ᠴᠠᠬᠠᠷ ᠤᠨ ᠲᠡᠥᠭᠡ
ᠨᠡᠶᠢᠲᠡᠯᠡᠭᠰᠡᠨ ᠴᠠᠭ᠄
2020/3/4
  ᠴᠠᠬᠠᠷᠴᠤᠤᠯ ᠪᠤᠯ ᠴᠢᠩᠭᠢᠰ ᠬᠠᠭᠠᠨ ᠤ ᠦᠶ᠎ᠡ ᠶᠢᠨ ᠬᠠᠭᠠᠨ ᠤ ᠲᠤᠷᠭᠠᠨ ᠴᠡᠷᠢᠭ ᠶᠤᠮ᠃ ᠲᠤᠤᠯᠢᠰ ᠰᠢᠯᠥᠭ  ᠲᠤ ︽ᠴᠪᠴᠢᠬᠤ ᠢᠯᠳᠦᠨ ᠤ ᠢᠷ ᠪᠤᠯᠤᠭᠰᠠᠨ᠂ ᠴᠠᠷᠭᠢ ᠲᠤᠭᠤᠯᠭᠠᠨ ᠤ ᠳᠠᠯ᠎ᠠ ᠪᠤᠯᠤᠭᠰᠠᠨ ᠴᠠᠬᠠᠷ ᠲᠦᠮᠡᠨ︾ ᠬᠡᠮᠡᠨ ᠮᠠᠭᠳᠠᠭᠰᠠᠨ ᠪᠠᠶᠢᠳᠠᠭ᠃ ᠴᠠᠬᠠᠷ ᠮᠤᠩᠭᠤᠯᠴᠤᠳ ᠤᠨ ᠲᠤᠮᠳᠠ ᠪᠠᠰᠠ ︽ᠴᠠᠬᠠᠷ ᠦᠭᠡᠢ ᠪᠠᠷ ᠴᠡᠷᠢᠭ ᠪᠤᠰᠬᠤ ᠦᠭᠡᠢ︾ ᠭᠡᠳᠡᠭ ᠰᠡᠴᠡᠨ ᠦᠭᠡ ᠠᠮᠠ ᠳᠠᠮᠵᠢᠨ ᠶᠠᠷᠢᠬᠳᠠᠳᠠᠭ ᠪᠢᠯᠡ᠃ ᠲᠡᠷᠡ ᠨᠢ ᠴᠠᠬᠠᠷ ᠪᠤᠯ ᠴᠡᠷᠢᠭ ᠠᠴᠠ ᠡᠭᠦᠰᠦᠯ ᠭᠠᠷᠤᠯ ᠲᠠᠢ ᠭᠡᠳᠡᠭ ᠢ ᠠᠮᠠᠨ ᠵᠤᠬᠢᠶᠠᠯ ᠤᠨ ᠬᠡᠯᠪᠡᠷᠢ ᠪᠠᠷ ᠤᠯᠠᠮᠵᠢᠯᠠᠨ ᠲᠤᠳᠤᠷᠬᠠᠶᠢᠯᠠᠭᠰᠠᠨ ᠬᠡᠷᠡᠴᠢ ᠪᠠᠷᠢᠮᠳᠠ ᠶᠤᠮ᠃   ᠴᠠᠬᠠᠷ ᠤᠨ ᠡᠭᠦᠰᠦᠯ ᠡᠵᠡᠨ ᠴᠢᠩᠭᠢᠰ ᠤᠨ ᠦᠶ᠎ᠡ ᠳᠤ ᠡᠬᠢᠯᠡᠭᠰᠡᠨ ᠪᠠᠶᠢᠪᠠ᠃ ᠲᠤᠬᠠᠢ ᠶᠢᠨ ᠦᠶᠡᠰ ᠴᠢᠩᠭᠢᠰ ᠬᠠᠭᠠᠨ᠂ ᠮᠤᠩᠭᠤᠯ ᠤᠨ ᠶᠡᠭᠡ ᠴᠡᠷᠢᠭ ᠢ ᠲᠠᠶᠢᠴᠢᠯᠠᠨ ᠳᠠᠶᠢᠨ ᠳᠤ ᠮᠤᠷᠳᠠᠬᠤ ᠳᠤ ᠪᠠᠨ ᠮᠤᠩᠭᠤᠯ ᠤᠨ ᠠᠷᠣ ᠠᠭᠤᠷᠠᠭ᠂ ᠣᠯᠣᠰ ᠭᠦᠷᠦᠨ ᠤ ᠠᠮᠤᠷ ᠲᠦᠪᠰᠢᠨ ᠢ ᠪᠠᠳᠤᠯᠠᠨ ᠬᠠᠮᠠᠭᠠᠯᠠᠬᠤ ᠶᠢ ᠤᠳᠬᠤᠨ ᠬᠦᠪᠡᠭᠦᠨ ᠲᠤᠯᠤᠢ ᠳᠤ ᠲᠤᠰᠢᠶᠠᠭᠰᠠᠨ ᠪᠠᠶᠢᠵᠠᠢ᠃ ᠲᠤᠯᠤᠢ ᠡᠵᠡᠨ ᠡᠨᠡᠬᠦ ᠬᠦᠨᠳᠦ ᠡᠭᠦᠷᠭᠡ ᠶᠢ ᠠᠮᠵᠢᠯᠳᠠ ᠲᠠᠢ ᠪᠡᠶᠡᠯᠡᠭᠦᠯᠬᠦ ᠶᠢᠨ ᠲᠦᠯᠥᠭᠡ ᠮᠤᠩᠭᠤᠯ ᠤᠨ ᠡᠯ᠎ᠡ ᠤᠪᠤᠭ ᠠᠶᠢᠮᠠᠭ᠂ ᠲᠦᠮᠡᠳᠦ᠂ ᠮᠢᠩᠭᠠᠳᠤ᠂ ᠵᠠᠭᠤᠳᠤ᠂ ᠠᠷᠪᠠᠳᠤ ᠶᠢᠨ ᠲᠤᠳᠤᠷ᠎ᠠ ᠠᠴᠠ ᠡᠷᠡᠭᠦᠯ ᠴᠢᠭᠢᠷᠠᠭ ᠪᠡᠶ᠎ᠡ ᠮᠠᠬᠠᠪᠤᠳ ᠲᠠᠢ᠂ ᠡᠷᠳᠡᠮ ᠴᠢᠳᠠᠪᠤᠷᠢ ᠬᠤᠤᠰᠯᠠᠭᠰᠠᠨ ᠰᠡᠴᠡᠨ ᠰᠡᠷᠭᠦᠯᠡᠩ ᠵᠠᠯᠠᠭᠤᠰ ᠢ ᠰᠢᠯᠢᠨ ᠰᠤᠩᠭᠤᠵᠦ ᠠᠷᠤ ᠠᠭᠤᠷᠠᠭ᠂ ᠤᠯᠤᠰ ᠭᠦᠷᠦᠨ ᠢ ᠰᠠᠬᠢᠨ ᠬᠠᠮᠠᠭᠠᠯᠠᠬᠤ ᠰᠢᠳᠠᠷ ᠴᠢᠷᠢᠭ ᠢ ᠪᠠᠶᠢᠭᠤᠯᠤᠭᠰᠠᠨ ᠶᠤᠮ᠃ ᠠᠯᠳᠠᠷᠳᠤ ᠲᠡᠤᠬᠡᠴᠢᠨ ᠰᠠᠷᠳᠠᠭᠤᠳ ᠪᠠᠶᠠᠪᠠᠤ ᠰᠠᠶᠢᠰᠢᠶᠠᠯ ᠤᠨ ᠲᠤᠳᠤᠷᠬᠠᠶᠢᠯᠠᠭᠰᠠᠨ ᠢᠶᠠᠷ ᠪᠤᠯ ᠴᠠᠬᠠᠷ ᠪᠤᠯ ᠫᠧᠷᠰ ᠦᠭᠡ᠂ ᠰᠢᠳᠠᠷ ᠴᠡᠷᠢᠭ᠂ ᠰᠢᠳᠠᠷ ᠬᠠᠮᠠᠭᠠᠯᠠᠭᠴᠢ᠂ ᠲᠡᠷᠭᠡᠳᠡ ᠭᠡᠬᠦ ᠤᠳᠬ᠎ᠠ ᠲᠠᠢ ᠭᠡᠨ᠎ᠡ᠃ ᠯᠤᠪᠰᠠᠩᠳᠠᠨᠵᠢᠨ ᠤ ︽ᠠᠯᠳᠠᠨ ᠲᠤᠪᠴᠢ︾ ᠳᠤ ︽ᠪᠤᠭᠳᠠ ᠡᠵᠡᠨ ᠤ ᠪᠡᠶ᠎ᠡ ᠪᠡᠷᠬᠡ ᠴᠢᠯᠡᠭᠡᠷᠬᠡᠵᠦ ᠪᠠᠰᠠ ᠲᠤᠯᠤᠢ ᠡᠵᠡᠨ ᠴᠢᠯᠡᠭᠡ ᠪᠤᠯᠤᠭᠰᠠᠨ ᠲᠤᠷ ᠪᠡᠯᠭᠡᠴᠢᠨ ᠢᠷᠦᠭᠡᠴᠢᠨ᠄ ︿ᠡᠨᠡ ᠬᠤᠶᠠᠭᠤᠯᠠ ᠶᠢᠨ ᠨᠢᠭᠡᠨ ᠢᠨᠤ ᠰᠠᠶᠢᠨ ᠪᠤᠯᠪᠠᠰᠤ ᠨᠢᠭᠡᠨ ᠢᠨᠤ ᠮᠠᠭᠤ ᠪᠤᠯᠤᠮᠤᠢ﹀ ᠬᠡᠮᠡᠭᠰᠡᠨ ᠳᠤᠷ ᠲᠤᠯᠤᠢ ᠡᠵᠡᠨ ᠤ ᠬᠠᠳᠤᠨ ᠴᠤᠬᠤᠷ ᠪᠠᠬᠢ ︵ᠰᠣᠷᠬᠠᠭᠳᠠᠨᠢ︶ ᠲᠡᠭᠷᠢ ᠳᠤᠷ ᠦᠴᠢᠭ ᠥᠴᠢᠷᠤᠨ᠄ ︿ᠬᠠᠨ ᠡᠵᠡᠨ ᠦᠭᠡᠢ ᠪᠤᠯᠪᠠᠰᠤ ᠬᠠᠮᠤᠭ ᠤᠯᠤᠰ ᠪᠡᠯᠪᠡᠰᠤᠨ ᠪᠤᠯᠤᠨᠠᠮ ᠪᠤᠢ ‍ᠶ᠎ᠠ﹀ ᠭᠡᠵᠦ ᠵᠠᠯᠪᠠᠷᠢᠪᠠᠢ᠃ ᠲᠡᠷᠡ ᠵᠠᠯᠪᠠᠷᠢᠭᠰᠠᠨ ᠢᠶᠠᠷ ᠲᠤᠯᠤᠢ ᠡᠵᠡᠨ ᠪᠤᠷᠬᠠᠨ ᠪᠤᠯᠪᠠ᠃ ᠪᠤᠭᠳᠠ ᠡᠵᠡᠨ ᠤ ᠴᠢᠯᠡᠭᠡᠨ ᠲᠡᠭᠡᠭᠰᠢ ᠪᠤᠯᠤᠭᠰᠠᠨ ᠳᠤᠷ ᠲᠡᠷᠡ ᠰᠡᠳᠬᠢᠯ ᠢ ᠢᠨᠤ ᠬᠦᠨᠳᠦᠯᠡᠵᠦ ᠦᠪᠡᠷ ᠨᠦᠬᠦᠷ ᠢ ᠦᠯᠦ ᠰᠡᠳᠬᠢᠨ ᠡᠴᠢᠭᠡ ᠶᠢ ᠬᠦᠨᠳᠦᠯᠡᠵᠦ ᠶᠡᠭᠡ ᠲᠦᠷᠦ ᠶᠢ ᠰᠡᠳᠬᠢᠭᠰᠡᠨ ᠤ ᠲᠤᠯᠠ ᠪᠤᠭᠳᠠ ᠡᠵᠡᠨ᠄ ︿ᠪᠢ ᠴᠢᠮᠠᠢᠢ ᠪᠡᠷᠢ ᠭᠡᠵᠦ ᠪᠤᠤ ᠬᠡᠯᠡᠰᠦ᠂ ᠪᠠᠬᠢ ᠳᠠᠶᠢᠬᠤ ᠭᠡᠰᠤ᠂ ᠰᠢᠦ ᠭᠡᠵᠦ ᠪᠤᠤ ᠬᠡᠯᠡᠶ᠎ᠡ᠂ ᠰᠣᠳᠠᠢ ᠳᠠᠶᠢᠬᠤ ᠬᠡᠮᠨᠶ᠎ᠡ﹀ ᠭᠡᠵᠦ ᠴᠤᠯᠠ ᠦᠭᠭᠦᠭᠡᠳ ᠨᠠᠢᠮᠠᠨ ᠤᠳᠤᠭ ᠴᠠᠬᠠᠷ ᠲᠦᠮᠡᠨ ᠢ ᠰᠤᠩᠭᠤᠵᠦ ᠦᠭᠴᠦ ᠰᠣᠶᠤᠷᠬᠠᠪᠠ︾ ᠭᠡᠵᠠᠢ᠃   ᠴᠠᠬᠠᠷ ᠪᠤᠯ ︽ᠮᠤᠩᠭᠤᠯ ᠤᠨ ᠨᠢᠭᠤᠴᠠ ᠲᠤᠪᠴᠢᠶᠠᠨ︾ ᠳᠤ ᠲᠡᠮᠳᠡᠭᠯᠡᠭᠰᠡᠨ ︽ᠴᠠᠬᠠᠳ ᠮᠢᠩᠭᠠᠨ︾᠂ ︽ᠭᠤᠤᠯ ᠤᠨ ᠮᠢᠩᠭᠠᠨ︾ ᠠᠴᠠ ᠡᠬᠢᠯᠡᠨ ᠪᠦᠷᠢᠯᠳᠦᠭᠰᠡᠨ ᠶᠤᠮ᠃ ᠠᠬ᠎ᠠ ᠦᠭᠡᠳᠠᠢ ᠬᠠᠭᠠᠨ ᠤ ᠪᠠᠨ ᠲᠦᠯᠥᠭᠡ ᠦᠭᠦᠭᠰᠡᠨ ᠲᠤᠯᠤᠢ ᠡᠵᠡᠨ ᠤ ᠪᠡᠯᠪᠡᠰᠤᠨ ᠬᠠᠳᠤᠨ ᠰᠤᠷᠬᠠᠭᠳᠠᠨᠢ ᠳᠤ ᠰᠤᠶᠤᠷᠬᠠᠬᠤ ᠦᠶᠡᠰ ᠨᠢᠭᠡᠨᠳᠡ ︽ᠨᠠᠢᠮᠠᠨ ᠤᠳᠤᠭ ᠴᠠᠬᠠᠷ ᠲᠦᠮᠡᠨ︾ ᠪᠤᠯᠤᠨ ᠬᠦᠭᠵᠢᠨ ᠪᠤᠵᠠᠭᠠᠶᠢᠷᠠᠭᠰᠠᠨ ᠪᠠᠶᠢᠪᠠ᠃ ᠲᠡᠭᠡᠭᠡᠳ ᠮᠤᠩᠭᠤᠯ ᠬᠠᠭᠠᠨᠳᠤ ᠲᠦᠷᠦ  ᠶᠢᠨ ︽ᠴᠠᠪᠴᠢᠬᠤ ᠢᠯᠳᠦᠨ ᠤ ᠬᠢᠨᠢ ᠢᠷ ᠪᠤᠯᠵᠦ᠂ ᠴᠠᠷᠬᠢ ᠲᠤᠭᠤᠯᠭᠠᠨ ᠤ ᠬᠢᠨᠢ ᠳᠠᠯ᠎ᠠ ᠪᠤᠯᠵᠦ᠂ ᠪᠡᠭᠳᠡᠷ ᠬᠤᠶᠠᠭ  ᠤᠨ ᠬᠢᠨᠢ ᠦᠩᠭᠡ ᠪᠤᠯᠵᠦ᠂ ᠪᠡᠷᠬᠡ ᠴᠡᠷᠢᠭ ᠤᠨ ᠬᠢᠨᠢ ᠢᠷᠡᠭᠦᠯ ᠪᠤᠯᠵᠦ︾ ᠲᠡᠤᠬᠡᠨ ᠡᠭᠦᠷᠭᠡ ᠶᠢ ᠬᠦᠢᠴᠡᠳᠬᠡᠵᠦ ᠶᠠᠪᠤᠭᠰᠠᠨ ᠶᠤᠮ᠃   ᠶᠡᠭᠡ ᠶᠤᠸᠠᠨ ᠤᠯᠤᠰ ᠪᠠᠶᠢᠭᠤᠯᠤᠭᠳᠠᠭᠰᠠᠨ ᠤ ᠲᠠᠷᠠᠭ᠎ᠠ ᠮᠤᠩᠭᠤᠯᠴᠤᠳ ᠭᠠᠳᠠᠭᠰᠢ ᠶᠠᠪᠤᠭᠤᠯᠬᠤ ᠠᠶᠠᠨ ᠳᠠᠶᠢᠨ ᠴᠦᠬᠡᠷᠡᠪᠡ᠂ ᠪᠦᠬᠦ ᠤᠯᠤᠰ ᠢ ᠲᠦᠷᠪᠡᠨ ᠴᠦᠯᠭᠡ ᠳᠤ ᠬᠤᠪᠢᠶᠠᠨ ᠮᠤᠵᠢ ᠶᠢᠨ ᠵᠠᠰᠠᠭ ᠵᠠᠬᠢᠷᠭᠠᠨ ᠤ ᠲᠦᠷᠢᠮ ᠢ ᠬᠡᠷᠡᠭᠵᠢᠭᠦᠯᠵᠦ ᠡᠷᠭᠢᠨ ᠲᠤᠭᠤᠷᠢᠨ ᠤ ᠬᠦᠷᠰᠢ ᠵᠡᠷᠭᠡᠯᠡᠳᠡᠭᠡ ᠤᠯᠤᠰ ᠭᠦᠷᠦᠨ ᠲᠠᠢ ᠠᠷᠠᠯᠵᠢᠶ᠎ᠠ ᠨᠡᠪᠳᠡᠷᠡᠵᠦ ᠲᠦᠷᠦ ᠲᠦᠪᠰᠢᠨ᠂ ᠲᠦᠮᠡᠨ ᠠᠮᠤᠭᠤᠯᠠᠩ ᠪᠤᠯᠪᠠ᠃ ᠤᠤᠯ ᠤᠨ ᠬᠠᠭᠠᠨ ᠢ ᠲᠠᠭᠠᠵᠦ ᠭᠠᠳᠠᠭᠰᠢ ᠬᠤᠰᠢᠭᠤᠴᠢᠯᠠᠨ ᠪᠠᠶᠢᠯᠳᠤᠵᠦ ᠶᠠᠪᠤᠭᠰᠠᠨ ᠬᠡᠰᠢᠭᠳᠡᠨ ᠴᠡᠷᠢᠭ ᠤᠨ ᠡᠭᠦᠷᠭᠡ ᠬᠦᠩᠬᠡᠷᠡᠵᠦ ᠴᠢᠯᠥᠭᠡᠳᠠᠢ ᠰᠢᠭ᠋ ᠪᠤᠯᠵᠦ᠂ ᠬᠠᠷᠢᠨ ᠮᠤᠩᠭᠤᠯ ᠲᠦᠷᠦ ᠶᠢᠨ ᠠᠷᠤ ᠠᠭᠤᠷᠠᠭ ᠢ ᠰᠠᠬᠢᠨ ᠬᠠᠮᠠᠭᠠᠯᠠᠵᠦ ᠪᠠᠶᠢᠭᠰᠠᠨ ᠴᠠᠬᠠᠷ ᠴᠡᠷᠢᠭ ᠤᠨ ᠡᠭᠦᠷᠭᠡ ᠬᠦᠨᠳᠦᠷᠡᠪᠡ᠃ ᠴᠠᠬᠠᠷᠴᠤᠤᠯ ᠬᠠᠭᠠᠨ ᠤᠷᠳᠤᠨ ᠤ ᠠᠮᠤᠷ ᠲᠦᠪᠰᠢᠨ ᠢ ᠬᠠᠮᠠᠭᠠᠯᠠᠬᠤ ᠪᠠᠷ ᠪᠠᠷᠠᠬᠤ ᠦᠭᠡᠢ ᠪᠠᠰᠠ ᠤᠭᠳᠤᠯᠭ᠎ᠠ ᠦᠳᠡᠯᠭᠡ ᠶᠢᠨ ᠶᠤᠰᠤᠯᠠᠯ᠂ ᠲᠡᠭᠷᠢ ᠭᠠᠵᠠᠷ ᠤᠨ ᠲᠠᠬᠢᠯᠭ᠎ᠠ᠂ ᠬᠤᠷᠢᠮ ᠨᠠᠶᠢᠷ ᠤᠨ ᠲᠠᠶᠢᠯᠯᠠᠭ᠎ᠠ ᠳᠤ ᠴᠦ ᠰᠢᠳᠠᠷ ᠲᠤ ᠶᠠᠪᠤᠵᠦ ᠬᠦᠢᠴᠡᠳᠬᠡᠬᠦ ᠪᠤᠯᠤᠭᠰᠠᠨ ᠶᠤᠮ᠃ ᠲᠤᠷᠭᠠᠨ ᠴᠡᠷᠢᠭ ᠤᠨ ᠤᠷᠤᠨ ᠲᠤᠭ᠎ᠠ ᠨᠡᠮᠡᠭᠳᠡᠬᠦ ᠶᠢ ᠲᠠᠭᠠᠯᠳᠤᠨ ᠬᠡᠰᠢᠭᠳᠡᠨ ᠴᠡᠷᠢᠭ ᠴᠦ ᠴᠠᠬᠠᠷ ᠴᠡᠷᠢᠭ ᠤᠨ ᠬᠠᠷᠢᠶᠠᠨ ᠳᠤ ᠤᠷᠤᠵᠦ ᠵᠠᠬᠢᠷᠤᠭᠳᠠᠭᠰᠠᠨ ᠶᠤᠮ᠃   ᠶᠤᠸᠠᠨ ᠭᠦᠷᠦᠨ ᠤ ᠲᠤᠭ᠎ᠠ ᠲᠠᠭᠤᠰᠴᠦ ᠮᠤᠩᠭᠤᠯᠴᠤᠳ ᠪᠤᠭᠤᠮᠳᠠ ᠶᠢᠨ ᠭᠠᠳᠠᠨ᠎ᠠ ᠤᠬᠤᠷᠢᠨ ᠭᠠᠷᠬᠤ ᠳᠤ ᠤᠷᠳᠤᠨ ᠤ ᠰᠢᠳᠠᠷ ᠴᠡᠷᠢᠭ ᠴᠠᠬᠠᠷᠴᠤᠤᠯ ᠶᠡᠭᠡ ᠬᠠᠭᠠᠨ ᠲᠤᠭᠤᠨᠲᠡᠮᠤᠷ ᠢ ᠬᠠᠮᠠᠭᠠᠯᠠᠵᠦ ᠮᠤᠯᠳᠤᠰᠢ ᠬᠠᠭᠠᠯᠭ᠎ᠠ ᠪᠠᠷ ᠤᠮᠠᠷᠠᠰᠢ ᠠᠶᠠᠯᠠᠨ ᠲᠡᠭᠡᠳᠦ ᠨᠡᠶᠢᠰᠯᠡᠯ ᠱᠠᠩᠳᠤ ︵ᠤᠳᠤ ᠶᠢᠨ ᠰᠢᠯᠤᠭᠤᠨ ᠬᠦᠬᠡ ᠬᠤᠰᠢᠭᠤᠨ ᠤ ᠨᠤᠳᠤᠭ ᠲᠤ ᠪᠤᠢ︶ ᠬᠤᠳᠠᠨ ᠳᠤ ᠢᠷᠡᠵᠦ ᠪᠠᠷᠰ ᠬᠤᠳᠠᠨ ᠳᠤ ᠵᠢᠯ ᠦᠨᠵᠢᠭᠡᠳ ᠡᠴᠤᠰ ᠲᠤ ᠪᠠᠨ ᠬᠠᠷᠠᠬᠤᠷᠠᠮ ᠳᠤ ᠪᠠᠨ ᠪᠤᠴᠠᠭᠰᠠᠨ ᠶᠤᠮ᠃ ᠪᠠᠳᠤᠮᠥ᠋ᠩᠬᠡ ᠲᠠᠶᠠᠨ ᠬᠠᠭᠠᠨ ᠤ ᠦᠶ᠎ᠡ ᠳᠤ ᠮᠤᠩᠭᠤᠯᠴᠤᠳ ᠢ ᠵᠢᠷᠭᠤᠭᠠᠨ ᠲᠦᠮᠡᠨ ᠳᠤ ᠬᠤᠪᠢᠶᠠᠭᠰᠠᠨ ᠶᠤᠮ᠃ ᠲᠠᠷᠤᠢ ᠴᠠᠬᠠᠷ ᠲᠦᠮᠡᠨ᠂ ᠬᠠᠯᠬ᠎ᠠ ᠲᠦᠮᠡᠨ᠂ ᠶᠥᠩᠰᠢᠶᠡᠪᠦ ᠲᠦᠮᠡᠨ᠂ ᠲᠦᠮᠡᠳ ᠲᠦᠮᠡᠨ᠂ ᠤᠷᠳᠤᠰ ᠲᠦᠮᠡᠨ᠂ ᠤᠷᠢᠶᠠᠩᠬᠠᠢ ᠲᠦᠮᠡᠨ ᠪᠤᠯᠤᠨ᠎ᠠ᠃ ᠡᠨᠡ ᠦᠶ᠎ᠡ ᠶᠢᠨ ᠲᠦᠮᠡᠨ ᠨᠢ ᠵᠠᠰᠠᠭ ᠵᠠᠬᠢᠷᠭᠠᠨ ᠤ ᠨᠢᠭᠡᠴᠢ ᠪᠠᠶᠢᠭᠰᠠᠨ ᠪᠦᠭᠡᠳ ᠬᠠᠭᠠᠨ ᠣᠷᠳᠣᠨ ᠲᠦᠪᠯᠡᠭᠰᠡᠨ ᠴᠠᠬᠠᠷ ᠲᠦᠮᠡᠨ ᠨᠢ ᠭᠤᠤᠯ ᠤᠨ ᠲᠦᠮᠡᠨ ᠪᠠᠶᠢᠭᠰᠠᠨ ᠶᠤᠮ᠃   15 ᠳ᠋ᠤᠭᠠᠷ ᠵᠠᠭᠤᠨ ᠠᠴᠠ ᠬᠤᠶᠢᠰᠢ ᠣᠣᠯ ᠤᠨ ᠨᠠᠢᠮᠠᠨ ᠤᠳᠤᠭ ᠴᠠᠬᠠᠷ ᠤᠨ ᠪᠦᠷᠢᠯᠳᠦᠭᠦᠨ ᠳᠤ ᠬᠡᠳᠦ ᠬᠡᠳᠦᠨ ᠣᠳᠠᠭᠠᠨ ᠤ ᠬᠤᠪᠢᠷᠠᠯᠳᠠ ᠭᠠᠷᠴᠦ ᠰᠤᠯᠢᠭᠳᠠᠭᠰᠠᠨ ᠪᠤᠶᠤ ᠨᠡᠮᠡᠭᠳᠡᠭᠰᠡᠨ ᠪᠢᠯᠡ᠃ ︽ᠠᠯᠳᠠᠨ ᠬᠦᠷᠳᠦᠨ ᠮᠢᠩᠭᠠᠨ ᠬᠡᠬᠡᠰᠦᠳᠤ︾ ᠳᠤ ᠲᠡᠮᠳᠡᠭᠯᠡᠭᠰᠡᠨ ᠢᠶᠠᠷ ᠪᠤᠯ ︽ᠠᠤᠬᠠᠨ᠂ ᠨᠠᠢᠮᠠᠨ᠂ ᠰᠦᠨᠢᠳ᠂ ᠦᠵᠦᠮᠥᠨ ᠦᠯᠭᠡ ᠶᠢᠨ ᠲᠦᠷᠪᠡᠨ ᠤᠳᠤᠭ ᠪᠤᠢ᠂ ᠵᠦᠢᠳ᠂ ᠪᠤᠷᠤᠳ᠂ ᠠᠯᠠᠭ᠂ ᠠᠯᠠᠭᠴᠤᠳ ᠡᠳᠡ ᠠᠷᠣ ᠵᠡᠷᠭᠡ ᠤᠳᠤᠭ ᠤᠳ ᠢ ᠤᠷᠤᠯᠠᠨ ᠰᠤᠯᠢᠭᠰᠠᠨ ᠪᠤᠶᠤ ᠨᠡᠮᠡᠭᠳᠡᠭᠰᠡᠨ ᠪᠠᠶᠢᠨ᠎ᠠ᠃ ᠡᠨᠡ ᠦᠶᠡᠰ ᠵᠡᠭᠦᠨ ᠬᠤᠶᠢᠳᠤ ᠤᠷᠤᠨ ᠳᠤ ᠮᠠᠨᠵᠦ ᠦᠨᠳᠦᠰᠦᠳᠡᠨ ᠮᠠᠨᠳᠤᠨ ᠬᠦᠴᠦᠷᠬᠡᠭᠵᠢᠵᠦ ᠵᠠᠬ᠎ᠠ ᠵᠡᠷᠭᠡᠯᠡᠳᠡᠭᠡ ᠮᠤᠩᠭᠤᠯ ᠤᠨ ᠲᠤᠳᠤᠭᠠᠳᠤ ᠶᠢᠨ ᠵᠦᠷᠢᠴᠡᠯ ᠬᠢᠮᠤᠷᠠᠯ ᠢ ᠴᠢᠳᠠᠮᠠᠭᠠᠢ ᠠᠰᠢᠭᠯᠠᠨ ᠠᠰᠢᠭ ᠢᠶᠠᠷ ᠲᠠᠳᠠᠬᠤ᠂ ᠵᠠᠪᠰᠠᠷᠳᠠᠭᠤᠯᠤᠨ ᠬᠠᠳᠬᠤᠬᠤ᠂ ᠤᠷᠤᠭ ᠤᠨ ᠬᠤᠯᠪᠤᠭ᠎ᠠ ᠪᠠᠷᠢᠬᠤ ᠠᠯᠢ ᠤᠯᠠᠨ ᠪᠦᠳᠦᠮᠵᠢᠳᠠᠢ ᠠᠷᠭ᠎ᠠ ᠶᠢ ᠬᠡᠷᠡᠭᠯᠡᠨ ᠮᠤᠩᠭᠤᠯ ᠬᠠᠭᠠᠨᠳᠤ ᠲᠦᠷᠦ ᠶᠢᠨ ᠨᠢᠭᠡᠳᠦᠮᠡᠯ ᠬᠦᠴᠦᠨ ᠢ ᠵᠠᠳᠠᠷᠠᠭᠤᠯᠬᠤ ᠪᠠ ᠪᠠᠭᠤᠷᠠᠭᠤᠯᠬᠤ ᠪᠤᠳᠤᠯᠭ᠎ᠠ ᠠᠪᠴᠠᠢ᠃ ᠬᠦᠮᠥᠨ ᠠᠮᠠ ᠤᠯᠠᠨ ᠲᠠᠢ ᠬᠦᠴᠦᠷᠬᠡᠭ ᠴᠢᠬᠢᠷᠠᠭ ᠴᠡᠷᠢᠭ ᠲᠠᠢ ᠬᠤᠷᠴᠢᠨ ᠠᠶᠢᠮᠠᠭ ᠶᠠᠭᠤᠨ ᠤ ᠡᠮᠤᠨ᠎ᠡ ᠮᠠᠨᠵᠦ ᠶᠢ ᠲᠠᠭᠠᠪᠠ᠃ ᠵᠠᠯᠭᠠᠭᠠᠳ ᠦᠵᠢᠶᠡᠳ ᠠᠶᠢᠮᠠᠭ ᠪᠠᠰᠠ ᠮᠠᠨᠵᠦ ᠳᠤ ᠤᠷᠤᠵᠦ ᠦᠭᠭᠦᠭᠰᠡᠨ ᠢᠶᠠᠷ ᠮᠤᠩᠭᠤᠯ ᠤᠨ ᠲᠦᠷᠦ ᠲᠤᠳᠤᠭᠠᠳᠤ ᠠᠴᠠ ᠪᠠᠨ ᠡᠪᠳᠡᠷᠡᠵᠠᠢ᠃ ᠲᠡᠭᠡᠭᠡᠳ ᠮᠤᠩᠭᠤᠯ ᠤᠨ ᠲᠡᠤᠬᠡᠨ ᠳᠡᠭᠡᠷ᠎ᠡ ︽ᠮᠤᠳᠤᠨ ᠤ ᠬᠤᠷᠤᠬᠠᠢ ᠮᠤᠳᠤᠨ ᠠᠴᠠ ᠪᠠᠨ᠂ ᠮᠤᠩᠭᠤᠯ ᠤᠨ ᠵᠠᠳᠠᠷᠠᠯ ᠲᠤᠳᠤᠷ᠎ᠠ ᠠᠴᠠ ᠪᠠᠨ︾ ᠭᠡᠳᠡᠭ ᠲᠡᠤᠬᠡᠨ ᠴᠢᠰᠤᠳᠤ ᠰᠤᠷᠭᠠᠮᠵᠢ ᠶᠢ ᠦᠷ᠎ᠡ ᠬᠤᠶᠢᠴᠢᠰ ᠲᠤ ᠪᠠᠨ ᠦᠯᠡᠳᠡᠭᠡᠵᠠᠢ᠃ ᠲᠤᠬᠠᠢ ᠶᠢᠨ ᠦᠶᠡᠰ ᠵᠠᠩ ᠲᠤᠭᠰᠢᠨ ᠯᠢᠭᠳᠡᠨ ᠬᠠᠭᠠᠨ ᠶᠡᠭᠡ ᠴᠡᠷᠢᠭ ᠭᠠᠷᠭᠠᠨ ᠳᠠᠷᠤᠩᠭᠤᠶᠢᠯᠠᠬᠤ ᠪᠤᠷᠤᠭᠤ ᠪᠤᠳᠤᠯᠭ᠎ᠠ ᠠᠪᠤᠭᠰᠠᠨ ᠢᠶᠠᠷ ᠮᠤᠩᠭᠤᠯ ᠤᠨ ᠵᠠᠳᠠᠷᠠᠯ ᠢ ᠤᠯᠠᠮ ᠲᠦᠷᠭᠡᠳᠬᠡᠭᠰᠡᠨ ᠪᠠᠶᠢᠪᠠ᠃ ᠡᠭᠦᠨ ᠤ ᠤᠯᠠᠮ ᠢᠶᠠᠷ ᠮᠠᠨᠵᠦ ᠶᠢ ᠲᠠᠭᠠᠭᠰᠠᠨ ᠮᠤᠩᠭᠤᠯ ᠠᠶᠢᠮᠠᠭ ᠪᠠ ᠮᠠᠨᠵᠦ ᠶᠢᠨ ᠬᠤᠯᠪᠤᠭᠠᠳᠤ ᠴᠡᠷᠢᠭ ᠤᠨ ᠪᠦᠰᠡᠯᠡᠯᠳᠡ ᠲᠤᠤᠷ᠎ᠠ ᠡᠴᠦᠰ ᠲᠤ ᠪᠠᠨ ᠯᠢᠭᠳᠡᠨ ᠬᠠᠭᠠᠨ ᠢᠯᠠᠭᠳᠠᠯ ᠤᠨ ᠭᠠᠰᠢᠭᠤᠨ ᠳᠠᠯᠠᠢ ᠳᠤ ᠤᠨᠠᠭᠰᠠᠨ ᠶᠤᠮ᠃   1635 ᠤᠨ ᠳᠤ ᠯᠢᠭᠳᠡᠨ ᠬᠠᠭᠠᠨ ᠬᠦᠬᠡᠨᠠᠭᠤᠷ ᠤᠨ ᠰᠢᠷ᠎ᠠ ᠳᠠᠯ᠎ᠠ ᠳᠤ ᠲᠠᠭᠠᠯᠠᠯ ᠲᠡᠭᠦᠰᠴᠦ ᠰᠦᠳᠠᠢ ᠬᠠᠳᠤᠨ ᠪᠠ ᠨᠠᠨ ᠨᠠᠨ ᠬᠠᠳᠤᠨ ᠦᠯᠡᠳᠡᠭᠳᠡᠯ ᠴᠠᠬᠠᠷ ᠴᠡᠷᠢᠭ ᠢᠶᠠᠷ ᠬᠤᠪᠢᠶᠠᠨ ᠠᠪᠴᠦ᠂ ᠰᠦᠳᠠᠢ ᠬᠠᠳᠤᠨ ᠯᠢᠭᠳᠡᠨ ᠬᠠᠭᠠᠨ  ᠤ ᠶᠡᠭᠡ ᠬᠦᠪᠡᠭᠦᠨ ᠡᠷᠬᠡᠬᠤᠩᠭᠤᠷ ᠢ ᠠᠪᠴᠦ ᠮᠠᠨᠵᠦ ᠳᠤ ᠪᠠᠭᠤᠨ ᠦᠭᠴᠦ᠂ ᠨᠠᠨ ᠨᠠᠨ ᠬᠠᠳᠤᠨ ᠰᠢᠨᠵᠢᠶᠠᠩ ᠤᠷᠤᠨ  ᠳᠤ ᠨᠤᠳᠤᠭᠯᠠᠪᠠ᠃ ᠰᠦᠳᠠᠢ ᠬᠠᠳᠤᠨ ᠪᠤᠴᠠᠬᠤ ᠵᠠᠮ ᠳᠤ ᠪᠠᠨ ᠲᠡᠭᠡᠳᠦᠰ ᠤᠨ ᠲᠠᠬᠢᠯ ᠤᠨ ︽ᠨᠠᠢᠮᠠᠨ ᠴᠠᠭᠠᠨ ᠭᠡᠷ︾ ᠪᠠ ᠮᠤᠩᠭᠤᠯ ᠬᠠᠭᠠᠨᠳᠤ ᠲᠦᠷᠦ ᠶᠢᠨ ᠶᠡᠭᠡ ᠴᠠᠭᠠᠨ ᠰᠦᠯᠳᠡ᠂ ᠠᠯᠠᠭ ᠰᠦᠯᠳᠡ ᠪᠠᠨ ᠤᠷᠳᠤᠰ ᠤᠨ ᠦᠨᠳᠦᠷᠯᠢᠭ  ᠤᠨ ᠪᠡᠷᠬᠡ ᠪᠠᠷᠳᠠᠭ᠎ᠠ ᠳᠤ ᠲᠠᠷᠬᠠᠳ ᠤᠨ ᠬᠠᠮᠳᠤ ᠨᠢᠭᠤᠨ ᠦᠯᠡᠳᠡᠭᠡᠵᠦ ᠬᠠᠰ ᠲᠠᠮᠠᠭ᠎ᠠ᠂ ᠮᠠᠬᠠᠺᠠᠯᠠ ᠪᠤᠷᠬᠠᠨ ᠢᠶᠠᠨ ᠠᠪᠴᠦ ᠮᠥᠭᠳᠡᠨ ᠬᠤᠳᠠᠨ ᠳᠤ ᠬᠦᠷᠦᠭᠰᠡᠨ ᠶᠤᠮ᠃   ᠮᠠᠨᠵᠦ ᠶᠢᠨ ᠬᠠᠭᠠᠨ ᠠᠴᠠ ᠴᠠᠬᠠᠷ ᠲᠦᠮᠡᠨ ᠤ ᠦᠯᠡᠳᠡᠭᠳᠡᠯ ᠴᠡᠷᠢᠭ ᠠᠷᠠᠳ ᠢ ᠢᠵᠸᠤ ᠤᠷᠤᠨ ᠳᠤ ᠨᠤᠳᠤᠭ ᠤᠯᠭᠤᠨ ᠰᠠᠭᠤᠯᠭᠠᠵᠦ ᠴᠠᠬᠠᠷ ᠲᠤᠰᠬᠠᠢ ᠤᠷᠤᠨ ᠨᠡᠷᠡᠶᠢᠳᠴᠦ ᠮᠠᠨᠵᠦ ᠶᠢᠨ ᠨᠠᠢᠮᠠᠨ ᠬᠤᠰᠢᠭᠤᠨ ᠤ ᠲᠦᠷᠢᠮ ᠢᠶᠠᠷ ᠴᠠᠬᠠᠷ ᠨᠠᠢᠮᠠᠨ ᠬᠤᠰᠢᠭᠤ ᠬᠤᠪᠢᠶᠠᠵᠠᠢ᠃ ᠢᠩᠭᠢᠭᠡᠳ ᠴᠠᠬᠠᠷ ᠯᠢᠭᠳᠡᠨ ᠬᠠᠭᠠᠨ ᠤ ᠬᠤᠶᠢᠴᠢ ᠦᠶ᠎ᠡ ᠶᠢ ᠴᠠᠬᠠᠷ ᠴᠢᠨ ᠸᠠᠩ ᠡᠷᠭᠦᠮᠵᠢᠯᠡᠵᠠᠢ᠃ ᠴᠠᠬᠠᠷ ᠴᠢᠨ ᠸᠠᠩ ᠠᠪᠤᠨᠠᠢ ︵ᠡᠷᠬᠡᠬᠤᠩᠭᠤᠷ ᠤᠨ ᠲᠡᠭᠦᠦ︶ ᠶᠢᠨ ᠦᠶ᠎ᠡ ᠳᠤ ᠬᠡᠳᠦᠨ ᠵᠢᠯ  ᠢᠶᠠᠷ ᠢᠶᠠᠨ ᠮᠠᠨᠵᠦ ᠶᠢᠨ ᠬᠠᠭᠠᠨ ᠳᠤ ᠪᠠᠷᠠᠭᠠᠳᠠᠬᠤ ᠪᠠᠷ ᠤᠴᠢᠭᠰᠠᠨ ᠦᠭᠡᠢ ᠪᠤᠯᠬᠤᠷ ᠮᠠᠨᠵᠦ ᠶᠢᠨ ᠲᠦᠷᠦ ᠠᠴᠠ ᠠᠪᠤᠨᠠᠢ ᠶᠢ ︽ᠡᠨᠡᠷᠢᠯ ᠠᠴᠢᠯᠠᠯ ᠢ ᠤᠮᠠᠷᠳᠠᠭᠰᠠᠨ︾ ᠶᠠᠯ᠎ᠠ ᠲᠤᠯᠭᠠᠵᠦ ᠮᠥᠭᠳᠡᠨ ᠬᠤᠳᠠᠨ ᠳᠤ ᠠᠪᠠᠴᠢᠨ ᠬᠤᠷᠢᠭᠠᠳ ᠲᠡᠭᠦᠨ ᠤ ᠠᠷᠪᠠᠨ ᠲᠠᠪᠤᠳᠠᠢ ᠬᠦᠪᠡᠭᠦᠨ ᠪᠤᠷᠨᠠᠢ ᠶᠢ ᠴᠠᠬᠠᠷ ᠴᠢᠨ ᠸᠠᠩ ᠡᠷᠭᠦᠮᠵᠢᠯᠡᠵᠠᠢ᠃ 1675 ᠤᠨ ᠳᠤ ᠪᠤᠷᠨᠠᠢ ᠴᠠᠬᠠᠷᠴᠤᠤᠯ ᠳᠤ ᠴᠦᠯᠡᠬᠦ᠂ ᠬᠤᠷᠢᠬᠤ᠂ ᠬᠢᠳᠤᠬᠤ ᠪᠤᠳᠤᠯᠭ᠎ᠠ ᠠᠪᠤᠭᠰᠠᠨ ᠮᠠᠨᠵᠦ ᠶᠢᠨ ᠲᠦᠷᠦ ᠳᠤ ᠵᠠᠨᠤᠨ ᠬᠤᠷᠤᠰᠴᠦ ᠭᠤᠷᠪᠠᠨ ᠬᠠᠷᠢᠶᠠᠳᠤ ᠸᠠᠩ ᠤᠨ ᠤᠷᠪᠠᠯᠭᠠᠨ ᠭᠠᠷᠤᠭᠰᠠᠨ ᠵᠠᠪᠰᠢᠶᠠᠨ ᠢ ᠠᠰᠢᠭᠯᠠᠨ 3000 ᠭᠠᠷᠤᠢ ᠴᠡᠷᠢᠭ ᠠᠷᠠᠳ ᠢᠶᠠᠨ ᠳᠠᠶᠢᠴᠢᠯᠠᠨ ᠪᠤᠰᠤᠯᠭ᠎ᠠ ᠭᠠᠷᠭᠠᠪᠠ᠃ ᠪᠤᠰᠤᠯᠭ᠎ᠠ ᠭᠤᠷᠪᠠᠨ ᠰᠠᠷ᠎ᠠ ᠦᠷᠭᠦᠯᠵᠢᠯᠡᠵᠦ ᠬᠤᠷᠴᠢᠨ ᠵᠡᠷᠭᠡ ᠮᠤᠩᠭᠤᠯ ᠬᠤᠰᠢᠭᠤᠳ ᠤᠨ ᠴᠡᠷᠢᠭ ᠪᠤᠯᠤᠨ ᠮᠠᠨᠵᠦ ᠶᠢᠨ ᠬᠤᠯᠪᠤᠭᠠᠳᠤ ᠴᠡᠷᠢᠭ ᠤᠨ ᠲᠠᠪᠠᠭᠤ ᠬᠦᠴᠦᠨ ᠤ ᠪᠦᠰᠡᠯᠡᠯᠳᠡ ᠲᠤᠤᠷ᠎ᠠ ᠬᠠᠷᠠᠮᠰᠠᠯᠳᠠᠢ ᠪᠠᠷ ᠢᠯᠠᠭᠳᠠᠭᠰᠠᠨ ᠪᠢᠯᠡ᠃ ᠪᠤᠷᠨᠠᠢ ᠸᠠᠩ ᠤᠨ ᠪᠤᠰᠤᠯᠭ᠎ᠠ ᠢᠯᠠᠭᠳᠠᠭᠰᠠᠨ ᠤ ᠲᠠᠷᠠᠭ᠎ᠠ ᠤᠤᠯ ᠠᠴᠠ ᠪᠠᠨ ᠴᠠᠬᠠᠷ ᠢ ᠢᠳᠡᠭᠡᠬᠦ ᠦᠭᠡᠢ ᠪᠠᠶᠢᠭᠰᠠᠨ ᠮᠠᠨᠵᠦ ᠶᠢᠨ ᠨᠤᠶᠠᠷᠬᠠᠭᠴᠢᠳ ᠢᠵᠸᠤ ᠶᠢᠨ ᠨᠤᠳᠤᠭ ᠢ ᠬᠤᠷᠢᠶᠠᠨ ᠠᠪᠴᠤ ᠴᠠᠬᠠᠷ ᠨᠠᠢᠮᠠᠨ ᠬᠤᠰᠢᠭᠤᠨ ᠤ ᠦᠯᠡᠳᠡᠭᠳᠡᠯ ᠠᠷᠠᠳ ᠢᠷᠭᠡᠳ ᠢ ᠮᠤᠯᠳᠤᠰᠢ ᠬᠠᠭᠠᠯᠭ᠎ᠠ᠂ ᠴᠢᠭᠤᠯᠤᠯᠳᠤ ᠬᠠᠭᠠᠯᠭ᠎ᠠ᠂ ᠰᠢᠤᠸᠠᠨ ᠬᠤᠸᠠ ᠹᠦ᠋ ᠶᠢᠨ ᠠᠷᠤ ᠪᠠᠷ ᠭᠠᠵᠠᠷ ᠭᠠᠷᠭᠠᠨ ᠰᠠᠭᠤᠯᠭᠠᠵᠦ ᠲᠠᠬᠢᠵᠦ ᠨᠠᠢᠮᠠᠨ ᠬᠤᠰᠢᠭᠤ ᠵᠤᠬᠢᠶᠠᠨ ᠪᠠᠶᠢᠭᠤᠯᠬᠤ ᠳᠤ ᠪᠠᠨ ᠮᠤᠩᠭᠤᠯ ᠤᠨ ᠡᠯ᠎ᠡ ᠠᠶᠢᠮᠠᠭ ᠤᠪᠤᠭ ᠠᠴᠠ ᠠᠶᠢᠯ ᠡᠷᠤᠬᠡ ᠲᠠᠳᠠᠵᠦ ᠰᠣᠮᠣ ᠶᠢᠨ ᠤᠷᠤᠨ ᠲᠤᠭ᠎ᠠ ᠶᠢ ᠨᠦᠬᠦᠪᠦᠷᠢᠯᠡᠪᠡ᠃ ᠰᠢᠨ᠎ᠡ ᠪᠠᠷ ᠪᠠᠶᠢᠭᠤᠯᠤᠭᠰᠠᠨ ᠴᠠᠬᠠᠷ ᠨᠠᠢᠮᠠᠨ ᠬᠤᠰᠢᠭᠤ ᠶᠢ ᠴᠢᠭᠤᠯᠣᠯᠳᠣ ᠬᠠᠭᠠᠯᠭ᠎ᠠ ᠳᠠᠬᠢ ᠮᠠᠨᠵᠦ ᠳ᠋ᠦᠲ᠋ᠥᠩ ᠶᠠᠮᠤᠨ ᠳᠤ ᠬᠠᠮᠢᠶᠠᠷᠠᠭᠤᠯᠵᠤ᠂ ᠡᠯ᠎ᠡ ᠬᠤᠰᠢᠭᠤᠨ ᠤ ᠠᠮᠪᠠᠨ ︵ᠨᠠᠶᠢᠳᠡ ᠶᠢᠨ ᠲᠠᠷᠤᠭ᠎ᠠ︶ ᠢ ᠮᠠᠨᠵᠦ ᠬᠦᠮᠥᠨ ᠢᠶᠠᠷ ᠲᠠᠯᠪᠢᠪᠠ᠃ ᠲᠡᠭᠡᠭᠡᠳ ᠴᠠᠬᠠᠷ ᠨᠠᠢᠮᠠᠨ ᠬᠤᠰᠢᠭᠤ ᠨᠢ ᠵᠠᠰᠠᠭ ᠤᠨ ᠡᠷᠬᠡ ᠦᠭᠡᠢ᠂ ᠴᠡᠷᠢᠭ ᠤᠨ ᠡᠷᠬᠡ ᠦᠭᠡᠢ᠂ ᠡᠳ᠋ ᠶᠢᠨ ᠡᠷᠭᠡ ᠦᠭᠡᠢ ᠬᠤᠰᠢᠭᠤᠳ ᠪᠤᠯᠤᠭᠰᠠᠨ ᠶᠤᠮ᠃ ᠪᠠᠰᠠ ᠴᠠᠬᠠᠷ ᠨᠠᠢᠮᠠᠨ ᠬᠤᠰᠢᠭᠤ ᠶᠢ ᠵᠡᠭᠦᠨ ᠪᠠᠷᠠᠭᠤᠨ ᠬᠤᠶᠠᠷ ᠭᠠᠷ ᠬᠤᠪᠢᠶᠠᠵᠦ᠂ ᠬᠤᠶᠠᠷ ᠭᠠᠷ ᠠᠴᠠ ᠠᠶᠢᠯ ᠡᠷᠦᠬᠡ ᠲᠠᠳᠠᠨ ᠬᠤᠰᠢᠭᠤᠳ ᠤᠨ ᠬᠢᠨᠢ ᠵᠠᠬ᠎ᠠ ᠪᠠᠷ ᠭᠠᠵᠠᠷ ᠭᠠᠷᠭᠠᠨ᠂ ᠮᠠᠨᠵᠦ ᠶᠢᠨ ᠳᠠᠶᠢᠨ ᠤ ᠲᠤᠮᠳᠠ ᠤᠯᠵᠠᠯᠠᠭᠰᠠᠨ ᠶᠡᠭᠡ ᠬᠡᠮᠵᠢᠶᠡᠨ ᠤ ᠮᠠᠯ ᠰᠦᠷᠦᠭ ᠢ ᠮᠠᠯᠵᠢᠬᠤ ᠲᠦᠷᠪᠡᠨ ᠮᠠᠯᠵᠢᠯ ᠤᠨ ᠲᠠᠯᠠᠪᠠᠢ ᠭᠠᠷᠭᠠᠭᠰᠠᠨ ᠪᠠᠶᠢᠯ᠎ᠠ   ᠮᠠᠨᠵᠤᠴᠤᠤᠯ ᠴᠠᠬᠠᠷ ᠢ ᠤᠳᠠᠭ᠎ᠠ ᠲᠠᠷᠠᠭᠠᠯᠠᠨ ᠳᠠᠶᠢᠯᠠᠨ ᠲᠠᠷᠤᠩᠭᠤᠶᠢᠯᠠᠬᠤ ᠶᠠᠪᠤᠴᠠ ᠳᠤ ᠤᠯᠠᠨ ᠲᠤᠭ᠎ᠠ ᠪᠠᠷ ᠬᠢᠳᠤᠵᠦ ᠠᠯᠠᠭᠰᠠᠨ ᠲᠤᠯᠠ ᠤᠤᠯ ᠤᠨ ᠲᠦᠮᠡᠨ ᠡᠷᠦᠬᠡ ᠠᠴᠠ ᠬᠡᠳᠦᠨ ᠮᠢᠩᠭᠠᠨ ᠡᠷᠦᠬᠡ ᠯᠠ ᠪᠤᠯᠵᠦ ᠪᠠᠭᠠᠰᠪᠠ᠃ ᠡᠨᠡᠬᠦ ᠦᠯᠡᠳᠡᠭᠳᠡᠯ 62 ᠴᠠᠬᠠᠷ ᠰᠤᠮᠤ ᠲᠡᠭᠡᠷ᠎ᠡ ᠬᠤᠷᠴᠢᠨ 7 ᠰᠤᠮᠤ᠂ ᠤᠶᠢᠷᠠᠳ 3 ᠰᠤᠮᠤ᠂ ᠮᠤᠤᠮᠢᠩᠭᠠᠨ 4 ᠰᠣᠮᠣ᠂ ᠰᠦᠨᠢᠳ 1 ᠰᠤᠮᠤ᠂ ᠪᠠᠷᠭᠤ 15 ᠰᠤᠮᠤ᠂ ᠦᠭᠡᠯᠡᠳ 18 ᠰᠤᠮᠤ᠂ ᠶᠢᠰᠦᠳ 1 ᠰᠤᠮᠤ᠂ ᠬᠠᠯᠠᠶ᠎ᠠ 3 ᠰᠤᠮᠤ᠂ ᠲᠤᠷᠭᠤᠳ 6 ᠰᠣᠮᠣ ᠶᠢ ᠬᠤᠯᠢᠨ ᠤᠷᠤᠭᠤᠯᠵᠦ ᠴᠠᠬᠠᠷ ᠨᠠᠢᠮᠠᠨ ᠬᠤᠰᠢᠭᠤ ᠶᠢ ᠠᠩᠬ᠎ᠠ 120 ᠰᠤᠮᠤ ᠪᠠᠷ ᠪᠠᠶᠢᠭᠤᠯᠤᠭᠰᠠᠨ ᠪᠢᠯᠡ᠃ ᠡᠨᠡᠬᠦ ᠲᠦᠷᠦ ᠶᠢᠨ ᠪᠤᠳᠤᠯᠭ᠎ᠠ ᠶᠢ ︽ᠡᠯᠡᠰᠦ ᠬᠤᠯᠢᠬᠤ︾ ᠠᠷᠭ᠎ᠠ ᠭᠡᠳᠡᠭ᠃   ᠴᠠᠬᠠᠷ ᠨᠠᠢᠮᠠᠨ ᠬᠤᠰᠢᠭᠤ ᠶᠢ ᠪᠠᠶᠢᠭᠤᠯᠤᠭᠰᠠᠨ ᠤ ᠲᠠᠷᠠᠭ᠎ᠠ ᠴᠢᠩ ᠣᠯᠣᠰ ᠤᠨ ᠲᠦᠷᠦ ᠴᠠᠬᠠᠷ ᠤᠨ ᠬᠦᠴᠦᠨ ᠢ ᠣᠯᠠᠮ ᠨᠢᠭᠡ ᠠᠯᠬᠤᠮ ᠪᠤᠳᠠᠷᠠᠭᠠᠬᠤ᠂ ᠳᠠᠶᠢᠨ ᠤ ᠬᠡᠷᠡᠭᠴᠡᠭᠡ ᠪᠤᠯᠤᠨ ᠬᠠᠭᠠᠨ ᠤ ᠤᠷᠳᠤᠨ ᠤ ᠤᠯᠠᠭᠠᠨ ᠴᠠᠭᠠᠨ ᠢᠳᠡᠭᠡᠨ ᠤᠮᠳᠠᠭᠠᠨ ᠤ ᠬᠠᠩᠭᠠᠯᠭ᠎ᠠ ᠶᠢ ᠪᠠᠳᠤᠯᠬᠤ ᠬᠡᠷᠡᠭᠴᠡᠭᠡᠨ ᠠᠴᠠ ᠡᠭᠦᠰᠴᠦ ᠪᠤᠭᠤᠮᠳᠠ ᠶᠢᠨ ᠭᠠᠳᠠᠨ᠎ᠠ ᠴᠠᠬᠠᠷ ᠨᠠᠢᠮᠠᠨ ᠬᠤᠰᠢᠭᠤᠨ ᠤ ᠡᠮᠣᠨ᠎ᠡ ᠵᠠᠬ᠎ᠠ ᠪᠠᠷ ᠦᠬᠡᠷ ᠬᠤᠨᠢᠨ ᠰᠦᠷᠦᠭ᠂ ᠲᠠᠶᠢᠫᠤᠰᠧ ᠪᠠᠷᠠᠭᠤᠨ ᠭᠠᠷ ᠰᠦᠷᠦᠭ᠂ ᠲᠠᠶᠢᠫᠤᠰᠧ ᠵᠡᠭᠦᠨ ᠭᠠᠷ ᠰᠦᠷᠦᠭ᠂ ᠠᠷᠤ ᠵᠠᠬ᠎ᠠ ᠪᠠᠷ ᠲᠠᠷᠢᠭᠠᠩᠭ᠎ᠠ ᠰᠦᠷᠦᠭ ᠵᠡᠷᠭᠡ ᠲᠦᠷᠪᠡᠨ ᠮᠠᠯᠵᠢᠯ ᠤᠨ ᠲᠠᠯᠠᠪᠠᠢ ᠪᠠᠶᠢᠭᠤᠯᠵᠦ ᠴᠠᠬᠠᠷ ᠬᠤᠰᠢᠭᠤᠳ ᠠᠴᠠ ᠠᠶᠢᠯ ᠡᠷᠤᠬᠡ ᠲᠠᠳᠠᠵᠦ ᠮᠠᠯᠵᠢᠭᠤᠯᠤᠭᠰᠠᠨ ᠪᠢᠯᠡ᠃ ᠲᠡᠭᠡᠭᠡᠳ ᠬᠡᠳᠦᠨ ᠮᠢᠩᠭᠠᠨᠨ ᠠᠶᠢᠯ ᠡᠷᠦᠬᠡ ᠶᠢᠨ ᠮᠠᠯᠴᠢᠳ ᠮᠠᠨᠵᠦ ᠶᠢᠨ ᠲᠦᠷᠦ ᠳᠤ ᠴᠡᠷᠢᠭ᠂ ᠵᠠᠰᠠᠭ᠂ ᠡᠳ᠋ ᠶᠢᠨ ᠡᠷᠬᠡ ᠦᠭᠡᠢ ᠠᠳᠤᠭᠤᠴᠢᠨ᠂ ᠬᠤᠨᠢᠴᠢᠨ᠂ ᠦᠬᠡᠷᠴᠢᠨ᠂ ᠲᠡᠮᠡᠭᠡᠴᠢᠨ ᠪᠤᠭᠤᠯ ᠪᠤᠯᠤᠭᠰᠠᠨ ᠶᠤᠮ᠃   ︽ᠨᠢᠭᠡ ᠰᠦᠮ᠎ᠡ ᠪᠠᠶᠢᠭᠤᠯᠬᠤ ᠠᠨᠤ ᠠᠷᠪᠠᠨ ᠲᠦᠮᠡᠨ ᠴᠡᠷᠢᠭ ᠲᠡᠵᠢᠭᠡᠭᠰᠡᠨ ᠠᠴᠠ ᠲᠡᠭᠡᠷ᠎ᠡ︾ ᠭᠡᠳᠡᠭ ᠢ ᠶᠡᠬᠡᠳᠡ ᠤᠬᠠᠭᠠᠷᠠᠭᠰᠠᠨ ᠮᠠᠨᠵᠦ ᠶᠢᠨ ᠨᠤᠶᠠᠷᠬᠠᠭᠴᠢᠳ ᠮᠤᠩᠭᠤᠯᠴᠤᠳ ᠤᠨ ᠳᠠᠶᠢᠴᠢᠨ ᠵᠤᠷᠢᠭ ᠢ ᠰᠤᠯᠠᠷᠠᠭᠤᠯᠵᠦ ᠮᠢᠨᠴᠦᠬᠦᠷᠡᠭᠦᠯᠬᠦ ᠰᠠᠶᠢᠨ ᠵᠡᠪᠰᠡᠭ — ᠰᠢᠷ᠎ᠠ ᠶᠢᠨ ᠱᠠᠰᠢᠨ ᠢ ᠭᠠᠷᠮᠠᠭᠠᠢ ᠠᠰᠢᠭᠯᠠᠭᠰᠠᠨ ᠶᠤᠮ᠃ ᠲᠡᠭᠡᠭᠡᠳ ᠮᠤᠩᠭᠤᠯ ᠤᠨ ᠲᠦᠷᠦ ᠶᠢᠨ ᠲᠦᠯᠥᠬᠡ ᠠᠮᠢ ᠴᠦᠯᠡᠳᠡᠭ ᠴᠠᠬᠠᠷ ᠤᠷᠤᠨ ᠳᠤ ᠰᠦᠮ᠎ᠡ ᠪᠠᠷᠢᠵᠦ ᠯᠠᠮᠠ ᠬᠦᠮᠥᠵᠢᠭᠦᠯᠵᠦ ᠱᠠᠰᠢᠨ ᠰᠣᠷᠳᠠᠯᠴᠢᠯᠠᠬᠤ ᠶᠡᠭᠡ ᠦᠷᠨᠢᠯᠳᠡ ᠭᠠᠷᠭᠠᠭᠰᠠᠨ ᠠᠵᠠᠢ᠃ ᠢᠷᠭᠡᠨ ᠤᠯᠤᠰ ᠤᠨ ᠡᠬᠢᠨ ᠤ ᠦᠶ᠎ᠡ ᠶᠢᠨ ᠴᠠᠬᠠᠷ ᠤᠨ ᠪᠦᠷᠢᠳᠬᠡᠯ ᠳᠤ ᠡᠵᠡᠨ ᠲᠦᠷᠦ ᠳᠤ ᠲᠠᠩᠰᠠ ᠲᠠᠢ ᠰᠦᠮ᠎ᠡ 80 ᠭᠠᠷᠤᠢ ᠪᠠᠶᠢᠵᠦ᠂ ᠴᠠᠬᠠᠷ ᠨᠠᠢᠮᠠᠨ ᠬᠤᠰᠢᠭᠤᠨ ᠳᠤ 64 ᠰᠠᠭᠤᠷᠢ ᠰᠦᠮ᠎ᠡ᠂ ᠲᠦᠷᠪᠡᠨ ᠰᠦᠷᠦᠭ ᠲᠤ 16 ᠰᠠᠭᠤᠷᠢ ᠰᠦᠮ᠎ᠡ ᠪᠠᠶᠢᠭᠤᠯᠤᠭᠳᠠᠵᠦ᠂ ᠡᠷᠡᠭᠳᠠᠶᠢᠴᠤᠳ ᠤᠨ 53 .066 ᠨᠢ ᠯᠠᠮᠠ ᠪᠤᠯᠤᠭᠰᠠᠨ ᠪᠠᠶᠢᠯ᠎ᠠ᠃ ᠴᠢᠩ ᠤᠯᠤᠰ ᠤᠨ ᠰᠡᠭᠦᠯᠴᠢ ᠪᠤᠯᠬᠤ ᠳᠤ ᠴᠠᠬᠠᠷ ᠬᠦᠮᠥᠨ ᠠᠮᠠ ᠵᠢᠯ ᠪᠦᠷᠢ 28 ᠪᠠᠷ ᠪᠠᠭᠤᠷᠠᠵᠠᠢ᠃ ᠮᠠᠨᠵᠦ ᠶᠢᠨ ᠲᠦᠷᠦ ᠶᠢᠨ ᠪᠤᠳᠤᠯᠭ᠎ᠠ ᠨᠢ ᠴᠠᠬᠠᠷ ᠮᠤᠩᠭᠤᠯᠴᠤᠳ ᠢ ᠱᠠᠰᠢᠨ ᠢᠶᠠᠷ ᠮᠣᠩᠬᠠᠷᠠᠭᠤᠯᠬᠤ᠂ ᠬᠦᠮᠥᠨ ᠠᠮᠠ ᠶᠢᠨ ᠦᠰᠦᠯᠳᠡ ᠶᠢ ᠪᠠᠭᠤᠷᠠᠭᠤᠯᠬᠤ ᠬᠤᠤᠰ ᠠᠮᠵᠢᠯᠳᠠ ᠤᠯᠤᠭᠰᠠᠨ ᠶᠤᠮ᠃   18 ᠳ᠋ᠣᠭᠠᠷ ᠵᠠᠭᠤᠨ ᠤ ᠡᠬᠢᠨ ᠢ ᠦᠶ᠎ᠡ ᠪᠠᠷ ᠴᠠᠭᠠᠨ ᠣᠷᠣᠰ᠂ ᠮᠠᠨᠵᠦ ᠶᠢᠨ ᠲᠤᠳᠤᠭᠠᠳᠤ ᠳᠤ ᠪᠠᠨ ᠬᠠᠷᠭᠢᠰ᠂ ᠭᠠᠳᠠᠭᠠᠳᠤ ᠳᠤ ᠪᠠᠨ ᠪᠠᠭᠤᠷᠠᠢ ᠲᠦᠷᠦ ᠶᠢᠨ ᠪᠤᠳᠤᠯᠭ᠎ᠠ ᠢ ᠦᠵᠡᠨ ᠭᠠᠷᠴᠦ ᠠᠯᠳᠠᠢ ᠤᠷᠤᠨ ᠤ ᠦᠷᠭᠡᠨ ᠠᠭᠤᠳᠠᠮ ᠨᠤᠳᠤᠭ ᠢ ᠲᠦᠷᠢᠮᠡᠬᠡᠶᠢᠯᠡᠭᠰᠡᠨ ᠳᠤ ᠮᠠᠨᠵᠦ ᠶᠢᠨ ᠵᠠᠰᠠᠭ ᠤᠨ ᠭᠠᠵᠠᠷ ᠴᠠᠬᠠᠷ ᠨᠠᠢᠮᠠᠨ ᠬᠤᠰᠢᠭᠤᠨ ᠠᠴᠠ ᠮᠢᠩᠭ᠎ᠠ ᠭᠠᠷᠤᠢ ᠴᠡᠷᠢᠭ ᠮᠤᠷᠢ ᠡᠯᠰᠡᠨ ᠠᠶᠢᠯ ᠡᠷᠥᠬᠡ ᠲᠠᠳᠠᠵᠦ ᠠᠯᠳᠠᠢ ᠣᠷᠣᠨ ᠢ ᠬᠠᠮᠠᠭᠠᠯᠠᠭᠤᠯᠬᠤ ᠪᠠᠷ ᠪᠠᠷᠠᠭᠤᠨ ᠬᠤᠶᠢᠳᠦ ᠬᠢᠯᠢ ᠳᠤ ᠲᠤᠮᠢᠯᠠᠪᠠ᠃ ᠴᠠᠬᠠᠷ ᠴᠡᠷᠢᠭ ᠠᠯᠳᠠᠢ ᠤᠷᠤᠨ ᠳᠤ ᠴᠠᠬᠠᠷ ᠴᠡᠷᠢᠭ ᠲᠠᠢ ᠠᠰ ᠲᠤᠯᠤᠨ ᠠᠪᠤᠨ ᠬᠠᠷᠢᠭᠤᠴᠠᠵᠦ ᠡᠬᠡ ᠤᠯᠤᠰ ᠤᠨ ᠢᠶᠠᠨ ᠲᠠᠷᠬᠠᠨ ᠬᠢᠯᠢ ᠶᠢ ᠠᠯᠳᠠᠨ ᠠᠮᠢ ᠠᠷᠢᠭᠤᠨ ᠴᠢᠰᠤ ᠪᠠᠷ ᠢᠶᠠᠨ ᠬᠠᠮᠠᠭᠠᠯᠠᠵᠦ ᠠᠯᠳᠠᠷ ᠴᠤᠤ ᠮᠠᠨᠳᠣᠭᠰᠠᠨ ᠪᠢᠯᠡ᠃ ᠲᠡᠳᠡ ᠬᠤᠵᠢᠮ ᠨᠢ ᠪᠤᠷᠤᠳᠠᠯ᠎ᠠ᠂ ᠪᠠᠶᠠᠨᠪᠤᠯᠠᠭ ᠲᠤ ᠰᠠᠭᠤᠷᠢᠰᠢᠵᠦ ᠰᠢᠨᠵᠢᠶᠠᠩ  ᠤᠨ ᠴᠠᠬᠠᠷᠴᠤᠤᠯ ᠪᠤᠯᠤᠭᠰᠠᠨ ᠶᠤᠮ᠃ ᠰᠢᠪᠢᠷᠢ ᠶᠢᠨ ᠳᠠᠯ᠎ᠠ ᠨᠤᠳᠤᠭ ᠢ ᠮᠠᠨᠵᠦ ᠠᠴᠠ ᠠᠪᠤᠭᠰᠠᠨ ᠤᠷᠤᠰᠴᠣᠳ ᠤᠯᠠᠮ ᠲᠠᠪᠠᠭᠤᠷᠠᠵᠦ ᠬᠢᠩᠭᠠᠨ ᠲᠠᠪᠠᠭᠠᠨ ᠤ ᠦᠯᠭᠡ ᠨᠤᠳᠤᠭ ᠦᠭᠡᠳᠡ ᠦᠩᠭᠡᠯᠵᠡᠪᠡ᠃ ᠴᠠᠬᠠᠷ ᠴᠡᠷᠢᠭ ᠪᠠᠰᠠ ᠵᠡᠭᠦᠨ ᠬᠤᠶᠢᠳᠦ ᠬᠢᠯᠢ ᠬᠢᠵᠠᠭᠠᠷ ᠲᠤ ᠤᠴᠢᠵᠦ ᠪᠠᠷᠭᠤᠴᠤᠳ᠂ ᠤᠷᠠᠴᠣᠳ᠂ ᠡᠸᠡᠩᠬᠢᠴᠤᠳ ᠲᠠᠢ ᠬᠦᠴᠦ ᠬᠠᠮᠳᠤᠷᠠᠨ ᠮᠥᠷᠥ ᠵᠡᠷᠭᠡᠴᠡᠨ ᠪᠠᠶᠢᠯᠳᠤᠵᠦ ᠤᠷᠤᠰ ᠤᠨ ᠲᠦᠷᠢᠮᠡᠬᠡᠢ ᠬᠤᠩᠰᠢᠶᠠᠷ ᠢ ᠲᠠᠰᠤ ᠴᠤᠬᠢᠭᠰᠠᠨ ᠶᠤᠮ᠃ ᠤᠳᠤ ᠵᠡᠬᠦᠨ ᠬᠤᠶᠢᠳᠤ ᠤᠷᠤᠨ ᠢᠶᠠᠷ ᠪᠠᠶᠢᠬᠤ ᠬᠠᠭᠤᠴᠢᠨ ᠴᠠᠬᠠᠷ᠂ ᠰᠢᠨ᠎ᠡ ᠴᠠᠬᠠᠷ ᠪᠤᠯ ᠤᠷᠢᠳ ᠬᠤᠵᠢᠳ ᠲᠤᠮᠢᠯᠠᠭᠳᠠᠨ ᠤᠴᠢᠭᠰᠠᠨ ᠴᠠᠬᠠᠷᠴᠤᠤᠯ ᠤᠨ ᠦᠷ᠎ᠡ ᠬᠤᠶᠢᠴᠢᠰ ᠶᠤᠮ᠃ ᠮᠠᠨᠵᠦ ᠴᠢᠩ ᠤᠯᠤᠰ ᠤᠨ ᠨᠤᠶᠠᠷᠬᠠᠭᠴᠢᠳ 1724 ᠤᠨ ᠠᠴᠠ 1913 ᠣᠨ ᠪᠤᠯᠳᠠᠯ᠎ᠠ ᠵᠦᠪᠬᠡᠨ ᠴᠠᠬᠠᠷ ᠨᠠᠢᠮᠠᠨ ᠬᠤᠰᠢᠭᠤᠨ ᠤ ᠨᠤᠳᠤᠭ ᠲᠡᠪᠢᠰᠭᠡᠷ ᠲᠡᠭᠡᠷ᠎ᠡ 26000 ᠭᠠᠷᠤᠢ ᠴᠢᠩ ᠠᠳᠠᠷ ᠬᠠᠭᠠᠯᠪᠤᠷᠢᠯᠠᠭᠰᠠᠨ ᠨᠢ ᠪᠡᠯᠴᠢᠭᠡᠷ ᠤᠨ ᠭᠤᠷᠪᠠᠨ ᠤ ᠨᠢᠭᠡ ᠶᠢ ᠡᠵᠡᠯᠡᠪᠡ᠃ ᠬᠡᠤᠬᠡᠳ ᠢᠶᠠᠨ ᠡᠭᠦᠷᠴᠦ ᠬᠦᠭᠰᠢᠳ ᠢᠶᠠᠨ ᠲᠦᠰᠢᠭᠰᠡᠨ ᠭᠤᠶᠢᠷᠠᠭᠴᠢ ᠢᠷᠭᠡᠳ ᠪᠤᠯ ᠲᠡᠯᠡᠬᠡᠢ ᠳᠤ ᠢᠯᠠᠭᠳᠠᠰᠢ ᠦᠭᠡᠢ ᠳᠠᠶᠢᠴᠢᠨ ᠴᠡᠷᠢᠭ ᠶᠤᠮ᠃ ᠨᠤᠳᠤᠭ ᠤᠰᠤ ᠪᠠᠨ ᠠᠯᠳᠠᠭᠰᠠᠨ ᠴᠠᠬᠠᠷ ᠮᠠᠯᠴᠢᠨ ᠤᠬᠤᠷᠢᠨ ᠤᠬᠤᠷᠢᠭᠰᠠᠭᠠᠷ ᠬᠠᠮᠤᠭ ᠡᠴᠦᠰ ᠲᠤ ᠪᠠᠨ ᠡᠯᠡᠰᠦ ᠮᠠᠩᠬᠠᠨ ᠳᠤ ᠰᠢᠷᠭᠤᠭᠰᠠᠨ ᠪᠠᠶᠢᠯ᠎ᠠ︕ ᠡᠷᠬᠡ ᠦᠭᠡᠢ ᠮᠠᠯᠴᠢᠳ  ᠤᠨ ᠲᠠᠪᠢᠯᠠᠩ ᠨᠢ ᠡᠶᠢᠮᠤ ᠯᠡ ᠪᠠᠶᠢᠵᠠᠢ᠃ 1928 ᠤᠨ ᠤ 9 ᠰᠠᠷ᠎ᠠ ᠳᠤ ᠴᠠᠬᠠᠷ ᠤᠨᠴᠠᠭᠠᠢ ᠤᠷᠤᠨ ᠢ ᠮᠤᠵᠢ ᠪᠤᠯᠭᠠᠨ ᠦᠭᠡᠷᠡᠴᠢᠯᠡᠵᠦ ᠪᠤᠭᠤᠮᠳᠠ ᠶᠢᠨ ᠭᠠᠳᠠᠨᠠᠬᠢ 15 ᠰᠢᠶᠠᠨ ᠢ ᠴᠠᠬᠠᠷ ᠲᠤ ᠬᠤᠯᠢᠵᠦ ᠤᠷᠤᠭᠤᠯᠤᠭᠠᠳ ᠴᠠᠬᠠᠷ ᠪᠠᠷᠠᠭᠤᠨ ᠭᠠᠷ ᠤᠨ ᠲᠦᠷᠪᠡᠨ ᠬᠤᠰᠢᠭᠤ ᠶᠢ ᠰᠦᠢ ᠶᠤᠸᠠᠨ ᠮᠤᠵᠢ ᠳᠤ ᠲᠠᠰᠤᠯᠤᠨ ᠦᠭᠴᠦ᠂ ᠴᠠᠬᠠᠷ ᠤᠨ ᠲᠦᠷᠪᠡᠨ ᠰᠦᠷᠦᠭ ᠢ ᠴᠠᠬᠠᠷ ᠮᠤᠵᠢ ᠶᠢᠨ ᠨᠢᠬᠡ᠂ ᠬᠤᠶᠠᠷ᠂ ᠭᠤᠷᠪᠠᠳᠤᠭᠠᠷ ᠲᠦᠷᠢᠮᠡᠯᠡᠭᠴᠢ ᠮᠠᠯᠵᠢᠯ ᠤᠨ ᠲᠠᠯᠠᠪᠠᠢ ᠪᠤᠯᠭᠠᠨ 1932 ᠤᠨ ᠠᠴᠠ ᠲᠦᠪ ᠤᠨ ᠴᠡᠷᠢᠭ ᠤᠨ ᠶᠠᠮᠤᠨ ᠳᠤ ᠵᠠᠬᠢᠷᠤᠭᠤᠯᠵᠦ ᠴᠠᠬᠠᠷ ᠢ ᠭᠤᠷᠪᠠᠨ ᠲᠡᠶᠢᠰᠢ ᠲᠠᠰᠤᠯᠤᠭᠰᠠᠨ ᠶᠤᠮ᠃ 1936 ᠤᠨ ᠳᠤ ᠴᠠᠬᠠᠷ ᠤᠨ ᠠᠷᠠᠳ ᠲᠦᠮᠡᠨ ᠤ ︽ᠮᠤᠵᠢ ᠪᠤᠯᠭᠠᠨ ᠦᠭᠡᠷᠡᠴᠢᠯᠡᠬᠦ ᠶᠢ ᠡᠰᠡᠷᠭᠦᠴᠡᠬᠦ ᠲᠡᠮᠡᠴᠡᠯ︾ ᠤᠨ ᠦᠷᠨᠢᠯᠳᠡ ᠲᠤᠤᠷ᠎ᠠ ᠠᠷᠭ᠎ᠠ ᠪᠤᠰᠤ ᠲᠠᠬᠢᠨ ᠴᠠᠬᠠᠷ ᠠᠶᠢᠮᠠᠭ ᠢ ᠪᠠᠶᠢᠭᠤᠯᠵᠦ ᠤᠤᠯ ᠤᠨ ᠰᠦᠷᠦᠭ ᠢ ᠬᠤᠰᠢᠭᠤ ᠪᠤᠯᠭᠠᠨ ᠵᠠᠰᠠᠭ ᠵᠠᠬᠢᠷᠭᠠᠨ ᠤ ᠪᠠᠶᠢᠭᠤᠯᠤᠮᠵᠢ ᠪᠤᠯᠭᠠᠵᠠᠢ᠃ 1959 ᠤᠨ ᠳᠤ ᠴᠠᠬᠠᠷ ᠠᠶᠢᠮᠠᠭ ᠤᠨ ᠵᠠᠰᠠᠭ ᠵᠠᠬᠢᠷᠭᠠᠨ ᠤ ᠪᠠᠶᠢᠭᠤᠯᠤᠮᠵᠢ ᠶᠢ ᠤᠰᠠᠳᠬᠠᠵᠦ ᠰᠢᠯᠢ ᠶᠢᠨ ᠭᠤᠤᠯ ᠴᠢᠭᠤᠯᠭᠠᠨ ᠳᠤ ᠨᠡᠶᠢᠯᠡᠭᠦᠯᠥᠭᠰᠡᠨ ᠶᠤᠮ᠃ ᠡᠨᠡ ᠪᠤᠯ ᠮᠢᠨᠤ ᠲᠦᠷᠦᠵᠦ ᠦᠰᠦᠭᠰᠡᠨ ᠨᠤᠳᠤᠭ ᠴᠠᠬᠠᠷ ᠤᠨ ᠲᠡᠤᠬᠡ ᠪᠢᠯᠡ︕ ᠯᠠᠪᠯᠠᠯᠳᠠ ᠪᠤᠯᠭᠠᠭᠰᠠᠨ ᠨᠤᠮ᠄ ︽ᠴᠠᠬᠠᠷ ᠮᠤᠩᠭᠤᠯ ᠤᠪᠤᠭ ᠤᠨ ᠲᠡᠤᠬᠡ︾ ᠠᠯᠲᠠᠩᠭᠤᠸ᠎ᠠᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号