ᠳᠤᠯᠤᠨ ᠨᠤᠤᠷ ᠤᠨ ᠲᠣᠬᠠᠢ
ᠨᠡᠶᠢᠲᠡᠯᠡᠭᠰᠡᠨ ᠴᠠᠭ᠄
2020/3/4
   ᠡᠷᠳᠡᠨ ᠤ ᠳᠤᠯᠤᠨ ᠨᠤᠤᠷ ᠨᠢ ᠶᠤᠸᠠᠨ ᠤᠯᠤᠰ ᠤᠨ ᠦᠶ᠎ᠡ ᠳᠤ ᠶᠡᠭᠡ ᠨᠡᠶᠢᠰᠯᠡᠯ ᠳ᠋ᠡᠶᠢᠳᠦ ᠪᠤᠯᠤᠨ ᠳᠡᠭᠡᠳᠦ ᠨᠡᠶᠢᠰᠯᠡᠯ ᠱᠠᠩᠳᠦ ᠶᠢᠨ ᠬᠤᠭᠤᠷᠤᠨᠳᠤᠭᠢ ᠨᠢᠭᠡᠨ ᠦᠷᠳᠡᠭᠡ ᠵᠠᠮ ᠪᠠᠶᠢᠵᠥ᠂ ᠮᠢᠩ ᠤᠯᠤᠰ ᠤᠨ ᠦᠶ᠎ᠡ ᠳᠤ ᠪᠤᠭᠤᠮᠳᠠ  ᠶᠢᠨ ᠭᠠᠳᠠᠨᠠᠭᠢ ᠠᠷᠠᠯᠵᠢᠶ᠎ᠠ ᠮᠠᠶᠢᠮᠠᠢ ᠶᠢᠨ ᠬᠤᠳᠠ ᠪᠤᠯᠵᠥ᠂ ᠴᠢᠩ ᠤᠯᠤᠰ ᠤᠨ ᠦᠶ᠎ᠡ ᠳᠤ ᠮᠤᠩᠭᠤᠯ ᠤᠷᠤᠨ ᠤ ᠱᠠᠰᠢᠨ ᠤ ᠳᠦᠪ ᠪᠠᠶᠢᠬᠰᠠᠠ ᠶᠤᠮ᠃   ᠵᠦ ᠶᠤᠸᠠᠨ ᠵᠠᠩ ᠤ ᠤᠳᠤᠷᠢᠳᠤᠬᠰᠠᠠ ᠤᠯᠠᠭᠠᠨ ᠠᠯᠴᠢᠭᠤᠷᠳᠠᠨ ᠤ ᠪᠤᠰᠤᠯᠭ᠎ᠠ ᠶᠤᠸᠠᠨ ᠤᠯᠤᠰ ᠤᠨ ᠶᠡᠭᠡ ᠨᠡᠶᠢᠰᠯᠡᠯ ᠪᠡ ᠳᠡᠭᠡᠳᠦ ᠨᠡᠶᠢᠰᠯᠡᠯ ᠢ ᠤᠳᠠᠭ᠎ᠠ ᠳᠠᠷᠠᠭᠠᠯᠠᠨ ᠳᠠᠭᠠᠷᠢᠵᠥ᠂ 1369 ᠤᠨ ᠳᠤ ᠳᠡᠭᠡᠳᠦ ᠨᠡᠶᠢᠰᠯᠡᠯ ᠢ ᠡᠵᠡᠯᠡᠭᠰᠡᠡ ᠢᠶᠠᠷ ᠳᠤᠭᠤᠨᠳᠡᠮᠦᠷ ᠬᠠᠭᠠᠨ ᠠᠷᠭ᠎ᠠ ᠪᠤᠰᠤ ᠤᠮᠠᠷᠠᠰᠢ ᠰᠢᠯᠵᠢᠭᠰᠡᠡ ᠶᠤᠮ᠃ ᠳᠡᠭᠦᠨ ᠠᠴᠠ ᠬᠤᠶᠢᠰᠢ ᠤᠮᠠᠷᠠᠳᠤ ᠶᠤᠸᠠᠨ ᠤ ᠮᠤᠩᠭᠤᠯ ᠤᠷᠤᠨ ᠭᠢᠭᠡᠳ ᠮᠢᠩ ᠤᠯᠤᠰ ᠤᠨ ᠭᠢᠳᠡᠳ ᠤᠷᠤᠨ ᠤ ᠬᠤᠭᠤᠷᠤᠨᠳᠤᠭᠢ ᠠᠷᠠᠯᠵᠢᠶ᠎ᠠ ᠬᠤᠳᠠᠯᠳᠤᠭ᠎ᠠ ᠭᠡᠰᠡᠭ ᠬᠤᠭᠤᠴᠠᠭ᠎ᠠ ᠭᠦᠨᠳᠦ ᠰᠦᠷᠡᠭᠡᠢ ᠪᠢᠳᠡᠭᠦᠮᠵᠢᠯᠡᠳᠡᠨ ᠪᠦᠭᠦ ᠮᠤᠩᠭᠤᠯ ᠤᠷᠤᠨ ᠳᠤ ᠠᠮᠤ ᠭᠦᠨᠡᠰᠦ᠂ ᠪᠦᠰ ᠪᠠᠷᠠᠭ᠎ᠠ ᠶᠡᠭᠡᠪᠡᠷ ᠳᠤᠳᠠᠬᠳᠠᠵᠥ ᠪᠢᠯᠡ᠃ ᠡᠨᠡ ᠪᠠᠶᠢᠳᠡᠯ ᠳᠤᠤᠷ᠎ᠡ ᠪᠤᠭᠤᠮᠳᠠ ᠶᠢᠨ ᠳᠤᠳᠤᠷᠠᠭᠢ ᠮᠠᠶᠢᠮᠠᠶᠢᠴᠢᠳ ᠭᠢᠭᠡᠳ ᠮᠤᠩᠭᠤᠯ ᠤᠷᠤᠨ ᠤ ᠠᠷᠠᠳ ᠢᠷᠭᠡᠳ ᠤᠨ ᠭᠦᠰᠡᠯ ᠱᠠᠭᠠᠷᠳᠠᠯᠭ᠎ᠠ ᠪᠠᠷ ᠬᠤᠶᠠᠷ ᠤᠷᠤᠨ ᠤ ᠨᠤᠶᠠᠳ ᠢᠵᠠᠭᠤᠷᠳᠠᠳ ᠭᠡᠯᠡᠯᠴᠡᠭᠡᠷ ᠭᠢᠵᠥ᠂ ᠪᠤᠭᠤᠮᠳᠠ ᠶᠢᠨ ᠭᠠᠳᠠᠨᠠᠭᠢ ᠡᠨᠡᠭᠦ ᠡᠷᠳᠡᠨ ᠤ ᠤᠯᠠᠭ᠎ᠠ ᠦᠷᠳᠡᠭᠡ ᠶᠢᠨ ᠭᠦᠢᠰᠦ ᠪᠤᠯᠤᠬᠰᠠᠠ ᠡᠯᠡᠰᠦ ᠭᠢᠭᠡᠳ ᠠᠭᠤᠯᠠ ᠤᠰᠤᠨ ᠤ ᠦᠩᠭᠡ ᠦᠵᠡᠮᠵᠢ ᠲᠠᠢ ᠳᠤᠯᠤᠨ ᠨᠤᠤᠷ ᠢ ᠮᠠᠶᠢᠮᠠᠢ ᠴᠤᠬᠯᠠᠭᠠᠨ ᠤ ᠴᠢᠬ ᠪᠤᠯᠭᠠᠬᠰᠠᠠ ᠪᠠᠶᠢᠵᠠᠢ᠃ ᠢᠩᠭᠢᠭᠡᠳ ᠭᠤᠪᠢ ᠶᠢᠨ ᠠᠷᠤ ᠡᠮᠤᠨ᠎ᠡ ᠤᠯᠠᠨ ᠵᠠᠭᠤᠨ ᠵᠢᠯ ᠤᠨ ᠳᠤᠷᠰᠢᠳᠡ ︽ᠳᠤᠯᠤᠨ ᠨᠤᠤᠷ ᠮᠠᠶᠢᠮᠠᠢ︾ ᠭᠡᠮᠡᠨ ᠠᠯᠳᠠᠷᠰᠢᠵᠥ ᠪᠢᠯᠡ᠃   ᠴᠢᠩ ᠤᠯᠤᠰ ᠨᠢ ᠭᠤᠪᠢ ᠶᠢᠨ ᠠᠷᠤ ᠡᠮᠤᠨᠡᠭᠢ ᠮᠤᠩᠭᠤᠯᠴᠤᠳ ᠢ ᠪᠤᠷᠬᠠᠨ ᠱᠠᠰᠢᠨ ᠢᠶᠠᠷ ᠢᠯᠪᠢᠨ ᠳᠠᠭᠠᠭᠤᠯᠬᠤ ᠳᠦᠷᠦ ᠶᠢᠨ ᠪᠤᠳᠤᠯᠭ᠎ᠠ ᠶᠢ ᠳᠤᠬᠳᠠᠭᠠᠵᠥ ᠳᠤᠯᠤᠨ ᠨᠤᠤᠷ ᠲᠤ ᠤᠯᠠᠨ ᠰᠦᠮ᠎ᠡ ᠭᠡᠶᠢᠳ ᠪᠠᠶᠢᠭᠤᠯᠤᠨ ᠮᠤᠩᠭᠤᠯ ᠤᠷᠤᠨ ᠤ ᠱᠠᠰᠢᠨ ᠤ ᠳᠦᠪ ᠪᠤᠯᠭᠠᠬᠰᠠᠠ ᠨᠢ ᠪᠠᠰᠠ ᠦᠯᠢᠭᠡᠷ ᠳᠤᠮᠤᠬ ᠲᠠᠢ ᠪᠢᠯᠡ᠃ ᠡᠩᠭᠡ ᠠᠮᠤᠭᠤᠯᠠᠩ ᠬᠠᠭᠠᠨ 1687 ᠤᠨ ᠳᠤ ᠭᠦᠳᠡᠭᠡ ᠳᠤᠰᠬᠤᠨ ᠢᠶᠠᠷ ᠪᠠᠶᠢᠳᠠᠯ ᠤᠶᠢᠯᠠᠭᠠᠵᠦ᠂ ᠳᠤᠯᠤᠭᠠᠨ ᠨᠠᠭᠤᠷ ᠤᠨ ᠬᠠᠪᠢ ᠪᠠᠷ ᠡᠯᠵᠢᠭᠡ  ᠲᠠᠢ ᠶᠠᠪᠤᠵᠥ ᠪᠠᠶᠢᠭᠠᠳ ᠦᠷᠳᠡᠭᠡᠨ ᠭᠤᠤᠯ ᠤᠨ ᠡᠮᠤᠨ᠎ᠡ ᠭᠦᠪᠡᠭᠡᠨ ᠤ ᠨᠠᠷᠠᠰᠤᠨ ᠰᠢᠭᠤᠢ᠂ ᠪᠠᠯᠠᠷ ᠤᠢ ᠳᠤᠮᠳᠠ  ᠠᠴᠠ ᠤᠳᠤᠭ᠎ᠠ ᠭᠠᠷᠴᠤ ᠪᠠᠶᠢᠭ᠎ᠠ ᠶᠢ ᠤᠯᠵᠥ ᠬᠠᠷᠠᠪᠠ᠃ ᠬᠠᠭᠠᠨ ᠰᠢᠳᠠᠷ ᠳᠦᠰᠢᠮᠡᠯ ᠲᠠᠢ ᠪᠠᠨ ᠬᠤᠶᠠᠭᠤᠯᠠ ᠵᠠᠮ ᠭᠦᠭᠡᠭᠡᠵᠥ ᠪᠡᠶ᠎ᠡ ᠴᠢᠯᠡᠭᠰᠡᠡ ᠳᠤᠯᠡ ᠠᠶᠢᠯ ᠳᠤ ᠪᠠᠭᠤᠵᠤ ᠬᠠᠯᠠᠭᠤᠨ ᠪᠦᠯᠢᠶᠡᠨ ᠶᠠᠭᠤᠮ᠎ᠠ ᠤᠤᠭᠤᠬᠤ ᠪᠠᠷ ᠭᠦᠷᠦᠭᠡᠳ ᠤᠴᠢᠬᠰᠠᠠ ᠳᠤ ᠨᠢᠭᠡᠨ ᠳᠠᠶᠠᠨᠴᠢ ᠯᠠᠮᠠ ᠬᠤᠶᠠᠷ ᠱᠠᠪᠢ ᠲᠠᠢ ᠪᠠᠨ ᠡᠪᠡᠰᠦᠨ ᠤᠪᠤᠬᠠᠢ ᠳᠤ ᠨᠤᠮ ᠤᠩᠰᠢᠨ ᠰᠠᠭᠤᠵᠥ ᠪᠠᠶᠢᠬᠰᠠᠠ ᠭᠡᠨ᠎ᠡ᠃ ᠬᠠᠭᠠᠨ ᠳᠦᠰᠢᠮᠠᠯ ᠬᠤᠶᠠᠷ ᠯᠠᠮᠠ ᠠᠴᠠ ᠴᠡᠪᠡ ᠮᠠᠨᠵᠠ ᠭᠤᠶᠤᠬᠰᠠᠠ ᠳᠤ ᠳᠡᠷᠡ ᠯᠠᠮ᠎ᠠ᠂ ᠳᠤᠩ ᠪᠠᠭ᠎ᠠ ᠦᠨᠳᠡᠭᠡᠨ ᠳᠤᠭᠤᠭᠠᠨ ᠳᠠᠭᠠᠨ ᠭᠡᠳᠦᠭᠡᠨ ᠮᠦᠭᠦᠯᠢᠭ ᠠᠮᠤ ᠶᠢ ᠠᠯᠠᠭᠠᠨ ᠳᠡᠭᠡᠷ᠎ᠡ ᠪᠠᠨ ᠳᠤᠭᠠᠯᠠᠨ ᠪᠠᠶᠢᠵᠥ ᠤᠢᠢᠭᠠᠳ ᠭᠠᠯ ᠢᠶᠠᠨ ᠨᠤᠴᠤᠭᠠᠪᠠ ᠭᠡᠨ᠎ᠡ᠃ ᠢᠩᠭᠢᠭᠡᠳ ᠡᠨᠡᠭᠦ ᠵᠢᠵᠢᠭᠭᠡᠨ ᠦᠨᠳᠡᠭᠡᠨ ᠳᠤᠭᠤᠭᠠᠨ ᠳᠤ ᠠᠬᠰᠢᠭᠠᠬᠰᠠᠠ ᠠᠮᠤᠰᠤ ᠶᠢ ᠬᠠᠭᠠᠨ ᠳᠦᠰᠢᠮᠡᠯ᠂ ᠪᠠᠭᠰᠢ ᠱᠠᠪᠢ ᠳᠦᠷᠪᠡᠭᠦᠯᠠ ᠢᠳᠡᠭᠡᠳ ᠪᠠᠷᠠᠬᠰᠠᠠ ᠦᠭᠡᠢ ᠭᠡᠨ᠎ᠡ᠃ ᠬᠠᠭᠠᠨ ᠮᠠᠰᠢ ᠭᠠᠶᠢᠬᠠᠬᠰᠠᠠ ᠢᠶᠠᠷ ᠪᠠᠷᠠᠬᠤ ᠦᠭᠡᠢ ᠠᠭᠤᠢ ᠶᠢᠨ ᠭᠠᠳᠠᠨ᠎ᠠ ᠤᠶᠠᠭᠠᠳᠠᠢ ᠤᠨᠤᠭᠠᠨ ᠤ ᠬᠢᠨ ᠦᠩᠭᠡ ᠵᠢᠰᠦᠮ ᠢ ᠭᠦᠷᠳᠡᠯ᠎ᠠ ᠮᠡᠳᠡᠴᠢᠭᠡᠭᠰᠡᠡ ᠯᠠᠮᠠ ᠭᠤᠸᠠᠢ ᠶᠢ ᠶᠡᠭᠡᠳᠡ ᠪᠢᠰᠢᠷᠡᠭᠰᠡᠡ ᠪᠠᠶᠢᠪᠠ᠃ ᠬᠠᠭᠠᠨ ᠨᠡᠶᠢᠰᠯᠡᠯ ᠬᠤᠳᠠᠨ ᠳᠠᠭᠠᠨ ᠬᠠᠷᠢᠬᠰᠠᠠ ᠤ ᠪᠠᠨ ᠳᠠᠷᠠᠭ᠎ᠠ ᠭᠦᠮᠦᠨ ᠶᠠᠪᠤᠭᠤᠯᠵᠥ ᠳᠤᠰ ᠯᠠᠮᠠ ᠶᠢ ᠵᠠᠯᠠᠵᠥ ᠠᠪᠴᠢᠷᠠᠭᠠᠳ ᠴᠦᠢᠷᠸ᠎ᠠ ᠶᠢᠨ ᠴᠢᠭᠤᠯᠭᠠᠨ ᠳᠤ ᠡᠷᠳᠡᠮ ᠨᠤᠮ ᠢ ᠨᠢ ᠰᠢᠯᠭᠠᠭᠠᠳ ᠨᠡᠩ ᠰᠢᠳᠦᠨ ᠪᠢᠰᠢᠷᠡᠭᠦ ᠪᠤᠯᠤᠬᠰᠠᠠ ᠪᠠᠶᠢᠪᠠ᠃   ᠳᠤᠯᠤᠨ ᠨᠤᠤᠷ ᠤᠨ ᠮᠠᠶᠢᠮᠠᠢ ᠵᠡᠭᠡᠯᠢ ᠳᠤ ᠡᠶᠡᠪᠡᠷ ᠵᠠᠰᠠᠬᠴᠢ ᠶᠢᠨ ᠠᠷᠪᠠᠨ ᠨᠠᠢᠮᠠᠳᠤᠭᠠᠷ ︵1661 ᠤᠨ︶ ᠤᠨ ᠳᠤ ᠪᠠᠶᠢᠭᠤᠯᠤᠬᠰᠠᠠ ᠽᠦᠩ ᠱᠸᠦ ᠰᠧ ᠭᠡᠶᠢᠳ ᠭᠡᠭᠦ ᠭᠠᠭᠴᠠ ᠰᠦᠮ᠎ᠡ ᠪᠠᠶᠢᠬᠰᠠᠠ ᠪᠤᠯ ᠡᠩᠭᠡ ᠠᠮᠤᠭᠤᠯᠠᠩ ᠬᠠᠭᠠᠨ᠂ ᠭᠦᠯᠦ ᠭᠦᠭᠡ ᠬᠤᠰᠢᠭᠤᠨ ᠳᠤ ᠵᠠᠷᠯᠢᠬ ᠪᠢᠴᠢᠭ ᠪᠠᠭᠤᠯᠭᠠᠨ᠂ ᠬᠠᠭᠠᠨ ᠰᠠᠩ ᠠᠴᠠ ᠳᠡᠳᠭᠦᠮᠵᠢ ᠦᠭᠴᠤ᠂ ᠳᠡᠭᠦᠨ ᠤ ᠤᠢᠢᠷᠡᠯᠴᠠᠭ᠎ᠠ ᠪᠠᠰᠠ ᠨᠢᠭᠡᠨ ︽ᠯᠠᠮᠠ ᠶᠢᠨ ᠰᠦᠮ᠎ᠡ︾ ᠭᠡᠭᠴᠢ ᠶᠢ ᠪᠠᠶᠢᠭᠤᠯᠵᠥ ᠳᠡᠷᠡ ᠯᠡᠮ᠎ᠡ ᠶᠢ ᠰᠢᠷᠡᠭᠡᠨ ᠯᠡᠮᠡ ᠪᠠᠷ ᠵᠠᠯᠠᠬᠰᠠᠠ ᠪᠠᠶᠢᠵᠠᠢ᠃ ᠡᠶᠢᠨᠭᠦ ᠳᠤᠮᠳᠠᠳᠤ ᠢᠷᠭᠡᠨ ᠤᠯᠤᠰ ᠠᠴᠠ ︽ᠳᠤᠯᠤᠨ ᠨᠤᠤᠷ ᠰᠢᠶᠠᠨ︾ ᠭᠡᠮᠡᠨ ᠨᠡᠷᠡᠶᠢᠳᠭᠦ ᠪᠤᠯᠳᠠᠯ᠎ᠠ ᠳᠤᠰ ᠬᠤᠳᠠ ᠪᠠᠯᠭᠠᠰᠤ ᠶᠢ ︽ᠯᠠᠮᠠ ᠶᠢᠨ ᠰᠦᠮ᠎ᠡ︾ ᠭᠡᠵᠥ ᠳᠠᠭᠤᠳᠠᠳᠠᠬ ᠪᠠᠶᠢᠪᠠ᠃ ᠰᠠᠭᠦᠯᠡᠷ ᠨᠢ ᠡᠩᠭᠡ ᠠᠮᠤᠭᠤᠯᠠᠩ ᠬᠠᠭᠠᠨ ᠳᠤᠯᠤᠨ ᠨᠤᠤᠷ ᠲᠤ ︽ᠴᠢᠭᠤᠯᠭᠠᠨ ᠬᠤᠷᠠᠬᠰᠠᠠ ᠭᠡᠶᠢᠳ︾ — ᠭᠦᠭᠡ ᠰᠦᠮ᠎ᠡ ᠶᠢ ︵1691 — 1612 ᠤᠨ ᠭᠦᠷᠳᠡᠯ᠎ᠡ︶ ᠪᠠᠶᠢᠭᠤᠯᠵᠥ᠂ ᠠᠷᠪᠠᠨ ᠳᠦᠷᠪᠡᠳᠦᠭᠡᠷ ᠳᠦᠷᠢ ᠶᠢᠨ ᠵᠠᠩᠭᠢᠶ᠎ᠠ ᠬᠤᠳᠤᠬᠳᠤ ᠠᠬᠸᠠᠩᠯᠤᠪᠰᠠᠩᠴᠦ᠋ᠢᠯᠳᠠᠨ ᠢ ᠳᠤᠯᠤᠨ ᠨᠤᠤᠷ ᠤᠨ ᠳᠡᠭᠡᠳᠤ ᠬᠤᠳᠤᠬᠳᠤ ᠭᠡᠭᠡᠨ ᠢᠶᠠᠷ ᠵᠠᠯᠠᠵᠥ ᠰᠠᠭᠤᠯᠭᠠᠭᠠᠳ᠂ ᠠᠷᠤ ᠳᠠᠪᠢᠨ ᠳᠤᠯᠤᠭ᠎ᠠ᠂ ᠦᠪᠦᠷ ᠳᠦᠴᠢ ᠶᠢᠰᠤᠨ ᠬᠤᠰᠢᠭᠤᠨ ᠤ ᠤᠯᠠᠨ ᠰᠦᠮ᠎ᠡ ᠭᠡᠶᠢᠳ ᠤᠨ ᠭᠡᠭᠡᠨ ᠱᠠᠪᠷᠦᠩ ᠨᠡᠷ ᠲᠤ ᠴᠤ ᠡ᠊ᠨᠳᠡ ᠭᠡᠭᠡᠨ ᠰᠡᠩ ᠪᠠᠶᠢᠭᠤᠯᠤᠨ ᠦᠭᠴᠤ᠂ ᠳᠤᠯᠤᠨ ᠨᠤᠤᠷ ᠢ ᠪᠦᠭᠦ ᠮᠤᠩᠭᠤᠯ ᠤᠷᠤᠨ ᠢ ᠰᠢᠷ᠎ᠠ ᠶᠢᠨ ᠱᠠᠰᠢᠨ ᠢᠶᠠᠷ ᠵᠠᠭᠢᠷᠠᠬᠤ ᠳᠦᠪ ᠪᠤᠯᠭᠠᠬᠰᠠᠠ ᠪᠠᠶᠢᠨ᠎ᠠ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号