ᠮᠤᠩᠭᠤᠯ ᠬᠦᠮᠦᠨ ᠪᠠ ᠲᠡᠭᠦᠨ ᠤ ᠡᠭᠦᠰᠦᠯᠲᠡ ᠢᠷᠡᠯᠲᠡ ᠶᠢᠨ ᠲᠤᠬᠠᠢ
ᠨᠡᠶᠢᠲᠡᠯᠡᠭᠰᠡᠨ ᠴᠠᠭ᠄
2020/3/6
   ᠮᠤᠩᠭᠤᠯ ᠬᠦᠮᠦᠨ ᠤ ᠲᠦᠷᠦᠯ ᠨᠢ ᠶᠡᠷᠦᠩᠭᠡᠢ ᠳᠡᠭᠡᠨ ᠤᠷᠤᠨ ᠨᠤᠲᠤᠭ ᠲᠠᠭᠠᠨ ᠦᠰᠴᠦ ᠲᠦᠷᠦᠭᠰᠡᠨ ᠨᠤᠲᠤᠭ  ᠤᠨ ᠬᠦᠮᠦᠨ ᠪᠤᠯᠤᠨ᠎ᠠ᠃ ᠲᠡᠲᠡ ᠭᠤᠤᠯᠲᠠᠭᠤ ᠠᠽᠢᠶ᠎ᠠ ᠲᠢᠪ᠂ ᠤᠮᠠᠷᠠᠲᠤ ᠠᠮᠧᠷᠢᠺᠠ ᠲᠢᠪ ᠪᠤᠯᠤᠨ ᠯᠠᠲ᠋ᠢᠨ ᠠᠮᠧᠷᠢᠺᠠ ᠲᠢᠪ ᠵᠡᠷᠭᠡ ᠭᠤᠷᠪᠠᠨ ᠶᠡᠭᠡ ᠲᠢᠪ ᠲᠤ ᠲᠠᠷᠬᠠᠵᠤ ᠪᠠᠶᠢᠭ᠎ᠠ ᠶᠤᠮ᠃ ᠮᠤᠩᠭᠤᠯ ᠬᠦᠮᠦᠨ ᠤ ᠲᠦᠷᠦᠯ ᠳᠤ ᠬᠡᠲᠤᠶᠢᠪᠡᠷ ᠮᠠᠰᠢ ᠤᠯᠠᠨ ᠨᠡᠭᠦᠲᠡᠯᠴᠢᠨ ᠦᠨᠲᠦᠰᠦᠲᠡᠨ ᠨᠦᠭᠦᠳ ᠪᠤᠢ ᠪᠤᠯᠪᠠᠴᠤ ᠲᠡᠲᠡ ᠴᠦᠮ ᠦᠪᠡᠷ ᠤᠨ ᠤᠯᠠᠮᠵᠢᠯᠠᠯᠲᠤ ᠨᠤᠲᠤᠭ ᠤᠷᠤᠨ ᠳᠠᠭᠠᠨ ᠤᠰᠤ ᠪᠡᠯᠴᠢᠭᠡᠷ ᠢᠶᠠᠨ ᠲᠠᠭᠠᠵᠤ ᠨᠡᠭᠦᠲᠡᠯᠯᠡᠲᠡᠭ ᠶᠤᠮ᠃    ᠮᠤᠩᠭᠤᠯ ᠲᠦᠷᠦᠯᠬᠢᠲᠡᠨ ᠬᠡᠲᠦᠨ ᠲᠦᠮᠡᠨ ᠵᠢᠯ ᠤᠨ ᠡᠮᠤᠨᠡᠬᠢ ᠡᠷᠲᠡ ᠲᠡᠭᠡᠷ᠎ᠡ ᠦᠶ᠎ᠡ ᠳᠤ ᠮᠤᠩᠭᠤᠯ ᠤᠨ ᠦᠨᠲᠦᠷᠯᠢᠭ — ᠮᠤᠩᠭᠤᠯ ᠤᠨ ᠡᠬᠡ ᠭᠠᠵᠠᠷ ᠲᠤ ᠡᠭᠦᠰᠦᠨ ᠬᠦᠭᠵᠢᠵᠦ᠂ ᠠᠵᠤ ᠲᠦᠷᠦᠨ ᠤᠷᠤᠰᠢᠵᠤ ᠪᠠᠶᠢᠯ᠎ᠠ᠃ ᠬᠤᠵᠢᠮ ᠨᠢ ᠪᠠᠶᠢᠭᠠᠯᠢ ᠶᠢᠷᠲᠢᠨᠴᠦ ᠶᠢᠨ ᠬᠤᠪᠢᠷᠠᠯ ᠪᠠ ᠬᠦᠮᠦᠨ ᠲᠦᠷᠦᠯᠬᠢᠲᠡᠨ ᠤ ᠨᠡᠶᠢᠭᠡᠮ ᠤᠨ ᠬᠦᠭᠵᠢᠯᠲᠡ ᠶᠢ ᠲᠠᠭᠠᠯᠲᠤᠵᠤ᠂ ᠡᠲᠡᠭᠡᠷ ᠮᠤᠩᠭᠤᠯ ᠲᠦᠷᠦᠯᠬᠢᠲᠡᠨ ᠲᠠᠯᠠᠢ ᠲᠠᠩᠬᠢᠰ ᠢᠶᠠᠷ ᠲᠡᠨᠤᠨ ᠶᠡᠪᠤᠵᠤ᠂ ᠲᠡᠯᠡᠭᠡᠢ ᠶᠢᠨ ᠡᠯ᠎ᠡ ᠭᠠᠵᠠᠷ ᠨᠡᠭᠦᠲᠡᠯᠯᠡᠨ ᠤᠴᠢᠵᠤ᠂ ᠰᠢᠨ᠎ᠡ ᠶᠢᠷᠲᠢᠨᠴᠦ ᠶᠢ ᠴᠤᠭᠴᠠᠯᠠᠵᠤ᠂ ᠰᠢᠨ᠎ᠡ ᠰᠤᠶᠤᠯ ᠢ ᠡᠭᠦᠲᠦᠨ ᠪᠦᠲᠦᠭᠡᠪᠡᠢ᠃    ᠮᠤᠩᠭᠤᠯ ᠬᠦᠮᠦᠨ᠂ ᠮᠤᠩᠭᠤᠯ ᠲᠦᠷᠦᠯ ᠬᠦᠮᠦᠨ᠂ ᠮᠤᠩᠭᠤᠯᠯᠢᠶ᠎ᠠ ᠬᠦᠮᠦᠨ ᠪᠤᠯ ᠨᠢᠭᠡ ᠴᠢᠰᠤᠨ ᠤᠲᠤᠮ ᠤᠨ ᠤᠷᠤᠭ ᠲᠤᠲᠤᠮ ᠤᠨ ᠲᠦᠷᠦᠯ ᠤᠭᠰᠠᠭᠠᠲᠠᠨ ᠪᠤᠯᠤᠨ᠎ᠠ᠃ ᠮᠤᠩᠭᠤᠯ ᠲᠦᠷᠦᠯ ᠬᠦᠮᠦᠨ ᠤ ᠬᠠᠮᠤᠭ ᠤᠨ ᠶᠡᠭᠡ ᠨᠢᠭᠡ ᠤᠨᠴᠠᠯᠢᠭ ᠪᠤᠯ ᠨᠢᠯᠬ᠎ᠠ ᠬᠡᠥᠬᠡᠳ ᠤᠨ ᠬᠢᠨᠢ ᠰᠡᠭᠦᠵᠢᠨ ᠲᠡᠭᠡᠷ᠎ᠡ ᠨᠢ ᠠᠶᠠᠭᠠᠨ ᠴᠢᠨᠡᠭᠡᠨ ᠨᠢᠭᠡ ᠬᠡᠰᠡᠭ ᠬᠦᠬᠡ ᠮᠡᠩᠬᠡ  ᠲᠠᠢ ᠪᠢᠯᠡ᠃ ᠡᠭᠦᠨ ᠢ 《 ᠮᠤᠩᠭᠤᠯ ᠲᠤᠯᠪᠤ 》 ᠭᠡᠲᠡᠭ ᠰᠡᠨ᠃ ᠡᠨᠡ ᠬᠦ ᠬᠦᠬᠡ ᠮᠡᠩᠬᠡ ᠨᠢ ᠲᠡᠭᠡᠲᠦ ᠲᠡᠭᠷᠢ  ᠠᠴᠠ ᠢᠪᠡᠭᠡᠭᠰᠡᠨ ᠬᠦᠬᠡ ᠮᠡᠩᠭᠡ ᠪᠤᠯᠠᠢ᠂ ᠡᠨᠡ ᠨᠢ ᠮᠤᠩᠭᠤᠯ ᠬᠦᠮᠦᠨ ᠤ ᠴᠢᠰᠤᠨ ᠤᠲᠤᠮ ᠤᠨ ᠬᠦᠬᠡ ᠮᠡᠩᠭᠡ ᠪᠤᠯᠤᠨ᠎ᠠ᠃ ᠡᠨᠡ ᠬᠦ 《 ᠮᠤᠩᠭᠤᠯ ᠲᠤᠯᠪᠤ 》 ᠨᠢ ᠮᠤᠩᠭᠤᠯ ᠬᠦᠮᠦᠨ᠂ ᠮᠤᠩᠭᠤᠯ ᠲᠦᠷᠦᠯ ᠬᠦᠮᠦᠨ᠂ ᠮᠤᠩᠭᠤᠯᠯᠢᠶ᠎ᠠ ᠬᠦᠮᠦᠨ ᠳᠤ ᠯᠡ ᠪᠠᠶᠢᠭ᠎ᠠ ᠤᠨᠴᠠ ᠲᠡᠮᠲᠡᠭ — ᠴᠢᠰᠤᠨ ᠤᠲᠤᠮ ᠤᠨ ᠢᠮ ᠲᠡᠮᠲᠡᠭ᠂ ᠤᠲᠤᠮ ᠤᠭᠰᠠᠭᠠᠨ ᠤ ᠪᠡᠯᠭᠡ ᠲᠡᠮᠲᠡᠭ ᠪᠤᠯᠠᠢ᠃    ᠡᠷᠲᠡᠮ ᠰᠢᠨᠵᠢᠯᠡᠭᠡᠨ ᠤ ᠬᠢᠨ ᠮᠤᠩᠭᠤᠯ ᠦᠨᠲᠦᠰᠦᠲᠡᠨ ᠪᠤᠯ ᠬᠦᠮᠦᠨ ᠲᠦᠷᠦᠯᠬᠢᠲᠡᠨ ᠤ ᠭᠤᠷᠪᠠᠨ ᠶᠡᠭᠡ ᠬᠦᠮᠦᠨ ᠤ ᠲᠦᠷᠦᠯ ᠤᠨ ᠨᠢᠭᠡ ᠨᠢ ᠮᠦᠨ᠃ ᠮᠤᠩᠭᠤᠯ ᠬᠦᠮᠦᠨ ᠤ ᠲᠦᠷᠦᠯ ᠲᠤᠲᠤᠷ᠎ᠠ ᠮᠤᠩᠭᠤᠯ ᠦᠨᠲᠦᠰᠦᠲᠡᠨ ᠪᠤᠯ ᠭᠤᠤᠯ ᠲᠤᠯᠭᠠᠭᠤᠷᠢ ᠪᠤᠯᠲᠠᠭ᠂ ᠲᠡᠲᠡ ᠪᠠᠷ ᠠᠽᠢᠶ᠎ᠠ ᠶᠢᠨ ᠮᠤᠩᠭᠤᠯ ᠤᠨ ᠦᠨᠲᠦᠷᠯᠢᠭ ᠲᠠᠬᠢ ᠨᠤᠲᠤᠭ ᠤᠨ ᠬᠦᠮᠦᠨ ᠮᠦᠨ᠂ ᠮᠤᠩᠭᠤᠯ ᠶᠠᠰᠤᠲᠠᠨ ᠤ ᠶᠡᠬᠡᠩᠬᠢ ᠨᠢ ᠪᠤᠶᠤ ᠦᠨᠲᠦᠰᠦᠨ ᠲᠡᠭᠡᠷ᠎ᠡ ᠪᠠᠨ ᠮᠤᠩᠭᠤᠯ ᠠᠴᠠ ᠰᠠᠯᠪᠤᠷᠢᠯᠠᠨ ᠭᠠᠷᠴᠦ ᠤᠭᠰᠠᠭ᠎ᠠ ᠦᠨᠲᠦᠰᠦᠲᠡᠨ ᠪᠤᠯᠵᠤ ᠪᠦᠷᠢᠯᠲᠦᠭᠰᠡᠨ ᠭᠡᠵᠦ ᠦᠵᠡᠵᠦ ᠪᠤᠢ᠃ ᠡᠶᠢᠮᠤ ᠠᠴᠠ ᠮᠤᠩᠭᠤᠯ ᠦᠨᠲᠦᠰᠦᠲᠡᠨ ᠤ ᠡᠭᠦᠰᠦᠯ ᠪᠦᠷᠢᠯᠲᠦᠯ ᠨᠢ ᠪᠦᠬᠦᠶᠢᠯᠡ ᠮᠤᠩᠭᠤᠯᠴᠤᠳ ᠯᠤᠭ᠎ᠠ ᠬᠤᠯᠪᠤᠭᠲᠠᠬᠤ ᠶᠤᠮ᠂ ᠪᠦᠭᠦᠲᠡ ᠮᠤᠩᠭᠤᠯ ᠶᠠᠰᠤᠲᠠᠨ ᠦᠨᠲᠦᠰᠦᠲᠡᠨ ᠯᠦᠭᠡ ᠬᠤᠯᠪᠤᠭᠲᠠᠬᠤ ᠶᠤᠮ᠃    ᠮᠤᠩᠭᠤᠯ ᠤᠨ ᠨᠡᠶᠢᠭᠡᠮ ᠤᠨ ᠬᠦᠭᠵᠢᠯᠲᠡ ᠶᠢᠨ ᠱᠠᠲᠤ ᠦᠶ᠎ᠡ ᠨᠢ ᠲᠤᠪ ᠲᠤᠲᠤᠷᠬᠠᠢ᠂ ᠴᠠᠭ ᠬᠤᠭᠤᠴᠠᠭ᠎ᠠ ᠨᠢ ᠤᠷᠲᠤ ᠤᠲᠠᠭᠠᠨ᠂ ᠮᠠᠲ᠋ᠧᠷᠢᠶᠠᠯ ᠡᠯᠪᠡᠭ ᠪᠠᠶᠠᠯᠢᠭ᠂ ᠮᠦᠨ ᠡᠯ᠎ᠡ ᠲᠦᠷᠦ ᠭᠦᠷᠦᠨ ᠤ ᠨᠡᠶᠢᠭᠡᠮ ᠤᠨ ᠰᠢᠨᠵᠢ ᠴᠢᠨᠠᠷ  ᠨᠢ ᠲᠤᠲᠤᠷᠬᠠᠢ᠂ ᠤᠨᠴᠠᠯᠢᠭ ᠨᠢ ᠲᠤᠪᠤᠶᠢᠮ᠎ᠠ ᠪᠠᠶᠢᠵᠤ᠂ ᠤᠪᠤᠭ ᠲᠦᠷᠦᠯ ᠤᠨ ᠪᠠᠶᠢᠭᠤᠯᠤᠯᠲᠤ ᠨᠡᠶᠢᠭᠡᠮ᠂ ᠪᠤᠭᠤᠯᠲᠤ ᠨᠡᠶᠢᠭᠡᠮ ᠨᠢ ᠪᠦᠷ ᠡᠶᠢᠮᠤ ᠪᠠᠶᠢᠵᠤ᠂ ᠲᠤᠶᠢᠯ ᠤᠨ ᠲᠤᠲᠤᠷᠬᠠᠢ ᠪᠠᠶᠢᠲᠠᠭ᠃    ᠲᠡᠥᠬᠡ ᠶᠢᠨ ᠡᠷᠲᠡᠮᠲᠡᠳ ᠤᠪᠤᠭ ᠲᠦᠷᠦᠯ ᠤᠨ ᠨᠡᠶᠢᠭᠡᠮ ᠤᠨ ᠤᠨᠴᠠᠯᠢᠭ ᠢ ᠭᠤᠷᠪᠠᠨ ᠲᠠᠯ᠎ᠠ ᠪᠠᠷ ᠬᠤᠷᠢᠶᠠᠩᠭᠤᠶᠢᠯᠠᠭᠰᠠᠨ ᠪᠠᠶᠢᠨ᠎ᠠ᠄    1. ᠤᠷᠤᠭ ᠤᠨ ᠬᠤᠪᠢᠰᠤᠯ ᠤᠯᠠᠷᠢᠯ ᠨᠢ ᠴᠤᠯ ᠲᠤᠷ᠎ᠠ ᠵᠤᠷᠢᠭ ᠤᠨ ᠴᠢᠰᠤᠨ ᠤᠲᠤᠮ ᠤᠨ ᠤᠷᠤᠭ ᠠᠴᠠ — ᠲᠡᠳ᠋ᠯᠡᠬᠦ ᠴᠢᠰᠤᠨ ᠤᠲᠤᠮ ᠤᠨ ᠤᠷᠤᠭ ᠪᠤᠯᠵᠤ᠂ ᠡᠴᠤᠰ ᠲᠤ ᠨᠢᠭᠡ ᠡᠷ᠎ᠡ ᠨᠢᠭᠡ ᠡᠮ᠎ᠡ ᠶᠢᠨ ᠤᠷᠤᠭ ᠪᠤᠯᠵᠤ ᠪᠢᠯᠡ᠃    2. ᠤᠪᠤᠭ ᠲᠦᠷᠦᠯ ᠤᠨ ᠨᠡᠶᠢᠭᠡᠮ ᠪᠤᠯ ᠡᠬᠡ ᠤᠲᠤᠮ ᠢᠶᠠᠷ ᠭᠤᠤᠯ ᠪᠤᠯᠭᠠᠲᠠᠭ ᠰᠠᠨ᠃ 3. ᠡᠬᠡ ᠤᠲᠤᠮ ᠤᠨ ᠤᠪᠤᠭ ᠲᠦᠷᠦᠯ ᠤᠨ ᠨᠡᠶᠢᠭᠡᠮ ᠳᠤ ᠬᠤᠪᠢ ᠬᠦᠮᠦᠨ ᠤ ᠡᠳ᠋ ᠬᠦᠷᠦᠩᠭᠡ ᠭᠡᠵᠦ ᠦᠭᠡᠢ ᠪᠠᠶᠢᠵᠠᠢ᠃    ᠲᠠᠶᠠᠩ ᠲᠡᠯᠡᠬᠡᠢ ᠳᠤ ᠠᠯᠲᠠᠷ ᠲᠠᠢ ᠶᠢᠷᠲᠢᠨᠴᠦ ᠲᠡᠯᠡᠬᠡᠢ ᠶᠢᠨ ᠤᠨᠢᠰᠤᠭ᠎ᠠ ᠭᠡᠮᠡᠭᠲᠡᠬᠦ — ᠠᠮᠢᠯᠠᠭᠰᠠᠨ ᠡᠲᠤᠷ ᠠᠷᠠᠯ ᠲᠡᠭᠡᠷᠡᠬᠢ ᠴᠢᠯᠠᠭᠤᠨ ᠬᠦᠮᠦᠨ ᠤ ᠬᠦᠷᠦᠭ ᠢ ᠤᠪᠤᠭ ᠲᠦᠷᠦᠯ ᠤᠨ ᠨᠡᠶᠢᠭᠡᠮ ᠤᠨ ᠦᠶ᠎ᠡ ᠳᠠᠬᠢ ᠢᠨᠳᠢᠶᠠᠨ ᠮᠤᠩᠭᠤᠯᠴᠤᠳ ᠵᠤᠬᠢᠶᠠᠵᠤ ᠪᠦᠲᠦᠭᠡᠭᠰᠡᠨ ᠪᠠᠶᠢᠨ᠎ᠠ᠃    ᠰᠢᠪᠧᠷᠢᠶ᠎ᠠ ᠶᠢᠨ ᠶᠧᠨᠢᠰᠠᠢ ᠮᠦᠷᠡᠨ ᠤ ᠬᠦᠪᠡᠭᠡ ᠲᠡᠭᠡᠷ᠎ᠡ᠂ ᠪᠠᠶᠢᠭᠠᠯ ᠨᠠᠭᠤᠷ ᠲᠠᠭᠠᠤ ᠤᠷᠤᠨ ᠢᠶᠠᠷ᠂ ᠮᠤᠩᠭᠤᠯ ᠤᠯᠤᠰ ᠤᠨ ᠠᠷᠤ ᠨᠤᠲᠤᠭ ᠲᠤ᠂ ᠦᠪᠦᠷ ᠮᠤᠩᠭᠤᠯ ᠤᠨ ᠰᠢᠯᠤᠭᠤᠨ ᠬᠦᠬᠡ ᠬᠤᠰᠢᠭᠤ ᠵᠡᠷᠭᠡ ᠤᠷᠤᠨ ᠳᠤ ᠪᠦᠷ ᠴᠢᠯᠠᠭᠤᠨ ᠬᠦᠷᠦᠭ ᠲᠤᠷᠠᠰᠬᠠᠯ ᠪᠤᠢ᠃    ᠠᠮᠢᠯᠠᠭᠰᠠᠨ ᠡᠲᠤᠷ ᠠᠷᠠᠯ ᠲᠡᠭᠡᠷᠡᠬᠢ ᠴᠢᠯᠠᠭᠤᠨ ᠬᠦᠮᠦᠨ ᠤ ᠬᠦᠷᠦᠭ ᠪᠤᠯᠤᠨ ᠮᠤᠩᠭᠤᠯ ᠤᠷᠤᠨ ᠤ ᠴᠢᠯᠠᠭᠤᠨ ᠬᠦᠷᠦᠭ ᠤᠨ ᠰᠠᠶᠢᠯᠵᠤ ᠴᠤᠭᠴᠠᠯᠠᠭᠰᠠᠨ ᠨᠢ ᠠᠲᠠᠯᠢ᠂ ᠲᠦᠷᠰᠦ ᠬᠡᠯᠪᠡᠷᠢ ᠨᠢ ᠤᠶᠢᠷᠠᠯᠴᠠᠭ᠎ᠠ ᠪᠠᠶᠢᠲᠠᠭ᠃ ᠡᠶᠢᠮᠤ  ᠠᠴᠠ᠂ ᠡᠨᠡ ᠬᠡᠲᠦᠨ ᠭᠠᠵᠠᠷ ᠤᠨ ᠬᠦᠷᠦᠭ ᠲᠤᠷᠠᠰᠬᠠᠯ ᠨᠢ ᠨᠢᠭᠡ ᠰᠢᠰᠲ᠋ᠧᠮ ᠤᠨ ᠪᠠᠶᠢᠵᠤ᠂ ᠨᠢᠭᠡ ᠲᠦᠷᠦᠯ ᠤᠨ ᠰᠤᠶᠤᠯ ᠪᠤᠯᠬᠤ ᠶᠢ ᠬᠠᠷᠠᠭᠤᠯᠵᠤ ᠪᠠᠶᠢᠬᠤ ᠶᠤᠮ᠃    ᠨᠢᠤ ᠾᠧ ᠯᠢᠶᠠᠩ ᠲᠠᠪᠠᠭ᠎ᠠ ᠠᠴᠠ ᠢᠯᠡᠷᠡᠭᠦᠯᠦᠭᠰᠡᠨ ᠲᠠᠬᠢᠨᠢ ᠶᠢᠨ ᠰᠦᠮ᠎ᠡ ᠪᠤᠯᠤᠨ ᠨᠢᠭᠡ ᠪᠦᠯᠦᠭ ᠴᠢᠯᠠᠭᠤᠨ ᠤᠩᠭᠤᠨ ᠨᠢ 1 ᠲᠦᠮᠡᠨ ᠵᠢᠯ ᠤᠨ ᠡᠮᠤᠨᠡᠬᠢ ᠰᠢᠨ᠎ᠡ ᠴᠢᠯᠠᠭᠤᠨ ᠪᠠᠭᠠᠵᠢ ᠶᠢᠨ ᠦᠶ᠎ᠡ ᠶᠢᠨ ᠬᠢ ᠪᠤᠯᠤᠨ᠎ᠠ᠃ ᠲᠠᠬᠢᠨᠢ  ᠶᠢ ᠡᠬᠡ ᠶᠢᠨ ᠶᠤᠰᠤ ᠪᠠᠷ ᠬᠦᠨᠲᠦᠯᠡᠵᠦ᠂ ᠬᠦᠷᠦᠭ ᠵᠢᠷᠤᠭ ᠲᠤ ᠪᠤᠰᠬᠠᠨ ᠲᠠᠬᠢᠵᠤ᠂ ᠡᠬᠡᠴᠢᠯᠡᠯ ᠤᠨ ᠤᠪᠤᠭ ᠲᠦᠷᠦᠯ  ᠤᠨ ᠨᠡᠶᠢᠭᠡᠮ ᠤᠨ ᠪᠠᠶᠢᠲᠠᠯ ᠢ ᠪᠦᠬᠦ ᠲᠠᠯ᠎ᠠ ᠪᠠᠷ ᠢᠯᠡᠳᠬᠡᠵᠦ ᠪᠤᠢ ᠪᠤᠯᠠᠢ᠃    ᠡᠷᠲᠡᠮᠲᠡᠳ ᠤᠨ ᠦᠵᠡᠬᠦ ᠪᠠᠷ᠂ ᠮᠤᠩᠭᠤᠯ ᠤᠨ ᠤᠪᠤᠭ ᠲᠦᠷᠦᠯ ᠤᠨ ᠨᠡᠶᠢᠭᠡᠮ ᠨᠢ ᠨᠠᠷᠢᠯᠢᠭ ᠴᠢᠯᠠᠭᠤᠨ ᠪᠠᠭᠠᠵᠢ  ᠶᠢᠨ ᠰᠡᠭᠦᠯᠴᠢ᠂ ᠰᠢᠨ᠎ᠡ ᠴᠢᠯᠠᠭᠤᠨ ᠪᠠᠭᠠᠵᠢ ᠶᠢᠨ ᠡᠬᠢᠨ ᠠᠴᠠ ᠡᠬᠢᠯᠡᠵᠦ᠂ ᠬᠦᠷᠡᠯ ᠪᠠᠭᠠᠵᠢ ᠶᠢᠨ ᠦᠶ᠎ᠡ ᠶᠢᠨ ᠡᠬᠢ ᠬᠦᠷᠲᠡᠯ᠎ᠡ ᠦᠷᠬᠦᠯᠵᠢᠯᠡᠪᠡ᠃ ᠴᠠᠭ ᠦᠶ᠎ᠡ ᠶᠢᠨ ᠲᠠᠯ᠎ᠠ ᠪᠠᠷ ᠠᠪᠴᠦ ᠬᠡᠯᠡᠪᠡᠯ 1 ᠲᠦᠮᠡ 5 ᠮᠢᠩᠭᠠᠨ ᠵᠢᠯ ᠠᠴᠠ 7 — 8 ᠮᠢᠩᠭᠠᠨ ᠵᠢᠯ ᠤᠨ ᠡᠮᠤᠨ᠎ᠡ ᠪᠤᠯᠲᠠᠯ᠎ᠠ᠂ ᠪᠠᠷᠤᠭ 8 ᠮᠢᠩᠭ᠎ᠠ ᠠᠴᠠ 1 ᠲᠦᠮᠡ ᠵᠢᠯ ᠦᠷᠬᠦᠯᠵᠢᠯᠡᠭᠰᠡᠨ ᠪᠠᠶᠢᠨ᠎ᠠ᠃    ᠮᠤᠩᠭᠤᠯ ᠤᠨ ᠪᠤᠭᠤᠯ ᠤᠨ ᠨᠡᠶᠢᠭᠡᠮ ᠤᠨ ᠰᠢᠨᠵᠢ ᠴᠢᠨᠠᠷ ᠨᠢ ᠲᠤᠲᠤᠷᠬᠠᠢ᠂ ᠪᠤᠭᠤᠯ ᠤᠨ ᠨᠡᠶᠢᠭᠡᠮ ᠤᠨ ᠴᠠᠭ ᠨᠢ ᠤᠷᠲᠤ ᠤᠲᠠᠭᠠᠨ᠂ ᠴᠠᠭ ᠦᠶ᠎ᠡ ᠶᠢᠨ ᠴᠢᠨᠠᠷ ᠨᠢ ᠲᠤᠲᠤᠷᠬᠠᠢ ᠪᠠᠶᠢᠲᠠᠭ᠃ ᠮᠤᠩᠭᠤᠯ ᠤᠨ ᠪᠤᠭᠤᠯᠲᠤ ᠨᠡᠶᠢᠭᠡᠮ ᠤᠨ ᠬᠦᠭᠵᠢᠯᠲᠡ ᠠᠴᠠ ᠦᠵᠡᠪᠡᠯ᠂ ᠲᠡᠷᠡ ᠨᠢ ᠤᠪᠤᠭ ᠲᠦᠷᠦᠯ ᠤᠨ ᠨᠡᠶᠢᠭᠡᠮ ᠤᠨ ᠲᠤᠲᠤᠷ᠎ᠠ ᠨᠢᠭᠡᠨᠲᠡ ᠬᠦᠭᠵᠢᠵᠦ᠂ ᠪᠤᠯᠪᠠᠰᠤᠷᠠᠵᠤ᠂ ᠨᠡᠶᠢᠭᠡᠮ ᠤᠨ ᠲᠤᠭᠲᠠᠯᠴᠠᠭ᠎ᠠ ᠲᠠᠢ ᠪᠤᠯᠵᠠᠢ᠃ ᠮᠤᠩᠭᠤᠯ ᠤᠨ ᠪᠤᠭᠤᠯᠲᠤ ᠨᠡᠶᠢᠭᠡᠮ ᠨᠢ ᠭᠤᠤᠯᠲᠠᠭᠤ ᠭᠤᠷᠪᠠᠨ ᠵᠤᠶᠢᠯ ᠤᠨ ᠬᠡᠯᠪᠡᠷᠢ ᠪᠠᠷ ᠢᠯᠡᠷᠡᠵᠦ ᠪᠤᠢ᠄    1. ᠮᠤᠩᠭᠤᠯ ᠤᠨ ᠤᠪᠤᠭ ᠲᠦᠷᠦᠯ ᠤᠨ ᠨᠡᠶᠢᠭᠡᠮ ᠤᠨ ᠵᠠᠲᠠᠷᠠᠯ ᠤᠨ ᠶᠠᠪᠤᠴᠠ ᠳᠤ ᠬᠡᠰᠡᠭ ᠠᠶᠢᠮᠠᠭ ᠤᠨ ᠠᠬᠠᠯᠠᠭᠴᠢ ᠪᠤᠶᠤ ᠡᠰᠡᠭᠦᠯ᠎ᠡ ᠰᠢᠨ᠎ᠡ ᠪᠠᠷ ᠮᠠᠨᠲᠤᠭᠰᠠᠨ ᠤᠨᠴᠠ ᠡᠷᠬᠡᠲᠡᠨ ᠳᠤ ᠲᠡᠭᠦᠨ ᠤ ᠬᠠᠷᠢᠶ᠎ᠠ ᠭᠠᠵᠠᠷ ᠪᠤᠶᠤ ᠰᠠᠭᠤᠭᠠᠯᠢ ᠢᠷᠭᠡᠨ ᠲᠠᠢ ᠪᠠᠶᠢᠵᠠᠢ᠃ ᠡᠷᠬᠡ ᠲᠤᠰᠢᠶᠠᠯ ᠤᠨ ᠬᠢᠨᠢ ᠶᠡᠭᠡ ᠪᠠᠭ᠎ᠠ ᠶᠢ ᠦᠨᠲᠦᠰᠦᠯᠡᠵᠦ ᠲᠤᠭᠲᠠᠭᠠᠭᠰᠠᠨ ᠲᠡᠲᠡᠭᠡᠷ ᠬᠠᠷᠢᠶᠠᠨ ᠤ ᠭᠠᠵᠠᠷ ᠲᠤ ᠤᠷᠤᠰᠢᠨ ᠰᠠᠭᠤᠬᠤ ᠢᠷᠭᠡᠳ ᠨᠢ ᠴᠦᠮ ᠬᠠᠷᠢᠶᠠᠲᠤ ᠪᠤᠭᠤᠯ ᠪᠤᠯᠠᠢ᠃ ᠡᠶᠢᠮᠤᠷᠬᠦᠦ ᠢᠷᠭᠡᠨ ᠢᠶᠠᠷ ᠪᠦᠷᠢᠯᠲᠦᠭᠰᠡᠨ ᠪᠤᠭᠤᠯ ᠢ 《 ᠤᠩᠭᠤ ᠪᠤᠭᠤᠯ ︵ungu bogol︶ 》 ︵ᠡᠷᠲᠡᠨ  ᠤ ᠪᠤᠭᠤᠯ︶ ᠭᠡᠲᠡᠭ᠃    2. ᠲᠠᠶᠢᠨ ᠤ ᠤᠯᠵᠠᠯᠠᠭᠲᠠᠭᠰᠠᠳ ᠪᠤᠶᠤ ᠡᠰᠡᠭᠦᠯ᠎ᠡ ᠠᠷᠠᠯᠵᠢᠶ᠎ᠠ ᠰᠤᠯᠢᠯᠴᠠᠭ᠎ᠠ ᠬᠢᠵᠤ ᠠᠪᠤᠭᠰᠠᠨ ᠪᠤᠭᠤᠯ ᠪᠠᠶᠢᠲᠠᠭ᠃ ᠠᠶᠢᠮᠠᠭ ᠤᠨ ᠲᠠᠶᠢᠨ ᠪᠠᠶᠢᠯᠲᠤᠭᠠᠨ ᠤ ᠲᠤᠮᠲᠠ ᠲᠠᠶᠢᠨ ᠤ ᠢᠯᠠᠭᠴᠢ ᠨᠢ ᠤᠯᠵᠠᠯᠠᠭᠲᠠᠭᠰᠠᠳ ᠢᠶᠠᠨ ᠲᠠᠶᠢᠨ ᠤ ᠪᠡᠯᠡᠭ ᠪᠤᠯᠭᠠᠨ ᠠᠶᠢᠮᠠᠭ ᠤᠨ ᠠᠬᠠᠯᠠᠭᠴᠢ ᠪᠤᠯᠤᠨ ᠰᠢᠨ᠎ᠠ ᠪᠠᠷ ᠮᠠᠨᠲᠤᠭᠰᠠᠨ ᠲᠠᠪᠬᠤᠷᠭᠠᠨ ᠳᠠᠭᠠᠨ ᠬᠤᠪᠢᠶᠠᠨ ᠦᠭᠲᠡᠭ ᠪᠠᠶᠢᠨ᠎ᠠ᠃ ᠪᠤᠭᠤᠯ ᠤᠨ ᠡᠵᠡᠳ ᠡᠲᠡᠭᠡᠷ ᠤᠯᠵᠠᠯᠠᠭᠰᠠᠳ ᠢ ᠬᠤᠪᠢ ᠶᠢᠨ ᠭᠡᠷ ᠤᠨ ᠦᠮᠴᠢ ᠪᠤᠯᠭᠠᠨ ᠵᠠᠷᠤᠴᠠᠯᠠᠲᠠᠭ ᠪᠠᠶᠢᠨ᠎ᠠ᠃ ᠡᠶᠢᠮᠤᠷᠬᠦᠦ ᠪᠤᠭᠤᠯ ᠢ 《 ᠭᠡᠷ ᠤᠨ ᠪᠤᠭᠤᠯ 》 ᠪᠤᠶᠤ 《 ᠡᠭᠦᠲᠡᠨ ᠪᠤᠭᠤᠯ 》 ᠭᠡᠲᠡᠭ᠃    3.《 ᠬᠠᠷᠢᠶᠠᠲᠤ ᠪᠤᠭᠤᠯ 》 ᠪᠤᠶᠤ 《 ᠬᠠᠮᠵᠢᠯᠭ᠎ᠠ ᠪᠤᠭᠤᠯ 》                  ᠲᠠᠶᠢᠴᠢᠭᠤᠳ · ᠮᠠᠨᠰᠠᠩ᠂ ᠮᠤᠩᠭᠤᠯ ᠦᠨᠲᠦᠰᠦᠲᠡᠨ ᠤ ᠪᠦᠷᠢᠨ ᠲᠡᠥᠬᠡᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号