ᠣᠷᠠᠳ ᠤᠨ ᠲᠣᠬᠠᠢ ᠲᠡᠣᠬᠡ ᠶᠢᠨ ᠢᠷᠡᠯᠳᠡ
ᠨᠡᠶᠢᠲᠡᠯᠡᠭᠰᠡᠨ ᠴᠠᠭ᠄
2020/3/6
  ᠣᠷᠡᠳ ᠤᠨ ᠰᠣᠳᠣᠯᠬᠤ ᠳᠤ ᠶᠠᠭᠤᠨ ᠤ ᠡᠮᠣᠨ᠎ᠡ ︿ᠣᠷᠠᠳ ᠠᠶᠢᠮᠠᠭ﹀ ᠬᠡᠵᠢᠶ᠎ᠡ ᠠᠴᠠ ᠪᠦᠷᠢᠯᠳᠡᠭᠰᠡᠨ ᠢ ᠮᠡᠳᠡᠬᠦ ᠴᠢᠬᠤᠯᠠᠲᠠᠢ ᠪᠠᠶᠢᠨ᠎ᠠ᠃ ᠲᠡᠷᠡᠴᠢᠯᠡᠨ ︿ᠣᠷᠠᠳ﹀ ᠭᠡᠳᠡᠭ ᠨᠡᠷ᠎ᠡ ᠦᠭᠡ ᠨᠢ ᠲᠡᠣᠬᠡᠨ ᠲᠡᠭᠡᠷ᠎ᠡ ᠬᠡᠵᠢᠶ᠎ᠡ ᠠᠴᠠ ᠡᠬᠢᠯᠡᠵᠦ ᠨᠡᠷᠡᠶᠢᠳᠣᠭ᠍ᠰᠡᠨ ᠭᠡᠳᠡᠭ ᠣᠴᠢᠷ ᠢ ᠰᠣᠳᠣᠯᠬᠤ ᠬᠡᠷᠡᠭᠲᠠᠢ᠃   ︿︿ᠬᠠᠭᠠᠨᠳᠣ ᠲᠦᠷᠦ ᠶᠢᠨ ᠭᠠᠳᠠᠭᠠᠳᠣ ᠮᠣᠩᠭᠤᠯ ᠤᠨ ᠴᠢᠬᠤᠯᠠ ᠪᠣᠳᠣᠯᠭ᠎ᠠ﹀﹀ ᠭᠡᠬᠦ ᠱᠡᠰᠳᠢᠷ ᠲᠤ᠄ ︿︿ᠦᠭᠡᠯᠣᠨ ᠣᠣᠯ ᠨᠢ ᠲᠦᠷᠪᠡᠨ ᠠᠶᠢᠮᠠᠭ ᠪᠦᠯᠦᠭᠡ᠃ ᠲᠡᠭᠦᠨ ᠤ ᠨᠢᠭᠡ ᠨᠢ ᠬᠤᠱᠣᠳ᠂ ᠪᠣᠷᠵᠢᠬᠢᠳ ᠣᠪᠣᠭᠳᠠᠢ᠂ ᠶᠣᠸᠠᠨ ᠲᠠᠶᠢᠽᠣ ᠶᠢᠨ ᠲᠡᠭᠦᠣ ᠬᠠᠪᠣᠳᠣ ᠬᠠᠰᠠᠷ ᠤᠨ ᠦᠷᠡᠳᠦᠰ᠃ ᠬᠠᠪᠣᠳᠣ ᠬᠠᠰᠠᠷ ᠤᠨ ᠲᠣᠯᠣᠳᠣᠭᠠᠷ ᠦᠶ᠎ᠡ ᠶᠢᠨ ᠠᠴᠢ ᠠᠨᠣ ᠠᠭᠰᠠᠬᠠᠯᠳᠠᠢ᠂ ᠲᠡᠭᠦᠨ ᠤ ᠬᠤᠶᠠᠷ ᠬᠦᠪᠡᠭᠦᠨ ᠤ ᠶᠡᠭᠡ ᠢᠨᠣ ᠠᠷᠣᠭᠲᠡᠮᠣᠷ᠂ ᠪᠠᠭ᠎ᠠ ᠠᠨᠣ ᠦᠷᠦᠭᠳᠡᠮᠣᠷ ᠃ ᠬᠤᠱᠣᠳ ᠤᠨ ᠲᠡᠭᠡᠳᠣᠰ ᠪᠣᠯᠠᠢ﹀﹀ ᠬᠡᠮᠡᠵᠦᠬᠦᠢ᠃ ︿︿ᠪᠣᠭᠳᠠ ᠴᠢᠩᠭᠡᠰ ᠤᠨ ᠲᠦᠷᠦ ᠶᠢ ᠪᠠᠷᠢᠭᠠᠳ ᠬᠠᠭᠠᠨ ᠦᠷᠭᠦᠭᠡ ᠲᠡᠳᠭᠦᠭᠰᠡᠨ ᠲᠣᠭᠤᠵᠢ﹀﹀ ᠬᠡᠮᠡᠬᠦ ᠮᠣᠩᠭᠤᠯ ᠲᠡᠣᠬᠡ ᠶᠢᠨ ᠰᠣᠷᠪᠣᠯᠵᠢ ᠪᠢᠴᠢᠭ ᠲᠤ ᠪᠠᠰᠠ᠄ ︿︿ᠬᠠᠪᠣᠳᠣ ᠬᠠᠰᠷ᠂ ᠡᠭᠦᠨ ᠤ ᠬᠦᠪᠡᠭᠦᠨ ᠡᠩᠬᠡᠲᠡᠮᠦᠷ᠂ ᠡᠭᠦᠨ ᠤ ᠬᠦᠪᠡᠭᠦᠨ ᠪᠣᠷᠬᠠᠨᠰᠠᠨᠵᠠᠢ᠂ ᠡᠭᠦᠨ ᠤ ᠬᠦᠪᠡᠭᠦᠨ ᠰᠢᠪᠰᠢᠷᠡᠮ᠂ ᠡᠭᠦᠨ ᠤ ᠬᠦᠪᠡᠭᠦᠨ ᠠᠭᠰᠠᠬᠠᠯᠳᠠᠢ ᠨᠣᠶᠠᠨ᠃ ᠡᠭᠦᠨ ᠤ ᠬᠦᠪᠡᠭᠦᠨ ᠠᠷᠣᠭᠳᠡᠮᠣᠷ᠂ ᠲᠡᠭᠦᠣ ᠨᠢ ᠦᠷᠦᠭᠳᠡᠮᠣᠷ ᠲᠤ ᠬᠤᠰᠢᠭᠤᠨ ᠬᠤᠰᠢᠭᠤᠨ ᠠᠴᠠ ᠰᠠᠶᠢᠨ ᠮᠠᠭᠤ ᠠᠯᠪᠠᠳᠣ ᠪᠠᠷ ᠦᠮᠴᠢ ᠦᠭᠭᠦᠭᠰᠡᠨ ᠳᠤ ᠲᠡᠭᠦᠣ ᠨᠢ ᠦᠵᠡᠯᠳᠦᠭᠡᠳ ᠨᠠᠷᠠᠨ ᠰᠢᠩᠭᠡᠬᠦ ᠵᠦᠭ ᠤᠨ ᠦᠦᠭᠡᠯᠡᠳ ᠤᠨ ᠲᠣᠭᠤᠨ ᠲᠠᠶᠢᠱᠢ ᠳᠤ ᠲᠦᠰᠢᠵᠦ ᠣᠳᠬᠤᠯ᠎ᠠ ᠨᠢ ᠲᠣᠭᠤᠨ ᠲᠠᠶᠢᠱᠢ ᠬᠡᠣᠬᠡᠨ ᠢᠶᠠᠨ ᠦᠭᠭᠦᠭᠡᠳ ᠬᠦᠷᠭᠡᠨ ᠬᠢᠵᠦ ᠰᠠᠭᠤᠯᠭᠠᠪᠠ᠃ ᠬᠤᠰᠢᠭᠤᠳ ᠬᠡᠵᠦ ᠨᠡᠷᠡᠶᠢᠳᠪᠠᠢ﹀﹀ ᠬᠡᠮᠡᠨ ᠲᠡᠮᠳᠡᠭᠯᠡᠵᠦᠬᠦᠢ᠃ ︿︿ᠭᠠᠪᠠᠩ ᠰᠢᠷᠠᠪ ᠤᠨ ᠲᠣᠭᠤᠵᠢ﹀﹀ ᠳᠤ ︿︿ᠬᠠᠰᠠᠷ ᠤᠨ ᠬᠤᠶᠢᠴᠢ ᠠᠭᠰᠠᠭᠤᠯᠳᠠᠢ ᠨᠣᠶᠠᠨ᠃ ᠲᠡᠭᠦᠨ ᠤ ᠬᠦᠣ ᠠᠷᠠᠭ ᠲᠡᠮᠣᠷ᠂ ᠦᠷᠦᠭ᠂ ᠲᠡᠮᠣᠷ᠃ ᠠᠬ᠎ᠠ ᠳᠠᠭᠠᠨ ᠦᠮᠴᠢ ᠡᠰᠡ ᠦᠭᠳᠡᠭᠡᠳ᠂ ᠦᠭᠡᠯᠡᠳ ᠤᠨ ᠲᠣᠭᠤᠨ ᠲᠠᠶᠢᠱᠢ ᠳᠤ ᠲᠦᠰᠢᠭᠰᠡᠨ﹀﹀ ᠭᠡᠵᠦ ᠲᠡᠮᠳᠡᠭᠯᠡᠵᠦ ᠠᠮᠣᠢ᠃   ᠣᠶᠢᠷᠠᠳ ᠤᠨ ︿︿ᠵᠦᠩᠭᠠᠷ ᠤᠨ ᠲᠣᠬᠠᠢ ᠪᠦᠭᠦᠳᠡ ᠲᠡᠮᠳᠡᠭᠯᠡᠯ ᠤᠨ ᠲᠣᠪᠴᠢ﹀﹀ ᠬᠡᠮᠡᠬᠦ ᠲᠡᠮᠳᠡᠭᠯᠡᠯ ᠳᠤ ᠬᠤᠰᠢᠭᠤᠳ ︵ᠬᠤᠱᠣᠳ︶ ᠲᠤ ᠣᠷᠠᠳ ᠣᠳᠤᠭ ᠤᠨ ᠡᠷᠦᠬᠡ ᠭᠤᠷᠪᠠᠨ ᠮᠢᠩᠭ᠎ᠠ᠂ ᠠᠯᠳᠠᠴᠢᠨ ᠲᠠᠪᠣᠨ ᠵᠠᠭᠤᠨ ᠡᠷᠦᠬᠡ ᠪᠠᠶᠢᠵᠦ ᠭᠡᠵᠦ ᠲᠡᠮᠳᠡᠭᠯᠡᠵᠦ ᠪᠠᠶᠢᠨ᠎ᠠ᠃ ᠡᠳᠡᠭᠡᠷ ᠣᠷᠡᠳ ᠨᠢ ᠲᠠᠷᠦᠢ ᠠᠷᠪᠠᠨ ᠲᠠᠪᠣᠳᠣᠭᠠᠷ ᠵᠠᠭᠤᠨ ᠤ ᠦᠶᠡᠰ ᠢᠶᠠᠷ ᠬᠤᠷᠴᠢᠨ ᠨᠣᠳᠤᠭ ᠠᠴᠠ ᠦᠷᠦᠭᠳᠡᠮᠣᠷ ᠢ ᠲᠠᠭᠠᠵᠦ ᠶᠠᠪᠣᠭᠰᠡᠨ ᠬᠤᠰᠢᠭᠤᠳ ᠠᠴᠠ ᠰᠠᠯᠭᠠᠵᠦ ᠦᠭᠭᠦᠭᠰᠡᠨ ᠠᠯᠪᠠᠳᠣ ᠤᠳ ᠤᠨ ᠲᠣᠳᠣᠷᠠᠬᠢ ᠣᠷᠠᠳ ᠤᠳ ᠪᠣᠯᠣᠨ᠎ᠠ᠃   ᠠᠷᠪᠠᠨ ᠲᠠᠪᠣᠳᠣᠭᠠᠷ ᠵᠠᠭᠤᠨ ᠤ ᠲᠣᠮᠳᠠᠴᠢ ᠦᠶ᠎ᠡ ᠠᠴᠠ ᠡᠬᠢᠯᠡᠨ ᠲᠣᠷᠣᠨ᠎ᠠ ᠮᠣᠩᠭᠤᠯ ᠤᠨ ᠬᠠᠭᠠᠨ ᠤ ᠬᠦᠴᠦᠨ ᠰᠣᠯᠠᠷᠠᠭᠰᠡᠨ ᠲᠠᠯᠢᠮ ᠳᠤ ᠬᠤᠷᠴᠢᠨᠴᠣᠳ᠂ ᠴᠢᠩᠭᠡᠰ ᠤᠨ ᠲᠡᠭᠦᠣ ᠬᠠᠪᠣᠳᠣ ᠬᠠᠰᠠᠷ ᠲᠤ ᠦᠮᠴᠢ ᠪᠣᠯᠭᠠᠨ ᠬᠤᠪᠢᠳᠠᠭᠰᠡᠨ ᠵᠡᠭᠦᠨ ᠣᠷᠣᠨ ᠡᠷᠭᠦᠨ᠎ᠠ ᠮᠦᠷᠢᠨ ᠤ ᠬᠠᠪᠢ ᠳᠠᠭᠠᠣ ᠨᠣᠳᠤᠭ ᠲᠤ ᠪᠠᠨ ᠢᠳᠡᠭ ᠢᠳᠡᠭ ᠢᠶᠠᠷ ᠬᠦᠴᠦᠷᠬᠡᠭᠵᠢᠨ᠂ ᠣᠮᠠᠷᠠᠳᠣ ᠶᠣᠸᠠᠨ ᠣᠯᠣᠰ ᠤᠨ ᠬᠠᠭᠠᠨ ᠲᠦᠷᠦ ᠮᠠᠨᠳᠣᠵᠦ ᠪᠠᠭᠤᠷᠠᠬᠤ ᠶᠢ ᠰᠢᠢᠳᠪᠣᠷᠢᠯᠡᠬᠦ ᠬᠦᠴᠦᠨ ᠲᠠᠢ ᠪᠣᠯᠣᠭᠰᠡᠨ ᠪᠠᠶᠢᠨ᠎ᠠ᠃ ᠪᠠᠳᠦᠮᠦᠩᠬᠡ ᠲᠠᠶᠠᠨ ᠬᠠᠭᠠᠨ ᠲᠣᠷᠣᠨ᠎ᠠ ᠮᠣᠩᠭᠤᠯ ᠣᠷᠣᠨ᠎ᠠ ᠵᠢᠷᠭᠤᠭᠠᠨ ᠲᠦᠮᠡᠨ ᠤ ᠵᠠᠰᠠᠭ ᠵᠠᠬᠢᠷᠭ᠎ᠠ ᠶᠢ ᠪᠠᠶᠢᠭᠤᠯᠣᠨ᠂ ᠪᠣᠳᠠᠷᠠᠭᠰᠡᠨ ᠮᠣᠩᠭᠤᠯ ᠢᠶᠠᠨ ᠨᠢᠭᠡᠳᠬᠡᠬᠦ ᠳᠤ ᠬᠤᠷᠴᠢᠨ ᠶᠡᠭᠡ ᠲᠣᠰᠠᠯᠠᠮᠵᠢ ᠲᠡᠮᠵᠢᠯᠭᠡ ᠦᠵᠡᠭᠦᠯᠣᠭᠰᠡᠨ ᠪᠦᠭᠡᠳ ᠡᠨᠡ ᠦᠶ᠎ᠡ ᠬᠤᠷᠴᠢᠨᠴᠣᠳ ᠨᠢᠭᠡᠨᠳᠡ ᠲᠠᠶᠠᠨ ᠬᠠᠭᠠᠨ ᠤ ᠡᠷᠬᠡᠰᠢᠶᠠᠯ ᠳᠤ ᠦᠯᠦ ᠪᠠᠭᠳᠠᠬᠤ ᠲᠣᠰᠠᠭᠠᠷ ᠨᠢᠭᠡ ᠲᠦᠮᠡᠨ ᠪᠣᠯᠵᠦ᠂ ᠬᠤᠷᠴᠢᠨ ᠤ ᠣᠷᠳᠣᠳᠠᠢ ᠲᠦᠷᠦᠭᠦᠲᠠᠢ ᠨᠣᠶᠠᠳ ᠬᠠᠷᠢᠶᠠᠳᠣ ᠲᠦᠮᠡᠨ ᠢᠶᠠᠨ ᠵᠠᠭᠦᠨ ᠪᠠᠷᠠᠭᠤᠨ ᠭᠠᠷ ᠲᠤ ᠣᠯᠣᠰ ᠬᠡᠮᠡᠨ ᠨᠣᠶᠠᠷᠬᠠᠵᠦ ᠪᠠᠶᠢᠵᠠᠢ᠃   ᠡᠨᠡ ᠲᠣᠬᠠᠢ ᠠᠷᠪᠠᠨ ᠲᠣᠯᠣᠳᠣᠭᠠᠷ ᠵᠠᠭᠤᠨ ᠤ ᠦᠶ᠎ᠡ ᠪᠣᠶᠣ ᠠᠷᠪᠠᠨ ᠲᠣᠯᠣᠳᠣᠭᠠᠷ ᠵᠠᠭᠤᠨ ᠤ ᠡᠬᠢᠨ ᠤ ᠦᠶ᠎ᠡ  ᠪᠠᠷ ᠪᠢᠴᠢᠭᠳᠡᠭᠰᠡᠨ ᠮᠣᠩᠭᠤᠯ ᠤᠨ ᠲᠡᠣᠬᠡᠨ ᠠᠯᠳᠠᠷᠳᠣ ᠵᠣᠬᠢᠶᠠᠯ ᠶᠡᠭᠡ ᠪᠠᠭ᠎ᠠ ᠬᠤᠶᠠᠷ ᠬᠤᠪᠢ ︿︿ᠠᠯᠳᠠᠨ ᠳᠣᠪᠴᠢ ﹀﹀ ᠬᠡᠮᠡᠬᠦ ᠨᠣᠮ ᠳᠤ᠄ ︿︿ᠰᠢᠨ᠎ᠡ ᠮᠢᠩᠭᠠᠨ᠂ ᠮᠠᠭᠤ ᠮᠢᠩᠭᠠᠨ᠂ ᠣᠷᠠᠳ᠂ ᠠᠯᠳᠠᠴᠢᠨ᠂ ᠪᠣᠳᠠᠴᠢᠨ᠂ ᠲᠠᠳᠠᠭᠠᠯᠵᠢᠨ ᠂ ᠭᠤᠷᠯᠣᠰ ᠢ ᠵᠠᠭᠦᠨ ᠭᠠᠷ ᠤᠨ ᠲᠣᠯᠣᠭᠠᠨ ᠣᠳᠤᠭ ︵ᠬᠤᠷᠴᠢᠨ ᠣᠯᠣᠰ︶᠂ ᠬᠡᠷᠡᠶᠢᠳ᠂ ᠵᠣᠶᠢᠳ᠂ ᠶᠡᠭᠡ ᠮᠢᠩᠭᠠᠨ᠂ ᠭᠡᠭᠦᠨ ᠭᠡᠰᠢᠭ ᠲᠦᠢᠪᠡᠭᠡᠨ᠂ ᠰᠠᠬᠠᠶᠢᠳ ᠢ ᠪᠠᠷᠠᠭᠤᠨ ᠭᠠᠷ ᠤᠨ ᠵᠢᠷᠭᠤᠭᠠᠨ ᠣᠳᠤᠭ ︵ᠬᠡᠷᠡᠶᠢᠳ ᠣᠯᠣᠰ︶﹀﹀ ᠬᠡᠮᠡᠨ ᠳᠣᠲᠣ ᠲᠡᠮᠳᠡᠭᠯᠡᠭᠰᠡᠨ ᠪᠠᠶᠢᠨ᠎ᠠ᠃   ᠡᠨᠡ ᠦᠶ᠎ᠡ ᠣᠷᠠᠳᠴᠣᠳ ᠪᠣᠯ ᠬᠤᠷᠴᠢᠨ ᠲᠦᠮᠡᠨ ᠤ ᠵᠠᠭᠦᠨ ᠭᠠᠷ ᠤᠨ ᠲᠣᠯᠣᠭᠠᠨ ᠣᠳᠤᠭ ᠤᠨ ᠨᠢᠭᠡ ᠪᠣᠯᠬᠤ ᠪᠦᠭᠡᠳ ᠣᠨᠣᠨ ᠮᠦᠷᠢᠨ ᠤ ᠲᠣᠣᠷᠠᠳᠣ ᠣᠷᠣᠰᠬᠠᠯ ᠨᠢᠪᠴᠦ᠋ ᠣᠷᠴᠢᠮ ᠨᠣᠳᠣᠭᠯᠠᠵᠦ ᠪᠠᠶᠢᠪᠠ᠃ 1636 ᠣᠨ ᠤ 11 ᠰᠠᠷ᠎ᠠ ᠳᠤ ᠴᠢᠩ ᠣᠯᠣᠰ ᠲᠤ ᠣᠷᠣᠵᠦ ᠦᠭᠭᠦᠭᠰᠡᠨ ᠮᠣᠩᠭᠤᠯ ᠬᠤᠰᠢᠭᠤᠳ ᠤᠨ ᠬᠦᠮᠦᠨ ᠠᠮᠠ ᠶᠢ ᠪᠠᠶᠢᠴᠠᠭᠠᠬᠤ ᠦᠶ᠎ᠡ ᠣᠷᠠᠳ ᠣᠳᠤᠭ ᠨᠢ 1895 ᠡᠷᠦᠬᠡ 37 ᠰᠣᠮᠣ ᠲᠠᠢ ᠪᠠᠶᠢᠵᠠᠢ᠃ ᠡᠨᠡᠬᠦ 1895 ᠡᠷᠦᠬᠡ ᠣᠷᠠᠳ ᠪᠣᠯ 15 ᠳ᠋ᠣᠭᠠᠷ ᠵᠠᠭᠤᠨ ᠤ ᠦᠶ᠎ᠡ ᠳᠤ ᠦᠷᠦᠭᠳᠡᠮᠣᠷ ᠢ ᠲᠠᠭᠠᠨ ᠰᠢᠩᠭᠡᠬᠦ ᠨᠠᠷᠠᠨ ᠤ ᠵᠦᠭ ᠲᠤ ᠮᠣᠷᠳᠠᠭᠰᠡᠨ ᠣᠷᠠᠳ ᠤᠳ ᠠᠴᠠ ᠭᠠᠳᠠᠨ᠎ᠠ ᠬᠤᠷᠴᠢᠨ ᠨᠣᠳᠤᠭ ᠲᠤ ᠦᠯᠡᠳᠡᠭᠰᠡᠨ ᠬᠦᠮᠦᠰ ᠨᠢ ᠪᠣᠯᠣᠨ᠎ᠠ᠃   ︿︿ᠪᠠᠷᠠᠭᠤᠨ ᠣᠷᠣᠨ ᠤ ᠨᠣᠳᠤᠭ ᠤᠨ ᠣᠶᠢᠯᠠᠯᠭ᠎ᠠ﹀﹀ ︵西域图志︶ ᠬᠡᠬᠦ ᠲᠡᠮᠳᠡᠭᠯᠡᠯ ᠠᠴᠠ ᠦᠵᠡᠪᠡᠯ 16 ᠳ᠋ᠣᠭᠠᠷ ᠵᠠᠭᠤᠨ ᠤ ᠦᠶ᠎ᠡ ᠬᠦᠷᠴᠦ ᠢᠷᠡᠭᠡᠳ ᠦᠷᠦᠭᠳᠡᠮᠣᠷ ᠢ ᠳᠠᠭᠠᠵᠦ ᠶᠠᠪᠣᠭᠰᠡᠨ ᠣᠷᠠᠳᠴᠣᠳ ᠨᠢ ᠬᠤᠱᠣᠳ ᠬᠠᠨᠢ ᠨᠣᠶᠠᠨ ᠬᠤᠩᠬᠤᠷ ᠤᠨ ᠣᠳᠬᠤᠨ ᠬᠦᠪᠡᠭᠦᠨ ᠪᠣᠶᠠᠨ ᠣᠳᠬᠤᠨ ᠤ ᠣᠣᠭᠠᠨ ᠬᠦᠪᠡᠭᠦᠨ ᠳᠣᠭᠤᠯᠠᠩ ᠰᠡᠷᠡᠩ ᠤᠨ ᠬᠠᠷᠢᠶᠠᠨ ᠳᠤ ᠪᠠᠶᠢᠭᠰᠡᠨ ᠪᠠᠶᠢᠵᠠᠢ᠃ ᠰᠡᠭᠦᠯᠡᠷ ᠨᠢ ᠢᠯᠢ ᠭᠤᠣᠯ ᠤᠨ ᠭᠦᠩᠭᠦᠰ ᠬᠡᠮᠡᠬᠦ ᠭᠠᠵᠠᠷ ᠲᠤ ᠨᠣᠳᠣᠭᠯᠠᠵᠦ ᠭᠤᠣᠯᠳᠠᠭᠤ ᠭᠠᠷ ᠦᠢᠯᠡᠳᠪᠦᠷᠢ ᠶᠢᠨ ᠠᠵᠢᠯ ᠢ ᠡᠷᠬᠢᠯᠡᠨ᠂ ᠲᠡᠨᠳᠡᠬᠢ ᠬᠤᠷᠪᠣᠰ ᠭᠡᠬᠦ ᠨᠣᠳᠤᠭ ᠤᠨ ᠬᠦᠮᠦᠰ ᠲᠠᠢ ᠨᠡᠶᠢᠳᠡ 8 ᠮᠢᠩᠭᠠᠨ ᠡᠷᠦᠬᠡ ᠪᠠᠶᠢᠵᠠᠢ᠃ ᠡᠳᠡᠭᠡᠷ ᠣᠷᠠᠳ ᠢ ᠡᠬᠢᠨ ᠳᠤ ᠪᠠᠨ ︿︿ᠣᠷᠠᠨ ᠭᠠᠷ﹀﹀ ᠭᠡᠵᠦ ᠲᠠᠭᠤᠳᠠᠵᠦ ᠪᠠᠶᠢᠭᠰᠡᠨ ᠢᠶᠠᠨ ᠵᠡᠭᠦᠨᠭᠠᠷ ᠬᠠᠭᠠᠨᠳᠣ ᠣᠯᠣᠰ ᠤᠨ ᠦᠶ᠎ᠡ ︿︿ᠣᠷᠠᠳ﹀﹀ ᠬᠡᠮᠡᠨ ᠨᠡᠷᠡᠯᠡᠬᠦ ᠪᠣᠯᠪᠠ᠃ ᠣᠷᠠᠳ ᠠᠶᠢᠮᠠᠭ ᠬᠦᠯᠦᠨ ᠪᠣᠶᠢᠷ ᠤᠨ ᠬᠦᠪᠳᠦ ᠨᠠᠢᠮᠠᠨ ᠴᠠᠭᠠᠨ ᠳᠤ ᠨᠣᠳᠣᠭᠰᠢᠵᠦ ᠪᠠᠶᠢᠬᠤ ᠦᠶ᠎ᠡ ᠳᠤ ᠪᠠᠶᠢᠷᠢᠰᠢᠵᠦ ᠨᠣᠳᠣᠭᠰᠢᠭᠰᠡᠨ ᠣᠷᠴᠢᠨ ᠠᠬᠤᠢ ᠪᠠᠷ ᠢᠶᠠᠨ ᠡᠮᠦᠨ᠎ᠡ᠂ ᠬᠤᠶᠢᠳᠣ᠂ ᠲᠣᠮᠳᠠᠳᠣ ᠬᠡᠮᠡᠨ ᠭᠤᠷᠪᠠᠨ ᠰᠠᠯᠠᠭ᠎ᠠ ᠬᠤᠪᠢᠶᠠᠭᠳᠠᠭᠰᠡᠨ ᠪᠠᠶᠢᠨ᠎ᠠ᠃ ᠬᠠᠷᠢᠨ ᠣᠳᠣᠬᠢ ᠨᠣᠳᠤᠭ ᠲᠤ ᠢᠷᠡᠭᠰᠡᠨ ᠤ ᠲᠠᠷᠠᠭ᠎ᠠ ᠬᠤᠪᠢᠶᠠᠭᠳᠠᠭᠰᠡᠨ ᠣᠴᠢᠷ ᠣᠭᠳᠣ ᠪᠢᠰᠢ᠃ ᠭᠡᠪᠡᠴᠦ ᠣᠳᠣᠬᠢ ᠨᠣᠳᠣᠭᠰᠢᠵᠦ ᠪᠠᠶᠢᠬᠤ ᠨᠣᠳᠤᠭ ᠲᠤ ᠢᠷᠡᠭᠡᠳ ᠡᠮᠣᠨ᠎ᠡ ᠰᠠᠯᠠᠭ᠎ᠠ ᠶᠢ ᠨᠢ ︿︿ᠣᠷᠠᠳ ᠤᠨ ᠪᠠᠷᠠᠭᠤᠨ ᠭᠦᠩ ᠤᠨ ᠬᠤᠰᠢᠭᠤ﹀﹀᠂ ᠳᠣᠮᠳᠠᠳᠣ ᠰᠠᠯᠠᠭ᠎ᠠ ᠶᠢ ᠨᠢ ︿︿ᠣᠷᠠᠳ ᠤᠨ ᠳᠣᠮᠳᠠᠳᠣ ᠭᠦᠩ ᠤᠨ ᠬᠤᠰᠢᠭᠤ﹀﹀᠂ ᠬᠤᠶᠢᠳᠣ ᠰᠠᠯᠠᠭ᠎ᠠ ᠶᠢ ᠨᠢ ︿︿ᠣᠷᠠᠳ ᠤᠨ ᠵᠠᠭᠦᠨ ᠭᠦᠩ  ᠤᠨ ᠬᠤᠰᠢᠭᠤ﹀﹀ ᠬᠤᠰᠢᠭᠤ ᠬᠡᠮᠡᠨ ᠨᠡᠭᠦᠳᠡᠯᠯᠡᠵᠦ ᠢᠷᠡᠭᠰᠡᠨ ᠤ ᠲᠠᠷᠠᠭᠠᠬᠢ ᠭᠠᠵᠠᠷ ᠤᠨ ᠪᠠᠶᠢᠴᠠ ᠪᠠᠷ ᠨᠢ ᠨᠡᠷᠡᠯᠡᠭᠰᠡᠨ ᠪᠢᠯᠡ᠃   ᠣᠷᠠᠳ ᠤᠨ ᠭᠤᠷᠪᠠᠨ ᠬᠤᠰᠢᠭᠤ ᠲᠦᠷᠦᠯ ᠰᠠᠳᠣᠨ ᠤ ᠬᠠᠷᠢᠴᠠᠭ᠎ᠠ ᠲᠠᠢ ᠳᠣᠯᠠ ᠨᠣᠳᠤᠭ ᠤᠨ ᠬᠢᠯᠢ ᠪᠠᠨ ᠶᠡᠷᠦ  ᠠᠴᠠ ᠳᠣᠳᠣ ᠬᠤᠪᠢᠶᠠᠭᠰᠡᠨ ᠦᠭᠡᠢ᠂ ᠳᠣᠮᠳᠠᠳᠣ ᠬᠤᠰᠢᠭᠤᠨ ᠤ ᠬᠦᠮᠦᠨ ᠡᠮᠣᠨᠡᠳᠣ ᠬᠤᠰᠢᠭᠤᠨ ᠳᠤ ᠰᠦᠮ᠎ᠡ ᠬᠡᠶᠢᠳ ᠪᠠᠶᠢᠭᠤᠯᠵᠦ ᠪᠣᠯᠳᠠᠭ ᠶᠣᠮ᠃ ᠭᠡᠪᠡᠴᠣ ᠲᠡᠳᠡ ᠠᠯᠪᠠᠳᠣ ᠰᠣᠮᠣ ᠪᠠᠨ ᠲᠣᠳᠣᠷᠬᠠᠢ ᠬᠤᠪᠢᠶᠠᠭᠰᠡᠨ ᠪᠠᠶᠢᠳᠠᠭ᠃ ᠣᠷᠠᠳ ᠤᠨ ᠭᠤᠷᠪᠠᠨ ᠭᠦᠩ ᠤᠨ ᠬᠤᠰᠢᠭᠤᠨ ᠤ ᠡᠵᠡᠯᠡᠵᠦ ᠰᠠᠭᠤᠭᠰᠡᠨ ᠨᠣᠳᠤᠭ ᠤᠨ ᠪᠠᠶᠢᠳᠠᠯ ᠨᠢ ᠡᠮᠣᠨᠡᠳᠣ ᠬᠤᠰᠢᠭᠤ ᠨᠢ ᠮᠣᠨᠠ ᠠᠭᠤᠯᠠ ᠶᠢ ᠡᠪᠣᠷᠯᠡᠨ᠂ ᠬᠠᠳᠣᠨ ᠭᠤᠣᠯ ᠤᠨ ᠬᠤᠶᠢᠳᠣ ᠬᠦᠪᠡᠭᠡ ᠶᠢ ᠬᠦᠪᠡᠭᠡᠯᠡᠨ ᠪᠠᠷᠠᠭᠤᠨᠰᠢ ᠠᠯᠠᠱᠠ ᠲᠠᠢ ᠵᠠᠬ᠎ᠠ ᠨᠡᠶᠢᠯᠡᠨ᠂ ᠠᠯᠠᠱᠠ ᠶᠢᠨ ᠵᠡᠭᠦᠨ ᠪᠡᠶ᠎ᠡ ᠪᠠᠷ ᠨᠢ ᠪᠠᠷᠠᠭᠤᠨ ᠬᠤᠶᠢᠰᠢ ᠭᠠᠷ ᠰᠣᠩᠭᠤᠬᠤ ᠮᠡᠳᠣ ᠬᠦᠨᠳᠣᠰᠦ ᠴᠠᠭᠠᠨ ᠠᠭᠤᠯᠠ ᠬᠦᠷᠳᠡᠯ᠎ᠡ ᠨᠠᠷᠢᠨ ᠣᠷᠳᠣ ᠨᠣᠳᠤᠭ ᠲᠠᠢ ᠬᠤᠶᠢᠰᠢ ᠬᠠᠳᠠᠢ ᠠᠭᠤᠯᠠ᠂ ᠣᠯᠠᠭᠠᠨ ᠡᠷᠬᠢ ᠬᠦᠷᠳᠡᠯ᠎ᠡ᠂ ᠵᠡᠭᠦᠨᠰᠢ ᠪᠣᠭᠤᠳᠣ ᠬᠦᠷᠳᠡᠯ᠎ᠡ ᠣᠷᠳᠣᠯᠵᠢᠨ ᠮᠠᠶ᠋ᠢᠭᠳᠠᠢ ᠨᠣᠳᠤᠭ ᠲᠡᠪᠢᠰᠭᠡᠷ ᠲᠠᠢ᠃ ᠳᠣᠮᠳᠠᠳᠣ ᠬᠤᠰᠢᠭᠤ ᠨᠢ ᠪᠠᠷᠠᠭᠤᠨᠰᠢ ᠠᠯᠠᠱᠠ᠂ ᠵᠡᠭᠦᠨᠰᠢ ᠲᠠᠷᠬᠠᠨ ᠮᠣᠣᠮᠢᠩᠭᠠᠨ᠂ ᠬᠤᠶᠢᠰᠢ ᠪᠠᠨ ᠬᠠᠯᠬ᠎ᠠ ᠬᠦᠷᠳᠡᠯ᠎ᠡ ᠠᠭᠤᠳᠠᠮ ᠨᠣᠳᠤᠭ ᠲᠡᠪᠢᠰᠭᠡᠷ ᠢ ᠡᠵᠡᠮᠰᠢᠵᠦ᠂ ᠬᠤᠶᠢᠳᠣ ᠬᠤᠰᠢᠭᠤ ᠵᠡᠭᠦᠨᠰᠢ ᠭᠦᠶᠠᠩ ᠰᠢᠶᠠᠨ᠂ ᠵᠡᠭᠦᠨ ᠡᠮᠣᠨᠡᠰᠢ ᠲᠦᠮᠡᠳ  ᠲᠠᠢ ᠵᠠᠬ᠎ᠠ ᠨᠡᠶᠢᠯᠡᠵᠦ᠂ ᠪᠠᠷᠠᠭᠤᠨᠰᠢ ᠡᠮᠣᠨ᠎ᠡ ᠬᠤᠰᠢᠭᠤ ᠲᠠᠢ ᠵᠠᠬ᠎ᠠ ᠨᠡᠶᠢᠯᠡᠵᠦ᠂ ᠪᠠᠷᠠᠭᠤᠨ ᠬᠤᠶᠢᠰᠢ ᠳᠣᠮᠳᠠᠳᠣ ᠬᠤᠰᠢᠭᠤ ᠶᠢᠨ ᠴᠢᠩ ᠬᠦᠷᠢᠶ᠎ᠡ ᠬᠦᠷᠳᠡᠯᠡᠬᠢ ᠭᠠᠵᠠᠷ ᠲᠠᠢ ᠬᠤᠳᠬᠤᠯᠳᠣᠨ ᠪᠠᠶᠢᠷᠢᠰᠢᠵᠦ ᠪᠠᠶᠢᠳᠠᠭ᠃ ᠬᠤᠵᠢᠮ ᠨᠢ ︿︿ᠪᠠᠳᠭᠡᠷ ᠵᠣᠣ﹀﹀ ᠪᠠᠶᠢᠭᠤᠯᠣᠭᠳᠠᠭᠰᠡᠨ ᠤ ᠲᠠᠷᠠᠭ᠎ᠠ ᠵᠡᠭᠦᠨ ᠭᠦᠩ ᠤᠨ ᠬᠤᠰᠢᠭᠤ᠂ ᠬᠤᠰᠢᠭᠤ ᠬᠡᠶᠢᠳ ᠪᠣᠯᠭᠠᠬᠤ ᠬᠡᠮᠡᠨ ᠭᠠᠵᠠᠷ ᠨᠣᠳᠤᠭ ᠬᠦᠮᠦᠨ ᠠᠮᠠ ᠬᠤᠪᠢᠶᠠᠨ ᠭᠠᠷᠭᠠᠵᠦ ᠦᠭᠭᠦᠭᠰᠡᠨ ᠴᠦ ᠰᠠᠨᠠᠭᠠᠨ ᠳᠤ ᠪᠠᠨ ᠡᠰᠡ ᠬᠦᠷᠪᠡ᠃   ᠵᠡᠭᠦᠨ ᠭᠦᠩ ᠤᠨ ᠬᠤᠰᠢᠭᠤᠨ ᠤ ᠵᠠᠰᠠᠭ ᠨᠣᠶᠠᠨ ᠳᠣᠪᠠ ᠪᠣᠯ ᠳᠣᠮᠳᠠᠳᠣ ᠭᠦᠩ ᠤᠨ ᠬᠤᠰᠢᠭᠤᠨ ᠤ ᠨᠣᠶᠠᠨ ᠪᠠᠭᠪᠠᠭ᠋ᠠᠢ ᠳᠤ ᠠᠪᠠᠭ᠎ᠠ ᠶᠢᠨ ᠦᠶ᠎ᠡ ᠲᠠᠢ ᠬᠦᠮᠦᠨ ᠪᠣᠯᠣᠨ᠎ᠠ᠃ ᠳᠣᠪᠠ ᠭᠦᠩ ᠴᠢᠩ ᠣᠯᠣᠰ ᠤᠨ ᠡᠶᠡᠪᠡᠷ ᠵᠠᠰᠠᠭᠴᠢ  ᠲᠠᠢ ᠵᠠᠯᠠᠭᠤ ᠦᠶ᠎ᠡ ᠰᠠᠶᠢᠨ ᠨᠠᠶᠢᠵᠢ ᠪᠠᠶᠢᠭᠰᠡᠨ ᠪᠦᠭᠡᠳ ᠬᠤᠵᠢᠮ ᠡᠶᠡᠪᠡᠷ ᠵᠠᠰᠠᠭᠴᠢ ᠶᠢ ᠬᠠᠭᠠᠨ ᠰᠠᠭᠤᠪᠠᠯ ᠨᠠᠳᠠᠳᠣ ᠶᠠᠮᠠᠷ ᠵᠡᠷᠭᠡ ᠦᠭᠬᠦ ᠪᠠᠨ ᠬᠦᠷᠳᠡᠯ᠎ᠡ ᠶᠡᠷᠢᠯᠴᠠᠳᠠᠭ ᠪᠠᠶᠢᠵᠠᠢ᠃ ᠲᠡᠢᠮᠣ ᠠᠴᠠ ᠡᠶᠡᠪᠡᠷ ᠵᠠᠰᠠᠭᠴᠢ ᠬᠠᠭᠠᠨ ᠪᠣᠯᠣᠨ ᠭᠦᠩ ᠬᠤᠶᠠᠭᠤᠯᠠ ᠳᠣᠶᠢᠯ ᠤᠨ ᠳᠣᠳᠣᠨᠣ ᠶᠠᠪᠣᠯᠴᠠᠵᠦ᠂ ᠣᠷᠠᠳ ᠠᠶᠢᠮᠠᠭ ᠤᠨ ᠣᠯᠠᠨ ᠣᠴᠢᠷ ᠶᠠᠪᠣᠳᠠᠯ ᠳᠤ ᠶᠠᠭᠤᠨ ᠤ ᠡᠮᠣᠨ᠎ᠡ ᠳᠣᠪᠠ ᠪᠠᠷ ᠲᠠᠮᠵᠢᠭᠤᠯᠣᠨ ᠣᠷᠠᠳ ᠠᠶᠢᠮᠠᠭ ᠢ ᠡᠷᠬᠡᠰᠢᠶᠡᠳᠡᠭ ᠪᠠᠶᠢᠪᠠ᠃   ᠣᠷᠠᠳᠴᠣᠳ ᠡᠶᠡᠪᠡᠷ ᠵᠠᠰᠠᠭᠴᠢ ᠶᠢᠨ ᠵᠢᠷᠭᠤᠭᠠᠨ ᠣᠨ ᠳᠤ ᠣᠳᠣᠬᠢ ᠨᠣᠳᠤᠭ ᠲᠤ ᠨᠡᠭᠦᠳᠡᠯᠯᠡᠵᠦ ᠢᠷᠡᠬᠦ ᠦᠶ᠎ᠡ 1895 ᠡᠷᠦᠬᠡ᠂ 37 ᠰᠣᠮᠣ ᠬᠦᠮᠦᠨ ᠢᠷᠡᠭᠰᠡᠨ ᠪᠠᠶᠢᠨ᠎ᠠ᠃ ᠲᠡᠳᠡ ᠬᠦᠯᠦᠨ ᠪᠣᠶᠢᠷ ᠤᠨ ᠬᠦᠪᠳᠣ ᠨᠠᠢᠮᠡᠨ ᠴᠠᠭᠠᠨ  ᠠᠴᠠ ᠣᠳᠣᠬᠢ ᠨᠣᠳᠤᠭ ᠲᠤ ᠢᠷᠡᠭᠰᠡᠨ ᠤ ᠲᠠᠷᠠᠭ᠎ᠠ ᠮᠣᠨᠠ ᠠᠭᠤᠯᠠ ᠶᠢᠨ ᠦᠪᠦᠷ ᠬᠠᠳᠠᠮᠠᠯ ᠤᠨ ᠭᠤᠣᠯ ᠤᠨ ᠡᠮᠣᠨ᠎ᠡ ᠭᠤᠷᠪᠠᠨ ᠴᠠᠭᠠᠨ ᠮᠣᠩᠭᠤᠯ ᠭᠡᠷ ᠢᠶᠠᠨ ᠪᠣᠰᠬᠠᠨ ᠬᠠᠮᠳᠣ ᠵᠠᠰᠠᠭᠯᠠᠭᠰᠡᠨ ᠪᠠᠶᠢᠨ᠎ᠠ᠃   15 ᠳ᠋ᠣᠭᠠᠷ ᠵᠠᠭᠤᠨ ᠤ ᠦᠶ᠎ᠡ ᠣᠷᠠᠳ ᠤᠳ ᠳᠣᠷᠣᠨ᠎ᠠ ᠮᠣᠩᠭᠤᠯ ᠳᠣᠭᠠᠳᠠᠨ ᠤ ᠳᠣᠮᠳᠠ ᠶᠠᠮᠠᠷᠴᠣ ᠨᠡᠶᠢᠭᠡᠮ  ᠤᠨ ᠪᠠᠶᠢᠷᠢ ᠰᠠᠭᠤᠷᠢ ᠦᠭᠡᠢ᠂ ᠬᠠᠭᠠᠨ ᠨᠣᠶᠠᠳ ᠤᠨ ᠣᠭᠰᠠᠭᠠᠳᠠᠳ ᠤᠨ ᠬᠠᠷᠢᠶᠠᠳᠣ ᠠᠯᠪᠠᠳᠣ ᠪᠠᠶᠢᠭᠰᠡᠨ ᠳᠣᠯᠠ ᠠᠷᠣᠭᠳᠡᠮᠣᠷ ᠲᠡᠭᠦᠣ ᠳᠤ ᠪᠠᠨ ᠬᠤᠰᠢᠭᠤ ᠬᠤᠰᠢᠭᠤᠨ ᠠᠴᠠ ᠲᠣᠷᠣᠢ ᠪᠠᠭᠤᠷᠠᠢ ᠬᠦᠮᠦᠰ ᠢ ᠬᠤᠪᠢᠶᠠᠵᠦ ᠦᠭᠬᠦ ᠳᠤ ᠣᠷᠠᠳᠴᠣᠳ ᠬᠠᠮᠤᠭ ᠤᠨ ᠡᠮᠣᠨ᠎ᠡ ᠪᠡᠯᠡᠭ ᠪᠣᠯᠣᠭᠰᠡᠨ ᠨᠢ ᠢᠯᠡᠷᠬᠡᠢ᠃   15 ᠳ᠋ᠣᠭᠠᠷ ᠵᠠᠭᠤᠨ ᠪᠣᠯ ᠮᠣᠩᠭᠤᠯ ᠳᠣᠭᠤᠷᠭᠠᠳᠠᠳ ᠤᠨ ᠳᠣᠮᠳᠠ ᠦᠮᠡᠭᠡᠨ ᠶᠡᠭᠡ ᠲᠠᠢ ᠭᠠᠢ ᠭᠠᠮᠰᠢᠭ ᠲᠠᠢ ᠣᠨ ᠵᠢᠯ ᠳᠣᠯᠠ ᠬᠤᠷᠴᠢᠨ ᠤ ᠵᠠᠭᠦᠨ ᠭᠠᠷ ᠤᠨ ᠳᠣᠯᠣᠭᠠᠨ ᠣᠳᠤᠭ ᠲᠤ ᠲᠡᠭᠡᠷ᠎ᠡ ᠪᠠᠨ ᠡᠵᠡᠳ ᠨᠣᠶᠠᠳ ᠬᠠᠮᠢᠶᠠᠷᠠᠬᠤ ᠬᠦᠮᠦᠨ ᠦᠭᠡᠢ᠂ ᠮᠣᠩᠭᠤᠯ ᠤᠨ ᠳᠣᠮᠣ ᠣᠪᠣᠭ ᠣᠭᠰᠠᠭᠠᠳᠡᠳ᠂ ᠵᠢᠱᠢᠶᠠᠯᠡᠪᠡᠯ᠄ ︿︿ᠲᠡᠷᠡᠯᠢᠬᠡᠨ ᠮᠣᠩᠭᠤᠯ﹀﹀ ᠤᠨ ᠬᠠᠷᠠᠨᠣᠳ᠂ ᠬᠡᠬᠡᠷᠡᠨᠣᠳ᠂ ᠣᠯᠠᠨᠣᠳ᠂᠂᠂᠂ ᠪᠠ ︿︿ᠨᠢᠷᠣᠭᠠᠨ ᠮᠣᠩᠭᠤᠯ﹀﹀ ᠤᠨ ᠬᠢᠶᠠᠳ᠂ ᠪᠠᠳᠣᠳ ᠬᠡᠬᠦ ᠮᠡᠳᠣ ᠣᠭᠰᠠᠭᠠᠨ ᠤ ᠲᠠᠷᠠᠬᠠᠢ ᠪᠣᠲᠠᠷᠬᠠᠢ ᠵᠢᠵᠢᠭ ᠪᠦᠯᠦᠭ ᠤᠳ ᠲᠣᠩ ᠣᠯᠠᠨ ᠪᠠᠶᠢᠵᠠᠢ᠃   ᠦᠷᠦᠭᠳᠡᠮᠣᠷ ᠢ ᠪᠠᠷᠠᠭᠤᠨᠰᠢ ᠮᠣᠷᠳᠠᠭᠰᠡᠨ ᠤ ᠲᠠᠷᠠᠭ᠎ᠠ ᠬᠤᠷᠴᠢᠨ ᠵᠡᠭᠦᠨ ᠭᠠᠷ ᠤᠨ ᠳᠣᠯᠣᠭᠠᠨ ᠣᠳᠤᠭ ᠲᠠᠬᠢ ᠬᠤᠴᠣᠷᠣᠭᠰᠡᠨ ᠣᠷᠠᠳᠴᠣᠳ ᠮᠣᠩᠭᠤᠯ ᠤᠨ ᠳᠣᠮᠣ ᠣᠭᠰᠠᠭᠠᠳᠡᠳ ᠤᠨ ᠲᠠᠷᠠᠬᠠᠢ ᠪᠣᠳᠠᠷᠬᠠᠢ ᠵᠢᠵᠢᠭ ᠪᠦᠯᠦᠭ ᠤᠳ  ᠲᠤ ᠬᠠᠮᠢᠶᠠᠷᠣᠭᠳᠠᠵᠦ᠂ ᠵᠠᠷᠢᠮ ᠣᠷᠠᠳ ᠤᠳ ᠨᠢ ᠡᠵᠡᠨ ᠦᠭᠡᠢ ᠪᠠᠶᠢᠭᠰᠡᠨ ᠪᠠᠶᠢᠳᠠᠯ ᠳᠣᠣᠷ᠎ᠠ ᠬᠠᠪᠣᠳᠣ ᠬᠠᠰᠠᠷ ᠤᠨ ᠠᠷᠪᠠᠨ ᠲᠠᠪᠣᠳᠣᠭᠠᠷ ᠦᠶ᠎ᠡ ᠶᠢᠨ ᠭᠤᠷᠪᠠᠨ ᠭᠡᠵᠢᠭᠡᠳᠣ ᠪᠣᠷᠬᠠᠢ ᠣᠳᠬᠠᠨ ᠲᠡᠳᠡᠨ ᠢ ᠨᠢᠭᠡᠳᠬᠡᠨ ᠨᠣᠶᠠᠯᠠᠵᠦ᠂ ᠣᠷᠠᠳ ᠭᠠᠷᠣᠯᠳᠠᠢ ᠬᠦᠮᠦᠨ ᠲᠡᠶᠢᠯᠣᠩᠬᠡᠢ ᠳᠤᠭ᠎ᠠ ᠶᠢ ᠡᠵᠡᠯᠡᠬᠦ ᠳᠣᠯᠠ ᠡᠨᠡᠬᠦ ᠣᠳᠤᠭ ᠢᠶᠠᠨ ᠣᠷᠠᠳ ᠬᠡᠮᠡᠨ ᠨᠡᠷᠡᠯᠡᠪᠡ ᠃ ᠡᠨᠡ ᠪᠣᠯ ᠲᠠᠷᠣᠢ ᠣᠷᠠᠳ ᠠᠶᠢᠮᠠᠭ ᠤᠨ ᠢᠷᠡᠯᠳᠡ ᠪᠣᠯᠣᠨ᠎ᠠ᠃ 1636 ᠣᠨ ᠳᠤ ᠮᠠᠨᠵᠦ ᠳᠤ ᠣᠷᠣᠵᠦ ᠦᠭᠭᠦᠭᠰᠡᠨ ᠮᠣᠩᠭᠤᠯᠴᠣᠳ ᠤᠨ ᠬᠦᠮᠦᠨ ᠢ ᠪᠠᠶᠢᠴᠠᠭᠠᠬᠤ ᠦᠶ᠎ᠡ ᠳᠤ ᠣᠮᠪᠤ ᠶᠢᠨ ᠦᠪᠡᠷ ᠤᠨ ᠡᠷᠣᠬᠡ ᠨᠢ ᠲᠦᠩᠭᠡᠵᠢ 20 ᠡᠷᠦᠬᠡ ᠪᠠᠶᠢᠬᠤ ᠳᠤ ᠲᠡᠭᠦᠨ ᠤ ᠬᠦᠮᠦᠨ ᠰᠢᠭᠤᠳ ᠬᠠᠷᠢᠶ᠎ᠠ ᠰᠢᠯᠭᠢ ᠬᠡᠮᠡᠭᠴᠢ 124 ᠡᠷᠦᠬᠡ ᠲᠠᠢ᠂ ᠣᠷᠠᠳᠴᠣᠳ ᠢᠶᠠᠷ ᠪᠦᠷᠢᠯᠳᠦᠭᠰᠡᠨ ᠣᠷᠠᠳ ᠡᠪᠣᠭᠡᠨ ᠬᠡᠮᠡᠭᠴᠢ ᠶᠢᠨ ᠬᠤᠪᠢ ᠶᠢᠨ ᠡᠷᠦᠬᠡ ᠨᠢ 22 ᠡᠷᠦᠬᠡ ᠲᠠᠢ ᠪᠠᠶᠢᠵᠠᠢ᠃ ᠳᠣᠰ ᠬᠦᠮᠦᠨ ᠠᠮᠠ ᠶᠢᠨ ᠪᠠᠶᠢᠴᠠᠭᠠᠯᠳᠠ ᠶᠢᠨ ᠨᠠᠷᠢᠨ ᠲᠠᠩᠰᠠ ᠳᠤ ᠣᠷᠠᠳ ᠭᠤᠷᠪᠠᠨ ᠰᠠᠯᠠᠭ᠎ᠠ ᠳᠣᠣᠷᠠᠬᠢ ᠮᠡᠳᠦ ᠬᠦᠮᠦᠰ ᠢᠶᠠᠷ ᠪᠦᠷᠢᠯᠳᠦᠭᠰᠡᠨ ᠡᠷᠦᠬᠡ ᠶᠢᠨ ᠨᠣᠶᠠᠳ ᠲᠠᠢ ᠪᠠᠶᠢᠵᠠᠢ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号