ᠦᠨᠲᠦᠰᠦᠲᠡᠨ᠂ ᠮᠤᠩᠭᠤᠯ ᠦᠨᠲᠦᠰᠦᠲᠡᠨ ᠤ ᠨᠡᠷᠡᠶᠢᠲᠦᠯ
ᠨᠡᠶᠢᠲᠡᠯᠡᠭᠰᠡᠨ ᠴᠠᠭ᠄
2020/3/6
   ᠦᠨᠲᠦᠰᠦᠲᠡᠨ᠂ ᠦᠨᠲᠦᠰᠦᠲᠡᠨ ᠤ ᠨᠡᠷᠡᠶᠢᠲᠦᠯ᠂ ᠦᠨᠲᠦᠰᠦᠲᠡᠨ ᠤ ᠪᠦᠷᠢᠯᠲᠦᠯ ᠤᠨ ᠠᠰᠠᠭᠤᠲᠠᠯ    ᠲᠡᠥᠬᠡᠴᠢᠳ ᠤᠨ ᠦᠵᠡᠬᠦ ᠪᠠᠷ᠂ ᠮᠤᠩᠭᠤᠯ ᠤᠨ ᠤᠪᠤᠭ ᠲᠦᠷᠦᠯ ᠤᠨ ᠨᠡᠶᠢᠭᠡᠮ ᠤᠨ ᠰᠡᠭᠦᠯᠴᠢ ᠶᠢᠨ ᠬᠤᠭᠤᠴᠠᠭ᠎ᠠ᠂ ᠪᠤᠭᠤᠯᠲᠤ ᠨᠡᠶᠢᠭᠡᠮ ᠤᠨ ᠡᠬᠢᠨ ᠤ ᠬᠤᠭᠤᠴᠠᠭ᠎ᠠ᠂ ᠲᠤᠬᠠᠶᠢᠯᠠᠪᠠᠯ ᠬᠦᠷᠡᠯ ᠪᠠᠭᠠᠵᠢ ᠶᠢᠨ ᠦᠶ᠎ᠡ᠂ ᠪᠠᠷᠤᠭ 7— 8 ᠮᠢᠩᠭᠠᠨ ᠵᠢᠯ ᠤᠨ ᠡᠮᠤᠨ᠎ᠡ ᠮᠤᠩᠭᠤᠯ ᠦᠨᠲᠦᠰᠦᠲᠡᠨ ᠨᠢᠭᠡᠨᠲᠡ ᠪᠦᠷᠢᠯᠲᠦᠵᠡᠢ᠃ ᠬᠦᠮᠦᠨ ᠲᠦᠷᠦᠯᠬᠢᠲᠡᠨ ᠤ ᠤᠬᠠᠭᠠᠨ ᠤ ᠡᠭᠦᠲᠡᠨ ᠠᠴᠠ ᠦᠵᠡᠪᠡᠯ 《 ᠮᠤᠩᠭᠤᠯ 》 ᠨᠢ ᠭᠠᠭᠴᠠ ᠬᠦ ᠮᠤᠩᠭᠤᠯ ᠦᠨᠲᠦᠰᠦᠲᠡᠨ ᠤ ᠨᠡᠷᠡᠶᠢᠲᠦᠯ ᠲᠡᠲᠤᠢ ᠪᠢᠰᠢ᠂ ᠲᠡᠷᠡ ᠨᠢ ᠪᠠᠰᠠ ᠮᠤᠩᠭᠤᠯ ᠲᠦᠷᠦᠯᠬᠢᠲᠡᠨ ᠤ ᠶᠡᠷᠤᠩᠬᠡᠢ ᠨᠡᠷᠡᠶᠢᠲᠦᠯ ᠪᠤᠯᠬᠤ ᠶᠤᠮ᠃ 《 ᠦᠨᠲᠦᠰᠦᠲᠡᠨ ᠪᠤᠯ ᠪᠠᠶᠢᠭᠠᠯᠢ ᠶᠢᠨ ᠬᠦᠴᠦᠨ ᠠᠴᠠ ᠲᠦᠷᠦᠭᠲᠡᠵᠦ᠂ ᠲᠦᠷᠦ ᠪᠤᠯ ᠵᠡᠪᠰᠡᠭᠲᠦ ᠬᠦᠴᠦᠨ ᠠᠴᠠ ᠲᠦᠷᠦᠭᠲᠡᠮᠤᠢ᠃ ᠦᠨᠲᠦᠰᠦᠲᠡᠨ ᠤ ᠪᠦᠷᠢᠯᠲᠦᠯ ᠳᠤ ᠴᠢᠰᠤᠨ ᠰᠦᠯᠪᠡᠭᠡ᠂ ᠠᠵᠤ ᠠᠮᠢᠲᠤᠷᠠᠯ᠂ ᠦᠭᠡ ᠬᠡᠯᠡ᠂ ᠦᠰᠦᠭ ᠪᠢᠴᠢᠭ᠂ ᠱᠠᠰᠢᠨ ᠰᠤᠷᠲᠠᠬᠤᠨ᠂ ᠵᠠᠩ ᠲᠠᠳᠬᠠᠯ ᠲᠠᠢ ᠬᠤᠯᠪᠤᠭ᠎ᠠ ᠲᠠᠢ ᠪᠠᠶᠢᠲᠠᠭ ᠰᠠᠨ᠃ 》—— ᠰᠦᠨ ᠸᠧᠨ 《 ᠦᠨᠲᠦᠰᠦᠲᠡᠨ ᠪᠤᠯ ᠬᠦᠮᠦᠰ ᠤᠨ ᠲᠡᠥᠬᠡ ᠶᠢᠨ ᠬᠦᠭᠵᠢᠯ ᠤᠨ ᠶᠠᠪᠤᠴᠠ ᠳᠤ ᠪᠤᠢ ᠪᠤᠯᠵᠤ ᠪᠦᠷᠢᠯᠲᠦᠭᠰᠡᠨ ᠬᠠᠮᠲᠤ ᠨᠡᠶᠢᠲᠡ ᠶᠢᠨ ᠨᠤᠲᠤᠭ ᠲᠡᠪᠢᠰᠬᠡᠷ ᠲᠠᠢ᠂ ᠬᠠᠮᠲᠤ ᠨᠡᠶᠢᠲᠡ ᠶᠢᠨ ᠠᠵᠤ ᠠᠬᠤᠢ ᠠᠵᠤ ᠲᠦᠷᠦᠬᠦ ᠪᠠ ᠵᠢᠴᠢ ᠬᠠᠮᠲᠤ ᠨᠡᠶᠢᠲᠡ ᠶᠢᠨ ᠰᠤᠶᠤᠯ ᠳᠤ ᠢᠯᠡᠷᠡᠭᠰᠡᠨ ᠬᠠᠮᠲᠤ ᠨᠡᠶᠢᠲᠡ ᠶᠢᠨ ᠵᠠᠩ ᠰᠡᠳᠬᠢᠭᠦᠢ ᠶᠢᠨ ᠲᠦᠷᠦᠯᠬᠢ ᠴᠢᠨᠠᠷ ᠤᠨ ᠰᠠᠭᠤᠷᠢ ᠲᠡᠭᠡᠷ᠎ᠡ ᠲᠡᠥᠬᠡ ᠶᠢᠨ ᠶᠤᠰᠤᠭᠠᠷ ᠪᠦᠷᠢᠯᠲᠦᠭᠰᠡᠨ ᠬᠦᠮᠦᠰ ᠤᠨ ᠪᠠᠲᠤ ᠲᠤᠭᠲᠠᠩᠭᠤᠢ ᠬᠠᠮᠲᠤ ᠶᠢᠨ ᠴᠤᠭᠴᠠ ᠪᠠᠶᠢᠬᠤ ᠰᠠᠨ᠃ 》 —— ᠰᠲ᠋ᠠᠯᠢᠨ   ᠮᠤᠩᠭᠤᠯ ᠦᠨᠲᠦᠰᠦᠲᠡᠨ ᠤ ᠨᠡᠷᠡᠶᠢᠲᠦᠯ —《 ᠮᠤᠩᠭᠤᠯ 》 ᠭᠡᠬᠦ ᠡᠨᠡ ᠬᠦ ᠲᠤᠰᠬᠠᠢ ᠨᠡᠷᠡᠰ ᠪᠠᠷ ᠮᠤᠩᠭᠤᠯ ᠦᠨᠲᠦᠰᠦᠲᠡᠨ ᠪᠦᠷᠢᠯᠲᠦᠨ ᠲᠤᠭᠲᠠᠨᠢᠬᠤ ᠶᠢᠨ ᠵᠡᠷᠭᠡ ᠪᠠᠷ ᠪᠤᠢ ᠪᠤᠯᠵᠤ᠂ ᠦᠨᠲᠦᠰᠦᠲᠡᠨ ᠤ ᠨᠡᠷᠡᠶᠢᠲᠦᠯ ᠪᠤᠯᠤᠭᠰᠠᠨ ᠪᠦᠭᠡᠳ ᠲᠡᠷᠡ ᠨᠢ ᠮᠤᠩᠭᠤᠯ ᠤᠨ ᠡᠯ᠎ᠡ ᠠᠶᠢᠮᠠᠭ ᠤᠨ ᠲᠤᠮᠲᠠ 《 ᠮᠤᠩᠭᠤᠯ 》 ᠭᠡᠬᠦ ᠨᠡᠷᠡᠶᠢᠲᠦᠯ ᠢᠶᠠᠷ ᠤᠯᠠᠮᠵᠢᠯᠠᠭᠲᠠᠵᠤ ᠢᠷᠡᠵᠦ ᠪᠢᠯᠡ᠃ 《 ᠮᠤᠩᠭᠤᠯ 》 ᠭᠡᠬᠦ ᠦᠭᠡ — ᠮᠤᠩᠭᠤᠯ ᠦᠨᠲᠦᠰᠦᠲᠡᠨ ᠤ ᠨᠡᠷᠡᠶᠢᠲᠦᠯ ᠨᠢ ᠠᠯᠢ ᠡᠷᠲᠡ 5 ᠮᠢᠩᠭᠠᠨ ᠵᠢᠯ  ᠤᠨ ᠡᠮᠤᠨ᠎ᠡ 《 ᠮᠠᠨ — ᠮᠠᠩ 》 ︵蛮︶ ᠤᠨ ᠲᠠᠭᠤᠲᠠᠯᠭ᠎ᠠ ᠪᠠᠷ ᠬᠢᠲᠡᠳ ᠰᠤᠷᠪᠤᠯᠵᠢ ᠪᠢᠴᠢᠭ ᠲᠤ ᠢᠯᠡᠷᠡᠭᠰᠡᠨ ᠪᠠᠶᠢᠨ᠎ᠠ᠃   ᠰᠤᠷᠪᠤᠯᠵᠢ ᠪᠢᠴᠢᠭ ᠲᠠᠬᠢ 《 ᠮᠠᠨ 》 ︵蛮︶ 《 ᠮᠠᠨ ᠢ 》 ︵蛮 夷︶ 《 ᠮᠠᠨ ᠷᠦᠩ 》 ︵蛮戎︶ 《 ᠤᠯᠠᠨ ᠮᠠᠨ 》 ︵百 蛮︶ ᠵᠡᠷᠭᠡ ᠨᠡᠷᠡᠶᠢᠲᠦᠯ ᠨᠢ ᠶᠡᠷᠤᠩᠭᠡᠢ ᠳᠤᠨᠢ 《 ᠤᠯᠠᠨ ᠮᠠᠨ 》 ︵百 蛮︶ ᠪᠤᠶᠤ 《 ᠤᠮᠠᠷᠠᠲᠤ ᠮᠠᠨ 》 ︵北 蛮︶ 《 ᠡᠮᠤᠨᠡᠲᠦ ᠮᠠᠨ 》 ︵南 蛮︶ ᠪᠤᠯᠤᠨ᠎ᠠ᠃ ᠡᠨᠡ ᠬᠦ 《 ᠮᠠᠨ 》 ︵蛮︶ ᠨᠢ ᠲᠠᠷᠤᠢ ᠬᠠᠲᠤᠨ ᠭᠤᠤᠯ ᠤᠨ ᠤᠷᠤᠰᠬᠠᠯ ᠲᠠᠭᠠᠤ ᠤᠷᠤᠨ ᠤ ᠰᠢᠶᠠᠨ ᠢᠥᠢ ︵荤 粥︶᠂ ᠬᠢᠶᠠᠨ ︵猃 狁︶᠂ ᠪᠢᠲᠠᠭᠦᠳ ︵北 狄︶᠂ ᠾᠦᠨ ︵ᠬᠦᠮᠦᠨ︶  ᠨᠦᠭᠦᠳ ︵ᠾᠦᠩᠨᠤ︶ ᠵᠡᠷᠭᠡ ᠤᠯᠠᠨ ᠮᠤᠩᠭᠤᠯᠵᠢᠨ ᠠᠶᠢᠮᠠᠭ ᠢ ᠵᠢᠭᠠᠵᠤ ᠪᠠᠶᠢᠨ᠎ᠠ᠃ ᠡᠶᠢᠨ ᠬᠦ᠂ ᠮᠠᠩᠭᠤᠯ ︵ᠮᠤᠩᠭᠤᠯ︶ ᠪᠠᠷ ᠮᠠᠨ — ᠮᠠᠩ ︵蟒︶ ᠠᠴᠠ ᠢᠷᠡᠯᠲᠡ ᠲᠠᠢ ᠪᠢᠯᠡ᠃ 《 ᠮᠤᠩᠭᠤᠯ ᠤᠨ ᠨᠢᠭᠤᠴᠠ ᠲᠤᠪᠴᠢᠶᠠᠨ 》 ᠳᠤ 《 ᠮᠤᠩᠭᠤᠯ 》 ᠭᠡᠬᠦ ᠦᠭᠡ ᠲᠠᠢ ᠬᠤᠯᠪᠤᠭᠲᠠᠯ ᠪᠦᠬᠦᠢ ᠦᠭᠡ ᠨᠡᠶᠢᠲᠡ ᠭᠤᠷᠪᠠᠨᠲᠠ ᠭᠠᠷᠤᠭᠰᠠᠨ ᠪᠠᠶᠢᠨ᠎ᠠ᠄   1.— ᠮᠠᠩᠭᠤᠯ 2.— ᠮᠠᠩᠭᠤᠳ᠂ ᠮᠠᠩᠭᠤᠳ ᠤᠨ᠂ ᠮᠠᠩᠭᠤᠳ ᠢᠶᠠᠨ᠂ 3.— ᠮᠠᠩᠭᠤᠰ᠂ ᠮᠠᠩᠭᠤᠰ ᠤᠨ ᠭᠡᠬᠦ ᠮᠡᠲᠤ 《 ᠨᠢᠭᠤᠴᠠ ᠲᠤᠪᠴᠢᠶᠠᠨ 》 ᠳᠤ 《 ᠮᠤᠩᠭᠤᠯ 》 ᠤᠨ ᠤᠤᠯ ᠪᠢᠴᠢᠯᠭᠡ ᠨᠢ —《 ᠮᠠᠩᠭᠤᠯ 》 ᠪᠠᠶᠢᠵᠤ ᠂ 《 忙豁仑纽察脱察安 》—《 ᠮᠠᠩᠭᠤᠯ ᠤᠨ ᠨᠢᠭᠤᠴᠠ ᠲᠤᠪᠴᠢᠶᠠᠨ 》 ᠭᠡᠮᠡᠲᠡᠭ᠃ 《 ᠮᠤᠩᠭᠤᠯ 》 ᠭᠡᠬᠦ ᠦᠭᠡ ᠨᠢ 《 ᠮᠠᠩᠭᠤᠰ 》 ᠠᠴᠠ ᠢᠷᠡᠯᠲᠡ ᠲᠠᠢ᠂ 《 ᠮᠠᠩᠭᠤᠰ 》 ᠭᠡᠬᠦ ᠦᠭᠡ  ᠶᠢᠨ ᠬᠤᠪᠢᠷᠠᠯ ᠪᠤᠯᠬᠤ ᠶᠢ ᠢᠯᠡᠳᠭᠡᠵᠦ ᠪᠠᠶᠢᠭ᠎ᠠ ᠰᠠᠨ᠃   ᠬᠡᠯᠡᠨ ᠵᠦᠢ ᠶᠢᠨ ᠲᠠᠯ᠎ᠠ ᠪᠠᠷ᠂ ᠮᠠᠩᠭᠤᠯ — ᠮᠠᠩᠭᠤᠳ — ᠮᠠᠩᠭᠤᠰ ᠭᠤᠷᠪᠠᠨ ᠦᠭᠡ ᠶᠢᠨ ᠢᠵᠠᠭᠤᠷ ᠨᠢ ᠨᠢᠭᠡ ᠪᠠᠶᠢᠵᠤ —《 ᠮᠠᠩ 》 ︵忙᠂ 蟒︶ ᠪᠤᠯᠠᠢ᠃ 《 ᠮᠠᠩᠭᠤᠰ 》 ᠪᠦᠭᠡᠰᠦ 《 ᠮᠠᠩ 》 ᠤᠨ ᠤᠯᠠᠨ ᠲᠤᠭ᠎ᠠ ᠪᠤᠯᠤᠨ᠎ᠠ᠃   ᠡᠷᠲᠡᠨ ᠤ ᠮᠤᠩᠭᠤᠯ ᠬᠡᠯᠡᠨ ᠤ ᠲᠦᠷᠢᠮ ᠤᠨ ᠲᠠᠯ᠎ᠠ ᠪᠠᠷ ᠠᠪᠴᠦ ᠬᠡᠯᠡᠪᠡᠯ᠄ L(l勒)᠂ d(t惕)᠂ S(s思) ᠨᠢ ᠴᠦᠮ ᠤᠯᠠᠨ ᠲᠤᠭᠠᠨ ᠤ ᠲᠠᠭᠠᠪᠤᠷᠢ ᠪᠤᠯᠤᠨ᠎ᠠ᠃   ᠮᠤᠩᠭᠤᠯᠴᠤᠳ ᠤᠨ ᠡᠨᠡ ᠬᠦ ᠦᠨᠲᠦᠰᠦᠲᠡᠨ ᠤ ᠨᠡᠷᠡᠶᠢᠲᠦᠯ — ᠮᠠᠩᠭᠤᠯ ᠨᠢ ᠮᠠᠩ ᠤᠨ ᠰᠢᠲᠦᠯᠭᠡ᠂ ᠮᠠᠩ ᠮᠤᠭᠠᠢ ᠶᠢᠨ ᠲᠤᠲ᠋ᠧᠮ ᠲᠠᠢ ᠬᠤᠯᠪᠤᠭ᠎ᠠ ᠲᠠᠢ᠃ ᠮᠤᠩᠭᠤᠯ ᠦᠨᠲᠦᠰᠦᠲᠡᠨ ᠤ ᠡᠨᠡ ᠬᠦ ᠨᠡᠷᠡᠶᠢᠲᠦᠯ᠄ ᠮᠤᠩᠭᠤᠯ — ᠮᠠᠩᠭᠤᠯ ᠦᠭᠡ ᠪᠠᠷ ᠮᠠᠩ — ᠮᠠᠩᠭᠤᠰ ᠠᠴᠠ ᠢᠷᠡᠯᠲᠡ ᠲᠠᠢ ᠰᠠᠨ᠃ ᠮᠤᠩᠭᠤᠯᠴᠤᠳ ᠪᠠᠷ ᠮᠠᠩ — ᠮᠠᠩᠭᠤᠰ  ᠤᠨ ᠰᠢᠲᠦᠯᠭᠡ᠂ ᠮᠠᠩ — ᠮᠠᠩᠭᠤᠰ ᠤᠨ ᠲᠤᠲ᠋ᠧᠮ ᠢᠶᠠᠷ ᠦᠨᠲᠦᠰᠦᠲᠡᠨ ᠢᠶᠠᠨ ᠨᠡᠷᠡᠶᠢᠳᠴᠦ᠄ ᠮᠤᠩᠭᠤᠯ ︵ᠮᠠᠩᠭᠤᠯ︶ ᠭᠡᠮᠡᠭᠰᠡᠨ᠃   ᠮᠤᠩᠭᠤᠯ ᠦᠨᠲᠦᠰᠦᠲᠡᠨ ᠪᠦᠷᠢᠯᠲᠦᠭᠡᠳ ᠨᠢᠭᠡᠨᠲᠡ 8 ᠮᠢᠩᠭ᠎ᠠ ᠭᠠᠷᠤᠢ ᠵᠢᠯ ᠪᠤᠵᠤ ᠪᠠᠶᠢᠨ᠎ᠠ᠃ 《 ᠮᠠᠩᠭᠤᠯ mangggol 》—《 ᠮᠠᠨ man 》—《 ᠮᠤᠩᠭᠤᠯ monggol 》 ᠤᠨ ᠬᠡᠯᠪᠡᠷᠢ ᠪᠠᠷ ᠤᠯᠠᠮᠵᠢᠯᠠᠭᠲᠠᠨ ᠢᠷᠡᠵᠦ ᠪᠢᠯᠡ᠃ ᠤᠯᠠᠨ ᠵᠢᠯ ᠢᠶᠠᠷ ᠪᠢᠴᠢᠵᠤ ᠤᠯᠠᠨ ᠶᠠᠩᠵᠤ ᠪᠠᠷ ᠭᠠᠯᠢᠭᠯᠠᠵᠤ ᠪᠠᠶᠢᠭᠰᠠᠨ ᠪᠤᠯᠪᠠᠴᠦ 《 ᠮᠤᠩᠭᠤᠯ 》 ᠭᠡᠲᠡᠭ ᠡᠨᠡ ᠬᠦ ᠦᠨᠲᠦᠰᠦᠲᠡᠨ ᠤ ᠨᠡᠷᠡᠶᠢᠲᠦᠯ ᠶᠡᠷᠤ ᠨᠢ ᠬᠤᠪᠢᠷᠠᠭᠰᠠᠨ ᠦᠭᠡᠢ ᠪᠢᠯᠡ ᠃ ᠮᠤᠩᠭᠤᠯ ᠦᠨᠲᠦᠰᠦᠲᠡᠨ ᠪᠦᠷᠢᠯᠲᠦᠭᠰᠡᠨ ᠠᠴᠠ ᠢᠨᠠᠭᠰᠢᠬᠢ 7—8 ᠮᠢᠩᠭᠠᠨ ᠵᠢᠯ ᠤᠨ ᠲᠤᠷᠰᠢ᠂ ᠮᠠᠰᠢ ᠤᠯᠠᠨ ᠤᠪᠤᠭ ᠠᠶᠢᠮᠠᠭᠲᠠᠨ ᠨᠢᠭᠡᠳᠴᠦ ᠪᠠᠶᠢᠨ᠎ᠠ᠂ ᠰᠠᠯᠵᠤ ᠪᠠᠶᠢᠨ᠎ᠠ᠂ ᠰᠠᠯᠵᠤ ᠪᠠᠶᠢᠨ᠎ᠠ᠂ ᠨᠢᠭᠡᠳᠴᠦ ᠪᠠᠶᠢᠪᠠᠴᠦ᠂ ᠲᠡᠥᠬᠡ  ᠶᠢᠨ ᠬᠦᠭᠵᠢᠯᠲᠡ ᠶᠢᠨ ᠶᠠᠮᠠᠷ ᠱᠠᠲᠤ ᠦᠶ᠎ᠡ ᠳᠤ ᠴᠦ ᠲᠡᠲᠡ ᠨᠠᠷ ᠴᠦᠮ ᠮᠤᠩᠭᠤᠯ ᠬᠦᠮᠦᠨ ᠪᠠᠶᠢᠯ᠎ᠠ᠃ 《 ᠤᠯᠠᠭᠠᠨᠬᠠᠲᠠ ᠶᠢᠨ ᠰᠤᠶᠤᠯ 》᠂ 《 ᠪᠤᠷᠤᠲᠤᠬᠤᠢ ᠶᠢᠨ ᠰᠤᠶᠤᠯ 》 ᠢᠶᠠᠷ ᠲᠦᠯᠦᠭᠡᠯᠡᠭᠦᠯᠦᠭᠰᠡᠨ ᠮᠤᠩᠭᠤᠯ ᠤᠨ ᠦᠨᠲᠦᠷᠯᠢᠭ ᠤᠨ ᠲᠤᠮᠲᠠᠲᠤ᠂ ᠡᠮᠤᠨᠡᠲᠦ ᠬᠡᠰᠡᠭ ᠤᠨ ᠡᠷᠲᠡᠨ ᠤ ᠰᠤᠶᠤᠯ ᠤᠨ ᠰᠢᠰᠲ᠋ᠧᠮ ᠢ ᠪᠦᠷᠢᠯᠲᠦᠭᠦᠯᠦᠭᠰᠡᠨ ᠪᠠᠶᠢᠨ᠎ᠠ᠃   ᠦᠨᠡᠨ ᠪᠤᠲᠠᠲᠠᠢ ᠪᠠᠷ ᠮᠤᠩᠭᠤᠯ ᠤᠨ ᠨᠡᠶᠢᠭᠡᠮ ᠤᠨ ᠬᠡᠯᠪᠡᠷᠢ ᠰᠢᠨᠵᠢ ᠶᠢ ᠲᠤᠰᠬᠠᠭᠰᠠᠨ᠂ ᠡᠰᠡᠭᠦᠯ᠎ᠡ ᠮᠤᠩᠭᠤᠯ ᠤᠨ ᠨᠡᠶᠢᠭᠡᠮ ᠤᠨ ᠪᠦᠲᠦᠴᠡ ᠶᠢ ᠬᠠᠷᠠᠭᠤᠯᠤᠭᠰᠠᠨ ᠨᠢ᠂ ᠬᠠᠷᠠᠬᠠᠨ ᠬᠠᠲᠤᠨ ᠭᠤᠤᠯ ᠤᠨ ᠬᠦᠪᠡᠭᠡᠨ ᠳᠠᠬᠢ ᠬᠢᠶᠠᠨ ᠬᠠᠭᠠᠨᠲᠤ ᠤᠯᠤᠰ ᠪᠤᠯᠬᠤ ᠶᠤᠮ᠃ ᠬᠢᠶᠠᠨ ᠬᠠᠭᠠᠨᠲᠤ ᠤᠯᠤᠰ ᠨᠢ ᠶᠠᠭ ᠬᠦᠷᠡᠯ ᠪᠠᠭᠠᠵᠢ ᠶᠢᠨ ᠦᠶ᠎ᠡ ᠶᠢᠨ ᠲᠤᠮᠲᠠᠴᠢ ᠬᠤᠭᠤᠴᠠᠭᠠᠨ ᠳᠤ ᠪᠠᠶᠢᠵᠤ᠂ ᠮᠤᠩᠭᠤᠯ ᠤᠨ ᠪᠤᠭᠤᠯ ᠤᠨ ᠨᠡᠶᠢᠭᠡᠮ ᠤᠨ ᠬᠦᠭᠵᠢᠯᠲᠡ ᠶᠢᠨ ᠱᠠᠲᠤᠨ ᠳᠤ ᠪᠠᠶᠢᠵᠠᠢ᠃   ᠬᠢᠶᠠᠨ —《 ᠰᠢᠶᠠ — ᠰᠢᠶᠠᠨ ᠶᠦᠨ — khiyan 》 ᠪᠤᠯ ᠮᠤᠩᠭᠤᠯ ᠤᠨ ᠨᠢᠭᠡᠨ ᠠᠶᠢᠮᠠᠭ ᠶᠤᠮ᠂ ᠾᠦᠨᠤ ︵ᠾᠦᠩᠨᠤ︶ ᠶᠢᠨ ᠡᠪᠦᠭᠡ ᠲᠡᠭᠡᠲᠦᠰ ᠬᠢᠶᠠᠨ ᠠᠶᠢᠮᠠᠭ ᠪᠤᠯᠠᠢ᠃   ᠷᠠᠰᠢᠳ᠋ ᠤᠨ 《 ᠰᠤᠲᠤᠷ ᠤᠨ ᠴᠢᠭᠤᠯᠭᠠᠨ 》 ᠳᠤ᠄ 《 ᠬᠢᠶᠠᠨ — ᠰᠢᠶᠠᠨ ᠶᠦᠨ ᠭᠡᠲᠡᠭ ᠨᠢ ᠮᠤᠩᠭᠤᠯ ᠬᠡᠯᠡᠨ ᠳᠤ ᠠᠭᠤᠯᠠᠨ ᠠᠴᠠ ᠪᠠᠭᠤᠭᠰᠠᠨ ᠬᠦᠷᠬᠢᠷ᠎ᠡ ᠭᠡᠰᠡᠨ ᠤᠳᠬ᠎ᠠ ᠲᠠᠢ᠂ ᠬᠢᠶᠠᠨᠴᠤᠳ ᠡᠷᠡᠯᠭᠡᠭ ᠪᠠᠭᠠᠲᠤᠷ ᠵᠤᠷᠢᠭᠲᠠᠢ ᠪᠠᠶᠢᠲᠠᠭ ᠪᠤᠯᠬᠤᠷ ᠬᠦᠮᠦᠰ ᠲᠡᠲᠡᠨ ᠢ ᠢᠩᠬᠢᠵᠤ ᠨᠡᠷᠡᠶᠢᠳᠴᠡᠢ᠃ ᠬᠢᠶᠡᠳ ᠪᠤᠯ ᠬᠢᠶᠠᠨ ᠤ ᠤᠯᠠᠨ ᠲᠤᠭ᠎ᠠ ᠪᠤᠯᠤᠨ᠎ᠠ ᠁ 》   ᠬᠢᠶᠠᠨ ︵ᠰᠢᠶᠠ — khiyan︶ ᠬᠠᠭᠠᠨᠲᠤ ᠲᠦᠷᠦ ᠶᠢᠨ ᠡᠪᠦᠭᠡ ᠲᠡᠭᠡᠲᠦᠰ ᠺᠦᠨ ︵鲧︶ ᠪᠤᠯ ᠠᠯᠲᠠᠷᠲᠤ ᠲᠡᠥᠭᠡᠲᠦ ᠬᠦᠮᠦᠨ ᠪᠢᠯᠡ᠃ ᠺᠦᠨ ᠭᠡᠲᠡᠭ ᠨᠢ ᠤᠲᠤ ᠦᠶ᠎ᠡ ᠶᠢᠨ ᠮᠤᠩᠭᠤᠯ ᠭᠡᠯᠡᠨ ᠳᠤ ᠬᠦᠮᠦᠨ —khun ︵khumun︶ ᠭᠡᠲᠡᠭ᠃ ᠺᠦᠨ ︵鲧︶ —Gun ᠢᠶᠠᠷ᠂ ᠬᠦᠮᠦᠨ khun ᠭᠡᠵᠦ ᠦᠪᠡᠷ ᠶᠢ  ᠪᠠᠨ ᠨᠡᠷᠡᠯᠡᠵᠡᠢ᠃ ᠡᠨᠡ ᠨᠢ ᠨᠢᠭᠡ ᠵᠤᠶᠢᠯ ᠤᠨ ᠱᠠᠰᠢᠨ ᠰᠤᠷᠲᠠᠬᠤᠨ ᠤ ᠰᠢᠲᠦᠯᠭᠡ ᠮᠦᠨ᠂ ᠲᠤᠲ᠋ᠧᠮ ᠤᠨ ᠰᠢᠲᠦᠯᠭᠡ ᠪᠤᠯᠠᠢ᠃ ᠪᠦᠷᠲᠡ ᠴᠢᠨ᠋ᠸ᠎ᠠ ᠬᠤᠸ᠎ᠠ ᠮᠠᠷᠠᠯ ᠪᠤᠯᠤᠨ ᠴᠢᠩᠬᠢᠰ ᠬᠠᠭᠠᠨ ︵ᠴᠢᠩᠬᠢᠰ ᠲᠡᠭᠷᠢ︶ ᠪᠤᠯ ᠪᠦᠷ ᠴᠦ ᠰᠢᠲᠦᠯᠭᠡ — ᠲᠤᠲ᠋ᠧᠮ ᠢᠶᠠᠷ ᠦᠪᠡᠷ ᠢ ᠪᠠᠨ ᠨᠡᠷᠡᠯᠡᠭᠰᠡᠨ ᠪᠠᠶᠢᠲᠠᠭ᠃ ᠡᠨᠡ ᠨᠢ ᠨᠢᠭᠡ ᠲᠠᠯ᠎ᠠ ᠪᠠᠷ ᠲᠡᠲᠡ ᠪᠤᠯ ᠬᠠᠭᠠᠨ ᠡᠵᠡᠨ᠂ ᠨᠦᠬᠦᠭᠡ ᠲᠠᠯ᠎ᠠ ᠪᠠᠷ ᠲᠤᠲ᠋ᠧᠮ ᠤᠨ ᠰᠢᠲᠦᠯᠭᠡ ᠪᠠᠶᠢᠵᠤ᠂ ᠲᠠᠪᠬᠤᠷ ᠤᠳᠬ᠎ᠠ ᠲᠠᠢ ᠶᠤᠮ᠃   ᠰᠧ ᠮᠠ ᠴᠢᠶᠠᠨ ᠤ 《 ᠰᠤᠲᠤᠷ ᠲᠡᠮᠲᠡᠭᠯᠡᠯ 》 ᠳᠤ ᠲᠡᠮᠲᠡᠭᠯᠡᠭᠰᠡᠨ 《 ᠾᠦᠨᠤ 》 — khun ︵ᠬᠦᠮᠦᠨ︶ ᠪᠤᠯᠤᠨ 《 ᠰᠢᠥᠸᠠᠨ ᠶᠠᠨ ᠤ ᠱᠠᠰᠳᠢᠷ 》 ᠳᠤ ᠲᠡᠮᠲᠡᠭᠯᠡᠭᠰᠡᠨ 《 ᠾᠦᠨᠤ 》 — khun ᠪᠤᠯ ᠪᠦᠷ ᠯᠡ ᠨᠢᠭᠡ ᠤᠳᠬ᠎ᠠ ᠲᠠᠢ — ᠬᠦᠮᠦᠨ khun ᠪᠤᠯᠤᠨ᠎ᠠ᠃ ᠬᠦᠮᠦᠨ ︵鲧︶ ᠪᠤᠯ ᠢᠥᠢ ᠬᠠᠭᠠᠨ ᠤ ᠡᠴᠢᠭᠡ ᠮᠦᠨ᠂ ᠺᠦᠨ ᠪᠤᠯᠤᠨ ᠢᠥᠢ ᠶᠢᠨ ᠠᠮᠢᠲᠤᠷᠠᠵᠤ ᠪᠠᠶᠢᠭᠰᠠᠨ ᠴᠠᠭ ᠦᠶ᠎ᠡ ᠨᠢ ᠶᠠᠭ ᠮᠤᠩᠭᠤᠯ ᠤᠨ ᠪᠤᠭᠤᠯᠲᠤ ᠨᠡᠶᠢᠭᠡᠮ ᠤᠨ ᠬᠦᠭᠵᠢᠯ ᠤᠨ ᠱᠠᠲᠤ ᠪᠤᠯᠤᠨ᠎ᠠ᠃ ᠬᠢᠶᠠᠨ ︵ᠰᠢᠶᠠᠨ ᠶᠦᠨ — ︵khiyan︶ ᠤ ᠡᠪᠦᠭᠡ ᠲᠡᠭᠡᠲᠦᠰ ᠪᠤᠯᠬᠤ ᠺᠦᠨ ︵khun︶ ᠪᠤᠯᠤᠨ ᠢᠥᠢ ᠬᠠᠭᠠᠨ ᠬᠢᠶᠠᠨ ︵khiyan︶ ᠬᠠᠭᠠᠨᠲᠤ ᠤᠯᠤᠰ ᠤᠨ ᠰᠠᠭᠤᠷᠢ ᠶᠢ ᠴᠤᠭᠴᠠᠯᠠᠭᠰᠠᠨ ᠶᠤᠮ᠂ ᠡᠨᠡ ᠨᠢ ᠪᠠᠷᠤᠭ ᠨᠡᠶᠢᠲᠡ ᠶᠢᠨ ᠤᠨ ᠲᠤᠭᠠᠯᠠᠯ ᠠᠴᠠ ᠡᠮᠤᠨ᠎ᠡ 22 ᠳ᠋ᠤᠭᠠᠷ ᠵᠠᠭᠤᠨ ᠤ ᠦᠶ᠎ᠡ ᠪᠤᠯᠤᠨ᠎ᠠ᠃ ᠢᠥᠢ ᠶᠢᠨ ᠬᠦᠪᠡᠭᠦᠨ ᠴᠢ ᠪᠠᠷ ᠬᠢᠶᠠᠨ ︵khiyan︶ ᠮᠤᠩᠭᠤᠯ ᠪᠤᠭᠤᠯᠲᠤ ᠪᠠᠶᠢᠭᠤᠯᠤᠯᠲᠤ ᠬᠠᠭᠠᠨᠲᠤ ᠲᠦᠷᠦ ᠶᠢ ᠡᠭᠦᠰᠭᠡᠨ ᠪᠠᠶᠢᠭᠤᠯᠪᠠ᠃   ᠤᠮᠠᠷᠠᠲᠤ ᠤᠷᠤᠨ ᠤ ᠰᠤᠶᠤᠯ ᠲᠤᠮᠲᠠᠲᠤ ᠤᠯᠤᠰ ᠤᠨ ᠰᠤᠶᠤᠯ ᠪᠤᠯᠪᠠᠰᠤᠨ ᠤ ᠡᠭᠦᠰᠦᠯ ᠢ ᠰᠢᠭᠤᠳ ᠨᠦᠯᠦᠭᠡᠯᠡᠵᠦ᠂ ᠲᠤᠮᠲᠠᠲᠤ ᠤᠯᠤᠰ ᠤᠨ ᠲᠡᠥᠭᠡ ᠶᠢᠨ ᠬᠦᠭᠵᠢᠯᠲᠡ ᠶᠢᠨ ᠠᠬᠢᠴᠠ ᠨᠢ ᠬᠢᠶᠠᠨ ᠪᠢᠲᠠᠭᠦᠳ ᠵᠸᠤ ᠵᠡᠷᠭᠡ ᠭᠤᠷᠪᠠᠨ ᠲᠦᠷᠦ ᠶᠢᠨ ᠡᠷᠲᠡᠨ ᠤ ᠰᠤᠶᠤᠯ ᠪᠤᠯᠪᠠᠰᠤᠨ ᠤ ᠤᠨᠴᠠᠯᠢᠭ ᠪᠤᠯᠤᠨ ᠬᠡᠪ ᠴᠢᠨᠠᠷ ᠢ ᠨᠦᠯᠦᠭᠡᠯᠡᠪᠡ᠃   ᠬᠢᠶᠠᠨ ᠨᠢ ᠰᠢᠶᠠᠨ ᠶᠦᠨ — khiyan᠂ ᠪᠢᠲᠡᠭᠦᠳ ᠪᠠᠷ᠄ ᠳ᠋ᠢ — ᠪᠸᠢ ᠳ᠋ᠢ —Bid Gud ᠪᠤᠯᠠᠢ᠃ 《 ᠱᠠᠩ 》《 ᠪᠢᠲᠠᠭᠦᠳ 》 ᠭᠡᠰᠡᠨ ᠦᠰᠦᠭ ᠢᠶᠠᠷ ᠦᠵᠡᠬᠦᠯ᠎ᠡ ᠭᠠᠵᠠᠷ ᠤᠨ ᠨᠡᠷ᠎ᠡ ᠮᠦᠷᠲᠡᠭᠡᠨ ᠤᠯᠤᠰ ᠤᠨ ᠨᠡᠷ᠎ᠡ ᠮᠦᠨ᠃ 《 ᠪᠢᠲᠠᠭᠦᠳ 》 ᠪᠤᠯ ᠮᠤᠩᠭᠤᠯ ᠤᠨ ᠤᠯᠠᠨ ᠠᠶᠢᠮᠠᠭ ᠤᠨ ᠨᠢᠭᠡ ᠠᠶᠢᠮᠠᠭ ᠤᠭᠰᠠᠭ᠎ᠠ — ᠪᠢᠲᠠᠭᠦᠳ ᠠᠶᠢᠮᠠᠭ ᠪᠤᠯᠠᠢ᠃   ᠬᠢᠲᠡᠳ ᠲᠤᠯᠭᠤᠷ ᠪᠢᠴᠢᠭ ᠲᠤ 《 ᠪᠸᠢ ᠳ᠋ᠢ 》 ︵北狄 —Beidi︶᠂ 《 ᠳ᠋ᠢ 》 ︵狄 — di︶᠂ 《 ᠮᠠᠨ ᠳ᠋ᠢ 》 ︵蛮 狄 — Mandi︶ ᠮᠡᠲᠦ ᠪᠠᠷ ᠲᠡᠮᠲᠡᠭᠯᠡᠵᠤ ᠪᠤᠢ᠃ 《 ᠪᠸᠢ ᠳ᠋ᠢ 》᠂ 《 ᠳ᠋ᠢ 》 ᠭᠡᠲᠡᠭ ᠨᠢ 《 Bid Gud 》 ᠭᠡᠰᠡᠨ ᠮᠤᠩᠭᠤᠯ ᠦᠭᠡ᠂ ᠲᠤᠰᠬᠠᠢ ᠨᠡᠷ᠎ᠡ ᠲᠤᠮᠢᠶ᠎ᠠ ᠪᠤᠯᠤᠨ᠎ᠠ᠃ ᠬᠢᠲᠠᠳ ᠢᠶᠠᠷ ᠪᠢᠲᠡᠭᠦᠳ ︵Bid Gud︶ ᠢ ᠪᠸᠢ ᠳ᠋ᠢ ︵Bei Di︶ ᠬᠡᠵᠦ ᠠᠪᠢᠶᠠᠴᠢᠯᠠᠨ ᠪᠢᠴᠢᠭᠰᠡᠨ ᠨᠢ ᠲᠤᠩ ᠲᠤᠬᠢᠷᠠᠮᠵᠢ ᠲᠠᠢ ᠶᠤᠮ᠃ 《 ᠪᠢᠲᠡᠭᠦᠳ — Bid Gud 》 ᠪᠤᠯ ︵Bid — nar᠂ Bid — nuud︶ ᠪᠢ — ᠪᠢᠲᠡ ᠨᠡᠷ ᠂ ᠪᠢ — ᠪᠢᠲᠡ ᠨᠦᠭᠦᠳ ᠭᠡᠰᠡᠨ ᠪᠡᠶ᠎ᠡ ᠶᠢᠨ ᠲᠦᠯᠦᠭᠡᠨ ᠤ ᠦᠭᠡ ᠪᠠᠷ ᠪᠦᠷᠢᠯᠲᠦᠭᠰᠡᠨ᠂ ᠦᠭᠡᠷ᠎ᠡ ᠪᠠᠷ ᠬᠡᠯᠡᠪᠡᠯ ᠪᠡᠶ᠎ᠡ ᠶᠢᠨ ᠲᠦᠯᠦᠭᠡᠨ ᠤ ᠦᠭᠡ ᠶᠢᠨ ᠨᠡᠶᠢᠯᠡᠮᠡᠯ ᠴᠤᠭᠴᠠ ᠮᠦᠨ᠂ ᠴᠡᠪᠡᠷ ᠮᠤᠩᠭᠤᠯ ᠦᠭᠡ ᠪᠤᠯᠠᠢ᠃ ᠡᠶᠢᠨ ᠬᠦ᠂ ᠪᠢᠲᠡᠭᠦᠳ ᠪᠤᠯ ᠦᠨᠲᠦᠰᠦᠲᠡᠨ ᠤ ᠨᠡᠷ᠎ᠡ᠂ ᠱᠠᠩ ᠨᠢ ᠭᠠᠵᠠᠷ ᠤᠨ ᠨᠡᠷ᠎ᠡ ᠪᠠᠶᠢᠵᠤ᠂ ᠭᠠᠵᠠᠷ ᠤᠨ ᠨᠡᠷ᠎ᠡ ᠪᠠᠷ ᠤᠯᠤᠰ  ᠢᠶᠠᠨ ᠨᠡᠷᠡᠮᠵᠢᠯᠡᠵᠤ — ᠱᠠᠩ ᠪᠢᠲᠡᠭᠦᠳ᠂ ᠱᠠᠩ ᠬᠠᠭᠠᠨᠲᠤ ᠤᠯᠤᠰ ᠪᠤᠯᠠᠢ᠃   ᠬᠢᠶᠡᠨ ᠪᠤᠯ ᠤᠭᠰᠠᠭᠠᠲᠠᠨ ᠤ ᠪᠠᠨ ᠨᠡᠷ᠎ᠡ ᠪᠠᠷ ᠤᠯᠤᠰ ᠢᠶᠠᠨ ᠨᠡᠷᠡᠯᠡᠵᠦ — ᠬᠢᠶᠠᠨ ᠬᠠᠭᠠᠨᠲᠤ ᠤᠯᠤᠰ ᠭᠡᠮᠡᠪᠡ᠃ ᠱᠠᠩ ᠪᠦᠭᠡᠰᠦ ᠭᠠᠵᠠᠷ ᠤᠨ ᠨᠡᠷ᠎ᠡ ᠪᠠᠷ ᠤᠯᠤᠰ ᠢᠶᠠᠨ ᠨᠡᠷᠡᠶᠢᠳᠴᠦ᠂ ᠱᠠᠩ — ᠳ᠋ᠢ ᠱᠠᠩ — ᠪᠢᠲᠡᠭᠦᠳ ᠱᠠᠩ ᠬᠠᠭᠠᠨᠲᠤ ᠤᠯᠤᠰ ᠭᠡᠮᠡᠪᠡ᠃ 《 ᠳ᠋ᠢ — 狄 》 ᠭᠡᠭᠴᠢ ᠨᠢ ᠮᠤᠩᠭᠤᠯ ᠢᠶᠠᠷ ᠪᠢᠲᠡᠭᠦᠳ ᠭᠡᠲᠡᠭ᠂ ᠤᠯᠠᠨ ᠮᠤᠩᠭᠤᠯ ᠤᠨ ᠲᠤᠮᠲᠠ ᠤᠯᠠᠮᠵᠢᠯᠠᠭᠲᠠᠵᠤ ᠢᠷᠡᠭᠰᠡᠨ ᠲᠤᠰᠬᠠᠢ ᠨᠡᠷ᠎ᠡ ᠲᠤᠮᠢᠶ᠎ᠠ᠂ ᠤᠯᠠᠨ ᠮᠤᠩᠭᠤᠯ ᠤᠨ ᠨᠢᠭᠡ ᠠᠶᠢᠮᠠᠭ — ᠪᠢᠲᠡᠭᠦᠳ ᠠᠶᠢᠮᠠᠭ ᠪᠤᠯᠠᠢ᠃   ᠪᠢᠲᠡᠭᠦᠳ ᠪᠤᠯ ᠨᠤᠬᠠᠢ ᠶᠢᠨ ᠰᠢᠲᠦᠯᠭᠡ ᠲᠠᠢ ᠨᠤᠬᠠᠢ ᠶᠢᠨ ᠲᠤᠲ᠋ᠧᠮᠲᠤ ᠦᠨᠲᠦᠰᠦᠲᠡᠨ ᠶᠤᠮ᠃   ᠡᠲᠦᠭᠡ ᠶᠢᠨ ᠦᠪᠦᠷ ᠮᠤᠩᠭᠤᠯ ᠤᠨ ᠵᠡᠭᠦᠨ ᠤᠷᠤᠨ ᠤ ᠬᠠᠷᠠᠴᠢᠨ᠂ ᠲᠦᠮᠡᠳ ᠵᠡᠷᠭᠡ ᠭᠠᠵᠠᠷ ᠤᠨ ᠦᠯᠡᠮᠵᠢ ᠤᠯᠠᠨ ᠳ᠋ᠢ ᠤᠪᠤᠭᠲᠤ ᠮᠤᠩᠭᠤᠯᠴᠤᠳ ᠪᠤᠶᠤ ᠬᠢᠲᠠᠳ ᠭᠠᠵᠠᠷ ᠤᠨ ᠳ᠋ᠢ ᠤᠪᠤᠭᠲᠠᠨ ᠪᠤᠯ ᠴᠦᠮ ᠪᠢᠲᠡᠭᠦᠳ ᠮᠦᠨ᠃   ᠬᠢᠶᠠᠨ ᠪᠢᠲᠡᠭᠦᠳ ᠬᠠᠭᠠᠨᠲᠤ ᠤᠯᠤᠰ ᠤᠨ ᠪᠠᠶᠢᠭᠤᠯᠤᠭᠲᠠᠭᠰᠠᠨ ᠨᠢ ᠲᠤᠮᠲᠠᠲᠤ ᠤᠯᠤᠰ ᠤᠨ ᠲᠡᠥᠬᠡᠨ ᠲᠡᠭᠡᠷ᠎ᠡ ᠤᠷᠢᠳ ᠭᠠᠷᠤᠭ᠎ᠠ ᠦᠭᠡᠢ᠂ ᠴᠠᠭ ᠦᠶ᠎ᠡ ᠶᠢ ᠵᠠᠭᠠᠭᠯᠠᠭᠰᠠᠨ ᠠᠭᠤᠤ ᠶᠡᠭᠡ ᠠᠴᠢ ᠬᠤᠯᠪᠤᠭᠲᠠᠯ ᠲᠠᠢ ᠶᠤᠮ᠃   ᠾᠦᠨᠤ — ︵胡奴︶ ᠪᠤᠯ ᠮᠤᠩᠭᠤᠯ ᠦᠭᠡ Khun ︵ᠺᠦᠨ᠂ ᠬᠦᠮᠦᠨ︶ ᠪᠠᠶᠢᠵᠤ᠂ ᠠᠮᠠᠨ ᠶᠠᠷᠢᠶᠠᠨ  ᠤ 《 ᠬᠦᠮᠦᠨ 》᠂ ᠤᠯᠠᠨ ᠲᠤᠭ᠎ᠠ ᠨᠢ — ᠬᠦᠮᠦᠨ ᠨᠦᠭᠦᠳ ᠪᠤᠯᠠᠢ᠃ ᠰᠧ ᠮᠠ ᠴᠢᠶᠠᠨ ᠤ 《 ᠰᠤᠲᠤᠷ ᠲᠡᠮᠲᠡᠭᠯᠡᠯ 》 ᠳᠤ 《 ᠾᠦᠨᠤ᠂ 匈奴 》 ᠭᠡᠵᠦ᠂ 《 ᠾᠦ — 胡》 ᠭᠡᠮᠡᠨ ᠲᠦᠭᠦᠮᠴᠢᠯᠡᠵᠦ ᠪᠢᠯᠡ ᠃ ᠲᠡᠭᠡᠭᠡᠳ ᠲᠡᠭᠦᠨ ᠤ ᠵᠡᠭᠦᠨ ᠲᠡᠯ᠎ᠡ ᠶᠢᠨ ᠬᠢ ᠶᠢ 《 ᠵᠡᠭᠦᠨ ᠾᠦᠨᠤ — ᠳ᠋ᠦᠩᠬᠤ —东胡 》 ᠭᠡᠮᠡᠨ ᠲᠡᠮᠲᠡᠭᠯᠡᠪᠡ᠃ 《 ᠾᠦᠨᠤ ︵Khun︶ 》 ᠪᠤᠯ ᠮᠤᠩᠭᠤᠯ ᠦᠭᠡ 《 ᠬᠦᠮᠦᠨ ︵Khun︶ 》 ᠪᠠᠶᠢᠵᠤ᠂ ᠲᠤᠰᠬᠠᠢ ᠨᠡᠷᠡᠰ ᠦᠭᠡ ᠪᠤᠯᠠᠢ᠃ ᠲᠡᠷᠡ ᠨᠢ ᠤᠯᠠᠨ ᠮᠤᠩᠭᠤᠯᠵᠢᠨ ᠠᠶᠢᠮᠠᠭ ᠤᠨ ᠨᠢᠭᠡ ᠨᠢ ᠪᠠᠶᠢᠵᠤ᠂ 《 ᠬᠦᠮᠦᠨ ᠨᠦᠭᠦᠳ 》᠂ 《 ᠵᠡᠭᠦᠨ ᠬᠦᠮᠦᠨ ᠨᠦᠭᠦᠳ 》 ᠪᠦᠷᠢᠯᠲᠦᠭᠰᠡᠨ ᠠᠵᠢ᠃ 《 ᠵᠡᠭᠦᠨ ᠬᠦᠮᠦᠨ ᠨᠦᠭᠦᠳ 》 ᠪᠤᠯᠤᠨ 《 ᠬᠦᠮᠦᠨ ᠨᠦᠭᠦᠳ 》 ᠨᠢ ᠢᠵᠢᠯ ᠦᠭᠡᠰ᠂ ᠨᠢᠭᠡ ᠯᠡ ᠤᠬᠠᠭᠲᠠᠬᠤᠨ᠂ ᠲᠡᠥᠬᠡ ᠶᠢᠨ ᠨᠤᠮ ᠪᠢᠴᠢᠭ ᠲᠠᠬᠢ ᠬᠤᠶᠠᠷ ᠵᠤᠶᠢᠯ ᠤᠨ ᠲᠡᠮᠲᠡᠭᠯᠡᠯ ᠲᠡᠲᠦᠢ ᠶᠤᠮ᠃   ᠭᠠᠨᠰᠤ ᠮᠤᠵᠢ ᠶᠢᠨ ᠳ᠋ᠦᠨ ᠬᠤᠸᠠᠩ ᠤᠨ ᠰᠤᠷᠪᠤᠯᠵᠢ ᠪᠴᠢᠭ — ᠰᠤᠭᠲᠠ ᠮᠤᠩᠭᠤᠯ ᠮᠠᠲ᠋ᠧᠷᠢᠶᠠᠯ ᠲᠤᠲᠤᠷ᠎ᠠ  ᠠᠴᠠ 《 ᠾᠦᠩᠨᠦ ︵匈奴︶ 》 ᠶᠢᠨ ᠲᠤᠬᠠᠢ ᠰᠤᠭᠲᠠ ᠮᠤᠩᠭᠤᠯ ᠦᠰᠦᠭ ᠤᠨ  《VWN— ︵Khun— ᠬᠦᠮᠦᠨ︶ 》 ᠭᠡᠰᠡᠨ ᠢᠵᠠᠭᠤᠷ ᠤ ᠲᠡᠮᠲᠡᠭᠯᠡᠯ ᠢ ᠢᠯᠡᠷᠡᠭᠦᠯᠦᠭᠰᠡᠨ ᠪᠠᠶᠢᠨ᠎ᠠ᠃ ᠡᠨᠡ ᠪᠤᠯ 《 ᠾᠦᠩᠨᠦ ︵匈奴︶ 》 ᠭᠡᠮᠡᠬᠦ ᠦᠭᠡ ᠶᠢᠨ ᠲᠤᠬᠠᠢ ᠬᠠᠮᠤᠭ ᠤᠨ ᠨᠠᠶᠢᠲᠠᠪᠤᠷᠢ ᠲᠠᠢ ᠲᠡᠥᠬᠡ ᠶᠢᠨ ᠪᠠᠷᠢᠮᠲᠠ ᠮᠠᠲ᠋ᠧᠷᠢᠶᠠᠯ ᠪᠤᠯᠤᠨ᠎ᠠ᠃ ᠲᠡᠷᠡ ᠨᠢ ᠮᠤᠩᠭᠤᠯ ᠦᠰᠦᠭ ᠢᠶᠠᠷ ᠮᠤᠩᠭᠤᠯ ᠭᠡᠯᠡ ᠶᠢ ᠲᠡᠮᠲᠡᠭᠯᠡᠭᠰᠡᠨ ᠬᠠᠮᠤᠭ ᠤᠨ ᠤᠨᠤᠪᠴᠢᠲᠠᠢ ᠨᠠᠶᠢᠲᠠᠪᠤᠷᠢᠲᠠᠢ ᠪᠠᠷᠢᠮᠲᠠ ᠪᠤᠯᠤᠨ᠎ᠠ᠂ ᠮᠦᠨ ᠴᠦ 《 ᠾᠦᠩᠨᠦ ︵匈奴︶ 》 ᠶᠢᠨ ᠨᠡᠷᠡᠶᠢᠲᠦᠯ ᠤᠨ ᠲᠤᠬᠠᠢ ᠲᠡᠥᠬᠡᠨ ᠲᠤᠲᠤᠯᠠᠯᠲᠠ ᠪᠤᠯᠤᠨ᠎ᠠ᠃   ᠨᠡᠶᠢᠲᠡ ᠶᠢᠨ ᠤᠨ ᠲᠤᠭᠠᠯᠠᠯ ᠤᠨ 4—5 ᠳ᠋ᠤᠭᠠᠷ ᠵᠠᠭᠤᠨ ᠤ ᠦᠶ᠎ᠡ ᠶᠢᠨ ᠷᠤᠮᠴᠤᠳ ᠤᠨ ᠲᠡᠮᠲᠡᠭᠯᠡᠯ ᠢ ᠦᠨᠲᠦᠰᠦᠯᠡᠪᠡᠯ᠂ ᠾᠦᠨᠦ ᠨᠦᠭᠦᠳ ᠤᠨ ᠪᠡᠶ᠎ᠡ ᠶᠢᠨ ᠰᠢᠨᠵᠢ ᠲᠦᠯᠦᠪ ᠨᠢ ᠲᠤᠤᠷᠠᠬᠢ ᠮᠡᠲᠤ ᠬᠡᠲᠦᠨ ᠤᠨᠴᠠᠯᠢᠭ ᠲᠠᠢ  1. ᠲᠤᠮᠲᠠ ᠵᠡᠷᠭᠡ ᠶᠢᠨ ᠪᠡᠶ᠎ᠡ ᠲᠠᠢ᠃ ᠯᠠᠭᠱᠠᠨ ᠪᠦᠲᠦᠭᠦᠨ ᠬᠦᠲᠡᠷ ᠴᠢᠬᠢᠷᠠᠭ᠂ ᠬᠦᠯ ᠨᠢ ᠪᠠᠭ᠋ᠠᠨ ᠤᠬᠤᠷ᠂ ᠰᠠᠭᠤᠪᠠᠯ ᠦᠨᠲᠦᠷ ᠬᠠᠷᠠᠭᠲᠠᠲᠠᠭ᠂ ᠴᠡᠭᠡᠵᠢ ᠬᠠᠨᠠᠭᠠᠷ ᠮᠦᠷᠦ ᠦᠷᠭᠡᠨ᠂ ᠲᠦᠷᠪᠡᠨ ᠮᠦᠴᠢ ᠨᠢ ᠬᠦᠲᠡᠷ ᠴᠢᠬᠢᠷᠠᠭ᠃ 2. ᠾᠦᠨᠦᠴᠤᠳ ᠤᠨ ᠲᠤᠯᠤᠭᠠᠢ ᠲᠤᠭᠤᠷᠢᠭ᠂ ᠵᠢᠵᠢᠭ ᠬᠤᠤᠰ ᠨᠢᠲᠦ ᠲᠠᠢ᠂ ᠲᠡᠭᠰᠢ ᠨᠠᠮ ᠬᠠᠴᠠᠷ ᠲᠠᠢ᠂ ᠬᠠᠪᠲᠠᠭᠠᠢ ᠬᠠᠮᠠᠷ ᠲᠠᠢ᠂ ᠰᠢᠩᠭᠡᠪᠲᠦᠷ ᠰᠠᠬᠠᠯ ᠲᠠᠢ ᠶᠤᠮ᠃ ᠾᠦᠨᠦ — ᠾᠦᠩᠨᠦᠴᠦᠳ ᠤᠨ ᠡᠪᠦᠭᠡ ᠲᠡᠭᠡᠲᠦᠰ ᠢ ᠲᠡᠥᠬᠡ ᠶᠢᠨ ᠰᠤᠷᠪᠤᠯᠵᠢ ᠪᠢᠴᠢᠭ ᠲᠤ ᠾᠦᠨ ᠡᠤ — 昆吾 ︵Khun︶ ᠭᠡᠮᠡᠨ ᠲᠡᠮᠲᠡᠭᠯᠡᠵᠦ ᠪᠤᠢ᠃ ᠡᠨᠡ ᠨᠢ ᠲᠡᠭᠡᠷ᠎ᠡ ᠦᠭᠦᠯᠡᠭᠰᠡᠨ ᠬᠢᠶᠠᠨ — 夏(Khiyan) ᠬᠠᠭᠠᠨᠲᠤ ᠤᠯᠤᠰ ᠤᠨ ᠡᠪᠦᠭᠡ ᠲᠡᠭᠡᠲᠦᠰ ᠪᠤᠯᠬᠤ ᠢᠥᠢ ᠬᠠᠭᠠᠨ ᠤ ᠡᠴᠢᠭᠡ ᠺᠦᠨ — 鲧 ︵Khun︶ ᠯᠦᠭᠡ ᠠᠲᠠᠯᠢ ᠤᠳᠬ᠎ᠠ ᠲᠠᠢ Khun — ᠬᠦᠮᠦᠨ ᠪᠤᠯᠠᠢ᠃ 《 胡奴 》 ᠶᠢᠨ ᠲᠤᠬᠠᠢ ᠾᠦᠨᠦ᠂ ᠾᠦᠩᠨᠦ᠂ ᠾᠦᠨ᠂ ᠾᠦᠨ᠎ᠡ᠂ ᠾᠦᠨ ᠡᠤ᠂ ᠺᠦᠨ — ᠬᠦᠨ᠂ 鲧 — 昆吾 — 胡奴 — 匈奴 — 胡 —昏 ᠵᠡᠷᠭᠡ ᠤᠯᠠᠨ ᠪᠢᠴᠢᠯᠭᠡ ᠪᠤᠢ᠂ ᠴᠦᠮ ᠬᠦᠮᠦᠨ᠂ ᠬᠦᠮᠦᠨ ᠨᠦᠭᠦᠳ᠂ ᠾᠦᠨᠦ ᠨᠦᠭᠦᠳ ᠪᠤᠯᠠᠢ᠃ ᠾᠦᠨ ᠡᠤ ᠪᠤᠯ ᠬᠢᠶᠠᠨ — ᠰᠢᠶᠠᠨ Khiyan ᠬᠠᠭᠠᠨᠲᠤ ᠤᠯᠤᠰ ᠤᠨ ᠨᠢᠭᠡᠨ ᠬᠠᠷᠢᠶ᠎ᠠ ᠤᠯᠤᠰ ᠪᠠᠶᠢᠵᠤ᠂ ᠮᠤᠩᠭᠤᠯ ᠠᠶᠢᠮᠠᠭ ᠤᠨ ᠨᠢᠭᠡ ᠰᠠᠯᠪᠤᠷᠢ — ᠾᠦᠨ ᠡᠤ Khun — ︵ᠬᠦᠮᠦᠨ︶ ᠮᠤᠩᠭᠤᠯ ᠠᠶᠢᠮᠠᠭ ᠪᠤᠯᠠᠢ᠃ ᠡᠨᠡᠬᠦ ᠾᠦᠨ ᠡᠤ ︵Khun — ᠬᠦᠮᠦᠨ ︶ ᠠᠶᠢᠮᠠᠭ ᠨᠢ ᠲᠠᠷᠤᠢ ᠬᠤᠵᠢᠮ ᠤᠨ ᠦᠶ᠎ᠡ ᠶᠢᠨ ᠾᠦᠨᠦ 《 胡奴 》 Khun — ᠬᠦᠮᠦᠨ ᠠᠶᠢᠮᠠᠭ ᠪᠤᠯᠠᠢ᠃ ᠲᠠᠷᠤᠢ ᠰᠧ ᠮᠠ ᠴᠢᠶᠠᠨ ᠤ 《 ᠰᠤᠲᠤᠷ ᠲᠡᠮᠲᠡᠭᠯᠡᠯ 》 ᠳᠤ ᠲᠡᠮᠲᠡᠭᠯᠡᠭᠰᠡᠨ ᠾᠦᠨᠦ ᠨᠦᠭᠦᠳ ︵ᠬᠦᠮᠦᠨ ᠨᠦᠭᠦᠳ︶ — Khun ᠤᠨ ᠡᠪᠦᠭᠡ ᠲᠡᠭᠡᠲᠦᠰ ᠪᠤᠯᠤᠨ᠎ᠠ᠃   200 ᠵᠢᠯ ᠤᠨ ᠡᠮᠤᠨ᠎ᠡ ᠤᠷᠤᠰ ᠤᠨ ᠡᠷᠲᠡᠮᠲᠡᠨ ᠫᠢᠴᠢᠥᠷᠢᠨ ᠪᠤᠯ ᠬᠠᠮᠤᠭ ᠲᠦᠷᠦᠭᠦᠨ ᠳᠤ ᠾᠦᠨᠦ ᠪᠤᠯ — ᠲᠠᠷᠤᠢ ᠮᠤᠩᠭᠤᠯ ᠬᠦᠮᠦᠨ ᠮᠦᠨ ᠭᠡᠵᠦ ᠲᠠᠷᠠᠳᠴᠦ ᠪᠢᠯᠡ᠃ ᠾᠦᠨᠦ ᠨᠦᠭᠦᠳ ᠪᠤᠯ ᠲᠠᠷᠤᠢ ᠮᠤᠩᠭᠤᠯ ᠬᠦᠮᠦᠨ ᠮᠦᠨ᠂ ᠾᠦᠨᠦᠴᠤᠳ ᠪᠤᠯ ᠮᠤᠩᠭᠤᠯ ᠤᠨ ᠦᠨᠲᠦᠷᠯᠢᠭ ᠲᠠᠬᠢ ᠠᠩᠬ᠎ᠠ ᠲᠡᠷᠢᠭᠦᠨ ᠤ ᠵᠤᠭᠰᠤᠭ᠎ᠠ ᠬᠦᠮᠦᠨ — ᠤᠬᠠᠭᠠᠨ ᠮᠡᠲᠡᠷᠡᠯ ᠲᠠᠢ ᠬᠦᠮᠦᠨ ᠶᠤᠮ᠃ ᠮᠤᠩᠭᠤᠯ ᠤᠨ ᠦᠨᠲᠦᠷᠯᠢᠭ ᠤᠨ ᠨᠤᠲᠤᠭ ᠤᠨ ᠬᠦᠮᠦᠨ — ᠪᠠᠯᠠᠷ ᠡᠷᠲᠡᠨ ᠤ ᠦᠶ᠎ᠡ ᠶᠢᠨ ᠮᠤᠩᠭᠤᠯ ᠬᠦᠮᠦᠨ ᠪᠤᠯᠠᠢ᠃ ᠾᠦᠨᠦ ᠮᠤᠩᠭᠤᠯ ᠬᠠᠭᠠᠨᠲᠤ ᠤᠯᠤᠰ ᠪᠤᠯ ᠮᠤᠩᠭᠤᠯ ᠤᠨ ᠲᠡᠥᠬᠡᠨ ᠲᠡᠭᠡᠷᠡᠬᠢ ᠠᠩᠬᠠᠨ ᠤ ᠹᠸᠥᠲᠠᠯ ᠤᠨ ᠬᠠᠭᠠᠨᠲᠤ ᠲᠦᠷᠦ ᠪᠤᠯᠬᠤ ᠪᠦᠭᠡᠳ ᠬᠠᠮᠤᠭ ᠤᠨ ᠤᠷᠲᠤ ᠤᠲᠠᠭᠠᠨ ᠲᠡᠥᠬᠡ ᠲᠠᠢ ᠮᠤᠩᠭᠤᠯ ᠬᠠᠭᠠᠨᠲᠤ ᠤᠯᠤᠰ ᠤᠨ ᠨᠢᠭᠡ ᠨᠢ ᠪᠤᠯᠬᠤ ᠶᠤᠮ᠃   ᠨᠡᠶᠢᠲᠡ ᠶᠢᠨ ᠤᠨ ᠲᠤᠭᠠᠯᠠᠯ ᠤᠨ 4—5 ᠳ᠋ᠤᠭᠠᠷ ᠵᠠᠭᠤᠨ ᠤ ᠦᠶᠡᠰ᠂ ᠲᠤᠮᠲᠠᠲᠤ ᠤᠯᠤᠰ ᠤᠨ ᠲᠡᠥᠬᠡ ᠲᠡᠭᠡᠷ᠎ᠡ ᠨᠡᠯᠢᠶᠡᠳ ᠬᠦᠨ ᠨᠦᠯᠦᠭᠡ ᠲᠠᠢ ᠦᠨᠲᠦᠰᠦᠲᠡᠨ ᠤ ᠲᠤᠲᠤᠷ᠎ᠠ ᠰᠢᠶᠠᠨᠪᠢ ᠪᠤᠯᠤᠨ ᠨᠢᠷᠤᠭᠤᠨ ᠮᠤᠩᠭᠤᠯ ᠪᠠᠶᠢᠭ᠎ᠠ᠃  ᠰᠦᠢ ᠤᠯᠤᠰ ᠪᠤᠯ ᠰᠢᠶᠡᠨᠪᠢ ᠦᠨᠲᠦᠰᠦᠲᠡᠨ ᠤ ᠤᠯᠤᠰ ᠶᠤᠮ᠂ ᠢᠥᠢ ᠸᠧᠨ ᠤᠪᠤᠭᠲᠠᠢ᠃ ᠰᠦᠢ ᠤᠯᠤᠰ ᠤᠨ ᠲᠦᠷᠦ ᠪᠤᠯ ᠰᠢᠶᠡᠨᠪᠢᠴᠤᠳ ᠤᠨ ᠵᠠᠰᠠᠭ ᠲᠦᠷᠦ ᠪᠤᠯᠬᠤ ᠶᠤᠮ ᠭᠡᠵᠡᠢ᠃  ᠰᠢᠶᠡᠨᠪᠢ ᠪᠤᠯᠤᠨ ᠦᠬᠤᠸᠠᠨ ᠤᠤᠯ ᠨᠢ ᠵᠡᠭᠦᠨ ᠾᠦᠨᠦ ᠶᠢᠨ ᠠᠶᠢᠮᠠᠭ ᠤᠨ ᠬᠤᠯᠪᠤᠭᠠᠨ ᠤ ᠬᠤᠶᠠᠷ ᠲᠤᠮᠤ ᠱᠤᠤ ᠠᠶᠢᠮᠠᠭ ᠪᠠᠶᠢᠯ᠎ᠠ᠃   ᠹᠢᠨᠯᠠᠨᠳ᠋ ᠤᠨ ᠲᠤᠤᠯᠢᠰ ᠪᠤᠯᠬᠤ 《 ᠺᠠᠯᠠᠶᠢᠸᠠᠯᠠ 》 ᠪᠤᠯᠤᠨ ᠮᠤᠩᠭᠤᠯ ᠤᠨ 《 ᠵᠢᠩᠭᠠᠷ 》 ᠪᠤᠯ ᠡᠭᠡᠴᠢ ᠲᠡᠭᠦᠦ ᠬᠤᠶᠠᠷ ᠲᠤᠤᠯᠢᠰ ᠪᠤᠯᠬᠤ ᠶᠤᠮ᠃ ᠰᠢᠶᠡᠨᠪᠢᠴᠤᠳ ᠤᠨ ᠰᠡᠭᠦᠯᠡᠷ ᠮᠤᠩᠭᠤᠯ ᠤᠨ ᠲᠡᠥᠬᠡᠨ ᠲᠡᠭᠡᠷ᠎ᠡ ᠨᠦᠯᠦᠭᠡ ᠶᠡᠬᠡᠲᠡᠢ ᠨᠢ ᠬᠠᠷᠠᠬᠠᠨ ᠨᠢᠷᠤᠭᠤᠨ ᠦᠨᠲᠦᠰᠦᠲᠡᠨ — ᠨᠢᠷᠤᠭᠤᠨ ᠤᠯᠤᠰ ᠪᠤᠯᠤᠨ᠎ᠠ᠃ ᠨᠢᠷᠤᠭᠤᠨ ᠮᠤᠩᠭᠤᠯ ᠪᠠᠷ ᠨᠡᠶᠢᠲᠡ ᠶᠢᠨ ᠤᠨ ᠲᠤᠭᠠᠯᠠᠯ ᠤᠨ 4 ᠳ᠋ᠤᠭᠡᠷ ᠵᠠᠭᠤᠨ ᠤ ᠡᠴᠤᠰ ᠢᠶᠠᠷ ᠮᠤᠩᠭᠤᠯ ᠬᠠᠭᠠᠨᠲᠤ ᠤᠯᠤᠰ ᠢ ᠪᠠᠶᠢᠭᠤᠯᠵᠤ᠂ ᠪᠠᠷᠤᠭ ᠨᠢᠭᠡ ᠵᠠᠭᠤ ᠢᠯᠡᠭᠦᠦ ᠵᠢᠯ ᠦᠷᠬᠦᠯᠵᠢᠯᠡᠵᠡᠢ᠃ ᠮᠤᠩᠭᠤᠯ ᠤᠨ ᠲᠡᠥᠬᠡᠨ ᠲᠡᠭᠡᠷ᠎ᠡ ᠴᠠᠭ ᠬᠤᠭᠤᠴᠠᠭ᠎ᠠ ᠨᠢ ᠤᠷᠲᠤ᠂ ᠠᠰᠤᠷᠤ ᠶᠡᠭᠡ ᠨᠦᠯᠦᠭᠡ ᠲᠠᠢ ᠤᠯᠤᠰ ᠤᠨ ᠨᠢᠭᠡ ᠪᠤᠯᠤᠨ᠎ᠠ᠃   ᠡᠷᠲᠡᠨ ᠤ ᠮᠤᠩᠭᠤᠯᠴᠤᠳ ︵ᠪᠠᠷᠤᠭ ᠨᠡᠶᠢᠲᠡ ᠶᠢᠨ ᠤᠨ ᠲᠤᠭᠠᠯᠠᠯ ᠠᠴᠠ ᠡᠮᠤᠨ᠎ᠡ 5 ᠳ᠋ᠤᠭᠠᠷ ᠵᠠᠭᠤᠨ︶ ᠦᠪᠡᠷᠰᠡᠳ ᠢ ᠪᠠᠨ ᠬᠤᠶᠠᠷ ᠶᠡᠭᠡ ᠪᠦᠯᠦᠭ ᠪᠤᠯᠭᠠᠨ ᠬᠤᠪᠢᠶᠠᠭᠠᠳ᠂ ᠨᠢᠭᠡ ᠨᠢ 《 ᠲᠡᠷᠯᠢᠬᠢᠨ 》 ᠭᠡᠵᠦ᠂ ᠨᠦᠬᠦᠭᠡ ᠨᠢ 《 ᠨᠢᠷᠤᠭᠤᠨ 》 ᠭᠡᠲᠡᠭ ᠪᠠᠶᠢᠪᠠ᠃ ᠭᠡᠬᠦ ᠳᠡᠭᠡᠨ 《 ᠲᠡᠷᠯᠢᠬᠢᠨ 》 ᠡᠩ ᠤᠨ ᠮᠤᠩᠭᠤᠯ ᠭᠡᠳ᠂ 《 ᠨᠢᠷᠤᠭᠤᠨ 》 ᠢ ᠨᠢ ᠲᠦᠪ ᠮᠤᠩᠭᠤᠯ ᠭᠡᠲᠡᠭ ᠪᠤᠶᠤ ᠭᠤᠤᠯ ᠮᠤᠩᠭᠤᠯ ᠭᠡᠲᠡᠭ ᠪᠠᠶᠢᠵᠠᠢ᠃ 《 ᠨᠢᠷᠤᠭᠤᠨ 》 ᠭᠡᠲᠡᠭ ᠨᠢ ᠶᠠᠭ ᠵᠸᠤ ᠤᠯᠤᠰ ᠲᠤ ᠲᠡᠶᠢᠯᠤᠭ᠍ᠲᠡᠭᠡᠳ᠂ ᠬᠠᠲᠤᠨ ᠭᠤᠤᠯ ᠤᠨ ᠤᠷᠤᠰᠬᠠᠯ ᠲᠠᠭᠠᠤ ᠤᠷᠤᠨ ᠠᠴᠠ ᠲᠠᠭᠤᠭᠲᠠᠨ ᠭᠠᠷᠤᠭᠰᠠᠨ ᠲᠦᠷᠪᠡᠨ ᠴᠢᠨ᠋ᠸ᠎ᠠ᠂ ᠲᠦᠷᠪᠡᠨ ᠬᠤᠸ᠎ᠠ ᠮᠠᠷᠠᠯ ᠲᠤᠲ᠋ᠧᠮᠳᠠᠳ ᠤᠨ ᠬᠤᠶᠢᠴᠢᠰ — ᠬᠢᠶᠠᠨ ︵ᠰᠢᠶᠠᠨ ᠶᠦᠨ︶ ᠮᠤᠩᠭᠤᠯ ᠪᠤᠯᠤᠨ᠎ᠠ᠃ ᠴᠢᠩᠬᠢᠰ ᠬᠠᠭᠠᠨ ᠤ ᠲᠡᠭᠡᠲᠦᠰ ᠪᠦᠷᠲᠡ ᠴᠢᠨ᠋ᠸ᠎ᠠ᠂ ᠬᠤᠸ᠎ᠠ ᠮᠠᠷᠠᠯ ᠤᠨ ᠪᠤᠷᠬᠠᠨ ᠬᠠᠯᠲᠤᠨ ᠤᠨ ᠴᠠᠭ ᠦᠶ᠎ᠡ ᠳᠤ ᠬᠦᠷᠦᠭᠡᠳ ᠲᠡᠷᠯᠢᠬᠢᠨ ᠮᠤᠩᠭᠤᠯ ᠪᠤᠯᠤᠨ ᠨᠢᠷᠤᠭᠤᠨ ᠮᠤᠩᠭᠤᠯ ᠤᠨ ᠠᠩᠬᠢᠯᠠᠯ ᠨᠢ ᠤᠯᠠᠮ ᠲᠤᠲᠤᠷᠬᠠᠢ ᠪᠤᠯᠵᠠᠢ᠃   ᠨᠢᠷᠤᠭᠤᠨ ᠤᠯᠤᠰ ᠤᠨ ᠪᠠᠶᠢᠭᠤᠯᠤᠭᠲᠠᠭᠰᠠᠨ ᠨᠢ 《 ᠪᠤᠭᠤᠮᠲᠠ ᠶᠢᠨ ᠭᠠᠲᠠᠨᠠᠬᠢ ᠬᠤᠭᠤᠰᠤᠨ 》 ᠤᠷᠤ ᠶᠢ ᠨᠦᠬᠦᠪᠦᠷᠢᠯᠡᠪᠡ᠃ ᠲᠤᠮᠲᠠᠲᠤ ᠤᠯᠤᠰ ᠤᠨ ᠲᠡᠥᠬᠡᠨ ᠲᠡᠭᠡᠷ᠎ᠡ ᠾᠦᠨᠦ ᠶᠢᠨ ᠲᠠᠷᠠᠭ᠎ᠠ ᠪᠠᠷ ᠨᠡᠯᠢᠶᠡᠳ ᠶᠡᠭᠡ ᠲᠤᠰᠬᠠᠯ  ᠲᠠᠢ ᠨᠢ ᠲᠦᠷᠺ — ᠲᠦᠷᠺᠮᠡᠨ ᠪᠤᠯᠤᠨ᠎ᠠ᠃ ᠡᠨᠡ ᠲᠦᠷᠺ ᠨᠢ ᠮᠦᠨ ᠬᠦ ᠮᠤᠩᠭᠤᠯ ᠶᠤᠮ — ᠲᠦᠷᠺ ᠮᠤᠩᠭᠤᠯ᠂ ᠮᠤᠩᠭᠤᠯ ᠤᠨ ᠰᠠᠯᠪᠤᠷᠢ ᠠᠶᠢᠮᠠᠭ᠂ ᠮᠤᠩᠭᠤᠯ ᠤᠨ ᠨᠢᠭᠡ ᠠᠶᠢᠮᠠᠭ ᠪᠤᠯᠠᠢ᠃   ᠲᠡᠥᠬᠡ ᠶᠢᠨ ᠲᠤᠯᠭᠤᠷ ᠪᠢᠴᠢᠭ ᠲᠤ ᠲᠡᠮᠲᠡᠭᠯᠡᠭᠰᠡᠨ ᠢᠶᠠᠷ ᠬᠢᠲᠠᠨ ᠪᠤᠯ ᠾᠦᠨᠦ ᠮᠤᠩᠭᠤᠯ ᠰᠢᠰᠲ᠋ᠧᠮ ᠳᠠᠬᠢ ᠰᠢᠶᠡᠨᠪᠢ ᠦᠨᠲᠦᠰᠦᠲᠡᠨ ᠤ ᠨᠢᠭᠡ ᠰᠠᠯᠪᠤᠷᠢ ᠪᠤᠯᠤᠨ᠎ᠠ᠃ ᠲᠡᠭᠦᠨ ᠤ ᠡᠪᠦᠭᠡ ᠲᠡᠭᠡᠲᠦᠰ ᠵᠡᠭᠦᠨ ᠾᠦᠨᠦ ︵ᠳ᠋ᠦᠩᠬᠤ︶ ᠨᠢ ᠮᠤᠲᠤᠨ ᠴᠠᠨ ᠢᠥᠢ ᠳᠤ ᠡᠪᠲᠡᠭᠲᠡᠭᠡᠳ ᠰᠢᠶᠡᠨᠪᠢ ᠠᠭᠤᠯᠠᠨ ᠳᠤ ᠤᠬᠤᠷᠢᠨ ᠤᠷᠤᠵᠤ ᠰᠠᠭᠤᠭᠠᠳ ᠰᠢᠶᠠᠨᠪᠢ ᠤᠪᠤᠭᠲᠠᠨ ᠭᠡᠮᠡᠪᠡ᠃ ᠬᠢᠲᠠᠨ ᠪᠤᠯᠤᠨ ᠢᠥᠢ ᠸᠧᠨ᠂ ᠺᠦᠮᠦᠰᠢ ᠦᠨᠲᠦᠰᠦᠲᠡᠨ ᠤ ᠬᠤᠯᠪᠤᠭ᠎ᠠ ᠪᠤᠯᠵᠤ ᠪᠦᠷᠢᠯᠲᠦᠵᠡᠢ ᠃ —— ᠲᠠᠶᠢᠴᠢᠭᠤᠳ · ᠮᠠᠨᠰᠠᠩ᠂ ᠮᠤᠩᠭᠤᠯ ᠦᠨᠲᠦᠰᠦᠲᠡᠨ ᠤ ᠪᠦᠷᠢᠨ ᠲᠡᠥᠬᠡ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号