ᠬᠠᠮᠤᠭ ᠡᠷᠳᠠᠨ ᠤ ᠲᠦᠷᠦ ᠶᠢᠨ ᠲᠠᠮᠠᠭ᠎ᠠ
ᠨᠡᠶᠢᠲᠡᠯᠡᠭᠰᠡᠨ ᠴᠠᠭ᠄
2020/3/6
    ᠠᠯᠢᠪᠠ ᠲᠦᠷᠦ ᠤᠯᠤᠰ ᠤᠨ ᠡᠷᠬᠡ ᠵᠠᠰᠠᠭ᠂ ᠰᠦᠷ ᠬᠦᠴᠦᠨ ᠤ ᠪᠡᠯᠭᠡᠳᠡᠯ ᠨᠢ ᠲᠦᠷᠦ ᠶᠢᠨ ᠲᠠᠮᠠᠭ᠎ᠠ ᠪᠢᠯᠡ᠃ ᠰᠤᠷᠪᠤᠯᠵᠢ ᠪᠢᠴᠢᠭ ᠤᠨ ᠮᠡᠳᠡᠭᠡ ᠪᠠᠷ ᠤᠨ ᠲᠤᠭᠠᠯᠠᠯ ᠠᠴᠠ ᠡᠮᠦᠨᠡᠬᠢ 4 — 1 ᠳ᠋ᠤᠭᠡᠷ ᠵᠠᠭᠤᠨ ᠤ ᠦᠶ᠎ᠡ ᠳᠤ ᠾᠦᠩᠨᠦ ᠶᠢᠨ ᠬᠠᠭᠠᠨ ᠳᠤ ᠲᠦᠷᠦ ᠶᠢᠨ ᠲᠠᠮᠠᠭ᠎ᠠ ᠲᠠᠢ ᠪᠠᠶᠢᠵᠠᠢ᠃ ᠡᠨᠡ ᠪᠤᠯ ᠮᠤᠩᠭᠤᠯ ᠤᠨ ᠬᠠᠮᠤᠭ ᠡᠷᠳᠡᠨ ᠤ ᠲᠦᠷᠦ ᠶᠢᠨ ᠲᠠᠮᠠᠭ᠎ᠠ ᠶᠤᠮ᠃ 4 ᠳ᠋ᠤᠭᠡᠷ ᠵᠠᠭᠤᠨ ᠤ ᠦᠶᠡᠰ ᠤᠨ ᠮᠤᠩᠭᠤᠯ ᠤᠭᠰᠠᠭᠠᠳᠠᠨ ᠤ ᠲᠤᠪᠠ ᠠᠶᠢᠮᠠᠭ ᠤᠨ ᠬᠠᠭᠠᠨ ᠳᠤ 《 ᠬᠦᠷᠡᠩ ᠴᠠᠴᠤᠭ ᠤᠭᠤᠰᠤᠷ ᠲᠠᠢ ᠠᠯᠳᠠᠨ ᠲᠠᠮᠠᠭ᠎ᠠ ᠲᠠᠢ 》 ᠪᠠᠶᠢᠵᠠᠢ᠃ 8 ᠳ᠋ᠤᠭᠠᠷ ᠵᠠᠭᠤᠨ ᠤ ᠦᠶ᠎ᠡ ᠶᠢᠨ ᠨᠠᠢᠮᠠᠨ ᠠᠶᠢᠮᠠᠭ ᠤᠨ ᠲᠡᠷᠢᠭᠦᠯᠡᠭᠴᠢ 《 ᠠᠯᠳᠠᠨ ᠲᠠᠮᠠᠭ᠎ᠠ 》 ᠶᠢ ᠬᠠᠳᠠᠭᠠᠯᠠᠳᠠᠭ ᠪᠠᠶᠢᠵᠠᠢ᠃ 13 ᠳ᠋ᠤᠭᠠᠷ ᠵᠠᠭᠤᠨ ᠤ ᠨᠢᠭᠡᠳᠦᠭᠰᠡᠨ ᠮᠤᠩᠭᠤᠯ ᠭᠦᠷᠦᠨ ᠡᠭᠦᠰᠦᠭᠰᠡᠨ ᠠᠴᠠ ᠬᠤᠶᠢᠰᠢ ᠲᠦᠷᠦ ᠶᠢᠨ ᠬᠠᠰᠪᠤᠤ ᠲᠠᠮᠠᠭ᠎ᠠ ᠬᠡᠷᠡᠭᠯᠡᠬᠦ ᠪᠤᠯᠵᠠᠢ᠃ ᠡᠨᠡ ᠦᠶ᠎ᠡ ᠶᠢᠨ ᠲᠠᠮᠠᠭ᠎ᠠ ᠶᠢᠨ ᠲᠤᠷᠠᠰᠬᠠᠯ ᠨᠢ 1246 ᠤᠨ ᠳᠤ ᠮᠤᠩᠭᠤᠯ ᠤᠨ ᠶᠡᠭᠡ ᠬᠠᠭᠠᠨ ᠬᠦᠶᠦᠭ ᠠᠴᠠ ᠫᠠᠭᠪᠠ ᠯᠠᠮ᠎ᠠ ᠳᠤ ᠢᠯᠡᠭᠡᠭᠰᠡᠨ ᠪᠢᠴᠢᠭ ᠲᠤ ᠲᠠᠷᠤᠭᠰᠠᠨ ᠲᠠᠮᠠᠭᠠᠨ ᠤ ᠲᠠᠷᠤᠳᠠᠰᠤ ᠶᠤᠮ᠃ ᠲᠡᠷᠡ ᠲᠠᠮᠠᠭᠠᠨ ᠤ ᠪᠢᠴᠢᠭ ᠨᠢ 《 ᠮᠦᠩᠬᠡ ᠲᠡᠭᠷᠢ ᠶᠢᠨ ᠬᠦᠴᠦᠨ ᠳᠤᠷ ᠶᠡᠭᠡ ᠮᠤᠩᠭᠤᠯ ᠤᠯᠤᠰ ᠤᠨ ᠲᠠᠯᠠᠢ ᠬᠠᠭᠠᠨ ᠤ ᠵᠠᠷᠯᠢᠭ ᠢᠯᠡ ᠪᠤᠯᠬᠤ ᠢᠷᠭᠡᠨ ᠳᠤᠷ ᠬᠦᠷᠪᠡᠰᠤ ᠪᠢᠰᠢᠷᠡᠳᠦᠭᠡᠢ ᠠᠶᠤᠳᠤᠭᠠᠢ 》 ᠭᠡᠰᠡᠨ ᠪᠠᠶᠢᠨ᠎ᠠ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号