ᠦᠨᠢ ᠮᠦᠩᠭᠡ ᠶᠢᠨ ︽ᠮᠤᠩᠭᠤᠯ ᠤᠨ ᠨᠢᠭᠤᠴᠨ ᠲᠤᠪᠴᠢᠶᠠᠨ︾ ᠤ ᠪᠠᠷ ᠬᠡᠪᠯᠡᠯ
ᠨᠡᠶᠢᠲᠡᠯᠡᠭᠰᠡᠨ ᠴᠠᠭ᠄
2020/3/6
ᠢᠵᠠᠭᠤᠷ ᠤᠷᠠᠯᠢᠬ ᠤᠨ ︽ᠨᠢᠭᠤᠴᠨ ᠲᠤᠪᠴᠢᠶᠠᠨ︾ ᠤᠯᠠᠨ ᠤ ᠮᠡᠳᠡᠭᠡᠵᠢ ᠪᠠᠷ᠂ ︽ᠮᠤᠩᠭᠤᠯ ᠤᠨ ᠨᠢᠭᠤᠴᠨ ᠲᠤᠪᠴᠢᠶᠠᠨ︾ ᠪᠤᠯ ᠮᠤᠩᠭᠤᠯ ᠬᠦᠮᠦᠨ ᠮᠤᠩᠭᠤᠯ ᠨᠤᠳᠤᠬ ᠲᠠᠭᠠᠨ ᠮᠤᠩᠭᠤᠯ ᠤᠬᠠᠭᠠᠨ ᠢᠶᠠᠷ ᠢᠶᠠᠨ ᠪᠢᠴᠢᠵᠦ ᠦᠯᠡᠳᠡᠭᠡᠭᠰᠡᠨ ᠠᠮᠢᠳᠤᠷᠠᠯ ᠠᠬᠤᠢ ᠶᠢᠨ ᠬᠢᠨᠢ ᠲᠡᠦᠬᠡ ᠪᠠᠶᠢᠵᠤ᠂ ᠮᠤᠩᠭᠤᠯ ᠤᠨ ᠲᠡᠦᠬᠡᠨ ᠭᠤᠷᠪᠠᠨ ᠰᠤᠷᠪᠤᠯᠵᠢ ᠪᠢᠴᠢᠭ ᠤᠨ ᠨᠢᠬᠡᠨ᠂ ᠮᠤᠩᠭᠤᠯ ᠤᠷᠠᠨ ᠵᠤᠬᠢᠶᠠᠯ ᠤᠨ ᠭᠤᠷᠪᠠᠨ ᠤᠷᠬᠢᠯ ᠤᠨ ᠨᠢᠬᠡᠨ ᠬᠡᠮᠡᠭᠳᠡᠳᠡᠭ᠃ 1989 ᠤᠨ ᠳᠤ᠂ ᠫᠠᠷᠢᠰ ᠬᠤᠳᠠ ᠳᠤ ᠪᠤᠯᠤᠬᠰᠠᠨ ᠤᠯᠠᠨ ᠤᠯᠤᠰ ᠤᠨ ᠬᠤᠯᠪᠤᠭᠠᠳᠤ ᠪᠠᠶᠢᠭᠤᠯᠤᠯᠭ᠎ᠠ ᠶᠢᠨ ᠰᠤᠷᠭᠠᠨ ᠬᠦᠮᠦᠵᠢᠯ ᠰᠢᠨᠵᠢᠯᠡᠬᠦ ᠤᠬᠠᠭᠠᠨ ᠰᠤᠶᠤᠯ ᠤᠨ ᠵᠤᠬᠢᠶᠠᠨ ᠪᠠᠶᠢᠭᠤᠯᠤᠯᠳᠠ ᠶᠢᠨ 131 ᠳ᠋ᠤᠭᠠᠷ ᠬᠤᠷᠠᠯᠳᠤᠭᠠᠨ ᠢᠶᠠᠷ᠂ ︽ᠮᠤᠩᠭᠤᠯ ᠤᠨ ᠨᠢᠭᠤᠴᠠ ᠲᠤᠪᠴᠢᠶᠠᠨ︾ ᠢ ᠲᠡᠯᠡᠬᠡᠢ ᠶᠢᠨ ᠢᠵᠠᠭᠤᠷ ᠤᠷᠠᠯᠢᠬ ᠤᠨ ᠪᠠᠶᠠᠨ ᠲᠠᠩᠰᠤᠬ ᠰᠠᠩ ᠬᠦᠮᠦᠷᠬᠡ ᠳᠤ ᠵᠦᠢ ᠶᠤᠰᠤᠭᠠᠷ ᠤᠷᠤᠵᠤ ᠪᠠᠶᠢᠭ᠎ᠠ ᠬᠡᠵᠦ ᠵᠠᠷᠯᠠᠨ ᠲᠤᠩᠬᠠᠬᠯᠠᠬᠰᠠᠨ ᠪᠠᠶᠢᠳᠠᠬ᠃ ᠲᠡᠷᠡ ᠦᠨᠡᠯᠡᠯᠳᠡ ᠳᠤ᠂ ᠮᠤᠩᠭᠤᠯ ᠤᠨ ᠨᠢᠭᠤᠴᠠ ᠲᠣᠪᠴᠢᠶᠠᠨ ᠪᠣᠯ ᠮᠣᠩᠭᠤᠯ ᠦᠨᠳᠦᠰᠦᠲᠡᠨ ᠲᠡᠳᠦᠢ ᠦᠬᠡᠢ ᠲᠡᠯᠡᠬᠡᠢ ᠳ᠋ᠡᠬᠢᠨ ᠤ ᠰᠤᠶᠤᠯ ᠳᠤ ᠲᠡᠦᠬᠡ ᠤᠷᠠᠨ ᠵᠤᠬᠢᠶᠠᠯ ᠤᠨ ᠦᠨ᠎ᠠ ᠴᠡᠨ᠎ᠠ ᠲᠠᠢ ᠪᠦᠳᠦᠬᠡᠯ︔ ᠤᠷᠠᠨ ᠰᠠᠶᠢᠬᠠᠨ ᠭᠤᠸ᠎ᠠ ᠵᠦᠢ ᠶᠢᠨ ᠪᠤᠯᠤᠨ ᠢᠷᠠᠭᠤ ᠨᠠᠶᠢᠷᠠᠬ ᠤᠨ ᠦᠯᠡᠮᠵᠢ ᠶᠢᠨ ᠴᠢᠨᠠᠷ ᠢᠶᠠᠷ ᠢᠶᠠᠨ᠂ ᠬᠡᠯᠡᠨ ᠤ ᠪᠠᠶᠠᠯᠢᠬ ᠦᠪᠡᠷᠮᠢᠴᠡ ᠰᠢᠨᠵᠢ ᠪᠠᠷ ᠢᠶᠠᠨ ᠮᠤᠩᠭᠤᠯ ᠤᠨ ᠤᠷᠠᠨ ᠵᠤᠬᠢᠶᠠᠯ ᠤᠨ ᠲᠡᠦᠬᠡᠨ ᠳᠤ ᠭᠠᠷᠤᠬᠰᠠᠨ ᠬᠤᠤᠰ ᠦᠬᠡᠢ ᠪᠦᠳᠦᠬᠡᠯ︔ ᠲᠤᠷᠤᠨᠠᠳᠠᠬᠢᠨ ᠤ ᠲᠡᠦᠬᠡ ᠤᠷᠠᠨ ᠵᠤᠬᠢᠶᠠᠯ ᠤᠨ ᠠᠭᠤᠤ ᠪᠦᠳᠦᠬᠡᠯ︔ ᠮᠤᠩᠭᠤᠯ ᠲᠡᠷᠡᠴᠢᠯᠡᠨ ᠲᠦᠪ ᠠᠽᠢᠶ᠎ᠠ ᠶᠢᠨ ᠪᠤᠰᠤᠳ ᠤᠷᠤᠨ ᠤ ᠲᠡᠦᠬᠡ ᠶᠢᠨ ᠴᠢᠬᠤᠯᠠ ᠰᠤᠷᠪᠤᠯᠵᠢ ᠪᠢᠴᠢᠭ ᠮᠦᠨ ᠭᠡᠵᠡᠢ᠃ ᠮᠤᠩᠭᠤᠯ ᠤᠯᠤᠰ ᠤᠨ ᠶᠡᠷᠦᠩᠬᠡᠶᠢᠯᠡᠭᠴᠢ ᠪᠠᠰᠠ ᠵᠠᠷᠯᠢᠬ ᠨᠡᠶᠢᠳᠡᠯᠡᠵᠦ᠂ ᠮᠤᠩᠭᠤᠯ ᠤᠨ ᠶᠡᠭᠡ ᠬᠠᠭᠠᠳ ᠤᠨ ᠤᠬᠰᠠᠭ᠎ᠠ ᠭᠠᠷᠤᠯ᠂ ᠮᠤᠩᠭᠤᠯᠴᠤᠳ ᠤᠨ ᠠᠬᠤᠢ ᠠᠮᠢᠳᠤᠷᠠᠯ᠂ ᠬᠡᠯᠡ ᠪᠢᠴᠢᠭ ᠤᠳᠬ᠎ᠠ ᠰᠤᠶᠤᠯ᠂ ᠦᠨᠳᠦᠰᠦᠳᠡᠨ ᠤ ᠲᠡᠦᠬᠡ᠂ ᠠᠷᠠᠳ ᠤᠨ ᠠᠮᠠᠨ ᠵᠤᠬᠢᠶᠠᠯ᠂ ᠪᠦᠬᠡ ᠮᠦᠷᠬᠦᠯ ᠵᠠᠩ ᠵᠠᠩᠰᠢᠯ ᠤᠨ ᠶᠡᠭᠡ ᠨᠡᠪᠳᠡᠷᠬᠡᠢ ᠲᠤᠯᠢ︔ ᠮᠤᠩᠭᠤᠯ ᠬᠡᠯᠡᠨ ᠤ ᠦᠬᠡ ᠶᠢᠨ ᠤᠷᠠᠯᠢᠬ ᠤᠨ ᠰᠤᠩᠭᠤᠳᠠᠬ ᠪᠦᠳᠦᠬᠡᠯ︔ ᠨᠡᠬᠦᠳᠡᠯᠴᠢᠨ ᠤ ᠰᠤᠶᠤᠯ ᠤᠨ ᠦᠯᠦ ᠲᠠᠪᠳᠠᠬᠳᠠᠬᠤ ᠬᠤᠤᠰ ᠦᠬᠡᠢ ᠰᠢᠨᠵᠢ ᠪᠠᠷ ᠢᠶᠠᠨ ᠡᠷᠡᠨ ᠵᠠᠭᠤᠨ ᠢ ᠡᠵᠡᠯᠡᠭᠰᠡᠨ ᠶᠡᠭᠡ ᠲᠤᠤᠯᠢᠰ︔ ᠲᠠᠯ᠎ᠠ ᠨᠤᠳᠤᠬ ᠤᠨ ᠠᠩᠬᠢᠯᠤᠮ᠎ᠠ ᠦᠨᠦᠷ ᠨᠡᠪᠳᠡ ᠰᠢᠩᠭᠡᠭᠰᠡᠨ ᠲᠡᠦᠬᠡ ᠤᠨ ᠴᠠᠬ ᠤᠨ ᠲᠠᠷᠠᠭᠠᠯᠠᠯ ᠤᠨ ᠪᠢᠴᠢᠭ ᠮᠦᠨ ᠭᠡᠵᠦ ᠦᠨᠳᠦᠷ ᠦᠨᠡᠯᠡᠵᠡᠢ᠃ ︽ᠮᠤᠩᠭᠤᠯ ᠤᠨ ᠨᠢᠭᠤᠴᠠ ᠲᠤᠪᠴᠢᠶᠠᠨ︾ ᠢ ᠲᠡᠯᠡᠬᠡᠢ ᠶᠢᠨ ᠰᠤᠶᠤᠯ ᠤᠨ ᠦᠪ ᠲᠤ ᠪᠦᠷᠢᠳᠬᠡᠬᠦᠯᠦᠭᠰᠡᠨ ᠠᠴᠠ ᠨᠠᠰᠢ᠂ ︽ᠮᠤᠩᠭᠤᠯ ᠤᠨ ᠨᠢᠭᠤᠴᠠ ᠲᠤᠪᠴᠢᠶᠠᠨ︾ ᠬᠡᠳᠡᠭ ᠰᠤᠳᠤᠯᠤᠯ ᠮᠤᠩᠭᠤᠯ ᠰᠤᠳᠤᠯᠤᠯ ᠤᠨ ᠴᠢᠬᠤᠯᠠ ᠰᠠᠯᠪᠤᠷᠢ ᠪᠤᠯᠵᠤ ᠬᠦᠭᠵᠢᠬᠡᠳ᠂ ᠡᠷᠳᠡᠮ ᠰᠢᠨᠵᠢᠯᠡᠬᠡᠨ ᠤ ᠬᠦᠷᠢᠶᠡᠨ ᠳᠤ ᠲᠤᠭᠤᠯᠭᠠᠪᠤᠷᠢᠳᠠᠢ ᠰᠤᠳᠤᠯᠤᠬᠳᠠᠬᠤ ᠪᠤᠯᠵᠠᠢ᠃ ᠬᠡᠪᠡᠴᠦ ᠡᠨᠡᠬᠦ ᠠᠭᠤᠤ ᠪᠦᠳᠦᠬᠡᠯ ᠢ ᠵᠦᠪᠬᠡᠨ ᠴᠦᠬᠡᠨ ᠬᠡᠳᠦᠨ ᠡᠷᠳᠡᠮᠳᠡᠨ ᠮᠡᠷᠬᠡᠳ ᠯᠡ ᠰᠤᠳᠤᠯᠤᠭᠠᠳ ᠪᠤᠯᠬᠤ ᠪᠢᠰᠢ᠂ ᠬᠠᠷᠢᠨ ᠪᠦᠬᠦ ᠨᠡᠶᠢᠬᠡᠮ ᠨᠡᠶᠢᠳᠡ ᠶᠢᠨ ᠬᠡᠪᠴᠢᠶᠡᠨ ᠳᠤ ᠲᠦᠬᠡᠬᠡᠨ ᠲᠡᠯᠭᠡᠷᠡᠬᠦᠯᠵᠦ᠂ ᠲᠡᠬᠦᠨ ᠤ ᠦᠨ᠎ᠡ ᠴᠡᠨ᠎ᠠ ᠤᠳᠬ᠎ᠠ ᠠᠭᠤᠯᠭ᠎ᠠ ᠶᠢ ᠰᠤᠷᠳᠠᠯᠴᠢᠯᠠᠨ ᠤᠬᠠᠭᠤᠯᠪᠠᠯ ᠵᠦᠢᠳᠡᠢ ᠶᠤᠮ᠃ ᠶᠠᠬ ᠡᠶᠢᠮᠦ ᠠᠴᠠ ᠤᠳᠤ ᠮᠠᠨ ᠤ ᠤᠷᠤᠨ ᠳᠤ᠂ ︽ᠮᠤᠩᠭᠤᠯ ᠤᠨ ᠨᠢᠭᠤᠴᠠ ᠲᠤᠪᠴᠢᠶᠠᠨ︾ ᠢ ᠴᠢᠯᠠᠭᠤ᠂ ᠶᠠᠰᠤᠨ᠂ ᠠᠷᠠᠰᠤᠨ ᠲᠡᠭᠡᠷ᠎ᠡ ᠰᠡᠶᠢᠯᠦᠨ ᠮᠦᠩᠬᠡᠯᠡᠬᠦ ᠮᠡᠳᠦ ᠶᠢᠨ ︽ᠮᠤᠩᠭᠤᠯ ᠤᠨ ᠨᠢᠭᠤᠴᠠ ᠲᠤᠪᠴᠢᠶᠠᠨ ︾ ᠢ ᠵᠦᠢᠯ ᠪᠦᠷᠢ ᠶᠢᠨ ᠬᠡᠯᠪᠡᠷᠢ ᠲᠦᠷᠰᠦ ᠪᠠᠷ ᠲᠦᠷᠰᠦᠵᠢᠬᠦᠯᠦᠨ ᠪᠦᠳᠦᠬᠡᠬᠦ ᠬᠡᠯᠪᠡᠷᠢᠯ ᠪᠤᠢ ᠪᠤᠯᠵᠠᠢ᠃ ᠮᠤᠳᠤᠨ ᠲᠡᠭᠡᠷ᠎ᠡ ᠰᠡᠶᠢᠯᠦᠭᠰᠡᠨ ︽ᠨᠢᠭᠤᠴᠠ ᠲᠤᠪᠴᠢᠶᠠᠨ︾ 12 ᠰᠠᠷ᠎ᠠ ᠶᠢᠨ 6 — 10 ᠤ ᠡᠳᠦᠷ ᠪᠤᠯᠳᠠᠯ᠎ᠠ᠂ ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠦᠨᠳᠦᠰᠦᠳᠡᠨ ᠤ ᠮᠦᠽᠸᠢ ᠳᠤ ᠶᠠᠪᠤᠬᠳᠠᠬᠰᠠᠨ ᠮᠤᠳᠤᠨ ᠲᠡᠭᠡᠷ᠎ᠡ ᠰᠡᠶᠢᠯᠦᠭᠰᠡᠨ ︽ᠮᠤᠩᠭᠤᠯ ᠤᠨ ᠨᠢᠭᠤᠴᠠ ᠲᠤᠪᠴᠢᠶᠠᠨ︾ ᠢ ᠪᠠᠭᠳᠠᠭᠠᠬᠰᠠᠨ ︽ᠮᠤᠩᠭᠤᠯ ᠤᠨ ᠨᠢᠭᠤᠴᠠ ᠲᠤᠪᠴᠢᠶᠠᠨ︾ ᠤ ᠤᠯᠠᠨ ᠬᠡᠯᠡᠨ ᠤ ᠪᠠᠷ ᠬᠡᠪᠯᠡᠯ ᠤᠨ ᠦᠵᠡᠰᠬᠦᠯᠡᠩ ᠳᠤ᠂ ᠮᠤᠳᠤᠨ ᠲᠡᠭᠡᠷ᠎ᠡ ᠰᠡᠶᠢᠯᠦᠭᠰᠡᠨ ︽ᠮᠤᠩᠭᠤᠯ ᠤᠨ ᠨᠢᠭᠤᠴᠠ ᠲᠤᠪᠴᠢᠶᠠᠨ︾ ᠲᠤᠭᠤᠷᠢᠨ ᠰᠤᠨᠢᠷᠬᠠᠬᠴᠢᠳ ᠤᠨ ᠠᠩᠬᠠᠷᠤᠯ ᠢ ᠶᠠᠭᠠᠬᠢᠬᠤ ᠶᠢᠨ ᠠᠷᠭ᠎ᠠ ᠦᠬᠡᠢ ᠲᠠᠳᠠᠬᠰᠠᠨ ᠶᠤᠮ᠃ ᠵᠠᠷᠢᠮᠠᠳ ᠨᠢ ᠡᠨᠡᠬᠦ ᠮᠤᠳᠤᠨ ᠨᠤᠮ ᠢ ᠦᠵᠡᠴᠢᠭᠡᠭᠡᠳ ᠶᠠᠬ ᠲᠠᠷᠤᠮᠠᠯᠯᠠᠬᠰᠠᠨ ᠰᠢᠬ ᠬᠡᠵᠦ ᠭᠠᠶᠢᠬᠠᠵᠠᠭᠠᠨ᠎ᠠ᠃ ᠡᠶᠢᠮᠦᠷᠬᠦ ᠮᠤᠳᠤᠨ ᠲᠡᠭᠡᠷ᠎ᠡ ᠰᠡᠶᠢᠯᠦᠭᠰᠡᠨ ︽ᠮᠤᠩᠭᠤᠯ ᠤᠨ ᠨᠢᠭᠤᠴᠠ ᠲᠤᠪᠴᠢᠶᠠᠨ︾ ᠨᠢ ᠴᠠᠭᠠᠰᠤᠨ ᠬᠡᠪᠯᠡᠯ ᠠᠴᠠ ᠤᠨᠴᠠ ᠢᠯᠭᠠᠭᠠᠳᠠᠢ ᠪᠠᠶᠢᠵᠤ᠂ ᠤᠷᠠᠯᠠᠨ ᠪᠦᠳᠦᠬᠡᠬᠦ ᠳᠤ ᠮᠠᠰᠢ ᠶᠡᠭᠡ ᠬᠦᠴᠦ ᠬᠦᠳᠡᠯᠮᠦᠷᠢ ᠤᠷᠤᠬᠤ᠂ ᠨᠡᠶᠢᠬᠡᠮ ᠨᠡᠶᠢᠳᠡ ᠳᠤ ᠤᠯᠠᠨ ᠪᠢᠰᠢ ᠪᠠᠶᠢᠳᠠᠬ ᠬᠡᠰᠡᠨ ᠤᠳᠬ᠎ᠠ ᠪᠠᠷ ᠢᠶᠠᠨ ᠮᠠᠰᠢ ᠰᠤᠨᠢᠨ ᠰᠤᠳᠤᠨ ᠪᠤᠯᠵᠦ᠂ ᠦᠨᠳᠦᠷ ᠦᠨᠡᠯᠡᠭᠳᠡᠳᠡᠭ᠃ ︽ᠮᠤᠩᠭᠤᠯ ᠤᠨ ᠨᠢᠭᠤᠴᠠ ᠲᠤᠪᠴᠢᠶᠠᠨ︾ ᠢ ᠮᠤᠳᠤᠨ ᠲᠡᠭᠡᠷ᠎ᠡ ᠰᠡᠶᠢᠯᠦᠨ ᠪᠦᠳᠦᠭᠡᠭᠰᠡᠨ ᠮᠤᠩᠭᠤᠯ ᠤᠯᠤᠰ ᠤᠨ ᠲᠦᠷᠦᠳᠦ ᠶᠤᠰᠤ ᠬᠠᠭᠠᠳ ᠤᠨ ᠰᠠᠩ ᠤᠨ ᠦᠪᠦᠷ ᠮᠤᠩᠭᠤᠯ ᠳᠠᠬᠢ ᠪᠦᠷᠢᠨ ᠡᠷᠬᠡᠳᠦ ᠵᠠᠬᠢᠷᠤᠯ᠂ ᠴᠢᠨᠤᠰ ᠦᠪ ᠰᠤᠶᠤᠯ ᠤᠨ ᠰᠠᠩ ᠤᠨ ᠬᠡᠷᠡᠭ ᠮᠡᠳᠡᠭᠴᠢᠳ ᠤᠨ ᠲᠠᠷᠤᠭ᠎ᠠ ᠴᠤᠬᠳᠤᠨᠠᠷᠠᠨ ᠰᠤᠷᠪᠤᠯᠵᠢᠯᠠᠭ᠎ᠠ ᠬᠦᠯᠢᠶᠡᠬᠦ ᠳᠡᠭᠡᠨ ᠨᠡᠯᠢᠶᠡᠳ ᠨᠠᠷᠢᠯᠢᠬ ᠲᠠᠶᠢᠯᠪᠤᠷᠢᠯᠠᠨ ᠲᠠᠨᠢᠯᠴᠠᠭᠤᠯᠤᠯ᠎ᠠ᠃ ᠨᠢᠬᠡᠨᠳᠡ ᠴᠢᠯᠠᠭᠤᠨ ᠲᠡᠭᠡᠷ᠎ᠡ ︽ᠮᠤᠩᠭᠤᠯ ᠤᠨ ᠨᠢᠭᠤᠴᠠ ᠲᠤᠪᠴᠢᠶᠠᠨ︾ ᠢ ᠰᠡᠶᠢᠯᠦᠨ ᠦᠯᠡᠳᠡᠭᠡᠭᠰᠡᠨ ᠠᠷᠤ ᠬᠤᠷᠴᠢᠨ ᠨᠤᠳᠤᠬᠳᠠᠢ ᠲᠡᠷᠡ ᠪᠠᠷ᠂ ᠮᠤᠩᠭᠤᠯ ᠤᠯᠤᠰ ᠢᠶᠠᠷ ᠠᠶᠠᠯᠠᠨ ᠪᠠᠶᠢᠭᠠᠯᠢ ᠶᠢᠨ ᠰᠠᠶᠢᠬᠠᠨ ᠳᠤᠨᠢ ᠰᠤᠬᠳᠤᠭᠤᠷᠠᠨ ᠪᠠᠶᠢᠬᠤ ᠳᠠᠭᠠᠨ᠂ ᠨᠢᠭᠤᠴᠠ ᠲᠤᠪᠴᠢᠶᠠᠨ ᠢ ᠮᠤᠳᠤᠨ ᠲᠡᠭᠡᠷ᠎ᠠ ᠰᠡᠶᠢᠯᠦᠨ ᠪᠦᠳᠦᠬᠡᠬᠦ ᠬᠡᠰᠡᠨ ᠪᠤᠳᠤᠯ ᠲᠤᠯᠤᠭᠠᠢ ᠳᠤᠨᠢ ᠵᠢᠷᠤᠰᠬᠢᠵᠠᠢ᠃ ᠬᠠᠷᠢᠵᠤ ᠢᠷᠡᠭᠰᠡᠨ ᠤ ᠪᠠᠨ ᠲᠠᠷᠠᠭ᠎ᠠ 2011 ᠤᠨ ᠠᠴᠠ ᠡᠬᠢᠯᠡᠨ ᠰᠡᠶᠢᠯᠬᠦ ᠳᠤ ᠲᠤᠬᠢᠷᠠᠮᠵᠢᠳᠠᠢ ᠮᠤᠳᠤ ᠡᠷᠢᠨ ᠲᠤᠷᠰᠢᠵᠤ᠂ ᠰᠡᠬᠦᠯ ᠳᠤᠨᠢ ᠤᠳ᠋ᠪᠠᠯ᠎ᠠ ᠮᠤᠳᠤ ᠶᠢ ᠤᠯᠤᠭᠠᠳ ᠰᠡᠶᠢᠯᠵᠦ ᠡᠬᠢᠯᠡᠪᠡ᠃ ᠲᠡᠬᠦᠨ ᠢᠶᠠᠷ ᠲᠡᠷᠢᠬᠦᠯᠡᠬᠦᠯᠦᠭᠰᠡᠨ ᠴᠢᠨᠤᠰ ᠦᠪ ᠰᠤᠶᠤᠯ ᠤᠨ ᠰᠠᠩ ᠤᠨ ᠬᠢᠨ ᠡᠳᠦᠷ ᠤᠨ ᠨᠠᠷᠠ ᠲᠠᠢ ᠤᠷᠤᠯᠳᠤᠨ ᠨᠦᠢᠷ ᠢᠶᠠᠨ ᠬᠠᠭᠠᠰᠯᠠᠨ ᠨᠦᠷᠢᠨ ᠴᠢᠷᠮᠠᠶᠢᠭᠠᠳ ᠬᠤᠶᠠᠷ ᠵᠢᠯ ᠤᠨ ᠬᠤᠭᠤᠴᠠᠭ᠎ᠠ ᠭᠡᠷᠡᠭᠯᠡᠨ ︽ᠨᠢᠭᠤᠴᠠ ᠲᠤᠪᠴᠢᠶᠠᠨ︾ ᠢ ᠮᠤᠳᠤᠨ ᠲᠡᠭᠡᠷ᠎ᠡ ᠰᠡᠶᠢᠯᠵᠦ ᠲᠠᠭᠤᠰᠬᠠᠵᠠᠢ᠃ ᠴᠤᠬᠳᠤᠨᠠᠷᠠᠨ ᠲᠦᠷᠦᠬᠦᠳᠡᠢ ᠴᠢᠨᠤᠰ ᠦᠪ ᠰᠤᠶᠤᠯ ᠤᠨ ᠰᠠᠩ ᠪᠤᠯ ᠠᠩᠬ᠎ᠠ ᠲᠦᠷᠦᠬᠦᠨ ᠳᠡᠭᠡᠨ᠂ 2007 ᠤᠨ ᠳᠤ ᠪᠠᠶᠢᠭᠤᠯᠤᠬᠳᠠᠬᠰᠠᠨ ᠮᠤᠩᠭᠤᠯ ᠤᠨᠴᠠᠯᠢᠬᠳᠠᠢ ᠵᠡᠬᠦᠯᠳᠡ ᠴᠢᠮᠡᠭᠯᠡᠯ ᠢ ᠰᠡᠶᠢᠯᠳᠡᠭ ︽ᠴᠢᠨᠤᠰ ᠴᠢᠯᠠᠭᠤᠨ ᠤᠷᠠᠯᠠᠯ ᠤᠨ ᠦᠷᠬᠦᠬᠡ︾ ᠪᠤᠯᠤᠨ ᠨᠤᠮ ᠪᠢᠴᠢᠭ ᠬᠤᠷᠢᠶᠠᠨ ᠬᠠᠳᠠᠭᠠᠯᠠᠳᠠᠬ ︽ᠴᠢᠨᠤᠰ ᠨᠤᠮ ᠤᠨ ᠦᠷᠬᠦᠬᠡ︾ ᠪᠠᠶᠢᠬᠰᠠᠨ ᠢᠶᠠᠨ 2013 ᠤᠨ ᠳᠤ᠂ ᠬᠤᠶᠠᠭᠤᠯᠠ ᠶᠢ ᠨᠢᠬᠡᠳᠬᠡᠨ ᠨᠡᠶᠢᠯᠡᠬᠦᠯᠦᠭᠡᠳ ᠴᠢᠨᠤᠰ ᠦᠪ ᠰᠤᠶᠤᠯ ᠤᠨ ᠰᠠᠩ ᠪᠤᠯᠭᠠᠨ ᠪᠠᠶᠢᠭᠤᠯᠵᠠᠢ᠃ ᠮᠤᠳᠤᠨ ᠲᠡᠭᠡᠷ᠎ᠡ ᠰᠡᠶᠢᠯᠦᠭᠰᠡᠨ ᠨᠢᠭᠤᠴᠠ ᠲᠤᠪᠴᠢᠶᠠᠨ ᠢ ᠰᠠᠪᠠᠯᠠᠬᠰᠠᠨ ᠪᠤᠷᠤ ᠠᠪᠳᠠᠷ᠎ᠠ ᠶᠢᠨ ᠬᠠᠵᠠᠭᠤ ᠳᠠᠬᠢ ᠰᠢᠯᠢᠨ ᠬᠡᠷ ᠲᠠᠢ ᠡᠷᠡᠭᠡᠢ ᠶᠢᠨ ᠴᠢᠨᠡᠬᠡᠨ ︽ᠮᠤᠩᠭᠤᠯ ᠤᠨ ᠨᠢᠭᠤᠴᠠ ᠲᠤᠪᠴᠢᠶᠠᠨ︾ ᠲᠤᠭᠤᠷᠢᠨ ᠰᠤᠨᠢᠷᠬᠠᠬᠴᠢᠳ ᠤᠨ ᠬᠠᠷᠠᠭ᠎ᠠ ᠶᠢ ᠪᠤᠯᠢᠶᠠᠨ᠎ᠠ᠃ ᠨᠡᠬᠡᠷᠡᠨ ᠨᠠᠰᠤ ᠪᠡᠶ᠎ᠠ ᠬᠦᠢᠴᠡᠭᠰᠡᠨ ᠡᠷ᠎ᠡ ᠬᠦᠮᠦᠨ ᠤ ᠡᠷᠡᠬᠡᠢ ᠬᠤᠷᠤᠭᠤᠨ ᠤ ᠬᠢᠷᠢᠳᠡᠢ ︽ᠨᠢᠭᠤᠴᠠ ᠲᠤᠪᠴᠢᠶᠠᠨ︾ ᠲᠠᠯᠪᠢᠭᠠᠰᠤᠳᠠᠢ ᠬᠠᠷᠠᠬᠳᠠᠨ᠎ᠠ᠃ ︽ᠮᠤᠩᠭᠤᠯ ᠤᠯᠤᠰ ᠲᠤ 5 ᠦᠷᠡᠵᠢᠬᠦᠯᠬᠦ 10 ᠶᠢᠨ ᠬᠡᠮᠵᠢᠶ᠎ᠡ ᠲᠠᠢ ᠵᠢᠭᠠᠬᠠᠨ ᠨᠢᠭᠤᠴᠠ ᠲᠤᠪᠴᠢᠶᠠᠨ ᠪᠠᠶᠢᠬᠰᠠᠨ᠃ ᠮᠠᠨ ᠤ ᠬᠢᠭᠰᠡᠨ ᠡᠨᠡ ᠨᠤᠮ ᠪᠤᠯ 3 ᠦᠷᠡᠵᠢᠬᠦᠯᠬᠦ 4 ᠶᠢᠨ ᠬᠡᠮᠵᠢᠶ᠎ᠠ ᠲᠠᠢ ᠬᠢᠭᠰᠡᠨ ᠪᠤᠯᠬᠤᠷ ᠨᠦᠬᠦᠬᠡ ᠵᠢᠭᠠᠬᠠᠨ ᠨᠢᠭᠤᠴᠠ ᠲᠤᠪᠴᠢᠶᠠᠨ ᠠᠴᠠ ᠬᠠᠭᠠᠰ ᠢᠶᠠᠷ ᠵᠢᠵᠢᠭᠷᠡᠵᠡᠢ᠃ ᠪᠢ ᠡᠬᠦᠨ ᠠᠴᠠ ᠵᠢᠭᠠᠬᠠᠨ ᠨᠢᠭᠤᠴᠠ ᠲᠤᠪᠴᠢᠶᠠᠨ ᠢ ᠬᠠᠷᠠᠵᠤ ᠪᠠᠶᠢᠭ᠎ᠠ ᠦᠬᠡᠢ︾ ᠭᠡᠳ ᠴᠤᠬᠳᠤᠨᠠᠷᠠᠨ ᠬᠠᠵᠠᠭᠤ ᠠᠴᠠ ᠲᠤᠪᠴᠢᠬᠠᠨ ᠲᠠᠨᠢᠯᠴᠠᠭᠤᠯᠵᠤ ᠭᠠᠷᠤᠨ᠎ᠠ᠃ ᠡᠬᠦᠨ ᠢ ᠠᠩᠬ᠎ᠠ ᠬᠠᠷᠠᠭᠠᠳ ᠺᠤᠮᠫᠢᠦ᠋ᠲ᠋ᠧᠷ ᠮᠡᠷᠬᠡᠵᠢᠯ ᠢ ᠠᠰᠢᠬᠯᠠᠨ ᠪᠦᠳᠦᠭᠡᠭᠰᠡᠨ ᠶᠠᠭᠤᠮ᠎ᠠ ᠪᠤᠯᠬᠤ ᠨᠢ ᠡ ᠬᠡᠳᠡᠭ ᠲᠠᠭᠠᠮᠠᠬ ᠮᠠᠨᠢ ᠴᠤᠬᠳᠤᠨᠠᠷᠠᠨ ᠤ ᠶᠠᠷᠢᠶ᠎ᠠ ᠪᠠᠷ ᠭᠡᠷᠡᠴᠢᠯᠡᠭᠳᠡᠯ᠎ᠠ᠃ 9 ᠬᠡᠯᠡᠨ ᠤ ᠪᠠᠷ ᠬᠡᠪᠯᠡᠯ ᠤᠨ 210 ᠭᠠᠷᠤᠢ ︽ᠨᠢᠭᠤᠴᠠ ᠲᠤᠪᠴᠢᠶᠠᠨ︾ ᠤᠯᠠᠩᠬᠢ ᠬᠦᠮᠦᠰ ᠡᠬᠦᠨ ᠢ ᠰᠤᠨᠢᠷᠬᠠᠬᠤ ᠨᠢ ᠪᠠᠭ᠎ᠠ ᠪᠠᠶᠢᠵᠤ᠂ ᠲᠡᠯᠬᠡᠨ ᠲᠠᠯᠪᠢᠬᠰᠠᠨ ᠤᠯᠠᠨ ᠬᠡᠯᠡᠨ ᠤ ᠪᠠᠷ ᠬᠡᠪᠯᠡᠯ ᠤᠨ ︽ᠮᠤᠩᠭᠤᠯ ᠤᠨ ᠨᠢᠭᠤᠴᠠ ᠲᠤᠪᠴᠢᠶᠠᠨ︾ ᠤᠷᠤᠭᠤ ᠱᠤᠩᠭᠤᠯᠠᠬᠤ ᠨᠢ ᠢᠯᠡᠬᠦᠦ ᠪᠠᠶᠢᠯ᠎ᠠ᠃ ᠵᠠᠷᠢᠮᠠᠳ ᠨᠢ ᠵᠢᠷᠤᠬ ᠤᠨ ᠮᠠᠰᠢᠨ ᠢᠶᠠᠨ ᠬᠢᠯᠠᠯᠵᠠᠭᠤᠯᠤᠨ ᠰᠡᠬᠦᠳᠡᠷᠯᠡᠨ᠎ᠡ᠃ ᠶᠡᠷᠦᠨᠢ ︽ᠮᠤᠩᠭᠤᠯ ᠤᠨ ᠨᠢᠭᠤᠴᠠ ᠲᠤᠪᠴᠢᠶᠠᠨ︾ ᠲᠡᠯᠡᠬᠡᠢ ᠲᠡᠭᠡᠷᠡᠬᠢ ᠡᠯ᠎ᠡ ᠤᠯᠤᠰ ᠤᠨ 29 ᠬᠡᠯᠡᠨ ᠳᠤ ᠤᠷᠴᠢᠭᠤᠯᠤᠬᠳᠠᠨ ᠬᠡᠪᠯᠡᠭᠳᠡᠭᠰᠡᠨ ᠬᠡᠬᠦ ᠶᠠᠷᠢᠶ᠎ᠠ ᠶᠠᠪᠤᠳᠠᠬ᠃ ᠦᠨᠡᠨ ᠳᠡᠭᠡᠨ᠂ ᠲᠡᠯᠡᠬᠡᠢ ᠶᠢᠨ 25 ᠬᠡᠯᠡᠨ ᠳᠤ ᠤᠷᠴᠢᠭᠤᠯᠤᠬᠳᠠᠬᠰᠨᠨ ᠭᠡᠳᠡᠭ ᠳ᠋ᠦᠩ ᠢ ᠴᠤᠬᠳᠤᠨᠠᠷᠠᠨ ᠨᠢᠭᠤᠴᠠ ᠲᠤᠪᠴᠢᠶᠠᠨ ᠤ ᠡᠷᠢᠯ ᠰᠤᠷᠠᠯ ᠢᠶᠠᠷ ᠶᠠᠪᠤᠵᠤ ᠪᠠᠶᠢᠬᠤ ᠳᠠᠭᠠᠨ ᠭᠠᠷᠭᠠᠵᠠᠢ᠃ ᠭᠠᠭᠴᠠᠬᠦ ᠶᠠᠫᠤᠨ ᠬᠡᠯᠡᠨ ᠳᠤ ᠪᠠᠰᠠ 6 ᠵᠦᠢᠯ ᠤᠨ ᠪᠠᠷ ᠭᠡᠪᠯᠡᠯ ᠪᠤᠢ᠃ ᠡᠳᠡᠭᠡᠷ ᠨᠤᠮ ᠤᠳ ᠢ ᠨᠤᠮ ᠰᠤᠳᠤᠷ ᠲᠤ ᠪᠠᠭ᠋ᠠᠳᠠᠢ ᠪᠠᠰᠠ ᠮᠤᠩᠭᠤᠯ ᠲᠤᠯᠭᠤᠷ ᠪᠢᠴᠢᠭ᠂ ᠠᠷᠠᠳ ᠤᠨ ᠲᠠᠭᠤᠤ᠂ ᠡᠷᠳᠡᠨ ᠤ ᠲᠡᠦᠬᠡ ᠰᠤᠳᠤᠷ᠂ ᠰᠡᠳᠬᠦᠯ ᠵᠡᠷᠬᠡ ᠶᠢ ᠤᠯᠳᠠᠬᠤ ᠶᠢᠨ ᠬᠢᠷᠢ ᠪᠠᠷ ᠬᠤᠷᠢᠶᠠᠨ ᠴᠤᠬᠯᠠᠭᠤᠯᠳᠠᠬ ᠴᠤᠬᠳᠤᠨᠠᠷᠠᠨ ᠦᠪᠦᠷ ᠮᠤᠩᠭᠤᠯ ᠠᠴᠠ ᠭᠠᠳᠠᠨ᠎ᠠ ᠲᠠᠪᠤ ᠵᠢᠷᠭᠤᠭᠠᠨ ᠤᠯᠤᠰ ᠤᠷᠤᠨ ᠢᠶᠠᠷ ᠬᠦᠷᠴᠦ ᠪᠠᠶᠢᠵᠤ ᠬᠤᠷᠢᠶᠠᠨ ᠴᠤᠬᠯᠠᠭᠤᠯᠵᠠᠢ᠃ ︽ᠡᠮᠦᠨ᠎ᠡ ᠨᠢ ᠮᠢᠨᠤ ᠨᠤᠮ ᠤᠨ ᠴᠤᠬᠯᠠᠭᠤᠯᠭ᠎ᠠ ᠳᠤ ᠪᠠᠰᠠ ︿ᠮᠤᠩᠭᠤᠯ ᠤᠨ ᠨᠢᠭᠤᠴᠠ ᠲᠤᠪᠴᠢᠶᠠᠨ﹀ ᠪᠠᠶᠢᠬᠰᠠᠨ᠃ 2013 ᠤᠨ ᠠᠴᠠ ᠡᠬᠢᠯᠡᠨ ᠬᠠᠨᠳᠤᠯᠭ᠎ᠠ ᠲᠠᠢ ᠪᠠᠷ ᠮᠤᠩᠭᠤᠯ ᠤᠨ ᠨᠢᠭᠤᠴᠠ ᠲᠤᠪᠴᠢᠶᠠᠨ ᠴᠤᠬᠯᠠᠭᠤᠯᠵᠤ ᠡᠬᠢᠯᠡᠭᠡᠳ ᠤᠳᠤ 9 ᠬᠡᠯᠡᠨ ᠤ ᠪᠠᠷ ᠬᠡᠪᠯᠡᠯ ᠤᠨ 210 ᠭᠠᠷᠤᠢ ᠨᠤᠮ ᠪᠠᠶᠢᠭ᠎ᠠ᠃ ᠬᠡᠬᠦ ᠳᠡᠭᠡᠨ ᠵᠠᠷᠢᠮ ᠨᠤᠮ ᠨᠢ ᠪᠦᠷ ᠤᠯᠳᠠᠬᠤ ᠪᠠᠨ ᠪᠠᠶᠢᠴᠢᠬᠠᠬᠰᠠᠨ ᠰᠢᠦ︾ ᠬᠡᠵᠦ ᠴᠤᠬᠳᠤᠨᠠᠷᠠᠨ ᠭᠡᠯᠡᠨ᠎ᠡ᠃ ᠲᠡᠷᠡ ᠭᠠᠭᠴᠠ ︽ᠮᠤᠩᠭᠤᠯ ᠤᠨ ᠨᠢᠭᠤᠴᠠ ᠲᠤᠪᠴᠢᠶᠠᠨ︾ ᠴᠤᠬᠯᠠᠭᠤᠯᠤᠭᠠᠳ ᠵᠤᠬᠰᠤᠬᠤ ᠦᠬᠡᠢ᠂ ᠬᠠᠭᠤᠴᠢᠨ ᠤ ᠨᠤᠮ ᠰᠤᠳᠤᠷ᠂ ᠰᠢᠨᠡᠬᠡᠨ ᠬᠡᠪᠯᠡᠭᠳᠡᠭᠰᠡᠨ ᠨᠤᠮ ᠲᠡᠪᠳᠡᠷ ᠢ ᠤᠯᠳᠠᠬᠤ ᠶᠢᠨ ᠬᠢᠷᠢ ᠪᠠᠷ ᠬᠤᠷᠢᠶᠠᠨ ᠠᠪᠴᠤ ᠬᠠᠳᠠᠭᠠᠯᠠᠳᠠᠬ ᠪᠠᠶᠢᠵᠠᠢ᠃ ᠠᠩᠬ᠎ᠠ ᠡᠬᠢᠨ ᠳᠡᠭᠡᠨ ᠤᠯᠠᠩᠬᠢ ᠨᠤᠮ ᠳᠤ ᠪᠠᠭ᠋ᠠᠳᠠᠢ ᠬᠦᠮᠦᠨ ᠲᠠᠢ ᠠᠳᠠᠯᠢ ᠪᠠᠷ᠂ ᠠᠪᠤᠬᠰᠠᠨ ᠨᠤᠮ ᠨᠢ ᠤᠯᠠᠳᠠᠬᠤ ᠶᠢ ᠲᠠᠭᠠᠯᠳᠤᠨ ᠨᠤᠮ ᠤᠨ ᠬᠡᠮᠵᠢᠶ᠎ᠡ ᠨᠢ ᠠᠭᠠᠵᠢᠮ ᠢᠶᠠᠷ ᠶᠡᠬᠡᠰᠦᠨ᠂ ᠬᠤᠵᠢᠮ ᠨᠢ 2007 ᠤᠨ ᠳᠤ᠂ ᠴᠢᠨᠤᠰ ᠨᠤᠮ ᠤᠨ ᠦᠷᠬᠦᠬᠡ ᠶᠢ ᠪᠠᠶᠢᠭᠤᠯᠤᠨ ᠨᠤᠮ ᠤᠨ ᠴᠤᠬᠯᠠᠭᠤᠯᠭ᠎ᠠ ᠳᠠᠭᠠᠨ ᠰᠢᠭᠤᠳᠴᠠᠢ᠃ ᠦᠪᠦᠷ ᠮᠤᠩᠭᠤᠯ ᠠᠴᠠ ᠨᠤᠮ ᠬᠤᠳᠠᠯᠳᠤᠨ ᠠᠪᠬᠤ ᠪᠠᠷ ᠵᠤᠬᠰᠤᠬᠤ ᠦᠬᠡᠢ᠂ ᠮᠤᠩᠭᠤᠯ᠂ ᠶᠠᠫᠤᠨ᠂ ᠭᠧᠷᠮᠠᠨ᠂ ᠤᠷᠤᠰ᠂ ᠬᠠᠩᠭᠠᠷᠢ᠂ ᠰᠤᠯᠤᠩᠭᠤᠰ᠂ ᠡᠮᠦᠨᠡᠳᠦ ᠠᠽᠢᠶ᠎ᠠ ᠶᠢᠨ ᠤᠯᠤᠰ ᠤᠷᠤᠨ ᠨᠤᠭᠤᠳ ᠢᠶᠠᠷ ᠬᠦᠷᠴᠦ ᠨᠤᠮ ᠬᠤᠳᠠᠯᠳᠤᠨ ᠠᠪᠳᠠᠬ ᠪᠦᠬᠡᠳ ᠨᠤᠮ ᠢᠶᠠᠷ ᠨᠤᠮ ᠰᠤᠯᠢᠨ᠂ ᠬᠦᠮᠦᠨ ᠤ ᠬᠦᠷᠭᠡᠭᠰᠡᠨ ᠨᠤᠮ ᠢ ᠨᠡᠶᠢᠯᠡᠬᠦᠯᠦᠭᠡᠳ ᠤᠳᠤ ᠲᠡᠬᠦᠨ ᠤ ᠨᠤᠮ ᠤᠨ ᠴᠤᠬᠯᠠᠭᠤᠯᠭ᠎ᠠ ᠨᠢ 5 ᠲᠦᠮᠡ ᠪᠠᠷ ᠲᠤᠭᠠᠯᠠᠬᠳᠠᠬᠤ ᠪᠠᠶᠠᠯᠢᠬ ᠬᠠᠳᠠᠭᠠᠯᠠᠬᠳᠠᠴᠠ ᠲᠠᠢ ᠪᠤᠯᠤᠬᠰᠠᠨ ᠠᠵᠢ᠃ ᠭᠡᠨᠡᠳᠳᠡ ᠭᠠᠳᠠᠨ᠎ᠠ ᠠᠴᠠ ᠤᠯᠠᠭᠠᠨ ᠦᠩᠬᠡ ᠶᠢᠨ ᠰᠤᠷᠤᠬᠴᠢ ᠬᠤᠪᠴᠠᠰᠤᠳᠠᠢ ᠰᠤᠷᠤᠬᠴᠢᠳ ᠨᠢᠬᠡ ᠮᠦᠷ ᠢᠶᠠᠷ ᠮᠦᠷᠯᠡᠨ ᠤᠷᠤᠵᠤ ᠢᠷᠡᠭᠡᠳ ᠦᠵᠡᠰᠬᠦᠯᠡᠩ ᠢ ᠰᠤᠨᠢᠷᠬᠠᠵᠠᠭᠠᠨ᠎ᠠ᠃ ᠦᠪᠦᠷ ᠮᠣᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠬᠠᠷᠢᠶᠠᠳᠤ ᠲᠤᠮᠳᠠᠳᠤ ᠰᠤᠷᠭᠠᠭᠤᠯᠢ ᠶᠢᠨ 180 ᠰᠤᠷᠤᠬᠴᠢ ᠪᠠᠭᠰᠢ ᠶᠢᠨ ᠢᠶᠠᠨ ᠲᠠᠭᠠᠭᠤᠯᠭ᠎ᠠ ᠪᠠᠷ ᠦᠵᠡᠰᠬᠦᠯᠡᠩ ᠢ ᠰᠤᠨᠢᠷᠬᠠᠬᠤ ᠪᠠᠷ ᠢᠷᠡᠭᠰᠡᠨ ᠨᠢ ᠡᠨᠡ ᠪᠠᠶᠢᠵᠠᠢ᠃ ᠴᠣᠬᠲᠣᠨᠠᠷᠠᠨ ᠤᠯᠠᠩᠬᠢ ᠨᠤᠮ ᠴᠤᠬᠯᠠᠭᠤᠯᠤᠬᠴᠢᠳ ᠬᠠᠳᠠᠭᠠᠯᠠᠬᠴᠢᠳ ᠲᠠᠢ ᠠᠳᠠᠯᠢ ᠪᠠᠷ ᠬᠠᠳᠠᠭᠠᠯᠠᠬᠰᠠᠨ ᠨᠤᠮ ᠢᠶᠠᠨ ᠬᠤᠷᠢᠶᠠᠭᠠᠳ ᠰᠠᠭᠤᠳᠠᠬ ᠪᠢᠰᠢ᠂ ᠬᠠᠷᠢᠨ ᠨᠤᠮ ᠲᠤᠳᠤᠷ᠎ᠠ ᠰᠢᠩᠭᠡᠭᠰᠡᠨ ᠡᠷᠳᠡᠮ ᠤᠬᠠᠭᠠᠨ ᠢ ᠨᠡᠩ ᠤᠯᠠᠨ ᠬᠦᠮᠦᠨ ᠳᠤ ᠡᠳ᠋ᠯᠡᠬᠦᠯᠬᠦ ᠶᠢ ᠪᠤᠳᠤᠵᠤ ᠶᠠᠪᠤᠳᠠᠬ᠃ ᠲᠡᠷᠡ 200 ᠭᠠᠷᠤᠢ ᠲᠦᠮᠡᠨ ᠲᠦᠬᠦᠷᠢᠭ ᠵᠠᠷᠤᠴᠠᠭᠤᠯᠤᠨ ᠬᠤᠳᠠᠯᠳᠤᠨ ᠠᠪᠤᠬᠰᠠᠨ ᠨᠤᠮ ᠢᠶᠠᠨ ᠬᠦᠬᠡᠬᠤᠳᠠ ᠳᠤ ᠭᠤᠷᠪᠠᠨ ᠭᠠᠵᠠᠷ ᠬᠤᠪᠢᠶᠠᠨ ᠲᠠᠯᠪᠢᠵᠤ᠂ ᠡᠷᠢᠵᠦ ᠬᠦᠷᠦᠭᠰᠡᠨ ᠬᠦᠮᠦᠨ ᠳᠡᠭᠡᠨ ᠦᠨ᠎ᠡ ᠲᠦᠯᠦᠪᠦᠷᠢ ᠦᠬᠡᠢ ᠪᠠᠷ ᠵᠢᠬᠡᠯᠡᠬᠦᠯᠦᠨ ᠤᠩᠰᠢᠭᠤᠯᠳᠠᠬ᠃ ᠪᠠᠰᠠ ᠡᠨᠡ ᠵᠢᠯ ᠤᠨ ︽ᠨᠤᠮ ᠲᠠᠢ ᠮᠤᠩᠭᠤᠯ︾ ᠠᠵᠢᠯᠯᠠᠭᠠᠨ ᠳᠤ᠂ 500 ᠭᠠᠷᠤᠢ ᠨᠤᠮ ᠢ ᠲᠤᠷᠰᠢᠯᠳᠠ ᠶᠢᠨ ᠪᠠᠭ᠎ᠠ ᠰᠤᠷᠭᠠᠭᠤᠯᠢ ᠶᠢᠨ ᠬᠡᠦᠬᠡᠳ ᠤᠳ ᠲᠤ ᠬᠠᠨᠳᠢᠪᠯᠠᠵᠠᠢ᠃ ᠤᠳᠤ ᠪᠣᠯᠬᠤ ᠳᠤ᠂ ᠲᠡᠷᠡ ᠨᠢᠬᠡᠨᠳᠡ ᠬᠦᠮᠦᠨ ᠠᠷᠠᠳ ᠲᠠᠭᠠᠨ 5000 ᠨᠤᠮ ᠬᠠᠨᠳᠢᠪᠯᠠᠭᠠᠳ᠂ ᠬᠤᠵᠢᠮ ᠨᠡᠶᠢᠬᠡᠮ ᠨᠡᠶᠢᠳᠡ ᠳᠤ ᠬᠠᠨᠳᠤᠭᠤᠯᠤᠬᠰᠠᠨ ᠤᠩᠰᠢᠯᠭ᠎ᠠ ᠶᠢᠨ ᠦᠷᠦᠬᠡ ᠪᠠᠶᠢᠭᠤᠯᠤᠨ᠂ ᠬᠦᠮᠦᠰ ᠲᠤ ᠦᠨ᠎ᠡ ᠲᠦᠯᠦᠪᠦᠷᠢ ᠦᠬᠡᠢ ᠪᠠᠷ ᠨᠤᠮ ᠤᠩᠰᠢᠭᠤᠯᠬᠤ ᠬᠡᠵᠦ ᠪᠤᠳᠤᠵᠤ ᠰᠡᠳᠬᠢᠵᠦ ᠶᠠᠪᠤᠨ᠎ᠠ᠃ ᠤᠷᠠᠨ ᠬᠠᠳᠬᠤᠮᠠᠯ ᠤᠨ ︽ᠨᠢᠭᠤᠴᠠ ᠲᠤᠪᠴᠢᠶᠠᠨ︾ ᠰᠠᠨᠠᠭ᠎ᠠ ᠤᠷᠠᠨ ᠪᠤᠯ ᠭᠠᠷ ᠤᠷᠠᠨ ᠬᠡᠵᠦ ᠮᠤᠩᠭᠤᠯᠴᠤᠳ ᠰᠡᠴᠡᠯᠡᠳᠡᠭ᠃ ᠦᠵᠡᠰᠬᠦᠯᠡᠩ ᠤᠨ ᠲᠦᠪ ᠭᠤᠤᠯ ᠳᠠᠬᠢ ᠬᠠᠨᠠᠨ ᠳ᠋ᠡᠷᠡ ᠰᠤᠷᠪᠤᠯᠵᠢᠯᠠᠭ᠎ᠠ ᠪᠠᠷ ︽ᠤᠳᠤ ᠶᠢᠨ ᠬᠡᠦᠬᠡᠳ ᠤᠳ ᠨᠢᠭᠤᠴᠠ ᠲᠤᠪᠴᠢᠶᠠᠨ ᠪᠠᠶᠢᠳᠤᠭᠠᠢ ᠡᠩ ᠤᠨ ᠨᠤᠮ ᠢᠶᠠᠨ ᠴᠤ ᠤᠩᠰᠢᠬᠤ ᠪᠠᠨ ᠪᠠᠶᠢᠬᠰᠨᠨ᠃ ︿ᠮᠤᠩᠭᠤᠯ ᠤᠨ ᠨᠢᠭᠤᠴᠠ ᠲᠤᠪᠴᠢᠶᠠᠨ﹀ ᠢ ᠬᠠᠳᠬᠤᠮᠠᠯᠯᠠᠵᠤ ᠭᠠᠷᠭᠠᠪᠠᠯ ᠬᠤᠵᠢᠮ ᠤᠨ ᠦᠷ᠎ᠠ ᠬᠤᠶᠢᠴᠢᠰ ᠲᠠᠭᠠᠨ ᠦᠪ ᠪᠤᠯᠭᠠᠨ ᠦᠯᠡᠳᠡᠭᠡᠵᠦ ᠪᠤᠯᠬᠤ ᠪᠦᠬᠡᠳ ᠢᠳᠡᠭ ᠢᠳᠡᠭ ᠢᠶᠠᠷ ᠬᠠᠶᠠᠬᠳᠠᠵᠤ ᠪᠠᠶᠢᠭ᠎ᠠ ᠮᠤᠩᠭᠤᠯ ᠪᠦᠰᠡᠬᠦ᠋ᠢᠴᠦᠳ ᠤᠨ ᠦᠢᠯᠡ ᠤᠶᠤᠳᠠᠯ ᠤᠨ ᠤᠷ᠎ᠠ ᠠᠪᠢᠶᠠᠰ ᠢ ᠴᠤ ᠮᠦᠩᠬᠡᠯᠡᠨ ᠦᠯᠡᠳᠡᠭᠡᠵᠦ ᠪᠤᠯᠤᠨ᠎ᠠ︾ ᠭᠡᠵᠦ ᠶᠠᠷᠢᠵᠤ ᠪᠠᠶᠢᠯ᠎ᠠ᠃ ᠮ᠊ • ᠠᠯᠤᠰ ᠪᠠᠭ᠎ᠠ ᠵᠠᠯᠠᠭᠤ ᠠᠴᠠ ᠪᠠᠨ ᠰᠤᠷᠭᠠᠭᠤᠯᠢ ᠰᠤᠶᠤᠯ ᠤᠨ ᠮᠦᠷ ᠬᠦᠬᠡᠬᠡᠵᠦ᠂ ᠠᠵᠢᠯ ᠶᠠᠪᠤᠳᠠᠯ ᠬᠡᠵᠦ ᠶᠠᠭᠠᠷᠠᠬᠰᠠᠭᠠᠷ ᠦᠢᠯᠡ ᠤᠶᠤᠳᠠᠯ ᠠᠴᠠ ᠪᠠᠨ ᠨᠡᠯᠢᠶᠡᠳ ᠵᠠᠶᠢᠳᠠᠴᠢᠬᠠᠬᠰᠠᠨ ᠪᠠᠶᠢᠵᠠᠢ᠃ ᠬᠡᠬᠦ ᠳᠡᠭᠡᠨ ᠡᠮᠡᠭᠡ ᠡᠵᠢ ᠪᠤᠯᠤᠨ ᠡᠵᠢ ᠶᠢᠨ ᠬᠢᠨᠢ ᠦᠶ᠎ᠠ ᠳᠤ ᠴᠦᠮ ᠦᠢᠯᠡ ᠤᠶᠤᠵᠤ ᠪᠠᠶᠢᠬᠰᠠᠨ ᠪᠤᠯᠬᠤᠷ ᠤᠢ ᠲᠦᠢᠨ ᠳᠤᠨᠢ ᠤᠷᠠᠨ ᠬᠠᠳᠬᠤᠮᠠᠯ ᠤᠨ ᠠᠪᠢᠶᠠᠰ ᠮᠠᠨᠠᠬᠳᠠᠵᠤ ᠪᠠᠶᠢᠬᠰᠠᠨ ᠤ ᠠᠴᠢ ᠪᠠᠷ 5 ᠵᠢᠯ ᠤᠨ ᠴᠠᠬ ᠵᠠᠷᠤᠴᠠᠭᠤᠯᠤᠨ 12 ᠪᠦᠯᠦᠭ ᠤᠨ ︽ᠮᠤᠩᠭᠤᠯ ᠤᠨ ᠨᠢᠭᠤᠴᠠ ᠲᠤᠪᠴᠢᠶᠠᠨ︾ ᠢ ᠬᠠᠳᠬᠤᠮᠠᠯᠯᠠᠨ ᠭᠠᠷᠭᠠᠵᠠᠢ᠃ ᠲᠡᠬᠦᠨ ᠤ ᠬᠠᠳᠬᠤᠮᠠᠯ ᠳᠤ᠂ ᠠᠷᠤ ᠬᠤᠷᠴᠢᠨ ᠤᠶᠤᠳᠠᠯ ᠤᠨ ᠮᠤᠰᠬᠢᠮᠠᠯ᠂ ᠤᠷᠢᠶᠠᠮᠠᠯ᠂ ᠰᠡᠶᠢᠯᠦᠮᠡᠯ᠂ ᠨᠠᠭᠠᠮᠠᠯ ᠢ ᠰᠢᠩᠬᠡᠬᠡᠨ ᠤᠷᠤᠭᠤᠯᠵᠤ ᠴᠢᠳᠠᠬᠰᠠᠨ ᠪᠦᠬᠡᠳ ᠨᠢᠭᠤᠴᠠ ᠲᠤᠪᠴᠢᠶᠠᠨ ᠤ ᠠᠷᠪᠠᠨ ᠬᠤᠶᠠᠷ ᠨᠢᠭᠤᠷ ᠤᠨ ︽ᠮᠤᠩᠭᠤᠯ ᠤᠨ ᠨᠢᠭᠤᠴᠠ ᠲᠤᠪᠴᠢᠶᠠᠨ︾ ᠬᠡᠬᠦ ᠦᠰᠦᠭ ᠢ ᠬᠡ ᠤᠭᠠᠯᠵᠠ᠂ ᠡᠪᠬᠡᠮᠡᠯ ᠲᠢᠭ᠂ ᠬᠦᠢᠯᠡᠰᠦᠨ ᠬᠤᠸᠠᠷ᠂ ᠲᠦᠷᠪᠡᠨ ᠬᠦᠴᠦᠳᠡᠨ ᠢᠶᠠᠷ ᠴᠢᠮᠡᠭᠯᠡᠨ ᠤᠶᠦᠵᠠᠢ᠃ ᠪᠠᠰᠠ ᠴᠢᠩᠬᠢᠰ ᠬᠠᠭᠠᠨ ᠤ ᠪᠠᠭᠠᠳᠤᠷ ᠤᠳ ᠢ ᠠᠯᠲᠠᠷᠲᠣ ᠵᠢᠷᠣᠬᠴᠢᠨ ᠰᠡᠴᠡᠨ ᠤ ᠵᠢᠷᠤᠬᠰᠠᠨ ᠵᠢᠷᠤᠬ ᠢ ᠦᠨᠳᠦᠰᠦᠯᠡᠨ ᠬᠠᠳᠬᠤᠮᠠᠯᠯᠠᠵᠤ ᠭᠠᠷᠭᠠᠭᠠᠳ ᠰᠢᠯᠦᠭ ᠬᠠᠪᠰᠤᠷᠭᠠᠬᠰᠠᠨ ᠨᠢ ᠠᠵᠢᠬᠯᠠᠬᠳᠠᠵᠤ ᠪᠠᠶᠢᠯ᠎ᠠ᠃ ᠦᠵᠡᠰᠬᠦᠯᠡᠩ ᠢ ᠨᠠ᠊ • ᠰᠠᠶᠢᠰᠢᠶᠠᠯᠳᠤ᠂ ᠦ᠊ • ᠨᠠᠷᠠᠨᠪᠠᠳᠤ ᠵᠡᠷᠬᠡ ᠶᠢᠨ ᠠᠬᠰᠢᠷᠠᠭ᠎ᠠ ᠪᠤᠭᠤᠷᠤᠯ ᠡᠷᠳᠡᠮᠳᠡᠨ ᠮᠡᠷᠭᠡᠳ᠂ ᠲᠤᠮᠳᠠᠳᠤ ᠰᠤᠷᠭᠠᠭᠤᠯᠢ ᠶᠢᠨ ᠰᠤᠷᠤᠬᠴᠢᠳ᠂ ᠵᠠᠯᠠᠭᠤ ᠤᠶᠤᠳᠠᠳ᠂ ᠨᠡᠶᠢᠬᠡᠮ ᠤᠨ ᠡᠯ᠎ᠡ ᠡᠳᠡᠭᠡᠳ ᠤᠨ ᠬᠢᠨ ᠬᠦᠷᠴᠦ ᠰᠤᠨᠢᠷᠬᠠᠬᠰᠠᠨ ᠢᠶᠠᠷ ᠪᠠᠷᠠᠬᠤ ᠦᠬᠡᠢ᠂ ᠭᠧᠷᠮᠠᠨ᠂ ᠶᠠᠫᠤᠨ ᠤ ᠡᠷᠳᠡᠮᠳᠡᠳ᠂ ᠮᠤᠩᠭᠤᠯ ᠤᠯᠤᠰ ᠤᠨ ᠡᠷᠳᠡᠮᠳᠡᠳ ᠤᠶᠤᠳᠠᠳ ᠬᠦᠷᠴᠦ ᠠᠮᠳᠠᠷᠬᠠᠨ ᠰᠤᠨᠢᠷᠬᠠᠵᠠᠢ᠃ ᠮᠤᠩᠭᠤᠯ ᠤᠯᠤᠰ ᠲᠠᠬᠢ ︽ᠨᠢᠭᠤᠴᠠ ᠲᠤᠪᠴᠢᠶᠠᠨ︾ ᠤᠳᠤᠮ ᠨᠢᠭᠡᠳᠡᠢ ᠬᠦᠷᠰᠢ ᠵᠡᠷᠬᠡᠯᠡᠳᠡᠭᠡ ᠮᠤᠩᠭᠤᠯ ᠤᠯᠤᠰ ᠤᠨ ᠬᠢᠨ ︽ᠮᠤᠩᠭᠤᠯ ᠤᠨ ᠨᠢᠭᠤᠴᠠ ᠲᠤᠪᠴᠢᠶᠠᠨ︾ ᠢ ᠬᠢᠷᠢ ᠵᠡᠷᠬᠡ ᠰᠤᠨᠢᠷᠬᠠᠨ ᠰᠤᠳᠤᠯᠳᠠᠬ ᠪᠤᠯᠬᠤ ᠶᠢ ᠮᠡᠳᠡᠬᠦ ᠪᠠᠷ ᠮᠤᠩᠭᠤ᠋ ᠤᠯᠤᠰ ᠤᠨ ᠲᠦᠷᠦᠳᠦ ᠶᠤᠰᠤ ᠬᠠᠭᠠᠳ ᠤᠨ ᠰᠠᠩ ᠤᠨ ᠬᠡᠷᠡᠭ ᠮᠡᠳᠡᠭᠴᠢᠳ ᠤᠨ ᠲᠠᠷᠤᠭ᠎ᠠ ᠬᠦᠡᠦ᠋ᠢᠯᠡᠰ ᠢ ᠰᠤᠷᠪᠤᠯᠵᠢᠯᠠᠬᠤ ᠳᠤ ᠲᠡᠷᠡ ︽︿ᠮᠤᠩᠭᠤᠯ ᠤᠨ ᠨᠢᠭᠤᠴᠠ ᠲᠤᠪᠴᠢᠶᠠᠨ﹀ ᠢ ᠮᠠᠨ ᠤ ᠬᠢᠨ ᠤ ᠡᠷᠳᠡᠮ ᠰᠢᠨᠵᠢᠯᠡᠬᠡᠨ ᠤ ᠬᠦᠷᠢᠶᠡᠨ ᠳᠤ ᠮᠠᠰᠢ ᠬᠦᠨᠳᠦᠳᠬᠡᠨ ᠰᠤᠳᠤᠯᠵᠤ ᠤᠯᠠᠨ ᠨᠤᠮ ᠭᠠᠷᠭᠠᠳᠠᠬ᠂ ᠬᠠᠷᠢᠨ ᠵᠠᠯᠠᠭᠤᠴᠤᠳ ᠪᠠᠭᠠᠴᠤᠳ ᠭᠠᠳᠠᠭᠠᠳᠤ ᠶᠢᠨ ᠰᠤᠶᠤᠯ ᠤᠷᠤᠭᠤ ᠬᠤᠰᠢᠭᠤᠷᠠᠭᠠᠳ ᠨᠢᠭᠤᠴᠠ ᠲᠤᠪᠴᠢᠶᠠᠨ ᠢ ᠲᠡᠳᠦ᠋ᠢᠯᠡ ᠰᠤᠨᠢᠷᠬᠠᠳᠠᠬ ᠦᠬᠡᠢ᠂ ᠡᠨᠡ ᠲᠠᠯ᠎ᠠ ᠪᠠᠷ ᠦᠪᠦᠷ ᠮᠤᠩᠭᠤᠯᠴᠤᠳ ᠮᠠᠨ ᠠᠴᠠ ᠲᠦᠷᠦᠬᠦᠯᠡᠵᠦ ᠪᠠᠶᠢᠨ᠎ᠠ︾ ᠬᠡᠵᠦ ᠶᠠᠷᠢᠨ᠎ᠠ᠃ ᠴᠤᠬᠳᠤᠨᠠᠷᠠᠨ ᠢ ᠶᠠᠭᠠᠬᠢᠭᠠᠳ ᠮᠤᠩᠭᠤᠯ ᠤᠯᠤᠰ ᠤᠨ ᠲᠦᠷᠦᠳᠦ ᠶᠤᠰᠤ ᠬᠠᠭᠠᠳ ᠤᠨ ᠰᠠᠩ ᠤᠨ ᠦᠪᠦᠷ ᠮᠤᠩᠭᠤᠯ ᠳᠠᠬᠢ ᠪᠦᠷᠢᠨ ᠡᠷᠬᠡᠳᠦ ᠵᠠᠬᠢᠷᠤᠯ ᠢᠶᠠᠷ ᠲᠤᠮᠢᠯᠠᠬᠰᠠᠨ ᠲᠤᠬᠠᠢ ᠰᠤᠨᠢᠭᠤᠴᠢᠯᠠᠬᠤ ᠳᠤ ᠲᠡᠷᠡ ︽ᠡᠨᠡ ᠵᠠᠯᠠᠭᠤ ᠮᠤᠩᠭᠤᠯ ᠲᠡᠦᠬᠡ ᠰᠤᠶᠤᠯ ᠳᠠᠭᠠᠨ ᠰᠡᠳᠬᠢᠯ ᠤᠨ ᠤᠬ ᠠᠴᠠ ᠪᠠᠨ ᠬᠠᠶᠢᠷᠠᠳᠠᠢ᠂ ᠪᠠᠰᠠ ᠦᠨᠡᠨᠴᠢ ᠰᠢᠳᠤᠷᠭᠤ ᠡᠷᠡᠰ ᠰᠢᠭᠤᠷᠬᠠᠢ ᠪᠠᠶᠢᠳᠠᠬ ᠢ ᠨᠢ ᠲᠤᠭᠤᠭᠠᠳ ᠪᠢᠳᠡ ᠲᠡᠬᠦᠨ ᠢ ᠪᠦᠷᠢᠨ ᠡᠷᠬᠡᠳᠦ ᠵᠠᠬᠢᠷᠤᠯ ᠢᠶᠠᠷ ᠲᠤᠮᠢᠯᠠᠬᠰᠠᠨ ᠯᠡ ᠳ᠋ᠠ︾ ᠬᠡᠨ᠎ᠡ᠃ ᠬᠦᠡᠦ᠋ᠢᠯᠡᠰ ᠤᠨ ᠲᠠᠷᠤᠭᠠᠯᠠᠬᠰᠠᠨ ᠮᠤᠩᠭᠤᠯ ᠤᠯᠤᠰ ᠤᠨ ᠲᠦᠷᠦᠰᠦ ᠶᠤᠰᠤ ᠬᠠᠭᠠᠳ ᠤᠨ ᠰᠠᠩ ᠬᠡᠭᠴᠢ ᠪᠤᠯ 16 ᠵᠢᠯ ᠤᠨ ᠡᠮᠦᠨ᠎ᠡ ᠮᠤᠩᠭᠤᠯ ᠤᠨ ᠲᠤᠮᠤ ᠲᠤᠮᠤ ᠡᠷᠳᠡᠮᠳᠡᠨ ᠮᠡᠷᠭᠡᠳ ᠤᠨ ᠰᠠᠨᠠᠭᠠᠴᠢᠯᠠᠭ᠎ᠠ ᠪᠠᠷ ᠪᠠᠶᠢᠭᠤᠯᠤᠬᠳᠠᠬᠰᠠᠨ᠂ ᠮᠤᠩᠭᠤᠯ ᠲᠡᠦᠬᠡ ᠰᠤᠶᠤᠯ ᠢᠶᠠᠨ ᠵᠠᠯᠭᠠᠮᠵᠢᠯᠠᠨ ᠦᠯᠡᠳᠡᠬᠡᠵᠦ ᠶᠡᠭᠡ ᠲᠡᠦᠬᠡ ᠪᠠᠷ ᠢᠶᠠᠨ ᠪᠠᠭ᠋ᠠᠷᠬᠠᠬᠤ ᠰᠡᠳᠬᠢᠯᠬᠡ ᠶᠢ ᠪᠤᠢ ᠪᠤᠯᠭᠠᠬᠤ ᠵᠤᠷᠢᠯᠭ᠎ᠠ ᠲᠠᠢ ᠪᠠᠷ᠂ ᠲᠡᠦᠬᠡ ᠰᠤᠶᠤᠯ ᠢᠶᠠᠨ ᠰᠤᠳᠤᠯᠤᠨ ᠶᠡᠭᠡ ᠬᠠᠭᠠᠳ ᠤᠨ ᠰᠡᠳᠦᠪ ᠠᠭᠤᠯᠭ᠎ᠠ ᠲᠠᠢ ᠤᠷᠠᠨ ᠪᠦᠳᠦᠬᠡᠯ ︵ᠬᠦᠰᠢᠶ᠎ᠡ ᠪᠠᠷᠢᠮᠠᠯ᠂ ᠤᠷᠠᠨ ᠵᠢᠷᠤᠬ᠂ ᠨᠤᠮ᠂ ᠺᠢᠨᠣ᠋ ᠲᠧᠯᠸᠢᠰ ᠢ ᠴᠦᠮ ᠪᠠᠭᠳᠠᠭᠠᠨ᠎ᠠ︶ ᠲᠤᠭᠤᠷᠪᠢᠳᠠᠬ᠂ ᠦᠪᠦᠷ ᠮᠤᠩᠭᠤᠯ ᠪᠤᠯᠤᠨ ᠤᠷᠤᠰ ᠲᠤ ᠴᠦᠮ ᠬᠤᠪᠢᠶᠠᠷᠢ ᠪᠠᠶᠢᠭᠤᠯᠤᠯᠭ᠎ᠠ ᠲᠠᠢ ᠲᠤᠮᠤ ᠪᠠᠶᠢᠭᠤᠯᠤᠯᠭ᠎ᠠ ᠬᠡᠰᠡᠨ ᠢ ᠶᠠᠷᠢᠯᠴᠠᠭᠠᠨ ᠠᠴᠠ ᠮᠡᠳᠡᠯ᠎ᠡ᠃ ᠶᠡᠷᠦᠨᠢ ᠮᠤᠩᠭᠤᠯ ᠤᠯᠤᠰ ᠲᠤ ︽ᠮᠤᠩᠭᠤᠯ ᠤᠨ ᠨᠢᠭᠤᠴᠠ ᠲᠤᠪᠴᠢᠶᠠᠨ︾ ᠤ ᠰᠢᠨᠵᠢᠯᠡᠭᠡ ᠰᠤᠳᠤᠯᠭᠠᠨ ᠤ ᠤᠯᠠ ᠮᠦᠷ ᠢ ᠬᠠᠶᠢᠬᠤ ᠳᠤ᠂ ᠵᠠᠭᠤᠭᠠᠳ ᠵᠢᠯ ᠤᠨ ᠡᠮᠦᠨᠡᠬᠢ 1917 ᠤᠨ ᠳᠤ᠂ ᠲᠠᠭᠤᠷ ᠤᠨ ᠴᠡᠩᠳᠦ ᠬᠦᠩ ᠬᠡᠳᠡᠭ ᠬᠦᠮᠦᠨ ᠭᠠᠯᠢᠬᠯᠠᠵᠤ ᠦᠯᠡᠳᠡᠭᠡᠭᠰᠡᠨ ᠬᠢᠳᠠᠳ ᠬᠡᠯᠡᠨ ᠠᠴᠠ ᠮᠤᠩᠭᠤᠯ ᠬᠡᠯᠡ ᠤᠷᠤᠭᠤ ᠪᠠᠨ ᠬᠦᠷᠪᠡᠬᠦᠯᠦᠨ ᠦᠯᠡᠳᠡᠭᠡᠵᠡᠢ᠃ 1947 ᠤᠨ ᠳᠤ᠂ ᠮᠤᠩᠭᠤᠯ ᠤᠯᠤᠰ ᠤᠨ ᠶᠡᠭᠡ ᠡᠷᠳᠡᠮᠳᠡᠨ ᠴ᠊ • ᠲᠠᠮᠳᠢᠡᠰᠦ᠋ᠷᠦᠩ ᠤᠷᠴᠢᠨ ᠴᠠᠬ ᠤᠨ ᠮᠤᠩᠭᠤᠯ ᠬᠡᠯᠡᠨ ᠳᠤ ᠤᠷᠴᠢᠭᠤᠯᠵᠤ᠂ ᠡᠨᠡ ᠤᠷᠴᠢᠭᠤᠯᠭ᠎ᠠ ᠨᠢ ᠬᠠᠮᠤᠬ ᠤᠨ ᠤᠷᠠᠨ ᠨᠠᠶᠢᠳᠠᠪᠤᠷᠢᠳᠠᠢ ᠤᠳᠬ᠎ᠠ ᠲᠡᠬᠦᠯᠳᠡᠷ ᠤᠷᠴᠢᠭᠤᠯᠭ᠎ᠠ ᠬᠡᠵᠦ ᠦᠨᠡᠯᠡᠭᠳᠡᠭᠰᠡᠨ ᠪᠠᠶᠢᠳᠠᠬ᠃ ᠶᠡᠷᠡᠭᠡᠳ ᠤᠨ ᠪᠤᠯᠤᠭᠠᠳ ︽ᠮᠤᠩᠭᠤᠯ ᠤᠨ ᠨᠢᠭᠤᠴᠠ ᠲᠤᠪᠴᠢᠶᠠᠨ︾ ᠤ ᠲᠤᠬᠠᠢ ᠰᠤᠳᠤᠯᠭᠠᠨ ᠤᠯᠠᠮ ᠡᠷᠴᠢ ᠬᠦᠴᠦᠳᠡᠢ ᠦᠷᠨᠢᠵᠦ᠂ ᠬᠦᠷᠪᠡᠬᠦᠯᠬᠡ᠂ ᠤᠷᠴᠢᠭᠤᠯᠭ᠎ᠠ᠂ ᠲᠠᠶᠢᠯᠪᠤᠷᠢᠯᠠᠯᠳᠠ ᠮᠡᠳᠦ ᠶᠢᠨ ᠤᠯᠠᠨ ᠰᠠᠶᠢᠬᠠᠨ ᠪᠦᠳᠦᠬᠡᠯ ᠮᠡᠨᠳᠦᠯᠡᠬᠡᠳ ᠲᠡᠯᠡᠬᠡᠢ ᠨᠡᠶᠢᠳᠡ ᠶᠢᠨ ᠠᠩᠬᠠᠷᠤᠯ ᠳᠤ ᠬᠦᠷᠴᠡᠢ᠃ 2004 ᠤᠨ ᠳᠤ ᠮᠤᠩᠭᠤᠯ ᠤᠯᠤᠰ ᠤᠨ ᠬᠤᠶᠠᠳᠠᠬᠢ ᠶᠡᠷᠦᠩᠬᠡᠶᠢᠯᠡᠭᠴᠢ ᠪᠠᠭᠠᠪᠠᠨᠳᠢ ᠮᠤᠩᠭᠤᠯ ᠤᠨ ᠨᠢᠭᠤᠴᠠ ᠲᠤᠪᠴᠢᠶᠠᠨ ᠢ ᠡᠷᠬᠢᠮᠯᠡᠨ ᠲᠡᠭᠡᠳᠦᠯᠡᠬᠦ ᠵᠠᠷᠯᠢᠬ ᠪᠠᠭᠤᠯᠭᠠᠨ᠂ ᠠᠷᠠᠳ ᠨᠡᠶᠢᠳᠡ ᠪᠠᠷ ᠢᠶᠠᠨ ᠮᠤᠩᠭᠤᠯ ᠤᠨ ᠨᠢᠭᠤᠴᠠ ᠲᠤᠪᠴᠢᠶᠠᠨ ᠤ ᠪᠠᠶᠠᠯᠢᠬ ᠠᠭᠤᠯᠭ᠎ᠠ ᠲᠠᠢ ᠲᠠᠨᠢᠯᠴᠠᠶ᠎ᠠ ᠬᠡᠵᠦ ᠤᠷᠢᠶᠠᠯᠠᠬᠰᠠᠨ ᠠᠴᠠ ᠭᠠᠳᠠᠨ᠎ᠠ ᠶᠡᠭᠡ ᠮᠤᠩᠭᠤᠯ ᠤᠯᠤᠰ ᠪᠠᠶᠢᠭᠤᠯᠤᠬᠳᠠᠬᠰᠠᠨ 800 ᠵᠢᠯ ᠤᠨ ᠤᠢ ᠳᠤ᠂ ︽ᠮᠤᠩᠭᠤᠯ ᠤᠨ ᠨᠢᠭᠤᠴᠠ ᠲᠤᠪᠴᠢᠶᠠᠨ︾ ᠢ ᠮᠦᠩᠬᠦ ᠪᠠᠷ ᠪᠦᠳᠦᠬᠡᠵᠦ ᠦᠬᠡ ᠦᠰᠦᠭ ᠪᠦᠷᠢ ᠶᠢ ᠨᠢ ᠠᠯᠳᠠ ᠪᠠᠷ ᠰᠢᠷᠠᠬᠰᠠᠨ ᠴᠤᠷᠢ ᠶᠢᠨ ᠭᠠᠭᠴᠠ ᠪᠠᠷ ᠢ ᠮᠤᠩᠭᠤᠯ ᠤᠯᠤᠰ ᠤᠨ ᠲᠦᠷᠦ ᠶᠢᠨ ᠤᠷᠳᠤᠨ ᠳᠤ ᠵᠠᠯᠠᠵᠤ ᠲᠠᠯᠪᠢᠵᠠᠢ᠃ ᠲᠦᠬᠡᠵᠦ ᠲᠡᠯᠭᠡᠷᠡᠭᠰᠡᠨ ︽ᠨᠢᠭᠤᠴᠠ ᠲᠤᠪᠴᠢᠶᠠᠨ︾ ᠮᠤᠩᠭᠤᠯᠴᠤᠳ ᠮᠠᠨᠢ ᠤᠢᠢᠷ᠎ᠠ ᠶᠢᠨ ᠵᠢᠯ ᠠᠴᠠ ︽ᠮᠤᠩᠭᠤᠯ ᠤᠨ ᠨᠢᠭᠤᠴᠠ ᠲᠤᠪᠴᠢᠶᠠᠨ︾ ᠢ ᠶᠠᠰᠤ᠂ ᠴᠢᠯᠠᠭᠤ᠂ ᠮᠤᠳᠤ᠂ ᠪᠦᠰ ᠵᠡᠷᠬᠡ ᠤᠯᠠᠨ ᠵᠦᠢᠯ ᠤᠨ ᠶᠠᠭᠤᠮᠠᠨ ᠳᠤ ᠤᠯᠠᠨ ᠵᠦᠢᠯ ᠤᠨ ᠲᠦᠷᠰᠦ ᠬᠡᠯᠪᠡᠷᠢ ᠪᠠᠷ ᠤᠷᠠᠯᠠᠨ ᠪᠦᠳᠦᠬᠡᠵᠦ ᠪᠠᠶᠢᠬᠤ ᠨᠢ ︽ᠮᠤᠩᠭᠤᠯ ᠤᠨ ᠨᠢᠭᠤᠴᠠ ᠲᠤᠪᠴᠢᠶᠠᠨ︾ ᠤ ᠤᠯᠠᠮᠵᠢᠯᠠᠯ ᠵᠠᠯᠭᠠᠮᠵᠢᠯᠠᠯ ᠲᠡᠯᠭᠡᠷᠡᠬᠦᠯᠦᠯᠳᠡ ᠳᠤ ᠠᠰᠢᠬ ᠲᠠᠢ᠃ ᠡᠨᠡ ᠨᠢ ᠮᠤᠩᠭᠤᠯᠴᠤᠳ ᠲᠡᠦᠬᠡ ᠰᠤᠶᠤᠯ ᠢᠶᠠᠨ ᠲᠦᠬᠡᠬᠡᠨ ᠲᠡᠯᠭᠡᠷᠡᠬᠦᠯᠵᠦ᠂ ᠭᠠᠳᠠᠷ ᠶᠢᠷᠳᠢᠨᠴᠦ ᠳᠤ ᠲᠠᠨᠢᠭᠤᠯᠵᠤ ᠪᠠᠶᠢᠬᠤ ᠶᠢᠨ ᠨᠢᠬᠡᠨ ᠢᠯᠡᠷᠡᠯ ᠮᠦᠨ᠃ ᠨᠡᠬᠡᠷᠡᠨ ᠮᠤᠩᠭᠤᠯ ᠤᠯᠤᠰ ᠤᠨ ᠲᠦᠷᠦᠳᠦ ᠶᠤᠰᠤ ᠬᠠᠭᠠᠳ ᠤᠨ ᠰᠠᠩ ᠤᠨ ᠬᠡᠷᠡᠭ ᠮᠡᠳᠡᠭᠴᠢᠳ ᠤᠨ ᠲᠠᠷᠤᠭ᠎ᠠ ᠬᠦᠡᠦ᠋ᠢᠯᠡᠰ ᠤᠨ ᠶᠠᠷᠢᠬᠰᠠᠨ ᠮᠡᠳᠦ᠂ ᠪᠢᠳᠡ ᠦᠪᠡᠰᠦᠪᠡᠨ ᠲᠦᠬᠡᠬᠡᠨ ᠲᠡᠯᠬᠡᠷᠡᠬᠦᠯᠬᠦ ᠦᠪᠡᠷᠳᠡᠬᠡᠨ ᠰᠤᠷᠳᠠᠯᠴᠢᠯᠠᠬᠤ ᠦᠬᠡᠢ ᠪᠤᠯ ᠪᠢᠳᠡᠨ ᠤ ᠡᠮᠦᠨ᠎ᠡ ᠠᠴᠠ ᠬᠡᠨ ᠴᠤ ᠬᠦᠴᠦᠨ ᠵᠢᠳᠬᠦᠬᠦ ᠦᠬᠡᠢ᠃ ︽ᠮᠤᠩᠭᠤᠯ ᠤᠨ ᠨᠢᠭᠤᠴᠠ ᠲᠤᠪᠴᠢᠶᠠᠨ︾ ᠤ ᠦᠨ᠎ᠠ ᠴᠡᠨ᠎ᠡ ᠤᠳᠬ᠎ᠠ ᠤᠴᠢᠷ ᠢ ᠪᠦᠬᠦ ᠠᠷᠠᠳ ᠲᠠᠭᠠᠨ ᠲᠠᠨᠢᠭᠤᠯᠤᠨ ᠮᠡᠳᠡᠬᠦᠯᠬᠦ ᠲᠤᠬᠠᠢ ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠫᠷᠦᠹᠧᠰᠰᠤᠷ ᠪᠦᠷᠢᠠᠪᠠᠳᠤ ᠠᠴᠠ ᠰᠤᠷᠪᠤᠯᠵᠢᠯᠠᠭ᠎ᠠ ᠠᠪᠬᠤ ᠳᠤ ᠲᠡᠷᠡ ᠪᠠᠷ ︽ᠡᠷᠳᠡᠮ ᠰᠢᠨᠵᠢᠯᠡᠬᠡᠨ ᠤ ᠬᠦᠷᠢᠶᠡᠨ ᠳᠤ ᠨᠢᠭᠤᠴᠠ ᠲᠤᠪᠴᠢᠶᠠᠨ ᠤ ᠦᠨ᠎ᠠ ᠴᠡᠨ᠎ᠡ ᠶᠢ ᠦᠨᠳᠦᠷ ᠦᠨᠡᠯᠡᠨ ᠬᠦᠨᠳᠦᠳᠬᠡᠨ ᠰᠤᠳᠤᠯᠵᠤ ᠪᠠᠶᠢᠳᠠᠬ᠂ ᠬᠠᠷᠢᠨ ᠨᠢᠭᠤᠴᠠ ᠲᠤᠪᠴᠢᠶᠠᠨ ᠤ ᠦᠨ᠎ᠡ ᠦᠷᠳᠡᠭ ᠢ ᠬᠡᠷᠬᠢᠨ ᠪᠦᠬᠦ ᠠᠷᠠᠳ ᠲᠠᠭᠠᠨ ᠲᠠᠨᠢᠭᠤᠯᠤᠨ ᠮᠡᠳᠡᠬᠦᠯᠬᠦ ᠪᠤᠢ ᠬᠡᠳᠡᠭ ᠠᠰᠠᠭᠤᠳᠠᠯ ᠪᠢᠳᠡᠨ ᠤ ᠡᠮᠦᠨ᠎ᠠ ᠲᠤᠯᠭᠠᠷᠠᠵᠤ ᠪᠠᠶᠢᠨ᠎ᠠ᠃ ᠤᠳᠤ ︿ᠮᠤᠩᠭᠤᠯ ᠤᠨ ᠨᠢᠭᠤᠴᠠ ᠲᠤᠪᠴᠢᠶᠠᠨ﹀ ᠢ ᠶᠠᠰᠤ ᠴᠢᠯᠠᠭᠤ ᠮᠤᠳᠤᠨ ᠲᠡᠭᠡᠷ᠎ᠡ ᠰᠡᠶᠢᠯᠦᠨ ᠦᠯᠡᠳᠡᠬᠡᠬᠦ᠂ ᠤᠷᠠᠯᠠᠨ ᠬᠠᠳᠬᠤᠮᠠᠯᠯᠠᠬᠤ ᠵᠡᠷᠬᠡ ᠶᠢᠨ ᠤᠯᠠᠨ ᠵᠦᠢᠯ ᠤᠨ ᠬᠡᠯᠪᠡᠷᠢ ᠲᠦᠷᠰᠦ ᠪᠠᠷ ᠢᠯᠡᠷᠡᠬᠦᠯᠬᠦ ᠨᠢ ᠨᠢᠬᠡᠨ ᠵᠦᠢᠯ ᠤᠨ ᠬᠡᠯᠪᠡᠷᠢᠯ ᠪᠤᠯᠤᠭᠠᠳ ᠪᠠᠶᠢᠨ᠎ᠠ᠂ ᠬᠤᠵᠢᠮ ᠪᠠᠰᠠ ᠨᠡᠩ ᠤᠯᠠᠨ ᠵᠦᠢᠯ ᠤᠨ ᠬᠡᠯᠪᠡᠷᠢ ᠪᠠᠷ ᠢᠯᠡᠷᠡᠬᠦ ᠬᠠᠨᠳᠤᠰᠢ ᠲᠠᠢ᠃ ᠡᠶᠢᠮᠦᠷᠬᠦ ᠤᠯᠠᠨ ᠵᠦᠢᠯ ᠤᠨ ᠠᠷᠭ᠎ᠠ ᠪᠠᠷᠢᠯ ᠢᠶᠠᠷ ᠰᠡᠶᠢᠷᠡᠬᠦᠯᠦᠨ ᠲᠤᠳᠤᠷᠠᠭᠤᠯᠬᠤ᠂ ᠰᠡᠶᠢᠯᠦᠨ ᠦᠯᠡᠳᠡᠭᠡᠬᠦ ᠶᠢ ᠪᠢᠳᠡ ᠭᠠᠳᠠᠭᠤᠷᠴᠢᠯᠠᠬᠤ ᠦᠬᠡᠢ᠃ ᠤᠯᠠᠨ ᠵᠦᠢᠯ ᠤᠨ ᠬᠡᠯᠪᠡᠷᠢ ᠲᠦᠷᠰᠦ ᠪᠠᠷ ᠢᠯᠡᠷᠡᠬᠦᠯᠬᠦ ᠨᠢ ᠮᠦᠨᠴᠦ ᠬᠢᠪᠡᠰᠦ ᠵᠤᠬᠢᠬᠤ ᠵᠦᠢᠯ ᠪᠤᠯᠤᠨ᠎ᠠ᠃ ᠪᠢᠳᠡ ᠪᠠᠰᠠ ᠦᠰᠪᠦᠷᠢ ᠶᠢᠨ ᠪᠠᠭᠠᠴᠤᠳ ᠲᠠᠭᠠᠨ ᠵᠤᠷᠢᠭᠤᠯᠤᠨ ᠺᠠᠷᠲ᠋ᠤᠨ ᠺᠢᠨᠣ᠋ ᠦᠢᠯᠡᠳᠬᠦ᠂ ᠲᠠᠶᠢᠰᠠᠨ ᠤ ᠤᠷᠠᠯᠢᠬ ᠢᠶᠠᠷ ᠢᠯᠡᠷᠡᠬᠦᠯᠬᠦ᠂ ᠬᠡᠦᠬᠡᠳ ᠤᠨ ᠤᠩᠰᠢᠬᠤ ᠨᠤᠮ ᠵᠡᠷᠬᠡ ᠶᠢ ᠴᠦᠮ ᠭᠠᠷᠭᠠᠵᠤ ᠪᠤᠯᠤᠨ᠎ᠠ᠃ ᠶᠠᠷᠢᠶᠠᠨ ᠦᠬᠡᠢ᠂ ᠨᠢᠭᠤᠴᠠ ᠲᠤᠪᠴᠢᠶᠠᠨ ᠬᠡᠳᠦᠢ ᠤᠯᠠᠨ ᠵᠦᠢᠯ ᠤᠨ ᠬᠡᠯᠪᠡᠷᠢ ᠲᠦᠷᠰᠦ ᠪᠠᠷ ᠢᠯᠡᠷᠡᠵᠦ ᠪᠠᠶᠢᠪᠠᠯ ᠮᠤᠩᠭᠤᠯ ᠤᠨ ᠨᠢᠭᠤᠴᠠ ᠲᠤᠪᠴᠢᠶᠠᠨ ᠢ ᠲᠦᠬᠡᠬᠡᠨ ᠲᠡᠯᠬᠡᠷᠡᠬᠦᠯᠬᠦ ᠳᠤ ᠪᠤᠳᠠᠳᠤ ᠠᠴᠢ ᠬᠤᠯᠪᠤᠬᠳᠠᠯ ᠲᠠᠢ᠃ ᠭᠡᠬᠦ ᠳᠡᠭᠡᠨ ᠴᠢᠩᠬᠢᠰ ᠬᠠᠭᠠᠨ ᠤ ᠬᠦᠯᠦᠭ ᠤᠨ ᠲᠤᠭᠤᠷᠠᠢ ᠪᠠᠷ ᠲᠡᠯᠡᠬᠡᠢ ᠳ᠋ᠠᠬᠢᠨ ᠢ ᠲᠦᠪᠰᠢᠳᠭᠡᠭᠰᠡᠨ ᠦᠯᠢᠬᠡᠷ ᠦᠢᠯᠡ ᠶᠠᠪᠤᠳᠠᠯ ᠢ ᠯᠡ ᠤᠩᠰᠢᠨ ᠪᠠᠭ᠋ᠠᠷᠬᠠᠬᠤ ᠪᠢᠰᠢ᠂ ᠬᠠᠷᠢᠨ ᠲᠤᠬᠠᠢ ᠶᠢᠨ ᠦᠶ᠎ᠠ ᠶᠢᠨ ᠮᠤᠩᠭᠤᠯᠴᠤᠳ ᠤᠨ ᠦᠢᠯᠡᠰ ᠪᠦᠳᠦᠬᠡᠨ ᠤᠯᠤᠰ ᠪᠠᠶᠢᠭᠤᠯᠬᠤ ᠶᠢᠨ ᠲᠦᠯᠦᠬᠡ ᠲᠡᠰᠪᠦᠷᠢ ᠬᠠᠳᠠᠭᠤᠵᠢᠯᠳᠠᠢ ᠲᠡᠮᠡᠴᠡᠭᠰᠡᠨ ᠵᠤᠷᠢᠬ ᠰᠠᠨᠠᠭ᠎ᠠ ᠶᠢ ᠰᠤᠷᠤᠯᠴᠠᠪᠠᠯ ᠲᠠᠭᠠᠷᠠᠨ᠎ᠠ︾ ᠬᠡᠵᠦ ᠶᠠᠷᠢᠨ᠎ᠠ᠃ ᠨᠢᠭᠤᠴᠠ ᠲᠤᠪᠴᠢᠶᠠᠨ ᠦᠵᠡᠬᠦ ᠬᠡᠵᠦ ᠲᠡᠮᠡᠦᠯᠡᠭᠰᠡᠨ ᠬᠦᠮᠦᠰ ᠤᠪᠤᠨ ᠴᠤᠪᠤᠨ ᠤᠷᠤᠵᠤ ᠢᠷᠡᠵᠡᠬᠡᠨ᠎ᠡ᠃ ᠰᠠᠷ᠎ᠠ ᠶᠢᠨ ᠡᠮᠦᠨ᠎ᠠ ᠠᠴᠠ ᠦᠵᠡᠰᠬᠦᠯᠡᠩ ᠡᠷᠬᠢᠯᠡᠬᠦ ᠬᠡᠵᠦ ᠮᠤᠩᠭᠠᠨᠢᠬᠰᠠᠨ ᠠᠯᠳᠠᠨ ᠬᠦᠷᠳᠦ ᠺᠤᠮᠫᠠᠨᠢ ᠶᠢᠨ ᠵᠠᠬᠢᠷᠤᠯ ᠪᠠᠶᠠᠭᠤᠳ · ᠬᠠᠰᠪᠢᠯᠢᠭ᠌᠄ ︽ᠪᠢᠳᠡ ︿ᠮᠤᠩᠭᠤᠯ ᠤᠨ ᠨᠢᠭᠤᠴᠠ ᠲᠤᠪᠴᠢᠶᠠᠨ﹀ ᠢ ᠮᠤᠳᠤᠨ ᠲᠡᠭᠡᠷ᠎ᠡ ᠰᠡᠶᠢᠯᠵᠦ ᠲᠠᠭᠤᠰᠬᠠᠬᠰᠠᠨ ᠬᠡᠵᠦ ᠲᠤᠭᠤᠯᠤᠭᠠᠳ ᠦᠵᠡᠰᠬᠦᠯᠡᠩ ᠡᠷᠬᠢᠯᠡᠬᠦ ᠬᠡᠵᠦ ᠰᠠᠷ᠎ᠠ ᠶᠢᠨ ᠡᠮᠦᠨ᠎ᠠ ᠠᠴᠠ ᠪᠡᠯᠡᠳᠭᠡᠭᠰᠡᠨ᠃ ᠬᠡᠬᠦ ᠳᠡᠭᠡᠨ ᠦᠵᠡᠰᠬᠦᠯᠡᠩ ᠢ ᠡᠷᠬᠢᠯᠡᠬᠦ ᠳᠡᠭᠡᠨ ᠭᠤᠤᠯᠳᠠᠭᠤ ᠨᠡᠶᠢᠬᠡᠮ ᠨᠡᠶᠢᠳᠡ ᠶᠢᠨ ᠲᠡᠮᠵᠢᠯᠬᠡ ᠳᠤ ᠲᠦᠰᠢᠭᠯᠡᠬᠦ ᠶᠢ ᠵᠤᠷᠢᠭᠠᠳ᠂ ᠤᠷᠠᠨ ᠵᠠᠶᠠᠭ᠎ᠠ ᠺᠤᠮᠫᠠᠨᠢ ᠪᠤᠯᠤᠨ ᠭᠤᠯᠤᠮᠳᠠ ᠺᠤᠮᠫᠠᠨᠢ ᠶᠢᠨ ᠬᠦᠴᠤᠳᠠᠢ ᠲᠠᠮᠵᠢᠯᠭᠡ ᠶᠢ ᠤᠯᠤᠬᠰᠠᠨ᠃ ᠶᠡᠷᠦᠨᠢ ᠰᠤᠶᠤᠯ ᠤᠨ ᠠᠵᠢᠯᠯᠠᠭ᠎ᠠ ᠭᠡᠳᠡᠭ ᠨᠢ ᠭᠠᠭᠴᠠ ᠬᠤᠶᠠᠷ ᠭᠦᠮᠤᠨ ᠳᠤ ᠲᠦᠰᠢᠭᠡᠳ ᠪᠦᠳᠦᠬᠦ ᠠᠵᠢᠯ ᠪᠢᠰᠢ᠃ ᠬᠠᠷᠢᠨ ᠲᠤᠬᠠᠢ ᠶᠢᠨ ᠰᠤᠶᠤᠯ ᠤᠨ ᠬᠢᠷᠢ ᠵᠡᠷᠬᠡ ᠤᠯᠠᠨ ᠲᠦᠮᠡᠨᠴᠢ ᠰᠠᠭᠤᠷᠢ ᠲᠠᠢ ᠡᠰᠡᠬᠦ ᠪᠠᠷ ᠰᠢᠢᠳᠪᠦᠷᠢᠯᠡᠭᠳᠡᠨ᠎ᠡ︾ ᠬᠡᠨ᠎ᠠ᠃ ᠦᠵᠡᠰᠬᠦᠯᠡᠩ ᠲᠠᠭᠤᠰᠤᠬᠰᠠᠨ ᠤ ᠲᠠᠷᠠᠭ᠎ᠠ ᠪᠠᠷ᠂ ᠲᠦᠩᠯᠢᠶᠤᠤ ᠬᠤᠳᠠ ᠶᠢᠨ ᠨᠢᠬᠡᠨ ᠬᠦᠮᠦᠨ 1927 ᠤᠨ ᠳᠤ ᠬᠡᠪᠯᠡᠭᠳᠡᠭᠰᠡᠨ ᠠᠩᠬᠡᠯᠢ ᠬᠡᠯᠡᠨ ᠤ ᠪᠠᠷ ᠤᠨ ︽ᠮᠤᠩᠭᠤᠯ ᠤᠨ ᠨᠢᠭᠤᠴᠠ ᠲᠤᠪᠴᠢᠶᠠᠨ︾ ᠢ ᠴᠤᠬᠳᠤᠨᠠᠷᠠᠨ ᠳᠤ ᠬᠦᠷᠬᠡᠵᠦ ᠢᠷᠡᠭᠰᠡᠨ ᠬᠡᠬᠦ ᠰᠤᠷᠠᠬ ᠭᠠᠷᠴᠤ ᠪᠠᠶᠢᠨ᠎ᠠ᠃ ᠨᠡᠭᠡᠷᠡᠨ ᠨᠠᠢᠮᠠᠨ ᠵᠠᠭᠤᠨ ᠤ ᠲᠡᠷᠳᠡᠭᠡ ᠵᠤᠬᠢᠶᠠᠬᠳᠠᠬᠰᠠᠨ᠂ ᠮᠤᠩᠭᠤᠯ ᠲᠦᠮᠡᠨ ᠤ ᠪᠠᠭ᠋ᠠᠷᠬᠠᠯ ᠪᠤᠯᠤᠬᠰᠠᠨ ︽ᠮᠤᠩᠭᠤᠯ ᠤᠨ ᠨᠢᠭᠤᠴᠠ ᠲᠤᠪᠴᠢᠶᠠᠨ︾ ᠮᠠᠨᠢ ᠤᠬᠠᠭᠠᠨᠳᠤ ᠠᠷᠠᠳ ᠲᠦᠮᠡᠨ ᠤ ᠪᠠᠨ ᠬᠦᠴᠦᠨ ᠳᠤ ᠦᠨᠢ ᠡᠬᠦᠷᠢᠳᠡ ᠬᠡᠷᠡᠯ ᠬᠢᠯᠪᠠᠭ᠎ᠠ ᠪᠠᠨ ᠰᠠᠴᠤᠷᠠᠭᠤᠯᠤᠨ᠂ ᠲᠤᠮᠳᠠᠳᠤ ᠶᠢᠨ ᠬᠦᠰᠡᠯ ᠵᠡᠬᠦᠳᠦ ᠪᠠᠨ ᠲᠡᠷᠭᠡᠯᠰᠢᠬᠦᠯᠬᠦ᠂ ᠦᠨᠳᠦᠰᠦᠳᠡᠨ ᠤ ᠰᠤᠶᠤᠯ ᠤᠨ ᠬᠦᠴᠦᠷᠭᠡᠭ ᠤᠷᠤᠨ ᠤ ᠪᠠᠶᠢᠭᠤᠯᠤᠯᠳᠠ ᠳᠤ ᠨᠡᠮᠡᠷᠢ ᠤᠷᠤᠭᠤᠯᠬᠤ ᠪᠠᠶᠢᠬᠤ ᠳ᠋ᠠ᠃ ︵ᠦᠪᠦᠷ ᠮᠤᠩᠭᠤᠯ ᠤᠨ ᠡᠳᠦᠷ ᠤᠨ ᠰᠤᠨᠢᠨ ᠤ ᠰᠤᠷᠪᠤᠯᠵᠢᠯᠠᠭᠴᠢ ᠰᠢᠨᠡᠪᠢᠯᠢᠭ᠂ ᠪᠤᠤ ᠰᠠᠷᠠᠭᠤᠯ︶ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号