ᠲᠠᠲ᠋ᠠᠷ ᠤᠨ ᠬᠠᠨᠯᠢᠭ
ᠨᠡᠶᠢᠲᠡᠯᠡᠭᠰᠡᠨ ᠴᠠᠭ᠄
2020/3/4
   ᠲᠠᠲ᠋ᠠᠷᠴᠣᠳ ᠪᠤᠯ ᠮᠣᠩᠭᠤᠯ ᠤᠨ ᠦᠷᠭᠡᠨ ᠠᠭᠤᠳᠠᠮ ᠨᠣᠲᠤᠭ ᠢᠶᠠᠷ ᠮᠠᠯ ᠮᠠᠯᠯᠠᠨ ᠪᠠᠰᠠ ᠪᠠᠭ᠎ᠠ ᠰᠠᠭ᠋ ‍ᠠ᠋ ᠲᠠᠷᠢᠶᠠᠯᠠᠩ ᠡᠷᠬᠢᠯᠡᠨ ᠠᠮᠢᠳᠤᠷᠠᠵᠤ ᠪᠠᠶᠢᠭᠰᠠᠨ ᠡᠷᠲᠡᠨ ᠤ ᠠᠶᠢᠮᠠᠭ ᠶᠤᠮ᠃ ᠲᠠᠲ᠋ᠠᠷ ᠤᠨ ᠨᠣᠲᠤᠭ ᠳᠡᠪᠢᠰᠭᠡᠷ ᠬᠠᠷᠢᠴᠠᠩᠭᠤᠢ ᠠᠭᠤᠳᠠᠮ᠂ ᠬᠦᠮᠦᠨ ᠠᠮᠠ ᠣᠯᠠᠨ᠂ ᠠᠵᠤ ᠠᠬᠤᠢ ᠨᠢ ᠰᠦᠷᠡᠬᠡᠢ ᠬᠦᠭᠵᠢᠭᠰᠡᠨ ᠪᠠᠶᠢᠭᠰᠠᠨ ᠣᠴᠢᠷ ᠨᠢᠭᠡᠨ ᠦᠶ᠎ᠡ ᠳᠡᠭᠡᠨ ᠨᠡᠯᠢᠶᠡᠳ ᠬᠦᠴᠣᠷᠬᠡᠭ ᠠᠶᠢᠮᠠᠭ ᠪᠠᠶᠢᠪᠠ᠃ 8 ᠳ᠋ᠣᠭᠠᠷ ᠵᠠᠭᠤᠨ ᠤ ᠦᠶ᠎ᠡ ᠠᠴᠠ ᠬᠤᠶᠢᠰᠢ ᠪᠠᠷᠤᠭ 260 — ‍ᠭᠠᠳ ᠵᠢᠯ ᠤᠨ ᠲᠤᠷᠰᠢ ᠬᠢᠲᠠᠳ ᠰᠤᠳᠤᠷ ᠲᠤ ᠲᠠᠲ᠋ᠠᠷᠴᠣᠳ ᠢ ᠡᠷᠬᠢᠯᠡᠬᠦ ᠠᠵᠢᠯ᠂ ᠡᠷᠬᠢᠮᠯᠡᠬᠦ ᠦᠩᠭᠡ᠂ ᠣᠷᠣᠰᠢᠬᠤ ᠵᠦᠭ᠂ ᠠᠶᠢᠮᠠᠭ ᠤᠨ ᠲᠤᠭ᠋ ‍ᠠ᠋ ᠪᠠᠷ ᠬᠠᠷ᠎ᠠ ᠲᠡᠷᠭᠡᠲᠦ᠂ ᠴᠠᠭᠠᠨ ᠲᠠᠲ᠋ᠠᠷ᠂ ᠪᠤᠶᠢᠷᠭᠤᠳ᠂ ᠠᠯᠣᠬᠠᠢ᠂ ᠠᠶᠢᠷᠭᠤᠳ ᠪᠤᠯᠤᠨ ᠪᠠᠷᠠᠭᠤᠨ᠂ ᠡᠮᠣᠨᠡᠳᠣ᠂ ᠵᠡᠭᠦᠨ ᠲᠠᠲ᠋ᠠᠷ᠂ ᠶᠢᠰᠣᠨ ᠭᠡᠬᠦ ᠮᠡᠲᠣ ᠪᠠᠷ ᠨᠡᠷᠡᠯᠡᠵᠤ ᠪᠠᠶᠢᠪᠠ᠃ ᠲᠠᠲ᠋ᠠᠷ ᠤᠳ ᠡᠷᠲᠠ ᠴᠠᠭ ᠠᠴᠠ ᠣᠯᠠᠨ ᠠᠶᠢᠮᠠᠭ ᠢ ᠡᠵᠡᠯᠡᠨ ᠵᠠᠬᠢᠷᠴᠤ᠂ ᠲᠡᠳᠡᠨ ᠤ ᠰᠦᠷ ᠬᠦᠴᠦᠨ ᠡᠷᠬᠢᠮᠯᠡᠭᠳᠡᠬᠦ ᠪᠠᠶᠢᠳᠠᠯ ᠪᠤᠰᠤᠳ ᠠᠶᠢᠮᠠᠭ ᠠᠴᠠ ᠲᠡᠭᠡᠭᠦᠷ ᠪᠠᠶᠢᠭᠰᠠᠨ ᠣᠴᠢᠷ ᠠᠴᠠ ᠨᠦᠭᠦᠭᠡ ᠠᠶᠢᠮᠠᠭ ᠤᠳ ᠨᠢ ᠲᠠᠲ᠋ᠠᠷ ᠨᠡᠷ᠎ᠡ ᠶᠢᠨ ᠳᠤᠣᠷ᠎ᠠ ᠶᠠᠪᠣᠬᠤ ᠪᠤᠯᠵᠤ ᠪᠠᠶᠢᠭᠰᠠᠨ ᠪᠠᠶᠢᠨ᠎ᠠ᠃ ᠡᠨᠡ ᠨᠢ 12 ᠳ᠋ᠣᠭᠠᠷ ᠵᠠᠭᠤᠨ ᠤ ᠡᠮᠦᠨᠡᠬᠢ ᠶᠠᠪᠣᠳᠠᠯ ᠶᠤᠮ᠃ ᠲᠦᠷᠺ ᠤᠳ ᠲᠡᠳᠡᠭᠡᠷ ᠠᠶᠢᠮᠠᠭ ᠢ ᠣᠭᠤᠵᠠ — ᠲᠠᠲ᠋ᠠᠷ / ᠭᠤᠴᠢᠨ ᠲᠠᠲ᠋ᠠᠷ /᠂ ᠲᠤᠺᠤᠵᠠ — ᠲᠠᠲ᠋ᠠᠷ / ᠶᠢᠰᠣᠨ ᠲᠠᠲ᠋ᠠᠷ / ᠭᠡᠵᠦ ᠨᠡᠷᠡᠯᠡᠭᠰᠡᠨ ᠪᠣᠯᠣᠯᠲᠠᠢ᠃ ᠭᠤᠴᠢᠨ ᠲᠠᠲ᠋ᠠᠷ ᠨᠢ ᠰᠢᠪᠧ ᠤᠨ ᠣᠯᠠᠨ ᠠᠶᠢᠮᠠᠭ ᠤᠨ ᠨᠢᠭᠡ ᠬᠡᠰᠡᠭ ᠪᠠᠶᠢᠵᠠᠢ᠃ ᠣᠮᠠᠷᠠᠲᠣ ᠰᠢᠪᠧ ᠤᠨ ᠶᠢᠰᠣᠨ ᠠᠶᠢᠮᠠᠭ ᠨᠢ 10 ᠳ᠋ᠣᠭᠠᠷ ᠵᠠᠭᠤᠨ ᠤ ᠡᠬᠢᠨ ᠦᠶ᠎ᠡ ᠳᠤ ᠬᠦᠯᠦᠨ ᠪᠣᠶᠢᠷ ᠢᠶᠠᠷ ᠨᠣᠲᠤᠭᠯᠠᠵᠦ ᠪᠠᠶᠢᠭᠰᠠᠨ ᠶᠢᠰᠣᠨ ᠲᠠᠲ᠋ᠠᠷ ᠲᠠᠢ ᠠᠶᠢᠮᠠᠭ ᠤᠨ ᠲᠤᠭ᠋ ‍ᠠ᠋᠂ ᠨᠣᠲᠤᠭ ᠳᠡᠪᠢᠰᠬᠡᠷ  ᠢᠶᠠᠷ ᠢᠶᠠᠨ ᠲᠤᠬᠢᠷᠠᠵᠦ ᠪᠠᠶᠢᠪᠠ᠃ ᠬᠠᠷ᠎ᠠ ᠲᠡᠷᠭᠡᠲᠦ ᠲᠠᠲ᠋ᠠᠷ ᠨᠠᠷ ᠨᠢ ᠬᠠᠷ᠎ᠠ ᠲᠡᠷᠭᠡᠲᠦ ᠰᠢᠪᠧ ᠤᠨ ᠣᠳᠣᠮ ᠪᠣᠯᠣᠯᠲᠠᠢ ᠪᠠᠶᠢᠳᠠᠭ᠃ ᠶᠢᠨ ᠱᠠᠩ ᠠᠭᠤᠯᠠ᠂ ᠬᠠᠷᠠᠭ᠎ᠠ ᠭᠤᠣᠯ ᠤᠨ ᠬᠠᠪᠢ ᠳᠤ ᠪᠠᠶᠢᠭᠰᠠᠨ ᠴᠠᠭᠠᠨ ᠲᠠᠲ᠋ᠠᠷ ᠤᠳ ᠬᠢᠳᠠᠨ ᠤ ᠲᠡᠣᠬᠡᠨ ᠳᠤ ᠭᠠᠭᠴᠠ ᠣᠳᠠᠭ᠎ᠠ 1124 ᠣᠨ ᠳᠤ ᠳᠠᠭᠤᠷᠢᠰᠣᠭᠳᠠᠵᠣ ᠪᠠᠶᠢᠨ᠎ᠠ᠃ ᠴᠠᠭᠠᠨ ᠲᠠᠲ᠋ᠠᠷ ᠤᠳ ᠬᠤᠵᠢᠮ 12 ᠳ᠋ᠣᠭᠠᠷ ᠵᠠᠭᠤᠨ ᠤ ᠦᠶ᠎ᠡ ᠳᠤ ᠣᠮᠠᠷᠠᠲᠣ ᠵᠦᠭ ᠲᠤ ᠪᠤᠶᠢᠷ ᠣᠷᠴᠢᠮ ᠳᠤ ᠰᠢᠯᠵᠢᠨ ᠣᠴᠢᠭᠰᠠᠨ ᠠᠵᠠᠢ᠃ ᠲᠠᠲ᠋ᠠᠷ ᠤᠳ ᠢ ᠡᠷᠲᠠ ᠴᠠᠭ ᠲᠤ ᠳᠦᠷᠪᠡᠨ᠂ ᠰᠠᠯᠵᠢᠭᠤᠳ᠂ ᠬᠠᠲᠠᠬᠢᠨ ᠨᠠᠷ ᠲᠠᠢ ᠨᠢᠭᠡᠳᠴᠦ᠂ ᠠᠨᠺᠠᠷᠠ ᠭᠡᠳᠡᠭ ᠮᠦᠷᠡᠨ ᠤ ᠠᠳᠠᠭ ᠲᠤ ᠨᠣᠲᠤᠭᠯᠠᠵᠦ ᠪᠠᠶᠢᠭᠰᠠᠨ ᠭᠡᠵᠦ ᠲᠡᠣᠬᠡᠨ ᠳᠤ ᠴᠤᠬᠤᠰ ᠳᠣᠷᠠᠳᠣᠭᠳᠠᠵᠠᠢ᠃    12 ᠳ᠋ᠣᠭᠠᠷ ᠵᠠᠭᠤᠨ ᠤ ᠦᠶ᠎ᠡ ᠳᠤ ᠲᠠᠲ᠋ᠠᠷ ᠤᠳ ᠬᠡᠳᠦᠨ ᠲᠣᠮᠣ ᠠᠶᠢᠮᠠᠭ ᠲᠤ ᠬᠤᠪᠢᠶᠠᠭᠳᠠᠵᠤ ᠪᠠᠶᠢᠵᠠᠢ᠃ ᠲᠠᠲ᠋ᠠᠷ ᠠᠶᠢᠮᠠᠭ ᠤᠳ ᠤᠨ ᠳᠤᠮᠳᠠ ᠲᠤᠲ᠋ᠤᠺᠤᠯᠢᠤᠲ ᠠᠶᠢᠮᠠᠭ ᠬᠠᠮᠤᠭ ᠤᠨ ᠨᠡᠷ᠎ᠡ ᠬᠦᠨᠳᠦᠲᠠᠢ ᠨᠢ ᠪᠠᠶᠢᠵᠠᠢ᠃ ᠡᠨᠡ  ᠨᠢ ᠲᠠᠲ᠋ᠠᠷ ᠤᠨ ᠳᠤᠮᠳᠠ ᠨᠣᠶᠠᠯᠠᠬᠤ ᠠᠶᠢᠮᠠᠭ ᠪᠠᠰᠠ ᠲᠤᠪᠣᠶᠢᠨ ᠭᠠᠷᠴᠤ ᠪᠠᠶᠢᠭᠰᠠᠨ ᠤ ᠬᠡᠷᠡᠴᠢ ᠮᠦᠨ᠃ ᠲᠠᠲ᠋ᠠᠷ ᠤᠨ ᠲᠤᠲ᠋ᠤᠺᠤᠯᠢᠤᠲ᠂ ᠠᠯᠴᠢ᠂ ᠴᠠᠭᠠᠨ᠂ ᠺᠤᠶᠢᠨ᠂ ᠲᠧᠷᠠᠲ᠂ ᠪᠠᠷᠺᠤᠢ ᠵᠡᠷᠭᠡ 6 ᠠᠶᠢᠮᠠᠭ ᠤᠨ ᠵᠤᠩᠭᠢᠯᠠᠭᠴᠢᠳ ᠲᠤᠰ ᠲᠤᠰ ᠲᠠᠭᠠᠨ ᠰᠢᠯᠢᠳᠡᠭ ︽ᠴᠡᠷᠢᠭ ᠨᠦᠬᠦᠳ︾ ᠲᠠᠢ ᠪᠠᠶᠢᠵᠠᠢ᠃ ᠲᠠᠲ᠋ᠠᠷ ᠤᠨ ᠵᠠᠷᠢᠮ ᠲᠡᠷᠢᠭᠦᠨ ᠨᠠᠷ ᠤᠨ ᠨᠡᠷ᠎ᠡ ᠠᠯᠳᠠᠷ ᠢ ᠨᠤᠷ ᠪᠤᠶᠤᠷᠤᠺ ᠬᠠᠨ ᠭᠡᠵᠦ ᠲᠡᠮᠳᠡᠭᠯᠡᠨ ᠦᠯᠡᠳᠡᠭᠡᠵᠡᠢ᠃ ᠡᠨᠡ ᠨᠢ ᠲᠠᠲ᠋ᠠᠷ ᠲᠤ 10 ᠳ᠋ᠣᠭᠠᠷ ᠵᠠᠭᠤᠨ ᠤ ᠬᠠᠨᠯᠢᠭ / ᠬᠠᠨ ᠪᠦᠬᠦᠢ ᠠᠶᠢᠮᠠᠭ ᠤᠨ ᠲᠣᠮᠣ ᠬᠤᠯᠪᠤᠭ᠋ ‍ᠠ᠋ / ᠲᠤᠭᠳᠠᠵᠤ ᠡᠬᠢᠯᠡᠭᠰᠡᠨ ᠤ ᠲᠡᠮᠳᠡᠭ ᠮᠦᠨ ᠪᠣᠯᠣᠯᠲᠠᠢ᠃ ᠲᠠᠲ᠋ᠠᠷ ᠤᠳ ᠬᠢᠳᠠᠨ᠂ ᠠᠯᠳᠠᠨ ᠣᠯᠤᠰ ᠤᠨ ᠳᠦᠷᠢᠮᠡᠬᠡᠶᠢᠯᠡᠯ ᠳᠤ ᠡᠷᠡᠰᠳᠡᠨ ᠲᠡᠳᠡᠨ ᠤ ᠬᠠᠷᠢᠶᠠᠲᠦ ᠪᠤᠯᠵᠤ ᠪᠠᠶᠢᠵᠠᠢ ᠃ ᠲᠡᠣᠬᠡ ᠶᠢᠨ ᠪᠠᠷᠢᠮᠲᠠ ᠠᠴᠠ ᠦᠵᠡᠪᠡᠯ᠂ 1135 — 36 ᠣᠨ ᠳᠤ ᠬᠠᠮᠤᠭ ᠮᠣᠩᠭᠤᠯ᠂ ᠠᠯᠳᠠᠨ ᠭᠡᠰᠡᠨ 2 ᠣᠯᠤᠰ ᠤᠨ ᠬᠤᠭᠤᠷᠣᠨᠳᠣ ᠶᠢᠨ ᠬᠠᠷᠢᠯᠴᠠᠭ᠋ ‍ᠠ᠋ ᠬᠤᠷᠴᠠᠳᠤᠭᠰᠠᠨ ᠴᠠᠭ ᠠᠴᠠ ᠬᠤᠶᠢᠰᠢ ᠲᠠᠲ᠋ᠠᠷ ᠤᠳ ᠠᠯᠳᠠᠨ ᠣᠯᠤᠰ ᠤᠨ ᠲᠦᠯᠬᠢᠶᠡᠰᠦ ᠪᠠᠷ ᠮᠣᠩᠭᠤᠯᠴᠣᠳ ᠲᠠᠢ ᠡᠪᠳᠡᠷᠡᠯᠴᠡᠵᠤ ᠡᠬᠢᠯᠡᠭᠰᠡᠨ ᠪᠠᠶᠢᠨ᠎ᠠ᠃ ᠲᠠᠲ᠋ᠠᠷ ᠤᠳ ᠮᠣᠩᠭᠤᠯ  ᠢ ᠳᠠᠶᠢᠰᠣᠩᠨᠠᠭᠰᠠᠨ ᠤ ᠡᠬᠢᠯᠡᠯ ᠨᠢ ᠬᠠᠪᠣᠯ ᠬᠠᠭᠠᠨ ᠤ ᠠᠬᠠᠮᠠᠳ ᠬᠦᠦ ᠦᠬᠢᠨ ᠪᠠᠷᠬᠠᠭ ᠢ ᠭᠡᠨᠡᠳᠡᠭᠦᠯᠦᠨ ᠪᠠᠷᠢᠵᠦ ᠲᠡᠭᠦᠨ ᠢ ᠠᠯᠳᠠᠨ ᠣᠯᠤᠰ ᠤᠨ ᠬᠠᠭᠠᠨ ᠳᠤ ᠬᠦᠷᠭᠡᠭᠦᠯᠦᠨ ᠠᠯᠠᠭᠤᠯᠣᠭᠰᠠᠨ ᠶᠠᠪᠣᠳᠠᠯ ᠪᠤᠯᠤᠨ᠎ᠠ᠃ ᠲᠡᠷᠡ ᠶᠠᠪᠤᠳᠠᠯ ᠢ ᠰᠢᠯᠳᠠᠭ ᠪᠣᠯᠭᠠᠨ ᠬᠠᠪᠣᠯ ᠬᠠᠭᠠᠨ ᠤ ᠬᠦᠦ ᠬᠠᠳᠠᠭᠠᠨ ᠪᠠᠭᠠᠳᠤᠷ ᠲᠠᠲ᠋ᠠᠷ ᠤᠨ ᠮᠠᠲᠠᠷ / ᠮᠡᠨᠡᠩ / ᠭᠡᠳᠡᠭ ᠨᠣᠶᠠᠨ  ᠲᠠᠢ 2 ᠣᠳᠠᠭ᠎ᠠ ᠬᠦᠴᠦᠳᠡᠢ ᠲᠤᠯᠤᠯᠳᠤᠭᠰᠠᠨ ᠪᠠᠶᠢᠨ᠎ᠠ᠃    ᠲᠠᠲ᠋ᠠᠷ ᠤᠳ ᠪᠠᠰᠠ ᠬᠠᠪᠣᠯ ᠬᠠᠭᠠᠨ ᠤ ᠬᠦᠦ ᠬᠠᠳᠠᠭᠠᠨ ᠪᠠᠭᠠᠲᠤᠷ ᠢ ᠪᠠᠷᠢᠵᠦ ᠠᠯᠳᠠᠨ ᠣᠯᠤᠰ ᠲᠤ ᠬᠦᠷᠭᠡᠭᠦᠯᠵᠤ ᠠᠯᠠᠭᠤᠯᠣᠭᠰᠠᠨ ᠣᠴᠢᠷ ᠠᠴᠠ / ᠬᠠᠪᠣᠯ ᠬᠠᠭᠠᠨ ᠤ ᠬᠠᠲᠤᠨ ᠤ ᠲᠡᠭᠦᠦ / ᠰᠠᠶᠢᠨ ᠲᠧᠭᠢᠨ᠂ ᠬᠠᠳᠠᠭᠠᠨ ᠪᠠᠭᠠᠲᠤᠷ ᠤᠨ ᠲᠦᠯᠦᠭᠡ ᠲᠠᠲ᠋ᠠᠷ ᠤᠳ ᠲᠠᠢ ᠣᠯᠠᠨ ᠣᠳᠠᠭ᠎ᠠ ᠪᠠᠶᠢᠯᠳᠤᠭᠰᠠᠨ ᠪᠠᠶᠢᠨ᠎ᠠ᠃ ᠮᠣᠩᠭᠤᠯ ᠤᠨ ᠰᠠᠶᠢᠨ ᠲᠧᠭᠢᠨ ᠤ ᠡᠪᠡᠳᠴᠢᠨ ᠢ ᠠᠷᠭᠠᠯᠠᠭᠤᠯᠣᠭᠰᠠᠨ ᠲᠠᠲ᠋ᠠᠷ ᠤᠨ ᠴᠠᠷᠺᠢᠯ — ᠨᠣᠳᠣᠢ ᠨᠡᠷᠡᠲᠦ ᠵᠠᠶᠢᠷᠠᠨ ᠢ ᠰᠠᠶᠢᠨ ᠲᠧᠭᠢᠨ ᠤ ᠠᠬ ‍ᠠ᠋ ᠲᠡᠭᠦᠦ ᠨᠠᠷ ᠠᠯᠠᠭᠤᠯᠤᠭᠰᠠᠨ ᠠᠴᠠ ᠪᠤᠯᠵᠤ᠂ ᠲᠠᠲ᠋ᠠᠷ᠂ ᠮᠣᠩᠭᠤᠯᠴᠣᠳ ᠬᠤᠭᠤᠷᠤᠨᠳᠤ ᠪᠠᠨ ᠣᠯᠠᠨ ᠣᠳᠠᠭ᠎ᠠ ᠪᠠᠶᠢᠯᠳᠤᠵᠠᠢ᠃ ᠮᠣᠩᠭᠤᠯ ᠲᠠᠲ᠋ᠠᠷ ᠤᠨ ᠪᠠᠶᠢᠯᠳᠤᠭᠠᠨ ᠳᠤ ᠮᠣᠩᠭᠤᠯᠴᠣᠳ ᠶᠡᠬᠡᠩᠬᠢ ᠳᠤᠨᠢ ᠢᠯᠠᠵᠦ ᠪᠠᠶᠢᠵᠠᠢ᠃   12 ᠳ᠋ᠣᠭᠠᠷ ᠵᠠᠭᠤᠨ ᠤ 2 ᠳ᠋ᠣᠭᠠᠷ ᠬᠠᠭᠠᠰ ᠤᠨ ᠡᠬᠢᠨ ᠳᠤ ᠲᠠᠲ᠋ᠠᠷ ᠤᠳ ᠵᠠᠰᠠᠭ ᠵᠠᠬᠢᠷᠭᠠᠨ ᠤ ᠲᠠᠯ ‍ᠠ᠋ ᠪᠠᠷ ᠪᠤᠳᠠᠷᠬᠠᠢ ᠪᠤᠯᠤᠭᠰᠠᠨ ᠪᠠᠶᠢᠯ᠎ᠠ᠃ ᠲᠠᠲ᠋ᠠᠷ ᠤᠳ ᠠᠯᠳᠠᠨ ᠣᠯᠤᠰ ᠢ ᠡᠰᠡᠷᠬᠦᠴᠡᠬᠦ᠂ ᠮᠣᠩᠭᠤᠯᠴᠣᠳ ᠢ ᠳᠣᠪᠲᠣᠯᠬᠤ᠂ ᠮᠣᠩᠭᠤᠯᠴᠣᠳ ᠤᠨ ᠳᠣᠪᠲᠣᠯᠭ᠎ᠠ ᠶᠢ ᠡᠰᠡᠷᠬᠦᠴᠡᠬᠦ ᠳᠠᠶᠢᠨ ᠲᠡᠮᠡᠴᠡᠯ ᠤᠨ ᠦᠶ᠎ᠡ ᠳᠤ ᠲᠦᠷ ᠨᠢᠭᠡᠳᠴᠦ ᠪᠠᠶᠢᠭᠰᠠᠨ ᠪᠠ ᠲᠡᠶᠢᠮᠦ ᠪᠠᠶᠢᠯᠳᠣᠭᠠᠨ ᠲᠣᠯᠣᠭᠠᠨ ᠢ ᠲᠠᠲ᠋ᠠᠷ ᠤᠨ ᠺᠤᠲ᠋ᠣᠯ — ᠪᠠᠷᠬ᠎ᠠ᠂ ᠵᠢᠯᠢ — ᠪᠤᠬ᠎ᠠ᠂ ᠲᠡᠮᠤᠵᠢᠨ — ᠦᠭᠡ ᠂ ᠬᠤᠷᠢ — ᠪᠤᠬ᠎ᠠ ᠨᠠᠷ ᠣᠳᠣᠷᠢᠳᠣᠨ ᠪᠠᠶᠢᠭᠰᠠᠨ ᠨᠢ ᠲᠡᠣᠬᠡᠨ ᠳᠤ ᠲᠡᠮᠳᠡᠭᠯᠡᠨ ᠦᠯᠡᠳᠡᠵᠡᠢ᠃ ᠲᠠᠲ᠋ᠠᠷ ᠤᠨ ᠨᠣᠲᠤᠭ ᠂ ᠲᠣᠬᠠᠶᠢᠯᠠᠪᠠᠯ᠂ ᠬᠦᠯᠦᠨ᠂ ᠪᠤᠶᠢᠷ ᠣᠷᠴᠢᠮ ᠤᠨ ᠨᠣᠲᠤᠭ ᠨᠢ ᠮᠠᠯ ᠠᠳᠣᠭᠤᠯᠠᠨ ᠦᠰᠭᠡᠬᠦ ᠳᠤ ᠮᠠᠰᠢ ᠵᠤᠬᠢᠮᠵᠢᠲᠠᠢ ᠪᠡᠯᠴᠢᠭᠡᠷ ᠲᠠᠢ ᠪᠢᠯᠡ᠃ ᠲᠡᠷᠡ ᠰᠠᠶᠢᠬᠠᠨ ᠪᠠᠯᠴᠢᠭᠡᠷ ᠢ ᠮᠣᠩᠭᠤᠯᠴᠣᠳ ᠡᠵᠡᠯᠡᠬᠦ ᠶᠢᠨ ᠲᠦᠯᠦᠭᠡ ᠡᠷᠡᠮᠡᠯᠵᠡᠯ ᠠᠴᠠ ᠲᠡᠭᠡᠷ᠎ᠡ ᠳᠤᠷᠠᠳᠤᠭᠰᠠᠨ ᠲᠡᠮᠡᠴᠡᠯ ᠲᠤᠯᠤᠭᠠᠨ ᠤ ᠨᠡᠯᠢᠶᠡᠳ ᠬᠡᠰᠡᠭ ᠨᠢ ᠡᠭᠦᠰᠦᠭᠰᠡᠨ ᠪᠣᠯᠣᠯᠲᠠᠢ᠃ ᠲᠠᠲ᠋ᠠᠷ ᠤᠳ ᠠᠯᠳᠠᠨ ᠣᠯᠤᠰ ᠤᠨ ᠬᠠᠷᠢᠶᠠᠯᠠᠯ ᠳᠤ ᠪᠠᠶᠢᠬᠤ ᠳᠠᠭᠠᠨ ᠬᠢᠩᠭᠠᠨ ᠳᠠᠪᠠᠭᠠᠨ ᠤ ᠬᠢᠯᠢ ᠬᠢᠵᠠᠭᠠᠷ ᠢ ᠰᠠᠬᠢᠵᠤ ᠪᠠᠶᠢᠪᠠ᠃ ᠲᠠᠲ᠋ᠠᠷᠴᠣᠳ ᠬᠠᠮᠤᠭ ᠮᠣᠩᠭᠤᠯ ᠣᠯᠤᠰ᠂ ᠬᠡᠷᠡᠶᠢᠳ᠂ ᠨᠠᠢᠮᠠᠠ ᠰᠢᠭ᠋ ᠨᠢᠭᠡᠳᠦᠮᠡᠯ ᠬᠦᠴᠣᠷᠬᠡᠭ ᠬᠠᠨᠯᠢᠭ᠂ ᠬᠤᠯᠪᠤᠭ᠋ ‍ᠠ᠋ ᠪᠤᠯᠵᠤ ᠬᠠᠷᠠᠬᠠᠨ ᠴᠢᠳᠠᠬᠤ ᠦᠭᠡᠢ ᠲᠠᠷᠠᠬᠠᠢ ᠪᠤᠲᠠᠷᠬᠠᠶᠢᠳᠠᠭᠤ ᠪᠠᠶᠢᠳᠠᠯ ᠲᠠᠢ ᠪᠠᠶᠢᠭᠰᠠᠭᠠᠷ ᠡᠴᠦᠰ ᠪᠤᠯᠤᠭᠰᠠᠨ ᠪᠠᠶᠢᠨ᠎ᠠ᠃ ᠭᠡᠬᠦ ᠳᠡᠭᠡᠨ ᠲᠠᠲ᠋ᠠᠷ ᠨᠢ ᠮᠣᠩᠭᠤᠯ ᠤᠨ ᠨᠢᠭᠡᠨ ᠬᠦᠴᠣᠷᠬᠡᠭ ᠠᠶᠢᠮᠠᠭ ᠪᠠᠶᠢᠭᠰᠠᠭᠠᠷ ᠢᠷᠡᠵᠡᠢ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号