︽ᠮᠤᠩᠭᠤᠯ︾ ᠢ ᠲᠡᠮᠳᠡᠭᠯᠡᠭᠰᠡᠨ ᠠᠩᠬᠠᠳᠤᠭᠠᠷ ᠴᠢᠯᠠᠭᠤᠨ ᠬᠦᠰᠢᠶ᠎ᠠ ︵ᠬᠤᠶᠠᠷ︶
ᠨᠡᠶᠢᠲᠡᠯᠡᠭᠰᠡᠨ ᠴᠠᠭ᠄
2020/3/6
  ᠰᠢᠶᠤᠤ ᠰᠢᠩ ᠶᠠᠨ ᠪᠤᠯ ᠮᠤᠩᠭᠤᠯ ᠲᠠᠢ ᠤᠷᠳᠦ ᠬᠤᠭᠤᠴᠠᠭ᠎ᠠ ᠲᠠᠶᠢᠨ ᠬᠢᠭᠰᠡᠨ ᠵᠠᠩᠵᠤᠨ ᠪᠤᠯᠤᠨ᠎ᠠ᠃ ᠲᠡᠬᠦᠨ  ᠤ ᠤᠡᠭᠭᠤᠨ ᠤ ᠬᠦᠰᠢᠶ᠎ᠠ ᠳᠤ᠄ ︽ᠮᠤᠩᠭᠤᠯ ᠢ ᠪᠠᠶᠢᠯᠳᠤᠨ ᠢᠯᠡᠬᠤ ᠦᠬᠡᠢ ᠪᠤᠯᠬᠤᠶ᠎ᠠ ᠬᠦᠡᠭ ᠪᠠᠷ ᠶᠢᠰᠤᠨᠲᠠ ᠲᠠᠶᠢᠯᠠᠷ᠎ᠠ ᠮᠤᠷᠳᠠᠵᠦ᠂ ᠲᠠᠪᠤ ᠤᠳᠠᠭ᠎ᠠ ᠨᠢ ᠪᠡᠶ᠎ᠠ ᠪᠠᠷ ᠴᠡᠷᠢᠭ ᠲᠠᠶᠢᠴᠢᠯᠠᠭᠰᠡᠨ ᠪᠦᠯᠦᠬᠡ᠃ ᠵᠢᠳᠠ ᠶᠢᠨ ᠵᠢᠭᠠᠭᠰᠡᠨ ᠵᠦᠭ ᠲᠤ ᠦᠯᠦ ᠲᠠᠭᠠᠭᠰᠡᠳ ᠦᠬᠡᠢ ᠪᠦᠯᠦᠬᠡ᠃ ᠡᠶᠢᠨᠬᠦ ᠬᠢᠯᠢ ᠶᠢ ᠲᠤᠳᠤᠨ᠎ᠠ ᠭᠠᠳᠠᠨ᠎ᠠ ᠪᠠᠭᠠᠳᠦᠷ ᠨᠡᠷ᠎ᠡ ᠨᠢ ᠠᠯᠳᠠᠷᠰᠢᠵᠤᠬᠤᠢ᠃ ᠲᠡᠬᠦᠨ ᠤ ᠴᠢᠮᠡᠭᠡ ᠶᠢ ᠰᠤᠨᠤᠰᠣᠮᠠᠭᠴᠠ ᠨᠢᠯᠬᠠᠰ ᠬᠦᠷᠲᠠᠯ᠎ᠠ ᠠᠮᠢᠰᠬᠤᠯ ᠢᠶᠠᠨ ᠲᠤᠤᠷ᠎ᠠ ᠪᠤᠯᠭᠠᠵᠦ᠂ ᠲᠡᠯᠳᠡᠷᠬᠢᠯᠡᠨ ᠠᠯᠬᠤᠵᠦ ᠤᠬᠢᠯᠠᠬᠤ ᠪᠠᠨ ᠵᠤᠭᠰᠤᠬᠤ ᠪᠤᠯᠵᠤᠬᠤᠢ᠃ ᠲᠤᠮᠤ ᠲᠦᠷᠦᠬᠦᠦ ᠶᠡᠭᠡ ᠦᠰᠢᠶᠡᠲᠡᠨ ᠬᠡᠷᠬᠢᠨ ᠬᠠᠯᠳᠠᠵᠦ ᠴᠢᠳᠠᠮᠤᠢ︕︾ ᠬᠡᠵᠦ ᠲᠡᠮᠳᠡᠭᠯᠡᠵᠦ ᠪᠤᠢ᠃   ᠲᠠᠩ ᠤᠯᠤᠰ ᠤᠨ ᠬᠢᠨ ᠮᠤᠩᠭᠤᠯ ᠢ ᠲᠠᠲ᠋ᠠᠷ ᠬᠡᠳᠡᠭ᠃ ᠡᠶᠢᠮᠦ ᠠᠴᠠ ᠲᠠᠩ ᠤᠯᠤᠰ ᠤᠨ ᠦᠶ᠎ᠠ ᠳᠤ ᠭᠤᠪᠢ  ᠶᠢᠨ ᠠᠷᠦ ᠳᠤ ᠪᠤᠰᠬᠠᠭᠰᠡᠨ ︽ᠲᠦᠷᠺ ᠦᠰᠦᠭ ᠤᠨ ᠬᠦᠰᠢᠶ᠎ᠠ︾ ᠳᠤ ᠮᠤᠩᠭᠤᠯ ᠢ ︽ᠲᠠᠲ᠋ᠠᠷ︾ ᠬᠡᠮᠡᠨ ᠲᠡᠮᠳᠡᠭᠯᠡᠵᠦ ᠬᠠᠷᠢᠨ ︽ᠮᠤᠩᠭᠤᠯ︾ ᠬᠡᠮᠡᠨ ᠲᠡᠮᠳᠡᠭᠯᠡᠭᠰᠡᠨ ᠦᠬᠡᠢ ᠪᠢᠯᠡ᠃ ᠯᠢᠶᠤᠤ ᠤᠯᠤᠰ ᠪᠤᠯᠤᠨ ᠠᠯᠲᠠᠨ ᠤᠯᠤᠰ ᠤᠨ ᠬᠢᠨ ᠮᠤᠩᠭᠤᠯ ᠢ ︽ᠽᠦᠪᠦ︾ ᠬᠡᠳᠡᠭ᠃ ᠡᠶᠢᠮᠤ ᠠᠴᠠ ᠯᠢᠶᠤᠤ ᠤᠯᠤᠰ ᠤᠨ ᠬᠦᠰᠢᠶ᠎ᠠ ᠶᠢᠨ ᠤᠯᠠᠩᠬᠢ ᠬᠦᠰᠢᠶ᠎ᠠ ᠳᠤ ᠮᠤᠩᠭᠤᠯ ᠢ ︽ᠽᠦᠪᠦ︾ ᠬᠡᠮᠡᠨ᠂ ᠵᠠᠷᠢᠮ ᠬᠦᠰᠢᠶ᠎ᠠ ᠳᠤ ︽ᠲᠠᠲ᠋ᠠᠷ︾ ᠬᠡᠮᠡᠨ ᠲᠡᠮᠳᠡᠭᠯᠡᠵᠦ ᠪᠠᠶᠢᠳᠠᠭ᠃ ᠬᠠᠷᠢᠨ ᠰᠢᠶᠤᠤ ᠰᠢᠩ ᠶᠠᠨ ᠤ ᠤᠡᠭᠭᠤᠨ ᠤ ᠬᠦᠰᠢᠶ᠎ᠠ ᠳᠤ ︽ᠮᠤᠩᠭᠤᠯ︾ ᠢ ᠲᠡᠮᠳᠡᠭᠯᠡᠵᠦ ᠪᠠᠶᠢᠳᠠᠭ ᠲᠤᠯᠠ ︽ᠮᠤᠩᠭᠤᠯ︾ ᠢ ᠲᠡᠮᠳᠡᠭᠯᠡᠭᠰᠡᠨ ᠠᠩᠬᠠᠳᠤᠭᠠᠷ ᠴᠢᠯᠠᠭᠤᠨ ᠬᠦᠰᠢᠶ᠎ᠠ ᠪᠠᠶᠢᠵᠦ᠂ ᠮᠤᠩᠭᠤᠯ ᠤᠨ ᠰᠤᠳᠤᠯᠭᠠᠨ ᠤ ᠦᠨ᠎ᠡ ᠦᠷᠲᠡᠭ ᠢᠶᠠᠷ ᠮᠠᠰᠢ ᠦᠨᠳᠦᠷ ᠬᠦᠰᠢᠶ᠎ᠠ ᠪᠤᠯᠤᠭᠰᠡᠨ ᠪᠠᠶᠢᠨ᠎ᠠ᠃   ︽ᠯᠢᠶᠤᠤ ᠤᠯᠤᠰ ᠤᠨ ᠲᠡᠤᠬᠡ︾ ᠳᠤ᠄ ︽ᠳ᠋ᠠ ᠺᠠᠨᠭ᠌ ᠤᠨ ᠠᠷᠪᠠᠳᠤᠭᠠᠷ ᠤᠨ ︵1084 ᠤᠨ︶ ᠤ ᠬᠤᠶᠠᠷ ᠰᠠᠷ᠎ᠠ ᠶᠢᠨ ᠰᠢᠨ᠎ᠡ ᠶᠢᠨ ᠨᠢᠬᠡᠨ ᠤ ᠴᠠᠭᠠᠨ ᠮᠤᠷᠢᠨ ᠡᠳᠦᠷ ᠮᠤᠩᠭᠤᠯ ᠤᠯᠤᠰ ᠤᠨ ᠡᠯᠴᠢᠨ ᠮᠠᠨ ᠤ ᠲᠦᠷᠦ ᠳᠤᠷ ᠢᠷᠡᠯᠤᠬᠡ︾ ᠬᠡᠵᠠᠢ᠃ ᠡᠨᠡ ᠪᠤᠯ ᠰᠢᠶᠤᠤ ᠰᠢᠩ ᠶᠠᠨ ᠤ ᠨᠠᠰᠦ ᠪᠠᠷᠠᠬᠤ ᠠᠴᠠ ᠭᠤᠷᠪᠠᠨ ᠵᠢᠯ ᠤᠨ ᠡᠮᠤᠨᠡᠬᠢ ᠤᠴᠢᠷ ᠪᠤᠯᠤᠨ᠎ᠠ᠃ ᠰᠢᠶᠤᠤ ᠰᠢᠩ ᠶᠠᠨ ᠤ ᠤᠡᠭᠭᠤᠨ ᠤ ᠬᠦᠰᠢᠶ᠎ᠠ ᠳᠤ ᠮᠤᠩᠭᠤᠯ ᠪᠤᠯᠤᠨ ᠯᠢᠶᠤᠤ ᠬᠤᠶᠠᠷ ᠤᠯᠤᠰ ᠤᠨ ᠨᠦᠬᠦᠷᠰᠡᠭ ᠬᠠᠷᠢᠴᠠᠭ᠎ᠠ ᠪᠠᠶᠢᠭᠤᠯᠤᠭᠰᠡᠨ ᠢ ᠰᠢᠶᠤᠤ ᠰᠢᠩ ᠶᠠᠨ ᠭᠤᠴᠢᠨ ᠲᠦᠮᠡᠨ ᠶᠡᠭᠡ ᠴᠡᠷᠢᠭ ᠲᠠᠭᠠᠭᠤᠯᠵᠦ ᠮᠤᠩᠭᠤᠯ ᠲᠠᠢ ᠶᠠᠰᠦ ᠤᠳᠠᠭ᠎ᠠ ᠲᠠᠶᠢᠨ ᠬᠢᠭᠰᠡᠨ ᠤ ᠦᠷ᠎ᠡ ᠳ᠋ᠦᠡᠭ ᠪᠤᠯᠭᠠᠨ ᠲᠡᠮᠳᠡᠭᠯᠡᠵᠠᠢ᠃ ᠲᠡᠬᠡᠬᠦ ᠳᠡᠭᠡᠨ ︽ᠲᠤᠮᠦ ᠲᠦᠷᠦᠬᠦᠦ ᠶᠡᠭᠡ ᠦᠰᠢᠶᠡᠲᠡᠨ ᠬᠡᠷᠬᠢᠨ ᠬᠠᠯᠳᠠᠵᠦ ᠴᠢᠳᠠᠬᠤ ᠠᠵᠠᠢ︾ ᠬᠡᠰᠡᠨ ᠨᠢᠬᠡ ᠦᠬᠦᠯᠡᠪᠦᠷᠢ ᠪᠠᠷ ᠢᠯᠡᠳᠬᠡᠵᠠᠢ᠃ ᠰᠢᠶᠤᠤ ᠰᠢᠩ ᠶᠠᠨ ᠤ ᠮᠤᠩᠭᠤᠯ ᠲᠠᠢ ᠬᠠᠮᠤᠭ ᠲᠦᠷᠦᠬᠦᠦ ᠲᠠᠶᠢᠨ ᠬᠢᠬᠦ ᠦᠶ᠎ᠠ ᠶᠢᠨ ᠲᠤᠰᠢᠶᠠᠯ ᠨᠢ ︽ᠭᠤᠴᠢᠨ ᠲᠦᠮᠡᠨ ᠴᠡᠷᠢᠭ ᠤᠨ ᠪᠦᠬᠦᠳᠡ ᠶᠢ ᠵᠠᠬᠢᠷᠤᠭᠴᠢ︾ ᠪᠤᠯᠤᠨ᠎ᠠ᠃ ᠡᠬᠦᠨ ᠢ ᠦᠨᠳᠦᠰᠦᠯᠡᠨ ᠲᠡᠬᠦᠨ ᠢ ᠭᠤᠴᠢᠨ ᠲᠦᠮᠡᠨ ᠴᠡᠷᠢᠭ ᠲᠠᠭᠠᠭᠤᠯᠤᠯ᠎ᠠ ᠬᠡᠮᠡᠨ ᠬᠡᠯᠡᠭᠰᠡᠨ ᠪᠠᠶᠢᠨ᠎ᠠ᠃   ︽ᠮᠤᠩᠭᠤᠯ ᠤᠨ ᠨᠢᠭᠤᠴᠠ ᠲᠤᠪᠴᠢᠶᠠᠨ︾ ᠳᠤ ᠴᠢᠩᠬᠢᠰ ᠬᠠᠭᠠᠨ ᠤ ᠠᠪᠤ ᠶᠢᠰᠤᠬᠡᠢ᠂ ᠡᠪᠦᠭᠡ ᠠᠪᠤ ᠪᠠᠷᠲᠠᠨᠪᠠᠭᠠᠳᠤᠷ᠂ ᠡᠯᠤᠨᠴᠡ ᠠᠪᠤ ᠬᠠᠪᠤᠯ ᠬᠠᠭᠠᠨ ᠤ ᠨᠡᠷ᠎ᠡ ᠶᠢ ᠲᠡᠮᠳᠡᠭᠯᠡᠵᠦ᠂ ︽ᠬᠠᠮᠤᠭ ᠮᠤᠩᠭᠤᠯ ᠢ ᠬᠠᠪᠤᠯ ᠬᠠᠭᠠᠨ ᠵᠠᠬᠢᠷᠴᠦ ᠪᠠᠶᠢᠯ᠎ᠠ︾ ᠬᠡᠵᠠᠢ᠃ ᠲᠡᠤᠬᠡ ᠰᠤᠷᠪᠤᠯᠵᠢᠰ ᠲᠤ ᠬᠠᠪᠤᠯ ᠬᠠᠭᠠᠨ ᠤ ᠨᠠᠰᠦ ᠵᠢᠯ ᠢ ᠲᠡᠮᠳᠡᠭᠯᠡᠭᠰᠡᠨ ᠦᠬᠡᠢ᠂ ᠶᠡᠭᠡ ᠲᠦᠯᠦᠪ ᠰᠢᠶᠤᠤ ᠰᠢᠩ ᠶᠠᠨ ᠤ ᠦᠶ᠎ᠡ ᠶᠢᠨ ᠬᠦᠮᠦᠨ ᠪᠤᠯᠤᠨ᠎ᠠ᠃ ᠰᠢᠶᠤᠤ ᠰᠢᠩ ᠶᠠᠨ ᠤ ᠤᠡᠭᠭᠤᠨ  ᠤ ᠬᠦᠰᠢᠶ᠎ᠠ ᠠᠴᠠ ᠬᠠᠪᠤᠯ ᠬᠠᠭᠠᠨ ᠤ ᠦᠶ᠎ᠡ ᠶᠢᠨ ᠮᠤᠩᠭᠤᠯ ᠤᠯᠤᠰ ᠨᠡᠯᠢᠶᠡᠳ ᠬᠦᠴᠦᠷᠬᠡᠭ ᠪᠠᠶᠢᠭᠰᠡᠨ ᠢ ᠤᠯᠵᠦ ᠮᠡᠳᠡᠨ᠎ᠡ᠃ ᠬᠦᠰᠢᠶ᠎ᠠ ᠳᠠᠬᠢ ︽ᠲᠤᠮᠤ ᠲᠦᠷᠦᠬᠦᠦ ᠶᠡᠭᠡ ᠦᠰᠢᠶᠡᠲᠡᠨ︾ ᠪᠤᠯ ᠲᠠᠷᠤᠢ ᠬᠠᠪᠤᠯ ᠬᠠᠭᠠᠨ ᠮᠦᠨ᠃ ᠡᠷᠲᠡᠨ ᠤ ᠦᠶ᠎ᠠ ᠳᠤ ᠮᠤᠩᠭᠤᠯᠴᠤᠳ ᠬᠢᠳᠠᠨ ᠬᠦᠮᠦᠨ ᠢ ︽ᠬᠢᠲᠠᠳ︾ ᠬᠡᠵᠦ ᠬᠡᠯᠡᠳᠡᠭ᠃ ᠲᠠᠷᠠᠭ᠎ᠠ ᠲᠤᠷᠠᠳᠬᠤ ︽ᠬᠢᠲᠠᠳ ᠤᠨ ᠬᠠᠭᠠᠨ︾ ᠪᠤᠯ ᠯᠢᠶᠤᠤ ᠤᠯᠤᠰ ᠤᠨ ᠬᠠᠭᠠᠨ ᠢ ᠵᠢᠭᠠᠵᠦ ᠪᠠᠶᠢᠨ᠎ᠠ᠃   ︽ᠬᠠᠪᠤᠯ ᠬᠠᠭᠠᠨ ᠤ ᠨᠠᠮᠳᠠᠷ︾ ᠢ ᠶᠤᠸᠠᠨ ᠤᠯᠤᠰ ᠤᠨ ᠦᠶ᠎ᠡ ᠳᠤ ᠪᠢᠴᠢᠵᠠᠢ᠃ ᠲᠤᠰ ᠨᠠᠮᠲᠠᠷ ᠲᠤ᠂ ︽ᠬᠢᠲᠠᠳ ᠤᠨ ᠬᠠᠭᠠᠨ︾ ᠮᠤᠩᠭᠤᠯ ᠲᠠᠢ ᠨᠦᠬᠦᠷᠰᠡᠭ ᠬᠠᠷᠢᠴᠠᠭ᠎ᠠ ᠪᠠᠶᠢᠭᠤᠯᠤᠶ᠎ᠠ ᠬᠡᠮᠡᠨ ᠡᠯᠴᠢ ᠲᠤᠮᠢᠯᠠᠨ ᠤᠴᠢᠭᠤᠯᠵᠦ᠂ ᠬᠠᠪᠤᠯ ᠬᠠᠭᠠᠨ ᠢ ᠤᠯᠤᠰ ᠲᠠᠭᠠᠨ ᠵᠠᠯᠠᠵᠠᠢ᠃ ᠬᠠᠪᠤᠯ ᠬᠠᠭᠠᠨ ᠤᠷᠢᠯᠭ᠎ᠠ ᠶᠢ ᠬᠦᠯᠢᠶᠠᠨ ᠠᠪᠤᠭᠠᠳ ᠤᠯᠤᠰ ᠲᠤᠨᠢ ᠤᠴᠢᠵᠦ ᠲᠦᠷᠦ ᠶᠢᠨ ᠲᠠᠶᠢᠯᠠᠯᠭ᠎ᠠ ᠳᠤ ᠤᠷᠤᠯᠴᠠᠭᠠᠳ ᠠᠷᠢᠬᠢᠨ ᠳᠤ ᠶᠡᠭᠡ ᠰᠤᠭᠳᠤᠵᠦ᠂ ︽ᠬᠢᠲᠠᠳ ᠤᠨ ᠬᠠᠭᠠᠨ︾ ᠢ ᠬᠤᠶᠠᠭᠤᠯᠠ ᠪᠠᠨ ᠪᠦᠵᠢᠭᠯᠡᠶ᠎ᠠ ᠬᠡᠮᠡᠨ ᠰᠠᠬᠠᠯ ᠠᠴᠠ ᠨᠢ ᠠᠳᠬᠤᠨ ᠴᠢᠷᠴᠠᠢ᠃ ︽ᠬᠢᠲᠡᠳ ᠤᠨ ᠬᠠᠭᠠᠨ︾ ᠰᠢᠲᠡᠷ ᠴᠡᠷᠢᠭ ᠨᠢ ᠬᠠᠭᠠᠨ ᠢ ᠨᠢ ᠲᠤᠷᠤᠮᠵᠢᠯᠠᠯ᠎ᠠ ᠬᠡᠳ ᠬᠠᠪᠤᠯ ᠬᠠᠭᠠᠨ ᠢ ᠠᠯᠠᠬᠤ ᠬᠡᠰᠡᠨ  ᠳᠤ ︽ᠬᠢᠲᠡᠳ ᠤᠨ ᠬᠠᠭᠠᠨ︾ ᠬᠡᠯᠡᠭᠰᠡᠨ ᠨᠢ᠂ ᠬᠠᠪᠤᠯ ᠬᠠᠭᠠᠨ ᠢ ᠠᠯᠠᠪᠠᠯ ᠲᠡᠬᠦᠨ ᠤ ᠠᠶᠢᠮᠠᠭ ᠤᠭᠰᠠᠭ᠎ᠠ ᠨᠢ ᠮᠠᠨ  ᠠᠴᠠ ᠦᠰᠢᠶ᠎ᠠ ᠠᠪᠬᠤ ᠲᠠᠶᠢᠨ ᠲᠡᠭᠳᠡᠬᠡᠬᠦ ᠪᠤᠯᠤᠨ᠎ᠠ᠂ ᠬᠠᠪᠤᠯ ᠬᠠᠭᠠᠨ ᠢ ᠠᠯᠠᠵᠦ ᠪᠤᠯᠬᠤ ᠦᠬᠡᠢ ᠬᠡᠵᠠᠢ᠃ ᠢᠡᠭᠬᠢᠬᠡᠳ ᠬᠠᠪᠤᠯ ᠬᠠᠭᠠᠨ ᠠᠮᠦᠷ ᠮᠠᠨᠳᠦ ᠪᠠᠷ ᠤᠯᠤᠰ ᠲᠠᠭᠠᠨ ᠪᠤᠴᠠᠵᠦ᠂ ᠡᠪᠡᠳᠴᠢᠨ ᠢᠶᠠᠷ ᠨᠠᠰᠦ ᠪᠠᠷᠠᠭᠰᠡᠨ ᠪᠠᠶᠢᠨ᠎ᠠ ᠬᠡᠵᠦ ᠲᠡᠮᠳᠡᠭᠯᠡᠵᠠᠢ᠃   ᠰᠢᠶᠤᠤ ᠰᠢᠩ ᠶᠠᠨ ᠤ ᠤᠡᠭᠭᠤᠨ ᠬᠦᠰᠢᠶᠠᠨ ᠪᠢᠴᠢᠭ ᠠᠴᠠ ︽ᠬᠠᠪᠤᠯ ᠬᠠᠭᠠᠨ ᠤ ᠨᠠᠮᠲᠠᠷ︾ ᠤᠨ ᠦᠨᠡᠨ ᠲᠡᠤᠬᠡ ᠮᠦᠨ ᠪᠤᠯᠬᠤ ᠶᠢ ᠤᠯᠵᠦ ᠮᠡᠳᠡᠨ᠎ᠡ᠃ ᠬᠠᠪᠤᠯ ᠬᠠᠭᠠᠨ ᠤ ᠲᠠᠷᠠᠭᠠᠬᠢ ᠠᠮᠪᠠᠭᠠᠢ ᠬᠠᠭᠠᠨ ᠪᠤᠯᠤᠨ ᠬᠤᠲᠠᠯᠠ ᠬᠠᠭᠠᠨ ᠢ ᠮᠤᠩᠭᠤᠯ ᠤᠨ ᠭᠤᠷᠪᠠᠨ ᠬᠠᠭᠠᠨ ᠬᠡᠳᠡᠭ᠃ ᠠᠮᠪᠠᠭᠠᠢ ᠬᠠᠭᠠᠨ ᠪᠤᠯᠤᠨ ᠬᠤᠲᠠᠯᠠ ᠬᠠᠭᠠᠨ ᠪᠤᠯ ᠠᠯᠲᠠᠨ ᠤᠯᠤᠰ ᠤᠨ ᠦᠶ᠎ᠠ ᠶᠢᠨ ᠮᠤᠩᠭᠤᠯ ᠬᠠᠭᠠᠨ ᠮᠦᠨ ᠪᠠᠶᠢᠵᠦ ᠲᠠᠭᠠᠷᠠᠨ᠎ᠠ᠃ ᠤᠴᠢᠷ ᠨᠢ ᠠᠮᠪᠠᠭᠠᠢ ᠬᠠᠭᠠᠨ ᠢ ᠲᠠᠲ᠋ᠠᠷ ᠠᠶᠢᠮᠠᠭ ᠬᠦᠮᠦᠨ ᠪᠠᠷᠢᠪᠴᠢᠯᠠᠭᠠᠳ ᠠᠯᠲᠠᠨ ᠤᠯᠤᠰ ᠲᠤ ᠬᠦᠷᠬᠡᠵᠦ ᠠᠯᠠᠭᠤᠯᠤᠭᠰᠡᠨ ᠶᠤᠮ᠃ ᠲᠡᠬᠡᠪᠡᠯ᠂ ᠬᠠᠪᠤᠯ ᠬᠠᠭᠠᠨ ᠤ ᠦᠶ᠎ᠡ ᠶᠢᠨ ᠮᠤᠩᠭᠤᠯ ᠤᠯᠤᠰ ᠲᠤ ᠠᠯᠢ ᠠᠯᠢ ᠠᠶᠢᠮᠠᠭ ᠪᠠᠭᠲᠠᠬᠤ ᠪᠤᠢ︖ ᠵᠤᠬᠢᠶᠠᠭᠴᠢ ᠡᠨᠡ ᠲᠤᠬᠠᠢ ᠰᠤᠳᠤᠯᠭᠠᠨ ᠤ ᠦᠬᠦᠯᠡᠯ ᠢ ᠤᠯᠵᠦ ᠣᠡᠭᠰᠢᠠᠠᠰᠡᠨ ᠦᠬᠡᠢ᠃ ᠵᠦᠪᠬᠡᠨ ᠬᠤᠪᠢ ᠬᠦᠮᠦᠨ ᠤ ᠦᠵᠡᠯᠲᠠ ᠪᠠᠨ ᠲᠤᠷᠠᠳᠬᠤ ᠪᠤᠯᠤᠨ᠎ᠠ᠃   ︽ᠲᠡᠤᠬᠡᠰ ᠤᠨ ᠴᠢᠭᠤᠯᠭᠠᠨ︾ ᠪᠤᠯ ᠶᠤᠸᠠᠨ ᠤᠯᠤᠰ ᠤᠨ ᠦᠶ᠎ᠡ ᠳᠤ ᠪᠢᠴᠢᠭᠰᠡᠨ ᠮᠤᠩᠭᠤᠯ ᠤᠨ ᠲᠡᠤᠬᠡ ᠪᠤᠯᠤᠨ᠎ᠠ᠃   ᠲᠤᠰ ᠪᠢᠴᠢᠭ ᠲᠤ ᠴᠢᠩᠬᠢᠰ ᠬᠠᠭᠠᠨ ᠠᠴᠠ ᠡᠮᠤᠨᠡᠬᠢ ᠮᠤᠩᠭᠤᠯ ᠦᠨᠳᠦᠰᠦᠲᠡᠨ ᠢ ᠲᠦᠷᠪᠡᠨ ᠠᠶᠢᠮᠠᠭ ᠤᠨ ᠪᠦᠯᠦᠭᠯᠡᠯ ᠬᠤᠪᠢᠶᠠᠵᠦ᠂ ᠲᠤᠰ ᠲᠤᠰ ᠨᠠᠮᠲᠠᠷ ᠪᠢᠴᠢᠨ ᠦᠭᠴᠠᠢ᠃ ᠲᠦᠷᠪᠡᠨ ᠠᠶᠢᠮᠠᠭ ᠤᠨ ᠪᠦᠯᠦᠭᠯᠡᠯ ᠲᠤᠳᠤᠷᠠᠬᠢ ᠨᠢᠬᠡ ᠶᠢ ︽ᠡᠷᠲᠠ ᠢᠵᠠᠭᠤᠷ ᠠᠴᠠ ᠠᠪᠤᠭᠠᠨᠳ ᠮᠤᠩᠭᠤᠯ ᠬᠡᠮᠡᠬᠦ ᠠᠶᠢᠮᠠᠭ ᠤᠨ ᠪᠦᠯᠦᠭᠯᠡᠯ︾ ᠬᠡᠮᠡᠨ ᠨᠡᠷᠡᠶᠢᠳᠦᠭᠰᠡᠨ ᠪᠠᠶᠢᠨ᠎ᠠ᠃ ᠲᠤᠰ ᠪᠦᠯᠦᠭᠯᠡᠯ ᠳᠤ ᠬᠤᠷᠢᠨ ᠲᠦᠷᠪᠡᠨ ᠠᠶᠢᠮᠠᠭ ᠪᠠᠭᠲᠠᠵᠦ᠂ ᠵᠠᠷᠢᠮ ᠠᠶᠢᠮᠠᠭ ᠨᠢ ᠬᠡᠳᠦᠨ ᠪᠠᠭ᠎ᠠ ᠠᠶᠢᠮᠠᠭ ᠢ ᠪᠠᠭᠲᠠᠭᠠᠨ᠎ᠠ᠃ ᠲᠦᠷᠪᠡᠳ ᠠᠶᠢᠮᠠᠭ ᠪᠤᠯ ᠪᠠᠭᠠᠷᠢᠨ ᠠᠶᠢᠮᠠᠭ ᠤᠨ ᠰᠠᠯᠪᠦᠷᠢ᠂ ᠭᠤᠷᠯᠤᠰ ᠠᠶᠢᠮᠠᠭ ᠪᠤᠯ ᠬᠤᠨᠭ᠍ᠬᠢᠷᠠᠳ ᠠᠶᠢᠮᠠᠭ ᠤᠨ ᠰᠠᠯᠪᠦᠷᠢ ᠪᠤᠯᠤᠨ᠎ᠠ᠃ ᠡᠯ᠎ᠠ ᠠᠶᠢᠮᠠᠭ ᠲᠤ ᠲᠤᠰ ᠲᠤᠰ ᠶᠢᠨ ᠬᠤᠨᠪᠢᠶᠠᠨ ᠤᠯᠤᠭᠰᠡᠨ ᠨᠤᠳᠤᠭ ᠪᠡᠯᠴᠢᠬᠡᠷ ᠲᠠᠢ᠃ ᠪᠠᠭᠠᠷᠢᠨ ᠠᠶᠢᠮᠠᠭ ᠪᠤᠯ ᠪᠤᠳᠤᠨᠴᠢᠷ ᠮᠤᠩᠬᠠᠭ ᠤᠨ ᠬᠦᠪᠡᠬᠦᠨ ᠪᠠᠭᠠᠷᠢᠲᠠᠢ ᠶᠢᠨ ᠬᠠᠷᠢᠶᠠᠳᠦ ᠠᠶᠢᠮᠠᠭ ᠮᠦᠨ᠂ ᠲᠦᠷᠪᠡᠳ ᠠᠶᠢᠮᠠᠭ ᠪᠤᠯ ᠪᠤᠳᠤᠨᠴᠢᠷ ᠮᠤᠩᠬᠠᠭ ᠤᠨ ᠦᠶᠡᠯᠢᠳ ᠠᠬ᠎ᠠ ᠲᠡᠬᠦᠦ ᠲᠦᠷᠪᠡᠨ ᠬᠦᠮᠦᠨ ᠤ ᠬᠠᠷᠢᠶᠠᠳᠦ ᠠᠶᠢᠮᠠᠭ ᠪᠤᠯᠤᠨ᠎ᠠ᠃ ᠪᠠᠭᠠᠷᠢᠨ ᠪᠤᠯᠤᠨ ᠲᠦᠷᠪᠡᠳ ᠬᠤᠶᠠᠷ ᠠᠶᠢᠮᠠᠭ ᠵᠡᠷᠬᠡᠴᠡᠨ ᠮᠠᠯᠵᠢᠵᠦ᠂ ᠨᠤᠳᠤᠭ ᠪᠡᠯᠴᠢᠬᠡᠷ ᠨᠢ ᠠᠯᠲᠠᠨ ᠤᠯᠤᠰ ᠤᠨ ᠬᠢᠯᠢ ᠶᠢᠨ ᠬᠡᠷᠡᠮ ᠠᠴᠠ ᠬᠤᠲᠠᠯᠠ ᠬᠠᠭᠠᠨ ᠤ ᠤᠷᠳᠦᠨ ᠬᠦᠷᠬᠦ ᠵᠠᠮ ᠤᠨ ᠲᠤᠮᠳᠠ ᠪᠠᠶᠢᠳᠠᠭ᠃ ᠡᠨᠡᠬᠦ ᠨᠤᠳᠤᠭ ᠪᠡᠯᠴᠢᠬᠡᠷ ᠪᠤᠯ ᠪᠠᠭᠠᠷᠢᠨ ᠠᠶᠢᠮᠠᠭ ᠤᠨ ᠠᠩᠬᠠᠳᠤᠭᠠᠷ ᠸᠠᠩ ᠪᠠᠭᠠᠷᠢᠲᠠᠢ ᠶᠢᠨ ᠦᠶ᠎ᠠ ᠳᠤ ᠬᠤᠪᠢᠶᠠᠨ ᠤᠯᠤᠭᠰᠡᠨ ᠨᠤᠳᠤᠭ ᠮᠦᠨ᠂ ᠤᠨᠤᠨ ᠭᠤᠤᠯ ᠠᠴᠠ ᠡᠮᠤᠨᠡᠬᠦᠷ ᠪᠠᠶᠢᠪᠠᠯ ᠲᠠᠭᠠᠷᠠᠨ᠎ᠠ᠃ ᠬᠤᠨᠭ᠍ᠬᠢᠷᠠᠳ ᠠᠶᠢᠮᠠᠭ ᠤᠨ ᠡᠯ᠎ᠠ ᠰᠠᠯᠪᠦᠷᠢ ᠨᠢ ᠠᠯᠲᠠᠨ ᠤᠯᠤᠰ ᠤᠨ ᠬᠢᠯᠢ ᠶᠢᠨ ᠬᠡᠷᠡᠮ ᠤᠨ ᠭᠠᠳᠠᠨ᠎ᠠ ᠮᠠᠯᠵᠢᠳᠠᠭ᠃ ᠴᠢᠩ ᠤᠯᠤᠰ ᠤᠨ ᠦᠶ᠎ᠠ ᠳᠤ ᠬᠤᠷᠢᠨ ᠲᠦᠷᠪᠡᠨ ᠠᠶᠢᠮᠠᠭ ᠤᠨ ᠲᠤᠳᠤᠷᠠᠬᠢ ᠪᠠᠭᠠᠷᠢᠨ᠂ ᠲᠦᠷᠪᠡᠳ᠂ ᠭᠤᠷᠯᠤᠰ᠂ ᠤᠷᠢᠶᠠᠩᠬᠠᠢ ᠵᠡᠷᠬᠡ ᠲᠦᠷᠪᠡᠨ ᠠᠶᠢᠮᠠᠭ ᠢᠶᠠᠷ ᠵᠠᠰᠠᠭ ᠬᠤᠰᠢᠭᠤ ᠪᠠᠶᠢᠭᠤᠯᠵᠠᠢ᠃ ᠬᠤᠷᠢᠨ ᠲᠦᠷᠪᠡᠨ ᠠᠶᠢᠮᠠᠭ ᠤᠨ ᠤᠯᠠᠩᠬᠢ ᠨᠢ ᠡᠯ᠎ᠠ ᠭᠠᠵᠠᠷ ᠲᠤ ᠲᠠᠷᠬᠠᠨ ᠮᠠᠯᠵᠢᠵᠦ᠂ ᠠᠶᠢᠮᠠᠭ ᠤᠨ ᠨᠡᠷ᠎ᠡ ᠨᠢ ᠮᠤᠩᠭᠤᠯ ᠤᠪᠤᠭ ᠪᠤᠯᠤᠨ ᠬᠤᠴᠤᠷᠴᠠᠢ᠃   ᠬᠤᠨᠭ᠍ᠬᠢᠷᠠᠳ ᠠᠶᠢᠮᠠᠭ ᠪᠤᠯ ᠮᠤᠩᠭᠤᠯ ᠦᠨᠳᠦᠰᠦᠲᠡᠨ ᠤ ᠲᠡᠤᠬᠡᠨ ᠳᠠᠬᠢ ᠴᠢᠬᠤᠯᠠ ᠨᠢᠬᠡ ᠠᠶᠢᠮᠠᠭ ᠪᠤᠯᠤᠨ᠎ᠠ᠃ ᠶᠤᠸᠠᠨ ᠤᠯᠤᠰ ᠤᠨ ᠦᠶ᠎ᠠ ᠳᠤ ᠤᠳᠦ ᠶᠢᠨ ᠤᠯᠠᠭᠠᠨᠬᠠᠳᠠ ᠬᠤᠲᠠ ᠤᠷᠤᠨ ᠤ ᠰᠠᠭᠤᠭᠠᠯᠢ ᠠᠷᠠᠳ ᠭᠤᠤᠯᠳᠠᠭᠤ ᠬᠤᠨᠭ᠍ᠬᠢᠷᠠᠳ ᠠᠶᠢᠮᠠᠭ ᠤᠨ ᠬᠦᠮᠦᠨ ᠮᠦᠨ᠃ ᠡᠶᠢᠮᠦ ᠠᠴᠠ ᠬᠤᠨᠭ᠍ᠬᠢᠷᠠᠳ ᠠᠶᠢᠮᠠᠭ ᠤᠨ ᠲᠡᠤᠬᠡ ᠪᠤᠯ ᠤᠯᠠᠭᠠᠨᠬᠠᠳᠠ ᠬᠤᠲᠠ ᠤᠷᠤᠨ ᠮᠤᠩᠭᠤᠯ ᠶᠤᠸᠠᠨ ᠤ ᠰᠤᠶᠤᠯ ᠤᠨ ᠴᠢᠬᠤᠯᠠ ᠠᠭᠤᠯᠭ᠎ᠠ ᠮᠦᠨ᠃ ᠬᠤᠨᠭ᠍ᠬᠢᠷᠠᠳ ᠯᠢᠭᠳᠡᠨ ᠬᠤᠳᠤᠭᠳᠦ ᠬᠠᠭᠠᠨ ᠢ ᠲᠡᠮᠵᠢᠨ ᠴᠢᠩ ᠤᠯᠤᠰ ᠢ ᠡᠰᠡᠷᠬᠦᠴᠡᠭᠰᠡᠨ ᠬᠦᠴᠦᠨ ᠮᠦᠨ᠃ ᠡᠬᠦᠨ ᠳᠤ ᠬᠤᠨᠭ᠍ᠬᠢᠷᠠᠳ ᠲᠠᠶᠢᠵᠢ ᠵᠠᠶᠢᠰᠢ ᠨᠤᠶᠠᠨ ᠪᠤᠯ ᠲᠦᠯᠦᠬᠡᠯᠡᠬᠦ ᠴᠢᠨᠠᠷᠲᠠᠢ ᠬᠦᠮᠦᠨ ᠪᠤᠯᠤᠨ᠎ᠠ᠃ ᠴᠢᠩ ᠤᠯᠤᠰ ᠤᠨ ᠦᠶ᠎ᠠ ᠳᠤ ᠬᠤᠨᠭ᠍ᠬᠢᠷᠠᠳ ᠠᠶᠢᠮᠠᠭ ᠢ ᠡᠯ᠎ᠠ ᠭᠠᠵᠠᠷ ᠲᠤ ᠲᠠᠷᠬᠠᠭᠠᠨ ᠰᠠᠭᠤᠯᠭᠠᠵᠦ ᠬᠦᠴᠦᠨ ᠢ ᠨᠢ ᠵᠠᠳᠠᠷᠠᠭᠤᠯᠵᠠᠢ᠃ ᠵᠠᠶᠢᠰᠢ ᠤᠶᠠᠨ ᠤ ᠦᠶᠡᠯᠢᠳ ᠠᠬ᠎ᠠ ᠲᠡᠬᠦᠦ ᠯᠠᠪᠠᠲᠠᠢ ᠬᠤᠨᠭ᠌ ᠲᠠᠶᠢᠵᠢ ᠪᠤᠯ ᠠᠬ᠎ᠠ ᠲᠡᠬᠦᠦ ᠵᠢᠷᠭᠤᠭ᠎ᠠ᠂ ᠦᠪᠡᠷ ᠤᠨ ᠪᠡᠶ᠎ᠠ  ᠨᠢ ᠲᠠᠪᠤᠳᠤᠭᠠᠷ ᠨᠢ ᠪᠤᠯᠤᠨ᠎ᠠ᠃ ᠴᠢᠩ ᠤᠯᠤᠰ ᠤᠨ ᠲᠠᠩᠰᠠ ᠡᠪᠬᠡᠮᠡᠯ ᠳᠤ ᠯᠠᠪᠠᠲᠠᠢ ᠬᠤᠨᠭ᠌ ᠲᠠᠶᠢᠵᠢ ᠳᠤ ᠬᠤᠶᠠᠷ ᠰᠤᠮᠦ ᠵᠠᠭᠤᠨ ᠡᠷᠤᠬᠡ ᠲᠠᠢ᠂ ᠲᠦᠷᠪᠡᠳᠦᠬᠡᠷ ᠠᠬ᠎ᠠ ᠪᠠᠶᠢᠬᠤᠨᠲᠠᠢ ᠴᠦᠬᠦᠷ ᠲᠤ ᠪᠠᠰᠠ ᠬᠤᠶᠠᠷ ᠬᠤᠶᠠᠷ ᠰᠤᠮᠦ ᠵᠠᠭᠤᠨ ᠡᠷᠤᠬᠡ ᠲᠠᠢ ᠬᠡᠮᠡᠨ ᠲᠡᠮᠳᠡᠭᠯᠡᠵᠦ᠂ ᠪᠤᠰᠤᠳ ᠲᠠᠶᠢᠵᠢ ᠶᠢᠨ ᠡᠷᠤᠬᠡ ᠶᠢᠨ ᠲᠤᠭ᠎ᠠ ᠶᠢ ᠲᠡᠮᠳᠡᠭᠯᠡᠭᠰᠡᠨ ᠦᠬᠡᠢ᠃ ᠬᠤᠨᠭ᠍ᠬᠢᠷᠠᠳ ᠠᠶᠢᠮᠠᠭ ᠤᠨ ᠲᠠᠶᠢᠵᠢ ᠨᠠᠷ ᠠᠳᠠᠯᠢ ᠪᠤᠰᠤ ᠭᠠᠵᠠᠷ ᠠᠴᠠ ᠴᠢᠩ ᠤᠯᠤᠰ ᠢ ᠲᠠᠭᠠᠷ᠎ᠠ ᠤᠴᠢᠵᠦ᠂ ᠠᠩᠬᠠᠨ ᠳᠠᠭᠠᠨ ᠵᠠᠷᠤᠳ ᠪᠠᠷᠠᠭᠤᠨ ᠬᠤᠰᠢᠭᠤ ᠶᠢ ᠲᠠᠭᠠᠯᠳᠤᠨ ᠮᠠᠯᠵᠢᠵᠦ ᠪᠠᠶᠢᠵᠠᠢ᠃ ᠡᠶᠠᠪᠠᠷ ᠵᠠᠰᠠᠭᠴᠢ ᠶᠢᠨ ᠲᠠᠪᠤᠳᠤᠭᠠᠷ ᠤᠨ ︵1648 ᠤᠨ︶ ᠳᠤ ᠪᠠᠭᠠᠷᠢᠨ ᠸᠠᠩ ᠰᠠᠪᠠᠳᠠᠨ ᠪᠤᠯᠤᠨ ᠰᠠᠴᠠᠨ ᠲᠡᠬᠡᠳᠦ ᠬᠦᠷᠦᠨ ᠬᠦᠡᠭᠵᠦ ᠬᠤᠶᠠᠭᠤᠯᠠ ᠤᠷᠤᠭᠯᠠᠭᠰᠡᠨ ᠳᠤ ᠡᠶᠠᠪᠠᠷ ᠵᠠᠰᠠᠭᠴᠢ ᠬᠠᠭᠠᠨ ᠵᠠᠷᠯᠢᠭ ᠪᠤᠯᠵᠦ᠂ ᠬᠤᠨᠭ᠍ᠬᠢᠷᠠᠳ ᠠᠶᠢᠮᠠᠭ ᠤᠨ ᠠᠷᠪᠠᠨ ᠰᠤᠮᠦ ᠠᠷᠠᠳ ᠢ ᠵᠠᠷᠤᠳ ᠪᠠᠷᠠᠭᠤᠨ ᠬᠤᠰᠢᠭᠤᠨ ᠠᠴᠠ ᠨᠡᠬᠦᠯᠬᠡᠨ ᠪᠠᠭᠠᠷᠢᠨ ᠪᠠᠷᠠᠭᠤᠨ ᠭᠠᠷᠤᠨ ᠬᠤᠰᠢᠭᠤᠨ ᠤ ᠵᠡᠬᠦᠨ ᠡᠮᠦᠨᠡᠬᠦᠷ ᠨᠡᠬᠦᠯᠬᠡᠨ ᠰᠠᠭᠤᠯᠭᠠᠵᠠᠢ᠃ ᠠᠷᠪᠠᠨ ᠰᠤᠮᠦ ᠠᠷᠠᠳ ᠤᠨ ᠲᠤᠳᠤᠷᠠᠬᠢ ᠨᠠᠢᠮᠠᠨ ᠰᠤᠮᠦ ᠨᠢ ᠠᠷᠦ ᠬᠤᠷᠴᠢᠨ ᠬᠤᠰᠢᠭᠤᠨ ᠤ ᠪᠠᠯᠴᠢᠷᠤᠳ ᠰᠦᠮ᠎ᠡ ᠶᠢᠨ ᠪᠠᠷᠠᠭᠤᠨᠳᠡᠬᠢ ᠬᠡᠷᠢᠶ᠎ᠠ ᠬᠠᠳᠠ ᠶᠢᠨ ᠪᠠᠷᠠᠭᠤᠨᠲᠠᠢ ᠨᠤᠳᠤᠭᠰᠢᠨ ᠰᠠᠭᠤᠵᠦ᠂ ᠪᠠᠶᠢᠬᠤᠨᠲᠠᠢ ᠴᠦᠬᠦᠷ ᠤᠨ ᠬᠤᠶᠠᠷ ᠰᠤᠮᠦ ᠨᠢ ᠪᠠᠯᠴᠢᠷᠤᠳ ᠰᠤᠮᠦ ᠶᠢᠨ ᠲᠠᠮᠠᠭ᠎ᠠ ᠶᠢᠨ ᠮᠠᠩᠬ᠎ᠠ ᠶᠢᠨ ᠵᠡᠬᠦᠨᠲᠠᠢ ᠨᠤᠳᠤᠭᠰᠢᠵᠠᠢ᠃ ᠬᠡᠷᠢᠶ᠎ᠠ ᠬᠠᠳᠠ ᠪᠤᠯᠤᠨ ᠲᠠᠮᠠᠭ᠎ᠠ ᠶᠢᠨ ᠮᠠᠩᠬ᠎ᠠ ᠪᠤᠯ ᠴᠢᠩ ᠤᠯᠤᠰ ᠤᠨ ᠦᠶ᠎ᠠ ᠶᠢᠨ ᠪᠠᠭᠠᠷᠢᠨ ᠪᠠᠷᠠᠭᠤᠨ ᠬᠤᠰᠢᠭᠤ ᠪᠤᠯᠤᠨ ᠠᠷᠦ ᠬᠤᠷᠴᠢᠨ ᠬᠤᠰᠢᠭᠤᠨ ᠤ ᠬᠢᠯᠢ ᠶᠢᠨ ᠵᠠᠭᠠᠭ ᠪᠤᠯᠤᠨ᠎ᠠ᠃ ᠡᠶᠢᠮᠦ ᠠᠴᠠ ᠨᠠᠢᠮᠠᠨ ᠰᠤᠮᠦ ᠬᠤᠨᠭ᠍ᠬᠢᠷᠠᠳ ᠠᠶᠢᠮᠠᠭ ᠤᠨ ᠠᠷᠠᠳ ᠪᠠᠭᠠᠷᠢᠨ ᠪᠠᠷᠠᠭᠤᠨ ᠬᠤᠰᠢᠭᠤᠨ ᠳᠤ ᠬᠠᠷᠢᠶᠠᠯᠠᠭᠳᠠᠵᠦ᠂ ᠪᠠᠶᠢᠬᠤᠨᠲᠠᠢ ᠴᠦᠬᠦᠷ ᠤᠨ ᠬᠤᠶᠠᠷ ᠰᠤᠮᠦ ᠨᠢ ᠠᠷᠦ ᠬᠤᠷᠴᠢᠨ ᠬᠤᠰᠢᠭᠤᠨ ᠳᠤ ᠬᠠᠷᠢᠶᠠᠯᠠᠭᠳᠠᠭᠰᠡᠨ ᠪᠠᠶᠢᠨ᠎ᠠ᠃ ᠬᠦᠮᠦᠨ ᠠᠮᠠ ᠶᠢᠨ ᠲᠦᠪᠯᠡᠷᠡᠨ ᠰᠠᠭᠤᠭᠰᠡᠨ ᠲᠠᠯ᠎ᠠ ᠠᠴᠠ ᠠᠪᠴᠦ ᠬᠡᠯᠡᠪᠠᠯ᠂ ᠪᠠᠭᠠᠷᠢᠨ ᠪᠠᠷᠠᠭᠤᠨ ᠬᠤᠰᠢᠭᠤ ᠪᠤᠯ ᠡᠷᠳᠡᠨ ᠤ ᠬᠤᠨᠭ᠍ᠬᠢᠷᠠᠳ ᠠᠶᠢᠮᠠᠭ ᠤᠨ ᠲᠤᠯᠭ᠎ᠠ ᠶᠢᠨ ᠭᠠᠯ ᠲᠦᠷᠡᠯᠵᠡᠨ ᠨᠤᠴᠤᠭᠰᠡᠨ ᠨᠤᠳᠤᠭ ᠪᠤᠯᠤᠨ᠎ᠠ᠃   ᠠᠳᠠ ᠲᠤᠷᠠᠳᠴᠦ ᠪᠦᠬᠦᠢ ᠬᠤᠷᠢᠨ ᠲᠦᠷᠪᠡᠨ ᠠᠶᠢᠮᠠᠭ ᠤᠨ ᠲᠤᠳᠤᠷ᠎ᠠ᠂ ᠴᠢᠩᠬᠢᠰ ᠬᠠᠭᠠᠨ ᠤ ᠠᠪᠤ ᠶᠢᠰᠦᠬᠡᠢ ᠪᠠᠭᠠᠳᠦᠷ ᠤᠨ ᠬᠠᠷᠢᠶᠠᠳᠦ ᠠᠶᠢᠮᠠᠭ ᠪᠠᠭᠲᠠᠬᠤ ᠦᠬᠡᠢ᠃ ᠤᠴᠢᠷ ᠨᠢ᠂ ᠪᠠᠭᠠᠷᠢᠨ ᠵᠡᠷᠬᠡ ᠬᠤᠷᠢᠨ ᠲᠦᠷᠪᠡᠨ ᠠᠶᠢᠮᠠᠭ ᠪᠤᠯ ᠶᠢᠰᠦᠬᠡᠢ ᠪᠠᠭᠠᠳᠦᠷ ᠢ ᠮᠡᠨᠳᠦᠯᠡᠬᠦ ᠠᠴᠠ ᠡᠮᠤᠨ᠎ᠡ ᠨᠢᠬᠡᠨᠲᠠ ᠪᠦᠷᠢᠯᠳᠤᠨ ᠲᠤᠭᠲᠠᠭᠰᠡᠨ ᠪᠠᠶᠢᠨ᠎ᠠ᠃ ᠶᠢᠰᠤᠬᠡᠢ ᠪᠠᠭᠠᠳᠦᠷ ᠤᠨ ᠬᠠᠷᠢᠶᠠᠳᠦ ᠠᠶᠢᠮᠠᠭ ᠢ ᠪᠤᠷᠵᠢᠬᠢᠨ ᠠᠶᠢᠮᠠᠭ ᠬᠡᠳᠡᠭ᠃ ︽ᠪᠤᠷᠵᠢᠬᠢᠨ︾ ᠬᠡᠳᠡᠭ ᠨᠢ ︽ᠬᠦᠬᠡ ᠨᠢᠳᠦᠳᠦ︾ ᠬᠡᠰᠡᠨ ᠤᠳᠬ᠎ᠠ ᠲᠠᠢ᠃ ᠪᠠᠭᠠᠷᠢᠲᠠᠢ ᠶᠢᠨ ᠠᠪᠤ ᠪᠤᠳᠤᠨᠴᠢᠷ ᠮᠤᠩᠬᠠᠭ ᠬᠦᠬᠡ ᠨᠢᠳᠦ ᠲᠠᠢ᠂ ᠪᠤᠳᠤᠨᠴᠢᠷ ᠮᠤᠩᠬᠠᠭ ᠤᠨ ᠬᠤᠶᠢᠴᠢᠰ ᠶᠢᠰᠤᠬᠡᠢ ᠪᠠᠭᠠᠳᠦᠷ ᠪᠠᠰᠠ ᠬᠦᠬᠡ ᠨᠢᠳᠦ ᠲᠠᠢ ᠪᠤᠯᠤᠨ᠎ᠠ᠃ ᠬᠤᠳᠠᠯᠠ ᠬᠠᠭᠠᠨ ᠦᠪᠡᠷ ᠤᠨ ᠠᠴᠢ ᠬᠦᠪᠡᠬᠦᠨ ᠶᠢᠰᠤᠬᠡᠢ ᠪᠠᠭᠠᠳᠦᠷ ᠲᠠᠭᠠᠨ ᠬᠠᠷᠢᠶᠠᠳᠦ ᠠᠷᠠᠳ ᠬᠤᠪᠢᠶᠠᠨ ᠦᠭᠴᠦ᠂ ᠶᠢᠰᠤᠬᠡᠢ ᠪᠠᠭᠠᠳᠦᠷ ᠬᠦᠬᠡ ᠨᠢᠳᠦ ᠲᠠᠢ ᠪᠤᠯᠬᠤᠷ ᠬᠠᠷᠢᠶᠠᠳᠦ ᠠᠶᠢᠮᠠᠭ ᠢ ᠨᠢ ︽ᠪᠤᠷᠵᠢᠬᠢᠨ ᠠᠶᠢᠮᠠᠭ︾ ᠬᠡᠮᠡᠨ ᠨᠡᠷᠡᠶᠢᠳᠴᠠᠢ᠃ ᠪᠤᠷᠵᠢᠬᠢᠨ ᠠᠶᠢᠮᠠᠭ ᠶᠠᠷᠢᠶᠠᠨ ᠦᠬᠡᠢ ︽ᠡᠷᠳᠡ ᠢᠵᠠᠭᠤᠷ ᠠᠴᠠ ᠠᠪᠤᠭᠠᠳ ᠮᠤᠩᠭᠤᠯ ᠬᠡᠮᠡᠬᠦ ᠠᠶᠢᠮᠠᠭ ᠤᠨ ᠪᠦᠯᠦᠭᠯᠡᠯ︾ ᠳᠤ ᠪᠠᠭᠳᠠᠨ᠎ᠠ᠃ ᠤᠳᠦ ᠪᠤᠷᠵᠢᠬᠢᠨ ᠠᠶᠢᠮᠠᠭ ᠪᠠᠶᠢᠬᠤ ᠦᠬᠡᠢ᠂ ᠠᠶᠢᠮᠠᠭ ᠤᠨ ᠨᠡᠷ᠎ᠡ ︽ᠪᠤᠷᠵᠢᠬᠢᠨ︾ ᠨᠢ ᠶᠢᠰᠦᠬᠡᠢ ᠪᠠᠭᠠᠳᠦᠷ ᠤᠨ ᠲᠠᠪᠤᠨ ᠬᠦᠪᠡᠬᠦᠨ ᠤ ᠬᠤᠶᠢᠴᠢᠰ ᠤᠨ ᠤᠪᠤᠭ ᠪᠤᠯᠤᠭᠰᠡᠨ ᠪᠠᠶᠢᠨ᠎ᠠ᠃   ᠵᠤᠬᠢᠶᠠᠭᠴᠢ ᠶᠢᠨ ᠦᠵᠡᠬᠦ ᠪᠠᠷ᠂ ︽ᠡᠷᠳᠡ ᠢᠵᠠᠭᠤᠷ ᠠᠴᠠ ᠠᠪᠤᠭᠠᠳ ᠮᠤᠩᠭᠤᠯ ᠬᠡᠮᠡᠬᠦ ᠠᠶᠢᠮᠠᠭ ᠤᠨ ᠪᠦᠯᠦᠭᠯᠡᠯ︾ ᠳᠤ ᠪᠠᠭᠲᠠᠬᠤ ᠬᠤᠷᠢᠨ ᠲᠦᠷᠪᠡᠨ ᠠᠶᠢᠮᠠᠭ ᠪᠤᠯ ᠬᠠᠪᠤᠯ ᠬᠠᠭᠠᠨ ᠤ ᠮᠤᠩᠭᠤᠯ ᠤᠯᠤᠰ ᠤᠨ ᠠᠷᠠᠳ ᠢᠷᠬᠡᠳ ᠮᠦᠨ᠃ ᠪᠤᠰᠤᠳ ᠭᠤᠷᠪᠠᠨ ᠠᠶᠢᠮᠠᠭ ᠤᠨ ᠪᠦᠯᠦᠭᠯᠡᠯ ᠤᠨ ᠲᠤᠳᠤᠷᠠᠬᠢ ᠵᠠᠷᠢᠮ ᠠᠶᠢᠮᠠᠭ ᠨᠢ ᠬᠠᠪᠤᠯ ᠬᠠᠭᠠᠨ  ᠳᠤ ᠬᠠᠷᠢᠶᠠᠯᠠᠭᠳᠠᠵᠦ ᠪᠠᠶᠢᠭᠰᠡᠨ ᠪᠠᠶᠢᠵᠦ ᠮᠡᠳᠡᠨ᠎ᠡ᠃ ᠤᠴᠢᠷ ᠨᠢ᠂ ᠵᠠᠯᠠᠶᠢᠳ ᠠᠶᠢᠮᠠᠭ ᠪᠤᠯ ᠬᠠᠪᠤᠯ ᠬᠠᠭᠠᠨ ᠤ ᠡᠯᠤᠨᠴᠡ ᠠᠪᠤ ᠬᠠᠶᠢᠳᠦ ᠶᠢᠨ ᠤᠨᠠᠭᠠᠨ ᠪᠤᠭᠤᠯ ᠮᠦᠨ᠂ ᠤᠨᠠᠭᠠᠨ ᠪᠤᠭᠤᠯ ᠶᠠᠷᠢᠶᠠᠨ ᠦᠬᠡᠢ ᠬᠠᠷᠢᠶᠠᠳᠦ ᠠᠷᠠᠳ ᠪᠤᠯᠤᠨ᠎ᠠ᠃ ᠬᠡᠪᠡᠴᠦ ᠤᠯᠠᠩᠬᠢ ᠠᠶᠢᠮᠠᠭ ᠨᠢ ᠬᠠᠪᠤᠯ ᠬᠠᠭᠠᠨ ᠤ ᠬᠠᠷᠢᠶᠠᠳᠦ ᠪᠢᠰᠢ᠂ ᠬᠠᠷᠢᠨ ᠬᠠᠨᠭ᠍ᠭᠠᠢ ᠠᠭᠤᠯᠠ ᠶᠢᠨ ᠬᠡᠷᠡᠶᠢᠳ᠂ ᠠᠯᠲᠠᠢ ᠠᠭᠤᠯᠠ ᠶᠢᠨ ᠨᠠᠢᠮᠠᠨ᠂ ᠲᠠᠯᠠᠨ ᠬᠠᠷ᠎ᠠ ᠠᠭᠤᠯᠠ ᠶᠢᠨ ᠤᠡᠭᠭᠤᠳ ᠬᠡᠬᠦ ᠮᠠᠳᠦ ᠮᠤᠩᠭᠤᠯ ᠲᠠᠢ ᠵᠡᠷᠬᠡᠴᠡᠨ ᠲᠤᠭᠲᠠᠨᠢᠭᠰᠡᠨ ᠤᠯᠤᠰ ᠲᠤ ᠬᠠᠷᠢᠶᠠᠯᠠᠭᠳᠠᠨ᠎ᠠ᠃ ᠪᠠᠳᠠ ᠵᠠᠯᠠᠶᠢᠳ᠂ ᠰᠦᠨᠢᠳ᠂ ᠲᠦᠮᠡᠳ ᠵᠡᠷᠬᠡ ᠲᠡᠤᠬᠡᠨ ᠲᠡᠬᠡᠷ᠎ᠡ ᠲᠦᠷᠦ ᠪᠠᠶᠢᠭᠤᠯᠵᠦ ᠦᠡᠭᠬᠡᠷᠡᠭᠰᠡᠨ ᠦᠬᠡᠢ ᠠᠷᠪᠠᠨ ᠲᠦᠷᠪᠡᠨ ᠠᠶᠢᠮᠠᠭ ᠪᠤᠯᠤᠨ᠎ᠠ᠃ ᠲᠡᠬᠦᠨ ᠤ ᠲᠤᠳᠤᠷᠠᠬᠢ ᠵᠠᠯᠠᠶᠢᠳ ᠠᠶᠢᠮᠠᠭ ᠠᠴᠠ ᠪᠤᠰᠤᠳ ᠠᠷᠪᠠᠨ ᠭᠤᠷᠪᠠᠨ ᠠᠶᠢᠮᠠᠭ ᠨᠢ ᠮᠤᠩᠭᠤᠯ᠂ ᠬᠡᠷᠡᠶᠢᠳ᠂ ᠨᠠᠢᠮᠠᠨ᠂ ᠤᠡᠭᠨᠢᠭᠤᠳ ᠵᠡᠷᠬᠡ ᠤᠯᠤᠰ ᠤᠨ ᠠᠯᠢ ᠤᠯᠤᠰ ᠲᠤ ᠬᠠᠷᠢᠶᠠᠯᠠᠭᠳᠠᠵᠦ ᠪᠠᠶᠢᠭᠰᠡᠨ ᠢ ᠮᠡᠳᠡᠬᠦ ᠦᠬᠡᠢ᠃ ᠴᠢᠩᠬᠢᠰ ᠬᠠᠭᠠᠨ ᠤ ᠦᠶ᠎ᠡ ᠳᠤ ᠲᠦᠷᠪᠡᠨ ᠠᠶᠢᠮᠠᠭ ᠤᠨ ᠪᠦᠯᠦᠭᠯᠡᠯ ᠢ ᠪᠦᠬᠦᠨ ᠢ ᠨᠢᠬᠡᠳᠬᠡᠵᠦ᠂ ᠶᠡᠭᠡ ᠮᠤᠩᠭᠤᠯ ᠤᠯᠤᠰ ᠪᠠᠶᠢᠭᠤᠯᠤᠭᠳᠠᠭᠰᠡᠨ ᠪᠠᠶᠢᠨ᠎ᠠ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号