| ᠲᠤᠷᠭᠤᠳᠴᠤᠳ ᠤᠨ ᠠᠡᠭ ᠠᠩᠨᠠᠯ ᠤᠨ ᠰᠤᠶᠤᠯ ᠲᠤᠳᠤᠷ᠎ᠠ ᠠᠡᠭ ᠤᠨ ᠬᠦᠷᠦᠬᠡᠰᠦ ᠶᠢ ᠬᠡᠳᠡᠬᠦ᠂ ᠲᠤᠰᠬᠤ | ᠵᠡᠷᠬᠡ ᠠᠷᠭ᠎ᠠ᠂ ᠦᠷᠭᠦᠵᠦ ᠵᠢᠭᠤᠳᠠᠬᠤ ᠵᠦᠭ ᠴᠢᠭᠯᠡᠯ ᠢ ᠨᠢ ᠲᠤᠳᠤᠷᠬᠠᠢ ᠲᠤᠬᠳᠠᠭᠠᠨ ᠠᠩᠨᠠᠵᠦ ᠴᠢᠳᠠᠬᠤ ᠤᠷ᠎ᠠ | ᠤᠬᠠᠭᠠᠨ ᠨᠢ ᠮᠦᠨ ᠴᠤ ᠴᠢᠬᠤᠯᠠ ᠦᠪ ᠶᠤᠮ᠃ ᠡ᠊ᠨᠳᠡ ᠬᠡᠳᠦᠨ ᠠᠷᠭ᠎ᠠ ᠤᠷ᠎ᠠ ᠶᠢ ᠲᠦᠬᠦᠮ ᠲᠠᠨᠢᠯᠴᠠᠭᠤᠯᠰᠤ᠃ | ᠭᠡᠳᠡᠵᠦ ᠠᠩᠨᠠᠬᠤ ᠠᠷᠭ᠎ᠠ᠄ ᠲᠣᠰ ᠠᠷᠭ᠎ᠠ ᠶᠢ ᠠᠩᠴᠢᠨ ᠭᠦᠮᠣᠨ ᠤ ᠬᠠᠮᠤᠭ ᠤᠨ ᠲᠡᠭᠡᠷ᠎ᠡ ᠣᠷᠡᠨ | ᠮᠡᠷᠭᠡᠵᠢᠯ ᠲᠠᠢ ᠠᠷᠭ᠎ᠠ ᠭᠡᠵᠤ ᠪᠣᠯᠣᠨ᠎ᠠ᠃ ᠰᠠᠶᠢᠨ ᠠᠩᠴᠢ ᠦᠶ᠎ᠡ ᠶᠢᠨ ᠦᠶ᠎ᠡ ᠠᠴᠠ ᠣᠯᠠᠮᠵᠢᠯᠠᠭᠳᠡᠨ ᠢᠷᠡᠭᠰᠡᠨ | ᠨᠢᠭᠡ ᠭᠦᠮᠣᠵᠢᠯ ᠤᠨ ᠰᠠᠶᠢᠬᠠᠨ ᠭᠡᠯᠡᠯᠭᠡ ᠪᠠᠶᠢᠳᠠᠭ᠂ ᠡᠭᠦᠨ ᠢ ︽ᠭᠦᠮᠣᠨ ᠮᠡᠷᠭᠡᠨ ᠪᠢᠰᠢ ᠭᠠᠵᠠᠷ ᠮᠡᠷᠭᠡᠨ︾ ᠭᠡᠵᠤ | ᠭᠡᠯᠡᠳᠡᠭ᠃ ᠣᠴᠢᠷ ᠨᠢ ᠭᠠᠵᠠᠷ ᠤᠨ ᠪᠠᠶᠢᠴᠡ᠂ ᠰᠠᠯᠭᠢᠨ ᠤ ᠴᠢᠭᠯᠡᠯ᠂ ᠰᠠᠯᠭᠢᠨ ᠤ ᠶᠡᠭᠡ ᠪᠠᠭ᠎ᠠ ᠶᠢᠨ ᠬᠤᠪᠢᠷᠡᠯᠳᠡ᠂ | ᠪᠠᠶ᠎ᠡ ᠶᠢᠨ ᠡᠪ ᠭᠦᠳᠡᠯᠭᠡᠭᠡ᠂ ᠪᠠᠶ᠎ᠡ ᠶᠢᠨ ᠠᠯᠬᠤᠴᠡ ᠶᠢᠨ ᠭᠦᠨᠳᠦ ᠭᠦᠩᠭᠡᠨ᠂ ᠭᠦᠯ ᠤᠨ ᠲᠠᠪᠢᠴᠡ᠂ ᠠᠮᠢᠰᠬᠤᠯ ᠤᠨ | ᠠᠨᠢᠷ ᠵᠡᠷᠭᠡ ᠶᠢ ᠵᠣᠭᠢᠴᠠᠭᠤᠯᠣᠨ ᠣᠷᠡᠨ ᠮᠡᠷᠭᠡᠵᠢᠯ ᠤᠨ ᠲᠣᠷᠰᠢᠯᠭᠠᠳᠦ ᠠᠷᠭ᠎ᠠ ᠪᠠᠷ ᠭᠦᠷᠣᠭᠡᠰᠦᠨ ᠤ ᠰᠦᠷᠦᠭ ᠲᠤ | ᠣᠶᠢᠷᠡᠳᠣᠬᠤ ᠶᠢ ᠭᠡᠯᠠᠵᠦ ᠪᠠᠶᠢᠨ᠎ᠠ᠃ ᠪᠠᠰᠠ ᠴᠢᠬᠤᠯᠠᠳᠡᠢ ᠪᠠᠶᠢᠳᠡᠯ ᠢ ᠦᠨᠳᠣᠰᠣᠯᠠᠵᠦ᠂ ᠭᠦᠯ ᠤᠨ ᠴᠠᠷᠠᠭ ︵ᠴᠠᠷᠠᠭ | ᠭᠡᠵᠤ ᠮᠠᠯᠴᠢᠨ ᠭᠦᠮᠣᠨ ᠡᠷᠳᠡᠨ ᠠᠴᠠ ᠭᠡᠷᠡᠭᠯᠠᠵᠦ ᠢᠷᠡᠭᠰᠡᠨ ᠦᠭᠡᠷ᠂ ᠭᠦᠷᠣᠭᠡᠰᠦᠨ ᠤ ᠠᠷᠠᠰᠦ ᠪᠠᠷ ᠭᠢᠭᠰᠡᠨ᠂ | ᠢᠰᠡᠭᠡᠢ ᠣᠶᠢᠮᠣᠰᠦ ᠲᠡᠭᠡᠷ᠎ᠡ ᠡᠯᠭᠦᠵᠦ᠂ ᠰᠢᠳᠠᠮᠣᠰᠦ ᠪᠠᠷ ᠲᠠᠳᠡᠵᠦ ᠭᠦᠯ ᠤᠨ ᠰᠢᠯᠪᠢ ᠳᠤ ᠣᠷᠢᠶᠠᠵᠦ ᠪᠠᠭᠯᠠᠳᠠᠭ | ᠪᠦᠭᠡᠳ ᠭᠦᠯ ᠳᠤ ᠡᠮᠣᠰᠦᠭᠰᠡᠨ ᠭᠡᠷᠡᠭᠰᠡᠯ ᠢ ᠨᠠᠷᠡᠯᠠᠨᠠ︶ ᠢᠶᠠᠨ ᠲᠠᠶᠢᠯᠵᠦ ᠪᠦᠰᠡᠨ ᠳᠡᠭᠡᠨ ᠬᠠᠪᠴᠢᠭᠤᠯᠤᠭᠠᠳ᠂ | ᠬᠠᠯᠳᠤᠷᠢᠬᠤ ᠪᠣᠶᠣ ᠭᠦᠷᠣᠭᠡᠰᠦᠨ ᠠᠨᠢᠷ ᠴᠢᠮᠡᠭᠡ ᠠᠪᠴᠣ ᠦᠷᠭᠦᠭᠦ ᠠᠴᠠ ᠪᠣᠯᠭᠤᠮᠵᠢᠯᠠᠨ᠂ ᠬᠠᠷᠪᠣᠬᠤ ᠭᠡᠵᠤ ᠪᠠᠶᠢᠭ᠎ᠠ | ᠭᠦᠷᠣᠭᠡᠰᠦᠨ ᠤ ᠰᠦᠷᠦᠭ ᠲᠤ ᠤᠢᠢᠷᠠᠳᠤᠨᠠ᠃ ᠰᠠᠶᠢᠨ ᠮᠠᠷᠭᠡᠨ ᠭᠦᠮᠣᠨ ᠬᠠᠷᠪᠣᠭᠰᠠᠨ ᠫᠣᠣ ᠶᠢᠨ ᠢᠶᠠᠨ ᠰᠣᠮᠣᠨ ᠢ | ᠦᠵᠡᠳᠡᠭ ᠪᠠᠶᠢᠵᠦ᠂ ᠶᠠᠮᠠᠷ ᠭᠠᠵᠠᠷ ᠢᠶᠠᠷ ᠲᠣᠰᠣᠭᠰᠠᠨ ᠢ ᠲᠣᠩ ᠲᠣᠳᠣᠷᠬᠠᠢ ᠮᠡᠳᠡᠳᠡᠭ᠃ ᠭᠦᠷᠣᠭᠡᠰᠦᠨ ᠤ ᠶᠠᠮᠠᠷ | ᠲᠠᠯ᠎ᠠ ᠪᠠᠷ ᠰᠣᠮᠣᠨ ᠣᠨᠣᠭᠰᠠᠨ᠂ ᠬᠤᠶᠠᠳᠣᠭᠠᠷ ᠰᠠᠮ ︵ᠣᠳᠠᠭ᠎ᠠ︶ ᠤᠨ ᠬᠠᠷᠪᠣᠯᠭᠠᠨ ᠴᠢᠬᠤᠯᠠᠳᠡᠢ ᠴᠢᠬᠤᠯᠠ | ᠦᠭᠡᠢ ᠶᠢ ᠨᠢᠭᠡᠳᠣᠭᠡᠷ ᠰᠠᠮ ᠤᠨ ᠬᠠᠷᠪᠣᠯᠭᠠᠨ ᠢᠶᠠᠷ ᠲᠣᠭᠳᠠᠭᠠᠳᠠᠭ᠃ ᠪᠠᠰᠠ ᠮᠡᠷᠭᠡᠨ ᠭᠦᠮᠣᠨ ᠭᠡᠯᠡᠭᠦ ᠳᠡᠭᠡᠨ ᠫᠣᠣ ᠶᠢ | ᠬᠠᠷᠪᠣᠵᠦ ᠣᠨᠣᠭᠠᠭᠰᠠᠨ ᠢ ᠨᠢ ᠮᠡᠷᠭᠡᠨ ᠭᠡᠵᠤ ᠭᠡᠯᠡᠳᠡᠭ ᠦᠭᠡᠢ᠂ ᠭᠦᠷᠣᠭᠡᠰᠦᠨ ᠳᠤ ᠣᠶᠢᠷᠡᠳᠣᠭᠰᠡᠨ ᠪᠠᠶᠢᠬᠤ ᠶᠢ | ᠮᠡᠷᠭᠡᠨ ᠠᠷᠭ᠎ᠠ ᠲᠠᠢ ᠮᠡᠷᠭᠡᠨ ᠭᠦᠮᠣᠨ ᠭᠡᠵᠤ ᠭᠡᠯᠡᠳᠡᠭ᠃ ᠡᠨᠡ ᠭᠡᠯᠡᠯᠭᠡ ᠠᠴᠠ ᠦᠵᠠᠪᠠᠯ᠂ ᠣᠷᠡᠨ ᠠᠷᠭ᠎ᠠ | ᠮᠡᠷᠭᠡᠵᠢᠯ ᠢᠶᠠᠷ ᠭᠦᠷᠣᠭᠡᠰᠦᠨ ᠤ ᠰᠦᠷᠦᠭ ᠲᠤ ᠣᠶᠢᠷᠡᠳᠦᠬᠰᠡᠨ ᠪᠠᠶᠢᠬᠤ ᠭᠡᠷᠡᠭ ᠶᠠᠪᠣᠳᠡᠯ ᠢ ᠮᠡᠷᠭᠡᠨ ᠭᠡᠵᠤ ᠭᠡᠯᠠᠵᠦ | ᠪᠠᠶᠢᠨ᠎ᠠ᠃ ᠲᠤᠰ ᠣᠷᠡᠨ ᠮᠡᠷᠭᠡᠵᠢᠯ ᠤᠨ ᠵᠣᠷᠢᠯᠭ᠎ᠠ ᠨᠢ ᠭᠦᠷᠣᠭᠡᠰᠦᠨ ᠤ ᠰᠦᠷᠦᠭ ᠲᠤ ᠣᠶᠢᠷᠡᠳᠣᠵᠦ᠂ | ᠭᠦᠷᠣᠭᠡᠰᠦᠨ ᠤ ᠰᠦᠷᠦᠭ ᠤᠨ ᠲᠣᠳᠣᠷ᠎ᠡ ᠰᠢᠯᠭᠠᠵᠦ ᠪᠠᠶᠢᠭᠠᠳ᠂ ᠬᠠᠷᠪᠣᠬᠤ ᠭᠡᠰᠡᠨ ᠢᠶᠠᠨ ᠬᠠᠷᠪᠣᠵᠦ᠂ | ᠭᠦᠷᠣᠭᠡᠰᠦᠨ ᠤ ᠰᠦᠷᠦᠭ ᠲᠤ ᠰᠢᠷᠬᠠᠳᠦᠯ ᠰᠦᠢᠳᠭᠡᠯ ᠦᠭᠡᠢ᠂ ᠰᠣᠮᠣᠨ ᠲᠠᠷᠢ ᠦᠷᠡᠩᠭᠡᠢ ︵ᠭᠠᠷᠣᠴᠡ ᠦᠭᠡᠢ︶ | ᠴᠤ ᠦᠭᠡᠢ ᠪᠠᠷ ᠨᠢᠭᠡ ᠭᠦᠷᠣᠭᠡᠰᠦ ᠶᠢ ᠨᠢᠭᠡ ᠲᠣᠣᠷ᠎ᠡ ᠨᠢ ᠪᠠᠳᠣᠯᠠᠨ ᠬᠠᠷᠪᠣᠵᠦ ᠣᠨᠠᠭᠠᠬᠤ ᠭᠡᠰᠡᠨ ᠰᠠᠨᠠᠭ᠎ᠠ ᠶᠣᠮ᠃ | ᠡᠨᠡ ᠨᠢ ᠭᠡᠳᠡᠵᠦ ᠬᠠᠷᠪᠣᠬᠤ ᠠᠷᠭ᠎ᠠ ᠶᠢᠨ ᠭᠤᠣᠯ ᠴᠢᠬᠤᠯᠠ ᠣᠷᠡᠨ ᠮᠡᠷᠭᠡᠵᠢᠯ ᠪᠣᠯᠣᠨ᠎ᠠ᠃ ᠮᠡᠷᠭᠡᠨ ᠭᠦᠮᠣᠨ | ᠪᠠᠶᠢᠭᠠᠯᠢ ᠠᠮᠢᠳᠡᠨ ᠢ ᠣᠶᠢᠯᠠᠭᠠᠵᠦ ᠭᠦᠨᠳᠣᠳᠭᠡᠭᠰᠡᠨ ᠨᠢᠭᠡ ᠵᠦᠢᠯ ᠤᠨ ᠡᠷᠭᠢᠮ ᠲᠡᠭᠡᠳᠦ ᠮᠡᠷᠭᠡᠨ ᠠᠷᠭ᠎ᠠ ᠶᠣᠮ᠃ | ᠲᠣᠰ ᠠᠷᠭ᠎ᠠ ᠶᠢ ᠭᠠᠭᠴᠠ ᠭᠦᠮᠣᠨ ᠭᠡᠷᠡᠭᠯᠡᠳᠡᠭ ᠪᠠ ᠭᠦᠷᠣᠭᠡᠰᠦ ᠲᠠᠭᠤᠭᠰᠠᠨ ᠭᠦᠮᠣᠨ ᠬᠠᠷᠪᠣᠬᠤ ᠭᠠᠵᠠᠷ ᠤᠨ | ᠪᠠᠶᠢᠴᠡ ᠠᠴᠠ ᠨᠢ ᠭᠡᠳᠡᠵᠦ ᠭᠦᠷᠴᠤ ᠬᠠᠷᠪᠣᠭᠠᠳ᠂ ᠭᠦᠷᠣᠭᠡᠰᠦ ᠦᠷᠭᠦᠭᠰᠡᠨ ᠤ ᠲᠠᠷᠠᠭ᠎ᠠ ᠬᠠᠶᠢᠭᠢᠷᠵᠦ ︵ᠬᠠᠰᠭᠢᠷᠴᠣ | ︶᠂ ᠴᠢᠯᠠᠭᠤ ᠬᠠᠶᠠᠵᠦ᠂ ᠴᠢᠯᠠᠭᠤ ᠭᠤᠯᠳᠣᠭᠠᠵᠦ ︵ᠭᠤᠯᠭᠤᠷᠢᠭᠤᠯᠵᠦ︶᠂ ᠲᠣᠰᠣᠭᠰᠠᠨ ᠭᠡᠳᠦᠨ ᠭᠦᠮᠣᠨ ᠤ | ᠲᠣᠰᠣᠯᠭᠠᠨ ᠳᠤ ᠭᠦᠷᠭᠡᠭᠦ ᠠᠷᠭ᠎ᠠ ᠶᠣᠮ᠃ ᠭᠡᠳᠡᠯ᠎ᠠ ᠭᠦᠷᠣᠭᠡᠰᠦ ᠶᠢ ᠭᠡᠳᠡᠭᠦ ᠲᠠᠭᠤᠯᠭᠠᠨ ᠳᠤ ᠪᠠᠰᠠ ᠭᠦᠷᠣᠭᠡᠰᠦᠨ ᠤ | ᠰᠦᠷᠦᠭ ᠨᠢ ᠶᠠᠮᠠᠷ ᠭᠦᠷᠣᠭᠡᠰᠦᠨ ᠤ ᠰᠦᠷᠦᠭ᠂ ᠶᠠᠮᠠᠷ ᠭᠦᠷᠣᠭᠡᠰᠦ ᠪᠣᠯᠬᠤ ᠶᠢ ᠦᠨᠳᠣᠰᠣᠯᠠᠵᠦ᠂ ᠭᠡᠳᠡᠵᠦ ᠬᠠᠷᠪᠣᠬᠤ | ᠶᠣᠮ ᠤᠤ᠂ ᠲᠠᠭᠤᠵᠦ ᠬᠠᠷᠪᠣᠬᠤ ᠶᠣᠮ ᠦᠦ ᠭᠡᠳᠡᠭ ᠢᠶᠠᠨ ᠳᠤᠭᠳᠠᠭᠠᠨ᠎ᠠ᠃ ᠡᠩ ᠤᠨ ᠪᠠᠶᠢᠳᠡᠯ ᠲᠣᠣᠷ᠎ᠡ ᠪᠣᠭᠤ ᠮᠠᠷᠡᠯ | ᠂ ᠭᠤᠯᠽᠠ ᠠᠷᠭᠠᠯᠢ᠂ ᠲᠡᠭᠡ ᠢᠮᠠᠭᠠᠨ᠂ ᠭᠤᠷ ᠵᠦᠷ᠂ ᠵᠡᠭᠡᠷ᠎ᠡ᠂ ᠢᠷᠪᠢᠰ᠂ ᠴᠢᠨ᠋ᠸ᠎ᠠ᠂ ᠦᠨᠡᠭᠡ᠂ ᠭᠠᠭ᠋ᠠᠢ ᠵᠡᠷᠭᠡ | ᠠᠮᠢᠳᠡᠳ ᠢ ᠠᠩᠨᠠᠬᠤ ᠪᠠᠷ ᠭᠤᠣᠯ ᠪᠣᠯᠭᠠᠳᠠᠭ ᠶᠣᠮ᠃ ᠲᠣᠰ ᠭᠦᠷᠣᠭᠡᠰᠦᠨ ᠨᠦᠭᠦᠳ ᠶᠠᠮᠠᠷ ᠤᠯᠠᠷᠢᠯ ᠶᠠᠮᠠᠷ | ᠴᠠᠭ ᠢᠶᠠᠷ ᠪᠡᠯᠴᠢᠨ ᠢᠳᠡᠭᠡᠰᠢᠯᠠᠭᠦ ᠨᠢ ᠭᠠᠵᠠᠷ ᠤᠨ ᠪᠠᠶᠢᠴᠡ ᠪᠠᠷ ᠲᠣᠩ ᠠᠳᠠᠯᠢ ᠦᠭᠡᠢ ᠠᠴᠠ ᠭᠡᠳᠡᠭᠦ᠂ ᠲᠠᠭᠤᠬᠤ᠂ | ᠲᠣᠰᠬᠤ ᠨᠢ ᠪᠦᠷ ᠠᠰ ᠠᠰ ᠤᠨ ᠠᠳᠠᠯᠢ ᠪᠣᠰᠦ ᠠᠷᠭ᠎ᠠ ᠭᠡᠯᠪᠠᠷᠢ ᠲᠠᠢ ᠪᠠᠶᠢᠳᠠᠭ ᠶᠣᠮ᠃ | ᠦᠩᠭᠡᠶᠢᠵᠦ ᠠᠩᠨᠠᠬᠤ ᠠᠷᠭ᠎ᠠ᠄ ᠡᠨᠡ ᠠᠷᠭ᠎ᠠ ᠨᠢ ᠪᠦᠷᠢᠮᠣᠰᠦᠨ ᠳᠡᠭᠡᠨ ᠭᠤᠣᠯᠳᠠᠭᠤ ᠪᠠᠶᠢᠭᠠᠯᠢ ᠶᠢᠨ ᠣᠷᠴᠢᠨ | ᠲᠣᠭᠤᠷᠢᠨ ᠢᠶᠠᠨ ᠨᠠᠷᠢᠨ ᠠᠰᠢᠭᠯᠠᠳᠠᠭ᠃ ᠦᠩᠭᠡᠶᠢᠯᠬᠡᠨ ᠭᠡᠳᠡᠭ ᠨᠢ ᠲᠣᠭᠳᠠᠮᠠᠯ ᠭᠦᠷᠣᠭᠡᠰᠦ ᠢᠳᠡᠰᠢᠯᠠᠭᠦ ᠳᠤ | ᠣᠶᠢᠷᠡᠬᠠᠨ ᠡᠪᠳᠡᠢ ᠭᠠᠵᠠᠷ ᠤᠨ ᠪᠠᠶᠢᠴᠡ ᠪᠠᠶᠢᠳᠠᠭ᠃ ᠡᠨᠡ ᠪᠠᠶᠢᠷᠢ ᠶᠢ ᠦᠷᠯᠣᠭᠡ ᠡᠷᠳᠡ ᠶᠣᠮ ᠤᠤ ᠠᠰᠬᠠᠨ ᠣᠷᠣᠢ | ᠢᠳᠡᠰᠢ ᠳᠤᠨᠢ ᠢᠷᠡᠵᠦ ᠦᠩᠭᠡᠶᠢᠭᠡᠳ ᠭᠦᠷᠣᠭᠡᠰᠦ ᠶᠢ ᠬᠠᠷᠪᠣᠳᠠᠭ᠃ ᠦᠩᠭᠡᠶᠢᠭᠦ ᠬᠠᠷᠪᠣᠯᠭᠠᠨ ᠳᠤ ᠪᠠᠰᠠ ᠦᠩᠭᠡᠶᠢᠭᠦ | ᠠᠷᠭ᠎ᠠ ᠲᠠᠮ ᠪᠠᠶᠢᠳᠠᠭ᠃ ᠦᠩᠭᠡᠶᠢᠭᠦ ᠳᠡᠭᠡᠨ ᠭᠡᠯᠡᠯᠭᠡᠨ ᠦᠭᠡᠢ᠂ ᠰᠠᠯᠭᠢ ᠴᠢᠭᠯᠡᠨ ᠰᠡᠪ ᠰᠡᠷᠡᠮᠵᠢᠲᠠᠢ ᠪᠠᠷ ᠭᠦᠷᠣᠭᠡᠰᠦ | ᠠᠨᠢᠷ ᠠᠪᠬᠤ ᠠᠴᠠ ᠪᠣᠯᠭᠤᠮᠵᠢᠯᠠᠨ᠂ ᠪᠡᠶ᠎ᠡ ᠪᠠᠨ ᠲᠠᠯᠳᠠᠯᠠᠨ ᠭᠦᠷᠣᠭᠡᠰᠦ ᠶᠢ ᠦᠩᠭᠡᠶᠢᠳᠡᠭ᠃ ᠪᠠᠰᠠ ᠪᠢᠳᠡᠭᠦᠣ | ᠦᠩᠭᠡᠶᠢᠭᠦ ᠭᠡᠵᠤ ᠪᠠᠶᠢᠳᠠᠭ᠃ ᠡᠨᠡ ᠨᠢ ᠶᠠᠮᠠᠷ ᠴᠤ ᠭᠦᠷᠣᠭᠡᠰᠦ ᠶᠢ ᠦᠵᠡᠭᠰᠡᠨ ᠦᠭᠡᠢ᠂ ᠭᠦᠷᠣᠭᠡᠰᠦ ᠪᠠᠶᠢᠬᠤ | ᠡᠰᠡᠭᠦ ᠶᠢ ᠨᠢ ᠮᠡᠳᠡᠭᠦ ᠦᠭᠡᠢ ᠪᠠᠶᠢᠳᠡᠯ ᠤᠨ ᠲᠣᠣᠷ᠎ᠡ ᠰᠢᠭᠤᠳ ᠢᠷᠡᠵᠦ ᠪᠢᠳᠡᠭᠦᠣ ᠦᠩᠭᠡᠶᠢᠳᠡᠭ᠃ ᠭᠦᠷᠣᠭᠡᠰᠦᠨ | ᠯᠠᠪ ᠪᠠᠶᠢᠬᠤ ᠶᠢ ᠮᠡᠳᠡᠭᠰᠡᠨ ᠤ ᠲᠠᠷᠠᠭ᠎ᠠ ᠦᠩᠭᠡᠶᠢᠪᠠᠯ ᠭᠦᠷᠣᠭᠡᠰᠦᠨ ᠤ ᠦᠩᠭᠡᠶᠢᠯᠬᠡᠨ ᠨᠢ ᠶᠠᠮᠠᠷ ᠲᠠᠯ᠎ᠠ ᠳᠤᠨᠢ | ᠪᠠᠶᠢᠬᠤ ᠶᠢ ᠮᠠᠳᠡᠵᠤ᠂ ᠰᠡᠳᠭᠢᠯ ᠳᠡᠭᠡᠨ ᠲᠤᠭ᠎ᠠ ᠲᠠᠢ᠂ ᠬᠠᠷᠪᠣᠯᠭᠠᠨ ᠴᠤ ᠣᠨᠣᠪᠴᠢᠳᠡᠢ ᠰᠠᠶᠢᠨ ᠪᠣᠯᠳᠠᠭ᠃ | ᠬᠠᠴᠡᠯᠠᠵᠦ ᠠᠩᠨᠠᠬᠤ ᠠᠷᠭ᠎ᠠ᠄ ᠬᠠᠴᠡᠯᠠᠬᠤ ᠭᠡᠳᠡᠭ ᠨᠢ ᠭᠦᠷᠣᠭᠡᠰᠦᠨ ᠤ ᠰᠦᠷᠦᠭ ᠢ ᠦᠵᠡᠭᠰᠡᠨ ᠪᠣᠯᠣᠨ | ᠦᠩᠭᠡᠶᠢᠵᠦ ᠦᠵᠡᠭᠰᠡᠨ ᠤ ᠲᠠᠷᠠᠭ᠎ᠠ᠂ ᠶᠠᠮᠠᠷ ᠭᠦᠷᠣᠭᠡᠰᠦ ᠪᠣᠯᠬᠤ᠂ ᠭᠡᠳᠦᠢ ᠭᠦᠷᠣᠭᠡᠰᠦ ᠪᠠᠶᠢᠬᠤ᠂ ᠬᠠᠷᠠᠭᠤᠯ ᠳᠤ | ᠵᠣᠭᠰᠣᠭᠰᠠᠨ ᠭᠦᠷᠣᠭᠡᠰᠦ ᠨᠢ ᠠᠯᠢ ᠲᠠᠯ᠎ᠠ ᠨᠢ ᠪᠠᠶᠢᠬᠤ ᠵᠡᠷᠭᠡ ᠶᠢ ᠣᠶᠢᠯᠠᠭᠠᠵᠦ ᠲᠣᠳᠣᠯᠠᠵᠦ ᠪᠣᠯᠣᠮᠠᠭᠴᠡ ᠪᠠᠨ | ᠭᠦᠷᠣᠭᠡᠰᠦᠨ ᠤ ᠪᠠᠶᠢᠭᠰᠠᠨ ᠭᠠᠵᠠᠷ ᠤᠨ ᠪᠠᠶᠢᠴᠡ᠂ ᠭᠦᠷᠣᠭᠡᠰᠦᠨ ᠤ ᠰᠦᠷᠦᠭ ᠤᠨ ᠪᠠᠶᠢᠳᠡᠯ᠂ ᠪᠠᠶ᠎ᠡ ᠪᠠᠨ ᠫᠣᠣ ᠶᠢᠨ | ᠪᠠᠶᠢᠳᠡᠯ ᠳᠠᠭᠠᠨ ᠦᠨᠳᠣᠰᠣᠯᠠᠵᠦ᠂ ᠭᠦᠷᠣᠭᠡᠰᠦ ᠶᠢ ᠬᠠᠷᠪᠣᠬᠤ ᠳᠤ ᠬᠠᠮᠤᠭ ᠤᠨ ᠣᠨᠣᠪᠴᠢᠳᠡᠢ ᠲᠣᠰᠬᠤ ᠪᠠᠶᠢᠷᠢᠨ ᠤ | ᠴᠢᠭ ᠲᠤ ᠭᠦᠷᠳᠡᠭ ᠠᠷᠭ᠎ᠠ ᠪᠠᠷᠢᠯ ᠢ ᠬᠠᠴᠡᠯᠠᠬᠤ ᠭᠡᠵᠤ ᠭᠡᠯᠡᠳᠡᠭ᠃ ᠭᠦᠷᠣᠭᠡᠰᠦᠨ ᠤ ᠰᠦᠷᠦᠭ ᠲᠤ ᠬᠠᠷᠠᠭᠤᠯ | ᠵᠣᠭᠰᠣᠬᠤ ᠭᠦᠷᠣᠭᠡᠰᠦ ᠭᠡᠵᠤ ᠶᠠᠮᠠᠷ ᠴᠤ ᠲᠦᠷᠣᠯ ᠤᠨ ᠭᠦᠷᠣᠭᠡᠰᠦᠨ ᠤ ᠰᠦᠷᠦᠭ ᠤᠨ ᠲᠣᠳᠣᠷ᠎ᠡ ᠪᠠᠶᠢᠳᠠᠭ᠂ | ᠪᠣᠰᠣᠳ ᠠᠮᠢᠳᠡᠨ ᠤ ᠬᠠᠯᠳᠡᠯ ᠠᠴᠠ ᠪᠣᠯᠭᠤᠮᠵᠢᠯᠠᠨ ᠨᠢᠭᠡ ᠨᠢ ᠬᠠᠷᠠᠭᠤᠯ ᠵᠣᠭᠰᠣᠵᠦ ᠬᠤᠯᠠ ᠶᠢᠨ ᠪᠠᠶᠢᠳᠡᠯ ᠢ | ᠠᠵᠢᠭᠯᠠᠵᠦ ᠪᠠᠶᠢᠳᠠᠭ᠃ ᠡᠭᠦᠨ ᠢ ᠬᠠᠷᠡᠭᠤᠯ ᠵᠣᠭᠰᠣᠬᠤ ᠭᠡᠨ᠎ᠠ᠃ ᠬᠠᠷᠠᠭᠤᠯ ᠵᠣᠭᠰᠣᠭᠰᠠᠨ ᠭᠦᠷᠣᠭᠡᠰᠦᠨ ᠤ | ᠪᠠᠶᠢᠳᠡᠯ ᠢ ᠨᠠᠷᠢᠨ ᠠᠵᠢᠭᠯᠠᠨ ᠲᠣᠳᠣᠯᠠᠬᠤ ᠨᠢ ᠲᠣᠩ ᠴᠢᠬᠤᠯᠠ ᠲᠠᠢ᠂ ᠢᠩᠭᠢᠭᠡᠳ ᠭᠦᠷᠣᠭᠡᠰᠦ ᠭᠡᠳᠡᠭᠦ ᠣᠯᠠᠨ | ᠠᠷᠭ᠎ᠠ ᠪᠠᠷᠢᠯ ᠲᠠᠢ ᠣᠶᠠᠯᠳᠣᠭᠤᠯᠣᠨ᠂ ᠣᠷᠴᠢᠨ ᠲᠣᠭᠤᠷᠢᠨ ᠵᠡᠷᠭᠡ ᠶᠢ ᠨᠠᠷᠢᠨ ᠠᠵᠢᠭᠯᠠᠵᠦ᠂ ᠪᠠᠶ᠎ᠡ ᠪᠠᠨ | ᠨᠢᠭᠤᠭᠳᠠᠭᠤᠯᠣᠨ᠂ ᠭᠠᠵᠠᠷ ᠤᠨ ᠪᠠᠶᠢᠴᠡ ᠪᠠᠷ ᠲᠠᠮᠵᠢᠨ ᠬᠠᠷᠪᠣᠬᠤ ᠭᠡᠰᠡᠨ ᠭᠦᠷᠣᠭᠡᠰᠦᠨ ᠳᠤ ᠭᠦᠷᠳᠡᠭ ᠠᠷᠭ᠎ᠠ ᠶᠣᠮ | ᠃ | ᠲᠣᠰᠴᠦ ᠠᠩᠨᠠᠬᠤ ᠠᠷᠭ᠎ᠠ᠄ ᠲᠣᠰ ᠬᠠᠷᠪᠣᠬᠤ ᠠᠷᠭ᠎ᠠ ᠨᠢ ᠭᠦᠷᠣᠭᠡᠰᠦ ᠶᠢ ᠲᠠᠭᠤᠭᠰᠠᠨ ᠭᠦᠮᠣᠨ ᠢᠶᠠᠷ | ᠭᠤᠣᠯᠯᠠᠳᠠᠭ᠂ ᠣᠴᠢᠷ ᠨᠢ ᠭᠦᠷᠣᠭᠡᠰᠦ ᠲᠠᠭᠤᠭᠰᠠᠨ ᠭᠦᠮᠣᠨ ᠨᠢ ᠬᠠᠮᠤᠭ ᠴᠢᠬᠤᠯᠠᠳᠡᠢ᠃ ᠡᠨᠡ ᠭᠦᠮᠣᠨ ᠬᠠᠮᠤᠭ ᠤᠨ | ᠲᠣᠷᠰᠢᠯᠭ᠎ᠠ ᠲᠠᠢ ᠣᠯᠠᠨ ᠠᠷᠭ᠎ᠠ ᠮᠡᠷᠭᠡᠵᠢᠯ ᠲᠠᠢ ᠪᠠᠶᠢᠬᠤ ᠶᠣᠰᠣᠳᠡᠢ᠃ ᠭᠦᠷᠣᠭᠡᠰᠦ ᠶᠢ ᠲᠣᠰᠬᠤ ᠳᠠᠭᠠᠨ | ᠬᠤᠶᠠᠷ ᠠᠴᠠ ᠭᠤᠷᠪᠠᠨ ᠴᠠᠭ ᠢᠶᠠᠷ ᠲᠣᠰᠳᠠᠭ᠃ ᠲᠠᠭᠤᠭᠳᠠᠭᠰᠠᠨ ᠭᠦᠷᠣᠭᠡᠰᠦ ᠭᠦᠮᠣᠨ ᠤ ᠰᠠᠨᠠᠭ᠎ᠠ ᠪᠠᠷ ᠲᠣᠰᠣᠭᠰᠠᠨ | ᠭᠦᠮᠣᠨ ᠪᠦᠭᠦᠨ ᠳᠤ ᠭᠦᠷᠴᠣ ᠬᠠᠷᠪᠣᠭᠤᠯᠳᠠᠭ ᠦᠭᠡᠢ᠃ ᠭᠡᠳᠡᠯ᠎ᠠ ᠲᠠᠭᠤᠭᠰᠠᠨ ᠭᠦᠮᠣᠨ ᠭᠦᠷᠣᠭᠡᠰᠦᠨ ᠤ | ᠰᠦᠷᠦᠭ ᠤᠨ ᠲᠦᠷᠦᠬᠦᠦ᠂ ᠭᠦᠷᠣᠭᠡᠰᠦᠨ ᠤ ᠪᠠᠶᠢᠳᠡᠯ ᠢ ᠰᠠᠶᠢᠨ ᠣᠶᠢᠯᠠᠭᠠᠵᠦ ᠠᠵᠢᠭᠯᠠᠭᠠᠳ᠂ ᠭᠦᠭᠰᠢᠨ ᠵᠠᠯᠠᠭᠤ | ᠪᠣᠯᠬᠤ ᠶᠢ ᠨᠢ ᠠᠩᠬᠠᠷᠴᠣ᠂ ᠪᠠᠰᠠ ᠲᠠᠭᠦᠨ ᠤ ᠴᠢᠭᠯᠡᠭᠰᠡᠨ ᠵᠦᠭ᠂ ᠬᠤᠷᠳᠣᠴᠡ ᠭᠦᠳᠡᠯᠭᠡᠭᠡ ᠶᠢ ᠨᠠᠷᠢᠨ ᠠᠵᠢᠭᠯᠠᠵᠦ᠂ | ᠬᠠᠶᠢᠭᠢᠷᠣᠭᠰᠠᠨ ︵ᠬᠠᠰᠭᠢᠷᠣᠭᠰᠡᠨ︶ ᠲᠠᠭᠤ᠂ ᠬᠠᠶᠠᠭᠰᠠᠨ ᠭᠤᠯᠳᠣᠭᠰᠠᠨ ︵ᠭᠤᠯᠭᠤᠷᠢᠭᠰᠠᠨ︶ ᠴᠢᠯᠠᠭᠤᠨ ᠤ | ᠲᠤᠭ᠎ᠠ ᠰᠠᠮ ᠢ ᠭᠦᠷᠣᠭᠡᠰᠦᠨ ᠪᠠᠶᠢᠳᠡᠯ ᠭᠦᠳᠡᠯᠭᠡᠭᠡ ᠶᠢ ᠦᠨᠳᠣᠰᠣᠯᠠᠨ ᠬᠠᠯᠢᠶᠠᠵᠦ ︵ᠬᠠᠷᠠᠵᠦ︶ ᠲᠣᠭᠳᠠᠭᠠᠳᠠᠭ᠃ | ᠭᠡᠷᠪᠠ ᠲᠦᠷᠦᠬᠦᠦ ᠭᠦᠷᠣᠭᠡᠰᠦᠨ ᠭᠦᠭᠰᠢᠨ ᠪᠣᠯ ᠲᠠᠭᠦᠨ ᠤ ᠰᠦᠷᠦᠭ ᠤᠨ ᠲᠠᠭᠤᠯᠭᠠᠭᠰᠠᠨ ᠵᠠᠮ ᠨᠢ ᠪᠠᠰᠠ ᠠᠳᠠᠯᠢ | ᠦᠭᠡᠢ᠃ ᠬᠠᠳᠡ ᠠᠭᠤᠯᠠ᠂ ᠲᠡᠭᠡᠭᠰᠢ ᠲᠣᠷᠣᠭᠰᠢ ᠭᠦᠶᠦᠳᠡᠭ ᠵᠦᠭ ᠨᠢ ᠴᠤ ᠠᠳᠠᠯᠢ ᠦᠭᠡᠢ ᠪᠠᠷ ᠴᠢᠭᠯᠡᠨᠠ᠃ | ᠭᠡᠷᠪᠠ ᠲᠦᠷᠦᠬᠦᠦ ᠭᠦᠷᠣᠭᠡᠰᠦᠨ ᠤ ᠲᠣᠳᠣᠷᠡᠭᠢ ᠵᠠᠯᠠᠭᠤ ᠪᠠᠭ᠎ᠠ ᠭᠦᠷᠣᠭᠡᠰᠦᠨ ᠨᠦᠭᠦᠳ ᠤᠨ ᠭᠦᠶᠣᠭᠦ ᠭᠠᠵᠠᠷ ᠤᠨ | ᠪᠠᠶᠢᠴᠡ ᠨᠢ ᠪᠣᠳᠣᠯᠢᠶᠠᠨᠳᠡᠢ᠂ ᠦᠭᠰᠣᠭᠦᠣ ᠭᠠᠵᠠᠷ ᠢᠶᠠᠷ ᠴᠢᠭᠯᠡᠳᠡᠭ᠃ ᠭᠦᠷᠣᠭᠡᠰᠦ ᠶᠡᠷᠣᠳᠡᠭᠡᠨ ᠭᠦᠮᠣᠨ ᠲᠣᠰᠴᠣ | ᠪᠠᠶᠢᠬᠤ ᠶᠢ ᠮᠡᠳᠡᠳᠡᠭ᠂ ᠭᠡᠳᠡᠯ᠎ᠠ ᠭᠡᠳᠦᠢ ᠬᠤᠯᠠ᠂ ᠭᠡᠳᠦᠨ ᠭᠦᠶᠦᠳᠡᠭ ᠭᠠᠵᠠᠷ ᠵᠠᠮ ᠪᠠᠶᠢᠬᠤ ᠪᠣᠯᠬᠤ ᠪᠠᠷ ᠲᠡᠷᠡ | ᠪᠠᠰᠠ ᠴᠢᠳᠡᠯ ᠢᠶᠠᠷ ᠢᠶᠠᠨ ᠮᠡᠳᠡᠭᠳᠡᠵᠦ ᠦᠵᠡᠭᠳᠡᠭᠰᠡᠨ ᠭᠦᠮᠣᠨ ᠤ ᠪᠠᠨ ᠭᠦᠳᠡᠯᠭᠡᠭᠡ ᠪᠠᠶᠢᠳᠡᠯ ᠢ ᠠᠵᠢᠭᠯᠠᠵᠦ᠂ ᠭᠦᠮᠣᠨ | ᠲᠣᠰᠣᠭᠰᠠᠨ ᠡᠰᠡ ᠲᠣᠰᠣᠭᠰᠠᠨ ᠢ ᠪᠣᠯᠭᠤᠮᠵᠢᠯᠠᠨ᠂ ᠭᠦᠮᠣᠨ ᠲᠣᠰᠣᠭᠰᠠᠨ ᠦᠭᠡᠢ ᠵᠦᠭ ᠢ ᠴᠢᠭᠯᠡᠨ ᠭᠠᠷᠳᠠᠭ ᠶᠣᠮ᠃ | ᠲᠣᠰᠴᠣ ᠬᠠᠷᠪᠣᠬᠤ ᠠᠷᠭ᠎ᠠ ᠳᠤ ᠪᠠᠰᠠ ᠣᠰᠦᠨ ᠳᠤ ᠣᠷᠣᠬᠤ ᠶᠣᠮ ᠤᠤ ᠡᠰᠡᠪᠠᠯ ᠪᠠᠰᠠ ᠢᠳᠡᠰᠢ ᠳᠤᠨᠢ ᠲᠣᠰᠳᠠᠭ | ᠶᠣᠮ᠃ ᠭᠡᠳᠡᠯ᠎ᠠ ᠣᠰᠦᠨ ᠳᠤ ᠣᠷᠣᠬᠤ᠂ ᠢᠳᠡᠰᠢ ᠳᠤ ᠣᠷᠣᠬᠤ ᠭᠦᠷᠣᠭᠡᠰᠦ ᠶᠢ ᠲᠣᠰᠬᠤ ᠨᠢ ᠬᠠᠷᠪᠣᠬᠤ ᠭᠦᠮᠣᠨ | ᠬᠠᠮᠤᠭ ᠤᠨ ᠲᠠᠯᠳᠠ ᠨᠢᠭᠤᠭᠳᠠᠭᠰᠠᠨ ᠪᠠᠶᠢᠬᠤ ᠶᠣᠮ᠃ ᠪᠠᠰᠠ ᠰᠠᠯᠭᠢᠨ ᠤ ᠴᠢᠭᠯᠡᠯ᠂ ᠪᠠᠶ᠎ᠡ ᠶᠢᠨ ᠭᠦᠳᠡᠯᠭᠡᠭᠡ᠂ | ᠠᠮᠢᠰᠬᠤᠯ᠂ ᠠᠨᠢᠷ ᠴᠢᠮᠠᠭᠡᠨ ᠤ ᠲᠠᠯ᠎ᠠ ᠪᠠᠨ ᠬᠠᠮᠤᠭ ᠲᠦᠷᠦᠭᠦᠨ ᠪᠠᠶᠢᠷᠢᠨ ᠳᠤ ᠲᠠᠯᠪᠢᠵᠦ᠂ ᠨᠢᠳᠦᠨ ᠤ ᠬᠠᠷᠡᠴᠠ ᠪᠠᠨ | ᠬᠤᠷᠴᠠᠯᠠᠨ᠂ ᠪᠦᠭᠦ ᠠᠩᠬᠠᠷᠣᠮᠵᠢ ᠪᠠᠨ ᠲᠦᠪᠯᠠᠷᠡᠭᠦᠯᠣᠨ ᠭᠦᠯᠢᠶᠠᠵᠦ ᠪᠠᠶᠢᠳᠠᠭ ᠢ ᠲᠣᠰᠣᠨ᠎ᠠ ᠭᠡᠳᠡᠭ᠃ ᠭᠦᠷᠣᠭᠡᠰᠦ | ᠦᠷᠭᠦᠯᠵᠢ ᠢᠳᠡᠰᠢᠯᠠᠭᠦ᠂ ᠣᠰᠣᠨ ᠳᠤ ᠣᠷᠣᠬᠤ᠂ ᠦᠩᠭᠡᠷᠡᠨ ᠶᠠᠪᠣᠬᠤ ᠵᠠᠮ ᠵᠡᠷᠭᠡ ᠶᠢ ᠲᠣᠰᠣᠯᠭᠠᠨ ᠭᠡᠳᠡᠭ᠃ | ᠭᠦᠷᠣᠭᠡᠰᠦᠨ ᠨᠢ ᠲᠦᠷᠪᠠᠨ ᠣᠯᠠᠷᠢᠯ ᠢ ᠲᠠᠭᠠᠵᠦ᠂ ᠪᠠᠶᠢᠭᠠᠯᠢ ᠪᠠᠶᠢᠴᠡ ᠪᠠᠷ ᠢᠳᠡᠰᠢᠯᠠᠨ ᠠᠮᠢᠳᠣᠷᠡᠳᠠᠭ᠃ ᠭᠡᠳᠦᠨ | ᠠᠷᠪᠠᠨ ᠵᠢᠯ ᠪᠣᠯᠣᠭᠰᠠᠨ ᠴᠤ ᠢᠳᠡᠰᠢᠯᠠᠨ ᠠᠮᠢᠳᠣᠷᠡᠬᠤ ᠭᠡᠯᠪᠠᠷᠢ ᠮᠠᠶ᠋ᠢᠭ ᠨᠢ ᠲᠠᠶᠢᠮᠣ ᠶᠡᠭᠡ ᠬᠤᠪᠢᠷᠡᠳᠠᠭ ᠦᠭᠡᠢ᠂ | ᠨᠢᠭᠡ ᠵᠢᠮ᠎ᠠ ᠶᠣᠰᠣᠳᠡᠢ ᠪᠠᠶᠢᠳᠠᠭ ᠶᠣᠮ᠃ ᠡᠶᠢᠮᠣ ᠠᠴᠠ ᠲᠣᠰᠣᠯᠭᠠᠨ ᠤ ᠴᠢᠭ ᠨᠢ ᠡᠩ ᠤᠨ ᠪᠠᠶᠢᠳᠡᠯ ᠳᠤ | ᠬᠤᠪᠢᠷᠡᠳᠠᠭ ᠦᠭᠡᠢ᠃ | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |