| | ᠳᠡᠭᠡᠳᠦ ᠮᠣᠩᠭᠤᠯᠴᠤᠳ ᠪᠣᠯ ᠳᠡᠯᠡᠬᠡᠢ ᠶᠢᠨ ᠰᠡᠭᠡᠷ ᠨᠢᠷᠦᠭᠤ — ᠬᠥᠬᠡᠨᠠᠭᠤᠷ ᠲᠥᠪᠡᠳ ᠤᠨ ᠥᠨᠳᠦᠷᠯᠢᠭ | ᠳᠡᠭᠡᠷ᠎ᠡ ᠠᠵᠤ ᠠᠮᠢᠳᠤᠷᠠᠯ ᠢᠶᠠᠨ ᠴᠣᠭᠴᠠᠯᠠᠵᠤ ᠶᠠᠪᠤᠭᠰᠠᠨ ᠭᠤᠷᠪᠠᠨ ᠵᠠᠭᠤ ᠢᠯᠡᠭᠦᠤ ᠵᠢᠯ ᠤᠨ ᠤᠷᠳᠤ ᠠᠶᠠᠨ ᠢ | ᠵᠥᠪᠬᠡᠨ ᠲᠠᠩ ᠴᠣᠯᠭᠤᠢ ᠮᠠᠯ ᠮᠠᠯᠵᠢᠬᠤ ᠳᠤ ᠲᠦᠰᠢᠭᠯᠡᠨ ᠤᠯᠠᠭᠠᠨ ᠭᠤᠤᠯ ᠢᠶᠠᠨ ᠳᠡᠪᠳᠦᠭᠡᠵᠦ᠂ ᠤᠳᠠᠰᠤᠨ | ᠠᠮᠠᠢ ᠪᠠᠨ ᠲᠣᠷᠭᠤᠵᠤ ᠲᠤᠭᠤᠯᠣᠭᠰᠠᠨ ᠦᠭᠡᠢ ᠬᠠᠷᠢᠨ ᠥᠪᠡᠷ ᠤᠨ ᠤᠷ᠎ᠠ ᠤᠬᠠᠭᠠᠨ᠂ ᠠᠵᠢᠯᠴᠢ ᠬᠥᠲᠡᠯᠮᠦᠷᠢᠴᠢ | ᠬᠤᠶᠠᠷ ᠭᠠᠷ ᠲᠠᠭᠠᠨ ᠲᠦᠰᠢᠭᠯᠡᠨ ᠥᠨᠳᠦᠷᠯᠢᠭ ᠣᠷᠤᠨ ᠤ ᠠᠭᠤᠷ ᠠᠮᠢᠰᠬᠠᠯ ᠳᠤ ᠵᠣᠬᠢᠴᠠᠭᠰᠠᠨ ᠲᠠᠷᠢᠶᠠᠯᠠᠩ | ᠤᠶᠢᠯᠠ ᠶᠢ ᠴᠤ ᠡᠷᠬᠢᠯᠡᠨ ᠥᠪᠡᠷ ᠪᠤᠰᠤᠳ ᠤᠨ ᠬᠡᠷᠡᠭᠴᠡᠭᠡ ᠪᠠᠨ ᠬᠠᠩᠭᠠᠵᠤ ᠪᠠᠶᠢᠭᠰᠠᠨ ᠪᠦᠭᠡᠳ ᠲᠠᠷᠢᠶᠠᠯᠠᠩ | ᠤᠶᠢᠯᠠ ᠯᠦᠭᠡ ᠬᠤᠯᠪᠤᠭᠳᠠᠬᠤ ᠣᠯᠠᠨ ᠵᠤᠶᠢᠯ ᠤᠨ ᠵᠠᠩᠰᠢᠯ ᠶᠣᠰᠤᠨ ᠢ ᠴᠤ ᠪᠣᠢ ᠪᠣᠯᠭᠠᠵᠠᠢ᠃ | ᠳᠤᠤᠷ᠎ᠠ ᠪᠢ ᠳᠡᠭᠡᠳᠦ ᠮᠣᠩᠭᠤᠯ ᠤᠨ ᠲᠠᠷᠢᠶᠠᠯᠠᠩ ᠤᠶᠢᠯᠠ ᠶᠢᠨ ᠵᠠᠩᠰᠢᠯ ᠶᠣᠰᠤᠨ ᠤ ᠲᠤᠬᠠᠢ ᠨᠤᠳᠤᠭ ᠤᠰᠤᠨ ᠤ | ᠪᠤᠭᠤᠷᠤᠯᠴᠤᠳ ᠢ ᠰᠤᠷᠪᠤᠯᠵᠢᠯᠠᠭᠰᠠᠨ ᠢᠶᠠᠨ ᠵᠣᠷᠪᠤᠰᠯᠠᠨ ᠰᠡᠶᠢᠷᠡᠭᠦᠯᠰᠦᠭᠡᠢ᠄ | 1. ᠠᠳᠠᠷ ᠬᠠᠭᠠᠯᠪᠤᠷᠢᠯᠠᠨ ᠲᠠᠷᠢᠮᠠᠯ ᠤᠨ ᠦᠷ᠎ᠡ ᠰᠠᠴᠤᠵᠤ ᠪᠠᠶᠢᠬᠤ ᠳᠤ ᠠᠶᠠᠨ ᠤ ᠬᠦᠮᠦᠨ ᠣᠴᠢᠪᠠᠯ ︿︿ᠤᠶᠢᠯᠠ | ᠪᠦᠳᠦᠭ﹀﹀ ᠭᠡᠵᠦ ᠪᠡᠯᠭᠡᠰᠢᠶᠡᠨ ᠢᠷᠦᠭᠡᠬᠦ ᠳᠤ ᠲᠠᠷᠢᠭᠴᠢ ᠨᠢ᠄ ︿︿ᠮᠥᠷ ᠵᠣᠬᠢ﹀﹀ ᠭᠡᠵᠦ ᠬᠠᠷᠢᠭᠤ ᠢᠷᠦᠭᠡᠨ | ᠵᠣᠯᠭᠠᠨ᠎ᠠ᠃ | 2. ᠨᠠᠮᠤᠷ ᠤᠨ ᠤᠯᠠᠷᠢᠯ ᠳᠤ ᠲᠠᠷᠢᠮᠠᠯ ᠤᠨ ᠵᠣᠶᠢᠯ ᠢᠶᠠᠨ ᠬᠠᠳᠤᠵᠤ ᠬᠤᠷᠢᠶᠠᠵᠤ ᠪᠠᠶᠢᠬᠤ ᠳᠤ ᠠᠶᠠᠨ ᠤ ᠬᠦᠮᠦᠨ | ᠣᠴᠢᠪᠠᠯ ︿︿ᠬᠠᠳᠤᠭᠤᠷ ᠮᠤᠬᠤ﹀﹀ ᠭᠡᠮᠡᠨ ᠡᠯᠪᠡᠭ ᠬᠤᠷᠢᠶᠠᠯᠲᠠ ᠣᠯᠬᠤ ᠶᠢ ᠵᠥᠩᠨᠡᠨ ᠢᠷᠡᠬᠦ ᠳᠤ᠂ ᠬᠠᠳᠤᠭᠴᠢ | ᠨᠢ᠄ ︿︿ᠮᠥᠷ ᠵᠣᠬᠢ﹀﹀ ᠭᠡᠬᠦ ᠪᠣᠶᠤ ︿︿ᠤᠶᠢᠯᠠ ᠪᠦᠳᠦ﹀﹀ ᠭᠡᠮᠡᠨ ᠠᠶᠠᠨ ᠵᠠᠮ ᠤᠨ ᠠᠮᠤᠷ ᠮᠡᠨᠳᠦ᠂ ᠠᠪᠠ | ᠭᠥᠷᠦᠭᠡ ᠶᠢᠨ ᠭᠠᠨᠵᠤᠭ᠎ᠠ ᠲᠦᠭᠦᠷᠡᠩ ᠢ ᠢᠷᠦᠭᠡᠨ᠎ᠡ᠃ | 3. ᠬᠠᠷᠮ᠎ᠠ ︵ᠦᠳᠦᠷᠮ᠎ᠡ︶ ᠭᠢᠰᠭᠢᠭᠦᠯᠵᠦ ᠪᠠᠶᠢᠬᠤ ᠳᠤ ᠠᠶᠠᠨ ᠤ ᠬᠦᠮᠦᠨ ᠣᠴᠢᠪᠠᠯ ︿︿ᠬᠠᠷᠮ᠎ᠠ ᠲᠦᠭᠦᠷ ︵ | ᠲᠦᠭᠦᠷᠡᠩ ᠪᠤᠯ︶﹀﹀ ᠭᠡᠬᠦ ᠳᠤ ᠬᠠᠷᠢᠭᠤ ᠳᠤᠨᠢ ︿︿ᠮᠥᠷ ᠵᠣᠬᠢ﹀﹀᠂ ︿︿ᠤᠶᠢᠯᠠ ᠪᠦᠳᠦ﹀﹀ ᠭᠡᠵᠦ | ᠢᠷᠦᠭᠡᠨ᠎ᠡ᠃ | ᠡᠨᠡ ᠮᠡᠳᠦ ᠢᠷᠡᠭᠴᠢ ᠠᠵᠢᠯᠯᠠᠭᠴᠢ ᠬᠤᠶᠠᠷ ᠡᠳᠡᠭᠡᠳ ᠲᠣᠭᠲᠠᠮᠠᠯ ᠭᠡᠳᠦᠨ ᠪᠡᠯᠭᠡ ᠢᠷᠦᠭᠡᠯ ᠲᠠᠢ ᠦᠭᠡ ᠪᠠᠨ | ᠰᠣᠯᠢᠯᠴᠠᠨ ᠵᠣᠯᠭᠠᠯᠳᠠ ᠶᠢᠨ ᠶᠣᠰᠤ ᠭᠦ᠋ᠶᠢᠴᠡᠳᠭᠡᠭᠰᠡᠨ ᠤ ᠳᠠᠷᠠᠭ᠎ᠠ ᠰᠠᠶ᠋ᠢ ᠶᠠᠷᠢᠯᠴᠠᠵᠤ ᠵᠠᠩᠭᠢᠴᠠᠳᠠᠭ ᠶᠣᠰᠤ ᠲᠠᠢ ᠶᠤᠮ | ᠃ ᠠᠳᠡ ᠶᠠᠷᠢᠭ᠎ᠠ ᠠᠶᠠᠨ ᠤ ᠬᠦᠮᠦᠨ ᠭᠡᠳᠡᠭ ᠨᠢ ᠲᠠᠷᠢᠶᠠᠯᠠᠭᠴᠢ ᠠᠴᠠ ᠥᠭᠡᠷ᠎ᠡ ᠪᠤᠰᠤᠳ ᠠᠶᠠᠨ ᠭᠥᠭᠡᠭᠡ ᠪᠣᠶᠤ | ᠰᠤᠯᠠ ᠶᠠᠪᠤᠭ᠎ᠠ ᠬᠦᠮᠦᠰ ᠢ ᠵᠢᠭᠠᠵᠤ ᠪᠣᠢ᠃ | 4. ᠳᠡᠭᠡᠪᠡᠯ ᠬᠠᠷᠮ᠎ᠠ ᠪᠠᠨ ᠠᠪᠬᠤ ︵ᠭᠢᠰᠭᠢᠭᠦᠯᠬᠦ︶ ᠠᠴᠠ ᠡᠮᠦᠨ᠎ᠡ ᠵᠠᠪᠠᠯ ᠭᠦ᠋ᠶᠢᠴᠡᠳᠭᠡᠬᠦ ᠪᠠᠰᠠ ᠨᠢᠭᠡ ᠵᠣᠶᠢᠯ ᠤᠨ | ᠰᠣᠨᠢᠷᠬᠠᠯᠲᠠᠢ ᠵᠠᠩᠰᠢᠯ ᠶᠣᠰᠤᠨ ᠪᠠᠶᠢᠳᠠᠭ᠂ ᠳᠠᠷᠤᠢ ᠬᠠᠳᠤᠵᠤ ᠬᠤᠷᠢᠶᠠᠭᠰᠠᠨ ᠲᠠᠷᠢᠶ᠎ᠠ ᠪᠤᠭᠤᠳᠠᠢ ᠪᠣᠶᠤ ᠮᠠᠭᠠᠵᠢᠨ ᠤ | ᠵᠣᠶᠢᠯ ᠢᠶᠠᠨ ᠬᠠᠷᠮ᠎ᠠ ᠶᠢᠨ ᠲᠠᠯᠠᠪᠤᠷ ᠳᠡᠭᠡᠷ᠎ᠡ ᠳᠡᠯᠭᠡᠵᠦ ᠲᠠᠯᠪᠢᠨ ᠭᠢᠰᠭᠢᠭᠦᠯᠬᠦ ᠳᠤ ᠪᠡᠯᠡᠬᠡᠨ ᠪᠣᠯᠭᠠᠭᠰᠠᠨ ᠤ ᠬᠤᠶᠢᠨ᠎ᠠ᠂ | ᠨᠢᠭᠡ ᠬᠠᠷ᠎ᠠ ᠢᠮᠠᠭ᠎ᠠ ᠠᠪᠴᠢᠷᠠᠨ ᠬᠠᠷᠮ᠎ᠠ ᠥᠭᠡᠳᠡ ᠪᠠᠨ ᠬᠠᠨᠳᠤᠭᠤᠯᠤᠨ ᠪᠣᠭᠤᠷᠯᠠᠵᠤ ᠠᠯᠠᠬᠤ ᠪᠦᠭᠡᠳ ᠢᠮᠠᠭᠠᠨ ᠤ | ᠭᠤᠭᠤᠵᠢᠭᠰᠠᠨ ᠴᠢᠰᠤᠨ ᠳᠤᠨᠢ ᠬᠠᠷᠮ᠎ᠠ ᠠᠪᠬᠤ ᠳᠤ ᠬᠡᠷᠡᠭᠰᠡᠬᠦ ᠪᠠᠭᠠᠵᠢ ᠭᠡᠷᠡᠭᠰᠡᠯ ᠢᠶᠠᠨ ᠪᠦᠭᠦᠳᠡ ᠶᠢ ᠤᠳᠬᠤᠵᠤ | ᠠᠪᠤᠨ᠎ᠠ᠃ ᠮᠥᠨ ᠡᠨᠡ ᠦᠶ᠎ᠡ ᠳᠤ ᠬᠠᠷᠮ᠎ᠠ ᠭᠢᠰᠭᠢᠭᠦᠯᠦᠭᠰᠡᠳ ᠤᠨ ᠨᠢᠭᠡ ᠨᠢ ᠮᠣᠷᠢ ᠤᠨᠤᠵᠤ ︿︿ᠮᠠᠳᠠᠢ ᠮᠠᠳᠠᠢ﹀﹀ | ᠭᠡᠵᠦ ᠬᠠᠰᠬᠢᠷᠤᠨ ᠬᠠᠷᠮ᠎ᠠ ᠶᠢᠨ ᠲᠠᠯᠠᠪᠤᠷ ᠢᠶᠠᠨ ᠵᠥᠪ ᠭᠤᠷᠪᠠ ᠡᠷᠭᠢᠵᠦ ᠳᠠᠪᠬᠢᠭᠤᠯᠣᠨᠠ᠃ ᠪᠤᠰᠤᠳ ᠨᠢ | ᠢᠮᠠᠭ᠎ᠠ ᠪᠠᠨ ᠥᠪᠴᠢᠭᠡᠳ ᠪᠦᠳᠦᠭᠦᠨ ᠭᠡᠳᠡᠰᠦ ︵ᠴᠠᠭᠠᠨ ᠭᠡᠳᠡᠰᠦ︶ ᠶᠢ ᠨᠢ ᠲᠠᠷᠭᠤᠨ ᠴᠠᠳᠬᠤᠯᠠᠩ ᠪᠣᠷᠳᠤᠭᠠᠳ | ᠡᠪᠴᠢᠭᠦᠤ ᠲᠠᠢ ᠬᠠᠮᠲᠤ ᠬᠠᠷᠮ᠎ᠠ ᠶᠢᠨ ᠭᠤᠤᠯ ᠤᠨ ᠮᠣᠳᠤᠨ ᠳᠡᠭᠡᠷ᠎ᠡ ᠡᠯᠭᠦᠵᠦ ᠲᠠᠯᠪᠢᠭᠠᠳ ᠡᠬᠢᠯᠡᠨ ᠬᠠᠷᠮ᠎ᠠ ᠪᠠᠨ | ᠭᠢᠰᠭᠢᠭᠦᠯᠦᠨᠡ᠃ ᠲᠡᠷᠡ ᠡᠪᠴᠢᠭᠦᠤ ᠪᠣᠯᠤᠨ ᠪᠣᠷᠳᠤᠭᠰᠠᠨ ᠪᠦᠳᠦᠭᠦᠨ ᠭᠡᠳᠡᠰᠦ ᠶᠢ ᠮᠠᠷᠭᠠᠰᠢ ᠨᠢ ᠴᠢᠨᠠᠭᠠᠳ ᠬᠠᠷᠮ᠎ᠠ | ᠠᠪᠬᠤ ᠳᠤ ᠣᠷᠤᠯᠴᠠᠭᠰᠠᠨ ᠬᠦᠭᠰᠢᠨ ᠵᠠᠯᠠᠭᠤ ᠨᠢᠯᠬ᠎ᠠ ᠪᠠᠶᠢᠴᠢᠷ ᠭᠡᠵᠦ ᠢᠯᠭᠠᠯ ᠦᠭᠡᠢ ᠪᠦᠭᠦᠳᠡᠭᠡᠷ ᠢᠶᠠᠨ ᠬᠤᠪᠢᠶᠠᠵᠤ | ᠢᠳᠡᠬᠦ ᠶᠣᠰᠤᠨ ᠪᠣᠢ᠃ | ᠨᠠᠰᠤᠲᠠᠶᠢᠴᠤᠳ ᠤᠨ ᠶᠠᠷᠢᠬᠤ ᠪᠠᠷ ᠮᠠᠨ ᠤ ᠴᠠᠶᠢᠳᠠᠮ ᠤᠨ ᠨᠠᠢᠮᠠᠨ ᠮᠣᠩᠭᠤᠯ ᠬᠤᠰᠢᠭᠤᠨ ᠳᠤ ᠮᠠᠭᠠᠵᠢᠨ ᠲᠣᠰᠤ᠂ | ᠤᠯᠠᠭᠠᠨ ᠪᠤᠭᠤᠳᠠᠢ᠂ ᠴᠠᠭᠠᠨ ᠪᠤᠭᠤᠳᠠᠢ ᠪᠣᠯᠤᠨ ᠬᠥᠬᠡ ᠲᠠᠷᠢᠶ᠎ᠠ᠂ ᠴᠠᠭᠠᠨ ᠲᠠᠷᠢᠶ᠎ᠠ᠂ ᠬᠦᠷᠡᠩ ᠲᠠᠷᠢᠶ᠎ᠠ᠂ ᠬᠤᠵᠢᠭᠡᠷ | ᠲᠠᠷᠢᠶ᠎ᠠ ᠭᠡᠬᠦ ᠮᠡᠳᠦ ᠶᠢ ᠨᠡᠯᠢᠶᠡᠳ ᠲᠥᠭᠡᠮᠡᠯ ᠪᠦᠭᠡᠳ ᠡᠯᠪᠡᠭ ᠲᠠᠷᠢᠵᠤ ᠪᠠᠶᠢᠭᠰᠠᠨ ᠪᠦᠭᠡᠳ ᠬᠤᠰᠢᠭᠤ ᠬᠤᠰᠢᠭᠤᠨ ᠤ | ᠲᠠᠷᠢᠶᠠᠨ ᠤᠶᠢᠯᠠ ᠶᠢᠨ ᠵᠠᠩᠰᠢᠯ ᠶᠣᠰᠤᠨ ᠴᠤ ᠶᠡᠭᠡ ᠲᠥᠯᠦᠪ ᠠᠳᠠᠯᠢᠪᠲᠤᠷ ᠪᠠᠶᠢᠭᠰᠠᠨ ᠭᠡᠨ᠎ᠡ᠃ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ | |