ᠲᠡᠬᠡᠳᠦ ᠮᠤᠩᠭᠤᠯᠴᠤᠳ ᠤᠨ ᠮᠠᠯ ᠠᠵᠤ ᠠᠬᠤᠢ ᠶᠢᠨ ᠪᠠᠭᠠᠵᠢ ᠭᠡᠷᠡᠭᠰᠡᠯ ᠤᠨ ᠲᠤᠬᠠᠢ ᠲᠦᠬᠦᠮ ᠲᠠᠶᠢᠯᠤᠮᠵᠢ
ᠨᠡᠶᠢᠲᠡᠯᠡᠭᠰᠡᠨ ᠴᠠᠭ᠄
2020/4/21
ᠲᠡᠬᠡᠳᠦ ᠮᠤᠩᠭᠤᠯᠴᠤᠳ ᠤᠨ ᠮᠠᠯ ᠠᠵᠤ ᠠᠬᠤᠢ ᠶᠢᠨ ᠪᠠᠭᠠᠵᠢ ᠭᠡᠷᠡᠭᠰᠡᠯ ᠤᠨ ᠵᠦᠢᠯᠡᠰ ᠨᠢ ᠨᠡᠶᠢᠳᠡ  ᠮᠤᠩᠭᠤᠯᠴᠤᠳ ᠲᠠᠢ ᠪᠠᠨ ᠶᠡᠭᠡ ᠳᠥᠯᠤᠪ ᠠᠳᠠᠯᠢᠬᠠᠠ ᠪᠤᠯᠪᠠᠴᠤ ᠨᠠᠷ᠎ᠠ ᠨᠠᠷᠠᠶᠢᠳᠤᠯ ᠵᠢᠴᠢ ᠭᠢᠵᠤ ᠪᠥᠳᠤᠭᠡᠭᠦ ᠡᠳ᠋  ᠮᠠᠲ᠋ᠧᠷᠢᠶᠠᠯ ᠤᠨ ᠳᠠᠯ᠎ᠠ ᠪᠠᠷ ᠢᠯᠭᠠᠭ᠎ᠠ ᠵᠦᠷᠢᠶ᠎ᠠ ᠶᠡᠭᠡ ᠪᠠᠶᠢᠳᠠᠭ ᠳᠤᠯᠨ ᠰᠤᠳᠤᠯᠬᠤ ᠰᠢᠠᠵᠢᠯᠠᠭᠦ ᠴᠤ ᠴᠢᠬᠤᠯᠠᠳᠠᠢ  ᠪᠠᠶᠢᠳᠠᠭ᠃ᠳᠠᠰᠢᠭᠤᠷ᠄ ᠭᠦᠭᠡᠨᠠᠭᠤᠷ ᠤᠨ ᠮᠤᠩᠭᠤᠯᠴᠤᠤᠳ ᠳᠠᠰᠢᠭᠤᠷ ᠢ ᠮᠢᠯᠠᠭ᠎ᠠ ᠭᠡᠳᠡᠭ᠃ ᠳᠠᠰᠢᠭᠤᠷ ᠤᠨ ᠰᠤᠷ ᠢ ᠦᠭᠡᠷ᠂ ᠳᠡᠮᠡᠭᠡᠨ ᠤ ᠠᠷᠡᠰᠤ ᠶᠢ ᠨᠠᠷᠢᠨ ᠵᠦᠰᠦᠨ ᠭᠦᠷᠤᠵᠤ ᠵᠠᠰᠠᠳᠠᠭ᠃ ᠤᠷᠳᠤ ᠨᠢ ᠪᠠᠷᠤᠭ ᠵᠢᠷᠠᠨ ᠰᠡᠨᠲ᠋ᠢᠮᠧᠲᠷ᠂  ᠡᠰᠢ ᠶᠢ ᠨᠢ ᠬᠤᠷᠢᠨ ᠰᠡᠨᠲ᠋ᠢᠮᠧᠲᠷ ᠪᠠᠶᠢᠳᠠᠭ᠂ ᠤᠷᠳᠤ ᠪᠦᠭᠡᠷᠡᠩᠭᠡᠢ ᠮᠤᠳᠤ ᠪᠠᠷ ᠵᠠᠰᠠᠳᠠᠭ᠃ ᠳᠠᠰᠢᠭᠤᠷ ᠢ  ᠭᠤᠤᠯᠳᠠᠭᠤ ᠦᠬᠡᠷ᠂ ᠮᠤᠷᠢ ᠠᠷᠠᠴᠢᠯᠠᠠᠵᠤ ᠡᠳ᠋ᠯᠡᠭᠦ ᠳᠤ ᠭᠡᠷᠡᠭᠯᠡᠳᠡᠭ᠃ᠳᠦᠤᠪᠡᠷ᠄ ᠭᠦᠭᠡᠨᠠᠭᠤᠷ ᠲᠤ ᠲᠦᠤᠪᠡᠷ ᠭᠡᠳᠡᠭ ᠴᠢᠯᠠᠭᠤ ᠰᠢᠳᠡᠳᠡᠭ ᠨᠢᠭᠡ ᠵᠦᠢᠯ ᠤᠨ ᠪᠠᠭᠠᠵᠢ ᠪᠠᠶᠢᠳᠠᠭ᠃  ᠭᠤᠤᠯᠳᠠᠭᠤ ᠮᠠᠯ ᠠᠳᠤᠭᠤᠯᠠᠬᠤ ᠳᠤ ᠬᠡᠷᠡᠭᠯᠡᠳᠡᠭ᠃ ᠦᠬᠡᠷ ᠪᠤᠶᠤ ᠢᠮᠠᠭᠠᠨ ᠤ ᠬᠢᠯᠭᠠᠰᠤ ᠪᠠᠷ ᠳᠠᠮᠤᠵᠤ ᠵᠠᠰᠠᠳᠠᠭ᠂  ᠤᠷᠳᠤ ᠪᠠᠷ ᠢᠶᠠᠨ ᠬᠤᠤᠰᠯᠠᠬᠤ ᠳᠤ ᠬᠠᠭᠠᠰ ᠢᠯᠡᠭᠦᠦ ᠠᠯᠳᠠ ᠪᠠᠶᠢᠳᠠᠭ ᠪᠦᠭᠡᠳ ᠳᠠᠯ᠎ᠡ ᠳᠤᠮᠳᠠ ᠨᠢ ᠵᠤᠤᠪᠠᠨᠭ᠌  ᠭᠡᠯᠪᠡᠷᠢ ᠲᠠᠢ ᠢᠰᠡᠭᠡᠢ ᠪᠤᠶᠤ ᠠᠷᠠᠰᠤ ᠪᠠᠷ ᠭᠢᠭᠰᠡᠨ ᠴᠢᠯᠠᠭᠤ ᠳᠠᠯᠪᠢᠳᠠᠭ ᠲᠠᠪᠠᠭ ᠭᠡᠳᠡᠭ ᠶᠠᠭᠤᠮ᠎ᠠ ᠶᠢ ᠤᠶᠤᠵᠤ  ᠳᠠᠭᠠᠷᠠᠭᠤᠯᠤᠭᠰᠠᠨ ᠪᠠᠶᠢᠳᠠᠭ᠂ ᠳᠦᠤᠪᠡᠷ ᠤᠨ ᠨᠢᠭᠡ ᠦᠵᠦᠭᠦᠷ ᠲᠤ ᠨᠢ ᠭᠤᠭᠴᠤᠭ᠎ᠠ ᠲᠠᠢ᠂ ᠨᠦᠭᠦᠭᠡ  ᠦᠵᠦᠭᠦᠷ ᠲᠤ ᠨᠢ ᠰᠢᠵᠢᠮ ᠲᠠᠢ ᠪᠠᠶᠢᠳᠠᠭ᠃ ᠭᠡᠷᠡᠭᠯᠡᠭᠦ ᠳᠡᠭᠡᠨ ᠳᠠᠪᠠᠭ ᠲᠤ ᠨᠢ ᠴᠢᠯᠠᠭᠤ ᠳᠠᠯᠪᠢᠵᠤ᠂  ᠭᠤᠭᠴᠤᠭ᠎ᠠ ᠳᠤᠨᠢ ᠬᠤᠮᠤᠬᠠᠢ ᠬᠤᠷᠤᠭᠤ ᠪᠠᠨ ᠤᠷᠤᠭᠤᠯᠵᠤ᠂ ᠭᠡᠳᠤᠨ ᠤᠳᠠᠭ᠎ᠠ ᠭᠦᠴᠤᠳᠠᠢ ᠡᠷᠭᠢᠭᠦᠯᠵᠤ ᠪᠠᠶᠢᠭᠠᠳ  ᠰᠢᠵᠢᠮ ᠲᠠᠢ ᠳᠠᠯ᠎ᠠ ᠶᠢ ᠨᠢ ᠳᠠᠯᠪᠢᠪᠠᠯ ᠴᠢᠯᠠᠭᠤ ᠮᠠᠰᠢ ᠤᠨᠤᠪᠴᠢᠳᠠᠢ ᠪᠠᠷ ᠬᠠᠨᠳᠤᠭᠰᠠᠨ ᠵᠦᠭ ᠲᠡᠭᠡᠨ ᠰᠤᠮᠤᠳᠠᠳᠠᠭ᠃ᠦᠭᠡᠷ ᠤᠨ ᠲᠦᠷᠤ᠄ ᠠᠷᠴᠠᠨ ᠮᠤᠳᠤᠨ ᠤ ᠰᠠᠯᠠᠭ᠎ᠠ ᠨᠠᠮᠠᠭ᠎ᠠ ᠶᠢ ᠵᠠᠯᠠᠵᠤ ᠮᠠᠳᠠᠶᠢᠯᠭᠠᠨ ᠵᠠᠰᠠᠭᠰᠠᠨ ᠦᠭᠡᠷ ᠤᠨ  ᠬᠠᠮᠠᠷ ᠢ ᠨᠦᠭᠡᠯᠡᠵᠤ ᠤᠭᠤᠰᠤᠷᠯᠡᠨ ᠤᠶᠠᠳᠠᠭ ᠲᠤᠭᠤᠷᠢᠭ ᠬᠡᠯᠪᠡᠷᠢ ᠲᠠᠢ ᠪᠠᠭᠠᠵᠢ᠃ᠳᠡᠮᠡᠭᠡᠨ ᠪᠤᠶᠢᠯᠠ᠄ ᠪᠤᠳᠠ ᠪᠤᠶᠤ ᠰᠤᠬᠠᠢ ᠮᠤᠳᠤᠨ ᠤ ᠰᠠᠯᠠᠭ᠎ᠠ ᠨᠠᠮᠠᠭ᠎ᠠ ᠶᠢ ᠵᠤᠷᠭᠤᠵᠤ᠂ ᠨᠢᠭᠡ ᠳᠠᠯ᠎ᠡ ᠳᠤᠨᠢ  ᠳᠡᠭᠡᠭ ᠭᠠᠷᠭᠠᠵᠤ᠂ ᠨᠦᠭᠦᠭᠡ ᠳᠠᠯ᠎ᠡ ᠳᠤᠨᠢ ᠦᠵᠤᠭᠦᠷ ᠭᠠᠷᠭᠠᠨ᠂ ᠳᠡᠭᠡᠭ ᠲᠤᠨᠢ ᠠᠷᠠᠰᠤ ᠪᠠᠷ ᠳᠠᠭᠯᠢ ᠰᠠᠭᠤᠯᠭᠠᠵᠤ᠂  ᠦᠵᠤᠭᠦᠷ ᠳᠠᠯ᠎ᠠ ᠪᠠᠷ ᠨᠢ ᠲᠡᠮᠡᠭᠡᠨ ᠬᠠᠮᠠᠷ ᠢ ᠨᠦᠭᠡᠯᠡᠨ ᠳᠡᠭᠡᠰᠤ ᠪᠠᠷ ᠤᠭᠤᠰᠤᠷᠯᠠᠨ ᠭᠦᠳᠤᠯᠭᠦ ᠪᠤᠶᠤ ᠤᠶᠠᠳᠠᠭ  ᠪᠠᠭᠠᠵᠢ ᠶᠢ ᠬᠡᠯᠡᠨ᠎ᠡ᠃ ᠲᠤᠷᠤᠮ ᠠᠴᠠ ᠡᠬᠢᠯᠡᠵᠤ ᠪᠤᠶᠢᠯᠡᠯᠡᠨ ᠰᠤᠷᠭᠠᠵᠤ ᠨᠤᠮᠤᠬᠠᠷᠠᠭᠤᠯᠳᠠᠭ᠃ ᠪᠤᠶᠢᠯᠠ  ᠳᠠᠯᠪᠢᠳᠠᠭ ᠤᠨ ᠤᠴᠢᠷ ᠪᠤᠯ ᠲᠡᠮᠡᠭᠡ ᠶᠢ ᠠᠴᠢᠯᠭ᠎ᠠ ᠤᠨᠤᠯᠭ᠎ᠠ ᠳᠤ ᠬᠡᠷᠡᠭᠯᠡᠵᠤ᠂ ᠬᠠᠮᠢᠶᠠᠷᠴᠤ ᠡᠵᠡᠯᠡᠬᠦ ᠳᠤ  ᠳᠦᠭᠦᠮ ᠤᠨ ᠳᠦᠯᠤᠭᠡ ᠶᠤᠮ᠃ᠴᠢᠳᠤᠷ᠄ ᠡᠯᠳᠡᠵᠤ ᠪᠤᠯᠪᠠᠰᠤᠷᠠᠭᠤᠯᠤᠭᠰᠠᠨ ᠦᠭᠡᠷ᠂ ᠳᠡᠮᠡᠭᠡᠨ ᠤ ᠳᠡᠰᠡᠮ᠎ᠡ ᠰᠤᠷ ᠢᠶᠠᠷ ᠬᠦᠷᠤᠭᠦ ᠪᠤᠶᠤ ᠰᠠᠷᠯᠤᠭ  ᠦᠬᠡᠷ᠂ ᠢᠮᠠᠭᠠᠨ ᠤ ᠬᠢᠯᠭᠠᠰᠤ ᠪᠠᠷ ᠳᠠᠮᠤᠵᠤ ᠵᠠᠰᠠᠭᠰᠠᠨ᠂ ᠮᠤᠷᠢᠨ ᠤ ᠳᠠᠪᠠ ᠪᠠᠷ ᠢᠶᠠᠨ ᠭᠦᠶᠦᠵᠤ ᠳᠤᠳᠠᠭᠠᠬᠤ ᠶᠢ  ᠬᠢᠵᠠᠭᠠᠷᠯᠠᠳᠠᠭ ᠪᠠᠭᠠᠵᠢ ᠶᠢ ᠬᠡᠯᠡᠨ᠎ᠡ᠃ ᠡᠩ ᠤᠨ ᠪᠠᠶᠢᠳᠠᠯ ᠳᠤ ᠲᠤᠱᠠ᠂ ᠴᠢᠳᠤᠷ ᠪᠠ ᠦᠷᠦᠭᠡᠯ ᠭᠡᠵᠤ ᠭᠤᠷᠪᠠ  ᠬᠤᠪᠢᠶᠠᠳᠠᠭ᠃ ᠲᠤᠱᠠ ᠪᠤᠯ ᠮᠤᠷᠢᠨ ᠤ ᠤᠷᠢᠳᠤ ᠬᠤᠶᠠᠷ ᠭᠦᠯ ᠢ ᠬᠢᠵᠠᠭᠠᠷᠯᠠᠳᠠᠭ 20 ~25 ᠰᠡᠨᠲ᠋ᠢᠮᠧᠲᠷ ᠤᠷᠳᠤ  ᠪᠠᠭᠠᠵᠢ ᠪᠤᠯᠤᠨ᠎ᠠ᠃ ᠴᠢᠳᠦᠷ ᠪᠤᠯ ᠮᠤᠷᠢᠨ ᠤ ᠤᠷᠢᠳᠤ ᠬᠤᠶᠡᠷ ᠬᠦᠯ᠂ ᠠᠷᠤ ᠶᠢᠨ ᠨᠢᠭᠡ ᠬᠦᠯ ᠢ ᠬᠢᠵᠠᠭᠠᠷᠯᠠᠳᠠᠭ  ᠭᠤᠷᠪᠡᠨ ᠰᠠᠯᠠᠭ᠎ᠠ ᠲᠠᠢ ᠪᠠᠭᠠᠵᠢ ᠪᠤᠯᠤᠨ᠎ᠠ᠃ ᠦᠷᠤᠭᠡᠯ ᠪᠤᠯ ᠮᠤᠷᠢᠨ ᠤ ᠡᠮᠤᠨ᠎ᠡ ᠨᠢᠭᠡ ᠭᠦᠯ ᠪᠤᠯᠤᠨ ᠠᠷᠤ ᠶᠢᠨ  ᠨᠢᠭᠡ ᠬᠦᠯ ᠢ ᠬᠤᠯᠪᠤᠨ ᠬᠢᠵᠠᠭᠠᠷᠯᠠᠳᠠᠭ ᠳᠤᠱᠠ ᠠᠴᠠ ᠪᠠᠨ ᠪᠠᠭ᠋ᠠᠨ ᠤᠷᠳᠤ ᠰᠢᠬ ᠪᠠᠷᠤᠭ 40 ~50 ᠰᠡᠨᠲ᠋ᠢᠮᠧᠲᠷ  ᠤᠷᠲᠤ ᠪᠠᠭᠠᠵᠢ ᠪᠤᠯᠤᠨ᠎ᠠ᠃ ᠡᠳᠡᠭᠡᠷ ᠪᠠᠭᠠᠵᠢ ᠨᠢ ᠦᠵᠦᠭᠦᠷ ᠪᠤᠯᠭᠠᠨ ᠳᠠᠭᠠᠨ ᠴᠢᠭᠳᠠ ᠭᠤᠭᠴᠤᠭ᠎ᠠ ᠲᠠᠢ ᠪᠤᠯᠬᠤᠷ  ᠮᠤᠷᠢᠨ ᠤ ᠬᠦᠯ ᠳᠤᠨᠢ ᠴᠢᠭᠳᠠᠯᠠᠴᠢᠬᠠᠪᠠᠯ ᠪᠠᠷᠤᠭ ᠲᠠᠢ ᠳᠤ ᠠᠯᠳᠠᠭᠳᠠᠬᠤ ᠦᠭᠡᠢ ᠪᠤᠯᠤᠨ᠎ᠠ᠃ ᠳᠤᠱᠠ ᠴᠢᠳᠦᠷ ᠢ  ᠭᠤᠤᠯᠳᠠᠭᠤ ᠭᠠᠳᠠᠨ᠎ᠠ ᠪᠠᠨ ᠦᠯᠡᠳᠡᠭᠡᠵᠤ ᠭᠠᠷ ᠵᠠᠭᠤᠷ᠎ᠠ ᠪᠠᠨ ᠵᠠᠷᠤᠵᠤ ᠪᠠᠶᠢᠭ᠎ᠠ ᠮᠤᠷᠢ ᠤᠨᠤᠭ᠎ᠠ ᠳᠤ ᠭᠡᠷᠡᠭᠯᠡᠳᠡᠭ᠃  ᠤᠨᠤᠭ᠎ᠠ ᠮᠤᠷᠢ ᠪᠢᠰᠢ ᠪᠤᠶᠤ ᠤᠷᠳᠤ ᠬᠤᠭᠤᠴᠠᠭ᠎ᠠ ᠪᠠᠷ ᠡᠳ᠋ᠯᠡᠳᠡᠭ ᠦᠭᠡᠢ ᠮᠠᠯ ᠳᠤ ᠬᠡᠷᠡᠭᠯᠡᠳᠡᠭ ᠦᠭᠡᠢ᠃ᠡᠮᠡᠭᠡᠯ᠄ ᠮᠤᠷᠢᠨ ᠳᠤ ᠲᠤᠬᠤᠳᠠᠭ ᠢ ᠨᠢ ᠡᠮᠡᠭᠡᠯ ᠭᠡᠳᠡᠭ᠂ ᠡᠮᠡᠭᠡᠯ ᠢ ᠤᠯᠠᠩᠬᠢ ᠳᠠᠭᠠᠨ ᠬᠤᠳᠠᠯᠳᠤᠵᠤ ᠠᠪᠳᠠᠭ᠂  ᠡᠮᠡᠭᠡᠯ ᠤᠨ ᠬᠢᠴᠡ ᠨᠢ ᠨᠠᠷᠢᠯᠢᠭ ᠦᠵᠡᠮᠵᠢ ᠲᠠᠢ ᠭᠤᠶᠤ ᠰᠠᠶᠢᠬᠠᠨ ᠪᠠᠶᠢᠳᠠᠭ ᠢᠶᠠᠷ ᠢᠶᠠᠨ ᠮᠤᠩᠭᠤᠯᠴᠤᠳ ᠤᠨ ᠬᠤᠪᠤᠷ  ᠴᠤᠬᠠᠭ ᠡᠳ᠋ ᠭᠡᠷᠡᠭᠰᠡᠯ ᠤᠨ ᠨᠢᠭᠡ ᠪᠦᠭᠡᠳ ᠠᠭᠳᠠ ᠮᠤᠷᠢ ᠳᠤ ᠳᠤᠳᠠᠭᠳᠠᠵᠤ ᠪᠤᠯᠤᠰᠢ ᠦᠭᠡᠢ ᠴᠢᠮᠡᠭ ᠵᠠᠰᠠᠯ᠂ ᠠᠶᠢᠯ  ᠡᠷᠤᠬᠡ ᠳᠤ ᠳᠤᠳᠠᠭᠳᠠᠵᠤ ᠪᠤᠯᠤᠰᠢ ᠦᠭᠡᠢ ᠴᠢᠬᠤᠯᠠ ᠡᠳ᠋ ᠬᠤᠭᠰᠢᠯ ᠪᠤᠯᠤᠨ᠎ᠠ᠃ ᠦᠬᠡᠷ᠎ᠡ ᠪᠠᠰᠠ ᠦᠬᠡᠷ ᠲᠤ  ᠲᠤᠬᠤᠳᠠᠭ ᠶᠠᠩᠭᠠᠷᠴᠠᠭ᠂ ᠳᠡᠮᠡᠭᠡᠨ ᠳᠤ ᠳᠤᠬᠤᠳᠠᠭ ᠵᠠᠭᠠᠭ ᠠᠳᠠᠪᠴᠢ ᠭᠡᠳᠡᠭ ᠬᠡᠷᠡᠭᠰᠡᠯ ᠪᠠᠶᠢᠳᠠᠭ᠃ ᠦᠬᠡᠷ ᠤᠨ  ᠶᠠᠩᠭᠠᠷᠴᠠᠭ ᠤᠨ ᠠᠷᠤ ᠡᠮᠤᠨ᠎ᠠ ᠬᠤᠶᠠᠷ ᠪᠦᠭᠦᠷᠭᠡ ᠶᠢ ᠮᠠᠳᠠᠭᠠᠷ ᠮᠤᠳᠤ ᠪᠠᠷ ᠵᠠᠰᠠᠵᠤ ᠬᠤᠶᠠᠷ ᠬᠠᠪᠳᠠᠭᠠᠢ ᠲᠠᠢ  ᠳᠠᠭᠠᠷᠠᠭᠤᠯᠳᠠᠭ᠃ ᠠᠴᠢᠶᠠᠯᠠᠬᠤ ᠳᠤ ᠳᠡᠭᠡᠰᠤ ᠭᠦᠶᠦᠯᠭᠡᠳᠡᠭ ᠬᠤᠶᠠᠷ ᠪᠦᠭᠡᠷᠡᠩᠭᠡᠢ ᠮᠤᠳᠤ ᠪᠠ ᠤᠯᠤᠩ᠂ ᠬᠤᠳᠤᠷᠭ᠎ᠠ  ᠂ ᠭᠦᠮᠤᠯᠳᠤᠷᠭᠡ᠂ ᠬᠤᠮ ᠵᠡᠷᠭᠡ ᠪᠦᠳᠤᠴᠡ ᠲᠠᠢ ᠪᠠᠶᠢᠳᠠᠭ᠃ ᠠᠳᠠᠪᠴᠢ ᠪᠤᠯ ᠳᠡᠮᠡᠭᠡᠨ ᠤ ᠡᠮᠡᠭᠡᠯ ᠪᠤᠯᠤᠨ᠎ᠠ᠃  ᠠᠳᠠᠪᠴᠢ ᠶᠢ ᠤᠨᠤᠬᠤ ᠳᠤ ᠭᠡᠷᠡᠭᠯᠡᠵᠤ᠂ ᠵᠠᠭᠠᠭ ᠢ ᠠᠴᠢᠶᠠᠨ ᠳᠤ ᠭᠡᠷᠡᠭᠯᠡᠨ᠎ᠡ᠃ ᠵᠠᠭᠠᠭ ᠨᠢ ᠵᠠᠭᠠᠭ ᠤᠨ ᠮᠤᠳᠤ ᠭᠡᠳᠡᠭ  ᠠᠯᠳᠠ ᠰᠢᠬᠠᠮ ᠤᠷᠳᠤ᠂ ᠪᠠᠭᠤᠤ ᠬᠢᠷᠢ ᠪᠦᠳᠤᠭᠦᠨ ᠬᠤᠶᠠᠷ ᠮᠤᠳᠤ᠂ ᠬᠤᠶᠠᠷ ᠤᠷᠳᠤ ᠳᠦᠷᠪᠠᠯᠵᠢᠨ ᠬᠤᠮ  ᠵᠡᠷᠭᠡ ᠪᠠᠷ ᠪᠦᠳᠤᠭᠡᠭᠰᠡᠨ ᠪᠠᠶᠢᠳᠠᠭ᠃ᠬᠠᠶᠢᠴᠢ᠄ ᠬᠤᠨᠢ ᠬᠠᠶᠢᠴᠢᠯᠠᠳᠠᠭ ᠬᠠᠶᠢᠴᠢ᠃ ᠡᠩ ᠤᠨ ᠬᠠᠶᠢᠴᠢ ᠠᠴᠠ ᠤᠷᠳᠤ ᠪᠦᠭᠡᠳ ᠲᠡᠭᠡᠭ ᠢ ᠨᠢ ᠰᠠᠯᠭᠠᠵᠤ  ᠪᠤᠯᠳᠠᠭ᠃ᠰᠠᠮ᠄ ᠢᠮᠠᠭᠠᠨ ᠤ ᠨᠤᠯᠤᠤᠷ ᠰᠠᠮᠨᠠᠳᠠᠭ ᠰᠠᠮ᠃ ᠦᠵᠤᠭᠦᠷ ᠨᠢ ᠳᠤᠷᠤᠭᠰᠢ ᠪᠠᠨ ᠮᠠᠳᠠᠶᠢᠰᠠᠨ ᠤᠷᠳᠤ  ᠳᠦᠷᠪᠡᠯᠵᠢᠨ ᠪᠡᠶ᠎ᠡ ᠲᠠᠢ᠂ ᠵᠢᠵᠢᠭ ᠳᠦᠷᠪᠡᠯᠵᠢᠨ ᠪᠠᠷᠢᠭᠤᠯ ᠲᠠᠢ ᠪᠠᠶᠢᠳᠠᠭ᠃ᠪᠠᠭᠠᠳᠤᠷ᠄ ᠰᠠᠷᠯᠤᠭ ᠦᠭᠡᠷ ᠤᠨ ᠬᠢᠵᠢᠮ ᠢ ᠦᠭᠳᠡᠬᠡᠬᠦ ᠮᠤᠳᠤᠨ ᠪᠠᠭᠠᠵᠢ᠃ ᠬᠡᠷᠴᠢᠮᠡᠭ ᠳᠡᠭᠡᠭ ᠲᠤᠨᠢ ᠦᠭᠡᠷ ᠤᠨ  ᠬᠢᠵᠢᠮ ᠢ ᠤᠷᠢᠶᠠᠵᠤ ᠬᠤᠶᠠᠷ ᠭᠠᠷ ᠢᠶᠠᠷ ᠢᠶᠠᠨ ᠵᠡᠷᠭᠡᠪᠠᠷ ᠭᠦᠴᠤᠳᠠᠢ ᠤᠭᠵᠠᠷᠠᠪᠠᠯ ᠨᠤᠤᠰᠤ ᠶᠢ ᠦᠭᠳᠡᠭᠡᠵᠤ ᠠᠪᠬᠤ  ᠪᠤᠯᠤᠨ᠎ᠠ᠃ᠬᠤᠷᠭᠠᠨ ᠤ ᠤᠭᠤᠳᠠ᠄ ᠮᠠᠯᠴᠢᠳ ᠤᠨ ᠳᠦᠯ ᠳᠤᠰᠬᠤ ᠦᠶ᠎ᠠ ᠳᠤ ᠭᠡᠭᠡᠷ᠎ᠡ ᠭᠠᠳᠠᠨ᠎ᠠ ᠭᠠᠷᠤᠭᠰᠠᠨ ᠬᠤᠷᠠᠭ᠎ᠠ  ᠢᠰᠢᠭᠡ ᠶᠢ ᠤᠭᠤᠳᠠᠯᠠᠵᠤ ᠡᠭᠦᠷᠳᠡᠭ ᠪᠠᠭᠠᠵᠢ ᠶᠢ ᠭᠡᠯᠡᠨ᠎ᠡ᠃ ᠡᠶᠢᠮᠤ ᠤᠭᠤᠳᠠ ᠶᠢ ᠤᠯᠠᠩᠬᠢ ᠳᠠᠭᠠᠨ ᠤᠷᠳᠤ  ᠳᠦᠷᠪᠡᠯᠵᠢᠨ ᠬᠡᠯᠪᠡᠷᠢᠳᠠᠢ ᠢᠰᠡᠬᠡᠢ ᠪᠠᠷ ᠡᠰᠭᠡᠵᠤ ᠤᠶᠤᠳᠠᠭ᠃ ᠨᠢᠬᠡ ᠤᠭᠤᠳᠠ ᠳᠤ ᠬᠠᠮᠤᠭ ᠤᠨ ᠤᠯᠠᠨ ᠳᠠᠭᠠᠨ  ᠭᠤᠷᠪᠠᠨ ᠬᠤᠷᠠᠭ᠎ᠠ ᠢᠰᠢᠭᠡ ᠤᠭᠤᠳᠠᠯᠠᠵᠤ ᠡᠭᠦᠷᠴᠤ ᠴᠢᠳᠡᠳᠠᠬ᠃ᠡᠪᠡᠷ ᠤᠭᠵᠢ᠄ ᠦᠬᠡᠷ ᠤᠨ ᠡᠪᠡᠷ ᠤᠨ ᠲᠤᠳᠤᠷᠠᠬᠢ ᠴᠠᠭᠠᠨ ᠶᠠᠰᠤ ᠶᠢ ᠮᠠᠯᠳᠠᠨ ᠬᠠᠶᠠᠵᠤ᠂ ᠦᠵᠤᠭᠦᠷ ᠢ ᠨᠢ  ᠳᠠᠭᠠᠷᠢᠨ ᠰᠦᠪᠡ ᠭᠠᠷᠭᠠᠵᠤ ᠨᠢᠮᠭᠡᠨ ᠢᠯᠬᠢᠨ ᠠᠷᠠᠰᠤ ᠪᠠᠷ ᠬᠦᠬᠦ ᠤᠶᠤᠵᠤ ᠡᠪᠡᠷ ᠤᠨ ᠦᠵᠤᠬᠦᠷ ᠲᠤ ᠪᠤᠭᠤᠨ᠎ᠠ᠃  ᠡᠪᠡᠷ ᠳᠤᠳᠤᠷ᠎ᠠ ᠬᠠᠯᠠᠭᠤᠨ ᠪᠦᠯᠢᠶᠡᠨ ᠰᠦ ᠬᠢᠵᠤ ᠬᠤᠷᠭ᠎ᠠ᠂ ᠢᠰᠢᠭᠡ᠂ ᠳᠤᠭᠤᠯ᠂ ᠪᠤᠳᠤᠭᠤ ᠶᠢ ᠤᠭᠵᠢᠳᠠᠭ᠃ᠵᠡᠯ᠎ᠡ᠄ ᠮᠠᠯ ᠤᠨᠤᠭ᠎ᠠ ᠤᠶᠠᠳᠠᠭ ᠤᠷᠳᠤ ᠳᠡᠭᠡᠰᠤ ᠶᠢ ᠬᠡᠯᠡᠨ᠎ᠡ᠃ ᠬᠦᠭᠡᠨᠠᠭᠤᠷ ᠲᠤ ᠭᠤᠤᠯᠳᠠᠭᠤ ᠰᠠᠷᠯᠤᠭ  ᠦᠭᠡᠷ ᠢ ᠵᠡᠯᠡᠯᠡᠵᠤ ᠤᠶᠠᠳᠠᠭ᠃ ᠵᠡᠯ᠎ᠡ ᠶᠢ ᠬᠡᠷ ᠠᠴᠠ ᠪᠠᠨ 40 ~50  ᠮᠧᠲᠷ  ᠵᠠᠶᠢᠳᠠᠢ ᠳᠠᠳᠠᠳᠠᠭ᠃ ᠵᠡᠯ᠎ᠡ ᠶᠢᠨ  ᠤᠷᠳᠤ ᠨᠢ ᠪᠠᠷᠤᠭ 20 ~30  ᠮᠧᠲᠷ  ᠪᠠᠶᠢᠳᠠᠭ ᠪᠦᠭᠡᠳ ᠪᠦᠳᠤᠭᠦᠨ ᠭᠦᠷᠤᠮᠡᠯ ᠤᠯᠤᠰᠤᠨ ᠳᠡᠭᠡᠰᠤᠨ ᠳᠤ 20  ~30 ᠴᠢᠭᠳᠠ ᠪᠤᠶᠤ ᠭᠤᠭᠴᠤᠭ᠎ᠠ ᠰᠠᠭᠤᠯᠠᠭᠠᠭᠰᠠᠨ ᠪᠠᠶᠢᠳᠠᠭ᠃ ᠮᠦᠨ ᠴᠤ ᠦᠨᠢᠶᠡᠨ ᠵᠡᠯ᠎ᠡ᠂ ᠳᠤᠭᠤᠯ ᠪᠢᠷᠡᠭᠤᠨ  ᠵᠡᠯ᠎ᠡ᠂ ᠱᠠᠷ ᠤᠨ ᠵᠡᠯ᠎ᠡ ᠵᠡᠷᠭᠡ ᠪᠠᠶᠢᠳᠠᠭ᠃ ᠭᠦᠬᠡᠨᠠᠭᠤᠷ ᠲᠤ ᠦᠭᠡᠷ ᠤᠨ ᠵᠡᠯ᠎ᠡ ᠪᠠᠨ ᠬᠤᠨᠢᠨ ᠤ ᠬᠤᠳᠠ  ᠳᠤᠭᠤᠷᠢᠭᠤᠯᠤᠨ ᠳᠠᠳᠠᠳᠠᠭ ᠪᠤᠯᠬᠤᠷ ᠠᠶᠠᠨᠳᠠᠭᠠᠨ ᠲᠦᠭᠦᠮ ᠬᠠᠰᠢᠶ᠎ᠠ ᠬᠦᠷᠢᠶ᠎ᠡ ᠪᠤᠯᠳᠠᠭ᠂ ᠢᠯᠠᠩᠭᠤᠶ᠎ᠠ ᠵᠤᠨ  ᠨᠠᠮᠤᠷ ᠤᠨ ᠴᠠᠭ ᠲᠤ ᠢᠩᠬᠢᠵᠤ ᠳᠠᠳᠠᠳᠠᠭ᠃ ᠡᠪᠤᠯ ᠬᠠᠪᠤᠷ ᠬᠤᠨᠢ ᠪᠠᠨ ᠴᠢᠯᠠᠭᠤ ᠪᠤᠶᠤ ᠰᠢᠪᠡᠷ ᠬᠠᠰᠢᠶ᠎ᠠ ᠳᠤ  ᠬᠠᠰᠢᠶᠠᠯᠠᠳᠠᠭ ᠪᠤᠯᠬᠤᠷ ᠢᠩᠬᠢᠵᠤ ᠳᠡᠳᠡᠬᠤ ᠬᠡᠷᠡᠭᠴᠡᠭᠡ ᠦᠭᠡᠢ ᠪᠠᠶᠢᠳᠠᠭ ᠪᠢᠯᠠ᠃ ᠨᠠ᠊ · ᠴᠡᠷᠡᠩᠪᠠᠯ ᠤᠨ ︽ᠲᠡᠭᠡᠳᠤ ᠮᠤᠩᠭᠤᠯ ᠤᠨ ᠰᠤᠶᠤᠯ ᠲᠡᠤᠭᠡ ᠶᠢᠨ ᠦᠭᠡᠳᠡᠰᠤ︾ ᠭᠡᠭᠦ ᠨᠤᠮ ᠠᠴᠠᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号