᠢᠭᠴᠢ᠂ ᠪᠦᠳᠦᠭᠡᠬᠦᠢ ᠬᠢᠴᠢᠶᠡᠯ ᠠᠪᠤᠭᠴᠢ ᠦᠨᠡᠨ ᠮᠠᠭᠠᠳ ᠱᠠᠰᠲᠢᠷ ᠤᠨ ᠡᠮᠬᠢᠳᠭᠡᠯ ᠪᠤᠯᠬᠤ ᠪᠠᠷ ᠪᠠᠷᠠᠬᠤ ᠦᠭᠡᠢ ᠲᠡᠭᠦᠨ ᠳᠤ ᠲᠦᠪᠡᠳ ᠪᠠ ᠬᠢᠲᠠᠳ ᠡᠷᠳᠡᠨ ᠤ ᠮᠡᠷᠭᠡᠳ ᠤᠨ ᠵᠤᠬᠢᠶᠠᠯ ᠴᠤ ᠬᠤᠷᠢᠶᠠᠭᠲᠠᠭᠰᠠᠨ ᠪᠠᠶᠢᠨ᠎ᠠ᠃ 1749 ᠤᠨ ᠤ ᠪᠡᠭᠡᠵᠢᠩ ᠮᠤᠳᠤᠨ ᠪᠠᠷ ᠤᠨ ᠰᠢᠩᠬᠤᠨ ᠦᠰᠦᠭ ᠤᠨ ᠮᠤᠩᠭᠤᠯ ︽ᠳ᠋ᠠᠨᠵᠤᠤᠷ︾ ᠤᠨ ᠪᠦᠭᠦᠯᠢ ᠠᠭᠤᠯᠭ᠎ᠠ ᠨᠢ ᠮᠠᠭᠲᠠᠭᠠᠯ ᠤᠨ ᠴᠢᠭᠤᠯᠭᠠᠨ᠂ ᠳ᠋ᠠᠨᠲᠠᠷ᠎ᠠ ᠶᠢᠨ ᠲᠠᠶᠢᠯᠪᠤᠷᠢ ᠪᠠ ᠰᠤᠳᠤᠷ ᠤᠨ ᠲᠠᠶᠢᠯᠪᠤᠷᠢ ᠭᠡᠵᠤ ᠭᠤᠷᠪᠠᠨ ᠬᠡᠰᠡᠭ ᠲᠤ ᠬᠤᠪᠢᠶᠠᠭᠳᠠᠵᠡᠢ᠃ ᠮᠠᠭᠲᠠᠭᠠᠯ  ᠤᠨ ᠴᠢᠭᠤᠯᠭᠠᠨ ᠤ 1 ᠪᠤᠳᠢ ᠳᠤ ᠶᠡᠷᠦ ᠶᠢᠨ ᠲᠠᠬᠢᠯ ᠦᠭᠦᠯᠡᠯ ᠤᠨ ᠶᠤᠰᠤᠭᠠᠷ ᠮᠠᠭᠲᠠᠭᠰᠠᠨ 63 ᠵᠤᠬᠢᠶᠠᠯ ᠪᠤᠢ︔ ᠳ᠋ᠠᠨᠲᠠᠷ᠎ᠠ ᠶᠢᠨ ᠲᠠᠶᠢᠯᠪᠤᠷᠢ ᠶᠢᠨ 86 ᠪᠤᠳᠢ ᠳᠤ 3017 ᠵᠤᠬᠢᠶᠠᠯ ᠪᠤᠢ︔ ᠰᠤᠳᠤᠷ ᠤᠨ ᠲᠠᠶᠢᠯᠪᠤᠷᠢ ᠶᠢᠨ 136 ᠪᠤᠳᠢ ᠳᠤ 781 ᠵᠤᠬᠢᠶᠠᠯ ᠪᠤᠢ︔ ᠪᠦᠭᠦᠳᠡ ᠨᠡᠶᠢᠯᠡᠭᠡᠳ 3861 ᠵᠤᠬᠢᠶᠠᠯ ᠪᠤᠢ︔ ᠳ᠋ᠠᠨᠲᠠᠷ᠎ᠠ ᠶᠢᠨ ᠲᠠᠶᠢᠯᠪᠤᠷᠢ ᠶᠢᠨ 86 ᠪᠤᠳᠢ ᠶᠢᠨ ᠲᠤᠳᠤᠷ᠎ᠠ ᠨᠢ ᠪᠠᠰᠠ ᠲᠦᠷᠪᠡᠨ ᠳ᠋ᠠᠨᠲᠠᠷ᠎ᠠ ᠶᠢᠨ ᠬᠤᠪᠢᠶᠠᠷᠢ ᠠᠭᠤᠯᠭ᠎ᠠ ᠲᠠᠢ᠃ ᠲᠡᠩᠰᠡᠯ ᠦᠭᠡᠢ ᠶᠤᠸᠠᠺᠠ ᠶᠢᠨ ᠳ᠋ᠠᠨᠲᠠᠷ᠎ᠠ ᠳᠤ ᠴᠠᠭ ᠤᠨ ᠬᠦᠷᠳᠦᠨ ᠤ ᠳ᠋ᠠᠨᠲᠠᠷ᠎ᠠ ᠶᠢᠨ 52 ᠵᠤᠬᠢᠶᠠᠯ᠂ ᠲᠡᠭᠡᠳᠦ ᠠᠮᠤᠭᠤᠯᠠᠩᠳᠦ ᠶᠢᠨ ᠳ᠋ᠠᠨᠲᠠᠷ᠎ᠠ ᠶᠢᠨ 205 ᠵᠤᠬᠢᠶᠠᠯ᠂ ᠪᠠᠶᠠᠰᠬᠤᠯᠠᠩᠳᠦ ᠸᠴᠢᠷ ᠤᠨ ᠳ᠋ᠠᠨᠲᠠᠷ᠎ᠠ  ᠶᠢᠨ 166 ᠵᠤᠬᠢᠶᠠᠯ᠂ ᠴᠤᠭᠳᠤ ᠲᠦᠷᠪᠡᠨ ᠳᠡᠪᠢᠰᠭᠡᠷᠳᠦ ᠶᠢᠨ ᠳ᠋ᠠᠨᠲᠠᠷ᠎ᠠ ᠶᠢᠨ 16 ᠵᠤᠬᠢᠶᠠᠯ᠂ ᠶᠡᠭᠡ ᠷᠢᠳᠢ ᠬᠤᠪᠢᠯᠭᠠᠳᠤ ᠡᠭᠡ ᠶᠢᠨ ᠳ᠋ᠠᠨᠲᠠᠷ᠎ᠠ ᠶᠢᠨ 26 ᠵᠤᠬᠢᠶᠠᠯ᠂ ᠪᠠᠽᠠᠷ ᠠᠮᠷᠢᠲᠠ ᠶᠢᠨ ᠳ᠋ᠠᠨᠲᠠᠷ᠎ᠠ ᠶᠢᠨ 2 ᠵᠤᠬᠢᠶᠠᠯ᠂ ᠪᠣᠳ᠋ᠳ᠋ᠾᠠ ᠬᠡᠪᠯᠡᠨ ᠶᠢᠨ ᠳ᠋ᠠᠨᠲᠠᠷ᠎ᠠ ᠶᠢᠨ 8 ᠵᠤᠬᠢᠶᠠᠯ᠂ ᠪᠣᠳ᠋ᠳ᠋ᠾᠠ ᠰᠠᠮ᠎ᠠ ᠶᠤᠸᠠᠺᠠ ᠶᠢᠨ ᠳ᠋ᠠᠨᠲᠠᠷ᠎ᠠ ᠶᠢᠨ 21 ᠵᠤᠬᠢᠶᠠᠯ ᠂ ᠳ᠋ᠠᠷ᠎ᠠ ᠡᠭᠡ ᠶᠢᠨ ᠳ᠋ᠠᠨᠲᠠᠷ᠎ᠠ ᠶᠢᠨ 92 ᠵᠤᠬᠢᠶᠠᠯ᠂ ᠨᠢᠬᠤᠴᠠ ᠬᠤᠷᠢᠶᠠᠩᠭᠤᠢ ᠶᠢᠨ ᠳ᠋ᠠᠨᠲᠠᠷ᠎ᠠ ᠶᠢᠨ 131 ᠵᠤᠬᠢᠶᠠᠯ᠂ ᠶᠠᠮᠠᠨᠳᠡᠭᠡ ᠶᠢᠨ ᠳ᠋ᠠᠨᠲᠠᠷ᠎ᠠ ᠶᠢᠨ 160 ᠵᠤᠬᠢᠶᠠᠯ᠂ ᠨᠠᠮ᠎ᠠ ᠰᠠᠩᠳᠢ ᠶᠢᠨ ᠳ᠋ᠠᠨᠲᠠᠷ᠎ᠠ ᠶᠢᠨ 31 ᠵᠤᠬᠢᠶᠠᠯ᠂ ᠶᠡᠭᠡ ᠠᠮᠤᠭᠤᠯᠠᠩᠳᠦ ᠡᠸ᠋ᠭᠡᠽᠠᠳᠢ ᠲᠡᠷᠢᠭᠦᠳᠠᠨ ᠤ ᠳ᠋ᠠᠨᠲᠠᠷ᠎ᠠ ᠶᠢᠨ 22 ᠵᠤᠬᠢᠶᠠᠯ᠂ ᠸᠴᠢᠷᠪᠠᠨᠢ ᠶᠢᠨ ᠳ᠋ᠠᠨᠲᠠᠷ᠎ᠠ ᠶᠢᠨ 67 ᠵᠤᠬᠢᠶᠠᠯ᠂ ᠲᠠᠩᠰᠠᠯ ᠦᠭᠡᠢ ᠶᠡᠷᠦ ᠶᠢᠨ ᠦᠵᠡᠯ ᠪᠢᠰᠢᠯᠭᠠᠯ ᠶᠠᠪᠤᠳᠠᠯ ᠦᠷ᠎ᠠ ᠲᠡᠷᠢᠭᠦᠳᠠᠨ ᠢ ᠦᠵᠡᠭᠦᠯᠦᠭᠰᠡᠨ ᠤ ᠠᠶᠢᠮᠠᠭ ᠤᠨ 262 ᠵᠤᠬᠢᠶᠠᠯ ᠪᠤᠢ︔ ᠶᠤᠸᠠᠺᠠ ᠶᠢᠨ ᠳ᠋ᠠᠨᠲᠠᠷ᠎ᠠ ᠳᠤ ᠶᠤᠸᠠᠺᠠ ᠶᠢᠨ ᠳ᠋ᠠᠨᠲᠠᠷ᠎ᠠ ᠶᠢᠨ ᠮᠦᠨ ᠴᠢᠨᠠᠷ ᠤᠨ ᠬᠤᠷᠢᠶᠠᠩᠭᠤᠢ ᠪᠠ ᠳᠡᠭᠡᠳᠦ ᠴᠤᠭᠳᠦ ᠬᠢᠭᠡᠳ ᠶᠠᠸ᠋ᠯᠢ ᠬᠤᠪᠢᠯᠭᠠᠨ ᠤ ᠲᠤᠤᠷ ᠤᠨ ᠠᠶᠢᠮᠠᠭ ᠤᠨ 30 ᠵᠤᠬᠢᠶᠠᠯ᠂ ᠨᠠᠮ ᠰᠠᠩᠭᠡᠳᠢ ᠶᠢ ᠶᠤᠸᠠᠺᠠ ᠶᠢᠨ ᠳ᠋ᠠᠨᠲᠠᠷ᠎ᠠ ᠶᠢᠨ ᠠᠶᠢᠮᠠᠭ ᠲᠤ ᠦᠵᠡᠭᠦᠯᠦᠭᠰᠡᠨ 95 ᠵᠤᠬᠢᠶᠠᠯ᠂ ᠬᠠᠮᠤᠭ ᠨᠢᠭᠤᠴᠠ ᠪᠠ ᠮᠠᠭᠤ ᠵᠠᠶᠠᠭᠠᠨ ᠢ ᠠᠷᠢᠯᠭᠠᠭᠴᠢ ᠳ᠋ᠠᠨᠲᠠᠷ᠎ᠠ ᠶᠢᠨ 34 ᠵᠤᠬᠢᠶᠠᠯ ᠪᠤᠢ︔ ᠶᠠᠪᠤᠳᠡᠯ ᠤᠨ ᠳ᠋ᠠᠨᠲᠠᠷ᠎ᠠ ᠳᠤ ᠪᠸᠧᠷᠤᠸᠠᠽᠠᠨ᠎ᠠ ᠢᠯᠡ ᠪᠣᠸᠠᠳ᠋ᠾᠢ ᠶᠢᠨ ᠳ᠋ᠠᠨᠲᠠᠷ᠎ᠠ ᠶᠢᠨ 34 ᠵᠤᠬᠢᠶᠠᠯ ᠪᠤᠢ︔ ᠦᠢᠯᠡ ᠶᠢᠨ ᠳ᠋ᠠᠨᠲᠠᠷ᠎ᠠ ᠳᠤ ᠮᠠᠨᠴᠤᠱᠷᠢᠢ᠂ ᠸᠴᠢᠷᠪᠠᠨᠢ᠂ ᠪᠠᠽᠢᠷ ᠪᠠᠳᠠᠷᠠᠨ᠎ᠠ᠂ ᠤᠰᠨᠢᠬ᠎ᠠ᠂ ᠠᠶᠤᠰᠢ᠂ ᠶᠡᠭᠡᠳᠡ ᠨᠢᠭᠦᠯᠡᠰᠦᠭᠴᠢ᠂ ᠬᠠᠶᠠᠩᠬᠢᠷᠸ᠎ᠠ᠂ ᠠᠽᠠᠯᠠ ᠲᠡᠷᠢᠭᠦᠲᠡᠨ ᠤ ᠳ᠋ᠠᠨᠲᠠᠷ᠎ᠠ ᠶᠢᠨ 360 ᠵᠤᠬᠢᠶᠠᠯ ᠪᠤᠢ︔ ᠲᠦᠷᠪᠡᠨ ᠳ᠋ᠠᠨᠲᠠᠷ᠎ᠠ ᠯᠤᠭ᠎ᠠ ᠪᠠᠷᠢᠯᠳᠤᠭᠰᠡᠨ ᠠᠶᠢᠮᠠᠭ ᠲᠤ ᠪᠦᠳᠦᠭᠡᠯ ᠤᠨ ᠠᠷᠭ᠎ᠠ ᠪᠠ ᠮᠠᠨᠳᠠᠯ ᠲᠡᠷᠢᠭᠦᠲᠡᠨ ᠤ 566 ᠵᠤᠬᠢᠶᠠᠯ᠂ ᠠᠶᠢᠮᠠᠭ ᠰᠠᠪᠠ ᠬᠢᠭᠡᠳ ᠶᠠᠷᠤᠩᠬᠡᠢ ᠳ᠋ᠠᠨᠲᠠᠷ᠎ᠠ ᠶᠢᠨ ᠪᠠᠶᠢᠳᠠᠯ ᠪᠠ ᠲᠠᠷᠨᠢ ᠶᠢᠨ ᠭᠦᠯᠭᠡᠨ ᠤ ᠲᠠᠩᠭᠠᠷᠢᠭ ᠲᠡᠷᠢᠭᠦᠲᠡᠨ ᠤ 46 ᠵᠤᠬᠢᠶᠠᠯ᠂ ᠠᠩᠬ᠎ᠠ ᠦᠢᠯᠡᠲᠡᠨ ᠤ ᠵᠠᠩ ᠦᠢᠯᠡ ᠶᠢᠨ ᠵᠡᠷᠭᠡ ᠪᠠ ᠨᠣᠮ ᠤᠨ ᠰᠠᠬᠢᠭᠤᠯᠰᠤᠨ ᠬᠢᠭᠡᠳ ᠡᠳ᠋ ᠤᠨ ᠲᠡᠭᠷᠢ ᠵᠢᠴᠢ ᠦᠯᠵᠡᠢ ᠬᠤᠳᠤᠭ ᠲᠡᠷᠢᠭᠦᠲᠡᠨ ᠤ 26 ᠵᠤᠬᠢᠶᠠᠯ᠂ ᠪᠣᠲᠠᠯᠠ ᠪᠠᠷ ᠤᠨ ᠦᠶ᠎ᠡ ᠳᠤ ᠰᠢᠨ᠎ᠡ ᠨᠡᠮᠡᠭᠰᠡᠨ ᠠᠪᠢᠰᠠᠩ ᠬᠢᠭᠡᠳ ᠬᠡᠳᠦᠯᠭᠡᠨ ᠦᠢᠯᠡᠳᠦᠭᠴᠢ ᠬᠤᠶᠠᠷ ᠵᠡᠷᠭᠡ ᠶᠢᠨ ᠬᠤᠪᠢ ᠡᠯᠳᠡᠪ ᠵᠦᠢᠯ ᠴᠢᠬᠤᠯᠠ ᠬᠡᠷᠡᠭᠳᠦ 278 ᠵᠤᠬᠢᠶᠠᠯ ᠪᠤᠢ︔ ᠰᠤᠳᠤᠷ ᠤᠨ ᠲᠠᠶᠢᠯᠪᠤᠷᠢ ᠶᠢᠨ 136 ᠪᠤᠳᠢ ᠶᠢᠨ ᠲᠤᠳᠤᠷ᠎ᠠ ᠨᠢ ᠪᠠᠰᠠ 16 ᠬᠤᠪᠢᠶᠠᠷᠢ ᠠᠭᠤᠯᠭ᠎ᠠ ᠲᠠᠢ᠃ ᠪᠢᠯᠢᠭ ᠪᠠᠷᠠᠮᠢᠳ ᠤᠨ ᠠᠶᠢᠮᠠᠭ ᠲᠤ ︽ᠵᠠᠭᠤᠨ ᠮᠢᠩᠭᠠᠳᠤ︾ ᠵᠡᠷᠭᠡ ᠵᠤᠬᠢᠶᠠᠯ ᠤᠨ ᠲᠠᠶᠢᠯᠪᠤᠷᠢ ᠲᠡᠷᠢᠭᠦᠲᠡᠨ 49 ᠵᠤᠬᠢᠶᠠᠯ ᠪᠤᠢ︔ ᠲᠦᠪ ᠦᠵᠡᠯ ᠤᠨ ᠠᠶᠢᠮᠠᠭ ᠲᠤ ᠲᠦᠪ ᠦᠵᠡᠯ ᠤᠨ ᠰᠤᠷᠭᠠᠯ ᠢ ᠡᠭᠦᠳᠦᠭᠴᠢ ᠨᠠᠺᠠᠨᠽᠤᠨ᠎ᠠ᠂ ᠠᠷᠢᠶᠠᠳᠧᠸ᠎ᠠ ᠶᠢᠨ ᠵᠤᠬᠢᠶᠠᠯ ᠤᠳ ᠪᠠ ᠲᠡᠭᠦᠨ ᠤ ᠲᠠᠶᠢᠯᠪᠤᠷᠢ ᠵᠤᠬᠢᠶᠠᠯ ᠤᠳ ᠵᠢᠴᠢ ᠱᠠᠨᠳᠢᠳᠧᠸ᠎ᠠ ᠶᠢᠨ ︽ᠪᠣᠸᠠᠳ᠋ᠾᠢ ᠽᠠᠷᠶ᠎ᠠ ᠠᠸᠠᠳ᠋ᠷ᠎ᠠ︾ ᠪᠣᠯᠤᠨ ᠲᠡᠭᠦᠨ ᠤ ᠲᠠᠶᠢᠯᠪᠤᠷᠢ ᠵᠡᠷᠭᠡ 256 ᠵᠣᠬᠢᠶᠠᠯ ᠪᠣᠢ︔ ᠡᠴᠦᠰ ᠵᠠᠷᠯᠢᠭ ᠤᠨ ᠬᠦᠷᠳᠦᠨ  ᠤ ᠡᠯᠳᠡᠪ ᠰᠤᠳᠤᠷ ᠤᠨ ᠲᠠᠶᠢᠯᠪᠤᠷᠢ ᠶᠢᠨ ᠠᠶᠢᠮᠠᠭ ᠲᠤ ︽ᠴᠠᠭᠠᠨ ᠯᠢᠩᠬᠤ᠎ᠠ ᠨᠡᠷᠡᠲᠦ ᠳᠡᠭᠡᠳᠦ ᠨᠣᠮ︾᠂ ︽ᠬᠤᠲᠤᠭᠲᠤ ᠯᠡᠩᠭᠡ ᠳᠤᠷ ᠠᠵᠢᠷᠠᠭᠰᠠᠨ ᠰᠤᠳᠤᠷ︾ ᠵᠡᠷᠭᠡ ᠲᠠᠶᠢᠯᠪᠤᠷᠢ 39 ᠵᠣᠬᠢᠶᠠᠯ ᠪᠤᠢ︔ ᠰᠡᠳᠬᠢᠯ ᠤᠨ ᠲᠡᠳᠦᠶᠢᠲᠡᠨ ᠤ ᠠᠶᠢᠮᠠᠭ ᠲᠤ ᠶᠤᠸᠠᠰᠽᠡᠷᠢ ᠶᠢᠨ ᠰᠤᠷᠭᠠᠯ ᠢ ᠡᠭᠦᠳᠦᠭᠴᠢ ᠠᠰᠠᠩᠭ᠎ᠠ ᠪᠠᠰᠤᠪᠠᠨᠲᠤ ᠶᠢᠨ ᠵᠣᠬᠢᠶᠠᠯ ᠤᠳ ᠪᠠ ᠲᠡᠭᠦᠨ ᠤ ᠲᠠᠶᠢᠯᠪᠤᠷᠢ ᠵᠡᠷᠭᠡ 65 ᠵᠣᠬᠢᠶᠠᠯ︔ ᠠᠩᠬ᠎ᠠ ᠵᠠᠷᠯᠢᠭ ᠤᠨ ᠬᠦᠷᠳᠦᠨ ᠤ ᠭᠤᠷᠪᠠᠨ ᠠᠶᠢᠮᠠᠭ ᠰᠠᠪᠠ  ᠶᠢᠨ ᠲᠠᠶᠢᠯᠪᠤᠷᠢ ᠶᠢᠨ ᠠᠶᠢᠮᠠᠭ ᠲᠤ ᠮᠤᠯᠤᠨ ᠲᠦᠢᠨ ᠤ ︽ᠶᠢᠷᠲᠢᠨᠴᠦ ᠶᠢᠨ ᠲᠡᠶᠢᠨ ᠢᠯᠭᠠᠯ︾ ᠲᠡᠷᠢᠭᠦᠲᠡᠨ ᠶᠢᠨ ᠠᠶᠢᠮᠠᠭ ᠰᠠᠪᠠ ᠶᠢᠨ ᠲᠠᠶᠢᠯᠪᠤᠷᠢ᠂ ᠳ᠋ᠾᠡᠷᠮ᠎ᠡ ᠶᠢᠨ ︽ᠵᠣᠷᠢᠭᠤᠳᠠ ᠥᠭᠦᠯᠡᠬᠦ ᠶᠢᠨ ᠴᠣᠮᠣᠷᠯᠢᠭ︾ ᠲᠡᠷᠢᠭᠦᠲᠡᠨ ᠰᠤᠳᠤᠷ ᠠᠪᠾᠢᠳ᠋ᠾᠠᠷᠮ᠎ᠠ ᠶᠢᠨ ᠠᠶᠢᠮᠠᠭ ᠰᠠᠪᠠ ᠶᠢᠨ ᠲᠠᠶᠢᠯᠪᠤᠷᠢ᠂ ︽ᠥᠪᠡᠷ᠎ᠡ ᠥᠪᠡᠷ᠎ᠡ ᠲᠣᠨᠢᠯᠭᠠᠭᠴᠢ ᠶᠢᠨ ᠰᠤᠳᠤᠷ  ᠤᠨ ᠭᠤᠣᠯ ᠲᠠᠶᠢᠯᠪᠤᠷᠢ︾ ᠲᠡᠷᠢᠭᠦᠲᠡᠨ ᠪᠢᠨᠠᠢ ᠶᠢᠨ ᠠᠶᠢᠮᠠᠭ ᠰᠠᠪᠠ ᠶᠢᠨ ᠲᠠᠶᠢᠯᠪᠤᠷᠢ ᠶᠢᠨ 62 ᠵᠣᠬᠢᠶᠠᠯ ᠪᠤᠢ︔ ᠪᠣᠳᠢᠰᠡᠸ᠋ᠸ᠎ᠠ ᠶᠢᠨ ᠡᠯᠳᠡᠪ ᠲᠥᠷᠥᠯ ᠤᠨ ᠴᠡᠳᠢᠭ ᠠᠶᠢᠮᠠᠭ ᠲᠤ ᠯᠣᠪᠤᠨᠪᠠᠪᠣᠦ ᠶᠢᠨ ︽ᠲᠥᠷᠥᠯ ᠤᠨ ᠴᠡᠳᠢᠭ︾ ᠪᠠ ᠲᠡᠭᠦᠨ ᠤ ᠲᠠᠶᠢᠯᠪᠤᠷᠢ ᠲᠡᠷᠢᠭᠦᠲᠡᠨ 8 ᠵᠣᠬᠢᠶᠠᠯ ᠪᠤᠢ︔ ᠭᠤᠷᠪᠠᠨ ᠠᠶᠢᠮᠠᠭ ᠵᠠᠷᠯᠢᠭ ᠤᠨ ᠬᠦᠷᠳᠦᠨ ᠯᠦᠭᠡ ᠪᠠᠷᠢᠯᠳᠤᠭᠰᠠᠨ ᠦᠭᠡ ᠥᠭᠦᠯᠡᠯ ᠪᠠ ᠢᠯᠡᠭᠡᠭᠰᠡᠨ ᠪᠢᠴᠢᠭ ᠤᠨ ᠠᠶᠢᠮᠠᠭ ᠲᠤ ᠨᠠᠺᠠᠨᠽᠤᠨ᠎ᠠ ᠶᠢᠨ ︽ᠬᠠᠭᠠᠨ ᠳᠤᠷ ᠥᠭᠦᠯᠡᠬᠦᠢ ᠡᠷᠳᠡᠨᠢ ᠶᠢᠨ ᠡᠷᠢᠬᠡ︾ ᠲᠡᠷᠢᠭᠦᠲᠡᠨ 41 ᠵᠣᠬᠢᠶᠠᠯ ᠪᠤᠢ︔ ᠰᠢᠯᠭᠠᠳᠠᠭ ᠤᠬᠠᠭᠠᠨ ᠤ ᠠᠶᠢᠮᠠᠭ ᠲᠤ ᠰᠢᠯᠭᠠᠳᠠᠭ ᠤᠬᠠᠭᠠᠨ ᠤ ᠶᠡᠭᠡ ᠪᠠᠭᠰᠢ ᠳ᠋ᠢᠩᠨᠠᠭ᠎ᠠ᠂ ᠳ᠋ᠾᠡᠷᠮᠡᠬᠢᠷᠳᠢ ᠶᠢᠨ ᠵᠣᠬᠢᠶᠠᠯ ᠤᠳ ᠪᠠ ᠲᠡᠳᠡᠭᠡᠷ ᠤᠨ ᠲᠠᠶᠢᠯᠪᠤᠷᠢ ᠲᠡᠷᠢᠭᠦᠲᠡᠨ 67 ᠵᠣᠬᠢᠶᠠᠯ ᠪᠤᠢ︔ ᠳᠠᠭᠤᠨ ᠤᠬᠠᠭᠠᠨ ᠤ ᠠᠶᠢᠮᠠᠭ ᠲᠤ ᠠᠮᠠᠷ᠎ᠠ ᠰᠢᠨᠭᠡᠾ᠎ᠡ ᠶᠢᠨ ︽ᠠᠮᠠᠷ᠎ᠠ ᠭᠾᠤᠸᠠᠰ‌ᠠ᠋ ᠱᠠᠰᠲᠢᠷ︾᠂ ᠲᠡᠨᠳᠢᠨ ᠤ ︽ᠵᠣᠬᠢᠰᠲᠤ ᠠᠶᠠᠯᠭᠤᠨ ᠤ ᠲᠣᠯᠢ︾᠂ ᠭᠠᠯᠢᠳᠠᠰᠠ ᠶᠢᠨ ︽ᠡᠭᠦᠯᠡᠨ ᠵᠠᠷᠤᠳᠠᠰᠤᠨ︾ ᠵᠡᠷᠭᠡ 27 ᠵᠣᠬᠢᠶᠠᠯ ᠪᠤᠢ︔ ᠲᠡᠵᠢᠭᠡᠬᠦᠢ ᠤᠬᠠᠭᠠᠨ ᠤ ᠠᠶᠢᠮᠠᠭ ᠲᠤ ᠫᠠᠺᠦᠸᠡᠯ ︽ᠨᠠᠢᠮᠠᠨ ᠭᠡᠰᠢᠭᠦᠨᠲᠦ︾ ᠪᠠ ᠲᠡᠭᠦᠨ ᠤ ᠲᠠᠶᠢᠯᠪᠤᠷᠢ ᠽᠠᠨᠳ᠋ᠷ᠎ᠡ ᠨᠠᠨᠳᠠᠨ᠎ᠠ ᠶᠢᠨ ︽ᠰᠠᠷᠠᠨ ᠤ ᠭᠡᠷᠡᠯ︾ ᠵᠡᠷᠭᠡ 8 ᠵᠣᠬᠢᠶᠠᠯ ᠪᠤᠢ︔ ᠤᠷᠠᠯᠠᠬᠤᠢ ᠤᠬᠠᠭᠠᠨ ᠤ ᠠᠶᠢᠮᠠᠭ ᠲᠤ ︽ᠪᠤᠷᠬᠠᠨ ᠤ ᠪᠡᠶ᠎ᠡ ᠶᠢᠨ ᠳᠦᠷᠰᠦ ᠬᠥᠷᠥᠭ ᠤᠨ ᠪᠡᠯᠭᠡ ᠴᠢᠨᠠᠷ ᠠᠷᠪᠠᠨ ᠲᠥᠭᠡ ᠠᠶ᠎ᠠ ᠭᠷᠤᠳ᠋ᠾ‌ᠠ᠋ ᠮᠣᠳᠣᠨ ᠮᠡᠲᠦ ᠨᠡᠩ ᠲᠤᠷᠰᠢ ᠰᠠᠴᠠᠭᠤ ᠬᠡᠮᠡᠭᠳᠡᠬᠦ︾ ᠲᠡᠷᠢᠭᠦᠲᠡᠨ ᠪᠠ ᠵᠢᠷᠤᠬᠠᠢ ᠵᠡᠷᠭᠡ ᠶᠢᠨ 16 ᠵᠣᠬᠢᠶᠠᠯ ᠪᠤᠢ︔ ᠶᠡᠷᠦᠩᠬᠡᠢ ᠶᠣᠰᠣᠨ ᠤ ᠱᠠᠰᠲᠢᠷ ᠤᠨ ᠠᠶᠢᠮᠠᠭ ᠲᠤ ᠨᠠᠺᠠᠨᠽᠣᠨ᠎ᠠ ᠶᠢᠨ ︽ᠵᠠᠭᠤᠨ ᠪᠢᠯᠢᠭᠲᠦ︾ ᠲᠡᠷᠢᠭᠦᠲᠡᠨ 11 ᠵᠣᠬᠢᠶᠠᠯ ᠪᠤᠢ︔ ᠲᠥᠪᠡᠳ ᠤᠨ ᠡᠷᠲᠡᠨ ᠤ ᠮᠡᠷᠭᠡᠳ ᠤᠨ ᠵᠣᠬᠢᠶᠠᠭᠰᠠᠨ ᠱᠠᠰᠲᠢᠷ ᠪᠠ ᠵᠣᠬᠢᠶᠠᠭᠴᠢ ᠨᠢ ᠲᠣᠳᠣᠷᠬᠠᠢ ᠦᠭᠡᠢ ᠨᠣᠮ ᠤᠨ ᠠᠶᠢᠮᠠᠭ ᠲᠤ ᠺᠷᠢᠽᠤᠭ᠍ᠳᠧᠪᠽᠠᠨ ᠬᠠᠭᠠᠨ ᠤ ᠦᠶ᠎ᠡ ᠳᠤ ᠣᠯᠠᠨ ᠪᠠᠨᠳᠢᠳᠠ ᠬᠡᠯᠡᠮᠦᠷᠴᠢ ᠨᠠᠷ ᠤᠨ ᠨᠠᠶᠢᠷᠠᠭᠤᠯᠤᠭᠰᠠᠨ ︽ᠢᠯᠭᠠᠯ ᠢ ᠣᠨᠣᠭᠤᠯᠤᠭᠴᠢ︾᠂ ᠠᠨᠤ ᠪᠠᠭᠰᠢ ᠶᠢᠨ ︽ᠭᠤᠴᠢᠲᠤ︾ ᠬᠢᠭᠡᠳ ︽ᠲᠡᠮᠳᠡᠭ ᠤᠨ ᠣᠷᠣᠯᠭ᠎ᠠ︾᠂ ᠭᠠᠸᠠᠪᠠᠯᠵᠢᠭ ᠨᠠᠷ ᠤᠨ ᠨᠠᠶᠢᠷᠠᠭᠤᠯᠤᠭᠰᠠᠨ ︽ᠳ᠋ᠠᠭᠠᠷ ᠭᠠᠷᠴᠠᠭ︾ ᠵᠡᠷᠭᠡ 31 ᠵᠣᠬᠢᠶᠠᠯ ᠪᠤᠢ︔ ᠪᠤᠲᠠᠯᠠ ᠪᠠᠷ ᠤᠨ ᠦᠶ᠎ᠡ ᠳᠤ ᠰᠢᠨ᠎ᠡ ᠨᠡᠮᠡᠭᠰᠡᠨ ᠡᠯᠳᠡᠪ ᠱᠠᠰᠲᠢᠷ ᠤᠨ ᠠᠶᠢᠮᠠᠭ ᠲᠤ ᠪᠢᠯᠢᠭ ᠪᠠᠷᠠᠮᠢᠳ᠂ ᠠᠪᠾᠢᠳ᠋ᠾᠢᠷᠮ᠎ᠠ᠂ ᠳᠠᠭᠤᠨ ᠤᠬᠠᠭᠠᠨ᠂ ᠲᠡᠵᠢᠭᠡᠬᠦᠢ ᠤᠬᠠᠭᠠᠨ ᠲᠡᠷᠢᠭᠦᠲᠡᠨ ᠤ ᠱᠠᠰᠲᠢᠷ ᠤᠳ 53 ᠵᠣᠬᠢᠶᠠᠯ ᠪᠤᠢ︔ ᠪᠤᠲᠠᠯᠠ ᠪᠠᠷ ᠤᠨ ᠦᠶ᠎ᠡ  ᠳᠤ ᠰᠢᠨ᠎ᠡ ᠨᠡᠮᠡᠭᠰᠡᠨ ᠲᠥᠪᠡᠳ ᠤᠨ ᠡᠷᠲᠡᠨ ᠤ ᠮᠡᠷᠭᠡᠳ ᠤᠨ ᠵᠣᠬᠢᠶᠠᠭᠰᠠᠨ ᠱᠠᠰᠲᠢᠷ ᠤᠨ ᠠᠶᠢᠮᠠᠭ ᠲᠤ 7 ᠵᠣᠬᠢᠶᠠᠯ ᠪᠤᠢ︔ ᠵᠣᠷᠢᠬᠤᠢ ᠢᠷᠦᠭᠡᠯ ᠬᠢᠭᠡᠳ ᠥᠯᠵᠡᠢ ᠬᠤᠲᠤᠭ ᠤᠨ ᠠᠶᠢᠮᠠᠭ ᠲᠤ ︽ᠬᠤᠲᠤᠭᠲᠤ ᠰᠠᠶᠢᠨ ᠶᠠᠪᠤᠳᠠᠯ ᠤᠨ ᠢᠷᠦᠭᠡᠯ ᠤᠨ ᠬᠠᠭᠠᠨ︾ ᠲᠡᠷᠢᠭᠦᠲᠡᠨ ᠪᠠ ᠯᠠᠴᠸᠠ ᠭᠤᠮᠪᠠᠷᠠᠪᠰᠠᠯ ᠤᠨ ︽ᠨᠣᠮ ᠤᠨ ᠥᠭᠯᠢᠭᠡ ᠶᠢᠨ ᠵᠣᠷᠢᠯᠭ᠎ᠠ︾ ᠬᠢᠭᠡᠳ ︽ᠨᠣᠮ ᠤᠨ ᠥᠭᠯᠢᠭᠡ ᠶᠢᠨ ᠥᠴᠥᠬᠡᠨ ᠵᠣᠷᠢᠯᠭ᠎ᠠ︾ ᠵᠡᠷᠭᠡ 38 ᠵᠣᠬᠢᠶᠠᠯ ᠪᠤᠢ︔ ᠬᠤᠷᠢᠶᠠᠩᠭᠤᠶᠢᠯᠠᠪᠠᠯ᠂ ᠰᠤᠳᠤᠷ ᠤᠨ ᠲᠠᠶᠢᠯᠪᠤᠷᠢ ᠶᠢᠨ ᠬᠡᠰᠡᠭ ᠲᠤ ᠳᠣᠲᠣᠭᠠᠳᠤ ᠤᠬᠠᠭᠠᠨ ᠤ ᠪᠡᠯᠭᠡ ᠴᠢᠨᠠᠷ ᠤᠨ ᠠᠶᠢᠮᠠᠭ᠂ ᠨᠤᠲᠠᠯᠠᠬᠤᠢ ᠤᠬᠠᠭᠠᠨ᠂ ᠳᠠᠭᠤᠨ ᠤᠬᠠᠭᠠᠨ᠂ ᠲᠡᠵᠢᠭᠡᠬᠦᠢ ᠤᠬᠠᠭᠠᠨ᠂ ᠤᠷᠠᠯᠠᠬᠤᠢ ᠤᠬᠠᠭᠠᠨ ᠵᠡᠷᠭᠡ ᠲᠠᠪᠤᠨ ᠤᠬᠠᠭᠠᠨ ᠤ ᠱᠠᠰᠲᠢᠷ ᠤᠳ ᠪᠠᠭᠲᠠᠵᠠᠢ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号