| ᠬᠤᠶᠠᠷᠳᠤᠭᠠᠷ ᠪᠦᠯᠤᠭ᠌ ᠤᠶᠢᠷᠠᠳ ᠮᠤᠩᠭᠤᠯ ᠤᠨ ᠤᠯᠠᠮᠵᠢᠯᠠᠯᠲᠤ ᠶᠠᠰᠤ ᠪᠠᠷᠢᠬᠤ ᠵᠠᠰᠠᠯ ᠤᠨ ᠪᠤᠳᠠᠲᠤ | ᠠᠷᠭ᠎ᠠ ᠪᠠᠷᠢᠯ | ︵ᠨᠢᠬᠡ︶ ᠤᠨᠤᠰᠢᠯᠠᠬᠤ ᠠᠷᠭ᠎ᠠ | 1᠂ ᠦᠵᠠᠬᠦ᠄ ᠶᠠᠭᠤᠨ ᠤ ᠡᠮᠤᠨ᠎ᠠ ᠡᠪᠠᠳᠴᠢᠲᠠᠨ ᠤ ᠬᠡᠮᠲᠤᠭ᠍ᠰᠠᠨ ᠭᠠᠵᠠᠷ ᠢ ᠰᠢᠨᠵᠢᠯᠠᠨ ᠪᠠᠶᠢᠴᠠᠭᠠᠵᠤ ᠦᠵᠠᠨ᠎ᠠ | ᠃ ᠬᠡᠬᠦ ᠳᠡᠭᠡᠨ ᠡᠪᠠᠳᠴᠢᠲᠠᠨ ᠤ ᠶᠠᠰᠤᠨ ᠤ ᠬᠤᠭᠤᠷᠠᠯ ᠪᠤᠶᠤ ᠦᠶ᠎ᠠ ᠶᠢᠨ ᠮᠤᠯᠲᠤᠷᠠᠯ᠂ ᠵᠦᠬᠡᠯᠠᠨ ᠨᠡᠬᠡᠳᠠᠰᠤᠨ ᠤ | ᠬᠡᠮᠲᠤᠯ ᠵᠡᠷᠬᠡ ᠲᠤᠳᠤᠯᠠᠨ᠂ ᠡᠪᠠᠳᠴᠢᠲᠠᠨ ᠤ ᠨᠠᠰᠤᠨ ᠤ ᠪᠠᠶᠢᠳᠠᠯ ᠢ ᠦᠨᠳᠤᠰᠤᠯᠠᠵᠤ᠂ ᠴᠤᠬᠢᠯᠲᠠ ᠤᠯᠤᠭᠰᠠᠨ | ᠶᠠᠰᠤᠨ ᠤ ᠮᠤᠷᠤᠶᠢᠬᠤ᠂ ᠪᠤᠭᠤᠨᠢᠰᠬᠤ᠂ ᠤᠷᠲᠤ ᠪᠤᠯᠬᠤ᠂ ᠡᠷᠬᠢᠯᠳᠤᠬᠦ᠂ ᠬᠦᠬᠡᠷᠴᠤ ᠬᠠᠪᠤᠳᠬᠤ᠂ ᠦᠩᠬᠡ ᠰᠦᠯᠳᠠ | ᠶᠢᠨ ᠬᠤᠪᠢᠷᠠᠯᠲᠠ᠂ ᠪᠠᠶ᠎ᠠ ᠶᠢᠨ ᠪᠠᠶᠢᠷᠢᠰᠢᠯ᠂ ᠬᠡᠮᠲᠤᠯ ᠪᠤᠯᠤᠭᠰᠠᠨ ᠬᠡᠰᠡᠭ ᠨᠢ ᠬᠤᠲᠤᠶᠢᠬᠤ ᠵᠡᠷᠬᠡ ᠶᠢ ᠨᠢᠳᠤ ᠪᠠᠷ | ᠦᠵᠠᠵᠤ ᠤᠨᠤᠰᠢᠯᠠᠨ᠎ᠠ᠃ | 2᠂ ᠪᠠᠷᠢᠬᠤ᠄ ᠨᠢᠳᠤ ᠪᠠᠷ ᠦᠵᠠᠵᠤ ᠭᠠᠷᠤᠭᠰᠠᠨ ᠤ ᠳᠠᠷᠠᠭ᠎ᠠ ᠪᠠᠶ᠎ᠠ ᠶᠢᠨ ᠬᠡᠮᠲᠡᠭᠰᠠᠨ ᠬᠡᠰᠡᠭ ᠢ ᠭᠠᠷ ᠪᠠᠷ ᠪᠠᠷᠢᠵᠤ | ᠂ ᠬᠡᠮᠲᠤᠭ᠍ᠰᠠᠨ ᠶᠠᠰᠤᠨ ᠤ ᠬᠤᠭᠤᠷᠠᠭᠰᠠᠨ ᠡᠰᠠᠬᠦ᠂ ᠮᠤᠯᠲᠤᠷᠠᠭᠰᠠᠨ ᠡᠰᠠᠬᠦ᠂ ᠰᠢᠯᠵᠢᠭᠰᠡᠨ ᠡᠰᠠᠬᠦ ᠶᠢ | ᠲᠤᠳᠤᠷᠬᠠᠶᠢᠯᠠᠨ᠎ᠠ᠂᠂ ᠬᠡᠬᠦ ᠳᠡᠭᠡᠨ ᠶᠠᠰᠤᠨ ᠤ ᠦᠶ᠎ᠠ ᠮᠦᠴᠢ ᠨᠢ ᠤᠭ ᠪᠠᠶᠢᠷᠠᠨ ᠠᠴᠠ ᠪᠠᠨ ᠠᠯᠢ ᠵᠦᠭ | ᠰᠢᠯᠵᠢᠭᠰᠡᠨ᠂ ᠬᠤᠭᠤᠷᠠᠭᠰᠠᠨ ᠶᠠᠰᠤᠨ ᠤ ᠡᠭᠴᠠ ᠬᠤᠭᠤᠷᠠᠭᠰᠠᠨ ᠤᠤ ᠡᠰᠠᠬᠡᠵᠤ ᠵᠢᠰᠠᠬᠦᠦ ᠬᠤᠭᠤᠷᠠᠭᠰᠠᠨ ᠤᠤ᠂ | ᠲᠤᠯᠤᠭᠠᠢ ᠶᠢᠨ ᠬᠡᠰᠡᠭ ᠤᠤ᠂ ᠳᠤᠮᠳᠠ ᠬᠡᠰᠡᠭ ᠤᠤ ᠵᠡᠷᠬᠡ ᠨᠠᠷᠢᠨ ᠪᠠᠶᠢᠳᠠᠯ ᠢ ᠵᠦᠪ ᠤᠨᠤᠪᠴᠢᠲᠠᠢ ᠪᠠᠷᠢᠵᠤ | ᠲᠤᠳᠤᠷᠬᠠᠶᠢᠯᠠᠭᠰᠠᠨ ᠳᠠᠷᠠᠭ᠎ᠠ ᠲᠡᠶᠢᠬᠡᠬᠡᠳ ᠤᠷᠤᠭᠤᠯᠠᠬᠤ ᠪᠡᠯᠠᠳᠬᠡᠯ ᠪᠠᠨ ᠬᠡᠨ᠎ᠠ᠃ | 3᠂ ᠰᠤᠨᠤᠰᠬᠤ᠄ ᠲᠡᠷᠠᠴᠢᠯᠠᠨ ᠲᠡᠮᠲᠡᠷᠢᠬᠦ ᠶᠠᠪᠤᠴᠠ ᠳᠤ ᠬᠤᠭᠤᠷᠠᠭᠰᠠ ᠶᠠᠰᠤᠨ ᠤ ᠬᠠᠷᠢᠯᠴᠠᠨ ᠱᠦᠷᠬᠦᠬᠡᠬᠦ | ᠠᠨᠢᠷ ᠠᠪᠢᠶ᠎ᠠ ᠠᠴᠠ ᠶᠠᠮᠠᠷ ᠶᠠᠰᠤ ᠶᠠᠮᠠᠷ ᠬᠡᠯᠪᠠᠷᠢ ᠪᠠᠷ ᠬᠤᠭᠤᠷᠠᠭᠰᠠᠨ ᠶᠢ ᠰᠤᠨᠤᠰᠠᠨ ᠮᠡᠳᠠᠵᠤ ᠪᠤᠯᠳᠠᠭ᠃ ᠦᠬᠡᠷ᠎ᠠ | ᠪᠠᠷ ᠬᠡᠯᠠᠪᠠᠯ ᠱᠦᠷᠬᠦᠬᠡᠯᠳᠤᠬᠦ ᠠᠪᠢᠶ᠎ᠠ ᠨᠢ ᠲᠤᠳᠤ ᠰᠤᠯᠠ ᠪᠦᠬᠡᠳ ᠤᠭᠵᠤᠮ ᠪᠠᠶᠢᠬᠤ ᠠᠴᠠ ᠡᠭᠴᠠ ᠬᠤᠭᠤᠷᠠᠭᠰᠠᠨ | ᠶᠢ ᠲᠤᠳᠤᠯᠵᠤ ᠮᠡᠳᠡᠬᠦ᠂ ᠱᠦᠷᠬᠦᠬᠡᠯᠳᠤᠬᠦ ᠠᠪᠢᠶ᠎ᠠ ᠨᠢ ᠤᠯᠠᠨ ᠰᠡᠳᠠᠷᠠᠵᠤ ᠡᠮᠬᠢ ᠵᠠᠮᠪᠠᠷᠠᠭ᠎ᠠ ᠦᠬᠡᠢ ᠪᠠᠶᠢᠳᠠᠭ ᠠᠴᠠ | ᠬᠡᠮᠬᠡᠷᠠᠨ ᠪᠠᠯᠪᠠᠷᠠᠵᠤ ᠬᠤᠭᠤᠷᠠᠭᠰᠠᠨ ᠬᠡᠵᠤ ᠤᠨᠤᠰᠢᠯᠳᠠᠭ᠃ | 4᠂ ᠰᠡᠳᠬᠡᠬᠦ᠄ ᠡᠪᠠᠳᠴᠢᠲᠠᠨ ᠶᠢ ᠪᠠᠶᠢᠴᠠᠭᠠᠵᠤ ᠪᠠᠶᠢᠬᠤ ᠳᠠᠭᠠᠨ᠂ ᠬᠡᠮᠲᠤᠯ ᠪᠤᠯᠤᠭᠰᠠᠨ ᠤᠯᠢᠷᠠᠯ᠂ ᠤᠯᠠᠨ | ᠬᠤᠭᠤᠷᠠᠵᠤ ᠮᠤᠯᠲᠤᠷᠬᠤ ᠮᠦᠴᠢ᠂ ᠬᠡᠮᠲᠤᠭ᠍ᠰᠠᠨ ᠰᠢᠯᠲᠠᠭᠠᠨ ᠨᠦᠬᠦᠴᠠᠯ᠂ ᠡᠪᠠᠳᠴᠢᠨ ᠤ ᠢᠯᠠᠷᠠᠯ ᠵᠡᠷᠬᠡ ᠲᠠᠯ᠎ᠠ ᠪᠠᠷ | ᠰᠡᠳᠬᠡᠨ ᠪᠤᠳᠤᠯᠬᠢᠯᠠᠭᠠᠳ ᠬᠡᠮᠲᠤᠭ᠍ᠰᠠᠨ ᠬᠡᠰᠡᠭ ᠤᠨ ᠡᠪᠳᠡᠬᠦ ᠪᠠᠶᠢᠳᠠᠯ ᠪᠠᠷ ᠮᠤᠷᠳᠤᠯ ᠪᠤᠯᠭᠠᠨ ᠶᠠᠭᠠᠬᠢᠵᠤ | ᠤᠷᠤᠭᠤᠯᠠᠬᠤ ᠪᠠᠨ ᠲᠤᠭᠲᠠᠨ ᠤᠨᠤᠰᠢᠯᠠᠨ᠎ᠠ᠃ | 5᠂ ᠠᠰᠠᠭᠤᠬᠤ᠄ ᠶᠠᠰᠤᠨ ᠤ ᠬᠡᠮᠲᠤᠯ ᠢ ᠪᠠᠷᠢᠬᠤ ᠠᠴᠠ ᠡᠮᠤᠨ᠎ᠠ᠂ ᠡᠪᠠᠳᠴᠢᠲᠠᠨ ᠤ ᠭᠠᠳᠠᠷ ᠬᠡᠮᠲᠤᠯ ᠤᠨ | ᠲᠠᠤᠬᠡ᠂ ᠡᠪᠠᠳᠬᠦ ᠪᠠᠶᠢᠳᠠᠯ᠂ ᠪᠤᠰᠤᠳ ᠡᠷᠬᠡᠲᠠᠨ ᠶᠢ ᠶᠢ ᠨᠦᠯᠤᠯᠡᠭᠰᠠᠨ ᠪᠠᠶᠢᠳᠠᠯ ᠢ ᠠᠰᠭᠤᠨ ᠲᠤᠳᠤᠷᠬᠠᠶᠢᠯᠠᠨ᠎ᠠ᠃ | ᠶᠠᠰᠤᠨ ᠤ ᠬᠡᠮᠲᠤᠯ ᠢ ᠵᠦᠤ ᠤᠨᠤᠪᠴᠢᠲᠠᠢ ᠤᠨᠤᠰᠢᠯᠬᠤ ᠶᠢᠨ ᠳᠤᠮᠳᠠ᠂ ᠵᠠᠷᠢᠮ ᠶᠠᠰᠤᠨ ᠤ ᠬᠠᠭᠠᠰ ᠮᠤᠯᠲᠤᠷᠠᠯ ᠢ | x ᠰᠠᠴᠤᠷᠠᠭ ᠴᠤ ᠲᠤᠳᠤᠯᠵᠤ ᠴᠢᠳᠠᠬᠤ ᠦᠬᠡᠢ ᠪᠠᠶᠢᠳᠠᠭ᠃ ᠡᠨᠠ ᠨᠢ ᠭᠤᠤᠯ ᠬᠦᠯ ᠤᠨ ᠱᠠᠭ᠎ᠠ᠂ ᠬᠦᠯ ᠤᠨ ᠰᠡᠬᠡᠷ | ᠤᠨ ᠤᠯᠨᠨ ᠦᠶ᠎ᠠ᠂ ᠭᠠᠷ ᠤᠨ ᠰᠡᠬᠡᠷ ᠤᠨ ᠪᠠᠭ᠎ᠠ ᠦᠶ᠎ᠠ ᠨᠤᠭᠤᠳ᠂ ᠬᠠᠪᠢᠷᠭᠠᠨ ᠦᠶ᠎ᠠ ᠶᠢᠨ ᠬᠠᠭᠠᠰ ᠰᠢᠯᠵᠢᠯᠲᠠ | ᠪᠤᠯᠤᠨ᠎ᠠ᠂ ᠬᠡᠲᠡᠯ᠎ᠠ ᠮᠤᠩᠭᠤᠯ ᠤᠨ ᠤᠯᠠᠮᠵᠢᠯᠠᠯᠲᠤ ᠶᠠᠰᠣ ᠪᠠᠷᠢᠬᠤ ᠵᠠᠰᠠᠯ ᠤᠨ ᠤᠨᠤᠰᠢᠯᠬᠤ ᠠᠷᠭ᠎ᠠ ᠪᠠᠨ ᠬᠡᠷᠬᠡᠯᠠᠵᠤ᠂ | ᠭᠠᠷ ᠤᠨ ᠤᠪᠳᠡᠰ ᠪᠠᠷ ᠲᠡᠮᠲᠡᠷᠪᠠᠯ ᠠᠮᠠᠷᠬᠠᠨ ᠰᠢᠯᠵᠢᠭᠰᠡᠨ ᠬᠡᠰᠡᠭ ᠶᠢ ᠲᠤᠳᠤᠯᠵᠤ ᠴᠢᠳᠠᠳᠠᠭ ᠪᠠᠶᠢᠨ᠎ᠠ᠃ | | ︵ᠬᠤᠶᠠᠷ︶ ᠪᠠᠷᠢᠬᠤ ᠠᠷᠭ᠎ᠠ | ᠪᠠᠷᠢᠬᠤ ᠬᠡᠳᠡᠭ ᠳᠠᠷᠤᠢ ᠶᠠᠰᠤᠴᠢ ᠬᠦᠮᠤᠨ ᠭᠠᠷ ᠠᠪᠤᠯᠭ᠎ᠠ ᠶᠢᠨ ᠡᠷᠳᠡᠮ ᠢᠶᠠᠷ ᠡᠪᠠᠳᠴᠢᠲᠠᠨ ᠤ ᠬᠡᠮᠲᠤᠭ᠍ᠰᠠᠨ | ᠶᠠᠰᠤᠨ ᠤ` ᠮᠤᠯᠲᠤᠷᠠᠭᠰᠠᠨ ᠶᠢ ᠤᠭ ᠪᠠᠶᠢᠷᠢ ᠲᠤᠨᠢ ᠤᠷᠤᠭᠤᠯᠠᠬᠤ᠂ ᠬᠤᠭᠤᠷᠠᠭᠰᠠᠨ ᠶᠠᠰᠤ ᠶᠢ ᠵᠠᠯᠭᠠᠵᠤ ᠤᠤᠯ ᠬᠡᠪ | ᠲᠤᠨᠢ ᠲᠤᠬᠢᠷᠠᠭᠤᠯᠬᠤ᠂ ᠲᠠᠷᠢᠬᠢ᠂ ᠬᠡᠳᠡᠰᠤ᠂ ᠰᠠᠪᠠ ᠰᠢᠯᠵᠢᠭᠰᠡᠨ ᠶᠢ ᠳᠤᠮᠨᠤᠵᠤ ᠡᠳᠡᠬᠡᠬᠦ ᠶᠢ ᠬᠡᠯᠠᠵᠤ ᠪᠠᠶᠢᠨ᠎ᠠ᠃ | ᠲᠤᠬᠠᠶᠢᠯᠠᠪᠠᠯ ᠶᠠᠰᠤᠨ ᠤ ᠬᠡᠮᠲᠤᠯ ᠢ ᠤᠨᠤᠰᠢᠯᠠᠭᠰᠠᠨ ᠤ ᠰᠠᠭᠤᠷᠢ ᠳᠡᠬᠡᠷ᠎ᠠ ᠬᠡᠷᠪᠠ ᠮᠤᠯᠲᠤᠷᠠᠭᠰᠠᠨ ᠶᠠᠰᠤ ᠪᠤᠯ ᠠᠯᠢ | ᠲᠠᠯ᠎ᠠ ᠪᠠᠨ ᠰᠢᠯᠵᠢᠭᠰᠡᠨ ᠶᠢ ᠲᠤᠳᠤᠡᠬᠠᠶᠢᠯᠠᠨ ᠲᠤᠭᠲᠠᠭᠰᠠᠨ ᠤ ᠳᠠᠷᠠᠭ᠎ᠠ ᠶᠠᠰᠤᠴᠢ ᠬᠦᠮᠤᠨ ᠬᠤᠶᠠᠷ ᠭᠠᠷ ᠤᠨ ᠡᠷᠠᠬᠡᠢ | ᠪᠠᠨ ᠮᠤᠯᠲᠤᠷᠠᠭᠰᠠᠨ ᠶᠠᠰᠤᠨ ᠳᠡᠬᠡᠷ᠎ᠠ ᠲᠠᠯᠪᠢᠵᠤ᠂ ᠵᠢᠬᠢᠯᠬᠡᠨ ᠲᠠᠳᠠᠬᠤ᠂ ᠪᠠᠷᠠᠭᠤᠨ ᠵᠠᠬᠦᠨ ᠳᠡᠭᠡᠨ ᠠᠵᠢᠮᠬᠠᠨ | ᠬᠦᠳᠡᠯᠬᠡᠬᠦ᠂ ᠳᠠᠷᠤᠵᠤ ᠲᠦᠯᠬᠢᠬᠦ᠂ ᠰᠢᠪᠲᠤᠷᠤᠨ ᠲᠠᠲᠠᠬᠤ᠂ ᠰᠢᠯᠬᠡᠬᠡᠵᠤ ᠨᠤᠬᠤᠬᠤ᠂ ᠬᠦᠴᠤ ᠪᠠᠷ ᠡᠷᠬᠦᠬᠦ᠂ | ᠰᠡᠭᠰᠤᠷᠵᠤ ᠲᠠᠲᠠᠬᠤ᠂ ᠵᠡᠷᠬᠡ ᠠᠷᠭ᠎ᠠ ᠶᠢ ᠬᠡᠷᠬᠡᠯᠡᠨᠠ᠃ ᠬᠡᠷᠪᠠ ᠶᠠᠰᠤᠨ ᠤ ᠬᠤᠭᠤᠷᠠᠯᠲᠠ ᠶᠢ ᠤᠨᠤᠰᠢᠯᠠᠭᠰᠠᠨ ᠤ | ᠰᠠᠭᠤᠷᠢ ᠳᠡᠬᠡᠷ᠎ᠠ ᠵᠤᠬᠢᠰᠲᠠᠢ ᠪᠠᠶᠢᠷᠢᠰᠢᠭᠤᠯᠵᠤ ᠪᠤᠯᠴᠢᠩ ᠢ ᠰᠤᠯᠠᠳᠬᠠᠨ᠂ ᠵᠢᠬᠢᠯᠬᠡᠨ ᠲᠠᠲᠠᠵᠤ ᠶᠠᠰᠤ ᠶᠢ ᠨᠢ | ᠤᠶᠢᠷᠠᠲᠤᠭᠤᠯᠬᠤ᠂ ᠰᠠᠵᠢᠯᠬᠢᠯᠠᠨ ᠮᠤᠰᠬᠢᠵᠤ ᠳᠠᠷᠤᠵᠤ ᠨᠠᠶᠢᠯᠠᠬᠦᠯᠬᠦ᠂ ᠡᠷᠬᠦᠨ ᠰᠡᠭᠰᠤᠷᠴᠤ ᠳᠠᠷᠤᠵᠤ ᠲᠦᠯᠬᠢᠬᠦ᠂ | ᠬᠠᠪᠴᠢᠨ ᠰᠢᠬᠠᠵᠤ ᠶᠠᠰᠤ ᠶᠢ ᠰᠠᠯᠭᠠᠬᠤ᠂ ᠦᠨᠴᠤᠭ᠌ ᠡᠬᠦᠰᠬᠡᠨ ᠨᠤᠭᠤᠯᠵᠤ ᠲᠤᠯᠭᠠᠬᠤ᠂ ᠬᠤᠮᠢᠨ ᠰᠢᠬᠠᠵᠤ | ᠨᠢᠲᠠᠷᠠᠵᠤ ᠠᠳᠬᠠᠬᠤ᠂ ᠭᠤᠬᠠᠳᠠᠨ ᠲᠠᠲᠠᠵᠤ ᠡᠷᠬᠦᠨ ᠳᠠᠷᠤᠬᠤ᠂ ᠲᠠᠨᠢᠯᠬᠡᠨ ᠳᠠᠷᠤᠵᠤ ᠲᠠᠯᠠᠵᠤ ᠲᠦᠯᠬᠢᠬᠦ᠂ | ᠰᠢᠪᠲᠤᠷᠤᠨ ᠤᠯᠠᠨ ᠤᠳᠠᠭ᠎ᠠ ᠲᠠᠲᠠᠬᠤ ᠵᠡᠷᠬᠡ ᠭᠠᠷ ᠠᠪᠤᠯᠭ᠎ᠠ ᠶᠢ ᠠᠮᠢᠳᠤᠯᠢᠭ ᠬᠡᠷᠬᠡᠯᠵᠤ᠂ ᠠᠳᠠᠯᠢ ᠪᠤᠰᠤ | ᠮᠤᠯᠲᠤᠷᠠᠭᠰᠠᠨ ᠶᠠᠰᠤ ᠪᠠ ᠬᠤᠭᠤᠷᠠᠭᠰᠠᠨ ᠶᠠᠰᠤ ᠶᠢ ᠠᠳᠠᠯᠢ ᠪᠤᠰᠤ ᠪᠠᠷ ᠪᠠᠶᠢᠷᠢᠰᠢᠭᠤᠯᠤᠭᠠᠳ ᠭᠠᠷ ᠤᠨ ᠡᠪ ᠪᠠᠷ | ᠦᠶ᠎ᠠ ᠶᠢᠨ ᠤᠭ ᠪᠠᠶᠢᠷᠢ ᠶᠢ ᠤᠯᠵᠤ ᠤᠷᠤᠭᠤᠯᠬᠤ ᠶᠢᠨ ᠬᠠᠮᠲᠤ ᠬᠤᠭᠤᠷᠠᠭᠰᠠᠨ ᠬᠡᠰᠡᠭ ᠢ ᠠᠭᠠᠵᠢᠮ ᠢᠶᠠᠷ | ᠬᠦᠴᠤᠯᠠᠨ ᠳᠠᠷᠤᠵᠤ ᠲᠠᠯᠪᠢᠬᠤ ᠠᠷᠭ᠎ᠠ ᠪᠠᠷ ᠪᠤᠯᠴᠢᠩ ᠤᠨ ᠴᠢᠩᠭᠠᠷᠠᠯᠲᠠ ᠶᠢ ᠤᠯᠠᠮ ᠰᠠᠶᠢᠨ ᠰᠤᠯᠠᠷᠠᠭᠤᠯᠤᠨ᠂ | ᠡᠪᠳᠠᠬᠦ ᠶᠢ ᠨᠠᠮᠵᠢᠭᠤᠨ ᠪᠤᠯᠭᠠᠭᠠᠳ᠂ ᠠᠳᠠᠯᠢ ᠪᠤᠰᠤ ᠬᠡᠯᠪᠠᠷᠢ ᠪᠠᠷ ᠬᠡᠮᠲᠤᠭ᠍ᠰᠠᠨ ᠶᠠᠰᠤ ᠶᠢ ᠠᠳᠠᠯᠢ ᠪᠤᠰᠤ ᠭᠠᠷ ᠤᠨ | ᠠᠪᠤᠯᠭ᠎ᠠ ᠪᠠᠷ ᠪᠠᠷᠢᠨ᠎ᠠ᠃ ᠵᠢᠱᠢᠶᠠᠯᠪᠠᠯ᠄ ᠶᠠᠰᠤ ᠬᠤᠭᠤᠷᠠᠭᠠᠳ ᠬᠤᠶᠠᠷ ᠲᠠᠰᠢ ᠰᠠᠯᠤᠭᠰᠠᠨ ᠶᠢ ᠬᠤᠮᠢᠵᠤ ᠳᠠᠷᠤᠬᠤ | ᠠᠷᠭ᠎ᠠ ᠪᠠᠷ ᠨᠠᠶᠢᠯᠠᠬᠦᠯᠬᠦ᠂ ᠬᠤᠲᠤᠶᠢᠵᠤ ᠤᠷᠤᠭᠰᠠᠨ ᠶᠢ ᠡᠷᠬᠦᠵᠤ ᠲᠦᠯᠬᠡᠬᠦ ᠠᠷᠭ᠎ᠠ ᠪᠠᠷ ᠭᠠᠷᠭᠠᠬᠤ᠂ ᠬᠦᠳᠤᠶᠢᠵᠤ | ᠭᠠᠷᠤᠭᠰᠠᠨ ᠶᠢ ᠲᠠᠯᠠᠵᠤ ᠳᠠᠷᠤᠬᠤ ᠠᠷᠭ᠎ᠠ ᠪᠠᠷ ᠤᠷᠤᠭᠤᠯᠬᠤ᠂ ᠬᠤᠭᠤᠷᠠᠭᠠᠳ ᠮᠤᠰᠬᠢᠷᠠᠭᠰᠠᠨ ᠶᠢ ᠡᠷᠬᠢᠬᠦᠯᠵᠤ | ᠳᠠᠷᠤᠬᠤ ᠠᠷᠭ᠎ᠠ ᠪᠠᠷ ᠨᠠᠭᠠᠯᠳᠤᠭᠤᠯᠬᠤ᠂ ᠬᠡᠮᠬᠡᠷᠠᠨ ᠪᠠᠯᠪᠠᠷᠠᠭᠰᠠᠨ ᠢ ᠨᠢᠲᠠᠷᠠᠵᠤ ᠠᠳᠬᠠᠬᠤ ᠠᠷᠭ᠎ᠠ ᠪᠠᠷ | ᠪᠠᠶᠢᠷᠢᠰᠢᠭᠤᠯᠬᠤ᠂ ᠤᠬᠤᠷ ᠰᠠᠬᠦᠯ ᠮᠡᠲᠤ ᠶᠠᠰᠤ ᠨᠢ ᠬᠤᠭᠤᠷᠠᠭᠠᠳ ᠰᠢᠷᠭᠤᠵᠤ ᠤᠷᠤᠭᠰᠠᠨ ᠶᠢ ᠭᠤᠬᠠᠳᠠᠨ ᠲᠠᠲᠠᠵᠤ | ᠡᠷᠬᠦᠨ ᠳᠠᠷᠤᠬᠤ ᠠᠷᠭ᠎ᠠ ᠪᠠᠷ ᠭᠠᠷᠭᠠᠬᠤ᠂ ᠬᠠᠪᠢᠷᠭ᠎ᠠ ᠮᠡᠲᠤ ᠶᠢᠨ ᠶᠠᠰᠤᠨ ᠤ ᠬᠤᠭᠤᠷᠠᠯᠲᠠ ᠶᠢ ᠲᠠᠨᠢᠯᠬᠡᠨ ᠳᠠᠷᠤᠵᠤ | ᠲᠠᠯᠠᠵᠤ ᠲᠦᠯᠬᠡᠬᠦ ᠠᠷᠭ᠎ᠠ ᠪᠠᠷ ᠲᠡᠭᠰᠢᠯᠠᠬᠦ᠂ ᠠᠳᠬᠤᠭᠠᠯ ᠤᠨ ᠭᠠᠳᠠᠷ ᠪᠤᠶᠤ ᠴᠢᠮᠤᠬᠡᠨ ᠨᠢ ᠲᠤᠯᠤᠭᠠᠢ ᠮᠡᠲᠤ ᠶᠢᠨ | ᠶᠠᠰᠤ ᠡᠮᠲᠠᠷᠡᠭᠰᠠᠨ ᠶᠢ ᠢᠯᠠᠵᠤ ᠲᠦᠯᠬᠡᠬᠦ᠂ ᠴᠢᠮᠬᠢᠵᠤ ᠳᠠᠷᠤᠬᠤ ᠠᠷᠭ᠎ᠠ ᠪᠠᠷ ᠤᠤᠯ ᠪᠠᠶᠢᠷᠠᠨ ᠳᠤᠨᠢ ᠪᠤᠴᠠᠭᠠᠬᠤ᠂ | ᠬᠠᠪᠴᠢᠨ ᠰᠢᠬᠠᠵᠤ ᠶᠠᠰᠤ ᠶᠢ ᠨᠢ ᠰᠠᠯᠭᠠᠬᠤ ᠠᠷᠭ᠎ᠠ ᠪᠠᠷ ᠵᠡᠷᠬᠡᠴᠠᠵᠤ ᠨᠠᠶᠢᠯᠡᠭᠰᠠᠨ ᠬᠤᠤᠰ ᠶᠠᠰᠤᠨ ᠤ | ᠬᠤᠭᠤᠷᠠᠭᠰᠠᠨ ᠦᠵᠤᠬᠦᠷ ᠢ ᠰᠠᠯᠭᠠᠬᠤ᠂ ᠢᠯᠠᠩᠭᠤᠶ᠎ᠠ ᠶᠠᠰᠤ ᠨᠢ ᠬᠤᠭᠤᠷᠠᠵᠤ ᠪᠠᠶᠢᠷᠢ ᠨᠢ ᠰᠢᠯᠵᠢᠨ | ᠳᠠᠪᠬᠤᠴᠠᠭᠰᠠᠨ ᠪᠤᠯ ᠤᠷᠢᠳᠠᠪᠠᠷ ᠰᠠᠯᠭᠠᠵᠤ᠂ ᠳᠠᠷᠠᠭ᠎ᠠ ᠨᠢ ᠲᠠᠲᠠᠵᠤ ᠲᠡᠭᠰᠢᠳᠬᠡᠬᠦ ᠵᠠᠷᠴᠢᠮ ᠢ ᠪᠠᠷᠢᠮᠲᠠᠯᠠᠨ᠂ | ᠵᠢᠬᠢᠯᠬᠡᠨ ᠲᠠᠲᠠᠵᠤ ᠪᠠᠶᠢᠭᠠᠳ ᠶᠠᠰᠤ ᠶᠢ ᠤᠶᠢᠷᠠᠲᠤᠭᠤᠯᠬᠤ᠂ ᠦᠨᠴᠤᠭ᠌ ᠡᠬᠦᠰᠬᠡᠨ ᠨᠤᠭᠤᠯᠵᠤ ᠲᠤᠯᠭᠠᠬᠤ ᠠᠷᠭ᠎ᠠ | ᠪᠠᠷ ᠳᠠᠪᠬᠤᠴᠠᠭᠰᠠᠨ ᠶᠠᠰᠤ ᠨᠢ ᠦᠵᠤᠬᠦᠷ ᠢ ᠵᠠᠯᠠᠷᠠᠭᠤᠯᠵᠤ᠂ ᠳᠠᠬᠢᠨ ᠡᠷᠬᠦᠨ ᠰᠡᠭᠰᠤᠷᠴᠤ ᠳᠠᠷᠤᠵᠤ ᠲᠦᠯᠬᠡᠬᠦ | ᠠᠷᠭ᠎ᠠ ᠪᠠᠷ ᠤᠷᠤᠭᠤᠯᠠᠨᠠ᠃ ᠳᠠᠷᠤᠭᠳᠠᠵᠤ ᠰᠢᠬᠠᠭᠳᠠᠭᠰᠠᠨ ᠨᠢᠷᠤᠭᠤᠨ ᠶᠠᠰᠤᠨ ᠤ ᠬᠤᠭᠤᠷᠠᠯᠲᠠ ᠶᠢ ᠲᠡᠯᠠᠵᠤ | ᠲᠠᠲᠠᠬᠤ᠂ ᠳᠠᠷᠤᠵᠤ ᠲᠦᠯᠬᠡᠬᠦ ᠠᠷᠭ᠎ᠠ ᠪᠠᠷ ᠤᠷᠤᠭᠤᠯᠠᠨᠠ᠃ | ︵ᠭᠤᠷᠪᠠ︶ ᠢᠯᠢᠬᠦ ᠠᠷᠭ᠎ᠠ | ᠬᠠᠷ᠎ᠠ ᠠᠷᠢᠬᠢ᠂ ᠰᠢᠷ᠎ᠠ ᠲᠤᠰᠤ᠂ ᠦᠨᠤᠷᠲᠤ ᠰᠠᠪᠤᠩ ᠲᠦᠷᠬᠦᠬᠡᠵᠤ ᠢᠯᠢᠵᠤ ᠨᠤᠬᠤᠯᠬᠤ ᠵᠠᠰᠠᠯ ᠪᠤᠯ ᠤᠶᠢᠷᠠᠳ | ᠮᠤᠩᠭᠤᠯᠴᠤᠳ ᠤᠨ ᠤᠯᠠᠮᠵᠢᠯᠠᠯᠲᠤ ᠶᠠᠰᠤ ᠪᠠᠷᠢᠬᠤ ᠵᠠᠰᠠᠯ ᠤᠨ ᠦᠪᠠᠷᠮᠢᠴᠠ ᠤᠨᠴᠠᠯᠢᠭ ᠲᠠᠢ ᠨᠢᠬᠡ ᠵᠤᠶᠢᠯ ᠤᠨ | ᠠᠷᠭ᠎ᠠ ᠪᠠᠷᠢᠯ ᠪᠤᠯᠤᠨ᠎ᠠ᠃ ᠶᠠᠰᠤᠨ ᠤ ᠬᠤᠭᠤᠷᠠᠯ ᠤᠨ ᠡᠮᠴᠢᠯᠬᠡᠨ ᠤ ᠶᠠᠪᠤᠴᠠ ᠳᠤ ᠭᠤᠤᠯᠳᠠᠭᠤ ᠬᠡᠢ ᠴᠢᠰᠤᠨ ᠤ | ᠬᠦᠶᠤᠳᠠᠯ ᠢ ᠰᠠᠶᠢᠵᠢᠷᠠᠭᠤᠯᠤᠨ᠂ ᠬᠠᠪᠤᠳᠠᠷ ᠢ ᠬᠠᠷᠢᠭᠤᠯᠵᠤ᠂ ᠡᠪᠳᠡᠬᠦ ᠶᠢ ᠵᠤᠭᠰᠤᠭᠠᠬᠤ᠂ ᠪᠤᠯᠴᠢᠩ ᠰᠢᠷᠪᠤᠰᠤ ᠶᠢ | ᠴᠢᠩᠭᠠᠷᠠᠭᠤᠯᠤᠨ᠂ ᠬᠤᠭᠤᠷᠠᠭᠰᠠᠨ ᠶᠠᠰᠤᠨ ᠤ ᠡᠳᠡᠬᠡᠷᠠᠯᠲᠠ ᠶᠢ ᠲᠦᠷᠬᠡᠳᠬᠡᠬᠦ ᠮᠡᠲᠤ ᠶᠢᠨ ᠤᠶᠢᠯᠠᠳᠤᠯ ᠲᠠᠢ ᠪᠠᠶᠢᠳᠠᠭ | ᠃ ᠡᠨᠠ ᠠᠷᠭ᠎ᠠ ᠶᠢ ᠵᠤᠬᠢᠰᠲᠠᠢ ᠬᠡᠷᠠᠬᠡᠯᠪᠠᠯ᠂ ᠬᠤᠭᠤᠷᠠᠯ ᠤᠨ ᠬᠡᠰᠡᠭ ᠲᠤ ᠪᠤᠷᠤᠭ᠎ᠠ ᠲᠤᠭᠲᠠᠬᠤ ᠦᠬᠡᠢ ᠮᠦᠷᠲᠡᠬᠡᠨ | ᠪᠦᠲᠤᠬᠦ ᠨᠢ ᠲᠦᠷᠬᠡᠨ ᠪᠦᠬᠡᠳ ᠬᠡᠮᠲᠤᠭ᠍ᠰᠠᠨ ᠮᠦᠴᠢᠨ ᠤ ᠠᠵᠢᠯᠠᠯᠭᠠᠨ ᠤ ᠰᠡᠷᠬᠦᠯᠲᠠ ᠶᠢ ᠠᠬᠢᠭᠤᠯᠳᠠᠭ ᠤᠶᠢᠯᠠᠳᠤᠯ | ᠲᠠᠢ ᠪᠠᠶᠢᠳᠠᠭ᠃ ᠤᠶᠢᠷᠠᠳ ᠮᠤᠩᠭᠤᠯ ᠤᠨ ᠶᠠᠰᠤ ᠪᠠᠷᠢᠬᠤ ᠵᠠᠰᠠᠯ ᠳᠤ ᠳᠤᠤᠷᠠᠬᠢ ᠬᠡᠳᠤᠨ ᠵᠤᠶᠢᠯ ᠤᠨ ᠢᠯᠢᠬᠦ ᠠᠷᠭ᠎ᠠ | ᠶᠢ ᠬᠡᠷᠠᠬᠡᠯᠳᠡᠭ ᠪᠢᠯᠠ᠃ | 1᠂ ᠰᠢᠪᠲᠤᠷᠬᠤ ᠠᠷᠭ᠎ᠠ᠄ ᠶᠠᠰᠤᠴᠢ ᠡᠪᠠᠳᠴᠢᠲᠠᠨ ᠤ ᠬᠡᠮᠲᠤᠭ᠍ᠰᠠᠨ ᠶᠠᠰᠤᠨ ᠤ ᠮᠤᠯᠲᠤᠷᠠᠭᠰᠠᠨ ᠪᠤᠶᠤ | ᠬᠤᠭᠤᠷᠠᠭᠰᠠ ᠬᠡᠰᠡᠭ ᠢ ᠬᠤᠶᠠᠷ ᠭᠠᠷ ᠤᠨ ᠠᠯᠠᠭ᠎ᠠ ᠪᠠᠷ ᠰᠢᠯᠤᠭᠤᠨ ᠴᠢᠬᠡᠯᠠᠯ ᠢᠶᠠᠷ ᠵᠦᠬᠡᠯᠠᠨ ᠰᠢᠪᠲᠤᠷᠬᠤ ᠶᠢ | ᠬᠡᠯᠠᠨ᠎ᠠ᠃ ᠡᠨᠠ ᠨᠢ ᠭᠤᠤᠯᠳᠠᠭᠤ ᠬᠤᠷᠠᠭᠰᠠᠨ ᠮᠠᠭᠤ ᠴᠢᠰᠤ᠂ ᠰᠢᠷ᠎ᠠ ᠤᠰᠤ ᠶᠢ ᠲᠠᠷᠬᠠᠭᠠᠨ᠂ ᠬᠡᠢ ᠴᠢᠰᠤᠨ ᠤ | ᠬᠦᠶᠤᠳᠠᠯ ᠶᠢ ᠰᠠᠶᠢᠵᠢᠷᠠᠭᠤᠯᠤᠨ᠂ ᠬᠠᠪᠤᠳᠠᠷ ᠢ ᠬᠠᠷᠢᠭᠤᠯᠵᠤ᠂ ᠡᠪᠳᠡᠬᠦ ᠶᠢ ᠨᠠᠮᠳᠠᠭᠤᠯᠬᠤ ᠪᠠ ᠬᠤᠭᠤᠷᠠᠯ ᠤᠨ ᠬᠡᠰᠡᠭ | ᠤᠨ ᠪᠠᠷᠢᠯᠳᠤᠬᠤ ᠶᠢ ᠲᠦᠷᠬᠦᠳᠬᠡᠬᠦ᠂ ᠬᠤᠭᠤᠷᠠᠭᠰᠠᠨ ᠶᠠᠰᠤᠨ ᠤ ᠡᠳᠡᠬᠡᠷᠠᠯᠲᠠ ᠶᠢ ᠠᠬᠢᠭᠤᠯᠬᠤ ᠮᠡᠲᠤ ᠶᠢᠨ | ᠤᠶᠢᠯᠠᠳᠤᠯ ᠲᠠᠢ ᠪᠠᠶᠢᠳᠠᠭ᠃ | 2᠂ ᠪᠦᠮᠪᠦᠷᠢᠯᠠᠬᠦ ᠠᠷᠭ᠎ᠠ᠄ ᠶᠠᠰᠤᠴᠢ ᠪᠠᠷᠠᠭᠤᠨ ᠭᠠᠷ ᠤᠨ ᠬᠤᠷᠤᠭᠤ ᠨᠤᠭᠤᠳ ᠪᠠᠨ ᠬᠠᠭᠠᠰ ᠬᠤᠮᠢᠵᠤ᠂ | ᠠᠯᠠᠭᠠᠨ ᠤ ᠪᠠᠷᠠᠭᠤᠨ ᠲᠠᠯ᠎ᠠ ᠪᠠᠷ ᠡᠪᠠᠳᠴᠢᠲᠠᠨ ᠤ ᠬᠡᠮᠲᠤᠭ᠍ᠰᠠᠨ ᠬᠡᠰᠡᠭ ᠶᠢ ᠵᠤᠬᠢᠰᠲᠠᠢ ᠬᠦᠴᠤ ᠪᠠᠷ ᠪᠦᠮᠪᠤᠷᠢᠯᠠᠨ | ᠢᠯᠢᠬᠦ ᠨᠢᠬᠡ ᠵᠤᠶᠢᠯ ᠤᠨ ᠭᠠᠷ ᠠᠪᠤᠯᠭ᠎ᠠ ᠪᠤᠯᠤᠨ᠎ᠠ᠂ ᠲᠤᠰ ᠠᠷᠭ᠎ᠠ ᠶᠢ ᠭᠤᠤᠯᠳᠠᠭᠤ ᠬᠦᠵᠤᠬᠦᠦ᠂ ᠨᠢᠷᠤᠭᠤᠨ᠂ | ᠬᠠᠪᠠᠷᠭᠠ᠂ ᠳᠤᠮᠳᠠ ᠴᠢᠮᠤᠬᠡ ᠨᠢ ᠬᠡᠰᠡᠭ ᠲᠤ ᠬᠡᠷᠠᠬᠡᠯᠳᠡᠭ᠃ ᠡᠨᠠ ᠨᠢ ᠴᠢᠰᠤ ᠶᠢ ᠬᠦᠶᠤᠯᠬᠡᠬᠦ᠂ ᠬᠠᠪᠤᠳᠠᠷ ᠢ | ᠬᠠᠷᠢᠭᠤᠯᠬᠤ᠂ ᠵᠦᠬᠡᠯᠠᠨ ᠨᠡᠬᠡᠳᠠᠰᠤ ᠶᠢᠨ ᠬᠡᠮᠲᠤᠯ ᠢ ᠡᠳᠠᠬᠡᠬᠦ ᠤᠶᠢᠯᠠᠳᠤᠯ ᠲᠠᠢ ᠪᠠᠶᠢᠳᠠᠭ᠃ | 3᠂ ᠳᠠᠷᠤᠬᠤ ᠠᠷᠭ᠎ᠠ᠄ ᠡᠨᠠ ᠪᠤᠯ ᠶᠠᠰᠤᠴᠢ ᠪᠤᠯᠤᠭᠰᠭᠠᠳ ᠤᠨ ᠦᠷᠬᠦᠯᠵᠢ ᠬᠡᠷᠬᠡᠯᠳᠡᠭ ᠨᠢᠬᠡ ᠵᠤᠶᠢᠯ ᠤᠨ ᠠᠷᠭ᠎ᠠ | ᠪᠤᠯᠤᠨ᠎ᠠ᠃ ᠲᠤᠰ ᠭᠠᠷ ᠤᠨ ᠳᠠᠮ ᠢ ᠬᠦᠢᠴᠠᠳᠬᠡᠬᠦ ᠳᠡᠭᠡᠨ ᠳᠠᠷᠤᠬᠤ ᠬᠦᠴᠤᠨ ᠶᠢ ᠠᠭᠠᠵᠢᠮ ᠢᠶᠠᠷ ᠨᠡᠮᠡᠭᠳᠠᠬᠦᠯᠵᠤ᠂ | ᠤᠭᠵᠤᠮ ᠬᠦᠴᠤ ᠬᠡᠷᠠᠬᠡᠯᠬᠦ ᠶᠢ ᠴᠡᠬᠡᠷᠯᠠᠨ᠎ᠠ᠃ ᠡᠬᠦᠨ ᠢ ᠪᠠᠶ᠎ᠠ ᠶᠢᠨ ᠡᠯ᠎ᠠ ᠬᠡᠰᠡᠭ ᠲᠤ ᠴᠦᠮ ᠬᠡᠷᠠᠬᠡᠯᠵᠤ ᠪᠤᠯᠳᠠᠭ | ᠪᠦᠬᠡᠳ ᠭᠤᠤᠯᠳᠠᠭᠤ ᠬᠤᠭᠤᠷᠠᠭᠰᠠᠨ ᠶᠠᠰᠤᠨ ᠤ ᠪᠠᠶᠢᠷᠢᠰᠢᠯ ᠢ ᠰᠠᠶᠢᠵᠢᠷᠠᠭᠤᠯᠬᠤ᠂ ᠬᠠᠪᠤᠳᠠᠷ ᠢ ᠬᠠᠷᠢᠭᠤᠯᠵᠤ᠂ | ᠡᠪᠳᠡᠬᠦ ᠶᠢ ᠵᠤᠭᠰᠤᠭᠠᠬᠤ ᠤᠶᠢᠯᠠᠳᠤᠯ ᠲᠠᠢ ᠪᠠᠶᠢᠳᠠᠭ᠃ | 4᠂ ᠱᠦᠷᠬᠦᠬᠡᠬᠦ ᠠᠷᠭ᠎ᠠ᠄ ᠡᠨᠠ ᠨᠢ ᠶᠠᠰᠤᠴᠢ ᠬᠤᠶᠠᠷ ᠭᠠᠷ ᠤᠨ ᠠᠯᠠᠭ᠎ᠠ ᠪᠠᠷ ᠡᠪᠠᠳᠴᠢᠲᠠᠨ ᠤ ᠬᠡᠮᠲᠤᠭ᠍ᠰᠠᠨ | ᠤᠷᠤᠨ ᠶᠢ ᠭᠠᠵᠠᠷ ᠱᠦᠷᠬᠦᠬᠡᠵᠤ ᠪᠠᠶᠢᠬᠤ ᠰᠢᠭ ᠢᠯᠢᠬᠦ ᠶᠢ ᠵᠢᠭᠠᠨ᠎ᠠ᠃ ᠲᠤᠰ ᠠᠷᠭ᠎ᠠ ᠶᠢ ᠭᠤᠤᠯᠳᠠᠭᠤ | ᠬᠤᠭᠤᠷᠠᠭᠰᠠᠨ ᠶᠠᠰᠤ ᠪᠤᠶᠤ ᠰᠢᠯᠵᠢᠭᠰᠡᠨ ᠬᠡᠳᠠᠰᠤ᠂ ᠰᠠᠪᠠ ᠵᠡᠷᠬᠡ ᠬᠡᠷᠠᠬᠡᠯᠳᠡᠭ᠃ ᠭᠤᠤᠯᠳᠠᠭᠤ ᠴᠤᠭᠯᠠᠷᠠᠭᠰᠠᠨ ᠶᠢ | ᠲᠠᠷᠬᠠᠭᠠᠬᠤ᠂ ᠬᠡᠢ ᠴᠢᠰᠤᠨ ᠤ ᠬᠦᠶᠤᠳᠠᠯ ᠢ ᠰᠠᠶᠢᠵᠢᠷᠠᠭᠤᠯᠤᠨ᠂ ᠪᠤᠯᠴᠢᠩ ᠰᠤᠳᠠᠯ ᠰᠢᠷᠪᠤᠰᠤᠨ ᠤ ᠬᠡᠮᠲᠤᠯ ᠢ | ᠠᠨᠠᠭᠠᠬᠤ ᠤᠶᠢᠯᠠᠳᠤᠯ ᠲᠠᠢ᠃ | 5᠂ ᠨᠤᠬᠤᠯᠬᠤ ᠠᠷᠭ᠎ᠠ᠄ ᠲᠤᠰ ᠠᠷᠭ᠎ᠠ ᠪᠤᠯ ᠶᠠᠰᠤᠴᠢ ᠨᠠᠷ ᠤᠨ ᠨᠠᠶᠢᠳᠠᠮ ᠬᠡᠷᠠᠬᠡᠯᠠᠳᠡᠭ ᠨᠢᠬᠡ ᠵᠤᠶᠢᠯ ᠤᠨ ᠭᠠᠷ | ᠠᠪᠤᠯᠭ᠎ᠠ ᠪᠤᠯᠤᠨ᠎ᠠ᠃ ᠠᠯᠠᠭ᠎ᠠ ᠪᠤᠶᠤ ᠬᠤᠷᠤᠭᠤᠨ ᠤ ᠦᠨᠳᠡᠭᠡ ᠪᠠᠷ ᠬᠡᠮᠲᠤᠭ᠍ᠰᠠᠨ ᠬᠡᠰᠡᠭ ᠶᠢ ᠨᠤᠬᠤᠯᠵᠤ᠂ ᠮᠠᠭᠤ | ᠴᠢᠰᠤ᠂ ᠰᠢᠷ᠎ᠠ ᠤᠰᠤ ᠶᠢ ᠲᠠᠷᠬᠠᠭᠠᠨ᠂ ᠬᠠᠪᠤᠳᠠᠷ ᠢ ᠬᠠᠷᠢᠭᠤᠯᠠᠨ᠂ ᠡᠪᠳᠡᠬᠦ ᠶᠢ ᠵᠤᠭᠰᠤᠭᠠᠬᠤ᠂ ᠪᠤᠯᠴᠢᠩ | ᠰᠢᠷᠪᠤᠰᠤ ᠵᠠᠩᠬᠢᠷᠠᠯ ᠢ ᠲᠠᠶᠢᠯᠬᠤ ᠮᠡᠲᠤ ᠶᠢᠨ ᠤᠶᠢᠯᠠᠳᠤᠯ ᠲᠠᠢ ᠪᠠᠶᠢᠳᠠᠭ᠃ | 6᠂ ᠰᠠᠵᠢᠯᠠᠭᠤᠯᠬᠤ ᠠᠷᠭ᠎ᠠ᠄ ᠲᠤᠰ ᠠᠷᠭ᠎ᠠ ᠶᠢ ᠭᠤᠤᠯᠳᠠᠭᠤ ᠬᠤᠭᠤᠷᠠᠵᠤ ᠳᠠᠪᠬᠤᠴᠠᠭᠰᠠᠨ ᠶᠠᠰᠤ᠂ | ᠰᠤᠯᠪᠠᠯᠴᠠᠭᠰᠠᠨ ᠶᠠᠰᠤ᠂ ᠲᠠᠷᠢᠬᠢ᠂ ᠬᠡᠳᠠᠰᠤ᠂ ᠰᠠᠪᠠ ᠬᠦᠳᠡᠯᠡᠭᠰᠠᠨ ᠳᠤ ᠬᠡᠷᠠᠬᠡᠯᠠᠬᠦ ᠨᠢᠬᠡ ᠵᠤᠶᠢᠯ ᠤᠨ ᠭᠠᠷ | ᠠᠪᠤᠯᠭ᠎ᠠ ᠪᠤᠯᠤᠨ᠎ᠠ᠃ ᠡᠨᠠ ᠨᠢ ᠬᠤᠭᠤᠷᠠᠯ ᠤᠨ ᠬᠡᠰᠡᠭ ᠢ ᠤᠭ ᠪᠠᠶᠢᠷᠠᠨ ᠳᠤ ᠤᠷᠤᠭᠤᠯᠬᠤ᠂ ᠲᠠᠷᠢᠬᠢ᠂ ᠬᠡᠳᠠᠰᠤ᠂ | ᠰᠠᠪᠠ ᠶᠢ ᠳᠤᠮᠨᠤᠵᠤ ᠪᠠᠶᠢᠷᠠᠨ ᠳᠤᠨᠢ ᠲᠠᠯᠪᠢᠬᠤ ᠳᠤ ᠴᠢᠬᠤᠯᠠ ᠬᠡᠷᠠᠬᠡᠯᠳᠡᠭ ᠰᠠᠨ᠃ | 7᠂ ᠲᠠᠮᠤᠬᠤ ᠠᠷᠭ᠎ᠠ᠄ ᠡᠨᠠ ᠨᠢ ᠶᠠᠰᠤᠴᠢ ᠭᠠᠷ ᠤᠨ ᠬᠤᠶᠠᠷ ᠠᠯᠠᠭ᠎ᠠ ᠪᠠᠨ ᠬᠤᠭᠤᠷᠠᠭᠰᠠᠨ ᠶᠠᠰᠤᠨ ᠤ | ᠲᠤᠬᠢᠷᠠᠮᠵᠢᠲᠠᠢ ᠬᠡᠰᠡᠭ ᠲᠤ ᠴᠢᠩᠭ᠎ᠠ ᠨᠠᠭᠠᠯᠳᠤᠭᠤᠯᠵᠤ᠂ ᠰᠠᠯᠤᠭᠰᠠᠨ ᠶᠠᠰᠤᠨ ᠤ ᠳᠦᠬᠦᠮ ᠨᠠᠶᠢᠯᠠᠬᠦ ᠴᠢᠬᠡᠯᠠᠯ ᠢᠶᠠᠷ | ᠵᠢᠭᠳᠡ ᠲᠠᠮᠤᠵᠤ ᠢᠯᠢᠬᠦ ᠶᠢ ᠬᠡᠯᠠᠨ᠎ᠠ᠃ ᠲᠠᠮᠤᠵᠤ ᠢᠯᠢᠬᠦ ᠳᠡᠭᠡᠨ ᠬᠦᠳᠡᠯᠬᠡᠬᠡᠨ ᠤ ᠲᠦᠷᠬᠡᠨ᠂ ᠬᠦᠴᠤ ᠨᠢ | ᠲᠤᠬᠢᠷᠠᠮᠵᠢᠲᠠᠢ ᠪᠦᠬᠡᠳ ᠦᠷᠬᠦᠯᠵᠢᠯᠡᠭᠰᠠᠨ ᠪᠠᠶᠢᠬᠤ ᠬᠡᠷᠡᠭᠲᠠᠢ᠃ ᠲᠤᠰ ᠠᠷᠭ᠎ᠠ ᠭᠤᠤᠯᠳᠠᠭᠤ ᠪᠤᠯᠴᠢᠩ ᠮᠢᠬ᠎ᠠ᠂ | ᠪᠦᠯᠡᠭᠡ ᠰᠢᠷᠪᠤᠰᠤᠨ ᠤ ᠵᠠᠩᠬᠢᠷᠠᠯ ᠢ ᠲᠠᠶᠢᠯᠵᠤ᠂ ᠬᠤᠭᠤᠷᠠᠭᠰᠠᠨ ᠶᠠᠰᠤᠨ ᠤ ᠦᠵᠤᠬᠦᠷ ᠢ ᠤᠯᠠᠮ ᠪᠠᠷᠢᠯᠳᠤᠭᠤᠯᠬᠤ | ᠮᠡᠲᠤ ᠶᠢᠨ ᠤᠶᠢᠯᠠᠳᠤᠯ ᠲᠠᠢ ᠪᠠᠶᠢᠳᠠᠭ᠃ | 8᠂ ᠴᠠᠴᠡᠷᠠᠬᠦᠯᠬᠦ ᠠᠷᠭ᠎ᠠ᠄ ᠡᠨᠠ ᠨᠢ ᠶᠠᠰᠤᠴᠢ ᠠᠴᠠ ᠡᠪᠠᠳᠴᠢᠲᠠᠨ ᠤ ᠬᠡᠮᠲᠤᠭ᠍ᠰᠠᠨ ᠬᠡᠰᠡᠭ ᠪᠤᠶᠤ ᠲᠤᠭᠲᠠᠭᠰᠠ | ᠪᠡᠯᠴᠢᠷ ᠲᠤ ᠲᠤᠬᠢᠷᠠᠮᠵᠢᠲᠠᠢ ᠳᠠᠷᠤᠬᠤ ᠶᠢᠨ ᠬᠠᠮᠲᠤ ᠦᠨᠳᠤᠷ ᠳᠠᠪᠲᠠᠮᠵᠢ ᠪᠠᠷ ᠬᠦᠳᠡᠯᠬᠡᠬᠡᠨ ᠬᠡᠬᠦ ᠶᠢ ᠵᠢᠭᠠᠵᠤ | ᠪᠠᠶᠢᠨ᠎ᠠ᠃ ᠪᠤᠯᠴᠢᠩ ᠮᠢᠬ᠎ᠠ ᠵᠤᠵᠠᠭᠠᠨ ᠬᠡᠰᠡᠭ ᠤᠨ ᠬᠡᠮᠲᠤᠯ ᠳᠤ ᠬᠤᠶᠠᠷ ᠠᠯᠠᠭ᠎ᠠ ᠪᠠᠨ ᠳᠠᠪᠬᠤᠷᠯᠠᠵᠤ ᠪᠠᠶᠢᠭᠠᠳ | ᠬᠢᠵᠤ ᠪᠤᠯᠤᠨ᠎ᠠ᠃ ᠲᠤᠰ ᠠᠷᠭ᠎ᠠ ᠭᠤᠤᠯᠳᠠᠭᠤ ᠴᠢᠰᠤᠨ ᠤ ᠬᠦᠶᠤᠳᠠᠯ ᠢ ᠰᠠᠶᠢᠵᠢᠷᠠᠭᠤᠯᠬᠤ᠂ ᠡᠪᠳᠡᠬᠦ ᠶᠢ | ᠨᠠᠮᠳᠠᠭᠤᠯᠤᠨ᠃ ᠴᠤᠯᠤ ᠰᠠᠪᠠ ᠶᠢᠨ ᠠᠵᠢᠯᠠᠯᠭ᠎ᠠ ᠶᠢ ᠰᠠᠶᠢᠵᠢᠷᠠᠭᠤᠯᠬᠤ ᠮᠡᠲᠤ ᠶᠢᠨ ᠤᠶᠢᠯᠠᠳᠤᠯ ᠲᠠᠢ ᠪᠠᠶᠢᠳᠠᠭ᠃ | 9᠂ ᠲᠦᠯᠬᠦᠬᠦ ᠠᠷᠭ᠎ᠠ᠄ ᠡᠨᠠ ᠨᠢ ᠶᠠᠰᠤᠴᠢ ᠭᠠᠷ ᠤᠨ ᠠᠯᠠᠭᠠᠨ ᠤ ᠠᠷᠤ ᠬᠡᠰᠡᠭ ᠪᠠᠷ ᠡᠪᠠᠳᠴᠢᠲᠠᠨ ᠤ | ᠬᠡᠮᠲᠤᠭ᠍ᠰᠠᠨ ᠬᠡᠰᠡᠭ ᠢ ᠮᠦᠴᠢ ᠶᠢᠨ ᠳᠠᠭᠤ ᠰᠢᠯᠤᠭᠤᠨ ᠴᠢᠬᠡᠯᠠᠯ ᠢᠶᠠᠷ ᠦᠬᠡᠳᠠ ᠤᠷᠤᠭᠤ ᠳᠠᠷᠤᠵᠤ ᠲᠦᠯᠬᠦᠬᠦ ᠶᠢ | ᠬᠡᠯᠠᠨ᠎ᠠ᠃ ᠡᠬᠦᠨ ᠢ ᠳᠠᠯᠤ᠂ ᠨᠢᠷᠤᠭᠤ ᠪᠠ ᠳᠦᠷᠪᠠᠨ ᠶᠠᠰᠤᠨ ᠤ ᠬᠡᠮᠲᠤᠯ ᠳᠤ ᠤᠯᠠᠨ ᠬᠡᠷᠠᠬᠡᠯᠳᠡᠭ ᠪᠦᠬᠡᠳ | ᠭᠤᠤᠯᠳᠠᠭᠤ ᠬᠡᠰᠡᠭ ᠭᠠᠵᠠᠷ ᠤᠨ ᠬᠡᠢ ᠴᠢᠰᠤᠨ ᠤ ᠬᠦᠶᠤᠳᠠᠯ ᠢ ᠨᠠᠪᠲᠠᠷᠠᠬᠦᠯᠵᠤ᠂ ᠬᠠᠪᠤᠳᠠᠷ ᠢ ᠲᠠᠷᠬᠠᠭᠠᠨ᠂ ᠰᠤᠳᠠᠯ | ᠤᠨ ᠰᠢᠷᠪᠤᠰᠤ ᠡᠪᠯᠠᠬᠦᠯᠵᠤ᠂ ᠶᠠᠰᠤᠨ ᠤ ᠪᠠᠶᠢᠷᠢᠰᠢᠯᠠᠯ ᠢ ᠰᠠᠶᠢᠵᠢᠷᠠᠭᠤᠯᠬᠤ ᠮᠡᠲᠤ ᠶᠢᠨ ᠤᠶᠢᠯᠠᠳᠤᠯ ᠲᠠᠢ ᠪᠠᠶᠢᠳᠠᠭ᠃ | | 10᠂ ᠠᠳᠬᠤᠬᠤ ᠠᠷᠭ᠎ᠠ᠄ ᠲᠤᠰ ᠠᠷᠭ᠎ᠠ ᠪᠤᠯ ᠶᠠᠰᠤᠴᠢ ᠨᠠᠷ ᠦᠷᠬᠦᠯᠵᠢ ᠬᠡᠷᠠᠬᠡᠯᠳᠡᠭ ᠬᠤᠶᠠᠷ ᠭᠠᠷ ᠪᠠᠷ ᠢᠶᠠᠨ | ᠡᠪᠳᠴᠢᠲᠠᠨ ᠤ ᠬᠡᠮᠲᠤᠭ᠍ᠰᠠᠨ ᠬᠡᠰᠡᠭ ᠪᠠ ᠠᠯᠢ ᠲᠤᠬᠢᠷᠠᠮᠵᠢᠲᠠᠢ ᠤᠷᠤᠨ ᠶᠢ ᠴᠢᠩᠭ᠎ᠠ ᠪᠠᠵᠠᠭᠠᠨ᠂ ᠳᠠᠬᠢᠨ ᠠᠳᠬᠤᠬᠤ | ᠤᠷᠤᠨ ᠢᠶᠠᠨ ᠵᠤᠬᠢᠰᠲᠠᠢ ᠰᠢᠯᠵᠢᠯᠵᠤ ᠡᠮᠬᠢ ᠵᠢᠷᠤᠮ ᠲᠠᠢ ᠠᠳᠬᠤᠬᠤ ᠶᠢ ᠬᠡᠯᠠᠨ᠎ᠠ᠃ ᠲᠤᠰ ᠠᠷᠭ᠎ᠠ ᠶᠢ ᠳᠠᠯᠤ | ᠲᠤᠪᠴᠢᠯᠠᠷ᠂ ᠰᠠᠬᠦᠵᠢ ᠪᠠ ᠡᠪᠤᠳᠤᠭ᠌` ᠤᠨ ᠬᠡᠰᠡᠭ ᠤᠨ ᠶᠠᠰᠤᠨ ᠤ ᠬᠤᠭᠤᠷᠠᠯ ᠤᠨ ᠬᠠᠪᠤᠳᠠᠷ᠂ ᠪᠤᠯᠴᠢᠩ ᠮᠢᠬ᠎ᠠ | ᠰᠢᠷᠪᠤᠰᠤ ᠨᠢ ᠬᠠᠲᠠᠭᠤᠷᠠᠭᠰᠠᠨ ᠳᠤ ᠬᠡᠷᠠᠬᠡᠯᠨᠠ᠃ ᠡᠨᠠ ᠨᠢ ᠬᠤᠷᠠᠭᠰᠠᠨ ᠴᠢᠰᠤ ᠶᠢ ᠲᠠᠷᠬᠠᠭᠠᠬᠤ᠂ ᠬᠠᠪᠤᠳᠠᠷ ᠢ | ᠬᠠᠷᠢᠭᠤᠯᠤᠨ᠂ ᠡᠪᠳᠠᠬᠦ ᠶᠢ ᠨᠠᠮᠳᠠᠭᠤᠯᠬᠤ ᠵᠡᠷᠬᠡ ᠤᠶᠢᠯᠠᠳᠤᠯ ᠲᠠᠢ ᠪᠠᠶᠢᠳᠠᠭ᠃ | 11᠂ ᠴᠢᠮᠬᠢᠬᠦ ᠠᠷᠭ᠎ᠠ᠄ ᠡᠨᠠ ᠨᠢ ᠶᠠᠰᠤᠴᠢ ᠠᠴᠠ ᠡᠷᠠᠬᠡᠢ᠂ ᠬᠤᠮᠬᠠᠢ ᠬᠤᠷᠤᠭᠤ ᠪᠠᠷ ᠬᠡᠮᠲᠤᠭ᠍ᠰᠠᠨ ᠬᠡᠰᠡᠭ ᠪᠤᠶᠤ | ᠡᠪᠳᠴᠤ ᠪᠠᠶᠢᠭ᠎ᠠ ᠬᠡᠰᠡᠭ ᠲᠤᠨᠢ ᠴᠢᠮᠬᠢᠵᠤ ᠢᠯᠢᠬᠦ ᠶᠢ ᠬᠡᠯᠠᠨ᠎ᠠ᠃ ᠭᠤᠤᠯᠳᠠᠭᠤ ᠬᠠᠮᠠᠷ ᠤᠨ ᠶᠠᠰᠤ᠂ ᠬᠦᠵᠤᠬᠦᠨ ᠤ | ᠶᠠᠰᠤ ᠪᠠ ᠪᠦᠷᠪᠢ ᠶᠢᠨ ᠶᠠᠰᠤᠨ ᠤ ᠬᠡᠮᠲᠤᠯ ᠳᠤ ᠬᠡᠷᠠᠬᠡᠯᠳᠡᠭ᠃ ᠡᠨᠠ ᠨᠢ ᠵᠠᠩᠬᠢᠷᠠᠭᠰᠠᠨ ᠶᠢ ᠵᠠᠳᠠᠷᠠᠭᠤᠯᠬᠤ᠂ | ᠳᠠᠷᠤᠭᠳᠠᠭᠰᠠᠨ ᠶᠢ ᠭᠠᠷᠭᠠᠬᠤ ᠬᠤᠭᠤᠷᠠᠭᠰᠠᠨ ᠶᠠᠰᠤᠨ ᠤ ᠵᠡᠷᠠᠮᠳᠡᠭ ᠬᠡᠯᠪᠠᠷᠢ ᠶᠢ ᠵᠠᠯᠠᠷᠠᠭᠤᠯᠬᠤ ᠮᠡᠲᠤ ᠶᠢᠨ | ᠤᠶᠢᠯᠠᠳᠤᠯ ᠲᠠᠢ ᠪᠠᠶᠢᠳᠠᠭ᠃ | 12᠂ ᠲᠡᠯᠠᠬᠦ ᠠᠷᠭ᠎ᠠ᠄ ᠲᠤᠰ ᠠᠷᠭ᠎ᠠ ᠪᠤᠯ ᠶᠠᠰᠤᠴᠢ ᠠᠴᠠ ᠡᠷᠠᠬᠡᠢ ᠬᠤᠷᠤᠭᠤ ᠪᠤᠶᠤ ᠠᠯᠭᠠᠨ ᠤ ᠬᠡᠰᠡᠭ ᠢᠶᠠᠨ | ᠶᠠᠰᠤ ᠨᠢ ᠬᠡᠮᠲᠤᠯ ᠤᠨ ᠤᠷᠤᠨ ᠳᠤ ᠴᠢᠩᠭ᠎ᠠ ᠨᠠᠭᠠᠯᠳᠤᠭᠤᠯᠵᠤ᠂ ᠳᠠᠬᠢᠨ ᠳᠤᠲᠤᠷ ᠠᠴᠠ ᠭᠠᠳᠠᠭᠰᠢ ᠴᠢᠬᠡᠯᠠᠯ ᠢᠶᠠᠷ | ᠠᠯᠭᠤᠷ ᠲᠡᠯᠡᠵᠤ ᠢᠯᠢᠬᠦ ᠶᠢ ᠬᠡᠯᠠᠨ᠎ᠠ᠃ ᠡᠨᠠᠬᠦ ᠠᠷᠭ᠎ᠠ ᠶᠢ ᠲᠤᠯᠤᠭᠠᠢ᠂ ᠳᠤᠤᠷᠠᠳᠤ ᠦᠷᠬᠦᠨ᠂ ᠨᠢᠷᠤᠭᠤ ᠪᠠ | ᠬᠠᠪᠢᠷᠭ᠎ᠠ ᠶᠢᠨ ᠶᠠᠰᠤ ᠬᠡᠮᠲᠤᠭ᠍ᠰᠠᠨ᠂ ᠪᠦᠯᠡᠭᠡ ᠰᠢᠷᠪᠤᠰᠤᠨ ᠤ ᠵᠠᠩᠬᠢᠷᠠᠯ ᠪᠠ ᠴᠠᠭᠠᠨ ᠰᠤᠳᠠᠯ ᠳᠠᠷᠤᠭᠳᠠᠭᠰᠠᠨ ᠵᠡᠷᠬᠡ | ᠳᠠᠬᠢ ᠤᠯᠠᠨ ᠬᠡᠷᠠᠬᠡᠯᠳᠡᠭ᠂ ᠡᠨᠠ ᠨᠢ ᠵᠠᠩᠬᠢᠷᠠᠭᠰᠠᠨ ᠶᠢ ᠵᠠᠳᠠᠷᠠᠭᠤᠯᠬᠤ᠂ ᠳᠠᠷᠤᠭᠳᠠᠭᠰᠠᠨ ᠶᠢ ᠭᠠᠷᠭᠠᠬᠤ ᠪᠠ | ᠬᠤᠭᠤᠷᠠᠭᠰᠠᠨ ᠶᠠᠰᠤᠨ ᠤ ᠪᠠᠶᠢᠷᠢᠰᠢᠯᠠᠯ ᠢ ᠰᠠᠶᠢᠵᠢᠷᠠᠭᠤᠯᠬᠤ ᠮᠡᠲᠤ ᠶᠢᠨ ᠤᠶᠢᠯᠠᠳᠤᠯ ᠲᠠᠢ ᠪᠠᠶᠢᠳᠠᠭ᠃ | 13᠂ ᠨᠢᠲᠠᠷᠠᠬᠦ ᠠᠷᠭ᠎ᠠ᠄ ᠡᠨᠠ ᠶᠠᠰᠤᠴᠢ ᠠᠴᠠ ᠡᠷᠠᠬᠡᠢ ᠬᠤᠷᠤᠭᠤ ᠪᠤᠶᠤ ᠠᠯᠠᠭ᠎ᠠ ᠶᠢᠨ ᠠᠷᠤ ᠬᠡᠰᠡᠭ ᠢᠶᠠᠨ | ᠬᠡᠮᠲᠤᠭ᠍ᠰᠠᠨ ᠤᠷᠤᠨ ᠪᠤᠶᠤ ᠬᠠᠪᠤᠳᠴᠤ ᠡᠪᠳᠴᠤ ᠪᠠᠶᠢᠭ᠎ᠠ ᠬᠡᠰᠡᠭ ᠲᠤ ᠳᠠᠷᠤᠵᠤ ᠨᠢᠲᠠᠷᠠᠬᠦ ᠶᠢ ᠬᠡᠯᠠᠨ᠎ᠠ᠃ ᠲᠤᠰ | ᠠᠷᠭ᠎ᠠ ᠶᠢ ᠪᠠᠶ᠎ᠠ ᠶᠢᠨ ᠡᠯ᠎ᠠ ᠬᠡᠰᠡᠭ ᠤᠨ ᠶᠠᠰᠤᠨ ᠤ ᠬᠤᠭᠤᠷᠠᠯ ᠳᠤ ᠴᠦᠮ ᠬᠡᠷᠠᠬᠡᠯᠳᠡᠭ ᠪᠤᠯᠪᠠᠴᠤ ᠭᠤᠤᠯᠳᠠᠭᠤ | ᠶᠠᠰᠤᠨ ᠤ ᠪᠠᠯᠪᠠᠷᠠᠭᠰᠠᠨ ᠬᠤᠭᠤᠷᠠᠯ ᠢ ᠲᠡᠭᠰᠢᠯᠠᠵᠤ ᠪᠠᠷᠢᠬᠤ ᠳᠤ ᠤᠯᠠᠨ ᠬᠡᠷᠠᠬᠡᠯᠳᠡᠭ᠃ ᠡᠨᠠ ᠨᠢ ᠪᠤᠯᠴᠢᠩ | ᠰᠢᠷᠪᠤᠰᠤᠨ ᠤ ᠠᠲᠤᠷᠢᠵᠤ ᠠᠪᠴᠢᠭᠰᠠᠨ ᠢ ᠲᠠᠯᠪᠢᠭᠳᠠᠭᠤᠯᠬᠤ᠂ ᠬᠠᠪᠤᠳᠠᠷ ᠵᠠᠩᠬᠢᠷᠠᠯ ᠢ ᠲᠠᠷᠬᠠᠭᠠᠵᠤ᠂ ᠬᠡᠮᠬᠡᠷᠠᠨ | ᠰᠠᠯᠤᠭᠰᠠᠨ ᠵᠢᠵᠢᠭ ᠶᠠᠰᠤ ᠶᠢ ᠤᠭ ᠤᠷᠤᠨ ᠳᠤᠨᠢ ᠤᠷᠤᠭᠤᠯᠬᠤ ᠮᠡᠲᠤ ᠶᠢᠨ ᠤᠶᠢᠯᠠᠳᠤᠯ ᠲᠠᠢ ᠪᠠᠶᠢᠳᠠᠭ᠃ | 14᠂ ᠰᠢᠬᠡᠳᠬᠡᠬᠦ ᠠᠷᠭ᠎ᠠ᠄ ᠡᠨᠠ ᠪᠤᠯ ᠶᠠᠰᠤᠴᠢ ᠡᠷᠠᠬᠡᠢ ᠬᠤᠷᠤᠭᠤ ᠪᠠᠷ ᠢᠶᠠᠨ ᠡᠪᠠᠳᠴᠢᠲᠠᠨ ᠨᠤᠭᠤᠳ ᠬᠡᠮᠲᠤᠭ᠍ᠰᠠᠨ | ᠤᠷᠤᠨ ᠪᠤᠶᠤ ᠶᠠᠮᠠᠷ ᠨᠢᠬᠡ ᠪᠡᠯᠴᠢᠷ ᠲᠤ ᠰᠢᠬᠢᠳᠬᠡᠨ ᠳᠠᠷᠤᠬᠤ ᠶᠢ ᠬᠡᠯᠠᠨ᠎ᠠ᠃ ᠭᠤᠤᠯᠳᠠᠭᠤ ᠲᠤᠯᠤᠭᠠᠢ ᠡᠪᠳᠡᠬᠦ᠂ | ᠰᠢᠯᠢ ᠲᠠᠲᠠᠬᠤ᠂ ᠪᠤᠯᠴᠢᠩ ᠮᠢᠬ᠎ᠠ ᠬᠠᠲᠠᠭᠤᠷᠬᠤ ᠵᠡᠷᠬᠡ ᠬᠡᠮᠲᠤᠯ ᠳᠤ ᠵᠤᠬᠢᠰᠲᠠᠢ ᠬᠡᠷᠠᠬᠡᠯᠨᠠ᠃ ᠡᠨᠠ ᠨᠢ ᠴᠢᠰᠤᠨ ᠤ | ᠬᠦᠶᠤᠳᠠᠯ ᠢ ᠰᠠᠶᠢᠵᠢᠷᠠᠭᠤᠯᠬᠤ᠂ ᠵᠠᠩᠬᠢᠷᠠᠭᠰᠠᠨ ᠶᠢ ᠭᠠᠷᠭᠠᠵᠤ᠂ ᠬᠤᠷᠠᠭᠰᠠᠨ ᠶᠢ ᠲᠠᠷᠬᠠᠭᠠᠨ᠂ ᠡᠪᠳᠡᠬᠦ ᠶᠢ | ᠨᠠᠮᠳᠠᠭᠤᠯᠬᠤ ᠵᠡᠷᠬᠡ ᠤᠶᠢᠯᠠᠳᠤᠯ ᠲᠠᠢ ᠶᠤᠮ᠃ | ᠤᠶᠢᠷᠠᠳ ᠮᠤᠩᠭᠤᠯ ᠤᠨ ᠤᠯᠠᠮᠵᠢᠯᠠᠯᠲᠤ ᠶᠠᠰᠤᠨ ᠵᠠᠰᠠᠯ ᠳᠤ ᠳᠡᠬᠡᠷᠠᠬᠢ ᠮᠡᠲᠤ ᠶᠢᠨ ᠢᠯᠢᠵᠤ ᠡᠮᠨᠠᠬᠦ ᠠᠷᠭ᠎ᠠ ᠪᠠᠷᠢᠯ ᠢ | ᠬᠡᠷᠠᠬᠡᠯᠬᠦ ᠠᠴᠠ ᠭᠠᠳᠠᠨ᠎ᠠ ᠪᠠᠰᠠ ᠠᠳᠠᠯᠢ ᠪᠤᠰᠤ ᠱᠠᠲᠤ ᠦᠶ᠎ᠠ ᠳᠤᠨᠢ ᠵᠤᠬᠢᠴᠠᠭᠤᠯᠵᠤ ᠠᠳᠠᠯᠢ ᠪᠤᠰᠤ ᠠᠷᠭ᠎ᠠ ᠶᠢ | ᠬᠠᠪᠰᠤᠷᠤᠭᠤᠯᠵᠤ ᠬᠡᠷᠠᠬᠡᠯᠳᠡᠭ ᠰᠠᠨ᠃ ᠡᠬᠢᠨ ᠤ ᠱᠠᠲᠤ ᠳᠤ᠄ ᠶᠠᠰᠤᠨ ᠤ ᠬᠤᠭᠤᠷᠠᠯ ᠡᠬᠦᠰᠤᠭ᠍ᠰᠠᠨ ᠨᠢᠬᠡ ᠭᠠᠷᠠᠭ | ᠤᠨ ᠳᠤᠲᠤᠷ᠎ᠠ ᠴᠢᠰᠤᠨ ᠰᠤᠳᠠᠯ ᠵᠢᠴᠢ ᠪᠤᠰᠤᠳ ᠵᠦᠬᠡᠯᠠᠨ ᠨᠠᠬᠡᠳᠠᠰᠤ ᠬᠡᠮᠲᠤᠭ᠍ᠰᠠᠨ ᠠᠴᠠ ᠪᠤᠯᠵᠤ ᠬᠡᠢ ᠴᠢᠰᠤᠨ ᠤ | ᠬᠦᠶᠤᠳᠠᠯ ᠬᠠᠷᠰᠢᠯᠠᠭᠳᠠᠨ᠂ ᠬᠡᠮᠲᠤᠯ ᠤᠨ ᠬᠡᠰᠡᠭ ᠲᠤ ᠴᠢᠰᠤ ᠬᠤᠷᠠᠵᠤ ᠢᠯᠠᠷᠬᠡᠢ ᠬᠠᠪᠤᠳᠠᠨᠠ᠃ ᠡᠶᠢᠮᠤ ᠠᠴᠠ ᠡᠨᠠ | ᠬᠤᠭᠤᠴᠠᠭᠠᠨ ᠳᠤ ᠬᠡᠰᠡᠭ ᠭᠠᠵᠠᠷ ᠤᠨ ᠴᠢᠰᠤᠨ ᠬᠦᠶᠤᠳᠠᠯ ᠢ ᠰᠠᠶᠢᠵᠢᠷᠠᠭᠤᠯᠵᠤ᠂ ᠬᠠᠪᠤᠳᠠᠷ ᠢ ᠬᠠᠷᠢᠭᠤᠯᠤᠨ᠂ | ᠡᠪᠠᠳᠬᠦ ᠶᠢ ᠵᠤᠭᠰᠤᠭᠠᠬᠤ᠂ ᠬᠤᠭᠤᠷᠠᠭᠰᠠᠨ ᠶᠠᠰᠤᠨ ᠤ ᠡᠳᠠᠬᠡᠷᠠᠯᠲᠠ ᠶᠢ ᠲᠦᠷᠬᠦᠳᠬᠡᠬᠦ ᠪᠠᠷ ᠵᠠᠷᠴᠢᠮ ᠪᠤᠯᠭᠠᠨ᠂ | ᠶᠠᠰᠤᠴᠢ ᠠᠴᠠ ᠳᠠᠬᠢᠨ ᠨᠢᠬᠡ ᠤᠳᠠᠭ᠎ᠠ ᠪᠠᠶᠢᠴᠠᠭᠠᠨ ᠰᠢᠨᠵᠢᠯᠠᠬᠦ ᠶᠢᠨ ᠬᠠᠮᠲᠤ ᠮᠤᠳᠤᠯᠠᠭᠰᠠᠨ ᠬᠡᠰᠡᠭ ᠲᠤ ᠬᠠᠷ᠎ᠠ | ᠠᠷᠢᠬᠢ ᠦᠯᠢᠶᠠᠵᠤ᠂ ᠨᠤᠬᠤᠯᠵᠤ᠂ ᠳᠠᠷᠤᠵᠤ᠂ ᠰᠢᠪᠲᠤᠷᠴᠤ᠂ ᠠᠳᠬᠤᠵᠤ᠂ ᠨᠢᠲᠠᠷᠠᠵᠤ ᠢᠯᠢᠬᠦ ᠪᠠ ᠲᠠᠪᠤᠨ | ᠬᠤᠷᠤᠭᠤ ᠶᠢ ᠲᠠᠲᠠᠵᠤ ᠢᠯᠢᠬᠦ ᠮᠡᠲᠤ ᠠᠷᠭ᠎ᠠ ᠤᠨ ᠡᠪᠠᠳᠴᠢᠲᠠᠨ ᠤ ᠪᠤᠳᠠᠲᠠᠢ ᠪᠠᠶᠢᠳᠠᠯ ᠲᠠᠢ ᠤᠶᠠᠯᠳᠤᠭᠤᠯᠵᠤ᠂ | ᠠᠯᠢ ᠵᠤᠬᠢᠰᠲᠠᠢ ᠶᠢ ᠨᠢ ᠰᠤᠩᠭᠤᠵᠤ ᠬᠠᠪᠰᠤᠷᠭᠠᠨ ᠬᠡᠷᠠᠬᠡᠯᠳᠡᠭ᠃ ᠳᠤᠮᠳᠠ ᠱᠠᠲᠤ ᠳᠤ᠄ ᠡᠬᠡᠨ ᠤ ᠱᠠᠲᠤ ᠶᠢᠨ | ᠡᠮᠴᠢᠯᠬᠡ ᠶᠢ ᠦᠩᠬᠡᠷᠪᠠᠯ᠂ ᠶᠠᠷᠤᠩᠬᠡᠢ ᠳᠡᠭᠡᠨ ᠬᠤᠭᠤᠷᠠᠭᠰᠠᠨ ᠬᠡᠰᠡᠭ ᠤᠨ ᠪᠤᠯᠴᠢᠩ ᠮᠢᠬ᠎ᠠ᠂ ᠪᠦᠯᠡᠭᠡ ᠰᠢᠷᠪᠤᠰᠤᠨ | ᠤ ᠬᠡᠮᠲᠤᠯ ᠡᠳᠡᠬᠡᠷᠠᠯᠲᠠ ᠶᠢᠨ ᠱᠠᠲᠤ ᠳᠠᠭᠠᠨ ᠤᠷᠤᠵᠤ᠂ ᠬᠠᠪᠤᠳᠠᠷ ᠨᠢ ᠨᠢᠬᠡ ᠵᠡᠷᠬᠡ ᠬᠠᠷᠢᠵᠤ᠂ ᠡᠪᠠᠳᠬᠦ ᠨᠢ | ᠢᠯᠠᠷᠬᠡᠢ ᠨᠠᠮᠵᠢᠳᠠᠭ ᠪᠤᠯᠪᠠᠴᠤ ᠳᠤᠯᠤᠭᠠᠨ ᠲᠠᠮᠢᠷ ᠠᠳᠠᠯᠢ ᠪᠤᠰᠤ ᠬᠡᠮᠵᠢᠶ᠎ᠠ ᠪᠠᠷ ᠬᠡᠮᠲᠤᠬᠦ ᠲᠤᠯᠠ ᠶᠠᠰᠤᠨ ᠤ | ᠡᠳᠡᠬᠡᠷᠠᠯᠲᠠ ᠳᠤ ᠨᠦᠯᠤᠬᠡ ᠪᠤᠯᠳᠠᠭ᠃ ᠡᠶᠢᠮᠤ ᠠᠴᠠ ᠲᠤᠰ ᠱᠠᠲᠤᠨ ᠳᠤ ᠭᠤᠤᠯᠳᠠᠭᠤ ᠴᠤᠯᠤ ᠰᠠᠪᠠ ᠶᠢᠨ ᠪᠡᠯᠴᠢᠷ | ᠪᠤᠯᠤᠨ ᠰᠡᠬᠡᠷ ᠤᠨ ᠤᠭ ᠤᠨ ᠪᠡᠯᠴᠢᠷ ᠵᠡᠷᠬᠡ ᠳᠤ ᠡᠷᠠᠬᠡᠢ ᠬᠤᠷᠤᠭᠤ ᠪᠠᠷ ᠢᠶᠠᠨ ᠴᠠᠴᠠᠷᠠᠬᠦᠯᠵᠤ ᠢᠯᠢᠬᠦ᠂ ᠨᠢᠳᠠᠷᠠᠵᠤ | ᠢᠯᠢᠬᠦ᠂ ᠠᠯᠠᠭ᠎ᠠ ᠪᠠᠷ ᠲᠦᠯᠬᠡᠵᠤ ᠢᠯᠢᠬᠦ᠂ ᠳᠠᠷᠤᠵᠤ ᠢᠯᠢᠬᠦ᠂ ᠪᠠᠭᠠᠨ᠎ᠠ ᠨᠢᠷᠤᠭᠤ ᠤᠨ ᠳᠠᠭᠠᠭᠤᠯᠤᠨ ᠬᠦᠨᠳᠡᠯᠠᠨ | ᠢᠶᠠᠷ ᠱᠦᠷᠬᠦᠬᠡᠵᠤ ᠢᠯᠢᠬᠦ ᠪᠠ ᠨᠤᠬᠤᠯᠬᠤ ᠮᠡᠲᠤ ᠶᠢᠨ ᠠᠷᠭ᠎ᠠ ᠶᠢ ᠬᠠᠪᠰᠤᠷᠭᠠᠨ ᠬᠡᠷᠬᠡᠯᠠᠨᠠ᠃ ᠰᠠᠬᠦᠯᠴᠢ ᠶᠢᠨ | ᠱᠠᠲᠤᠨ ᠳᠤ᠄ ᠡᠬᠢᠨ ᠤ ᠱᠠᠲᠤ ᠪᠤᠯᠤᠨ ᠳᠤᠮᠳᠠ ᠱᠠᠲᠤ ᠶᠢᠨ ᠡᠮᠴᠢᠯᠬᠡ ᠶᠢ ᠦᠩᠬᠡᠷᠠᠬᠡᠪᠠᠯ ᠶᠠᠰᠤᠨ ᠤ ᠬᠤᠭᠤᠷᠠᠯ | ᠬᠡᠰᠡᠭ ᠨᠠᠯᠠᠶᠠᠳ ᠪᠠᠷᠢᠯᠳᠤᠨ ᠪᠦᠲᠤᠳᠡᠭ᠃ ᠬᠡᠲᠡᠯ᠎ᠠ ᠭᠠᠳᠠᠷ ᠰᠢᠷᠬ᠎ᠠ᠂ ᠳᠤᠲᠤᠷ ᠬᠡᠮᠲᠤᠯ ᠪᠤᠯᠤᠨ ᠡᠪᠠᠳᠴᠢᠲᠠᠨ | ᠤᠷᠲᠤ ᠬᠤᠭᠤᠴᠠᠭ᠎ᠠ ᠬᠡᠪᠲᠡᠭᠰᠠᠨ ᠠᠴᠠ ᠪᠤᠯᠵᠤ ᠬᠡᠢ ᠰᠢᠷ᠎ᠠ ᠪᠠᠳᠭᠠᠨ ᠤ ᠡᠷᠠᠬᠦᠯ ᠤᠨ ᠲᠡᠩᠴᠠᠬᠦᠷᠢ ᠠᠯᠳᠠᠭᠳᠠᠨ᠂ | ᠪᠠᠶ᠎ᠠ ᠶᠢᠨ ᠵᠦᠢ ᠶᠢᠨ ᠠᠵᠢᠯᠠᠯᠭ᠎ᠠ ᠠᠳᠠᠯᠢ ᠪᠤᠰᠤ ᠬᠡᠮᠵᠢᠶ᠎ᠠ ᠪᠠᠷ ᠬᠠᠷᠰᠢᠯᠠᠭᠳᠠᠨ᠂ ᠬᠡᠢ ᠴᠢᠰᠤᠨ ᠤ ᠬᠦᠶᠤᠳᠠᠯ ᠴᠤ | ᠨᠦᠯᠤᠬᠡᠯᠡᠭᠳᠠᠵᠤ᠂ ᠬᠡᠮᠲᠤᠭ᠍ᠰᠠᠨ ᠮᠦᠴᠢᠨ ᠦᠶ᠎ᠠ ᠬᠡᠰᠢᠬᠦᠦ ᠰᠢᠷ᠎ᠠ ᠤᠰᠤ ᠲᠤᠭᠲᠠᠳᠠᠭ᠃ ᠡᠶᠢᠮᠤ ᠠᠴᠠ ᠡᠨᠠ ᠱᠠᠲᠤᠨ | ᠳᠤ ᠬᠤᠲᠤᠭᠤᠳᠤ᠂ ᠤᠯᠤᠭᠠᠢ᠂ ᠳᠠᠪᠤᠰᠠᠩ ᠲᠤ ᠰᠢᠷ᠎ᠠ ᠲᠤᠰᠤ ᠲᠦᠷᠬᠡᠵᠤ ᠨᠢᠳᠠᠷᠵᠤ ᠢᠯᠢᠬᠦ᠂ ᠴᠠᠴᠠᠷᠠᠬᠦᠯᠵᠤ | ᠢᠯᠢᠬᠦ᠂ ᠲᠦᠯᠬᠡᠵᠤ ᠢᠯᠢᠬᠦ ᠪᠠ ᠬᠤᠭᠤᠷᠠᠭᠰᠠᠨ ᠬᠡᠰᠡᠭ᠂ ᠦᠶ᠎ᠠ ᠮᠦᠴᠢᠨ ᠳᠤ ᠬᠠᠷ᠎ᠠ ᠬᠦᠷᠤᠬᠡᠰᠤᠨ ᠪᠤᠶᠤ ᠵᠤᠷᠬᠠᠨ | ᠤ ᠦᠬᠡᠬᠦ ᠶᠢ ᠲᠦᠷᠬᠡᠵᠤ ᠳᠠᠷᠤᠵᠤ᠂ ᠨᠤᠬᠤᠯᠵᠤ᠂ ᠰᠢᠪᠲᠤᠷᠵᠤ᠂ ᠲᠡᠮᠤᠵᠤ ᠢᠯᠢᠬᠦ ᠮᠡᠲᠤ ᠶᠢᠨ ᠠᠷᠭ᠎ᠠ ᠠᠴᠠ ᠠᠯᠢ | ᠵᠤᠬᠢᠰᠲᠠᠢ ᠶᠢ ᠨᠢ ᠰᠤᠩᠭᠤᠨ ᠬᠡᠷᠠᠬᠡᠯᠠᠨᠠ᠃ | ︵ᠳᠦᠷᠪᠠ︶ ᠪᠡᠬᠡᠯᠠᠨ ᠪᠤᠭᠤᠬᠤ ᠠᠷᠭ᠎ᠠ | ᠪᠡᠬᠡᠯᠠᠨ ᠪᠤᠭᠤᠬᠤ ᠠᠷᠭ᠎ᠠ ᠪᠤᠯ ᠤᠶᠢᠷᠠᠳ ᠮᠤᠩᠭᠤᠯ ᠤᠨ ᠤᠯᠠᠮᠵᠢᠯᠠᠯᠲᠤ ᠶᠠᠰᠤ ᠪᠠᠷᠢᠬᠤ ᠠᠷᠭ᠎ᠠ ᠶᠢᠨ ᠴᠢᠬᠤᠯᠠ | ᠨᠢᠬᠡ ᠠᠯᠬᠤᠮ ᠪᠤᠯᠤᠨ᠎ᠠ᠃ ᠮᠤᠯᠲᠤᠷᠠᠭᠰᠠ ᠶᠠᠰᠤ ᠪᠠ ᠬᠤᠭᠤᠷᠠᠭᠰᠠ ᠶᠠᠰᠤ ᠶᠢ ᠤᠯᠠᠮᠵᠢᠯᠠᠯᠲᠤ ᠶᠠᠰᠤ ᠪᠠᠷᠢᠬᠤ | ᠠᠷᠭ᠎ᠠ ᠪᠠᠷ ᠤᠭ ᠪᠠᠶᠢᠷᠠᠨ ᠳᠤᠨᠢ ᠤᠷᠤᠭᠤᠯᠠᠭᠰᠠᠨ ᠤ ᠳᠠᠷᠠᠭ᠎ᠠ ᠵᠤᠬᠢᠰᠲᠠᠢ ᠪᠠᠬᠢᠯᠠᠨ ᠪᠤᠭᠤᠬᠤ ᠪᠤᠶᠤ ᠮᠤᠳᠤᠯᠬᠤ ᠪᠤᠯ | ᠤᠷᠤᠭᠤᠯᠠᠭᠰᠠᠨ ᠦᠶ᠎ᠠ ᠶᠢᠨ ᠳᠠᠬᠢᠵᠤ ᠰᠢᠯᠵᠢᠬᠦ ᠦᠬᠡᠢ ᠶᠢ ᠪᠠᠲᠤᠳᠬᠠᠵᠤ᠂ ᠬᠤᠭᠤᠷᠠᠯ ᠤᠨ ᠬᠡᠰᠡᠭ ᠤᠨ | ᠲᠤᠭᠲᠠᠪᠤᠷᠢ ᠲᠠᠢ ᠪᠠᠶᠢᠬᠤ ᠶᠢ ᠪᠠᠲᠤᠯᠠᠨ᠂ ᠮᠤᠯᠲᠤᠷᠠᠭᠰᠠᠨ ᠪᠠ ᠬᠤᠭᠤᠷᠠᠭᠰᠠᠨ ᠶᠠᠰᠤᠨ ᠤ ᠡᠳᠡᠬᠡᠷᠠᠯᠲᠠ ᠳᠤ ᠰᠠᠶᠢᠨ | ᠨᠦᠬᠦᠴᠠᠯ ᠪᠦᠷᠢᠯᠳᠤᠬᠦᠯᠵᠤ ᠦᠭᠬᠦᠳᠡᠭ ᠪᠢᠯᠠ᠃ ᠤᠶᠢᠷᠠᠳ ᠮᠤᠩᠭᠤᠯ ᠤᠨ ᠤᠯᠠᠮᠵᠢᠯᠠᠯᠲᠤ ᠶᠠᠰᠤ ᠪᠠᠷᠢᠬᠤ ᠵᠠᠰᠠᠯ | ᠤᠨ ᠮᠤᠯᠲᠤᠷᠠᠭᠰᠠᠨ ᠪᠠ ᠬᠤᠭᠤᠷᠠᠭᠰᠠᠨ ᠶᠠᠰᠤ ᠶᠢ ᠪᠤᠭᠤᠵᠤ ᠪᠡᠬᠡᠯᠠᠬᠦ ᠠᠷᠭ᠎ᠠ ᠪᠤᠯ ᠪᠠᠶ᠎ᠠ ᠶᠢᠨ ᠮᠦᠴᠢ ᠶᠢᠨ | ᠤᠨᠴᠠᠯᠢᠭ᠂ ᠦᠶ᠎ᠠ ᠬᠡᠰᠢᠬᠦᠦ ᠨᠢ ᠳᠦᠷᠰᠤ ᠪᠠᠶᠢᠳᠠᠯ ᠲᠤᠬᠢᠷᠠᠭᠤᠯᠤᠨ ᠵᠤᠶᠢᠯ ᠪᠦᠷᠢ ᠶᠢᠨ ᠪᠦᠰ᠂ ᠳᠠᠪᠤᠤ ᠶᠢ | ᠬᠡᠷᠠᠬᠡᠯᠠᠨ ᠮᠤᠯᠲᠤᠷᠠᠭᠰᠠᠨ ᠦᠶ᠎ᠠ ᠶᠢ ᠤᠭ ᠪᠠᠶᠢᠷᠠᠨ ᠳᠤᠨᠢ ᠤᠷᠤᠭᠤᠯᠠᠭᠰᠠᠨ ᠤ ᠳᠠᠷᠠᠭ᠎ᠠ ᠴᠢᠩᠭ᠎ᠠ ᠰᠤᠯᠠ ᠬᠡᠮᠵᠢᠶ᠎ᠠ | ᠶᠢ ᠲᠤᠬᠤᠷᠠᠭᠤᠯᠤᠨ ᠪᠤᠭᠤᠨᠬᠤ ᠪᠤᠶᠤ ᠬᠤᠭᠤᠷᠠᠭᠰᠠᠨ ᠶᠠᠰᠤ ᠶᠢ ᠶᠠᠰᠤᠨ ᠤ ᠪᠤᠳᠠᠲᠠᠢ ᠪᠠᠶᠢᠳᠠᠯ ᠢ ᠦᠨᠳᠤᠰᠤᠯᠤᠨ4 | — 6 ᠬᠡᠰᠡᠭ ᠮᠤᠳᠤ ᠬᠠᠪᠲᠠᠰᠤ ᠵᠠᠰᠠᠵᠤ᠂ ᠬᠤᠭᠤᠷᠠᠭᠰᠠ ᠤᠷᠤᠨ ᠶᠢ ᠮᠤᠳᠤᠯᠠᠨ ᠭᠤᠷᠪᠠᠨ ᠭᠠᠵᠠᠷ ᠤᠶᠠᠳᠠᠰᠤ | ᠪᠠᠷ ᠴᠢᠩᠭ᠎ᠠ ᠰᠤᠯᠠ ᠶᠢ ᠲᠤᠬᠢᠷᠠᠭᠰᠠ ᠬᠡᠮᠵᠢᠶ᠎ᠠ ᠲᠠᠢ ᠪᠠᠷ ᠪᠤᠭᠤᠨ᠎ᠠ᠃ ᠶᠠᠰᠤᠨ ᠤ ᠬᠡᠮᠲᠤᠯ ᠢ ᠪᠡᠬᠡᠯᠠᠨ ᠪᠤᠭᠤᠬᠤ | ᠳᠠᠭᠠᠨ ᠴᠢᠰᠤᠨ ᠤ ᠡᠷᠬᠢᠯᠲᠠ ᠶᠢ ᠨᠦᠯᠤᠬᠡᠯᠠᠬᠦ ᠦᠬᠡᠢ ᠮᠦᠷᠲᠠᠬᠡᠨ ᠮᠡᠳᠡᠷᠠᠯ ᠤᠨ ᠴᠠᠭᠠᠨ ᠰᠤᠳᠠᠰᠤ ᠶᠢ | ᠳᠠᠷᠤᠭᠳᠠᠭᠤᠯᠬᠤ ᠦᠬᠡᠢ ᠪᠠᠷ ᠨᠦᠬᠦᠴᠠᠯ ᠪᠤᠯᠭᠠᠵᠤ᠂ ᠬᠡᠵᠢᠶᠠᠳᠠ ᠲᠡᠩᠴᠠᠬᠦᠬᠡᠨ ᠪᠠᠶᠢᠯᠭᠠᠬᠤ ᠶᠢ ᠠᠩᠬᠠᠷᠠᠨᠠ᠃ | ᠬᠡᠷᠪᠠ ᠬᠠᠪᠤᠳᠠᠬᠤ ᠨᠢ ᠠᠶᠢᠬᠤᠪᠲᠤᠷ ᠪᠤᠯ ᠤᠶᠠᠳᠠᠰᠤ ᠪᠠᠨ ᠵᠤᠬᠢᠬᠤ ᠬᠡᠮᠵᠢᠶ᠎ᠠ ᠪᠠᠷ ᠰᠤᠯᠠᠳᠬᠠᠵᠤ᠂ ᠬᠠᠪᠤᠳᠠᠷ ᠨᠢ | ᠪᠠᠭᠠᠳᠠᠪᠠᠯ ᠤᠶᠠᠳᠠᠰᠤ ᠶᠢ ᠲᠤᠬᠢᠷᠠᠮᠵᠢᠲᠠᠢ ᠴᠢᠩᠭᠠᠯᠠᠵᠤ᠂ ᠪᠡᠬᠡᠯᠠᠬᠦ ᠵᠤᠷᠢᠯᠭ᠎ᠠ ᠳᠠᠭᠠᠨ ᠬᠦᠷᠬᠡᠨ᠎ᠠ᠃ ᠲᠡᠷᠠᠴᠢᠯᠠᠨ | ᠲᠤᠭᠲᠠᠪᠤᠷᠢ ᠦᠬᠡᠢ ᠶᠠᠰᠤᠨ ᠤ ᠬᠤᠭᠤᠷᠠᠯᠲᠠ ᠪᠤᠶᠤ ᠳᠤᠤᠷᠠᠳᠤ ᠮᠦᠴᠢ ᠶᠢᠨ ᠶᠠᠰᠤᠨ ᠤ ᠬᠤᠭᠤᠷᠠᠯᠲᠠ ᠶᠢ ᠮᠤᠳᠤᠨ | ᠬᠠᠪᠲᠠᠰᠤ ᠪᠡᠬᠡᠯᠠᠬᠡᠳ᠂ ᠳᠠᠬᠢᠨ ᠴᠢᠬᠡᠭ ᠦᠬᠡᠢ ᠴᠡᠪᠡᠷᠬᠡᠨ ᠡᠯᠰᠤ ᠳᠦᠬᠦᠷᠬᠡᠵᠤ ᠬᠡᠭᠰᠠᠨ ᠤᠭᠤᠲᠠ ᠬᠤᠶᠠᠷ ᠲᠠᠯ᠎ᠠ | ᠠᠴᠠ ᠨᠢ ᠬᠠᠰᠢᠵᠤ᠂ ᠬᠦᠳᠡᠯᠠᠬᠦ ᠠᠴᠠ ᠰᠡᠷᠬᠡᠶᠢᠯᠠᠨ᠎ᠠ᠃ ᠵᠠᠰᠠᠯ ᠤᠨ ᠶᠠᠪᠤᠴᠠ ᠳᠤᠮᠳᠠ ᠪᠠᠨ ᠰᠠᠶᠢᠨ ᠪᠠᠷᠢᠵᠤ ᠡᠰᠠ | ᠴᠢᠳᠠᠭᠰᠠᠨ᠂ ᠪᠠᠶᠢᠷᠢ ᠰᠢᠯᠵᠢᠭᠰᠡᠨ ᠶᠠᠰᠤᠨ ᠤ ᠬᠤᠭᠤᠷᠠᠯᠲᠠ ᠶᠢ ︿︿ᠬᠦᠳᠡᠯᠬᠡᠬᠦ ᠪᠠᠷ ᠬᠦᠳᠡᠯᠤᠭ᠍ᠰᠠᠨ ᠢ ᠵᠠᠰᠠᠬᠤ﹀﹀ | ᠤᠨᠤᠯ ᠢ ᠦᠨᠳᠤᠰᠤᠯᠤᠨ ᠵᠦᠷᠴᠡᠭᠰᠠᠨ ᠶᠠᠰᠤ ᠶᠢ ᠵᠠᠯᠠᠷᠠᠭᠤᠯᠤᠨ ᠵᠠᠰᠠᠵᠤ ᠪᠠᠷᠢᠬᠤ ᠶᠢᠨ ᠬᠠᠮᠲᠤ᠂ ᠬᠤᠭᠤᠷᠠᠵᠤ | ᠰᠤᠯᠪᠢᠯᠳᠤᠭᠰᠠᠨ ᠴᠢᠬᠡᠯᠠᠯ ᠢ ᠦᠨᠳᠤᠰᠤᠯᠠᠨ ᠮᠤᠳᠤᠯᠠᠭᠰᠠᠨ ᠬᠠᠪᠳᠠᠰᠤ ᠪᠠᠨ ᠵᠤᠬᠢᠴᠠᠭᠤᠯᠤᠨ ᠬᠡᠷᠠᠬᠡᠯᠠᠵᠤ ᠪᠡᠬᠡᠯᠠᠨ | ᠲᠤᠭᠲᠠᠭᠠᠭᠠᠳ ᠢᠳᠡᠭ ᠢᠳᠡᠭ ᠪᠠᠷ ᠵᠠᠯᠠᠷᠠᠭᠤᠯᠤᠪᠠᠯ ᠠᠭᠠᠵᠢᠮ ᠳᠠᠭᠠᠨ ᠤᠭ ᠪᠠᠶᠢᠷᠠᠨ ᠳᠡᠭᠡᠨ ᠤᠷᠤᠵᠤ ᠡᠳᠡᠬᠡᠷᠠᠨᠠ᠃ | | ᠤᠶᠢᠷᠠᠳ ᠮᠤᠩᠭᠤᠯ ᠤᠨ ᠤᠯᠠᠮᠵᠢᠯᠠᠯᠲᠤ ᠶᠠᠰᠤ ᠪᠠᠷᠢᠬᠤ ᠵᠠᠰᠠᠯ ᠳᠤ ᠳᠡᠬᠡᠷᠠᠬᠢ ᠶᠠᠰᠤᠨ ᠤ ᠮᠤᠯᠲᠤᠷᠠᠯ ᠪᠠ | ᠬᠤᠭᠤᠷᠠᠯ ᠢ ᠪᠡᠬᠡᠯᠠᠨ ᠪᠤᠭᠤᠬᠤ ᠠᠷᠭ᠎ᠠ ᠠᠴᠠ ᠭᠠᠳᠠᠨ᠎ᠠ ᠪᠠᠰᠠ ᠲᠠᠬᠢᠶᠠᠨ ᠦᠨᠳᠡᠭᠡ ᠶᠢᠨ ᠰᠢᠷ᠎ᠠ ᠪᠠᠷ ᠮᠤᠯᠲᠤᠷᠠᠭᠰᠠ | ᠂ ᠬᠤᠭᠤᠷᠠᠭᠰᠠ ᠶᠠᠰᠤ ᠶᠢ ᠪᠠᠷᠢᠵᠤ ᠤᠷᠤᠭᠤᠯᠠᠭᠰᠠ ᠤ ᠳᠠᠷᠠᠭ᠎ᠠ ᠬᠠᠲᠠᠭᠠᠵᠤ ᠡᠮᠨᠡᠬᠦ ᠠᠷᠭ᠎ᠠ ᠶᠢ ᠬᠡᠷᠠᠬᠡᠯᠳᠡᠭ ᠪᠢᠯᠠ᠃ | ᠲᠠᠬᠢᠶᠠᠨ ᠦᠨᠳᠡᠭᠡ ᠶᠢᠨ ᠰᠢᠷ᠎ᠠ ᠰᠠᠷᠢᠬᠦᠨ ᠴᠢᠨᠠᠷ ᠲᠠᠢ᠂ ᠡᠶᠢᠮᠤ ᠠᠴᠠ ᠮᠤᠯᠲᠤᠷᠠᠭᠰᠠᠨ ᠪᠤᠶᠤ ᠬᠤᠭᠤᠷᠠᠭᠰᠠᠨ | ᠶᠠᠰᠤᠨ ᠤ ᠬᠡᠮᠲᠤᠯ ᠢ ᠪᠠᠷᠢᠵᠤ ᠤᠷᠤᠭᠤᠯᠠᠭᠰᠠᠨ ᠤ ᠳᠠᠷᠠᠭ᠎ᠠ ᠲᠦᠷᠬᠡᠵᠤ ᠰᠠ ᠪᠦᠰ ᠪᠠᠷ ᠤᠷᠠᠶᠠᠵᠤ ᠬᠠᠲᠠᠭᠠᠪᠠᠯ᠂ | ᠶᠠᠰᠤ ᠶᠢ ᠲᠤᠭᠲᠠᠪᠤᠷᠠᠲᠠᠢ ᠪᠠᠶᠢᠯᠭᠠᠬᠤ ᠶᠢᠨ ᠬᠠᠮᠲᠤ ᠬᠠᠯᠠᠭᠤᠨ ᠶᠢ ᠲᠠᠲᠠᠵᠤ᠂ ᠬᠠᠪᠤᠳᠠᠷ ᠢ ᠬᠠᠷᠢᠭᠤᠯᠬᠤ᠂ ᠶᠠᠰᠤ | ᠲᠦᠷᠬᠡᠨ ᠪᠠᠷᠢᠬᠤ ᠳᠤ ᠠᠰᠢᠭᠲᠠᠢ ᠨᠦᠬᠦᠴᠠᠯ ᠪᠦᠷᠢᠯᠳᠠᠬᠦᠯᠠᠵᠤ ᠦᠭᠬᠦᠳᠡᠭ ᠪᠠᠶᠢᠨ᠎ᠠ᠃ ᠲᠤᠰ ᠠᠷᠭ᠎ᠠ ᠶᠢ | ᠭᠤᠤᠯᠳᠠᠭᠤ ᠲᠤᠯᠤᠭᠠᠢ ᠶᠢᠨ ᠵᠠᠭᠠᠳᠠᠰᠤ ᠶᠢ ᠤᠷᠤᠭᠤᠯᠠᠵᠤ ᠪᠤᠭᠤᠬᠤ ᠳᠤ ᠬᠡᠷᠠᠬᠡᠯᠳᠡᠭ᠃ ᠡᠬᠦᠨ ᠤ ᠬᠠᠮᠲᠤ | ᠡᠪᠤᠳᠡᠭ ᠤᠨ ᠲᠤᠶᠢᠭ ᠶᠠᠰᠤ ᠮᠤᠯᠲᠤᠷᠠᠭᠰᠠᠨ ᠪᠤᠶᠤ ᠵᠠᠭᠠᠷᠠᠭᠰᠠᠨ ᠪᠤᠯ ᠵᠦᠬᠡᠯᠠᠨ ᠲᠠᠮᠤᠷ ᠤᠳᠠᠰᠤ ᠪᠠᠷ ᠴᠠᠭᠠᠷᠠᠭ | ᠭᠠᠷᠬ᠎ᠠ ᠵᠠᠰᠠᠵᠤ ᠪᠦᠰ ᠪᠠᠷ ᠤᠷᠢᠶᠠᠵᠤ᠂ ᠡᠪᠤᠳᠡᠭ ᠤᠨ ᠲᠤᠶᠢᠭ ᠲᠤ ᠲᠠᠷᠠᠭᠤᠯᠠᠨ ᠲᠠᠯᠪᠢᠵᠤ᠂ ᠳᠦᠷᠪᠠᠨ ᠤᠶᠠᠳᠠᠰᠤ | ᠬᠡᠵᠤ ᠰᠠᠯᠭᠠᠵᠤ ᠪᠤᠭᠤᠨ᠎ᠠ᠃ ᠳᠠᠯᠤ ᠶᠢᠨ ᠲᠤᠪᠴᠢᠯᠤᠷ ᠬᠤᠭᠤᠷᠠᠭᠰᠠᠨ ᠪᠤᠯ ᠬᠤᠶᠠᠷ ᠳᠠᠯᠤ ᠶᠢᠨ ᠬᠡᠮᠵᠢᠶ᠎ᠠ ᠪᠠᠷ | ᠴᠠᠭᠠᠷᠠᠭ ᠭᠠᠷᠬ᠎ᠠ ᠵᠠᠰᠠᠵᠤ᠂ ᠡᠮᠤᠨ᠎ᠠ ᠠᠷᠤ ᠲᠠᠯ᠎ᠠ ᠳᠤᠨᠢ ᠰᠤᠯᠪᠢᠯᠳᠤᠯᠤᠨ ᠪᠤᠭᠤᠨ᠎ᠠ᠃ ᠳᠤᠤᠷᠠᠳᠤ ᠮᠦᠴᠢ | ᠬᠤᠭᠤᠷᠠᠯᠲᠠ ᠳᠤ ᠪᠤᠭᠤᠱ ᠪᠤᠶᠤ ᠪᠤᠰᠤᠳ ᠪᠤᠳᠠᠰ ᠪᠠᠷ ᠬᠦᠯ ᠠᠴᠠ ᠨᠢ ᠳᠠᠬᠦᠵᠢᠯᠠᠬᠦ ᠠᠷᠭ᠎ᠠ ᠶᠢ ᠬᠡᠷᠠᠬᠡᠯᠳᠡᠭ᠃ | ᠬᠡᠬᠦ ᠳᠡᠭᠡᠨ ᠬᠦᠯ ᠤᠨ ᠳᠤᠮᠳᠠ ᠴᠢᠮᠤᠬᠡ ᠬᠤᠭᠤᠷᠠᠭᠰᠠᠨ ᠪᠤᠯ ᠦᠪᠤᠳᠡᠭ ᠤᠨ ᠳᠡᠬᠡᠳᠤ ᠲᠠᠯ᠎ᠠ ᠳᠤ ᠳᠤᠤᠷ᠎ᠠ ᠨᠢ | ᠵᠤᠵᠠᠭᠠᠨ ᠪᠦᠰ ᠪᠠᠷ ᠤᠷᠢᠶᠠᠭᠰᠠᠨ ᠤ ᠳᠠᠷᠠᠭ᠎ᠠ ᠳᠡᠬᠡᠰᠤ ᠪᠠᠷ ᠬᠤᠶᠠᠷ ᠪᠠᠶ᠎ᠠ ᠠᠴᠠ ᠨᠢ ᠲᠠᠲᠠᠵᠤ᠂ ᠤᠷᠤᠨ ᠤ | ᠲᠤᠯᠤᠭᠠᠢ ᠳᠤ ᠨᠢᠬᠡ ᠪᠤᠶᠤ ᠬᠤᠶᠠᠷ ᠬᠡᠰᠡᠭ ᠪᠤᠭᠤᠱ ᠲᠠᠬᠦᠵᠢᠯᠠᠨᠠ᠃ ᠬᠡᠷᠪᠠ ᠬᠦᠯ ᠤᠨ ᠰᠢᠯᠪᠢ ᠶᠢᠨ ᠶᠠᠰᠤ | ᠬᠤᠭᠤᠷᠠᠭᠰᠠᠨ ᠪᠤᠯ ᠬᠦᠯ ᠤᠨ ᠱᠠᠭ᠎ᠠ ᠶᠢᠨ ᠳᠡᠬᠡᠳᠤ ᠲᠠᠯ᠎ᠠ ᠠᠴᠠ ᠳᠡᠬᠡᠰᠤ ᠪᠠᠷ ᠪᠤᠭᠤᠱ ᠪᠤᠶᠤ ᠪᠤᠰᠤᠳ ᠪᠤᠳᠠᠰ ᠢ | ᠳᠠᠬᠦᠵᠢᠯᠠᠨᠠ᠃ ᠳᠠᠬᠦᠵᠢᠯᠡᠭᠰᠠᠨ ᠪᠤᠳᠠᠰ ᠪᠠᠨ3 — 7 ᠡᠳᠤᠷ ᠪᠠᠶᠢᠯᠭᠠᠨ᠎ᠠ᠃ ᠡᠨᠠ ᠨᠢ ᠡᠭᠴᠠ ᠪᠤᠶᠤ | ᠬᠤᠭᠤᠷᠠᠵᠤ ᠳᠠᠪᠬᠤᠴᠠᠭᠰᠠ ᠶᠠᠰᠤᠨ ᠨᠢ ᠤᠭ ᠪᠠᠶᠢᠷᠠᠨ ᠳᠠᠭᠠᠨ ᠪᠠᠷᠢᠯᠳᠤᠵᠤ ᠡᠳᠡᠬᠡᠬᠦ ᠳᠤ ᠠᠰᠢᠭᠲᠠᠢ ᠨᠦᠬᠦᠴᠠᠯ | ᠪᠦᠷᠢᠯᠳᠠᠬᠦᠯᠵᠤ ᠦᠭᠬᠦᠳᠡᠭ᠃ | ︵ᠲᠠᠪᠤ︶ ᠡᠮ ᠤᠨ ᠵᠠᠰᠠᠯ | ᠶᠠᠰᠤ ᠬᠡᠮᠲᠤᠭ᠍ᠰᠠᠨ ᠪᠠᠶᠢᠳᠠᠯ ᠳᠤᠨᠢ ᠵᠤᠬᠢᠴᠠᠭᠤᠯᠵᠤ ᠡᠮ ᠬᠡᠷᠠᠬᠡᠯᠠᠬᠦ ᠪᠤᠯ ᠶᠠᠰᠤᠨ ᠤ ᠬᠡᠮᠲᠤᠯ ᠢ ᠡᠮᠨᠠᠨ ᠵᠠᠰᠠᠬᠤ ᠶᠢᠨ | ᠴᠢᠬᠤᠯᠠ ᠨᠢᠬᠡ ᠠᠷᠭ᠎ᠠ ᠪᠠᠷᠢᠯ ᠪᠤᠯᠤᠨ᠎ᠠ᠃ ᠡᠮᠴᠢᠯᠬᠡᠨ ᠤ ᠶᠠᠪᠤᠴᠠ ᠳᠤ ᠬᠡᠮᠲᠤᠯ ᠤᠨ ᠬᠦᠨᠳᠤ ᠬᠦᠩᠬᠡᠨ ᠪᠤᠯᠤᠨ | ᠡᠪᠠᠳᠴᠢᠲᠠᠨ ᠤ ᠪᠠᠶ᠎ᠠ ᠶᠢᠨ ᠪᠠᠶᠢᠳᠠᠯ ᠲᠠᠢ ᠤᠶᠠᠯᠳᠤᠭᠤᠯᠵᠤ᠂ ᠠᠳᠠᠯᠢ ᠪᠤᠰᠤ ᠱᠠᠲᠤ ᠦᠶ᠎ᠠ ᠳᠤᠨᠢ ᠠᠳᠠᠯᠢ ᠪᠤᠰᠤ | ᠡᠮ ᠢ ᠰᠤᠩᠭᠤᠵᠤ ᠬᠡᠷᠠᠬᠡᠯᠬᠦ ᠬᠡᠷᠡᠭᠲᠠᠢ᠃ | 1᠂ ᠡᠬᠢᠨ ᠤ ᠱᠠᠲᠤ ᠳᠤ᠄ ᠡᠨᠠ ᠦᠶ᠎ᠠ ᠳᠤ ᠴᠢᠰᠤᠨ ᠬᠠᠯᠠᠭᠤᠨ ᠳᠡᠯᠬᠡᠷᠠᠵᠤ ᠪᠠᠶᠢᠳᠠᠭ ᠪᠤᠯᠬᠠᠷ ᠭᠤᠤᠯᠳᠠᠭᠤ | ᠴᠢᠰᠤ ᠰᠢᠷ᠎ᠠ ᠶᠢᠨ ᠬᠠᠯᠠᠭᠤᠨ ᠶᠢ ᠳᠠᠷᠤᠵᠤ᠂ ᠬᠤᠷᠠᠭᠰᠠᠨ ᠮᠠᠭᠤ ᠴᠢᠰᠤ ᠶᠢ ᠲᠠᠷᠬᠠᠭᠠᠨ᠂ ᠬᠠᠪᠤᠳᠠᠷ ᠢ ᠬᠠᠷᠢᠭᠤᠯᠵᠤ | ᠂ ᠡᠪᠳᠡᠬᠦ ᠶᠢ ᠵᠤᠭᠰᠤᠭᠠᠬᠤ ᠴᠢᠳᠠᠯ ᠲᠠᠢ ᠡᠮ ᠢ ᠬᠡᠷᠠᠬᠡᠯᠠᠨᠠ᠃ ᠡᠬᠦᠨ ᠳᠤ ᠶᠠᠷᠤᠩᠬᠡᠢ ᠳᠡᠭᠡᠨ ᠭᠤᠷᠪᠠᠨ ᠦᠷ᠎ᠠ ᠶᠢᠨ | ᠲᠠᠩ᠂ ᠭᠤᠷᠪᠠᠨ ᠤᠯᠠᠭᠠᠨ ᠲᠠᠩ᠂ ᠡᠷᠬᠢᠮ — 8᠂ ᠴᠢᠰᠤᠨ ᠬᠢᠮᠤᠷᠭᠠ ᠶᠢᠨ ᠲᠠᠯᠬ᠎ᠠ᠂ ᠳᠢᠭᠳᠡ — 4 ᠶᠢᠨ | ᠲᠠᠩ᠂ ᠴᠢᠰᠤ ᠵᠤᠭᠰᠤᠭᠠᠬᠤ ᠬᠦᠷᠬᠦᠮ — 8 ᠪᠠ ᠬᠢᠸᠠᠩ — 13 ᠮᠡᠲᠤ ᠶᠢᠨ ᠡᠮ ᠢ ᠬᠡᠷᠠᠬᠡᠯᠳᠡᠭ᠃ ᠬᠡᠷᠪᠠ | ᠬᠠᠨᠢᠶᠠᠭᠠᠳ ᠴᠡᠷ ᠬᠤᠪᠬᠤᠷᠠᠬᠤ ᠨᠢ ᠮᠠᠭᠤ ᠪᠤᠯ ᠴᠢᠴᠢᠷᠭᠠᠨᠠ — 5 ᠶᠢ ᠰᠤᠷᠤᠯᠤ — 4 ᠶᠢᠨ ᠲᠠᠩ ᠢᠶᠠᠷ | ᠳᠠᠷᠤᠭᠤᠯᠵᠤ ᠦᠭᠬᠦᠨ᠎ᠠ᠃ ᠰᠢᠷᠬᠠᠨ ᠤ ᠬᠤᠤᠷ ᠢ ᠲᠠᠶᠢᠯᠠᠬᠤ ᠳᠤ ᠭᠠᠩᠨᠠᠭᠤᠷ ᠡᠪᠰᠤᠨ ᠤ ᠲᠠᠯᠬ᠎ᠠ ᠶᠢ ᠬᠡᠷᠠᠬᠡᠯᠠᠨᠠ᠃ | ᠴᠡᠬᠡᠵᠢ ᠬᠠᠯᠠᠭᠤᠷᠠᠨ᠂ ᠠᠶᠤᠵᠤ ᠰᠤᠴᠢᠬᠤ ᠮᠡᠲᠤ ᠶᠢᠨ ᠰᠢᠨᠵᠢ ᠭᠠᠷᠴᠤ ᠪᠠᠶᠢᠪᠠᠯ ᠠᠭᠠᠷᠤ — 8 ᠪᠤᠶᠤ ᠡᠷᠳᠡᠨᠢ | ᠦᠷᠢᠯ ᠵᠡᠷᠬᠡ ᠡᠮ ᠢ ᠬᠡᠷᠠᠬᠡᠯᠠᠨᠠ᠃ | 2᠂ ᠳᠤᠮᠳᠠ ᠱᠠᠲᠤᠨ ᠳᠤ᠄ ᠡᠨᠠ ᠦᠶ᠎ᠠ ᠪᠤᠯ ᠰᠢᠷ᠎ᠠ ᠤᠰᠤᠨ ᠤ ᠬᠤᠪᠢ ᠳᠠᠶᠢᠯᠠᠩᠬᠦᠢ ᠪᠠᠶᠢᠳᠠᠭ ᠪᠤᠯᠬᠤᠷ | ᠭᠤᠤᠯᠳᠠᠭᠤ ᠰᠢᠷ᠎ᠠ ᠤᠰᠤ ᠶᠢ ᠬᠠᠲᠠᠭᠠᠵᠤ᠂ ᠬᠠᠪᠤᠳᠠᠷ ᠢ ᠬᠠᠷᠢᠭᠤᠯᠤᠨ᠂ ᠪᠠᠶ᠎ᠠ ᠶᠢᠨ ᠲᠠᠮᠢᠷ ᠢ ᠲᠦᠯᠤᠵᠢᠬᠦᠯᠵᠤ᠂ | ᠶᠠᠰᠤ ᠪᠤᠯᠤᠨ ᠵᠦᠬᠡᠯᠠᠨ ᠨᠢᠬᠡᠳᠠᠰᠤ ᠨᠢ ᠡᠳᠡᠬᠡᠷᠠᠯᠲᠠ ᠶᠢ ᠲᠦᠷᠬᠡᠳᠬᠡᠬᠦ ᠴᠢᠳᠠᠯ ᠪᠦᠬᠦᠢ ᠡᠮ ᠠᠴᠠ ᠬᠡᠷᠠᠬᠡᠯᠠᠨᠠ᠃ | ᠨᠠᠷᠤ — 3᠂ ᠰᠠᠷᠠᠨ ᠭᠠᠷᠤᠳᠢ᠂ ᠬᠢᠰᠤᠭ᠎ᠠ — 6᠂ ᠭᠠᠤᠯᠢᠨ ᠵᠤᠭᠤᠰ — 6᠂ ᠴᠢᠯᠠᠭᠤᠨ ᠰᠢᠩᠬᠤ | — 8᠂ ᠵᠡᠷᠬᠡ ᠡᠮ ᠢ ᠰᠤᠩᠭᠤᠨ ᠬᠡᠷᠠᠬᠡᠯᠠᠳᠡᠭ᠃ | 3᠂ ᠰᠠᠬᠦᠯᠴᠢ ᠶᠢᠨ ᠱᠠᠲᠤᠨ ᠳᠤ᠄ ᠡᠨᠠ ᠦᠶ᠎ᠠ ᠳᠤ ᠡᠪᠠᠳᠴᠢᠲᠠᠨ ᠤ ᠪᠠᠶ᠎ᠠ ᠶᠢᠨ ᠲᠠᠮᠢᠷ ᠪᠠᠷᠠᠭᠳᠠᠨ᠂ ᠬᠡᠢ | ᠬᠠᠯᠠᠭᠤᠨ ᠡᠬᠦᠰᠳᠡᠭ ᠪᠤᠯᠬᠤᠷ ᠭᠤᠤᠯᠳᠠᠭᠤ ᠲᠠᠮᠢᠷ ᠢ ᠲᠦᠯᠤᠵᠢᠬᠦᠯᠵᠤ᠂ ᠶᠠᠰᠤ ᠶᠢ ᠰᠢᠮᠠᠵᠢᠬᠦᠯᠤᠨ᠂ ᠪᠤᠯᠴᠢᠩ | ᠰᠢᠷᠪᠤᠰᠤ ᠶᠢ ᠴᠢᠩᠭᠠᠷᠠᠭᠤᠯᠵᠤ᠂ ᠬᠡᠢ ᠶᠢ ᠳᠠᠷᠤᠵᠤ᠂ ᠦᠶ᠎ᠠ ᠬᠡᠰᠢᠬᠦᠨ ᠤ ᠬᠦᠰᠢᠵᠤ ᠠᠲᠤᠷᠢᠭᠰᠠᠨ ᠢ ᠭᠠᠷᠭᠠᠬᠤ | ᠴᠢᠳᠠᠯ ᠪᠦᠬᠦᠢ ᠡᠮ ᠢ ᠬᠡᠷᠠᠬᠡᠯᠠᠨᠠ᠃ ᠡᠬᠦᠨ ᠳᠤ ᠠᠷᠢᠬᠢᠨ ᠤ ᠡᠮ ᠪᠤᠯᠤᠨ ᠲᠤᠰᠤᠨ ᠡᠮ ᠢ ᠦᠭᠴᠤ᠂ ᠶᠠᠰᠤᠨ ᠳᠤ | ᠬᠡᠢ ᠪᠦᠷᠢᠯᠳᠤᠭ᠍ᠰᠠᠨ ᠶᠢ ᠭᠠᠷᠭᠠᠨ᠎ᠠ᠃ ᠵᠢᠭᠤᠷᠮᠠᠯ ᠡᠮ ᠦᠭᠴᠤ ᠬᠦᠴᠤᠨ ᠲᠠᠮᠢᠷ ᠢ ᠲᠦᠯᠤᠵᠢᠬᠦᠯᠵᠤ᠂ ᠰᠢᠷ᠎ᠠ ᠤᠰᠤ | ᠶᠢ ᠬᠠᠲᠠᠭᠠᠨ᠎ᠠ᠃ ᠮᠠᠬᠠᠪᠤᠳ ᠢ ᠲᠡᠭᠰᠢᠳᠬᠡᠨ᠂ ᠲᠠᠮᠢᠷ ᠢ ᠰᠠᠶᠢᠵᠢᠷᠠᠭᠤᠯᠬᠤ ᠪᠠᠷ ᠲᠤᠩᠭᠤᠯᠢᠭ — 5᠂ ᠲᠠᠩᠴᠢᠨ | — 25᠂ ᠮᠡᠲᠤ ᠶᠢᠨ ᠡᠮ ᠢ ᠦᠭᠬᠦᠨ᠎ᠠ᠃ ᠠᠭᠠᠷᠤ — 35 ᠮᠡᠲᠤ ᠶᠢᠨ ᠡᠮ ᠦᠭᠴᠤ᠂ ᠬᠡᠢ ᠬᠠᠯᠠᠭᠤᠨ | ᠡᠬᠦᠰᠬᠦ ᠶᠢ ᠰᠡᠷᠬᠡᠶᠢᠯᠠᠨ᠎ᠠ᠃ | 4᠂ ᠲᠠᠷᠢᠬᠢ ᠬᠦᠳᠡᠯᠠᠵᠤ᠂ ᠲᠤᠯᠤᠭᠠᠢ ᠶᠢᠨ ᠵᠠᠭᠠᠳᠠᠰᠤ ᠵᠠᠭᠠᠷᠠᠬᠤ ᠬᠡᠮᠲᠤᠯ ᠳᠤ ᠰᠤᠪᠤᠳ — 25᠂ ᠡᠷᠬᠡᠮ | — 8᠂ ᠭᠠᠭᠤᠯᠠ — 4 ᠲᠠᠩ ᠤᠨ ᠳᠡᠬᠡᠷ᠎ᠠ ᠽᠠᠳᠢ᠂ ᠦᠮᠠᠬᠡᠢ ᠳᠠᠪᠤᠰᠤ᠂ ᠦᠮᠠᠬᠡᠢ ᠳᠠᠪᠠᠷᠬᠠᠢ ᠨᠡᠮᠡᠵᠤ ᠦᠭᠬᠦ | ᠂ ᠬᠡᠳᠠᠰᠤ᠂ ᠰᠠᠪᠠ ᠬᠡᠮᠲᠤᠭ᠍ᠰᠠᠨ ᠳᠤ ᠬᠦᠷᠬᠦᠮ — 7 ᠵᠡᠷᠬᠡ ᠶᠢ ᠲᠤᠰ ᠲᠤᠰ ᠬᠡᠷᠠᠬᠡᠯᠠᠨᠠ᠃ ᠡᠬᠦᠨ ᠤ | ᠬᠠᠮᠲᠤ ᠬᠤᠭᠤᠷᠠᠭᠰᠠᠨ ᠶᠠᠰᠤᠨ ᠤ ᠬᠡᠮᠲᠤᠯ ᠳᠤ ᠲᠠᠷᠪᠠᠭ᠎ᠠ ᠶᠢᠨ ᠶᠠᠰᠤ᠂ ᠰᠢᠳᠤ ᠶᠢ ᠰᠢᠲᠠᠭᠠᠵᠤ ᠦᠨᠠᠰᠤ ᠶᠢ ᠨᠢ | ᠡᠳᠤᠷ ᠪᠦᠷᠢ ᠬᠤᠶᠠᠷ ᠴᠡᠨ ᠤᠤᠯᠭᠤᠨᠠ᠃ ᠮᠤᠯᠲᠤᠷᠠᠭᠰᠠᠨ ᠶᠠᠰᠤᠨ ᠤ ᠬᠠᠪᠤᠳᠠᠷ ᠲᠤ ᠵᠤᠷᠬᠤᠨ ︵ᠮᠠᠩᠬᠢᠰᠤ︶ | ᠲᠤᠰᠤ᠂ ᠬᠠᠷ᠎ᠠ ᠬᠦᠷᠤᠬᠡᠰᠤᠨ ᠤ ᠲᠤᠰᠤ ᠲᠦᠷᠬᠡᠨᠠ᠂ ᠪᠠᠰᠠ ᠤᠯᠠᠭᠠᠨ ᠳᠠᠪᠤᠰᠤ ᠪᠠᠷ ᠤᠬᠢᠶᠠᠬᠤ ᠪᠤᠶᠤ ᠲᠡᠮᠠᠬᠡᠨ ᠤ | ᠨᠤᠤᠰᠤᠨ ᠳᠤ ᠰᠢᠩᠬᠡᠬᠡᠵᠤ ᠪᠤᠭᠤᠨ᠎ᠠ᠃ ᠠᠷᠢᠬᠢ ᠠᠰᠠᠵᠤ ᠬᠠᠯᠠᠭᠤᠨ ᠰᠢᠪᠠᠵᠤ ᠪᠤᠭᠤᠨ᠎ᠠ᠃ | ︵ᠵᠢᠷᠭᠤᠭ᠎ᠠ︶ ᠰᠤᠪᠢᠯᠠᠯᠲᠠ | ᠰᠤᠪᠢᠯᠠᠯᠲᠠ ᠪᠤᠯ ᠤᠶᠢᠷᠠᠳ ᠮᠤᠩᠭᠤᠯ ᠤᠨ ᠤᠯᠠᠮᠵᠢᠯᠠᠯᠲᠤ ᠶᠠᠰᠤ ᠪᠠᠷᠢᠬᠤ ᠵᠠᠰᠠᠯ ᠤᠨ ᠴᠢᠬᠤᠯᠠ ᠨᠢᠬᠡ ᠠᠯᠬᠤᠮ | ᠪᠤᠯᠤᠨ᠎ᠠ᠃ ᠲᠡᠷᠠᠴᠢᠯᠠᠨ ᠶᠠᠰᠤᠨ ᠵᠠᠰᠠᠯ ᠤᠨ ᠰᠤᠪᠢᠯᠠᠯᠲᠠ ᠳᠤ ᠶᠠᠰᠤ ᠬᠡᠮᠲᠤᠭ᠍ᠰᠠᠨ ᠡᠪᠠᠳᠴᠢᠲᠠᠨ ᠶᠢ ᠶᠠᠭᠤᠨ ᠤ | ᠡᠮᠤᠨ᠎ᠠ ᠨᠠᠮ ᠰᠠᠯᠠᠬᠦᠨ ᠪᠦᠬᠡᠳ ᠠᠭᠤᠷ ᠠᠮᠢᠰᠬᠤᠯ ᠰᠠᠶᠢᠨ ᠤᠷᠴᠢᠨ ᠲᠤᠭᠤᠷᠢᠨ ᠳᠤ ᠰᠠᠭᠤᠯᠭᠠᠵᠤ᠂ ᠰᠡᠳᠬᠡᠯ | ᠰᠠᠨᠠᠭ᠎ᠠ ᠶᠢ ᠲᠠᠭᠠᠯᠠᠮᠵᠢᠲᠠᠢ ᠪᠠᠶᠢᠯᠭᠠᠬᠤ᠂ ᠤᠷᠤ ᠳᠡᠪᠢᠰᠬᠡᠷ᠂ ᠬᠤᠪᠴᠠᠰᠤ ᠬᠤᠨᠢᠷ ᠢ ᠬᠠᠭᠤᠷᠠᠢ᠂ ᠠᠷᠢᠭᠤᠨ ᠴᠡᠪᠠᠷ | ᠪᠠᠶᠢᠯᠭᠠᠬᠤ᠂ ᠬᠡᠮᠲᠤᠭ᠍ᠰᠠᠨ ᠬᠡᠰᠡᠭ ᠤᠨ ᠠᠷᠢᠭᠤᠨ ᠴᠡᠪᠡᠷ ᠢ ᠤᠨᠴᠤᠭᠠᠢ ᠠᠩᠬᠠᠷᠬᠤ᠂ ᠰᠠᠭᠦᠵᠢ᠂ ᠨᠢᠷᠤᠭᠤ᠂ ᠪᠦᠷᠪᠢ | ᠮᠡᠲᠤ ᠶᠢᠨ ᠬᠡᠰᠡᠭ ᠲᠤ ᠢᠯᠵᠢᠷᠠᠯ᠂ ᠴᠤᠭᠤᠷᠠᠯ ᠪᠤᠯᠬᠤ ᠶᠢ ᠰᠡᠷᠬᠡᠶᠢᠯᠠᠬᠦ ᠶᠢᠨ ᠬᠠᠮᠲᠤ ᠪᠠᠶ᠎ᠠ ᠵᠠᠰᠠᠬᠤ ᠳᠠᠭᠠᠨ | ᠬᠡᠮᠲᠤᠭ᠍ᠰᠠᠨ ᠤᠷᠤᠨ ᠶᠢ ᠲᠤᠭᠲᠠᠩᠭᠤᠢ ᠪᠠᠶᠢᠯᠭᠠᠬᠤ ᠶᠢ ᠠᠩᠬᠠᠷᠬᠤ᠂ ᠬᠠᠪᠳᠠᠰᠤ ᠶᠢᠨ ᠰᠢᠯᠵᠢᠬᠦ ᠪᠤᠯᠤᠨ ᠤᠶᠠᠳᠠᠰᠤ | ᠶᠢᠨ ᠴᠢᠩᠭ᠎ᠠ ᠰᠤᠯᠠ ᠶᠢ ᠠᠩᠬᠠᠷᠬᠤ᠂ ᠢᠳᠠᠬᠡᠨ ᠤᠮᠳᠠᠭᠠᠨ᠂ ᠤᠶᠢᠯᠠ ᠶᠠᠪᠤᠳᠠᠯ ᠵᠡᠷᠬᠡ ᠶᠢ ᠵᠦᠪ ᠤᠨᠤᠪᠴᠢᠲᠠᠢ | ᠲᠤᠬᠢᠷᠠᠭᠤᠯᠬᠤ ᠳᠤ ᠤᠷᠤᠰᠢᠨ᠎ᠠ᠃ | ᠢᠳᠠᠬᠡᠨ ᠤᠮᠳᠠᠭᠠᠨ ᠤ ᠰᠤᠪᠢᠯᠠᠯᠲᠠ᠄ ᠶᠠᠰᠤᠨ ᠤ ᠬᠡᠮᠲᠤᠯ ᠡᠬᠦᠰᠤᠭ᠍ᠰᠠᠨ ᠡᠪᠠᠳᠴᠢᠲᠠᠨ ᠳᠤ ᠶᠠᠷᠤᠩᠬᠡᠢ ᠳᠡᠭᠡᠨ | ᠰᠢᠮ᠎ᠠ ᠰᠠᠶᠢᠲᠠᠢ᠂ ᠰᠢᠩᠬᠡᠬᠡᠬᠦ ᠳᠤ ᠬᠢᠯᠪᠠᠷ ᠢᠳᠠᠬᠡᠨ ᠤᠮᠳᠠᠭᠠᠨ ᠶᠢ ᠢᠳᠡᠬᠦᠯᠠᠬᠦ ᠬᠡᠷᠡᠭᠲᠠᠢ᠃ ᠬᠡᠬᠦ ᠳᠡᠭᠡᠨ ᠵᠠᠰᠠᠯ ᠤᠨ | ᠡᠬᠢᠨ ᠤ ᠦᠶ᠎ᠠ ᠳᠤᠨᠢ ᠰᠢᠩᠬᠡᠨ ᠪᠤᠳᠠᠭ᠎ᠠ᠂ ᠵᠢᠮᠢᠰ ᠤᠨ ᠵᠤᠶᠢᠯ᠂ ᠨᠤᠭᠤᠭᠠᠨ ᠪᠤᠷᠴᠠᠭ᠂ ᠦᠬᠡᠷ᠂ ᠬᠤᠨᠢ᠂ ᠰᠠᠷᠯᠤᠭ | ᠤᠨ ᠰᠦ ᠪᠤᠯᠤᠨ ᠲᠠᠷᠠᠭ ᠠᠶᠢᠷᠠᠭ᠂ ᠰᠢᠷ᠎ᠠ ᠲᠤᠰᠤ᠂ ᠵᠦᠬᠡᠬᠡᠢ᠂ ᠪᠠᠰᠢᠯᠢᠭ᠂ ᠡᠵᠢᠬᠡᠢ᠂ ᠲᠤᠲᠤᠷᠠᠭᠠ ᠶᠢᠨ ᠰᠢᠩᠬᠡᠨ | ᠪᠤᠳᠠᠭ᠎ᠠ᠂ ᠪᠤᠯᠭᠤᠭᠰᠠ ᠮᠤᠩᠭᠤᠯ ᠭᠤᠯᠢᠷ ︵ᠴᠤᠤᠮᠠ︶᠂ ᠰᠢᠰᠢ᠂ ᠲᠠᠷᠢᠶ᠎ᠠ ᠨᠢ ᠭᠤᠯᠢᠷ ᠤᠨ ᠵᠤᠲᠤᠩ ︵ᠮᠠᠨᠲᠤᠩ | ︶᠂ ᠠᠷᠪᠠᠢ᠂ ᠲᠠᠷᠢᠶ᠎ᠠ ᠨᠢ ᠬᠦᠴᠠ ᠵᠡᠷᠬᠡ ᠬᠤᠭᠤᠯᠠ ᠶᠢ ᠦᠭᠬᠦᠨ᠎ᠠ᠃ ᠠᠷᠢᠬᠢ᠂ ᠲᠠᠮᠠᠬᠢ᠂ ᠭᠠᠰᠢᠭᠤᠨ ᠨᠤᠭᠤᠭ᠎ᠠ᠂ | ᠲᠠᠷᠭᠤᠨ ᠮᠢᠬ᠎ᠠ᠂ ᠬᠦᠴᠤᠲᠠᠢ ᠱᠦᠯᠤ ᠮᠡᠲᠤ ᠶᠢᠨ ᠬᠠᠯᠠᠭᠤᠨ ᠬᠤᠷᠴᠠ ᠴᠢᠨᠠᠷᠲᠠᠢ ᠢᠳᠠᠬᠡᠨ ᠤᠮᠳᠠᠭᠠᠨ ᠶᠢ | ᠴᠡᠬᠡᠷᠯᠠᠨ᠎ᠠ᠃ ᠵᠠᠰᠠᠯ ᠤᠨ ᠳᠤᠮᠳᠠ ᠱᠠᠲᠤᠨ ᠳᠤ ᠬᠤᠨᠢ᠂ ᠦᠬᠡᠷ᠂ ᠰᠠᠷᠯᠤᠭ ᠤᠨ ᠮᠢᠬ᠎ᠠ᠂ ᠶᠠᠰᠤ ᠪᠠ ᠬᠡᠳᠡᠰᠤ | ᠳᠤᠲᠤᠷ᠎ᠠ ︵ᠡᠯᠢᠬᠡ᠂ ᠪᠦᠬᠡᠷ᠎ᠠ᠂ ᠵᠢᠷᠤᠬᠡ︶᠂ ᠶᠠᠰᠤᠨ ᠤ ᠮᠦᠬᠡᠷᠰᠤ᠂ ᠴᠢᠮᠤᠬᠡᠨ ᠤ ᠱᠦᠯᠤ᠂ ᠬᠦᠷᠤᠬᠡᠰᠤᠨ ᠤ | ᠮᠢᠬ᠎ᠠ᠂ ᠬᠠᠷ᠎ᠠ ᠲᠠᠷᠢᠶ᠎ᠠ᠂ ᠪᠤᠷᠴᠠᠭ ᠤᠨ ᠵᠤᠶᠢᠯ ᠵᠡᠷᠬᠡ ᠢᠳᠡᠬᠡᠨ ᠤᠮᠳᠠᠭᠠᠨ ᠶᠢ ᠦᠭᠴᠤ᠂ ᠽᠤ᠋᠂ ᠳ᠋ᠧᠤᠹᠤ ᠶᠢ | ᠴᠡᠬᠡᠷᠠᠯᠨᠠ᠃ ᠵᠠᠰᠠᠯ ᠤᠨ ᠰᠠᠬᠦᠯᠴᠢ ᠶᠢᠨ ᠱᠠᠲᠤᠨ ᠳᠤ ᠤᠯᠢᠷ᠂ ᠭᠤᠷᠭᠤᠤᠯ᠂ ᠶᠤᠲᠤᠭᠤ᠂ ᠪᠦᠳᠤᠬᠡᠨᠠ᠂ ᠲᠠᠬᠢᠶ᠎ᠠ᠂ | ᠭᠠᠯᠠᠭᠤ᠂ ᠨᠢᠭᠤᠰᠤ ᠵᠡᠷᠬᠡ ᠠᠮᠢᠲᠠᠳ ᠤᠨ ᠮᠢᠬ᠎ᠠ᠂ ᠦᠬᠡᠷ᠂ ᠬᠤᠨᠢ᠂ ᠰᠠᠷᠯᠤᠭ ᠤᠨ ᠰᠦ᠂ ᠵᠢᠮᠢᠰ᠂ ᠨᠤᠭᠤᠭ᠎ᠠ᠂ | ᠲᠠᠪᠤᠨ ᠲᠠᠷᠢᠶ᠎ᠠ ᠶᠢ ᠲᠡᠭᠰᠢ ᠢᠳᠠᠬᠦᠯᠠᠨ᠂ ᠦᠬᠦᠳᠡᠯ ᠤᠨ ᠮᠢᠬ᠎ᠠ᠂ ᠲᠦᠬᠦᠬᠡᠢ ᠢᠳᠠᠬᠡᠨ᠂ ᠢᠮᠠᠭᠠᠨ ᠤ ᠮᠢᠬ᠎ᠠ᠂ ᠰᠦ | ᠂ ᠵᠢᠭᠠᠰᠤᠨ ᠤ ᠵᠤᠶᠢᠯ ᠢ ᠴᠡᠬᠡᠷᠯᠠᠨ᠎ᠠ᠃ | ᠤᠶᠢᠯᠠ ᠶᠠᠪᠤᠳᠠᠯ ᠤᠨ ᠰᠤᠪᠢᠯᠠᠯᠲᠠ᠄ ᠡᠪᠠᠳᠴᠢᠲᠠᠨ ᠤ ᠶᠠᠳᠠᠷᠠᠵᠤ ᠵᠦᠳᠡᠷᠠᠬᠦ ᠶᠢ ᠬᠢᠴᠢᠶᠠᠨ᠂ ᠰᠡᠵᠢᠬᠡᠯᠠᠯ | ᠶᠡᠬᠡᠳᠴᠤ ᠪᠤᠳᠤᠯᠭ᠎ᠠ ᠤᠯᠠᠰᠢᠷᠠᠬᠤ ᠶᠢ ᠲᠡᠪᠴᠢᠬᠦ᠂ ᠠᠭᠤᠷᠯᠠᠵᠤ ᠵᠤᠪᠠᠭ᠋ᠤ᠂ ᠤᠬᠢᠯᠠᠵᠤ ᠪᠠᠷᠬᠢᠷᠠᠬᠤ᠂ ᠬᠡᠷᠠᠯᠳᠤᠵᠤ | ᠵᠳᠳᠤᠯᠳᠠᠬᠤ ᠮᠡᠲᠤ ᠶᠢᠨ ᠠᠯᠢᠪᠠ ᠬᠡᠲᠤᠷᠡᠭᠰᠠᠨ ᠰᠡᠳᠬᠡᠯ ᠤᠨ ᠬᠦᠳᠡᠯᠬᠡᠬᠡᠨ ᠶᠢ ᠴᠡᠬᠡᠷᠠᠯᠬᠦ᠂ ᠪᠠᠶ᠎ᠠ ᠶᠢᠨ ᠪᠠᠶᠢᠷᠢᠰᠢᠯ ᠢ | ᠲᠤᠭᠲᠠᠭᠰᠠᠨ ᠬᠤᠭᠤᠴᠠᠭ᠎ᠠ ᠲᠠᠢ ᠪᠠᠷ ᠰᠤᠯᠢᠵᠤ᠂ ᠰᠠᠬᠦᠵᠢ ᠪᠠ ᠪᠦᠷᠪᠢ ᠵᠡᠷᠬᠡ ᠮᠢᠬ᠎ᠠ ᠨᠢᠮᠬᠡᠨ ᠤᠷᠤᠨ ᠶᠢ | ᠵᠤᠬᠢᠰᠲᠠᠢ ᠢᠯᠢᠵᠤ ᠨᠤᠬᠤᠯᠬᠤ ᠵᠠᠰᠠᠯ ᠬᠡᠵᠤ᠂ ᠤᠷᠲᠤ ᠬᠤᠭᠤᠴᠠᠭᠠᠨ ᠬᠡᠪᠲᠡᠭᠰᠠᠨ ᠡᠪᠠᠳᠴᠢᠲᠠᠨ ᠶᠢ ᠲᠤᠭᠲᠠᠭᠰᠠᠨ | ᠬᠤᠭᠤᠴᠠᠭ᠎ᠠ ᠲᠠᠢ ᠪᠤᠰᠠᠬᠠᠵᠤ ᠰᠠᠭᠤᠯᠭᠠᠬᠤ᠂ ᠬᠡᠮᠲᠤᠭ᠍ᠰᠠᠨ ᠮᠦᠴᠢ ᠶᠢ ᠰᠠᠯᠬᠢ ᠠᠪᠤᠭᠤᠯᠬᠤ ᠠᠴᠠ ᠰᠡᠷᠬᠡᠯᠠᠬᠦ ᠪᠠ | ᠢᠯᠠᠬᠦᠦ ᠤᠰᠤ ᠤᠤᠭᠤᠯᠭᠠᠬᠤ ᠪᠠᠷ ᠳᠠᠮᠵᠢᠨ ᠠᠭᠤᠰᠬᠢᠨ ᠬᠠᠯᠠᠭᠤᠨ ᠡᠬᠦᠰᠬᠦ ᠪᠠ ᠰᠢᠬᠡᠰᠤᠨ ᠤ ᠵᠠᠮ ᠤᠨ | ᠬᠠᠯᠳᠠᠪᠤᠷᠢᠯᠠᠯ ᠬᠡᠮ ᠳᠠᠪᠬᠤᠴᠠᠬᠤ ᠠᠴᠠ ᠰᠡᠷᠬᠡᠯᠡᠨᠠ᠃ | ︵ᠳᠤᠯᠤᠭ᠎ᠠ︶ ᠠᠵᠢᠯᠠᠯᠭᠠᠨ ᠤ ᠪᠤᠯᠪᠠᠰᠤᠷᠠᠯ | ᠠᠵᠢᠯᠠᠯᠭᠠᠨ ᠤ ᠪᠤᠯᠪᠠᠰᠤᠷᠠᠯ ᠨᠢ ᠤᠶᠢᠷᠠᠳ ᠮᠤᠩᠭᠤᠯ ᠤᠨ ᠤᠯᠠᠮᠵᠢᠯᠠᠯᠲᠤ ᠶᠠᠰᠤ ᠪᠠᠷᠢᠬᠤ ᠵᠠᠰᠠᠯ ᠤᠨ ᠪᠦᠬᠦ | ᠶᠠᠪᠤᠴᠠ ᠳᠤ ᠳᠤᠲᠠᠭᠳᠠᠵᠤ ᠪᠤᠯᠤᠰᠢ ᠦᠬᠡᠢ ᠴᠢᠬᠤᠯᠠ ᠨᠢᠬᠡ ᠠᠭᠤᠯᠭ᠎ᠠ ᠪᠤᠯᠤᠨ᠎ᠠ᠃ ᠬᠤᠭᠤᠷᠠᠭᠰᠠᠨ ᠪᠠ | ᠮᠤᠯᠲᠤᠷᠠᠭᠰᠠᠨ ᠶᠠᠰᠤ ᠶᠢ ᠪᠠᠷᠢᠵᠤ ᠤᠷᠤᠭᠤᠯᠤᠨ᠂ ᠪᠡᠬᠡᠯᠠᠵᠤ ᠪᠤᠭᠤᠭᠰᠠᠨ ᠤ ᠳᠠᠷᠠᠭ᠎ᠠ᠂ ᠬᠡᠮᠲᠤᠭ᠍ᠰᠠᠨ ᠮᠦᠴᠢ ᠶᠢ | ᠬᠦᠩᠬᠡᠨ ᠠᠴᠠ ᠬᠦᠴᠤᠲᠡᠢ᠂ ᠪᠠᠭ᠎ᠠ ᠠᠴᠠ ᠶᠡᠭᠡ ᠲᠠᠶᠢᠰᠢ ᠠᠯᠬᠤᠮ ᠳᠠᠷᠠᠭ᠎ᠠ ᠲᠠᠢ ᠬᠦᠳᠡᠯᠬᠡᠬᠡᠨ ᠬᠢᠯᠬᠡᠬᠦ ᠬᠡᠷᠡᠭᠲᠠᠢ᠃ | ᠠᠵᠢᠯᠠᠯᠭᠠᠨ ᠤ ᠪᠤᠯᠪᠠᠰᠤᠷᠠᠯ ᠢ ᠬᠢᠯᠬᠡᠬᠦ ᠨᠢ ᠬᠡᠮᠲᠤᠭ᠍ᠰᠠᠨ ᠬᠡᠰᠡᠭ ᠭᠠᠵᠠᠷ ᠪᠠ ᠪᠦᠬᠦ ᠪᠠᠶ᠎ᠠ ᠶᠢᠨ ᠴᠢᠰᠤᠨ ᠤ ᠬᠦᠶᠤᠳᠠᠯ | ᠢ ᠰᠠᠶᠢᠵᠢᠷᠠᠭᠤᠯᠵᠤ᠂ ᠬᠡᠮᠲᠤᠭ᠍ᠰᠠᠨ ᠬᠡᠰᠡᠭ ᠤᠨ ᠪᠤᠯᠴᠢᠩ ᠮᠢᠬ᠎ᠠ ᠪᠤᠯᠤᠨ ᠪᠦᠯᠬᠢ ᠰᠢᠷᠪᠤᠰᠤ ᠨᠢ ᠲᠦᠯᠵᠢᠯ ᠢ | ᠠᠬᠢᠭᠤᠯᠬᠤ᠂ ᠬᠤᠭᠤᠷᠠᠭᠰᠠᠨ ᠶᠠᠰᠤᠨ ᠤ ᠡᠳᠡᠬᠡᠷᠠᠯᠲᠠ ᠶᠢ ᠲᠦᠷᠬᠡᠳᠬᠡᠬᠦ ᠪᠠ ᠡᠯ᠎ᠠ ᠵᠤᠶᠢᠯ ᠤᠨ ᠠᠷᠬᠠᠭ ᠬᠡᠮ | ᠡᠬᠦᠰᠬᠦ ᠶᠢ ᠰᠡᠷᠬᠡᠶᠢᠯᠠᠬᠦ ᠮᠡᠲᠤ ᠶᠢᠨ ᠤᠶᠢᠯᠠᠳᠤᠯ ᠲᠠᠢ ᠪᠠᠶᠢᠳᠠᠭ᠃ ᠠᠵᠢᠯᠠᠯᠭᠠᠨ ᠤ ᠪᠤᠯᠪᠠᠰᠤᠷᠠᠯ ᠬᠢᠯᠬᠡᠬᠦ ᠳᠤ | ᠬᠡᠮᠲᠤᠭ᠍ᠰᠠᠨ ᠤᠷᠤᠨ᠂ ᠬᠤᠭᠤᠷᠠᠭᠰᠠᠨ ᠬᠡᠯᠪᠠᠷᠢ᠂ ᠪᠠᠬᠢᠯᠠᠵᠤ ᠲᠤᠭᠲᠠᠭᠠᠭᠰᠠᠨ ᠪᠠᠶᠢᠳᠠᠯ ᠵᠡᠷᠬᠡ ᠶᠢ ᠦᠨᠳᠤᠰᠤᠯᠠᠵᠤ᠂ | ᠬᠦᠳᠡᠯᠬᠡᠬᠡᠨ ᠬᠡᠬᠦ ᠴᠠᠭ ᠪᠤᠯᠤᠨ ᠬᠦᠳᠡᠯᠬᠡᠬᠡᠨ ᠤ ᠬᠦᠨᠳᠤ ᠬᠦᠩᠬᠡᠨ ᠵᠢᠴᠢ ᠬᠡᠪᠴᠢᠶ᠎ᠠ ᠵᠤᠬᠢᠰᠲᠠᠢ ᠪᠠᠶᠢᠯᠭᠠᠨ᠂ | ᠬᠤᠭᠤᠷᠠᠭᠰᠠᠨ ᠪᠠ ᠮᠤᠯᠲᠤᠷᠠᠭᠰᠠᠨ ᠶᠠᠰᠤᠨ ᠤ ᠳᠠᠬᠢᠨ ᠰᠢᠯᠵᠢᠬᠦ ᠶᠢ ᠰᠡᠷᠬᠡᠶᠢᠯᠠᠬᠦ ᠬᠡᠷᠡᠭᠲᠠᠢ᠃ | ᠭᠤᠷᠪᠠᠳᠤᠭᠠᠷ ᠪᠦᠯᠤᠭ᠌ ᠳᠡᠬᠡᠳᠤ ᠮᠦᠴᠢᠨ ᠤ ᠦᠶᠠᠰ ᠤᠨ ᠮᠤᠯᠲᠤᠷᠠᠯᠲᠠ | ᠨᠢᠬᠡᠳᠤᠬᠡᠷ ᠬᠡᠰᠡᠭ ᠳᠠᠯᠤ ᠶᠢᠨ ᠦᠶ᠎ᠠ ᠶᠢᠨ ᠮᠤᠯᠲᠤᠷᠠᠯᠲᠠ ᠳᠠᠯᠤ ᠶᠢᠨ ᠦᠶ᠎ᠠ ᠪᠤᠯ ᠠᠳᠬᠤᠭᠠᠯ ᠶᠠᠰᠤᠨ ᠤ | ᠲᠤᠯᠤᠭᠠᠢ ᠬᠢᠬᠡᠳ ᠳᠠᠯᠤᠨ ᠤ ᠬᠠᠶᠢᠰᠤᠨ ᠯᠤᠭ᠎ᠠ ᠨᠠᠶᠢᠯᠠᠵᠤ ᠪᠦᠲᠤᠨᠠ᠃ ᠦᠬᠡᠷ᠎ᠠ ᠪᠠᠷ ᠬᠡᠯᠠᠪᠠᠯ ᠳᠠᠯᠤ — | ᠠᠳᠬᠤᠭᠠᠯ ᠤᠨ ᠦᠶ᠎ᠠ ᠬᠡᠳᠡᠭ ᠶᠤᠮ᠃ ᠲᠤᠰ ᠦᠶ᠎ᠠ ᠶᠢᠨ ᠬᠦᠳᠡᠯᠬᠡᠬᠡᠨ ᠪᠤᠯ ᠬᠦᠮᠤᠨ ᠤ ᠪᠠᠶ᠎ᠠ ᠶᠢᠨ ᠡᠯ᠎ᠠ ᠦᠶᠠᠰ | ᠤᠨ ᠬᠦᠳᠡᠯᠬᠡᠬᠡᠨ ᠤ ᠬᠠᠮᠤᠭ ᠤᠨ ᠶᠡᠭᠡ ᠬᠦᠳᠡᠯᠠᠳᠡᠭ ᠦᠶ᠎ᠠ ᠪᠤᠯᠤᠨ᠎ᠠ᠃ ᠳᠠᠯᠤ ᠶᠢᠨ ᠦᠶ᠎ᠠ᠂ ᠠᠳᠬᠤᠭᠠᠯ ᠴᠢᠮᠤᠬᠡ | ᠪᠤᠯᠤᠨ ᠪᠤᠯᠴᠢᠩ ᠮᠢᠬ᠎ᠠ ᠲᠠᠢ ᠬᠠᠮᠲᠤᠷᠠᠨ᠂ ᠭᠠᠷ ᠢ ᠳᠤᠲᠤᠭᠰᠢ ᠬᠤᠮᠢᠬᠤ᠂ ᠡᠮᠤᠨᠠᠰᠢ ᠨᠤᠭᠤᠯᠬᠤ᠂ ᠠᠷᠤᠨᠰᠢ | ᠵᠢᠬᠢᠯᠬᠡᠬᠦ᠂ ᠳᠤᠲᠤᠭᠰᠢ ᠡᠷᠬᠢᠯᠬᠦᠬᠦ᠂ ᠭᠠᠳᠠᠭᠰᠢ ᠡᠷᠬᠢᠬᠦᠯᠬᠦ᠂ ᠳᠡᠬᠡᠭᠰᠢ ᠡᠷᠬᠦᠬᠦ ᠵᠡᠷᠬᠡ ᠬᠦᠳᠡᠯᠬᠡᠬᠡᠨ ᠶᠢ | ᠬᠦᠢᠴᠠᠳᠬᠡᠳᠡᠭ᠃ ᠳᠠᠯᠤ ᠶᠢᠨ ᠦᠶ᠎ᠠ ᠮᠤᠯᠲᠤᠷᠠᠬᠦ ᠰᠢᠯᠲᠠᠭᠠᠨ ᠨᠦᠬᠦᠴᠠᠯ᠄ ᠭᠠᠳᠠᠨᠠᠬᠢ ᠬᠦᠴᠤᠨ ᠤ ᠳᠠᠮ | ᠲᠤᠰᠤᠯᠲᠠ ᠪᠤᠶᠤ ᠶᠠᠮᠠᠷ ᠨᠢᠬᠡ ᠰᠢᠯᠲᠠᠭᠠᠨ ᠠᠴᠠ ᠪᠤᠯᠵᠤ ᠭᠠᠷ ᠪᠠᠨ ᠮᠤᠰᠬᠢᠨ ᠨᠤᠭᠤᠯᠵᠤ ᠤᠨᠠᠬᠤ ᠠᠴᠠ ᠪᠤᠯᠵᠤ | ᠳᠠᠯᠤ ᠶᠢᠨ ᠦᠶ᠎ᠠ ᠮᠤᠯᠲᠤᠷᠠᠳᠠᠭ᠃ ᠳᠠᠷᠤᠢ ᠤᠨᠠᠬᠤ ᠳᠠᠭᠠᠨ ᠳᠡᠬᠡᠳᠤ ᠮᠦᠴᠢ ᠪᠠᠨ ᠬᠡᠲᠤᠷᠬᠡᠢ ᠭᠠᠳᠠᠭᠰᠢ ᠳᠡᠯᠬᠡᠵᠤ᠂ | ᠳᠠᠯᠤ ᠶᠢᠨ ᠦᠶ᠎ᠠ ᠭᠠᠳᠠᠭᠰᠢ ᠬᠦᠴᠤᠲᠠᠢ ᠡᠷᠬᠢᠯᠳᠤᠬᠦ᠂ ᠭᠠᠷ ᠪᠠ ᠲᠤᠬᠤᠢ ᠪᠠᠷ ᠢᠶᠠᠨ ᠭᠠᠵᠠᠷ ᠲᠤᠯᠬᠤ ᠳᠤ | ᠭᠠᠳᠠᠨᠠᠬᠢ ᠬᠦᠴᠤᠨ ᠠᠳᠬᠤᠭᠠᠯ ᠶᠠᠰᠤ ᠶᠢ ᠳᠠᠭᠠᠵᠤ ᠳᠠᠯᠤ ᠶᠢᠨ ᠦᠶ᠎ᠠ ᠳᠤ ᠳᠠᠮᠵᠢᠨ ᠠᠳᠬᠤᠭᠠᠯ ᠶᠠᠰᠤᠨ ᠤ | ᠲᠤᠯᠤᠭᠠᠢ ᠳᠤᠷᠤᠭᠰᠢ ᠮᠦᠷᠬᠦᠵᠤ᠂ ᠦᠶ᠎ᠠ ᠶᠢᠨ ᠬᠠᠶᠢᠰᠤᠨ ᠠᠴᠠ ᠮᠤᠯᠲᠤᠷᠠᠳᠠᠭ᠃ ᠳᠠᠯᠤ ᠦᠶ᠎ᠠ ᠮᠤᠯᠲᠤᠷᠠᠬᠦ | ᠶᠢ ᠰᠢᠨᠵᠢᠯᠠᠨ ᠲᠤᠳᠤᠯᠠᠬᠤ᠄ 1᠂ ᠦᠵᠠᠵᠤ ᠰᠢᠨᠵᠢᠯᠠᠨᠠ᠃ ᠠᠳᠬᠤᠭᠠᠯ ᠴᠢᠮᠤᠬᠡᠨ ᠤ ᠲᠤᠯᠤᠭᠠᠢ ᠳᠤᠷᠤᠭᠰᠢ ᠪᠠᠨ | ᠮᠤᠯᠲᠤᠷᠠᠪᠠᠯ ᠳᠠᠯᠤ ᠪᠦᠮᠪᠤᠬᠡᠷ ᠬᠡᠯᠪᠠᠷᠢ ᠪᠠᠨ ᠠᠯᠳᠠᠵᠤ᠂ ᠭᠠᠷ ᠤᠷᠤᠭᠤ ᠬᠠᠶ᠋ᠢᠭᠳᠠᠵᠤ᠂ ᠮᠤᠯᠲᠤᠷᠠᠭᠰᠠᠨ ᠳᠠᠯᠤ | ᠨᠦᠬᠦᠬᠡ ᠳᠠᠯᠤ ᠠᠴᠠ ᠪᠠᠨ ᠪᠤᠭᠤᠨᠢ ᠪᠤᠯᠵᠤ ᠳᠠᠯᠤ ᠶᠢᠨ ᠳᠡᠬᠡᠷᠠᠬᠢ ᠪᠤᠯᠴᠢᠩ ᠬᠤᠲᠤᠷᠬᠠᠢ ᠪᠤᠯᠳᠠᠭ᠃ ᠡᠮᠤᠨᠠᠰᠢ | ᠮᠤᠯᠲᠤᠷᠠᠪᠠᠯ ᠳᠠᠯᠤ ᠡᠮᠤᠨ᠎ᠠ ᠬᠡᠰᠡᠭ ᠲᠤᠪᠤᠶᠢᠳᠠᠭ᠃ 2᠂ ᠪᠠᠷᠢᠵᠤ ᠰᠢᠨᠵᠢᠯᠠᠨᠠ᠃ ᠠᠳᠬᠤᠭᠠᠯ ᠴᠢᠮᠤᠬᠡᠨ ᠤ | ᠲᠤᠯᠤᠭᠠᠢ ᠳᠤᠷᠤᠭᠰᠢ ᠮᠤᠯᠲᠤᠷᠠᠵᠤ ᠰᠠᠭᠤᠨ ᠳᠠᠭᠠᠨ ᠤᠷᠤᠭᠤᠪᠠᠯ ᠭᠠᠷ ᠪᠠᠷ ᠪᠠᠷᠢᠬᠤ ᠳᠤ ᠭᠠᠷ ᠲᠤ ᠪᠠᠷᠢᠭᠳᠠᠨ | ᠢᠯᠠᠷᠬᠡᠢ ᠮᠡᠳᠡᠭᠳᠡᠭ᠃ ᠡᠮᠤᠨᠠᠰᠢ ᠪᠠᠨ ᠮᠤᠯᠲᠤᠷᠪᠠᠯ᠂ ᠭᠠᠷ ᠪᠠᠷ ᠪᠠᠷᠢᠬᠤ ᠳᠤ ᠳᠤᠮᠪᠤᠭᠤᠷ ᠪᠤᠯᠵᠤ ᠭᠠᠷ ᠲᠤ | ᠪᠠᠷᠢᠭᠳᠠᠳᠠᠭ᠃ ᠳᠠᠯᠤ ᠶᠢᠨ ᠦᠶ᠎ᠠ ᠶᠢᠨ ᠮᠤᠯᠲᠤᠷᠠᠯᠲᠠ ᠶᠢ ᠨᠠᠷᠢᠨ ᠨᠢᠮᠪᠠᠢ ᠪᠠᠶᠢᠴᠠᠭᠠᠵᠤ᠂ ᠳᠠᠯᠤ ᠶᠠᠰᠤᠨ ᠤ | ᠬᠦᠵᠤᠬᠦᠨ ᠤ ᠬᠤᠭᠤᠷᠠᠯ᠂ ᠠᠳᠬᠤᠭᠠᠯ ᠴᠢᠮᠤᠬᠡᠨ ᠤ ᠲᠤᠯᠤᠭᠠᠢ ᠶᠢᠨ ᠬᠤᠭᠤᠷᠠᠯ ᠠᠴᠠ ᠢᠯᠭᠠᠬᠤ ᠬᠡᠷᠡᠭᠲᠠᠢ ︵ | ᠵᠢᠷᠤᠭ — 1 ᠳᠤ ᠦᠵᠠ︶᠃ ᠮᠤᠯᠲᠤᠷᠠᠭᠰᠠᠨ ᠳᠠᠯᠤ ᠶᠢ ᠤᠷᠤᠭᠤᠯᠬᠤ ᠠᠷᠭ᠎ᠠ᠄ ᠳᠠᠯᠤ ᠶᠢᠨ ᠦᠶ᠎ᠠ ᠶᠢᠨ | ᠮᠤᠯᠲᠤᠷᠠᠯᠲᠠ ᠶᠢ ᠪᠠᠶᠢᠷᠠᠨ ᠳᠤᠨᠢ ᠤᠷᠤᠭᠤᠯᠬᠤ ᠳᠤ ᠡᠪᠠᠳᠴᠢᠲᠠᠨ ᠶᠢ ᠬᠡᠪᠲᠠᠬᠦᠯᠬᠦ ᠪᠤᠶᠤ ᠡᠰᠠᠬᠦᠯ᠎ᠠ ᠰᠠᠭᠤᠯᠭᠠᠨ᠎ᠠ᠃ | ︵1︶ ᠳᠠᠯᠤ ᠶᠢᠨ ᠦᠶ᠎ᠠ ᠠᠴᠠ ᠴᠢᠮᠤᠬᠡᠨ ᠤ ᠲᠤᠯᠤᠭᠠᠢ ᠳᠤᠷᠤᠭᠰᠢ ᠰᠠᠭᠤ ᠤᠷᠤᠭᠤ ᠪᠠᠨ ᠮᠤᠯᠲᠤᠷᠠᠭᠰᠠᠨ ᠶᠢ | ᠪᠠᠶᠢᠷᠠᠨ ᠳᠤᠨᠢ ᠤᠷᠤᠭᠤᠯᠬᠤ ᠡᠪᠠᠳᠴᠢᠲᠠᠨ ᠶᠢ ᠤᠷᠤᠨ ᠳᠡᠬᠡᠷ᠎ᠠ ᠳᠡᠬᠡᠭᠰᠢ ᠬᠠᠨᠳᠤᠭᠤᠯᠤᠨ ᠬᠡᠪᠲᠠᠬᠦᠯᠵᠤ᠂ ᠶᠠᠰᠤᠴᠢ | ᠬᠤᠶᠠᠷ ᠭᠠᠷ ᠪᠠᠷ ᠶᠢᠨ ᠡᠪᠠᠳᠴᠢᠲᠠᠨ ᠤ ᠮᠤᠯᠲᠤᠷᠠᠭᠰᠠᠨ ᠭᠠᠷ ᠤᠨ ᠭᠤᠤᠷ ᠠᠴᠠ ᠠᠳᠬᠤᠵᠤ᠂ ᠨᠢᠬᠡ ᠬᠦᠯ ᠤᠨ | ᠦᠰᠤᠬᠡᠢ ᠪᠠᠨ ᠮᠤᠯᠲᠤᠷᠠᠭᠰᠠᠨ ᠳᠠᠯᠤ ᠶᠢᠨ ᠰᠠᠭᠤᠨ ᠳᠤ ᠤᠷᠤᠭᠤᠯᠵᠤ ᠵᠤᠬᠢᠰᠲᠠᠢ ᠪᠠᠷ ᠠᠭᠠᠵᠢᠮ ᠪᠠᠷ ᠢᠰᠢᠬᠦᠯᠬᠦ | ᠶᠢᠨ ᠬᠠᠮᠲᠤ ᠭᠠᠷ ᠤᠨ ᠭᠤᠤᠷ ᠠᠴᠠ ᠡᠮᠤᠨᠠᠰᠢ ᠪᠠᠨ ᠲᠠᠲᠠᠵᠤ᠂ ᠡᠪᠠᠳᠴᠢᠲᠠᠨ ᠤ ᠭᠠᠷ ᠤᠨ ᠠᠯᠠᠭ᠎ᠠ ᠶᠢ ᠨᠢ ᠪᠠᠭ᠎ᠠ | ᠵᠡᠷᠬᠡ ᠳᠡᠬᠡᠭᠰᠢ ᠬᠠᠨᠳᠤᠭᠤᠯᠤᠨ᠎ᠠ᠃ ᠢᠩᠬᠢᠪᠠᠯ ᠳᠠᠷᠤᠢ ᠪᠠᠶᠢᠷᠠᠨ ᠳᠠᠭᠠᠨ ᠤᠷᠤᠳᠠᠭ᠃ ︵2︶ ᠡᠪᠠᠳᠴᠢᠲᠠᠨ | ᠢᠶᠠᠨ ᠲᠡᠭᠰᠢ ᠰᠠᠭᠤᠯᠭᠠᠭᠠᠳ ᠬᠠᠪᠰᠤᠷᠤᠭᠴᠢ ᠮᠤᠯᠲᠤᠷᠠᠭᠰᠠᠨ ᠭᠠᠷ ᠤᠨ ᠭᠤᠤᠷ ᠠᠴᠠ ᠠᠳᠬᠤᠵᠤ᠂ ᠭᠠᠳᠠᠭᠰᠢ | ᠬᠠᠭᠠᠰ ᠳᠡᠯᠬᠡᠨ ᠲᠠᠳᠠᠨ᠎ᠠ᠃ ᠶᠠᠰᠤᠴᠢ ᠠᠷᠤ ᠲᠠᠯ᠎ᠠ ᠳᠤᠨᠢ ᠵᠤᠭᠰᠤᠭᠠᠳ᠂ ᠮᠦᠴᠢᠨ ᠤ ᠬᠡᠰᠡᠭ ᠠᠴᠠ ᠠᠳᠬᠤᠵᠤ᠂ | ᠡᠪᠤᠳᠤᠭ᠌ ᠪᠠᠨ ᠨᠤᠭᠤᠯᠤᠨ ᠰᠠᠭᠤᠨ ᠳᠤᠨᠢ ᠲᠤᠯᠭᠠᠵᠤ᠂ ᠰᠢᠯᠪᠢ ᠪᠠᠨ ᠪᠠᠶ᠎ᠠ ᠳᠤᠨᠢ ᠨᠠᠭᠠᠯᠳᠤᠭᠤᠯᠤᠨ᠎ᠠ᠃ ᠢᠩᠬᠢᠬᠡᠳ | ᠬᠠᠪᠰᠤᠷᠤᠭᠴᠢ ᠬᠤᠯᠠ ᠶᠢᠨ ᠬᠡᠰᠡᠭ ᠤᠷᠤᠭᠤ ᠭᠠᠷ ᠢ ᠲᠠᠲᠠᠬᠤ ᠦᠶ᠎ᠠ ᠳᠤ ᠶᠠᠰᠤᠴᠢ ᠦᠪᠤᠳᠤᠭ᠌ ᠢᠶᠠᠷ ᠢᠶᠠᠨ | ᠠᠳᠬᠤᠭᠠᠯ ᠴᠢᠮᠤᠬᠡᠨ ᠤ ᠲᠤᠯᠤᠭᠠᠢ ᠶᠢ ᠳᠡᠬᠡᠭᠰᠢ ᠡᠷᠬᠦᠵᠤ ᠪᠠᠶᠢᠷᠠᠨ ᠳᠤᠨᠢ ᠤᠷᠤᠭᠤᠯᠤᠨ᠎ᠠ᠃ ︵3︶ | ᠡᠪᠠᠳᠴᠢᠲᠠᠨ ᠶᠢ ᠲᠡᠭᠰᠢ ᠰᠠᠭᠤᠯᠭᠠᠵᠤ᠂ ᠶᠠᠰᠤᠴᠢ ᠨᠢᠬᠡ ᠭᠠᠷ ᠢᠶᠠᠷ ᠢᠶᠠᠨ ᠬᠡᠮᠲᠤᠭ᠍ᠰᠠᠨ ᠲᠠᠯ᠎ᠠ ᠶᠢᠨ ᠭᠠᠷ ᠤᠨ ᠱᠤ᠋ | ᠠᠴᠠ ᠠᠳᠬᠤᠵᠤ᠂ ᠭᠠᠳᠠᠭᠰᠢ ᠬᠠᠭᠠᠰ ᠳᠡᠯᠬᠡᠨ ᠲᠠᠲᠠᠬᠤ ᠳᠠᠭᠠᠨ ᠭᠠᠷ ᠤᠨ ᠭᠤᠤᠷ ᠤᠨ ᠬᠡᠰᠡᠭ ᠢ ᠰᠠᠭᠤᠨ ᠳᠠᠭᠠᠨ | ᠬᠠᠪᠴᠢᠨ᠎ᠠ᠃ ᠨᠦᠬᠦᠬᠡ ᠭᠠᠷ ᠤᠨ ᠨᠢᠳᠤᠷᠭ᠎ᠠ ᠪᠠᠨ ᠠᠯᠴᠢᠭᠤᠷ ᠢᠶᠠᠷ ᠤᠷᠢᠶᠠᠵᠤ ᠡᠪᠠᠳᠴᠢᠲᠠᠨ ᠤ ᠰᠠᠭᠤᠨ ᠳᠤ | ᠬᠢᠨ᠎ᠠ᠃ ᠢᠩᠬᠢᠬᠡᠳ ᠨᠢᠬᠡ ᠭᠠᠷ ᠢᠶᠠᠷ ᠢᠶᠠᠨ ᠬᠤᠯᠠ ᠶᠢᠨ ᠬᠡᠰᠡᠭ ᠤᠷᠤᠭᠤ ᠬᠤᠮᠢᠵᠤ ᠲᠠᠲᠠᠬᠤ ᠶᠢᠨ ᠬᠠᠮᠲᠤ | ᠰᠠᠭᠤᠨ ᠳᠤᠲᠤᠷᠠᠬᠢ ᠭᠠᠷ ᠢᠶᠠᠷ ᠢᠶᠠᠨ ᠠᠳᠬᠤᠭᠠᠯ ᠶᠠᠰᠤᠨ ᠤ ᠲᠤᠯᠤᠭᠠᠢ ᠶᠢ ᠳᠡᠬᠡᠭᠰᠢ ᠲᠦᠯᠬᠢᠵᠤ ᠪᠠᠶᠢᠷᠠᠨ ᠳᠤᠨᠢ | ᠤᠷᠤᠭᠤᠯᠤᠨ᠎ᠠ ︵ ᠵᠢᠷᠤᠭ — 2 ᠳᠤ ᠦᠵᠠ︶᠃ ︵4︶ ᠠᠳᠬᠤᠭᠠᠯ ᠴᠢᠮᠤᠬᠡᠨ ᠤ ᠲᠤᠯᠤᠭᠠᠢ ᠡᠮᠤᠨᠠᠰᠢ | ᠮᠤᠯᠲᠤᠷᠠᠭᠰᠠᠨ ᠪᠤᠯ ᠡᠪᠠᠳᠴᠢᠲᠠᠨ ᠶᠢ ᠲᠡᠭᠰᠢ ᠰᠠᠭᠤᠯᠭᠠᠵᠤ᠂ ᠶᠠᠰᠤᠴᠢ ᠮᠤᠯᠲᠤᠷᠠᠭᠰᠠᠨ ᠭᠠᠷ ᠢ ᠲᠤᠬᠤᠢ ᠶᠢᠨ | ᠦᠶ᠎ᠠ ᠪᠠᠷ ᠨᠤᠭᠤᠯᠵᠤ ᠲᠤᠯᠤᠨ᠎ᠠ᠃ ᠢᠩᠬᠢᠬᠡᠳ ᠲᠤᠬᠤᠢ ᠶᠢᠨ ᠦᠶ᠎ᠠ ᠠᠴᠠ ᠡᠮᠤᠨᠠᠰᠢ ᠡᠷᠬᠦᠬᠡᠳ᠂ ᠠᠳᠬᠤᠭᠠᠯ | ᠴᠢᠮᠤᠬᠡᠨ ᠤ ᠲᠤᠯᠤᠭᠠᠢ ᠶᠢᠨ ᠬᠦᠳᠤᠬᠡᠷ ᠳᠡᠬᠡᠷ᠎ᠠ ᠪᠠᠭ᠎ᠠ ᠵᠡᠷᠬᠡ ᠰᠡᠭᠰᠤᠷᠠᠯᠤᠨ ᠠᠯᠠᠭᠠᠳᠠᠵᠤ ᠪᠠᠶᠢᠷᠠᠨ ᠳᠤᠨᠢ | ᠤᠷᠤᠭᠤᠯᠤᠨ᠎ᠠ᠃ ᠬᠡᠷᠪᠠ ᠡᠪᠠᠳᠴᠢᠲᠠᠨ ᠭᠠᠷ ᠢᠶᠠᠨ ᠶᠠᠰᠤᠴᠢ ᠶᠢᠨ ᠡᠮ᠎ᠠ ᠳᠡᠬᠡᠷ᠎ᠠ ᠲᠠᠯᠪᠢᠵᠤ ᠴᠢᠳᠠᠪᠠᠯ ᠨᠢᠭᠤᠷᠯᠠᠨ | ᠰᠠᠭᠤᠵᠤ᠂ ᠠᠳᠬᠤᠭᠠᠯ ᠴᠢᠮᠤᠬᠡᠨ ᠤ ᠬᠦᠳᠤᠬᠦᠷ ᠳᠡᠬᠡᠷ᠎ᠠ ᠪᠠᠭ᠎ᠠ ᠯᠠ ᠰᠡᠭᠰᠤᠷᠠᠵᠤ ᠪᠠᠶᠢᠷᠠᠨ ᠳᠤᠨᠢ ᠤᠷᠤᠭᠤᠯᠤᠨ᠎ᠠ᠃ | ︵5︶ ᠡᠪᠠᠳᠴᠢᠲᠠᠨ ᠶᠢ ᠲᠦᠪ ᠰᠠᠭᠤᠯᠭᠠᠵᠤ᠂ ᠨᠢᠬᠡ ᠬᠠᠪᠰᠤᠷᠤᠭᠴᠢ ᠡᠪᠠᠳᠴᠢᠲᠠᠨ ᠶᠢ ᠲᠦᠰᠢᠨ᠂ | ᠨᠦᠬᠦᠬᠡ ᠬᠠᠪᠰᠤᠷᠤᠭᠴᠢ ᠭᠠᠷ ᠠᠴᠠ ᠨᠢ ᠠᠳᠬᠤᠵᠤ᠂ ᠬᠠᠪᠰᠤᠷᠤᠭᠴᠢ ᠨᠢᠬᠡ ᠨᠢ ᠠᠷᠤᠰᠢ ᠵᠢᠬᠢᠯᠬᠡᠵᠤ ᠲᠠᠲᠠᠬᠤ ᠳᠤ | ᠨᠦᠬᠦᠬᠡ ᠨᠢᠬᠡ ᠨᠢ ᠭᠠᠷ ᠤᠨ ᠭᠤᠤᠷ ᠠᠴᠠ ᠡᠮᠤᠨᠠᠰᠢ ᠲᠠᠲᠠᠵᠤ᠂ ᠶᠠᠰᠤᠴᠢ ᠮᠤᠯᠲᠤᠷᠠᠭᠰᠠᠨ ᠠᠳᠬᠤᠭᠠᠯ ᠴᠢᠮᠤᠬᠡᠨ | ᠤ ᠲᠤᠯᠤᠭᠠᠢ ᠶᠢ ᠬᠤᠶᠠᠷ ᠭᠠᠷ ᠤᠨ ᠡᠷᠠᠬᠡᠢ ᠬᠤᠷᠤᠭᠤ ᠪᠠᠷ ᠢᠶᠠᠨ ᠲᠦᠯᠬᠢᠵᠤ ᠪᠠᠶᠢᠷᠠᠨ ᠳᠤᠨᠢ ᠤᠷᠤᠭᠤᠯᠤᠨ᠎ᠠ᠃ | ᠪᠡᠬᠡᠯᠠᠨ ᠪᠤᠭᠤᠬᠤ ᠠᠷᠭ᠎ᠠ᠄ ᠪᠠᠶᠢᠷᠢᠨ ᠳᠤᠨᠢ ᠤᠷᠤᠭᠤᠯᠤᠭᠰᠠᠨ ᠤ ᠳᠠᠷᠠᠭ᠎ᠠ᠂ ᠰᠠᠭᠤ ᠳᠤᠤᠷ᠎ᠠ ᠵᠦᠬᠡᠯᠠᠨ | ᠠᠯᠴᠢᠭᠤᠷ ᠪᠠᠭᠯᠠᠵᠤ ᠲᠠᠯᠪᠢᠵᠤ᠂ ᠰᠤᠭᠤ ᠶᠢ ᠪᠠᠭ᠎ᠠ ᠵᠡᠷᠬᠡ ᠡᠷᠬᠦᠵᠤ᠂ ᠬᠦᠵᠤᠬᠦᠦ ᠲᠠᠯ᠎ᠠ ᠪᠠᠷ ᠡᠷᠬᠢᠬᠦᠯᠠᠨ᠂ | ᠨᠦᠬᠦᠬᠡ ᠭᠠᠷ ᠤᠨ ᠰᠠᠭᠤ ᠪᠠᠷ ᠶᠠᠪᠤᠭᠤᠯᠤᠨ ᠪᠦᠰᠠᠯᠠᠬᠦᠷᠳᠠᠵᠤ ᠪᠤᠭᠤᠨ᠎ᠠ᠃ ᠳᠠᠬᠢᠨ ᠲᠤᠬᠤᠢ ᠶᠢᠨ ᠦᠶ᠎ᠠ ᠪᠠᠷ | ᠨᠤᠭᠤᠯᠤᠨ ᠬᠦᠵᠤᠬᠦᠨ ᠠᠴᠠ ᠨᠢ ᠨᠢᠬᠡ ᠭᠠᠷᠠᠭ ᠳᠡᠬᠦᠵᠢᠯᠠᠪᠠᠯ ᠪᠤᠯᠴᠢᠬᠠᠨ᠎ᠠ᠃ ᠢᠯᠢᠬᠦ ᠵᠠᠰᠠᠯ᠄ ᠡᠳᠤᠷ ᠪᠦᠷᠢ | ᠵᠤᠷᠬᠤᠨ ᠤ ᠲᠤᠰᠤ ᠪᠤᠶᠤ ᠠᠷᠢᠬᠢ ᠶᠢ ᠬᠠᠯᠠᠭᠤᠯᠠᠨ ᠲᠦᠷᠬᠢᠵᠤ᠂ ᠳᠠᠯᠤ ᠶᠢᠨ ᠦᠶ᠎ᠠ ᠶᠢᠨ ᠠᠷᠤ᠂ ᠦᠪᠤᠷ᠂ ᠭᠠᠳᠠᠷ | ᠬᠡᠰᠡᠭ ᠲᠤᠨᠢ ᠨᠢᠳᠠᠷᠠᠵᠤ ᠢᠯᠢᠬᠦ᠂ ᠳᠠᠯᠤ ᠶᠢᠨ ᠬᠡᠰᠡᠭ ᠲᠤᠨᠢ ᠳᠠᠷᠤᠵᠤ ᠢᠯᠢᠬᠦ᠂ ᠬᠦᠵᠤᠬᠦᠨ ᠤ ᠬᠡᠰᠡᠭ ᠲᠤᠨᠢ | ᠰᠢᠪᠲᠤᠷᠴᠤ ᠢᠯᠢᠬᠦ᠂ ᠠᠳᠬᠤᠭᠠᠯ ᠤᠨ ᠬᠡᠰᠡᠭ ᠲᠤᠨᠢ ᠪᠦᠮᠪᠤᠷᠢᠯᠠᠨ ᠢᠯᠢᠬᠦ ᠮᠡᠲᠤ ᠪᠠᠷ ᠵᠠᠰᠠᠨ᠎ᠠ᠃ | ᠡᠮ ᠤᠨ ᠵᠠᠰᠠᠯ᠄ ᠬᠡᠮᠲᠤᠭ᠍ᠰᠠᠨ ᠤ ᠡᠬᠢᠨ ᠤ ᠦᠶ᠎ᠠ ᠳᠤ ᠭᠠᠩᠨᠠᠭᠤᠷ ᠡᠪᠰᠤᠨ ᠡᠮ ᠢ ᠤᠤᠭᠤᠯᠭᠠᠵᠤ᠂ ᠳᠤᠮᠳᠠ᠂ | ᠰᠠᠬᠦᠯ ᠤᠨ ᠱᠠᠲᠤᠨ ᠳᠤ ᠦᠯᠴᠤᠷᠢᠨᠴᠢᠨ ᠢ ᠤᠤᠭᠤᠯᠭᠠᠬᠤ ᠬᠡᠷᠡᠭᠲᠠᠢ᠃ | ᠠᠵᠢᠯᠠᠯᠭᠠᠨ ᠤ ᠪᠤᠯᠪᠠᠰᠤᠷᠠᠯ᠄ ᠪᠠᠶᠢᠷᠢ ᠳᠤᠨᠢ ᠤᠷᠤᠭᠤᠯᠠᠭᠰᠠᠨ ᠤ ᠭᠤᠷᠪᠠᠳᠤᠭᠠᠷ ᠡᠳᠤᠷ ᠠᠴᠠ ᠡᠬᠡᠯᠠᠨ ᠳᠠᠯᠤ | ᠦᠶ᠎ᠠ ᠶᠢ ᠨᠢ ᠡᠰᠢ ᠲᠡᠰᠢ ᠠᠭᠠᠵᠢᠮ ᠢᠶᠠᠷ ᠰᠠᠵᠢᠬᠢᠯᠠᠬᠤ᠂ ᠲᠤᠬᠤᠢ ᠶᠢᠨ ᠦᠶ᠎ᠠ ᠶᠢ ᠨᠢ ᠠᠲᠤᠷᠢᠭᠤᠯᠵᠤ ᠵᠢᠬᠡᠶᠢᠯᠬᠡᠬᠦ᠂ | ᠳᠤᠯᠤᠭᠠᠨ ᠡᠳᠤᠷ ᠦᠩᠬᠡᠷᠠᠪᠠᠯ ᠬᠡᠮᠲᠤᠭ᠍ᠰᠠᠨ ᠳᠠᠯᠤ ᠶᠢᠨ ᠮᠦᠴᠢ ᠶᠢ ᠨᠢ ᠳᠡᠬᠡᠭᠰᠢ ᠡᠷᠬᠦᠬᠦ ᠪᠤᠯᠪᠠᠰᠤᠷᠠᠯ ᠬᠢᠯᠬᠡᠨ᠎ᠠ᠃ | | ᠬᠤᠶᠠᠷᠳᠤᠭᠠᠷ ᠬᠡᠰᠡᠭ ᠳᠠᠯᠤ — ᠡᠬᠡᠮ ᠤᠨ ᠲᠤᠪᠴᠢᠯᠠᠷ ᠤᠨ ᠦᠶ᠎ᠠ ᠶᠢᠨ ᠮᠤᠯᠲᠤᠷᠠᠯᠲᠠ | ᠳᠠᠯᠤ — ᠡᠬᠡᠮ ᠤᠨ ᠲᠤᠪᠴᠢᠯᠠᠷ ᠤᠨ ᠦᠶ᠎ᠠ ᠪᠤᠯ ᠳᠠᠯᠤᠨ ᠤ ᠤᠮᠤᠭ ᠪᠤᠯᠤᠨ ᠲᠤᠪᠴᠢᠯᠠᠷ ᠤᠨ ᠶᠠᠰᠤᠨ ᠤ | ᠭᠠᠳᠠᠷ ᠲᠠᠯ᠎ᠠ ᠶᠢᠨ ᠬᠠᠪᠲᠠᠭᠠᠢ ᠲᠡᠭᠰᠢ ᠦᠵᠤᠬᠦᠷ ᠯᠦᠭᠡ ᠨᠠᠶᠢᠯᠠᠵᠤ ᠪᠦᠲᠤᠭ᠍ᠰᠠᠨ ᠪᠦᠬᠡᠳ ᠳᠠᠯᠤ — ᠲᠤᠪᠴᠢᠯᠠᠷ | ᠤᠨ ᠬᠤᠯᠪᠤᠭᠠᠰᠤ ᠪᠤᠯᠵᠤ ᠪᠠᠶᠢᠳᠠᠭ᠃ ᠲᠤᠰ ᠦᠶ᠎ᠠ ᠳᠤ ᠦᠶ᠎ᠠ ᠶᠢᠨ ᠮᠦᠬᠡᠷᠰᠤ ᠨᠢ ᠵᠤᠵᠠᠭᠠᠪᠲᠤᠷ᠂ ᠦᠶ᠎ᠠ ᠶᠢᠨ | ᠤᠩᠭᠤᠷᠬᠠᠢ ᠨᠢ ᠰᠤᠯᠠᠪᠲᠤᠷ ᠪᠠ ᠦᠶ᠎ᠠ ᠶᠢᠨ ᠲᠠᠪᠠᠭ ᠲᠠᠢ ᠪᠠᠶᠢᠳᠠᠭ ᠵᠡᠷᠬᠡ ᠤᠨᠴᠠᠯᠢᠭ ᠲᠠᠢ᠃ ᠡᠶᠢᠮᠤ ᠠᠴᠠ ᠪᠠᠭ᠎ᠠ | ᠬᠡᠮᠵᠢᠶᠠᠨ ᠤ ᠳᠡᠬᠡᠭᠰᠢ ᠳᠤᠷᠤᠭᠰᠢ᠂ ᠤᠷᠤᠭᠰᠢ ᠬᠤᠶᠢᠰᠢ ᠪᠤᠯᠤᠨ ᠡᠷᠬᠢᠬᠦ ᠬᠦᠳᠡᠯᠬᠡᠬᠡᠨ ᠢ ᠬᠢᠵᠤ ᠴᠢᠳᠠᠨ᠎ᠠ᠃ | ᠡᠪᠴᠢᠬᠦᠦ — ᠡᠬᠡᠮ ᠤᠨ ᠬᠦᠳᠡᠯᠬᠡᠬᠡᠨ ᠲᠠᠢ ᠬᠠᠮᠵᠢᠯᠴᠠᠵᠤ᠂ ᠳᠡᠬᠡᠳᠤ ᠮᠦᠴᠢᠨ ᠠᠵᠢᠯᠠᠯᠭᠠᠨ ᠤ ᠬᠡᠪᠴᠢᠶ᠎ᠠ ᠶᠢ | ᠨᠡᠮᠡᠭᠳᠠᠬᠦᠯᠳᠡᠭ᠃ ᠬᠡᠷᠪᠠ ᠭᠠᠳᠠᠷ ᠬᠦᠴᠤᠨ ᠳᠤ ᠳᠠᠭᠠᠷᠢᠭᠳᠠᠪᠠᠯ ᠦᠶ᠎ᠠ ᠤᠩᠭᠤᠷᠬᠠᠢ ᠪᠤᠯᠤᠨ ᠳᠠᠯᠤ — | ᠲᠤᠪᠴᠢᠯᠠᠷ ᠤᠨ ᠬᠤᠯᠪᠤᠭᠠᠰᠤ ᠬᠡᠮᠲᠤᠵᠤ ᠬᠠᠭᠠᠰ ᠮᠤᠯᠲᠤᠷᠠᠯᠲᠠ ᠪᠤᠯᠳᠠᠭ᠃ ᠬᠦᠴᠤᠨ ᠤ ᠨᠦᠰᠠᠷ ᠬᠦᠨᠳᠤ ᠪᠤᠯ | ᠳᠠᠯᠤ — ᠲᠤᠪᠴᠢᠯᠠᠷ ᠤᠨ ᠬᠤᠯᠪᠤᠭᠠᠰᠤ᠂ ᠬᠤᠰᠢᠭᠤ — ᠡᠬᠡᠮ ᠤᠨ ᠬᠤᠯᠪᠤᠭᠠᠰᠤ ᠪᠦᠷᠢᠮᠤᠰᠤᠨ | ᠮᠤᠯᠲᠤᠷᠠᠯᠲᠠ ᠪᠤᠯᠳᠠᠭ᠃ | ᠰᠢᠯᠲᠠᠭᠠᠨ ᠨᠦᠬᠦᠴᠠᠯ᠄ ᠭᠠᠳᠠᠨᠠᠬᠢ ᠬᠦᠴᠤᠨ ᠤ ᠲᠤᠰᠤᠯᠲᠠ ᠪᠤᠶᠤ ᠳᠠᠮ ᠲᠤᠰᠤᠯᠲᠠ ᠠᠴᠠ ᠪᠤᠯᠵᠤ | ᠮᠤᠯᠲᠤᠷᠠᠳᠠᠭ᠃ ᠳᠠᠷᠤᠢ ᠳᠠᠯᠤ ᠶᠢᠨ ᠤᠮᠤᠭ ᠤᠨ ᠬᠡᠰᠡᠭ ᠭᠠᠳᠠᠷ ᠳᠠᠬᠡᠳᠤ ᠲᠠᠯ᠎ᠠ ᠠᠴᠠ ᠳᠤᠲᠤᠭᠰᠢ ᠪᠤᠶᠤ | ᠳᠤᠷᠳᠭᠰᠢ ᠬᠠᠲᠠᠭᠤ ᠴᠤᠬᠢᠭᠰᠠᠨ ᠬᠦᠴᠤᠨ ᠳᠤ ᠳᠠᠭᠠᠷᠢᠭᠳᠠᠬᠤ ᠪᠤᠶᠤ ᠡᠰᠠᠬᠦᠯ᠎ᠠ ᠳᠠᠯᠤ ᠶᠢᠨ ᠦᠶ᠎ᠠ ᠶᠢ ᠬᠡᠲᠤᠷᠬᠡᠢ | ᠳᠤᠷᠤᠭᠰᠢ ᠲᠠᠲᠠᠭᠰᠠᠨ ᠠᠴᠠ ᠳᠠᠯᠤ — ᠡᠬᠡᠮ ᠤᠨ ᠲᠤᠪᠴᠢᠯᠠᠷ ᠤᠨ ᠦᠶ᠎ᠠ ᠮᠤᠯᠲᠤᠷᠠᠳᠠᠭ᠃ | ᠰᠢᠨᠵᠢᠯᠠᠨ ᠲᠤᠳᠤᠯᠠᠬᠤ᠄ 1᠂ ᠦᠵᠠᠵᠤ ᠰᠢᠨᠵᠢᠯᠠᠨᠠ᠃ ᠨᠢᠳᠤ ᠪᠠᠷ ᠦᠵᠠᠬᠦ ᠳᠤ ᠲᠤᠪᠴᠢᠯᠠᠷ ᠤᠨ ᠶᠠᠰᠤᠨ ᠤ | ᠭᠠᠳᠠᠷ ᠦᠵᠤᠬᠦᠷ ᠲᠤᠪᠤᠶᠢᠵᠤ ᠬᠦᠳᠤᠶᠢᠳᠡᠭ᠃ | 2᠂ ᠪᠠᠷᠢᠵᠤ ᠰᠢᠨᠵᠢᠯᠠᠨᠠ᠃ ᠭᠠᠷ ᠪᠠᠷ ᠪᠠᠷᠢᠬᠤ ᠳᠤ ᠲᠤᠪᠴᠢᠯᠠᠷ ᠤᠨ ᠶᠠᠰᠤᠨ ᠤ ᠭᠠᠳᠠᠷ ᠦᠵᠤᠬᠦᠷ ᠲᠤᠪᠤᠶᠢᠵᠤ᠂ | ᠳᠠᠯᠤᠨ ᠤ ᠬᠤᠩᠬᠤᠵᠤ ᠪᠠᠷᠢᠭᠳᠠᠳᠠᠭ᠃ ᠲᠤᠪᠴᠢᠯᠠᠷ ᠶᠠᠰᠤᠨ ᠤ ᠭᠠᠳᠠᠷ ᠦᠵᠤᠬᠦᠷ ᠳᠡᠬᠡᠷ᠎ᠠ ᠳᠠᠷᠤᠬᠤ ᠳᠤ ᠬᠦᠳᠡᠯᠬᠦ | ᠪᠠᠶᠢᠳᠠᠯ ᠨᠢ ᠮᠠᠰᠢ ᠲᠤᠳᠤᠷᠬᠠᠢ ᠪᠠᠶᠢᠳᠠᠭ᠃ ᠪᠠᠶᠢᠷᠢᠨ ᠳᠤᠨᠢ ᠤᠷᠤᠭᠤᠯᠠᠬᠤ ᠠᠷᠭ᠎ᠠ᠄ ᠡᠪᠠᠳᠴᠢᠲᠠᠨ ᠶᠢ ᠲᠡᠭᠰᠢ | ᠰᠠᠭᠤᠯᠭᠠᠵᠤ᠂ ᠶᠠᠰᠤᠴᠢ ᠨᠢᠭᠤᠷᠯᠠᠨ ᠵᠤᠭᠰᠤᠭᠠᠳ᠂ ᠬᠠᠪᠰᠤᠷᠤᠭᠴᠢ ᠡᠪᠠᠳᠴᠢᠲᠠᠨ ᠤ ᠬᠠᠵᠠᠭᠤ ᠲᠠᠯ᠎ᠠ ᠳᠤᠨᠢ | ᠵᠤᠭᠰᠤᠨ᠎ᠠ᠃ | ︵1︶ ᠬᠠᠪᠰᠤᠷᠤᠭᠴᠢ ᠬᠡᠮᠲᠤᠭ᠍ᠰᠠᠨ ᠮᠦᠴᠢᠨ ᠤ ᠲᠤᠬᠤᠢ ᠶᠢᠨ ᠦᠶ᠎ᠠ ᠶᠢ ᠨᠤᠭᠤᠯᠵᠤ ᠳᠡᠬᠡᠭᠰᠢ ᠡᠷᠬᠦᠬᠦ ᠳᠤ᠂ | ᠶᠠᠰᠤᠴᠢ ᠬᠤᠶᠠᠷ ᠡᠷᠠᠬᠡᠢ ᠪᠠᠷ ᠢᠶᠠᠨ ᠡᠬᠡᠮ ᠤᠨ ᠲᠤᠪᠴᠢᠯᠠᠷ ᠶᠠᠰᠤᠨ ᠤ ᠦᠵᠤᠬᠦᠷ ᠤᠨ ᠮᠤᠯᠲᠤᠷᠠᠭᠰᠠᠨ ᠭᠠᠵᠠᠷ | ᠳᠠᠷᠤᠵᠤ ᠦᠶ᠎ᠠ ᠲᠠᠯ᠎ᠠ ᠰᠢᠪᠲᠤᠷᠴᠤ ᠪᠠᠶᠢᠷᠢᠨ ᠳᠤᠨᠢ ᠤᠷᠤᠭᠤᠯᠤᠨ᠎ᠠ᠃ | ︵2︶ ᠶᠠᠰᠤᠴᠢ ᠨᠢᠬᠡ ᠭᠠᠷ ᠢᠶᠠᠷ ᠢᠶᠠᠨ ᠡᠪᠠᠳᠴᠢᠲᠠᠨ ᠤ ᠲᠤᠬᠤᠢ ᠠᠴᠠ ᠳᠡᠬᠡᠭᠰᠢ ᠡᠷᠬᠦᠵᠤ ᠲᠤᠯᠤᠨ᠂ ᠨᠦᠬᠦᠬᠡ | ᠭᠠᠷ ᠢᠶᠠᠷ ᠢᠶᠠᠨ ᠲᠤᠪᠴᠢᠯᠠᠷ ᠤᠨ ᠶᠠᠰᠤᠨ ᠤ ᠬᠤᠯᠠ ᠶᠢᠨ ᠦᠵᠤᠬᠦᠷ ᠳᠡᠬᠡᠷ᠎ᠠ ᠳᠠᠷᠤᠵᠤ ᠪᠠᠶᠢᠷᠢᠨ ᠳᠤᠨᠢ | ᠤᠷᠤᠭᠤᠯᠤᠨ᠎ᠠ᠃ | ︵3︶ ᠶᠠᠰᠤᠴᠢ ᠨᠢᠬᠡ ᠭᠠᠷ ᠢᠶᠠᠷ ᠢᠶᠠᠨ ᠡᠪᠠᠳᠴᠢᠲᠠᠨ ᠤ ᠰᠤᠭᠤᠨ ᠤ ᠤᠩᠭᠤᠷᠬᠠᠢ ᠠᠴᠠ ᠳᠡᠬᠡᠭᠰᠢ ᠡᠷᠬᠦᠬᠦ | ᠶᠢᠨ ᠬᠠᠮᠲᠤ ᠨᠦᠬᠦᠬᠡ ᠭᠠᠷ ᠢᠶᠠᠷ ᠢᠶᠠᠨ ᠲᠤᠪᠴᠢᠯᠠᠷ ᠤᠨ ᠶᠠᠰᠤᠨ ᠤ ᠬᠤᠯᠠ ᠶᠢᠨ ᠦᠵᠤᠬᠦᠷ ᠳᠡᠬᠡᠷ᠎ᠠ ᠳᠠᠷᠤᠵᠤ | ᠪᠠᠶᠢᠷᠢᠨ ᠳᠤᠨᠢ ᠤᠷᠤᠭᠤᠯᠤᠨ᠎ᠠ᠃ ᠪᠡᠬᠡᠯᠠᠨ ᠪᠤᠭᠤᠵᠤ ᠲᠤᠭᠲᠠᠪᠤᠷᠢᠵᠢᠭᠤᠯᠬᠤ ᠠᠷᠭ᠎ᠠ᠄ ᠳᠠᠯᠤ — ᠡᠬᠡᠮ | ᠤᠨ ᠲᠤᠪᠴᠢᠯᠠᠷ ᠤᠨ ᠦᠶ᠎ᠠ ᠶᠢᠨ ᠮᠤᠯᠲᠤᠷᠠᠯᠲᠠ ᠶᠢ ︿︿8﹀﹀ ᠬᠡᠳᠡᠭ ᠲᠤᠭ᠎ᠠ ᠨᠢ ᠬᠡᠯᠪᠠᠷᠢ ᠪᠠᠷ ᠪᠡᠬᠡᠯᠠᠨ | ᠪᠤᠭᠤᠨ᠎ᠠ᠃ ᠡᠬᠦᠨ ᠳᠤ ᠪᠤᠭᠤᠬᠤ ᠪᠦᠰ ᠪᠠᠨ ᠬᠤᠶᠠᠷ ᠮᠧᠲ᠋ᠧᠷ ᠤᠷᠲᠤ ᠪᠡᠯᠠᠳᠬᠡᠵᠤ᠂ ᠳᠦᠷᠪᠠᠨ ᠬᠤᠷᠤᠭᠤᠨ | ᠬᠤᠶᠠᠷ ᠳᠠᠪᠬᠤᠷᠠᠯᠠᠨ ᠡᠪᠬᠡᠵᠤ᠂ ᠤᠷᠢᠶᠠᠯᠲᠠ ᠶᠢᠨ ᠬᠤᠶᠠᠷ ᠦᠵᠤᠬᠦᠷ ᠤᠨ ᠰᠤᠯᠪᠢᠯᠲᠠ ᠶᠢ ᠨᠢ ᠲᠤᠪᠴᠢᠯᠠᠷ ᠶᠠᠰᠤᠨ | ᠤ ᠮᠤᠯᠲᠤᠷᠠᠭᠰᠠᠨ ᠬᠡᠰᠡᠭ ᠳᠡᠬᠡᠷ᠎ᠠ ᠳᠠᠷᠤᠯᠵᠤ᠂ ᠳᠠᠬᠢᠨ ᠡᠷᠠᠬᠦᠯ ᠲᠠᠯ᠎ᠠ ᠶᠢᠨ ᠰᠠᠭᠤᠨ ᠳᠤᠤᠭᠤᠷ ᠤᠷᠤᠭᠤᠯᠵᠤ ᠬᠡᠳᠤ | ᠬᠡᠳᠤᠨ ᠤᠳᠠᠭ᠎ᠠ ᠤᠷᠢᠶᠠᠨ᠎ᠠ᠃ ᠬᠡᠬᠦ ᠳᠡᠭᠡᠨ ᠮᠤᠯᠲᠤᠷᠠᠭᠰᠠᠨ ᠰᠠᠭᠤᠨ ᠳᠤᠤᠷ᠎ᠠ ᠠᠯᠴᠢᠭᠤᠷ ᠤᠷᠢᠶᠠᠵᠤ ᠲᠠᠯᠪᠢᠬᠤ ᠪᠠ | ᠳᠠᠷᠤᠯᠲᠠ ᠶᠢᠨ ᠭᠤᠤᠯᠳᠠᠯᠭ᠎ᠠ ᠶᠢ ᠬᠠᠰᠢᠯᠠ ᠲᠤᠪᠴᠢᠯᠠᠷ ᠤᠨ ᠶᠠᠰᠤᠨ ᠤ ᠭᠠᠳᠠᠷ ᠦᠵᠤᠬᠦᠷ ᠳᠡᠬᠡᠷ᠎ᠠ | ᠲᠦᠪᠯᠠᠷᠠᠬᠦᠯᠤᠨᠠ᠃ ᠬᠠᠮᠤᠭ ᠤᠨ ᠠᠳᠠᠭ ᠭᠠᠷ ᠶᠢ ᠨᠢ ᠬᠦᠵᠤᠬᠦᠨ ᠠᠴᠠ ᠨᠢ ᠡᠯᠬᠦᠵᠤ ᠤᠶᠠᠨ᠎ᠠ᠃ ᠡᠬᠦᠨ ᠳᠤ | ᠡᠷᠬᠡᠪᠠᠰᠢ ᠠᠳᠬᠤᠭᠠᠯ ᠴᠢᠮᠤᠬᠡᠨ ᠤ ᠶᠠᠰᠤᠨ ᠤ ᠳᠡᠬᠡᠳᠤ ᠦᠵᠤᠬᠦᠷ ᠢᠶᠠᠷ ᠨᠢ ᠳᠡᠬᠡᠭᠰᠢ ᠬᠦᠢᠴᠠᠳ ᠲᠤᠯᠵᠤ ᠦᠭᠬᠦ | ᠬᠡᠷᠡᠭᠲᠠᠢ ︵ᠵᠢᠷᠤᠭ — 4 ᠳᠤ ᠦᠵᠠ︶᠃ ᠠᠵᠢᠯᠠᠯᠭᠠᠨ ᠤ ᠪᠤᠯᠪᠠᠰᠤᠷᠠᠯ᠄ ᠮᠤᠯᠲᠤᠷᠠᠭᠰᠠ ᠡᠬᠡᠮ ᠤᠨ | ᠲᠤᠪᠴᠢᠯᠠᠷ ᠢ ᠪᠠᠶᠢᠷᠢᠨ ᠳᠤᠨᠢ ᠤᠷᠤᠭᠤᠯᠵᠤ ᠪᠡᠬᠡᠯᠠᠨ ᠪᠤᠭᠤᠭᠰᠠᠨ ᠤ ᠳᠠᠷᠠᠭ᠎ᠠ᠂ ᠭᠠᠷ ᠢ ᠨᠢ ᠬᠦᠵᠤᠬᠦᠨ ᠠᠴᠠ | ᠳᠠᠬᠦᠵᠢᠯᠵᠤ ᠪᠠᠶᠢᠭ᠎ᠠ ᠪᠠᠶᠢᠳᠠᠯ ᠤᠨ ᠳᠤᠤᠷ᠎ᠠ ᠨᠢᠳᠤᠷᠭ᠎ᠠ ᠪᠠᠨ ᠠᠳᠬᠤᠬᠤ ᠬᠦᠳᠡᠯᠬᠡᠬᠡᠨ᠂ ᠭᠠᠷ ᠤᠨ ᠭᠤᠤᠷ᠂ | ᠲᠤᠬᠤᠢ ᠶᠢᠨ ᠬᠦᠳᠡᠯᠬᠡᠬᠡᠨ ᠵᠡᠷᠬᠡ ᠶᠢ ᠬᠢᠯᠬᠡᠵᠤ᠂ ᠬᠡᠢ ᠴᠢᠰᠤᠨ ᠤ ᠬᠦᠶᠤᠳᠠᠯ ᠢ ᠰᠠᠶᠢᠵᠢᠷᠠᠭᠤᠯᠤᠨ᠎ᠠ᠃ | ᠢᠯᠢᠬᠦ ᠵᠠᠰᠠᠯ᠄ ᠲᠤᠬᠤᠢ ᠶᠢᠨ ᠦᠶ᠎ᠠ ᠶᠢᠨ ᠳᠤᠤᠷ᠎ᠠ ᠬᠡᠰᠡᠭ ᠢ ᠳᠡᠬᠡᠭᠰᠢ ᠲᠦᠯᠬᠢᠵᠤ ᠢᠯᠢᠬᠦ᠂ ᠪᠤᠭᠤᠯᠲᠠ ᠲᠠᠢ | ᠬᠡᠰᠡᠭ ᠲᠤᠨᠢ ᠳᠠᠷᠤᠵᠤ ᠢᠯᠢᠬᠦ᠂ ᠠᠳᠬᠤᠭᠠᠯ ᠴᠢᠮᠤᠬᠡᠨ ᠤ ᠬᠡᠰᠡᠭ ᠲᠤᠨᠢ ᠱᠦᠷᠬᠦᠬᠡᠵᠤ ᠢᠯᠢᠬᠦ᠂ ᠳᠠᠯᠤ ᠶᠢᠨ ᠬᠡᠰᠡᠭ | ᠲᠤᠨᠢ ᠨᠢᠳᠠᠷᠠᠵᠤ ᠮᠡᠲᠤ ᠶᠢᠨ ᠠᠷᠭ᠎ᠠ ᠪᠠᠷ ᠡᠳᠤᠷ ᠪᠦᠷᠢ ᠬᠠᠷ᠎ᠠ ᠠᠷᠢᠬᠢ ᠲᠦᠷᠬᠢᠵᠤ ᠢᠯᠢᠪᠠᠯ ᠰᠠᠶᠢᠨ᠃ ᠬᠡᠬᠦ ᠳᠡᠭᠡᠨ | ᠠᠯᠬᠤᠮ ᠳᠠᠷᠠᠭ᠎ᠠ ᠲᠠᠢ ᠪᠠᠷ ᠪᠠᠭ᠎ᠠ ᠠᠴᠠ ᠶᠡᠭᠡ᠂ ᠳᠠᠬᠢᠨ ᠪᠠᠭ᠎ᠠ᠂ ᠬᠦᠩᠬᠡᠨ ᠠᠴᠠ ᠬᠦᠨᠳᠤ᠂ ᠳᠠᠬᠢᠨ ᠬᠦᠩᠬᠡᠨ᠂ | ᠤᠳᠠᠭᠠᠨ ᠠᠴᠠ ᠲᠦᠷᠬᠡᠨ᠂ ᠳᠠᠬᠢᠨ ᠤᠳᠠᠭᠠᠨ ᠢ ᠪᠠᠷᠢᠮᠲᠠᠯᠠᠨ᠎ᠠ᠃ ᠡᠮ ᠤᠨ ᠵᠠᠰᠠᠯ᠄ ᠶᠠᠰᠤ ᠵᠠᠯᠭᠠᠬᠤ ᠡᠮ | ᠨᠤᠭᠤᠳ ᠠᠴᠠ ᠬᠡᠷᠠᠬᠡᠯᠵᠤ ᠪᠤᠯᠤᠨ᠎ᠠ᠃ | ᠭᠤᠷᠪᠠᠳᠤᠭᠠᠷ ᠬᠡᠰᠡᠭ ᠡᠪᠴᠢᠬᠦᠦ — ᠲᠤᠪᠴᠢᠯᠠᠷ ᠶᠠᠰᠤᠨ ᠤ ᠦᠶ᠎ᠠ ᠶᠢᠨ ᠮᠤᠯᠲᠤᠷᠠᠯᠲᠠ | ᠡᠪᠴᠢᠬᠦᠦ — ᠲᠤᠪᠴᠢᠯᠠᠷ ᠤᠨ ᠦᠶ᠎ᠠ ᠪᠤᠯ ᠲᠤᠪᠴᠢᠯᠠᠷ ᠶᠠᠰᠤᠨ ᠤ ᠳᠤᠲᠤᠷ᠎ᠠ ᠦᠵᠤᠬᠦᠷ ᠪᠠ ᠡᠪᠴᠢᠬᠦᠨ ᠤ | ᠪᠦᠳᠤᠷᠬᠡᠢ ᠯᠦᠭᠡ ᠨᠠᠶᠢᠯᠠᠵᠤ ᠪᠦᠲᠤᠭ᠍ᠰᠠᠨ ᠪᠦᠬᠡᠳ ᠡᠪᠴᠢᠬᠦᠦ — ᠲᠤᠪᠴᠢᠯᠠᠷ ᠤᠨ ᠬᠤᠯᠪᠤᠭᠠᠰᠤ᠂ ᠬᠠᠪᠠᠷᠭᠠ | — ᠡᠬᠡᠮ ᠤᠨ ᠬᠤᠯᠪᠤᠭᠠᠰᠤ ᠪᠠᠷ ᠬᠡᠯᠬᠡᠯᠳᠡᠭ᠃ ᠲᠤᠰ ᠦᠶ᠎ᠠ ᠳᠡᠬᠡᠳᠤ ᠮᠦᠴᠢ ᠶᠢᠨ ᠬᠦᠳᠡᠯᠬᠡᠬᠡᠨ ᠳᠤ | ᠲᠤᠯᠠᠭᠠᠭᠤᠷᠢ ᠤᠶᠢᠯᠠᠳᠤᠯ ᠦᠵᠠᠬᠦᠯᠳᠡᠭ ᠪᠢᠯᠠ᠃ ᠬᠡᠪᠠᠴᠤ ᠦᠶ᠎ᠠ ᠶᠢᠨ ᠬᠠᠶᠢᠰᠤᠨ ᠤ ᠠᠷᠤ ᠳᠡᠬᠡᠳᠤ ᠲᠠᠯ᠎ᠠ ᠪᠤᠯᠤᠨ | ᠡᠮᠤᠨ᠎ᠠ ᠳᠤᠤᠷᠠᠳᠤ ᠲᠠᠯ᠎ᠠ ᠨᠠᠯᠢᠶᠠᠳ ᠳᠤᠷᠤᠢ ᠪᠠᠶᠢᠳᠠᠭ᠃ ᠡᠶᠢᠮᠤ ᠠᠴᠠ ᠰᠤᠯᠠ ᠳᠤᠷᠤᠢ ᠲᠠᠰᠢ ᠪᠠᠨ ᠤᠯᠠᠨ | ᠮᠤᠯᠲᠤᠷᠳᠠᠭ᠃ ᠬᠡᠷᠪᠠ ᠠᠷᠤᠰᠢ ᠮᠤᠯᠲᠤᠷᠪᠠᠯ ᠲᠠᠬᠦᠨ ᠤ ᠠᠷᠤ ᠲᠠᠯ᠎ᠠ ᠳᠠᠬᠢ ᠮᠦᠬᠡᠷᠰᠤᠨ ᠬᠤᠭᠤᠯᠠᠢ᠂ ᠤᠯᠠᠭᠠᠨ | ᠬᠤᠭᠤᠯᠠᠢ ᠵᠢᠴᠢ ᠴᠢᠰᠤᠨ ᠰᠤᠳᠠᠯ ᠵᠡᠷᠬᠡ ᠬᠡᠮᠲᠤᠳᠡᠭ᠃ ᠶᠡᠷᠤᠩᠬᠡᠢ ᠳᠡᠭᠡᠨ ᠨᠦᠰᠤᠷ ᠬᠦᠨᠳᠤ ᠴᠤᠬᠢᠯᠲᠠ | ᠤᠴᠢᠷᠠᠭᠰᠠ ᠬᠦᠮᠤᠰ ᠲᠤ ᠤᠯᠠᠨ ᠲᠤᠬᠢᠶᠠᠯᠳᠤᠳᠠᠭ᠃ | ᠰᠢᠯᠲᠠᠭᠠᠨ ᠨᠦᠬᠦᠴᠠᠯ᠄ ᠡᠪᠴᠢᠬᠦᠦ — ᠲᠤᠪᠴᠢᠯᠠᠷ ᠤᠨ ᠶᠠᠰᠤᠨ ᠤ ᠮᠤᠯᠲᠤᠷᠠᠯ ᠪᠤᠯ ᠤᠯᠠᠩᠬᠢ ᠳᠠᠭᠠᠨ | ᠭᠠᠳᠠᠨᠠᠬᠢ ᠨᠦᠰᠠᠷ ᠬᠦᠴᠤᠨ ᠤ ᠳᠠᠮ ᠲᠤᠰᠤᠯᠲᠠ ᠠᠴᠠ ᠪᠤᠯᠵᠤ ᠮᠤᠯᠲᠤᠷᠳᠠᠭ᠃ ᠳᠠᠷᠤᠢ ᠦᠨᠳᠤᠷ ᠭᠠᠵᠠᠷ ᠠᠴᠠ | ᠤᠨᠠᠬᠤ᠂ ᠮᠤᠲ᠋ᠤᠷ ᠲᠠᠷᠬᠡ ᠪᠤᠶᠤ ᠮᠤᠷᠢᠨ ᠠᠴᠠ ᠪᠠᠨ ᠰᠠᠪᠠᠭᠳᠠᠬᠤ ᠳᠤ ᠡᠬᠡᠮ ᠳᠠᠯᠤ ᠪᠠᠷ ᠢᠶᠠᠨ ᠭᠠᠵᠠᠷ ᠲᠤᠰᠬᠤ | ᠡᠰᠠᠬᠦᠯ᠎ᠠ ᠵᠤᠭᠰᠤᠵᠤ ᠪᠠᠶᠢᠬᠤ ᠳᠤ ᠬᠦᠨᠳᠤ ᠪᠤᠳᠠᠰ ᠳᠠᠯᠤ ᠳᠡᠬᠡᠷ᠎ᠠ ᠨᠢ ᠤᠨᠠᠬᠤ ᠪᠤᠶᠤ ᠬᠠᠲᠠᠭᠤ ᠰᠢᠳᠠᠮ ᠪᠠᠷ | ᠴᠤᠬᠢᠯᠠᠭᠤᠭᠰᠠ ᠵᠡᠷᠬᠡ ᠰᠢᠯᠲᠠᠭᠠᠨ ᠠᠴᠠ ᠪᠤᠯᠵᠤ ᠨᠢᠬᠡᠳᠤᠬᠡᠷ ᠬᠠᠪᠢᠷᠭ᠎ᠠ ᠶᠢᠨ ᠶᠠᠰᠤᠨ ᠤ ᠡᠮᠤᠨ᠎ᠠ ᠦᠵᠤᠬᠦᠷ ᠨᠢ | ᠬᠦᠰᠢᠭᠳᠡᠵᠤ ᠲᠤᠪᠴᠢᠯᠠᠷ ᠤᠨ ᠶᠠᠰᠤᠨ ᠤ ᠳᠤᠲᠤᠷ᠎ᠠ ᠦᠵᠤᠬᠦᠷ ᠡᠮᠤᠨᠠᠰᠢ ᠪᠠᠨ ᠮᠤᠯᠲᠤᠷᠳᠠᠭ᠃ ᠭᠠᠳᠠᠭᠠᠳᠤ | ᠴᠤᠬᠢᠯᠲᠠ ᠶᠢᠨ ᠬᠦᠴᠤ ᠨᠢ ᠳᠠᠯᠤ ᠶᠢᠨ ᠬᠡᠰᠡᠭ ᠲᠤ ᠠᠳᠠᠯᠢ ᠪᠤᠰᠤ ᠴᠢᠬᠡᠯᠠᠯ ᠢᠶᠠᠷ ᠲᠤᠰᠬᠤ ᠲᠤᠯᠠ ᠡᠪᠴᠢᠬᠦᠦ | — ᠲᠤᠪᠴᠢᠯᠠᠷ ᠤᠨ ᠶᠠᠰᠤᠨ ᠤ ᠦᠶ᠎ᠠ ᠨᠢ ᠡᠮᠤᠨᠠᠰᠢ ᠬᠤᠶᠢᠰᠢ ᠪᠠᠨ ᠮᠤᠯᠲᠤᠷᠳᠠᠭ ᠶᠤᠮ᠃ ᠡᠬᠦᠨ ᠳᠤ ᠡᠮᠤᠨᠠᠰᠢ | ᠮᠤᠯᠲᠤᠷᠠᠬᠤ ᠨᠢ ᠤᠯᠠᠨ ᠪᠠᠶᠢᠳᠠᠭ᠃ | ᠰᠢᠨᠵᠢᠯᠠᠨ ᠲᠤᠳᠤᠯᠬᠤ ᠠᠷᠭ᠎ᠠ᠄ | 1᠂ ᠦᠵᠠᠵᠤ ᠰᠢᠨᠵᠢᠯᠠᠨᠠ᠃ ᠬᠡᠬᠦ ᠳᠡᠭᠡᠨ ᠡᠬᠡᠮ ᠳᠠᠯᠤ ᠶᠢᠨ ᠬᠡᠰᠡᠭ ᠲᠤ ᠬᠠᠪᠤᠳᠨᠠ᠃ ᠡᠮᠤᠨᠠᠰᠢ ᠮᠤᠯᠲᠤᠷᠠᠭᠰᠠᠨ | ᠪᠤᠯ ᠲᠤᠪᠴᠢᠯᠠᠷ ᠤᠨ ᠶᠠᠰᠤᠨ ᠤ ᠳᠤᠤᠷᠠᠳᠤ ᠲᠤᠯᠤᠭᠠᠢ ᠶᠢᠨ ᠬᠡᠰᠡᠭ ᠠᠷᠠᠰᠤᠨ ᠳᠤᠤᠷ᠎ᠠ ᠬᠦᠳᠤᠶᠢᠵᠤ. ᠭᠠᠷᠤᠨ᠎ᠠ᠃ | ᠠᠷᠤᠰᠢ ᠮᠤᠯᠲᠤᠷᠠᠭᠰᠠᠨ ᠪᠤᠯ ᠲᠤᠪᠴᠢᠯᠠᠷ ᠤᠨ ᠶᠠᠰᠤᠨ ᠤ ᠳᠤᠲᠤᠷ᠎ᠠ ᠦᠵᠤᠬᠦᠷ ᠳᠤᠲᠤᠭᠰᠢ ᠴᠦᠮᠤᠷᠡᠭᠰᠠᠨ | ᠵᠡᠷᠠᠮᠳᠡᠭ ᠬᠡᠯᠪᠠᠷᠢ ᠲᠠᠢ ᠪᠤᠯᠳᠠᠭ᠃ ᠬᠡᠮᠲᠤᠭ᠍ᠰᠠᠨ ᠲᠠᠯ᠎ᠠ ᠶᠢᠨ ᠡᠬᠡᠮ ᠨᠢ ᠡᠷᠠᠬᠦᠯ ᠲᠠᠯ᠎ᠠ ᠶᠢᠨ ᠡᠬᠡᠮ ᠠᠴᠠ ᠳᠤᠤᠷ᠎ᠠ | ᠪᠠᠶᠢᠳᠠᠭ᠃ | 2᠂ ᠪᠠᠷᠢᠵᠤ ᠰᠢᠨᠵᠢᠯᠠᠨᠠ᠃ ᠡᠪᠴᠢᠬᠦᠦ — ᠲᠤᠪᠴᠢᠯᠠᠷ ᠤᠨ ᠦᠶ᠎ᠠ ᠡᠮᠤᠨᠠᠰᠢ ᠮᠤᠯᠲᠤᠷᠠᠭᠰᠠᠨ ᠪᠤᠯ ᠳᠡᠬᠡᠭᠰᠢ | ᠡᠷᠲᠠᠶᠢᠭ᠍ᠰᠠᠨ ᠲᠤᠪᠴᠢᠯᠠᠷ ᠤᠨ ᠦᠵᠤᠬᠦᠷ ᠤᠨ ᠬᠡᠰᠡᠭ ᠢ ᠪᠠᠷᠢᠬᠤ ᠳᠤ ᠲᠤᠳᠤᠷᠬᠠᠢ ᠪᠠᠷᠢᠭᠳᠠᠳᠠᠭ᠃ ᠪᠠᠷᠢᠬᠤ ᠳᠤ | ᠶᠡᠭᠡ ᠡᠪᠳᠳᠡᠭ᠃ ᠠᠷᠤᠰᠢ ᠮᠤᠯᠲᠤᠷᠠᠭᠰᠠᠨ ᠪᠤᠯ ᠲᠤᠪᠴᠢᠯᠠᠷ ᠤᠨ ᠦᠶ᠎ᠠ ᠶᠢᠨ ᠬᠡᠰᠡᠭ ᠲᠤ ᠬᠤᠲᠤᠶᠢᠵᠤ | ᠤᠷᠤᠭᠰᠠᠨ ᠵᠡᠷᠠᠮᠳᠡᠭ ᠬᠡᠯᠪᠠᠷᠢ ᠪᠠᠷᠢᠭᠳᠠᠳᠠᠭ᠃ | 3᠂ ᠠᠰᠠᠭᠤᠵᠤ ᠰᠢᠨᠵᠢᠯᠠᠨᠠ᠃ ᠠᠯᠢ ᠲᠠᠯ᠎ᠠ ᠪᠠᠨ ᠲᠤᠯᠵᠤ ᠪᠠᠶᠢᠬᠤ᠂ ᠬᠠᠮᠢᠭ᠎ᠠ ᠨᠢ ᠰᠢᠭᠠᠷᠠᠵᠤ ᠪᠠᠶᠢᠬᠤ ᠰᠢᠭ | ᠡᠪᠳᠬᠦ᠂ ᠠᠮᠢᠰᠬᠤᠯ ᠠᠪᠬᠤ ᠳᠤ ᠬᠦᠴᠢᠷᠳᠡᠬᠦ ᠪᠤᠶᠤ ᠢᠳᠡᠬᠡᠨ ᠤᠮᠳᠠᠭᠠᠨ ᠵᠠᠯᠬᠢᠬᠤ ᠳᠤ ᠡᠪᠳᠬᠦ ᠵᠡᠷᠬᠡ ᠪᠠᠶᠢᠳᠠᠯ ᠢ | ᠨᠠᠷᠢᠨ ᠠᠰᠠᠭᠤᠵᠤ ᠲᠤᠳᠤᠷᠬᠠᠶᠢᠯᠠᠨ᠎ᠠ᠃ | ᠪᠠᠶᠢᠷᠢᠨ ᠳᠤᠨᠢ ᠪᠠᠷᠢᠵᠤ ᠤᠷᠤᠭᠤᠯᠬᠤ ᠠᠷᠭ᠎ᠠ᠄ ᠡᠪᠠᠳᠴᠢᠲᠠᠨ ᠲᠡᠭᠰᠢ ᠰᠠᠭᠤᠯᠭᠠᠵᠤ᠂ ᠬᠠᠪᠰᠤᠷᠤᠭᠴᠢ ᠠᠴᠠ | ᠡᠪᠠᠳᠴᠢᠲᠠᠨ ᠤ ᠦᠶ᠎ᠠ ᠮᠤᠯᠲᠤᠷᠠᠭᠰᠠᠨ ᠭᠠᠷ ᠢ ᠪᠠᠭ᠋ᠠᠨ ᠭᠠᠳᠠᠭᠰᠢ ᠬᠡᠯᠪᠡᠯᠬᠡᠨ ᠳᠡᠬᠡᠭᠰᠢ ᠡᠷᠬᠦᠨ ᠲᠠᠲᠠᠵᠤ ᠪᠠᠶᠢᠬᠤ | ᠲᠠᠢ ᠶᠠᠰᠤᠴᠢ ᠠᠴᠠ ᠨᠢᠬᠡ ᠭᠠᠷ ᠪᠠᠷ ᠢᠶᠠᠨ ᠳᠠᠯᠤ ᠶᠢᠨ ᠠᠷᠤ ᠬᠡᠰᠡᠭ ᠲᠤᠨᠢ ᠲᠦᠰᠢᠵᠤ᠂ ᠨᠦᠬᠦᠬᠡ ᠭᠠᠷ ᠤᠨ | ᠡᠷᠠᠬᠡᠢ ᠬᠤᠷᠤᠭᠤ ᠪᠠᠷ ᠢᠶᠠᠨ ᠮᠤᠯᠲᠤᠷᠠᠬᠡᠳ ᠲᠤᠪᠤᠵᠤ ᠪᠠᠶᠢᠭ᠎ᠠ ᠲᠤᠪᠴᠢᠯᠠᠷ ᠤᠨ ᠦᠵᠤᠬᠦᠷ ᠤᠨ ᠬᠡᠰᠡᠭ ᠤᠨ ᠶᠠᠰᠤ | ᠶᠢ ᠳᠤᠷᠳᠭᠰᠢ ᠰᠢᠯᠵᠢᠬᠦᠯᠠᠨ ᠬᠦᠴᠤᠲᠠᠢ ᠳᠠᠷᠤᠵᠤ ᠮᠤᠯᠲᠤᠷᠠᠭᠰᠠ ᠦᠶ᠎ᠠ ᠶᠢ ᠪᠠᠶᠢᠷᠢᠨ ᠳᠤᠨᠢ ᠤᠷᠤᠭᠤᠯᠳᠠᠭ᠃ | ᠡᠰᠠᠬᠦᠯ᠎ᠠ ᠬᠠᠪᠰᠤᠷᠤᠭᠴᠢ ᠳᠠᠯᠤᠨ ᠤ ᠬᠢᠨᠢ ᠬᠤᠭᠤᠷᠤᠨᠳᠤ ᠡᠪᠤᠳᠤᠬᠡᠯᠠᠵᠤ᠂ ᠬᠤᠶᠠᠷ ᠡᠬᠡᠮ ᠠᠴᠠ ᠨᠢ ᠠᠳᠬᠤᠭᠠᠳ | ᠠᠷᠤᠰᠢ ᠲᠠᠲᠠᠵᠤ ᠴᠡᠬᠡᠵᠢ ᠶᠢ ᠨᠢ ᠲᠠᠨᠢᠢᠯᠬᠡᠨᠠ᠃ ᠶᠠᠰᠤᠴᠢ ᠡᠪᠠᠳᠴᠢᠲᠠᠨ ᠤ ᠡᠮᠤᠨ᠎ᠠ ᠲᠠᠯ᠎ᠠ ᠵᠤᠭᠰᠤᠭᠠᠳ᠂ ᠬᠡᠷᠪᠠ | ᠡᠪᠴᠢᠬᠦᠦ — ᠲᠤᠪᠴᠢᠯᠠᠷ ᠦᠶ᠎ᠠ ᠡᠮᠤᠨᠠᠰᠢ ᠮᠤᠯᠲᠤᠷᠠᠭᠰᠠᠨ ᠪᠤᠯ ᠡᠷᠠᠬᠡᠢ ᠬᠤᠷᠤᠭᠤ ᠪᠠᠷ ᠢᠶᠠᠨ ᠲᠤᠪᠴᠢᠯᠠᠷ | ᠶᠠᠰᠤᠨ ᠤ ᠮᠤᠯᠲᠤᠷᠠᠭᠰᠠᠨ ᠦᠵᠤᠬᠦᠷ ᠢ ᠳᠠᠷᠤᠵᠤ ᠪᠠᠶᠢᠷᠢᠨ ᠳᠤᠨᠢ ᠤᠷᠤᠭᠤᠯᠤᠨ᠎ᠠ᠃ ᠠᠷᠤᠰᠢ ᠮᠤᠯᠲᠤᠷᠠᠭᠰᠠᠨ ᠪᠤᠯ | ᠡᠷᠠᠬᠡᠢ ᠲᠤᠯᠤᠪᠤᠷ ᠬᠤᠷᠤᠭᠤ ᠪᠠᠷ ᠢᠶᠠᠨ ᠭᠤᠬᠠᠳᠠᠵᠤ ᠲᠠᠲᠠᠨ ᠤᠷᠤᠭᠤᠯᠤᠨ᠎ᠠ᠃ | ᠪᠡᠬᠡᠯᠠᠨ ᠪᠤᠭᠤᠵᠤ ᠲᠤᠭᠲᠠᠪᠤᠷᠢᠵᠢᠭᠤᠯᠬᠤ ᠠᠷᠭ᠎ᠠ᠄ ᠡᠪᠴᠢᠬᠦᠦ — ᠡᠬᠡᠮ ᠤᠨ ᠲᠤᠪᠴᠢᠯᠠᠷ ᠤᠨ ᠦᠶ᠎ᠠ | ᠡᠮᠤᠨᠠᠰᠢ ᠮᠤᠯᠲᠤᠷᠠᠭᠰᠠᠨ ᠪᠤᠯ ᠦᠶ᠎ᠠ ᠶᠢᠨ ᠬᠡᠰᠡᠭ ᠲᠤ ᠶᠠᠰᠤᠨ ᠤ ᠮᠤᠯᠲᠤᠷᠠᠭᠰᠠᠨ ᠬᠡᠮᠵᠢᠶ᠎ᠠ ᠪᠠᠷ ᠪᠠᠭ᠎ᠠ | ᠳᠦᠷᠪᠤᠯᠵᠢᠨ ᠬᠠᠲᠠᠭᠤ ᠴᠠᠭᠠᠰᠤ ᠪᠤᠶᠤ ᠮᠤᠳᠤᠨ ᠬᠠᠪᠲᠠᠰᠤ ᠲᠠᠭᠠᠷᠠᠭᠤᠯᠵᠤ᠂ ︿︿8﹀﹀ ᠬᠡᠯᠪᠠᠷᠢ ᠪᠠᠷ ᠳᠠᠷᠤᠵᠤ | ᠪᠤᠭᠤᠨ᠎ᠠ᠃ ᠡᠬᠦᠨ ᠳᠤ ᠳᠦᠷᠪᠠᠨ ᠬᠤᠷᠤᠭᠤᠨ ᠦᠷᠬᠡᠨ ᠪᠦᠰ ᠤᠷᠢᠶᠠᠯᠲᠠ ᠪᠠᠷ ᠬᠤᠶᠠᠷ ᠦᠵᠤᠬᠦᠷ ᠤᠨ | ᠰᠤᠯᠪᠢᠯᠲᠠ ᠤᠨ ᠡᠪᠴᠢᠬᠦᠦ — ᠡᠬᠡᠮ ᠤᠨ ᠲᠤᠪᠴᠢᠯᠠᠷ ᠶᠠᠰᠤᠨ ᠤ ᠮᠤᠯᠲᠤᠷᠠᠯ ᠢ ᠤᠷᠤᠭᠤᠯᠤᠭᠰᠠ ᠦᠶ᠎ᠠ | ᠳᠡᠬᠡᠷ᠎ᠠ ᠳᠠᠷᠤᠭᠤᠯᠵᠤ᠂ ᠳᠠᠬᠢᠨ ᠨᠦᠬᠦᠬᠡ ᠲᠠᠯ᠎ᠠ ᠶᠢᠨ ᠬᠢᠨᠢ ᠰᠠᠭᠤᠨ ᠳᠤᠤᠭᠤᠷ ᠤᠷᠤᠭᠤᠯᠵᠤ ᠬᠡᠳᠤ ᠬᠡᠳᠤᠨ | ᠤᠳᠠᠭ᠎ᠠ ᠤᠷᠢᠶᠠᠵᠤ ᠪᠤᠭᠤᠨ᠎ᠠ᠃ ᠬᠡᠬᠦ ᠳᠡᠭᠡᠨ ᠳᠠᠷᠤᠯᠲᠠ ᠶᠢᠨ ᠭᠤᠤᠯᠳᠠᠯᠭ᠎ᠠ ᠶᠢ ᠬᠠᠰᠢᠯᠠ ᠡᠬᠡᠮ ᠤᠨ ᠲᠤᠪᠴᠢᠯᠠᠷ | ᠶᠠᠰᠤᠨ ᠤ ᠮᠤᠯᠲᠤᠷᠠᠯ ᠤᠨ ᠤᠷᠤᠯᠤᠭᠰᠠᠨ ᠬᠡᠰᠡᠭ ᠲᠤ ᠲᠦᠪᠯᠠᠷᠠᠬᠦᠯᠤᠨᠠ᠃ ᠬᠡᠷᠪᠠ ᠠᠷᠤᠨᠰᠢ ᠮᠤᠯᠲᠤᠷᠠᠭᠰᠠᠨ ᠪᠤᠯ | ᠵᠦᠪᠬᠡᠨ ︿︿8﹀﹀ ᠲᠤᠭ᠎ᠠ ᠨᠢ ᠬᠡᠯᠪᠠᠷᠢ ᠪᠠᠷ ᠪᠡᠬᠡᠯᠠᠨ ᠪᠤᠭᠤᠨ᠎ᠠ᠃ ᠬᠡᠬᠦ ᠳᠡᠭᠡᠨ ︿︿8﹀﹀ ᠲᠤᠭ᠎ᠠ ᠨᠢ | ᠰᠤᠯᠪᠢᠯᠲᠠ ᠶᠢᠨ ᠬᠡᠰᠡᠭ ᠬᠤᠶᠠᠷ ᠳᠠᠯᠤᠨ ᠤ ᠬᠤᠭᠤᠷᠠᠨᠳᠤ ᠵᠦᠷᠢᠭᠰᠡᠨ ᠪᠠᠶᠢᠬᠤ ᠬᠡᠷᠡᠭᠲᠠᠢ᠃ ᠭᠠᠷ ᠢ ᠨᠢ ᠳᠡᠬᠡᠭᠰᠢ | ᠬᠦᠵᠤᠬᠦᠨ ᠠᠴᠠ ᠨᠢ ᠡᠯᠬᠦᠨ᠎ᠠ᠃ | ᠠᠵᠢᠯᠠᠯᠭᠠᠨ ᠤ ᠪᠤᠯᠪᠠᠰᠤᠷᠠᠯ᠄ ᠭᠠᠷ ᠢ ᠬᠦᠵᠤᠬᠦᠨ ᠠᠴᠠ ᠡᠯᠬᠦᠵᠤ ᠪᠠᠶᠢᠭ᠎ᠠ ᠪᠠᠶᠢᠷᠢᠰᠢᠯ ᠤᠨ ᠳᠤᠤᠷ᠎ᠠ ᠨᠢᠳᠤᠷᠭ᠎ᠠ | ᠪᠠᠨ ᠠᠳᠬᠤᠵᠤ ᠬᠦᠳᠡᠯᠬᠡᠬᠡᠨ᠂ ᠪᠠᠭᠤᠤ᠂ ᠲᠤᠬᠤᠢ ᠶᠢᠨ ᠨᠤᠭᠤᠯᠵᠤ ᠵᠢᠬᠡᠬᠦ ᠬᠦᠳᠡᠯᠬᠡᠬᠡᠨ ᠢ ᠬᠢᠯᠬᠡᠵᠤ᠂ ᠴᠢᠰᠤᠨ ᠤ | ᠬᠦᠶᠤᠳᠠᠯ ᠶᠢ ᠰᠠᠶᠢᠵᠢᠭᠤᠷᠠᠭᠤᠯᠤᠨ᠂ ᠭᠠᠷ ᠤᠨ ᠱᠤ᠋ ᠨᠢ ᠬᠡᠰᠡᠭ ᠤᠨ ᠬᠠᠪᠤᠳᠠᠷ ᠶᠢ ᠰᠡᠷᠬᠡᠶᠢᠯᠠᠨ᠎ᠠ᠃ ᠢᠩᠬᠢᠬᠡᠳ | ᠡᠳᠤᠷ ᠬᠤᠨᠤᠭ ᠤᠨ ᠨᠡᠮᠡᠭᠳᠠᠯ ᠢ ᠳᠠᠭᠠᠯᠳᠠᠨ ᠳᠠᠯᠤ ᠶᠢᠨ ᠦᠶ᠎ᠠ ᠶᠢᠨ ᠠᠵᠢᠯᠠᠯᠭ᠎ᠠ ᠨᠢ ᠬᠦᠷᠢᠶ᠎ᠠ ᠬᠡᠪᠴᠢᠶ᠎ᠠ᠂ ᠬᠦᠴᠤᠨ | ᠂ ᠬᠤᠷᠳᠤᠴᠠ ᠶᠢ ᠨᠢ ᠵᠤᠬᠢᠰᠲᠠᠢ ᠨᠡᠮᠡᠭᠳᠠᠬᠦᠯᠤᠨᠠ᠃ ᠢᠯᠢᠬᠦ ᠵᠠᠰᠠᠯ᠄ ᠡᠬᠡᠮ ᠤᠨ ᠲᠤᠪᠴᠢᠯᠠᠷ ᠶᠠᠰᠤᠨ ᠤ | ᠤᠶᠢᠷᠠᠯᠴᠠᠭ᠎ᠠ ᠬᠡᠰᠡᠭ ᠪᠤᠶᠤ ᠬᠦᠵᠤᠬᠦᠨ ᠤ ᠳᠤᠤᠷᠠᠳᠤ ᠬᠡᠰᠡᠭ᠂ ᠰᠡᠬᠡᠷ ᠨᠢᠷᠤᠭᠤᠨ ᠨᠢ ᠳᠠᠬᠡᠳᠤ ᠬᠡᠰᠡᠭ ᠤᠨ ᠠᠷᠤ | ᠰᠡᠷᠲᠠᠩ ᠤᠨ ᠬᠤᠭᠤᠷᠤᠨᠳᠤᠬᠢ ᠵᠠᠢ ᠶᠢᠨ ᠬᠠᠵᠠᠭᠤ ᠪᠠᠷ ᠳᠡᠬᠡᠷ᠎ᠠ ᠠᠴᠠ ᠳᠤᠷᠳᠭᠰᠢ᠂ ᠳᠤᠲᠤᠷ᠎ᠠ ᠠᠴᠠ ᠭᠠᠳᠠᠭᠰᠢ | ᠢᠯᠢᠵᠤ ᠳᠠᠷᠤᠵᠤ ᠨᠤᠬᠤᠯᠠᠨ᠎ᠠ᠃ ᠳᠠᠷᠠᠭ᠎ᠠ ᠨᠢ ᠴᠤᠬᠢᠵᠤ ᠲᠤᠭᠰᠢᠨᠠ᠃ ᠬᠠᠮᠤᠭ ᠰᠠᠬᠦᠯ ᠳᠤᠨᠢ ᠳᠡᠬᠡᠷ᠎ᠠ ᠠᠴᠠ | ᠳᠤᠷᠳᠭᠰᠢ ᠰᠢᠪᠲᠤᠷᠤᠨᠠ᠃ ᠬᠡᠬᠦ ᠳᠡᠭᠡᠨ ᠠᠯᠬᠤᠮ ᠳᠠᠷᠠᠭ᠎ᠠ ᠲᠠᠢ ᠪᠠᠷ ᠪᠠᠭ᠎ᠠ ᠠᠴᠠ ᠶᠡᠭᠡ᠂ ᠳᠠᠬᠢᠨ ᠪᠠᠭ᠎ᠠ᠂ | ᠬᠦᠩᠬᠡᠨ ᠠᠴᠠ ᠬᠦᠨᠳᠤ᠂ ᠳᠠᠬᠢᠨ ᠬᠦᠩᠬᠡᠨ᠂ ᠤᠳᠠᠭᠠᠨ ᠠᠴᠠ ᠲᠦᠷᠬᠡᠨ᠂ ᠳᠠᠬᠢᠨ ᠤᠳᠠᠭᠠᠨ ᠢ ᠪᠠᠷᠢᠮᠲᠠᠯᠠᠨ᠎ᠠ᠃ | | ᠳᠦᠷᠪᠠᠳᠤᠬᠡᠷ ᠬᠡᠰᠡᠭ ᠲᠤᠬᠤᠢ ᠶᠢᠨ ᠶᠠᠰᠤᠨ ᠤ ᠮᠤᠯᠲᠤᠷᠠᠯᠲᠠ | ᠲᠤᠬᠤᠢ ᠶᠢᠨ ᠦᠶ᠎ᠠ ᠪᠤᠯ ᠳᠠᠷᠤᠢ ᠳᠡᠬᠡᠳᠤ ᠬᠡᠰᠡᠭ ᠲᠡᠭᠡᠨ ᠠᠳᠬᠤᠭᠠᠯ ᠴᠢᠮᠤᠬᠡᠨ ᠤ ᠶᠠᠰᠤ᠂ ᠳᠤᠤᠷᠠᠳᠤ ᠬᠡᠰᠡᠭ | ᠨᠢ ᠱᠤ᠋ ᠶᠢᠨ ᠶᠠᠰᠤ ᠪᠠ ᠲᠤᠬᠤᠢ ᠶᠢᠨ ᠶᠠᠰᠤ ᠲᠠᠢ ᠵᠠᠯᠭᠠᠯᠳᠤᠵᠤ ᠪᠦᠲᠤᠭ᠍ᠰᠠᠨ ᠬᠤᠯᠢᠮᠠᠭ ᠴᠢᠨᠠᠷ ᠲᠠᠢ ᠦᠶ᠎ᠠ ᠶᠤᠮ᠃ | ᠠᠳᠬᠤᠭᠠᠯ ᠴᠢᠮᠤᠬᠡᠨ — ᠲᠤᠬᠤᠢ ᠶᠢᠨ ᠬᠡᠰᠡᠭ ᠪᠤᠯ ᠠᠳᠬᠤᠭᠠᠯ ᠶᠠᠰᠤᠨ ᠤ ᠲᠤᠯᠤᠭᠠᠢ ᠶᠢᠨ ᠳᠤᠪᠤᠭᠤᠷ ᠬᠡᠰᠡᠭ | ᠨᠢ ᠲᠤᠬᠤᠢ ᠶᠠᠰᠤᠨ ᠤ ᠬᠠᠭᠠᠰ ᠬᠡᠯᠪᠠᠷᠢ ᠶᠢᠨ ᠦᠶ᠎ᠠ ᠲᠠᠢ ᠵᠠᠯᠭᠠᠯᠳᠠᠨ ᠪᠦᠲᠤᠵᠤ᠂ ᠠᠳᠬᠤᠭᠠᠯ ᠴᠢᠮᠤᠬᠡ — ᠱᠤ᠋ | ᠶᠢᠨ ᠬᠡᠰᠡᠭ ᠨᠢ ᠠᠳᠬᠤᠭᠠᠯ ᠴᠢᠮᠤᠬᠡᠨ ᠤ ᠪᠠᠭ᠎ᠠ ᠲᠤᠯᠤᠭᠠᠢ ᠬᠡᠰᠡᠭ ᠪᠤᠯᠤᠨ ᠱᠤ᠋ ᠶᠢᠨ ᠪᠠᠭ᠎ᠠ ᠲᠤᠯᠤᠭᠠᠢ ᠶᠢᠨ | ᠤᠩᠭᠤᠷᠬᠠᠢ ᠲᠠᠢ ᠵᠠᠯᠭᠠᠯᠳᠠᠨ ᠪᠦᠲᠤᠭ᠍ᠰᠠᠨ ᠪᠠ ᠱᠤ᠋ — ᠲᠤᠬᠤᠢ ᠶᠢᠨ ᠬᠡᠰᠡᠭ ᠨᠢ ᠱᠤ᠋ ᠶᠢᠨ ᠲᠤᠯᠤᠭᠠᠢ ᠶᠢᠨ | ᠬᠠᠭᠠᠰ ᠬᠡᠰᠡᠭ ᠪᠤᠯᠤᠨ ᠲᠤᠬᠤᠢ ᠶᠢᠨ ᠶᠠᠰᠤᠨ ᠤ ᠳᠡᠬᠡᠳᠤ ᠦᠵᠤᠬᠦᠷ ᠵᠠᠯᠭᠠᠯᠳᠠᠨ ᠪᠦᠲᠤᠭ᠍ᠰᠠᠨ ᠪᠠᠶᠢᠨ᠎ᠠ᠃ | ᠰᠢᠯᠲᠠᠭᠠᠨ ᠨᠦᠬᠦᠴᠠᠯ᠄ ᠭᠠᠳᠠᠨᠠᠬᠢ ᠬᠦᠴᠤᠨ ᠤ ᠳᠠᠮ ᠲᠤᠰᠤᠯᠲᠠ ᠠᠴᠠ ᠪᠤᠯᠵᠤ ᠲᠤᠬᠤᠢ ᠶᠢᠨ ᠦᠶ᠎ᠠ ᠡᠮᠤᠨᠠᠰᠢ | ᠪᠤᠶᠤ ᠠᠷᠤᠨᠰᠢ ᠪᠠᠨ ᠮᠤᠯᠲᠤᠷᠳᠠᠭ᠃ ᠳᠠᠷᠤᠢ ᠭᠠᠵᠠᠷ ᠲᠤ ᠤᠨᠠᠬᠤ ᠳᠠᠭᠠᠨ ᠭᠠᠷ ᠪᠠᠨ ᠭᠠᠵᠠᠷ ᠲᠤ ᠬᠦᠴᠤᠲᠠᠢ | ᠲᠤᠯᠵᠤ᠂ ᠳᠠᠮ ᠲᠤᠰᠬᠤ ᠠᠴᠠ ᠪᠤᠯᠵᠤ᠂ ᠠᠳᠬᠤᠭᠠᠯ ᠴᠢᠮᠤᠬᠡᠨ ᠤ ᠲᠤᠯᠤᠭᠠᠢ᠂ ᠲᠤᠬᠤᠢ ᠶᠢᠨ ᠤᠩᠭᠤᠷᠬᠠᠢ ᠠᠴᠠ | ᠮᠤᠯᠲᠤᠷᠳᠠᠭ᠃ ᠬᠡᠬᠦ ᠳᠡᠭᠡᠨ ᠤᠨᠠᠬᠤ ᠦᠶ᠎ᠠ ᠳᠠᠭᠠᠨ ᠭᠠᠷ ᠪᠠᠨ ᠵᠢᠬᠢᠭᠰᠡᠨ ᠶᠠᠩᠵᠠ ᠪᠠᠷ ᠭᠠᠵᠠᠷ ᠲᠤᠯᠪᠠᠯ | ᠮᠦᠷᠬᠦᠯᠲᠠ ᠶᠢᠨ ᠬᠦᠴᠤ ᠲᠤᠬᠤᠢ ᠶᠠᠰᠤᠨ ᠳᠤ ᠳᠠᠷᠤᠯᠲᠠ ᠦᠭᠴᠤ᠂ ᠠᠳᠬᠤᠭᠠᠯ ᠴᠢᠮᠤᠬᠡᠨ ᠤ ᠳᠤᠤᠷᠠᠳᠤ | ᠦᠵᠤᠬᠦᠷ ᠢ ᠲᠦᠯᠬᠢᠨ ᠤᠷᠤᠭᠰᠢ ᠪᠠᠨ ᠰᠢᠯᠵᠢᠵᠤ ᠲᠤᠬᠤᠢ ᠶᠢᠨ ᠦᠶ᠎ᠠ ᠶᠢᠨ ᠤᠩᠭᠤᠷᠬᠠᠢ ᠠᠴᠠ ᠱᠤ᠋ ᠶᠠᠰᠤᠨ ᠤ | ᠳᠡᠬᠡᠳᠤ ᠦᠵᠤᠬᠦᠷ ᠠᠷᠤᠨᠰᠢ ᠪᠠᠨ ᠮᠤᠯᠲᠤᠷᠳᠠᠭ᠃ ᠡᠬᠦᠨ ᠤ ᠳᠡᠬᠡᠷ᠎ᠠ ᠬᠠᠵᠠᠭᠤ ᠲᠠᠯ᠎ᠠ ᠠᠴᠠ ᠢᠷᠡᠭᠰᠠᠨ ᠭᠠᠳᠠᠭᠠᠳᠤ | ᠬᠦᠴᠤᠨ ᠤ ᠤᠶᠢᠯᠠᠴᠢᠯᠠᠯ ᠪᠠᠶᠢᠪᠠᠯ ᠠᠷᠤᠨᠰᠢ ᠮᠤᠯᠲᠤᠷᠬᠤ ᠠᠴᠠ ᠭᠠᠳᠠᠨ᠎ᠠ ᠬᠠᠵᠠᠭᠤ ᠲᠠᠰᠢ ᠮᠤᠯᠲᠤᠷᠬᠤ ᠶᠠᠪᠤᠳᠠᠯ | ᠬᠠᠪᠰᠤᠷᠴᠤ ᠮᠡᠳᠡᠬᠦ ᠶᠤᠮ᠃ ᠬᠡᠪᠠᠴᠤ ᠡᠨᠠ ᠨᠢ ᠬᠠᠮᠤᠭ ᠤᠨ ᠴᠦᠬᠡᠨ ᠲᠤᠬᠢᠶᠠᠯᠳᠠᠳᠠᠭ ᠶᠤᠮ᠃ | ᠰᠢᠨᠵᠢᠯᠠᠨ ᠲᠤᠳᠤᠯᠬᠤ ᠠᠷᠭ᠎ᠠ᠄ | 1᠂ ᠦᠵᠠᠵᠤ ᠰᠢᠨᠵᠢᠯᠠᠨᠠ᠃ ᠲᠤᠬᠤᠢ ᠦᠶ᠎ᠠ ᠨᠢ ᠬᠠᠪᠤᠳᠤᠭᠠᠳ ᠬᠠᠭᠠᠰ ᠲᠠᠬᠡᠶᠢᠯᠭᠠᠭ᠍ᠰᠠᠨ ᠪᠠᠶᠢᠳᠠᠯ ᠲᠠᠢ ᠪᠤᠯᠵᠤ᠂ | ᠲᠤᠬᠤᠢ ᠶᠠᠰᠤᠨ ᠤ ᠱᠤᠪᠤᠭᠤᠷ ᠦᠵᠤᠬᠦᠷ ᠨᠢ ᠠᠷᠤ ᠲᠠᠰᠢ ᠪᠠᠨ ᠬᠦᠳᠤᠶᠢᠬᠡᠳ ᠠᠳᠬᠤᠭᠠᠯ ᠴᠢᠮᠤᠬᠡᠨ ᠤ ᠳᠤᠤᠷᠠᠳᠤ | ᠬᠡᠰᠡᠭ ᠲᠤ ᠬᠦᠨᠳᠠᠢ ᠪᠤᠢ ᠪᠤᠯᠤᠨ᠎ᠠ᠃ ᠠᠳᠬᠤᠭᠠᠯ ᠴᠢᠮᠤᠬᠡᠨ ᠤ ᠭᠠᠳᠠᠷ ᠳᠤᠲᠤᠷ ᠲᠤᠪᠤᠭᠤᠷ ᠪᠠ ᠲᠤᠬᠤᠢ ᠶᠢᠨ | ᠶᠠᠰᠤ ᠶᠢ ᠲᠠᠨᠢᠢᠯᠬᠡᠬᠦ ᠳᠤ ᠦᠶ᠎ᠠ ᠨᠢ ᠪᠠᠶᠢᠷᠢ ᠪᠠᠨ ᠠᠯᠳᠠᠬᠤ ᠪᠠ ᠬᠡᠮᠲᠤᠭ᠍ᠰᠠᠨ ᠮᠦᠴᠢ ᠨᠢ ᠤᠷᠲᠤ ᠪᠤᠶᠤ ᠪᠤᠭᠤᠨᠢ | ᠪᠤᠯᠤᠨ᠎ᠠ᠃ | 2᠂ ᠪᠠᠷᠢᠵᠤ ᠰᠢᠨᠵᠢᠯᠠᠨᠠ᠃ ᠲᠤᠬᠤᠢ ᠶᠢᠨ ᠦᠶ᠎ᠠ ᠠᠷᠤᠨᠰᠢ ᠮᠤᠯᠲᠤᠷᠪᠠᠯ ᠱᠤ᠋ — ᠲᠤᠬᠤᠢ ᠶᠢᠨ ᠳᠡᠬᠡᠳᠤ | ᠦᠵᠤᠬᠦᠷ ᠤᠨ ᠲᠤᠪᠤᠭᠤᠷ ᠠᠳᠬᠤᠭᠠᠯ ᠴᠢᠮᠤᠬᠡᠨ ᠤ ᠠᠷᠤ ᠳᠤ ᠪᠠᠷᠢᠭᠳᠠᠳᠠᠭ᠃ ᠲᠤᠬᠤᠢ ᠶᠢᠨ ᠬᠡᠰᠡᠭ ᠤᠨ ᠭᠤᠷᠪᠠᠨ | ᠦᠶ᠎ᠠ ᠶᠢᠨ ᠨᠡᠶᠢᠯᠠᠪᠤᠷᠢ ᠲᠤ ᠬᠤᠪᠢᠷᠠᠯᠲᠠ ᠭᠠᠷᠳᠠᠭ᠃ ᠲᠤᠬᠤᠢ ᠶᠢᠨ ᠦᠶ᠎ᠠ ᠶᠢᠨ ᠡᠮᠤᠨ᠎ᠠ ᠤᠩᠭᠤᠷᠬᠠᠢ ᠲᠤᠪᠤᠶᠢᠨ | ᠳᠦᠬᠦᠷᠴᠤ᠂ ᠠᠳᠬᠤᠭᠠᠯ ᠶᠠᠰᠤᠨ ᠤ ᠦᠵᠤᠬᠦᠷ ᠪᠠᠷᠢᠭᠳᠠᠳᠠᠭ᠃ ᠦᠬᠡᠷ᠎ᠠ ᠪᠠᠷ ᠬᠡᠯᠠᠪᠠᠯ ᠲᠤᠬᠤᠢ ᠶᠢᠨ ᠲᠤᠯᠤᠭᠠᠢ | ᠶᠢᠨ ᠱᠤᠪᠤᠭᠤᠷ ᠨᠢ ᠪᠠᠶᠢᠷᠢᠨ ᠳᠠᠭᠠᠨ ᠪᠠᠶᠢᠬᠤ ᠦᠬᠡᠢ᠂ ᠬᠠᠷᠢᠨ ᠠᠳᠬᠤᠭᠠᠯ ᠴᠢᠮᠤᠬᠡᠨ ᠤ ᠲᠤᠯᠤᠭᠠᠢ ᠠᠴᠠ ᠰᠠᠯᠵᠤ᠂ | ᠡᠮᠤᠨᠠᠰᠢ ᠪᠤᠶᠤ ᠠᠷᠤᠨᠰᠢ ᠰᠢᠯᠵᠢᠭᠰᠡᠨ ᠪᠠᠶᠢᠳᠠᠭ᠃ | 3᠂ ᠠᠰᠠᠭᠤᠵᠤ ᠰᠢᠨᠵᠢᠯᠠᠨᠠ᠃ ᠭᠠᠳᠠᠷ ᠬᠡᠮᠲᠤᠯ ᠤᠨ ᠲᠠᠤᠬᠡ ᠲᠠᠢ ᠪᠠᠶᠢᠳᠠᠭ ᠡᠰᠠᠬᠦ᠂ ᠬᠤᠷᠤᠭᠤᠨ ᠤ ᠦᠵᠤᠬᠦᠷ | ᠮᠢᠨᠴᠤᠬᠦᠷᠬᠦ ᠡᠰᠠᠬᠦ ᠶᠢ ᠠᠰᠭᠤᠨ ᠲᠤᠳᠤᠷᠬᠠᠶᠢᠯᠠᠨ᠎ᠠ | ᠪᠠᠶᠢᠷᠢᠨ ᠳᠤᠨᠢ ᠪᠠᠷᠢᠵᠤ ᠤᠷᠤᠭᠤᠯᠬᠤ ᠠᠷᠭ᠎ᠠ᠄ ᠡᠪᠠᠳᠴᠢᠲᠠᠨ ᠶᠢ ᠰᠠᠭᠤᠯᠭᠠᠬᠤ ᠪᠤᠶᠤ ᠬᠡᠪᠲᠠᠬᠦᠯᠤᠨᠠ᠃ | ︵1︶ ᠬᠡᠷᠪᠠ ᠬᠠᠵᠠᠭᠤ ᠲᠠᠰᠢ ᠪᠠᠨ ᠮᠤᠯᠲᠤᠷᠠᠭᠰᠠᠨ ᠪᠤᠯ ᠶᠠᠰᠤᠴᠢ ᠤᠷᠢᠳᠠᠪᠠᠷ ᠬᠤᠶᠠᠷ ᠭᠠᠷ ᠤᠨ ᠠᠯᠠᠭ᠎ᠠ ᠪᠠᠷ | ᠢᠶᠠᠨ ᠲᠤᠬᠤᠢ ᠶᠢᠨ ᠦᠶ᠎ᠠ ᠶᠢᠨ ᠳᠤᠲᠤᠷ ᠭᠠᠳᠠᠷ ᠠᠴᠠ ᠰᠢᠬᠠᠵᠤ ᠲᠡᠭᠰᠢᠯᠠᠬᠡᠳ᠂ ᠠᠳᠬᠤᠭᠠᠯ ᠴᠢᠮᠤᠬᠡᠨ ᠤ ᠬᠡᠰᠡᠭ | ᠠᠴᠠ ᠨᠢᠬᠡ ᠬᠠᠪᠰᠤᠷᠠᠭᠴᠢ ᠪᠠᠷᠢᠭᠤᠯᠤᠨ᠂ ᠪᠠᠭᠤᠨ ᠬᠡᠰᠡᠭ ᠠᠴᠠ ᠪᠠᠰᠠ ᠨᠢᠬᠡ ᠬᠠᠪᠰᠤᠷᠠᠭᠴᠢ ᠪᠠᠷ ᠪᠠᠷᠢᠭᠤᠯᠵᠤ᠂ | ᠬᠤᠶᠠᠷ ᠲᠠᠰᠢ ᠲᠠᠲᠠᠨ᠎ᠠ᠂ ᠡᠨᠠ ᠦᠶ᠎ᠠ ᠳᠤ ᠶᠠᠰᠤᠴᠢ ᠬᠤᠶᠠᠷ ᠡᠷᠠᠬᠡᠢ ᠬᠤᠷᠤᠭᠤᠨ ᠪᠠᠨ ᠠᠳᠬᠤᠭᠠᠯ ᠴᠢᠮᠤᠬᠡᠨ ᠤ | ᠳᠤᠤᠷ᠎ᠠ ᠬᠡᠰᠡᠭ ᠲᠤ ᠲᠠᠯᠪᠢᠵᠤ᠂ ᠪᠤᠰᠤᠳ ᠬᠤᠷᠤᠭᠤ ᠪᠠᠨ ᠲᠤᠬᠤᠢ ᠶᠢᠨ ᠱᠤᠪᠤᠭᠤᠷ ᠶᠠᠰᠤᠨ ᠤ ᠳᠡᠬᠡᠷ᠎ᠠ ᠲᠠᠯᠪᠢᠵᠤ | ᠂ ᠨᠢᠬᠡ ᠯᠠ ᠠᠯᠬᠤᠮ ᠳᠡᠬᠡᠷ᠎ᠠ ᠡᠷᠠᠬᠡᠢ ᠬᠤᠷᠤᠭᠤ ᠪᠠᠷ ᠢᠶᠠᠨ ᠲᠦᠯᠬᠢᠨ ᠳᠠᠷᠤᠵᠤ᠂ ᠪᠤᠰᠤᠳ ᠬᠤᠷᠤᠭᠤ ᠪᠠᠷ ᠡᠷᠬᠦᠨ | ᠲᠠᠲᠠᠨ᠎ᠠ᠃ ᠡᠨᠠ ᠦᠶ᠎ᠠ ᠳᠤ ᠭᠠᠷ ᠶᠢ ᠪᠠᠭᠤ ᠠᠴᠠ ᠲᠠᠲᠠᠵᠤ ᠪᠠᠶᠢᠭᠰᠠᠨ ᠬᠠᠪᠰᠤᠷᠠᠭᠴᠢ ᠲᠤᠬᠤᠢ ᠦᠶ᠎ᠠ ᠶᠢ | ᠨᠤᠭᠤᠯᠪᠠᠯ ᠳᠠᠷᠤᠢ ᠤᠭ ᠪᠠᠶᠢᠷᠢᠨ ᠳᠠᠭᠠᠨ ᠤᠷᠤᠳᠠᠭ᠃ | ︵2︶ ᠡᠪᠠᠳᠴᠢᠲᠠᠨ ᠢᠶᠠᠨ ᠲᠡᠭᠰᠢ ᠰᠠᠭᠤᠯᠭᠠᠭᠠᠳ᠂ ᠶᠠᠰᠤᠴᠢ ᠡᠪᠠᠳᠴᠢᠲᠠᠨ ᠤ ᠭᠠᠷ ᠤᠨ ᠪᠠᠭᠤ ᠶᠢᠨ ᠬᠡᠰᠡᠭ | ᠠᠴᠠ ᠠᠳᠬᠠᠵᠤ ᠲᠤᠬᠤᠢ ᠶᠢᠨ ᠦᠶ᠎ᠠ ᠶᠢ ᠴᠢᠳᠠᠬᠤ ᠶᠢᠨ ᠬᠢᠨᠢ ᠬᠡᠮᠵᠢᠶ᠎ᠠ ᠪᠠᠷ ᠨᠤᠭᠤᠯᠤᠨ᠎ᠠ᠃ ᠬᠠᠪᠰᠤᠷᠠᠭᠴᠢ ᠪᠠᠷ | ᠡᠪᠠᠳᠴᠢᠲᠠᠨ ᠤ ᠠᠳᠬᠤᠭᠠᠯ ᠴᠢᠮᠤᠬᠡᠨ ᠨᠢ ᠬᠡᠰᠡᠭ ᠠᠴᠠ ᠠᠳᠬᠤᠭᠤᠯᠵᠤ ᠲᠠᠲᠠᠭᠤᠯᠤᠨ᠂ ᠶᠠᠰᠤᠴᠢ ᠭᠠᠷ ᠤᠨ ᠪᠠᠭᠤ | ᠠᠴᠠ ᠲᠠᠲᠠᠬᠤ ᠶᠢᠨ ᠬᠠᠮᠲᠤ ᠠᠳᠬᠤᠭᠠᠯ ᠴᠢᠮᠤᠬᠡᠨ ᠨᠢ ᠳᠤᠤᠷ᠎ᠠ ᠦᠵᠤᠬᠦᠷ ᠢ ᠠᠷᠤᠰᠢ ᠲᠦᠯᠬᠢᠵᠤ ᠨᠤᠭᠤᠯᠤᠭᠠᠳ | ᠪᠠᠶᠢᠷᠢᠨ ᠳᠤᠨᠢ ᠤᠷᠤᠭᠤᠯᠤᠨ᠎ᠠ᠃ | ︵3︶ ᠶᠠᠰᠤᠴᠢ ᠬᠠᠪᠰᠤᠷᠠᠭᠴᠢ ᠬᠤᠶᠠᠭᠤᠯᠠᠨ ᠡᠪᠳᠴᠢᠲᠠᠨ ᠤ ᠭᠠᠷ ᠢ ᠬᠤᠶᠠᠷ ᠲᠠᠰᠢ ᠲᠠᠲᠠᠵᠤ᠂ ᠶᠠᠰᠤᠴᠢ | ᠪᠠᠷᠠᠭᠤᠨ ᠭᠠᠷ ᠪᠠᠷ ᠢᠶᠠᠨ ᠡᠪᠠᠳᠴᠢᠲᠠᠨ ᠤ ᠮᠤᠯᠲᠤᠷᠠᠭᠰᠠᠨ ᠬᠡᠰᠡᠭ ᠢ ᠳᠠᠷᠤᠵᠤ᠂ ᠦᠬᠡᠳᠠ ᠤᠷᠤᠭᠤ ᠪᠠᠭ᠋ᠠᠨ | ᠬᠦᠳᠡᠯᠬᠡᠵᠤ ᠪᠠᠶᠢᠭᠠᠳ ᠲᠤᠬᠤᠢ ᠶᠢᠨ ᠦᠶ᠎ᠠ ᠶᠢ ᠠᠯᠭᠤᠷ ᠨᠤᠭᠤᠯᠤᠨ ᠠᠲᠤᠷᠢᠭᠤᠯᠬᠤ ᠳᠤ ᠪᠠᠶᠢᠷᠢᠨ ᠳᠠᠭᠠᠨ | ᠤᠷᠤᠭᠰᠠᠨ ᠰᠡᠷᠠᠯᠲᠠ ᠲᠠᠢ ᠪᠤᠯᠬᠤ ᠶᠤᠮ ︵ᠵᠢᠷᠤᠭ — 8 ᠳᠤ ᠦᠵᠠ︶᠃ | ︵4︶ ᠶᠠᠰᠤᠴᠢ ᠬᠤᠶᠠᠷ ᠭᠠᠷ ᠪᠠᠷ ᠢᠶᠠᠨ ᠡᠪᠠᠳᠴᠢᠲᠠᠨ ᠤ ᠱᠤ᠋ ᠶᠢᠨ ᠬᠡᠰᠡᠭ ᠠᠴᠠ ᠠᠳᠬᠤᠵᠤ᠂ ᠨᠢᠬᠡ ᠬᠦᠯ | ᠤᠨ ᠡᠪᠤᠳᠡᠭ ᠢ ᠨᠤᠭᠤᠯᠤᠨ᠂ ᠡᠪᠠᠳᠴᠢᠲᠠᠨ ᠤ ᠰᠠᠭᠤᠵᠤ ᠪᠠᠶᠢᠭ᠎ᠠ ᠰᠢᠷᠠᠬᠡᠨ ᠳᠡᠬᠡᠷ᠎ᠠ ᠬᠢᠰᠬᠡᠬᠡᠳ ᠡᠪᠠᠳᠴᠢᠲᠠᠨ ᠤ | ᠲᠤᠬᠤᠢ ᠶᠢᠨ ᠮᠤᠯᠲᠤᠷᠠᠭᠰᠠ ᠦᠶ᠎ᠠ ᠳᠤ ᠲᠤᠯᠭᠠᠵᠤ᠂ ᠬᠤᠶᠠᠷ ᠭᠠᠷ ᠢᠶᠠᠷ ᠢᠶᠠᠨ ᠡᠪᠠᠳᠴᠢᠲᠠᠨ ᠤ ᠭᠠᠷ ᠶᠢ ᠲᠠᠲᠠᠬᠤ | ᠶᠢ ᠬᠠᠮᠲᠤ ᠲᠤᠬᠤᠢ ᠶᠢᠨ ᠦᠶ᠎ᠠ ᠶᠢ ᠡᠪᠤᠳᠤᠭ᠌ ᠢᠶᠠᠷ ᠲᠦᠯᠬᠢᠵᠤ ᠪᠠᠶᠢᠷᠢᠨ ᠳᠤᠨᠢ ᠤᠷᠤᠭᠤᠯᠤᠨ᠎ᠠ᠃ | ᠡᠪᠠᠳᠴᠢᠲᠠᠨ ᠤ ᠮᠤᠯᠲᠤᠷᠠᠭᠰᠠᠨ ᠦᠶ᠎ᠠ ᠶᠢ ᠤᠭ ᠪᠠᠶᠢᠷᠢᠨ ᠳᠠᠭᠠᠨ ᠤᠷᠤᠭᠰᠠᠨ ᠡᠰᠠᠬᠦ ᠶᠢ ᠡᠪᠠᠳᠴᠢᠲᠠᠨ ᠤ | ᠬᠡᠮᠲᠤᠭ᠍ᠰᠠᠨ ᠭᠠᠷ ᠤᠨ ᠬᠤᠷᠤᠭᠤ ᠨᠢ ᠨᠤᠭᠤᠯᠪᠠᠯ ᠡᠬᠡᠮ ᠳᠡᠬᠡᠷ᠎ᠠ ᠬᠦᠷᠴᠤ ᠴᠢᠳᠠᠬᠤ ᠡᠰᠠᠬᠦ ᠪᠠᠷ ᠮᠡᠳᠠᠵᠤ ᠪᠤᠯᠤᠨ᠎ᠠ᠃ | | ᠪᠡᠬᠡᠯᠠᠨ ᠪᠤᠭᠤᠵᠤ ᠲᠤᠭᠲᠠᠪᠤᠷᠢᠵᠢᠭᠤᠯᠬᠤ ᠠᠷᠭ᠎ᠠ᠄ ᠤᠷᠤᠨ ᠳᠤᠨᠢ ᠤᠷᠤᠭᠤᠯᠤᠭᠰᠠᠨ ᠤ ᠳᠠᠷᠠᠭ᠎ᠠ ᠲᠤᠬᠤᠢ ᠶᠢᠨ | ᠦᠶ᠎ᠠ ᠶᠢ ᠶᠠᠷᠠᠨ ᠭᠷᠠᠳᠦᠰ ᠤᠨ ᠬᠡᠮᠵᠢᠶ᠎ᠠ ᠪᠠᠷ ᠨᠤᠭᠤᠯᠵᠤ᠂ ᠭᠤᠷᠪᠠᠯᠵᠢᠨ ᠪᠦᠰ ᠪᠠᠷ ᠬᠦᠵᠤᠬᠦᠨ ᠠᠴᠠ ᠨᠢ | ᠳᠤᠯᠤᠭᠠᠨ ᠡᠳᠤᠷ ᠳᠠᠬᠦᠵᠢᠯᠠᠨᠠ᠃ ᠠᠵᠢᠯᠠᠯᠭᠠᠨ ᠤ ᠪᠤᠯᠪᠠᠰᠤᠷᠠᠯ᠄ ᠭᠠᠷ ᠢ ᠳᠡᠬᠡᠭᠰᠢ ᠳᠠᠬᠦᠵᠢᠯᠵᠤ ᠪᠠᠶᠢᠭ᠎ᠠ | ᠪᠠᠶᠢᠷᠢᠰᠢᠯᠠᠯ ᠤᠨ ᠳᠤᠤᠷ᠎ᠠ᠂ ᠤᠷᠢᠳᠠᠪᠠᠷ ᠲᠠᠪᠤᠨ ᠬᠤᠷᠤᠭᠤ ᠪᠠᠨ ᠠᠳᠬᠤᠬᠤ᠂ ᠭᠠᠷ ᠤᠨ ᠬᠤᠷᠤᠭᠤ ᠶᠢ ᠡᠳᠤᠷ | ᠪᠦᠷᠢ ᠲᠠᠲᠠᠬᠤ ᠵᠡᠷᠬᠡ ᠲᠤᠶᠢᠯ ᠤᠨ ᠪᠠᠭ᠎ᠠ ᠬᠦᠳᠡᠯᠬᠡᠬᠡᠨ ᠶᠢ ᠬᠢᠯᠬᠡᠨ᠎ᠠ᠃ ᠢᠩᠬᠢᠬᠡᠳ ᠡᠳᠤᠷ ᠬᠤᠨᠤᠭ ᠤᠨ ᠨᠡᠮᠡᠭᠳᠠᠯ | ᠢ ᠳᠠᠭᠠᠯᠳᠤᠨ ᠬᠦᠳᠡᠯᠬᠡᠬᠡᠨ ᠤ ᠬᠡᠪᠴᠢᠶ᠎ᠠ᠂ ᠬᠤᠷᠳᠤᠴᠠ᠂ ᠬᠦᠴᠤᠨ ᠵᠡᠷᠬᠡ ᠶᠢ ᠨᠢ ᠵᠤᠬᠢᠰᠲᠠᠢ ᠨᠡᠮᠡᠭᠳᠠᠬᠦᠯᠤᠨᠠ᠃ | | ᠢᠯᠢᠬᠦ ᠵᠠᠰᠠᠯ᠄ ᠤᠭ ᠪᠠᠶᠢᠷᠢᠨ ᠳᠤᠨᠢ ᠤᠷᠤᠭᠤᠯᠤᠭᠰᠠᠨ ᠤ ᠳᠠᠷᠠᠭ᠎ᠠ᠂ ᠲᠤᠬᠤᠢ ᠶᠢᠨ ᠦᠶ᠎ᠠ ᠳᠤᠲᠤᠷ᠎ᠠ ᠬᠡᠰᠡᠭ | ᠲᠤᠨᠢ ᠨᠤᠬᠤᠯᠠᠵᠤ ᠢᠯᠢᠬᠦ᠂ ᠠᠳᠬᠤᠭᠠᠯ ᠴᠢᠮᠤᠬᠡᠨ ᠤ ᠬᠡᠰᠡᠭ ᠢ ᠠᠳᠬᠠᠵᠤ ᠢᠯᠢᠬᠦ᠂ ᠱᠤᠪᠤᠭᠤᠷ ᠶᠠᠰᠤᠨ ᠤ | ᠲᠤᠯᠤᠭᠠᠢ ᠬᠡᠰᠡᠭ ᠲᠤ ᠱᠦᠷᠬᠦᠬᠡᠵᠤ ᠢᠯᠢᠬᠦ᠂ ᠠᠳᠬᠤᠭᠠᠯ ᠴᠢᠮᠤᠬᠡᠨ ᠤ ᠭᠠᠳᠠᠷ᠂ ᠳᠤᠲᠤᠷ ᠬᠡᠰᠡᠭ ᠠᠴᠠ ᠭᠠᠷ ᠤᠨ | ᠱᠤ᠋ ᠶᠢᠨ ᠬᠡᠰᠡᠭ ᠢ ᠰᠢᠪᠲᠤᠷᠤᠨ ᠢᠯᠢᠬᠦ ᠮᠡᠲᠤ ᠪᠠᠷ ᠵᠠᠰᠠᠪᠠᠯ ᠰᠠᠶᠢᠨ ᠪᠠᠶᠢᠳᠠᠭ᠃ | ᠲᠠᠪᠤᠳᠤᠭᠠᠷ ᠬᠡᠰᠡᠭ ᠱᠤ᠋ ᠶᠢᠨ ᠶᠠᠰᠤᠨ ᠤ ᠪᠠᠭ᠎ᠠ ᠲᠤᠯᠤᠭᠠᠢ ᠶᠢᠨ ᠮᠤᠯᠲᠤᠷᠠᠯᠲᠠ | ᠠᠳᠬᠤᠭᠠᠯ ᠴᠢᠮᠤᠬᠡᠨ ᠤ ᠨᠠᠷᠢᠨ ᠲᠤᠯᠤᠭᠠᠢ᠂ ᠪᠦᠳᠤᠬᠦᠨ ᠱᠤ᠋ ᠶᠢ ᠤᠩᠭᠤᠷᠬᠠᠢ ᠲᠠᠢ ᠲᠤᠯᠤᠭᠠᠢ᠂ ᠨᠠᠷᠢᠨ ᠱᠤ᠋ | ᠲᠤᠬᠤᠢ ᠶᠢᠨ ᠶᠠᠰᠤᠨ ᠤ ᠳᠡᠬᠡᠳᠤ ᠦᠵᠤᠬᠦᠷ ᠵᠡᠷᠬᠡ ᠭᠤᠷᠪᠠᠨ ᠦᠶ᠎ᠠ ᠨᠠᠶᠢᠯᠠᠵᠤ ᠲᠤᠬᠤᠢ ᠶᠢᠨ ᠦᠶ᠎ᠠ ᠶᠢ | ᠪᠦᠲᠤᠬᠡᠳᠡᠭ᠃ ᠡᠬᠦᠨ ᠳᠤ ᠠᠳᠬᠤᠭᠠᠯ ᠴᠢᠮᠤᠬᠡ — ᠱᠤ᠋ ᠶᠢᠨ ᠬᠡᠰᠡᠭ ᠪᠤᠯ ᠠᠳᠬᠤᠭᠠᠯ ᠴᠢᠮᠤᠬᠡᠨ ᠤ ᠪᠠᠭ᠎ᠠ | ᠲᠤᠯᠤᠭᠠᠢ ᠪᠤᠯᠤᠨ ᠱᠤ᠋ ᠶᠠᠰᠤᠨ ᠨᠢ ᠪᠠᠭ᠎ᠠ ᠲᠤᠯᠤᠭᠠᠢ ᠶᠢᠨ ᠤᠩᠭᠤᠷᠬᠠᠢ ᠲᠠᠢ ᠬᠡᠰᠡᠭ ᠢᠶᠠᠷ ᠪᠦᠲᠤᠭ᠍ᠰᠠᠨ ᠪᠦᠬᠡᠳ | ᠱᠤ᠋ — ᠲᠤᠬᠤᠢ ᠬᠡᠰᠡᠭ ᠪᠤᠯ ᠱᠤ᠋ ᠲᠤᠬᠤᠢ ᠳᠡᠬᠡᠳᠤ ᠦᠵᠤᠬᠦᠷ ᠢᠶᠠᠷ ᠪᠦᠷᠢᠯᠳᠤᠭ᠍ᠰᠠᠨ ᠪᠠᠶᠢᠳᠠᠭ᠃ ᠱᠤ᠋ ᠶᠠᠰᠤᠨ | ᠤ ᠲᠤᠯᠤᠭᠠᠢ ᠶᠢᠨ ᠦᠶ᠎ᠠ ᠪᠤᠯ ᠡᠮᠤᠨᠠᠰᠢ ᠡᠷᠬᠢᠬᠦ᠂ ᠬᠤᠶᠢᠰᠢ ᠡᠷᠬᠢᠬᠦ ᠬᠦᠳᠡᠯᠬᠡᠬᠡᠨ ᠢ ᠬᠦᠢᠴᠠᠳᠬᠡᠳᠡᠭ᠃ ᠬᠡᠬᠦ ᠳᠡᠭᠡᠨ | ᠲᠤᠬᠤᠢ ᠶᠢᠨ ᠶᠠᠰᠤ ᠤᠭ ᠬᠡᠪ ᠲᠡᠭᠡᠨ ᠪᠠᠶᠢᠵᠤ ᠬᠦᠳᠠᠯᠳᠡᠭ ᠦᠬᠡᠢ᠃ ᠬᠠᠷᠢᠨ ᠱᠤ᠋ ᠶᠢᠨ ᠶᠠᠰᠤ ᠨᠢ ᠲᠤᠬᠤᠢ ᠶᠠᠰᠤ | ᠶᠢ ᠬᠦᠷᠢᠶᠠᠯᠠᠨ ᠡᠷᠬᠢᠳᠡᠭ᠃ ᠰᠢᠯᠲᠠᠭᠠᠨ ᠨᠦᠬᠦᠴᠠᠯ᠄ ᠱᠤ᠋ ᠶᠢᠨ ᠵᠢᠵᠢᠭ ᠲᠤᠯᠤᠭᠠᠢ ᠶᠢᠨ ᠬᠠᠭᠠᠰ ᠮᠤᠯᠲᠤᠷᠬᠤ | ᠨᠢ ᠬᠤᠶᠠᠷ ᠠᠴᠠ ᠵᠢᠷᠭᠤᠭᠠᠨ ᠨᠠᠰᠤᠨ ᠤ ᠬᠡᠤᠬᠡᠳ ᠲᠤ ᠤᠯᠠᠨ ᠲᠤᠬᠢᠶᠠᠯᠳᠤᠬᠤ ᠪᠦᠬᠡᠳ ᠪᠠᠷᠠᠭᠤᠨ ᠲᠠᠯ᠎ᠠ ᠶᠢᠨ ᠬᠢᠨᠢ | ᠢᠯᠠᠬᠦᠦ ᠮᠤᠯᠲᠤᠷᠠᠳᠠᠭ ᠶᠤᠮ︔ ᠡᠨᠠ ᠪᠤᠯ ᠭᠤᠤᠯᠳᠠᠭᠤ ᠬᠡᠤᠬᠡᠳ ᠤᠨ ᠱᠤ᠋ ᠶᠢᠨ ᠲᠤᠯᠤᠭᠠᠢ ᠶᠢᠨ ᠬᠦᠭᠵᠢᠯᠲᠠ ᠨᠢ | ᠬᠦᠢᠴᠠᠳ ᠪᠤᠯᠤᠭᠠᠲᠤᠢ᠂ ᠲᠤᠯᠤᠭᠠᠢ᠂ ᠬᠦᠵᠤᠬᠦᠦ ᠨᠢ ᠪᠦᠳᠤᠬᠦᠨ᠂ ᠨᠢᠬᠡᠳᠠᠰᠤ ᠪᠤᠯᠤᠨ ᠬᠤᠯᠪᠤᠭᠠᠰᠤ ᠨᠢ ᠰᠤᠯᠬᠠᠨ | ᠲᠤᠯᠠ ᠬᠡᠤᠬᠡᠳ ᠤᠨ ᠭᠠᠷ ᠢ ᠡᠮᠤᠨᠠᠰᠢ ᠡᠷᠬᠢᠬᠦᠯᠤᠨ ᠳᠡᠬᠡᠭᠰᠢ ᠲᠠᠲᠠᠬᠤ ᠪᠤᠶᠤ ᠲᠤᠭᠯᠠᠭᠠᠮ ᠤᠨ ᠳᠤᠮᠳᠠ ᠪᠠᠨ | ᠲᠤᠬᠤᠢ ᠶᠢᠨ ᠬᠡᠰᠡᠭ ᠢ ᠳᠤᠭᠲᠤᠷᠤᠨ ᠲᠠᠲᠠᠬᠤ ᠠᠴᠠ ᠪᠤᠯᠳᠠᠭ ᠶᠤᠮ᠃ ᠡᠬᠦᠨ ᠤ ᠬᠠᠮᠲᠤ ᠱᠤ᠋ ᠶᠢᠨ ᠪᠠᠭ᠎ᠠ | ᠲᠤᠯᠤᠭᠠᠢ ᠶᠢᠨ ᠬᠠᠭᠠᠰ ᠮᠤᠯᠲᠤᠷᠠᠯᠲᠠ ᠪᠤᠯ ᠭᠠᠳᠠᠨᠠᠬᠢ ᠬᠦᠴᠤᠨ ᠤ ᠬᠠᠲᠠᠭᠤ ᠲᠠᠲᠠᠯᠲᠠ ᠪᠤᠶᠤ ᠮᠤᠰᠬᠢᠯᠲᠠ ᠠᠴᠠ | ᠪᠤᠯᠵᠤ ᠡᠬᠦᠰᠳᠡᠭ᠃ ᠳᠠᠷᠤᠢ ᠬᠡᠤᠬᠡᠳ ᠶᠢ ᠭᠠᠷ ᠤᠨ ᠪᠠᠭᠤᠤ ᠠᠴᠠ ᠬᠦᠳᠡᠯᠤᠬᠡᠳ ᠶᠠᠪᠤᠵᠤ ᠪᠠᠶᠢᠬᠤ ᠳᠤ ᠤᠨᠠᠬᠤ᠂ | ᠬᠤᠪᠴᠠᠰᠤ ᠶᠢ ᠬᠠᠨᠴᠤᠶᠢᠯᠠᠭᠤᠯᠬᠤ ᠳᠠᠭᠠᠨ ᠪᠤᠯᠭᠤᠮᠵᠢ ᠦᠬᠡᠢ ᠬᠦᠴᠤᠲᠠᠢ ᠲᠠᠲᠠᠬᠤ᠂ ᠦᠨᠳᠤᠷ ᠭᠠᠵᠠᠷ ᠨᠠᠭᠠᠳᠴᠤ | ᠪᠠᠶᠢᠭᠠᠳ ᠲᠤᠩᠭᠤᠷᠴᠤ ᠤᠨᠠᠭᠠᠳ ᠭᠠᠷ ᠪᠠᠨ ᠳᠤᠤᠷ᠎ᠠ ᠪᠠᠨ ᠳᠠᠷᠤᠬᠤ ᠪᠤᠶᠤ ᠲᠤᠬᠤᠢ ᠪᠠᠨ ᠵᠢᠬᠢᠯᠬᠡᠨ ᠳᠠᠷᠤᠬᠤ | ᠵᠡᠷᠬᠡ ᠠᠴᠠ ᠪᠤᠯᠵᠤ ᠱᠤ᠋ ᠶᠢᠨ ᠶᠠᠰᠤᠨ ᠤ ᠪᠠᠭ᠎ᠠ ᠲᠤᠯᠤᠭᠠᠢ ᠶᠢᠨ ᠴᠠᠭᠠᠷᠢᠭ ᠬᠤᠯᠪᠤᠭᠠᠰᠤᠨ ᠤ ᠳᠤᠲᠤᠷ᠎ᠠ ᠠᠴᠠ | ᠮᠤᠯᠲᠤᠷᠤᠨ ᠭᠠᠷᠴᠤ ᠡᠮᠤᠨᠠᠰᠢ ᠱᠤ᠋ ᠶᠢᠨ ᠲᠠᠰᠢ ᠰᠢᠯᠵᠢᠳᠡᠭ᠃ ᠢᠩᠬᠡᠬᠡᠳ ᠴᠠᠭᠠᠷᠢᠭ ᠬᠤᠯᠪᠤᠭᠠᠰᠤ ᠨᠢ ᠠᠳᠬᠤᠭᠠᠯ | ᠤᠨ ᠪᠠᠭ᠎ᠠ ᠲᠤᠯᠤᠭᠠᠢ ᠪᠤᠯᠤᠨ ᠱᠤ᠋ ᠶᠠᠰᠤᠨ ᠤ ᠪᠠᠭ᠎ᠠ ᠲᠤᠯᠤᠭᠠᠢ ᠶᠢᠨ ᠵᠠᠪᠰᠠᠷ ᠬᠠᠪᠴᠢᠭᠳᠠᠵᠤ ᠬᠠᠭᠠᠰ ᠮᠤᠯᠲᠤᠷᠠᠯᠲᠠ | ᠪᠤᠯᠳᠠᠭ ᠪᠠᠶᠢᠨ᠎ᠠ᠃ | ᠰᠢᠨᠵᠢᠯᠠᠨ ᠲᠤᠳᠤᠯᠬᠤ ᠠᠷᠭ᠎ᠠ᠄ | 1᠂ ᠦᠵᠠᠵᠤ ᠰᠢᠨᠵᠢᠯᠠᠨᠠ᠃ ᠱᠤ᠋ ᠶᠠᠰᠤᠨ ᠤ ᠪᠠᠭ᠎ᠠ ᠲᠤᠯᠤᠭᠠᠢ ᠮᠤᠯᠲᠤᠷᠠᠪᠠᠯ ᠭᠠᠷ ᠪᠠᠨ ᠳᠤᠷᠤᠭᠰᠢ ᠤᠨᠵᠢᠢᠯᠭᠠᠬᠤ | ᠂ ᠦᠪᠠᠷ ᠢᠶᠠᠷ ᠨᠤᠭᠤᠯᠵᠤ ᠰᠤᠩᠭᠠᠵᠤ ᠴᠢᠳᠠᠬᠤ ᠦᠬᠡᠢ᠃ ᠭᠠᠷ ᠪᠠᠨ ᠲᠠᠬᠡᠶᠢᠯᠭᠠᠵᠤ ᠶᠠᠭᠤᠮ᠎ᠠ ᠠᠳᠬᠤᠵᠤ ᠴᠢᠳᠠᠬᠤ | ᠦᠬᠡᠢ᠂ ᠲᠤᠬᠤᠢ ᠦᠶ᠎ᠠ ᠡᠪᠳᠴᠤ ᠤᠬᠢᠯᠳᠠᠭ᠃ | 2᠂ ᠪᠠᠷᠢᠵᠤ ᠰᠢᠨᠵᠢᠯᠠᠨᠠ᠃ ᠭᠠᠷ ᠪᠠᠷ ᠪᠠᠷᠢᠬᠤ ᠳᠤ ᠠᠳᠬᠤᠭᠠᠯ ᠴᠢᠮᠤᠬᠡᠨ — ᠱᠤ᠋ ᠶᠢᠨ ᠬᠡᠰᠡᠭ ᠲᠤ | ᠲᠤᠪᠤᠶᠢᠵᠤ᠂ ᠭᠠᠷ ᠤᠨ ᠱᠤ᠋ ᠶᠢ ᠡᠷᠬᠢᠬᠡᠯᠬᠦ ᠳᠤ ᠡᠪᠳᠬᠦ ᠪᠠᠶᠢᠳᠠᠯ ᠲᠠᠢ ᠪᠠᠶᠢᠵᠤ᠂ ᠲᠤᠬᠤᠢ ᠶᠢᠨ ᠦᠶ᠎ᠠ ᠶᠢ | ᠬᠦᠳᠡᠯᠬᠡᠬᠦ ᠳᠤ ᠡᠪᠳᠴᠤ ᠪᠠᠶᠢᠨ᠎ᠠ ᠬᠡᠵᠤ ᠪᠠᠷᠬᠢᠯᠠᠳᠠᠭ᠃ | 3᠂ ᠠᠰᠠᠭᠤᠵᠤ ᠰᠢᠨᠵᠢᠯᠠᠨᠠ᠃ ᠡᠪᠠᠳᠴᠢᠲᠠᠨ ᠤ ᠲᠠᠤᠬᠡ ᠵᠡᠷᠬᠡ ᠪᠠᠶᠢᠳᠠᠯ ᠢ ᠬᠡᠷ ᠤᠨ ᠠᠬᠠᠮᠠᠳ ᠠᠴᠠ ᠯᠠᠪᠠᠯᠳᠠᠭ᠃ | ᠬᠡᠤᠬᠡᠳ ᠢᠶᠠᠷ ᠶᠠᠭᠤᠮ᠎ᠠ ᠠᠳᠬᠤᠭᠤᠯᠬᠤ ᠪᠤᠶᠤ ᠭᠠᠷ ᠪᠠᠨ ᠬᠦᠳᠡᠯᠬᠡᠬᠦ ᠳᠤ ᠠᠯᠢ ᠬᠡᠰᠡᠭ ᠲᠤ ᠡᠪᠳᠬᠦ ᠶᠢ | ᠠᠰᠭᠤᠨᠠ᠃ | ᠪᠠᠶᠢᠷᠢᠨ ᠳᠤᠨᠢ ᠤᠷᠤᠭᠤᠯᠬᠤ ᠠᠷᠭ᠎ᠠ᠄ ᠬᠡᠷ ᠤᠨ ᠠᠬᠠᠮᠠᠳ ᠢᠶᠠᠷ ᠲᠡᠪᠠᠷᠢᠬᠦᠯᠤᠨ ᠰᠠᠭᠤᠯᠭᠠᠨ᠎ᠠ᠃ | ︵1︶ ᠶᠠᠰᠤᠴᠢ ᠠᠴᠠ ᠨᠢᠬᠡ ᠭᠠᠷ ᠢᠶᠠᠷ ᠢᠶᠠᠨ ᠲᠤᠬᠤᠢ ᠶᠢᠨ ᠬᠡᠰᠡᠭ ᠢ ᠲᠤᠯᠵᠤ᠂ ᠨᠦᠬᠦᠬᠡ ᠭᠠᠷ ᠢᠶᠠᠷ ᠢᠶᠠᠨ | ᠭᠠᠷ ᠤᠨ ᠪᠠᠭᠤᠤ ᠠᠴᠠ ᠪᠠᠷᠢᠵᠤ᠂ ᠬᠦᠪ ᠬᠦᠩᠬᠡᠨ ᠢᠶᠠᠷ ᠲᠠᠲᠠᠵᠤ ᠵᠢᠬᠢᠯᠬᠡᠨᠠ᠃ ᠢᠩᠬᠢᠬᠡᠳ ᠡᠷᠠᠬᠡᠢ ᠬᠤᠷᠤᠭᠤ ᠪᠠᠷ | ᠢᠶᠠᠨ ᠱᠤ᠋ ᠶᠢᠨ ᠪᠠᠭ᠎ᠠ ᠲᠤᠯᠤᠭᠠᠢ ᠶᠢ ᠳᠠᠷᠤᠵᠤ ᠱᠤ᠋ ᠶᠢᠨ ᠦᠶ᠎ᠠ ᠶᠢ ᠬᠤᠶᠢᠰᠢ ᠤᠷᠤᠭᠰᠢ ᠪᠠᠨ ᠡᠷᠬᠢᠬᠦᠯᠪᠠᠯ ᠳᠠᠷᠤᠢ | ᠪᠠᠶᠢᠷᠢᠨ ᠳᠠᠭᠠᠨ ᠤᠷᠤᠳᠠᠭ᠃ ᠬᠡᠷᠪᠠ ᠪᠠᠶᠢᠷᠢᠨ ᠳᠠᠭᠠᠨ ᠤᠷᠤᠪᠠᠯ ᠱᠤ᠋ ᠶᠢᠨ ᠵᠢᠵᠢᠭ ᠶᠠᠰᠤᠨ ᠤ ᠲᠤᠯᠤᠭᠠᠢ ᠶᠢᠨ | ᠳᠡᠬᠡᠷ᠎ᠠ ᠪᠠᠶᠢᠭ᠎ᠠ ᠡᠷᠠᠬᠡᠢ ᠬᠤᠷᠤᠭᠤᠨ ᠳᠤ ᠬᠦᠩᠬᠡᠨ ᠰᠡᠷᠠᠯᠲᠠ ᠦᠭᠳᠡᠭ ᠪᠢᠯᠠ ︵ᠵᠢᠷᠤᠭ — 9 ᠳᠤ ᠦᠵᠠ︶ | | ︵2︶ ᠶᠠᠰᠤᠴᠢ ᠨᠢᠬᠡ ᠭᠠᠷ ᠪᠠᠷ ᠢᠶᠠᠨ ᠡᠪᠠᠳᠴᠢᠲᠠᠨ ᠤ ᠬᠡᠮᠲᠤᠭ᠍ᠰᠠᠨ ᠮᠦᠴᠢᠨ ᠤ ᠪᠠᠭᠤᠤ ᠠᠴᠠ ᠠᠳᠬᠤᠵᠤ᠂ | ᠨᠦᠬᠦᠬᠡ ᠭᠠᠷ ᠤᠨ ᠡᠷᠠᠬᠡᠢ ᠬᠤᠷᠤᠭᠤ ᠪᠠᠨ ᠱᠤ᠋ ᠶᠢᠨ ᠮᠤᠯᠲᠤᠷᠠᠭᠰᠠᠨ ᠲᠤᠯᠤᠭᠠᠢ ᠳᠡᠬᠡᠷ᠎ᠠ ᠳᠠᠷᠤᠵᠤ᠂ ᠪᠠᠭᠤᠤ ᠠᠴᠠ | ᠲᠠᠲᠠᠬᠤ ᠶᠢᠨ ᠬᠠᠮᠲᠤ ᠱᠤ᠋ ᠶᠢᠨ ᠲᠤᠯᠤᠭᠠᠢ ᠶᠢᠨ ᠶᠠᠰᠤ ᠶᠢ ᠤᠷᠤᠭᠰᠢ ᠪᠠᠨ ᠠᠯᠭᠤᠷ ᠰᠢᠪᠲᠤᠷᠤᠨ ᠲᠦᠯᠬᠢᠵᠤ᠂ | ᠲᠤᠬᠤᠢ ᠶᠢᠨ ᠦᠶ᠎ᠠ ᠶᠢ ᠨᠤᠭᠤᠯᠪᠠᠯ ᠱᠤ᠋ ᠶᠢᠨ ᠶᠠᠰᠤᠨ ᠤ ᠪᠠᠭ᠎ᠠ ᠲᠤᠯᠤᠭᠠᠢ ᠪᠠᠶᠢᠷᠢᠨ ᠳᠠᠭᠠᠨ ᠤᠷᠤᠳᠠᠭ᠃ ᠡᠬᠦᠨ | ᠳᠤ ᠲᠤᠬᠤᠢ ᠶᠢᠨ ᠦᠶ᠎ᠠ ᠶᠢ ᠨᠤᠭᠤᠯᠬᠤ ᠳᠠᠭᠠᠨ ᠡᠷᠬᠡᠪᠰᠢ ᠭᠠᠷ ᠤᠨ ᠠᠯᠠᠭ᠎ᠠ ᠪᠠᠨ ᠭᠠᠳᠠᠭᠰᠢ ᠬᠦᠢᠴᠠᠳ | ᠡᠷᠬᠢᠬᠦᠯᠤᠭ᠍ᠰᠠᠨ ᠪᠠᠶᠢᠬᠤ ᠬᠡᠷᠡᠭᠲᠠᠢ᠃ ᠦᠶ᠎ᠠ ᠨᠢ ᠪᠠᠶᠢᠷᠢᠨ ᠳᠠᠭᠠᠨ ᠤᠷᠤᠮᠠᠭᠴᠠ ᠦᠶ᠎ᠠ ᠶᠢᠨ ᠬᠦᠳᠡᠯᠠᠬᠦ ᠠᠵᠢᠯᠠᠯᠭᠠᠨ | ᠳᠠᠷᠤᠢ ᠰᠡᠷᠬᠦᠳᠡᠭ᠃ | ᠪᠡᠬᠡᠯᠠᠨ ᠪᠤᠭᠤᠵᠤ ᠲᠤᠭᠲᠠᠪᠤᠷᠢᠵᠢᠭᠤᠯᠬᠤ ᠠᠷᠭ᠎ᠠ᠄ ᠱᠤ᠋ ᠶᠠᠰᠤᠨ ᠤ ᠪᠠᠭ᠎ᠠ ᠲᠤᠯᠤᠭᠠᠢ ᠶᠢᠨ ᠮᠤᠯᠲᠤᠷᠠᠯᠲᠠ ᠶᠢ | ᠪᠠᠶᠢᠷᠢᠨ ᠳᠤᠨᠢ ᠤᠷᠤᠭᠤᠯᠤᠭᠰᠠᠨ ᠤ ᠳᠠᠷᠠᠭ᠎ᠠ ᠲᠤᠬᠤᠢ ᠶᠢᠨ ᠦᠶ᠎ᠠ ᠶᠢ 70 ᠭᠷᠠᠳᠦᠰ ᠤᠷᠴᠢᠮ ᠢᠶᠠᠷ ᠬᠦᠵᠤᠬᠦᠨ | ᠠᠴᠠ ᠨᠢ ᠲᠠᠬᠡᠶᠢᠯᠭᠠᠵᠤ ᠳᠠᠬᠦᠵᠢᠯᠠᠬᠡᠳ᠂ ᠨᠢᠬᠡ ᠭᠠᠷᠢᠭ ᠪᠠᠶᠢᠯᠭᠠᠨ᠎ᠠ᠃ ᠬᠡᠬᠦ ᠳᠡᠭᠡᠨ ᠦᠷᠬᠦᠯᠵᠢ ᠠᠭᠠᠵᠢᠮ ᠢᠶᠠᠷ | ᠠᠷᠤᠰᠢ ᠲᠡᠭᠰᠢᠯᠠᠨ ᠵᠢᠢᠬᠢᠬᠡᠬᠦ ᠬᠦᠳᠡᠯᠬᠡᠬᠡᠨ ᠶᠢ ᠬᠠᠪᠰᠤᠷᠤᠯᠠᠨᠠ᠃ ᠠᠵᠢᠯᠠᠯᠭᠠᠨ ᠤ ᠪᠤᠯᠪᠠᠰᠤᠷᠠᠯ᠄ ᠲᠤᠬᠤᠢ | ᠶᠢᠨ ᠶᠠᠰᠤᠨ ᠤ ᠵᠢᠵᠢᠭ ᠲᠤᠯᠤᠭᠠᠢ ᠶᠢᠨ ᠬᠡᠰᠡᠭ ᠲᠤᠨᠢ ᠨᠢᠳᠠᠷᠠᠵᠤ ᠢᠯᠢᠬᠦ ᠪᠦᠬᠡᠳ ᠡᠳᠤᠷ ᠪᠦᠷᠢ ᠨᠤᠭᠤᠯᠵᠤ ᠵᠢᠢᠬᠢᠬᠦ | ᠪᠤᠯᠪᠠᠰᠤᠷᠠᠯ ᠬᠡᠯᠬᠢᠨᠠ᠃ | ᠵᠢᠷᠭᠤᠳᠤᠭᠠᠷ ᠬᠡᠰᠡᠭ ᠪᠠᠭᠤᠨ ᠦᠶ᠎ᠠ ᠶᠢᠨ ᠮᠤᠯᠲᠤᠷᠠᠯᠲᠠ | ᠱᠤ᠋ ᠶᠠᠰᠤᠨ ᠤ ᠳᠤᠤᠷ᠎ᠠ ᠦᠵᠤᠬᠦᠷ ᠤᠨ ᠦᠶ᠎ᠠ ᠶᠢᠨ ᠲᠠᠯ᠎ᠠ ᠪᠠ ᠲᠤᠬᠤᠢ ᠶᠠᠰᠤᠨ ᠤ ᠳᠤᠤᠷ᠎ᠠ ᠲᠠᠯ᠎ᠠ ᠶᠢᠨ | ᠭᠤᠷᠪᠠᠯᠵᠢᠨ ᠬᠡᠯᠪᠠᠷᠢ ᠲᠠᠢ ᠦᠶ᠎ᠠ ᠲᠠᠪᠠᠭ ᠨᠢ ᠤᠩᠭᠤᠴᠠ ᠶᠠᠰᠤ᠂ ᠲᠠᠯ᠎ᠠ ᠰᠠᠷᠠᠨ ᠶᠠᠰᠤ᠂ ᠭᠤᠷᠪᠠᠯᠵᠢᠨ ᠶᠠᠰᠤ ᠲᠠᠢ | ᠵᠠᠯᠭᠠᠵᠤ ᠪᠠᠭᠤᠨ ᠤ ᠦᠶ᠎ᠠ ᠪᠦᠲᠤᠬᠡᠳᠡᠭ᠃ ᠦᠬᠡᠷ᠎ᠠ ᠪᠠᠷ ᠬᠡᠯᠠᠪᠠᠯ ᠪᠠᠰᠠ ᠱᠤ᠋ — ᠪᠠᠭᠤᠤ ᠨᠢ ᠦᠶ᠎ᠠ ᠬᠡᠳᠡᠭ᠃ | ᠲᠤᠰ ᠦᠶ᠎ᠠ ᠶᠢᠨ ᠦᠶ᠎ᠠ ᠶᠢᠨ ᠤᠭᠤᠲᠠ ᠰᠤᠯᠠ᠂ ᠦᠶ᠎ᠠ ᠬᠦᠨᠳᠠᠢ ᠦᠷᠬᠡᠨ ᠠᠭᠤᠵᠢᠮ᠂ ᠦᠶ᠎ᠠ ᠶᠢᠨ ᠡᠮᠤᠨ᠎ᠠ | ᠬᠤᠶᠢᠨ᠎ᠠ ᠪᠠ ᠱᠤ᠋ ᠶᠢᠨ ᠲᠠᠯ᠎ᠠ᠂ ᠲᠤᠬᠤᠢ ᠶᠠᠰᠤᠨ ᠳᠤᠨᠢ ᠪᠦᠷ ᠬᠠᠷᠢᠯᠴᠠᠨ ᠬᠤᠯᠪᠤᠭᠠᠰᠤ ᠲᠠᠢ ᠶᠤᠮ᠃ ᠪᠠᠭᠤᠨ | ᠦᠶ᠎ᠠ ᠪᠤᠯ ᠨᠤᠭᠤᠯᠬᠤ᠂ ᠵᠢᠬᠢᠬᠦ᠂ ᠳᠤᠲᠤᠭᠰᠢ ᠬᠤᠮᠢᠬᠤ᠂ ᠭᠠᠳᠠᠭᠰᠢ ᠳᠡᠯᠬᠡᠬᠦ᠂ ᠴᠠᠭᠠᠷᠢᠭᠯᠠᠨ ᠡᠷᠬᠢᠬᠦ ᠵᠡᠷᠬᠡ | ᠬᠦᠳᠡᠯᠬᠡᠬᠡᠨ ᠶᠢ ᠬᠦᠢᠴᠠᠳᠬᠡᠨᠠ᠃ | ᠰᠢᠯᠲᠠᠭᠠᠨ ᠨᠦᠬᠦᠴᠠᠯ᠄ ᠪᠠᠭᠤᠤ ᠶᠢᠨ ᠦᠶ᠎ᠠ ᠮᠤᠯᠲᠤᠷᠬᠤ ᠪᠤᠯ ᠭᠠᠳᠠᠨᠠᠬᠢ ᠬᠦᠴᠤᠨ ᠤ ᠳᠠᠮ ᠲᠤᠰᠤᠯᠲᠠ ᠪᠤᠶᠤ | ᠰᠢᠭᠤᠳ ᠲᠤᠰᠬᠤ ᠬᠦᠴᠤᠨ ᠠᠴᠠ ᠡᠬᠦᠰᠳᠡᠭ᠃ ᠳᠠᠷᠤᠢ ᠭᠠᠵᠠᠷ ᠲᠤ ᠪᠦᠳᠤᠷᠠᠵᠤ᠂ ᠬᠠᠯᠳᠤᠷᠵᠤ ᠤᠨᠠᠬᠤ ᠪᠠ | ᠦᠨᠳᠤᠷ ᠭᠠᠵᠠᠷ ᠠᠴᠠ ᠪᠤᠯᠭᠤᠮᠵᠢ ᠦᠬᠡᠢ ᠤᠨᠠᠬᠤ ᠳᠠᠭᠠᠨ ᠭᠠᠷ ᠤᠨ ᠪᠠᠭᠤᠤ ᠪᠠᠨ ᠨᠤᠭᠤᠯᠬᠤ ᠪᠤᠶᠤ ᠡᠰᠠᠬᠦᠯ᠎ᠠ | ᠪᠠᠭᠤᠤ ᠪᠠᠨ ᠵᠢᠬᠢᠯᠬᠡᠵᠤ ᠭᠠᠵᠠᠷ ᠲᠤᠯᠤᠭᠰᠠᠨ ᠠᠴᠠ ᠮᠤᠯᠲᠤᠷᠠᠳᠠᠭ᠃ | ᠰᠢᠨᠵᠢᠯᠠᠨ ᠲᠤᠳᠤᠯᠬᠤ ᠠᠷᠭ᠎ᠠ᠄ 1᠂ ᠦᠵᠠᠵᠤ ᠰᠢᠨᠵᠢᠯᠠᠨᠠ᠃ ᠪᠤᠭᠤᠨ ᠦᠶ᠎ᠠ ᠦᠶ᠎ᠠ ᠶᠢᠨ ᠮᠦᠯᠲᠤᠷᠠᠯᠲᠠ ᠶᠢ | ᠦᠵᠠᠵᠤ ᠰᠢᠨᠵᠢᠯᠠᠬᠦ ᠳᠤ᠂ ᠪᠤᠭᠤᠨ ᠦᠶ᠎ᠠ ᠠᠷᠤᠨᠰᠢ ᠮᠤᠯᠲᠤᠷᠪᠠᠯ ᠤᠷᠤᠭᠰᠢ ᠨᠤᠭᠤᠷᠠᠭᠰᠠᠨ ᠵᠡᠷᠠᠮᠳᠡᠭ ᠬᠡᠯᠪᠡᠷᠢ ᠲᠠᠢ | ᠪᠤᠯᠵᠤ᠂ ᠡᠮᠤᠨᠠᠰᠢ ᠪᠠᠨ ᠮᠤᠯᠲᠤᠷᠪᠠᠯ ᠬᠡᠳᠡᠶᠢᠭᠰᠠᠨ ᠵᠡᠷᠠᠮᠳᠡᠭ ᠬᠡᠯᠪᠠᠷᠢ ᠲᠠᠢ ᠪᠤᠯᠳᠠᠭ᠃ | ᠳᠦᠷᠪᠠᠳᠤᠬᠡᠷ ᠪᠦᠯᠤᠭ᠌ ᠭᠤᠤᠯ ᠪᠠᠶ᠎ᠠ ᠶᠢᠨ ᠦᠶᠠᠰ ᠤᠨ ᠮᠤᠯᠲᠤᠷᠠᠯᠲᠠ | ᠨᠢᠬᠡᠳᠤᠬᠡᠷ ᠬᠡᠰᠡᠭ ᠲᠠᠯᠢᠬᠢ ᠶᠢᠨ ᠶᠠᠰᠤᠨ ᠤ ᠮᠤᠯᠲᠤᠷᠠᠯᠲᠠ | ᠲᠠᠯᠢᠬᠢ ᠶᠢᠨ ᠦᠶ᠎ᠠ ᠪᠤᠯ ᠲᠤᠯᠤᠭᠠᠢ ᠭᠠᠪᠠᠯᠠ ᠶᠢᠨ ᠶᠠᠰᠤᠨ ᠤ ᠡᠮᠤᠨ᠎ᠠ ᠴᠢᠷᠠᠢ ᠶᠢᠨ ᠬᠡᠰᠡᠭ ᠤᠨ ᠲᠡᠪᠡᠭᠡ ᠶᠠᠰᠤ | ᠪᠠ ᠲᠠᠯᠢᠬᠢ ᠶᠢᠨ ᠶᠠᠰᠤᠨ ᠤ ᠠᠷᠤ ᠦᠵᠤᠬᠦᠷ ᠪᠠᠷᠢᠯᠳᠤᠵᠤ ᠪᠦᠲᠤᠨᠠ᠃ ᠦᠬᠡᠷ᠎ᠠ ᠪᠠᠷ ᠪᠠᠰᠠ ᠦᠷᠬᠦᠨ ᠲᠠᠯᠢᠬᠢ | ᠶᠢᠨ ᠲᠤᠪᠴᠢᠯᠠᠷ ᠦᠶ᠎ᠠ ᠬᠡᠳᠡᠭ᠃ ᠲᠤᠰ ᠦᠶ᠎ᠠ ᠪᠤᠯ ᠲᠤᠯᠤᠭᠠᠢ ᠶᠢᠨ ᠬᠡᠰᠡᠭ ᠤᠨ ᠤᠷ ᠤᠨ ᠭᠠᠭᠴᠠ | ᠬᠦᠳᠡᠯᠬᠡᠬᠡᠨᠲᠤ ᠦᠶ᠎ᠠ ᠪᠤᠯᠤᠨ᠎ᠠ᠃ ᠲᠠᠯᠢᠬᠢ ᠶᠢᠨ ᠦᠶ᠎ᠠ ᠠᠮᠠ ᠪᠠᠨ ᠠᠩᠭᠠᠬᠤ ᠪᠠ ᠬᠤᠮᠢᠬᠤ᠂ ᠶᠠᠭᠤᠮ᠎ᠠ ᠢᠳᠠᠬᠦ ᠪᠠ | ᠵᠠᠵᠢᠯᠠᠬᠤ ᠵᠡᠷᠬᠡ ᠬᠦᠳᠡᠯᠬᠡᠬᠡᠨ ᠶᠢ ᠬᠦᠢᠴᠠᠳᠬᠡᠬᠦ ᠠᠴᠠ ᠭᠠᠳᠠᠨ᠎ᠠ ᠳᠤᠤᠷᠠᠳᠤ ᠦᠷᠬᠦᠨ ᠤ ᠵᠠᠬᠦᠨᠰᠢ ᠪᠠᠷᠠᠭᠤᠨᠰᠢ᠂ | ᠦᠬᠡᠳᠠ ᠤᠷᠤᠭᠤ ᠬᠦᠳᠡᠯᠠᠬᠦ ᠶᠢ ᠪᠠᠲᠤᠯᠳᠠᠭ᠃ | ᠰᠢᠯᠲᠠᠭᠠᠨ ᠨᠦᠬᠦᠴᠠᠯ᠄ ᠲᠠᠯᠢᠬᠢ ᠶᠢᠨ ᠲᠡᠪᠡᠭᠡ ᠶᠠᠰᠤᠨ ᠣᠤᠯᠠᠩᠬᠢ ᠳᠠᠭᠠᠨ ᠡᠮᠤᠨᠠᠰᠢ ᠪᠠᠨ ᠮᠤᠯᠲᠤᠷᠬᠤ | ᠪᠦᠬᠡᠳ ᠨᠢᠬᠡ ᠪᠤᠶᠤ ᠬᠤᠶᠠᠷ ᠲᠠᠯ᠎ᠠ ᠨᠢ ᠮᠤᠯᠲᠤᠷᠬᠤ ᠶᠠᠪᠤᠳᠠᠯ ᠴᠦᠮ ᠭᠠᠷᠳᠠᠭ ᠪᠢᠯᠠ᠃ ᠡᠨᠠ ᠨᠢ ᠭᠤᠤᠯᠳᠠᠭᠤ | ᠬᠦᠮᠤᠰ ᠤᠨ ᠠᠮᠠ ᠪᠠᠨ ᠳᠡᠬᠡᠳ ᠶᠡᠭᠡ ᠠᠩᠭᠠᠬᠤ ᠪᠤᠶᠤ ᠶᠠᠮᠠᠷ ᠨᠢᠬᠡ ᠡᠮᠤᠨᠠᠰᠢ ᠲᠦᠬᠢᠯᠬᠡᠬᠦ ᠬᠦᠴᠤ ᠤᠴᠢᠷᠠᠭᠰᠠᠨ | ᠠᠴᠠ ᠡᠬᠦᠰᠳᠡᠭ᠃ ᠬᠡᠬᠦ ᠳᠡᠭᠡᠨ ᠨᠠᠰᠤ ᠠᠬᠢᠭᠰᠠᠨ ᠬᠦᠮᠤᠨ ᠪᠤᠶᠤ ᠪᠠᠶ᠎ᠠ ᠮᠠᠬᠠᠪᠤᠳ ᠰᠤᠯᠠ ᠳᠤᠷᠤᠢ ᠬᠦᠮᠤᠨ | ᠡᠪᠰᠢᠶᠠᠬᠦ᠂ ᠢᠨᠢᠶᠠᠬᠦ᠂ ᠪᠦᠬᠡᠯᠵᠢᠬᠦ ᠮᠡᠲᠤ ᠪᠠᠷ ᠠᠮᠠ ᠪᠠᠨ ᠬᠡᠲᠤᠷᠬᠡᠢ ᠠᠩᠭᠠᠭᠰᠠᠨ᠂ ᠦᠷᠤᠬᠡᠰᠤᠨ ᠲᠠᠯ᠎ᠠ ᠶᠢᠨ | ᠠᠷᠠᠭ᠎ᠠ ᠪᠠᠷ ᠢᠶᠠᠨ ᠪᠦᠳᠤᠬᠦᠨ ᠬᠠᠲᠠᠭᠤ ᠢᠳᠠᠬᠡᠨ ᠢ ᠵᠠᠭᠤᠭᠰᠠᠨ᠂ ᠡᠰᠠᠬᠦᠯ᠎ᠠ ᠳᠤᠤᠷᠠᠳᠤ ᠲᠠᠯᠢᠬᠢ ᠶᠢᠨ ᠶᠠᠰᠤᠨ | ᠬᠠᠵᠠᠭᠤ ᠠᠴᠠ ᠲᠤᠰᠤᠭᠰᠠᠨ ᠭᠠᠳᠠᠨᠠᠬᠢ ᠬᠦᠴᠤᠨ ᠳᠤ ᠳᠠᠭᠠᠷᠢᠭᠳᠠᠭᠰᠠᠨ ᠵᠡᠷᠬᠡ ᠠᠴᠠ ᠪᠤᠯᠳᠠᠭ᠃ | ᠰᠢᠨᠵᠢᠯᠠᠨ ᠲᠤᠳᠤᠯᠬᠤ ᠠᠷᠭ᠎ᠠ᠄ | 1᠂ ᠦᠵᠠᠵᠤ ᠰᠢᠨᠵᠢᠯᠠᠨᠠ᠃ ᠬᠤᠶᠠᠷ ᠲᠠᠯ᠎ᠠ ᠶᠢᠨ ᠲᠠᠯᠢᠬᠢ ᠮᠤᠯᠲᠤᠷᠠᠭᠰᠠᠨ ᠪᠤᠯ ᠠᠮᠠ ᠨᠢ ᠬᠠᠭᠠᠰ ᠠᠩᠭᠠᠶᠢᠵᠤ᠂ | ᠳᠤᠤᠷ᠎ᠠ ᠦᠷᠬᠦᠨ ᠤ ᠳᠤᠷᠳᠭᠰᠢ ᠤᠨᠵᠢᠢᠭᠠᠨ ᠬᠤᠮᠢᠭᠳᠠᠬᠤ ᠦᠬᠡᠢ ᠪᠤᠯᠳᠠᠭ᠃ ᠳᠤᠤᠷᠠᠳᠤ ᠲᠠᠯᠢᠬᠢ ᠶᠢᠨ ᠰᠢᠳᠤᠨ | ᠤ ᠬᠤᠯᠪᠤᠭᠤᠰᠤ ᠳᠡᠬᠡᠳᠤ ᠰᠢᠳᠤᠨ ᠤ ᠬᠤᠯᠪᠤᠭᠤᠰᠤ ᠠᠴᠠ ᠡᠮᠤᠨᠠᠰᠢ ᠭᠠᠷᠤᠭᠰᠠᠨ ᠪᠠᠶᠢᠳᠠᠭ᠃ ᠰᠢᠯᠤᠰᠤ | ᠭᠤᠭᠤᠵᠢᠵᠤ᠂ ᠠᠮᠠ ᠪᠠᠨ ᠬᠤᠮᠢᠬᠤ ᠳᠤ ᠡᠪᠳᠡᠳᠡᠭ᠃ ᠨᠢᠬᠡ ᠲᠠᠯ᠎ᠠ ᠶᠢᠨ ᠲᠠᠯᠢᠬᠢ ᠶᠢᠨ ᠶᠠᠰᠤ ᠮᠤᠯᠲᠤᠷᠠᠭᠰᠠᠨ ᠪᠤᠯ | ᠠᠮᠠ ᠨᠢ ᠨᠢᠬᠡ ᠲᠠᠯ᠎ᠠ ᠪᠠᠨ ᠮᠠᠲᠠᠶᠢᠵᠤ᠂ ᠦᠷᠬᠦᠨ ᠤ ᠡᠷᠠᠬᠦᠯ ᠲᠠᠯ᠎ᠠ ᠠᠴᠠ ᠪᠠᠨ ᠳᠤᠤᠷ᠎ᠠ ᠪᠠᠶᠢᠳᠠᠭ᠃ | 2᠂ ᠪᠠᠷᠢᠵᠤ ᠰᠢᠨᠵᠢᠯᠠᠨᠠ᠃ ᠴᠢᠷᠠᠢ ᠶᠢᠨ ᠰᠢᠨ᠎ᠠ ᠨᠢ ᠳᠤᠤᠷ᠎ᠠ ᠬᠦᠳᠤᠬᠡᠷ ᠪᠠᠷᠢᠭᠳᠠᠨ᠂ ᠴᠢᠬᠢᠨ ᠤ ᠠᠳᠠᠭ ᠤᠨ | ᠦᠵᠤᠬᠦᠷ ᠤᠨ ᠡᠮᠤᠨ᠎ᠠ ᠲᠠᠯ᠎ᠠ ᠳᠤ ᠬᠦᠨᠳᠠᠢ ᠬᠤᠭᠤᠰᠤᠨ ᠪᠠᠶᠢᠳᠠᠭ᠃ | 3᠂ ᠠᠰᠠᠭᠤᠵᠤ ᠰᠢᠨᠵᠢᠯᠠᠨᠠ᠃ ᠰᠢᠯᠲᠠᠭᠠᠨ ᠨᠦᠬᠦᠴᠠᠯ᠂ ᠦᠬᠡ ᠶᠠᠷᠢᠬᠤ ᠪᠠᠶᠢᠳᠠᠯ ︵ᠦᠬᠡ ᠶᠠᠷᠢᠶ᠎ᠠ ᠨᠢ | ᠲᠤᠳᠤᠷᠬᠠᠢ ᠪᠤᠰᠤ ᠪᠠᠶᠢᠳᠠᠭ︶ ᠢ ᠠᠰᠠᠭᠤᠨ ᠲᠤᠳᠤᠷᠬᠠᠶᠢᠯᠠᠨ᠎ᠠ ︵ᠵᠢᠷᠤᠭ — 13 ᠳᠤ ᠦᠵᠠ︶᠃ | ᠪᠠᠶᠢᠷᠢᠨ ᠳᠤᠨᠢ ᠤᠷᠤᠭᠤᠯᠬᠤ ᠠᠷᠭ᠎ᠠ᠄ | ︵1︶ ᠡᠪᠠᠳᠴᠢᠲᠠᠨ ᠶᠢ ᠲᠦᠤ ᠰᠠᠭᠤᠯᠭᠠᠵᠤ᠂ ᠶᠠᠰᠤᠴᠢ ᠠᠴᠠ ᠬᠤᠶᠠᠷ ᠭᠠᠷ ᠤᠨ ᠡᠷᠠᠬᠡᠢ ᠬᠤᠷᠤᠭᠤ ᠪᠠᠨ | ᠴᠡᠪᠠᠷ ᠪᠦᠰ ᠪᠠᠷ ᠤᠷᠢᠶᠠᠵᠤ᠂ ᠡᠪᠠᠳᠴᠢᠲᠠᠨ ᠤ ᠠᠮᠠᠨ ᠤ ᠬᠦᠨᠳᠠᠢ ᠳᠤ ᠤᠷᠤᠭᠤᠯᠤᠭᠠᠳ᠂ ᠬᠤᠶᠠᠷ ᠲᠠᠯ᠎ᠠ ᠶᠢᠨ | ᠬᠠᠮᠤᠭ ᠤᠨ ᠠᠳᠠᠭ ᠤᠨ ᠠᠷᠠᠭᠠᠨ ᠳᠡᠬᠡᠷ᠎ᠠ ᠲᠠᠯᠪᠢᠵᠤ᠂ ᠪᠤᠰᠤᠳ ᠳᠦᠷᠪᠠᠨ ᠬᠤᠷᠤᠭᠤ ᠪᠠᠨ ᠭᠠᠳᠠᠨ᠎ᠠ ᠬᠡᠰᠡᠭ ᠠᠴᠠ | ᠨᠢ ᠡᠷᠬᠦᠬᠦ ᠶᠢᠨ ᠬᠠᠮᠲᠤ ᠠᠷᠤᠨᠰᠢ ᠲᠦᠯᠬᠢᠵᠤ ᠤᠷᠤᠭᠤ ᠳᠠᠷᠤᠵᠤ ᠮᠤᠯᠲᠤᠷᠠᠭᠰᠠᠨ ᠲᠠᠯᠢᠬᠢ ᠶᠢᠨ ᠲᠤᠪᠴᠢᠯᠠᠷ ᠢ ᠤᠭ | ᠪᠠᠶᠢᠷᠢᠨ ᠳᠤᠨᠢ ᠤᠷᠤᠭᠤᠯᠤᠨ᠎ᠠ᠃ | ︵2︶ ᠶᠠᠰᠤᠴᠢ ᠬᠤᠶᠠᠷ ᠭᠠᠷ ᠤᠨ ᠡᠷᠠᠬᠡᠢ ᠬᠤᠷᠤᠭᠤ ᠪᠠᠨ ᠬᠤᠶᠠᠷ ᠲᠠᠯ᠎ᠠ ᠶᠢᠨ ᠲᠠᠯᠢᠬᠢ ᠶᠢᠨ ᠲᠡᠪᠬᠡ ᠶᠠᠰᠤ | ᠳᠡᠬᠡᠷ᠎ᠠ ᠲᠠᠯᠪᠢᠵᠤ᠂ ᠬᠤᠶᠠᠷ ᠬᠤᠮᠬᠠᠢ ᠬᠤᠷᠤᠭᠤ ᠪᠠᠷ ᠢᠶᠠᠨ ᠲᠠᠯᠢᠬᠢ ᠭᠠᠳᠠᠷ ᠲᠠᠯ᠎ᠠ ᠠᠴᠠ ᠬᠠᠪᠴᠢᠨ ᠪᠤᠰᠤᠳ | ᠬᠤᠷᠤᠭᠤ ᠪᠠᠷ ᠢᠶᠠᠨ ᠲᠠᠯᠢᠬᠢ ᠶᠢᠨ ᠦᠵᠤᠬᠦᠷ ᠢ ᠳᠡᠬᠡᠭᠰᠢ ᠲᠤᠯᠵᠤ᠂ ᠬᠤᠮᠬᠠᠢ ᠬᠤᠷᠤᠭᠤ ᠪᠠᠨ ᠵᠠᠬᠦᠨᠰᠢ ᠪᠠᠷᠠᠭᠤᠨᠰᠢ | ᠬᠦᠳᠡᠯᠬᠡᠨ ᠠᠷᠤᠨᠰᠢ ᠲᠦᠯᠬᠢᠵᠤ ᠤᠭ ᠪᠠᠶᠢᠷᠢᠨ ᠳᠤᠨᠢ ᠤᠷᠤᠭᠤᠯᠤᠨ᠎ᠠ᠃ | ︵3︶ ᠨᠢᠬᠡ ᠲᠠᠯ᠎ᠠ ᠶᠢᠨ ᠲᠠᠯᠢᠬᠢ ᠮᠤᠯᠲᠤᠷᠠᠭᠰᠠᠨ ᠪᠤᠯ ᠶᠠᠰᠤᠴᠢ ᠨᠢᠬᠡ ᠭᠠᠷ ᠤᠨ ᠡᠷᠠᠬᠡᠢ ᠬᠤᠷᠤᠭᠤ ᠪᠠᠨ ᠴᠡᠪᠠᠷ | ᠪᠦᠰ ᠪᠠᠷ ᠤᠷᠢᠶᠠᠵᠤ᠂ ᠠᠮᠠᠨ ᠤ ᠬᠦᠨᠳᠡᠢ ᠳᠤ ᠤᠷᠤᠭᠤᠯᠤᠭᠠᠳ ᠬᠠᠮᠤᠭ ᠤᠨ ᠠᠳᠠᠭ ᠤᠨ ᠠᠷᠠᠭᠠᠨ ᠳᠡᠬᠡᠷ᠎ᠠ | ᠲᠠᠯᠪᠢᠵᠤ᠂ ᠬᠤᠮᠬᠠᠢ ᠬᠤᠷᠤᠭᠤ ᠪᠠᠨ ᠲᠠᠯᠢᠬᠢ ᠶᠢᠨ ᠮᠤᠯᠲᠤᠷᠠᠭᠰᠠᠨ ᠲᠡᠪᠡᠭᠡ ᠶᠠᠰᠤᠨ ᠳᠡᠬᠡᠷ᠎ᠠ ᠲᠠᠯᠪᠢᠭᠠᠳ ᠪᠤᠰᠤᠳ | ᠬᠤᠷᠤᠭᠤ ᠪᠠᠷ ᠢᠶᠠᠨ ᠦᠷᠬᠦᠨ ᠤ ᠦᠵᠤᠬᠦᠷ ᠠᠴᠠ ᠲᠤᠯᠵᠤ᠂ ᠡᠷᠠᠬᠡᠢ ᠬᠤᠷᠤᠭᠤ ᠪᠠᠨ ᠳᠤᠷᠤᠭᠰᠢ ᠳᠠᠷᠤᠵᠤ᠂ | ᠪᠤᠰᠤᠳ ᠬᠤᠷᠤᠭᠤ ᠪᠠᠨ ᠳᠡᠬᠡᠭᠰᠢ ᠡᠷᠬᠦᠨ ᠠᠷᠤᠨᠰᠢ ᠲᠦᠯᠬᠢᠵᠤ ᠤᠭ ᠪᠠᠶᠢᠷᠢᠨ ᠳᠤᠨᠢ ᠤᠷᠤᠭᠤᠯᠤᠨ᠎ᠠ ︵ᠵᠢᠷᠤᠭ | — 14 ᠳᠤ ᠦᠵᠠ︶᠃ | ᠪᠠᠬᠢᠯᠠᠨ ᠪᠤᠭᠤᠵᠤ ᠲᠤᠭᠲᠠᠪᠤᠷᠢᠵᠢᠭᠤᠯᠬᠤ ᠠᠷᠭ᠎ᠠ᠄ ᠲᠠᠯᠢᠬᠢ ᠶᠢᠨ ᠲᠡᠪᠡᠭᠡ ᠶᠠᠰᠤ ᠶᠢ ᠪᠠᠶᠢᠷᠢᠨ ᠳᠤᠨᠢ | ᠤᠷᠤᠭᠤᠯᠤᠭᠰᠠᠨ ᠤ ᠳᠠᠷᠠᠭ᠎ᠠ ᠴᠡᠪᠠᠷ ᠰᠠᠶᠢᠬᠠᠨ ᠪᠦᠰ ᠢ ᠮᠤᠯᠲᠤᠷᠠᠭᠰᠠᠨ ᠬᠡᠮᠵᠢᠶ᠎ᠠ ᠪᠠᠷ ᠬᠠᠶᠢᠴᠢᠯᠠᠵᠤ᠂ ᠦᠷᠬᠦᠨ ᠤ | ᠬᠡᠰᠡᠭ ᠠᠴᠠ ᠲᠠᠯᠢᠬᠢ᠂ ᠰᠢᠨ᠎ᠠ ᠬᠡᠰᠡᠭ ᠢ ᠳᠠᠷᠠᠭᠤᠯᠤᠨ ᠲᠤᠯᠤᠭᠠᠢ ᠳᠡᠬᠡᠷ᠎ᠠ ᠨᠢ ᠪᠠᠬᠢᠯᠠᠨ ᠲᠤᠭᠲᠠᠪᠤᠷᠢᠵᠢᠭᠤᠯᠵᠤ | ᠪᠤᠭᠤᠨ᠎ᠠ᠃ | ᠠᠵᠢᠯᠠᠯᠭᠠᠨ ᠤ ᠪᠤᠯᠪᠠᠰᠤᠷᠠᠯ᠄ ᠠᠮᠠ ᠪᠠᠨ ᠬᠦᠴᠤᠲᠠᠢ ᠠᠩᠭᠠᠶᠢᠵᠤ ᠢᠨᠢᠶᠠᠬᠦ᠂ ᠡᠪᠰᠢᠶᠠᠬᠦ᠂ ᠬᠠᠲᠠᠭᠤ ᠬᠠᠨᠢᠶᠠᠬᠤ | ᠂ ᠬᠦᠴᠤᠲᠠᠢ ᠶᠠᠭᠤᠮ᠎ᠠ ᠬᠠᠵᠠᠬᠤ ᠵᠡᠷᠬᠡ ᠠᠵᠢᠯᠠᠯᠭᠠᠨ ᠶᠢ ᠴᠡᠬᠡᠷᠯᠠᠵᠤ᠂ ᠵᠦᠬᠡᠯᠠᠨ ᠬᠤᠭᠤᠯᠠ ᠢᠳᠠᠬᠦ ᠵᠡᠷᠬᠡ ᠬᠦᠩᠬᠡᠨ | ᠠᠵᠢᠯᠠᠯᠭ᠎ᠠ ᠶᠢ ᠪᠠᠷᠢᠮᠲᠠᠯᠠᠨ᠎ᠠ᠃ ᠢᠯᠢᠬᠦ ᠵᠠᠰᠠᠯ᠄ ᠶᠠᠷᠤᠨᠢ ᠴᠢᠬᠢᠨ ᠤ ᠡᠮᠤᠨᠠᠬᠢ ᠬᠤᠲᠤᠬᠤᠷ᠂ ᠴᠢᠬᠢᠨ ᠤ ᠠᠷᠤ | ᠬᠡᠰᠡᠭ᠂ ᠬᠦᠵᠤᠬᠦᠨ ᠤ ᠬᠡᠰᠡᠭ ᠲᠤ ᠳᠠᠷᠤᠵᠤ᠂ ᠰᠢᠪᠲᠤᠷᠴᠤ᠂ ᠨᠤᠬᠤᠯᠬᠤ ᠵᠡᠷᠬᠡ ᠢᠯᠢᠬᠦ ᠠᠷᠭ᠎ᠠ ᠬᠡᠷᠡᠭᠯᠠᠨ᠎ᠠ᠃ | ᠬᠡᠬᠦ ᠳᠡᠭᠡᠨ ᠠᠯᠬᠤᠮ ᠳᠠᠷᠠᠭ᠎ᠠ ᠲᠠᠢ ᠪᠠᠷ ᠪᠠᠭ᠎ᠠ ᠠᠴᠠ ᠶᠡᠭᠡ᠂ ᠳᠠᠬᠢᠨ ᠪᠠᠭ᠎ᠠ᠂ ᠬᠦᠩᠬᠡᠨ ᠠᠴᠠ ᠬᠦᠨᠳᠤ᠂ ᠳᠠᠬᠢᠨ | ᠬᠦᠩᠬᠡᠨ᠂ ᠤᠳᠠᠭᠠᠨ ᠠᠴᠠ ᠲᠦᠷᠬᠡᠨ᠂ ᠳᠠᠬᠢᠨ ᠤᠳᠠᠭᠠᠨ ᠶᠢ ᠪᠠᠷᠢᠮᠲᠠᠯᠠᠨ᠎ᠠ᠃ | ᠬᠤᠶᠠᠷᠳᠤᠭᠠᠷ ᠬᠡᠰᠡᠭ ᠬᠦᠵᠤᠬᠦᠨ ᠤ ᠦᠶᠠᠰ ᠤᠨ ᠮᠤᠯᠲᠤᠷᠠᠯᠲᠠ | ᠬᠦᠵᠤᠬᠦᠦ ᠨᠢ ᠶᠠᠰᠤ ᠪᠤᠯ ᠨᠠᠶᠢᠲᠠ ᠳᠤᠯᠤᠭᠠᠨ ᠬᠡᠰᠡᠭ ᠪᠠᠷ ᠪᠦᠷᠢᠯᠳᠤᠵᠠᠢ᠃ ᠬᠦᠵᠤᠬᠦᠦ ᠨᠢ ᠶᠠᠰᠤᠨ ᠤ ᠪᠠᠶ᠎ᠠ ᠨᠢ | ᠪᠠᠭ᠎ᠠ᠂ ᠬᠤᠶᠠᠷ ᠲᠠᠯ᠎ᠠ ᠳᠠᠭᠠᠨ ᠰᠡᠷᠲᠡᠬᠡᠷ ᠴᠢᠬᠢᠨ ᠲᠠᠢ ᠪᠦᠬᠡᠳ ᠳᠡᠬᠡᠷ᠎ᠠ ᠨᠢ ᠨᠦᠬᠡ ᠲᠠᠢ᠂ ᠡᠬᠦᠨ ᠢᠶᠠᠷ ᠨᠢ | ᠨᠤᠭᠤᠷᠰᠤ ᠨᠠᠪᠲᠠᠷᠠᠨᠠ᠃ ᠬᠦᠵᠤᠬᠦᠦ ᠪᠤᠯ ᠲᠤᠯᠤᠭᠠᠢ ᠶᠢᠨ ᠡᠷᠬᠢᠬᠦ ᠬᠦᠳᠡᠯᠬᠡᠬᠡᠨ ᠶᠢ ᠬᠦᠢᠴᠠᠳᠬᠡᠳᠡᠭ ᠤᠶᠢᠯᠠᠳᠤᠯ | ᠲᠠᠢ᠃ | ᠰᠢᠯᠲᠠᠭᠠᠨ ᠨᠦᠬᠦᠴᠠᠯ᠄ ᠭᠠᠳᠠᠭᠠᠳᠤ ᠰᠢᠯᠲᠠᠭᠠᠨ ᠠᠴᠠ ᠪᠤᠯᠵᠤ ᠬᠦᠵᠤᠬᠦᠦ ᠨᠢ ᠮᠤᠯᠲᠤᠷᠠᠯ ᠡᠬᠦᠰᠳᠡᠭ᠃ ᠬᠡᠬᠦ | ᠳ᠋ᠡᠬᠡᠨᠦᠨᠳᠤᠷ ᠭᠠᠵᠠᠷ ᠠᠴᠠ ᠤᠨᠠᠬᠤ᠂ ᠮᠤᠷᠢᠨ ᠠᠴᠠ ᠤᠨᠠᠬᠤ᠂ ᠮᠤᠲ᠋ᠤᠷ ᠲᠡᠷᠬᠡ ᠠᠴᠠ ᠤᠨᠠᠬᠤ ᠳᠠᠭᠠᠨ | ᠬᠦᠵᠤᠬᠦᠦ ᠪᠠᠨ ᠨᠤᠭᠤᠯᠵᠤ ᠤᠨᠤᠭᠰᠠᠨ ᠠᠴᠠ ᠪᠤᠯᠵᠤ ᠬᠦᠵᠤᠬᠦᠦ ᠨᠢ ᠶᠠᠰᠤᠨ ᠦᠶ᠎ᠠ ᠠᠴᠠ ᠪᠠᠨ ᠮᠤᠯᠲᠤᠷᠠᠳᠠᠭ | ᠪᠠᠶᠢᠨ᠎ᠠ᠃ | ᠰᠢᠨᠵᠢᠯᠠᠨ ᠲᠤᠳᠤᠯᠬᠤ ᠠᠷᠭ᠎ᠠ᠄ | 1᠂ ᠦᠵᠠᠵᠤ ᠰᠢᠨᠵᠢᠯᠠᠨᠠ᠃ ᠬᠦᠵᠤᠬᠦᠨ ᠤ ᠠᠷᠤ ᠦᠶ᠎ᠠ ᠶᠢᠨ ᠨᠢᠬᠡ ᠲᠠᠯ᠎ᠠ ᠮᠤᠯᠲᠤᠷᠠᠭᠰᠠᠨ ᠪᠤᠯ ᠲᠤᠯᠤᠭᠠᠢ ᠨᠢ | ᠡᠷᠠᠬᠦᠯ ᠲᠠᠯ᠎ᠠ ᠪᠠᠨ ᠳᠠᠶᠢᠯᠵᠢᠬᠡᠳᠡᠭ᠃ ᠬᠦᠵᠤᠬᠦᠨ ᠤ ᠠᠷᠤ ᠦᠶ᠎ᠠ ᠶᠢᠨ ᠠᠷᠤ ᠲᠠᠯ᠎ᠠ ᠮᠤᠯᠲᠤᠷᠪᠠᠯ ᠲᠤᠯᠤᠭᠠᠢ | ᠡᠮᠤᠨᠠᠰᠢ ᠪᠠᠨ ᠪᠦᠬᠦᠶᠢᠵᠤ᠂ ᠬᠡᠳᠡᠶᠢᠵᠤ ᠴᠢᠳᠠᠬᠤ ᠦᠬᠡᠢ ᠪᠤᠯᠳᠠᠭ᠃ | 2᠂ ᠪᠠᠷᠢᠵᠤ ᠰᠢᠨᠵᠢᠯᠠᠨᠠ᠃ ᠬᠦᠵᠤᠬᠦᠨ ᠤ ᠠᠷᠤ ᠦᠶ᠎ᠠ ᠨᠢᠬᠡ ᠲᠠᠯ᠎ᠠ ᠨᠢ ᠮᠤᠯᠲᠤᠷᠪᠠᠯ ᠶᠠᠰᠤᠴᠢ ᠭᠠᠷ ᠪᠠᠷ ᠪᠠᠷᠢᠬᠤ | ᠳᠤ ᠬᠡᠮᠲᠤᠭᠰᠠᠨ ᠲᠠᠯ᠎ᠠ ᠨᠢ ᠬᠤᠲᠤᠶᠢᠵᠤ᠂ ᠨᠦᠬᠦᠬᠡ ᠨᠢᠬᠡ ᠲᠠᠯ᠎ᠠ ᠨᠢ ᠳᠤᠪᠤᠶᠢᠵᠤ᠂ ᠬᠦᠵᠤᠬᠦᠦ ᠨᠢ ᠮᠡᠳᠡᠭᠳᠠᠬᠦᠴᠠ | ᠮᠠᠲᠠᠭᠠᠷ ᠪᠤᠯᠳᠠᠭ᠃ ᠭᠠᠷ ᠪᠠᠷ ᠳᠠᠷᠤᠬᠤ ᠳᠤ ᠶᠡᠭᠡ ᠡᠪᠳᠡᠳᠡᠭ᠃ ᠬᠦᠵᠤᠬᠦᠨ ᠤ ᠠᠷᠤ ᠦᠶ᠎ᠠ ᠬᠤᠶᠠᠭᠤᠯᠠ | ᠮᠤᠯᠲᠤᠷᠪᠠᠯ ᠪᠠᠷᠢᠵᠤ ᠢᠯᠢᠬᠦ ᠳᠤ ᠬᠦᠵᠤᠬᠦᠦ ᠨᠢ ᠦᠶ᠎ᠠ ᠠᠷᠤ ᠲᠠᠯ᠎ᠠ ᠲᠤᠪᠤᠶᠢᠵᠤ᠂ ᠡᠮᠤᠨ᠎ᠠ ᠲᠠᠯ᠎ᠠ ᠨᠢ ᠬᠤᠲᠤᠶᠢᠵᠤ | ᠪᠠᠷᠢᠭᠳᠠᠳᠠᠭ᠃ 3᠂ ᠠᠰᠠᠭᠤᠵᠤ ᠰᠢᠨᠵᠢᠯᠠᠨᠠ᠃ ᠭᠠᠳᠠᠷ ᠬᠡᠮᠲᠤᠯ ᠤᠨ ᠲᠠᠤᠬᠡ ᠶᠢᠨ ᠪᠠᠶᠢᠳᠠᠯ᠂ ᠳᠦᠷᠪᠠᠨ ᠮᠦᠴᠢ | ᠶᠢᠨ ᠮᠡᠳᠠᠷᠠᠯ ᠤᠨ ᠪᠠᠶᠢᠳᠠᠯ ᠢ ᠠᠰᠠᠭᠤᠨ ᠲᠤᠳᠤᠷᠬᠠᠶᠢᠯᠠᠨ᠎ᠠ᠃ | ᠪᠠᠶᠢᠷᠢᠨ ᠳᠤᠨᠢ ᠤᠷᠤᠭᠤᠯᠬᠤ ᠠᠷᠭ᠎ᠠ᠄ | ︵1︶ ᠡᠪᠠᠳᠴᠢᠲᠠᠨ ᠶᠢ ᠲᠡᠭᠰᠢ ᠰᠠᠶᠢᠬᠠᠨ ᠰᠠᠭᠤᠯᠭᠠᠵᠤ᠂ ᠶᠠᠰᠤᠴᠢ ᠠᠷᠤ ᠲᠠᠯ᠎ᠠ ᠳᠤᠨᠢ ᠵᠤᠭᠰᠤᠭᠠᠳ᠂ | ᠡᠪᠠᠳᠴᠢᠲᠠᠨ ᠤ ᠬᠦᠵᠤᠬᠦᠦ ᠨᠢᠬᠡ ᠲᠠᠯ᠎ᠠ ᠮᠤᠯᠲᠤᠷᠠᠭᠰᠠᠨ ᠪᠤᠯ ᠶᠠᠰᠤᠴᠢ ᠤᠷᠢᠳᠠᠪᠠᠷ ᠬᠡᠮᠲᠤᠭ᠍ᠰᠠᠨ ᠭᠠᠵᠠᠷ ᠢ ᠢᠯᠢᠵᠤ | ᠨᠤᠬᠤᠯᠠᠨ ᠲᠠᠶᠢᠳᠬᠤᠷᠠᠭᠤᠯᠤᠨ᠎ᠠ᠃ ᠳᠠᠷᠠᠭ᠎ᠠ ᠨᠢ ᠬᠤᠶᠠᠷ ᠭᠠᠷ ᠤᠨ ᠠᠯᠠᠭ᠎ᠠ ᠪᠠᠷ ᠲᠤᠯᠤᠭᠠᠢ ᠶᠢ ᠨᠢ ᠳᠡᠬᠡᠭᠰᠢ | ᠡᠷᠬᠦᠬᠦ ᠶᠢᠨ ᠬᠠᠮᠲᠤ ᠮᠤᠯᠲᠤᠷᠠᠭᠰᠠᠨ ᠲᠠᠯ᠎ᠠ ᠶᠢ ᠡᠷᠠᠬᠦᠯ ᠲᠠᠯ᠎ᠠ ᠤᠷᠤᠭᠤ ᠡᠷᠬᠢᠬᠦᠯᠵᠤ᠂ ᠠᠭᠠᠵᠢᠮ ᠢᠶᠠᠷ ᠤᠭ | ᠪᠠᠶᠢᠷᠢᠨ ᠳᠤᠨᠢ ᠤᠷᠤᠭᠤᠯᠤᠨ᠎ᠠ᠃ ︵2︶ ᠡᠪᠠᠳᠴᠢᠲᠠᠨ ᠶᠢ ᠲᠡᠭᠰᠢ ᠰᠠᠶᠢᠬᠠᠨ ᠰᠠᠭᠤᠯᠭᠠᠵᠤ᠂ ᠶᠠᠰᠤᠴᠢ | ᠬᠠᠵᠠᠭᠤ ᠲᠠᠯ᠎ᠠ ᠨᠢ ᠵᠤᠭᠰᠤᠵᠤ᠂ ᠨᠢᠬᠡ ᠭᠠᠷ ᠤᠨ ᠲᠤᠬᠤᠢ ᠪᠠᠨ ᠡᠪᠠᠳᠴᠢᠲᠠᠨ ᠤ ᠬᠦᠵᠤᠬᠦᠨ ᠤ ᠳᠤᠤᠷ᠎ᠠ ᠲᠠᠯ᠎ᠠ | ᠪᠠᠷ ᠡᠷᠬᠢᠬᠦᠯᠠᠨ ᠠᠯᠠᠭᠠᠨ ᠤ ᠬᠡᠰᠡᠭ ᠪᠠᠷ ᠲᠤᠯᠤᠭᠠᠢ ᠬᠡᠰᠡᠭ ᠢ ᠲᠤᠯᠤᠨ ᠳᠡᠬᠡᠭᠰᠢ ᠡᠷᠬᠦᠵᠤ᠂ ᠨᠦᠬᠦᠬᠡ ᠲᠠᠯ᠎ᠠ | ᠤᠷᠤᠭᠤ ᠡᠷᠬᠢᠬᠦᠯᠬᠦ ᠶᠢᠨ ᠬᠠᠮᠲᠤ ᠬᠦᠵᠤᠬᠦᠨ ᠤ ᠮᠤᠯᠲᠤᠷᠠᠭᠰᠠᠨ ᠦᠶ᠎ᠠ ᠶᠢ ᠨᠦᠬᠦᠬᠡ ᠭᠠᠷ ᠤᠨ ᠡᠷᠠᠬᠡᠢ ᠬᠤᠷᠤᠭᠤ | ᠪᠠᠷ ᠢᠶᠠᠨ ᠲᠦᠯᠬᠡᠵᠤ ᠤᠷᠤᠭᠤᠯᠤᠨ᠎ᠠ ︵ᠵᠢᠷᠤᠭ — 15 ᠳᠤ ᠦᠵᠠ︶᠃ ︵3︶ ᠡᠪᠠᠳᠴᠢᠲᠠᠨ ᠲᠡᠭᠰᠢ | ᠰᠠᠶᠢᠬᠠᠨ ᠰᠠᠭᠤᠯᠭᠠᠵᠤ᠂ ᠶᠠᠰᠤᠴᠢ ᠠᠷᠤ ᠲᠠᠯ᠎ᠠ ᠳᠤᠨᠢ ᠵᠤᠭᠰᠤᠵᠤ᠂ ᠡᠪᠠᠳᠴᠢᠲᠠᠨ ᠶᠢ ᠶᠠᠰᠤᠴᠢ ᠰᠠᠶᠢᠬᠠᠨ ᠦᠬᠡ | ᠶᠠᠷᠢᠵᠤ ᠠᠩᠬᠠᠷᠠᠯ ᠢ ᠨᠢ ᠲᠠᠲᠠᠨ᠎ᠠ᠃ ᠡᠨᠠ ᠬᠤᠭᠤᠷᠤᠨᠳᠤ ᠶᠠᠰᠤᠴᠢ ᠬᠤᠶᠠᠷ ᠭᠠᠷ ᠪᠠᠷ ᠢᠶᠠᠨ ᠴᠤᠴᠢᠮᠠᠭ ᠲᠤᠯᠤᠭᠠᠢ | ᠶᠢ ᠨᠢ ᠬᠦᠴᠤᠲᠠᠢ ᠰᠡᠭᠰᠤᠷᠴᠤ ᠮᠤᠯᠲᠤᠷᠠᠭᠰᠠᠨ ᠦᠶ᠎ᠠ ᠶᠢ ᠪᠠᠶᠢᠷᠢᠨ ᠳᠤᠨᠢ ᠤᠷᠤᠭᠤᠯᠤᠨ᠎ᠠ᠃ ᠬᠡᠷᠪᠠ ᠲᠤᠯᠤᠭᠠᠢ | ᠵᠠᠬᠦᠨ ᠲᠠᠰᠢ ᠬᠠᠨᠳᠤᠵᠤ ᠪᠠᠶᠢᠪᠠᠯ ᠪᠠᠷᠠᠭᠤᠨ ᠲᠠᠯ᠎ᠠ ᠰᠡᠭᠰᠡᠷᠠᠨᠠ᠃ ᠲᠤᠯᠤᠭᠠᠢ ᠪᠠᠷᠠᠭᠤᠨ ᠲᠠᠰᠢ ᠬᠠᠨᠳᠤᠭᠰᠠᠨ ᠪᠤᠯ | ᠵᠠᠬᠦᠨ ᠲᠠᠯ᠎ᠠ ᠰᠡᠭᠰᠡᠷᠠᠨᠠ᠃ ᠢᠩᠬᠢᠪᠠᠯ ᠰᠡᠭᠰᠡᠷᠡᠭᠰᠠᠨ ᠬᠦᠴᠤᠨ ᠳᠡᠭᠡᠨ ᠲᠤᠯᠤᠭᠠᠢ ᠰᠠᠵᠢᠭᠳᠠᠨ ᠡᠷᠬᠢᠬᠦᠯᠤᠮᠡᠭᠴᠠ | ᠮᠤᠯᠲᠤᠷᠠᠭᠰᠠ ᠦᠶ᠎ᠠ ᠪᠠᠶᠢᠷᠢᠨ ᠳᠠᠭᠠᠨ ᠤᠷᠤᠳᠠᠭ᠃ | ︵4︶ ᠬᠦᠵᠤᠬᠦᠨ ᠤ ᠠᠷᠤ ᠦᠶ᠎ᠠ ᠬᠤᠶᠠᠭᠤᠯᠠ ᠪᠠᠨ ᠮᠤᠯᠲᠤᠷᠠᠭᠰᠠᠨ ᠪᠤᠯ ᠡᠪᠠᠳᠴᠢᠲᠠᠨ ᠢᠶᠠᠨ ᠲᠦᠷᠤᠬᠦᠯᠤᠤ | ᠬᠡᠪᠲᠡᠬᠦᠯᠵᠤ᠂ ᠨᠢᠬᠡ ᠬᠠᠪᠰᠤᠷᠤᠭᠴᠢ ᠡᠪᠠᠳᠴᠢᠲᠠᠨ ᠤ ᠲᠤᠯᠤᠭᠠᠢ ᠲᠠᠯ᠎ᠠ ᠠᠴᠠ ᠨᠢ ᠳᠡᠬᠡᠭᠰᠢ ᠲᠠᠲᠠᠵᠤ᠂ ᠨᠦᠬᠦᠬᠡ | ᠬᠠᠪᠰᠤᠷᠤᠭᠴᠢ ᠬᠤᠶᠠᠷ ᠡᠬᠡᠮ ᠠᠴᠠ ᠨᠢ ᠳᠤᠷᠤᠭᠰᠢ ᠲᠠᠲᠠᠨ᠎ᠠ᠃ ᠶᠠᠰᠤᠴᠢ ᠬᠤᠶᠠᠷ ᠬᠠᠪᠰᠤᠷᠤᠭᠴᠢ ᠶᠢᠨ ᠳᠤᠮᠳᠠ | ᠵᠤᠭᠰᠤᠵᠤ᠂ ᠬᠤᠶᠠᠷ ᠭᠠᠷ ᠤᠨ ᠡᠷᠠᠬᠡᠢ ᠪᠠᠷ ᠢᠶᠠᠨ ᠮᠤᠯᠲᠤᠷᠠᠭᠰᠠᠨ ᠦᠶ᠎ᠠ ᠶᠢ ᠳᠠᠷᠤᠵᠤ ᠤᠷᠤᠭᠤᠯᠤᠨ᠎ᠠ᠃ | ᠪᠠᠬᠢᠯᠠᠨ ᠪᠤᠭᠤᠵᠤ ᠲᠤᠭᠲᠠᠪᠤᠷᠢᠵᠢᠭᠤᠯᠬᠤ ᠠᠷᠭ᠎ᠠ᠄ ᠬᠦᠵᠤᠬᠦᠦ ᠨᠢ ᠮᠤᠯᠲᠤᠷᠠᠯ ᠢ ᠤᠷᠤᠭᠤᠯᠤᠭᠰᠠᠨ ᠤ ᠳᠠᠷᠠᠭ᠎ᠠ | ᠬᠦᠵᠤᠬᠦᠦ ᠶᠢ ᠡᠷᠬᠢᠬᠦᠯᠠᠨ ᠵᠤᠬᠢᠰᠲᠠᠢ ᠵᠤᠵᠠᠭᠠᠨ ᠪᠦᠰ ᠪᠠᠷ ᠤᠷᠢᠶᠠᠵᠤ᠂ ᠬᠦᠳᠡᠯᠬᠡᠬᠡᠨ ᠬᠡᠬᠦ ᠶᠢ ᠲᠤᠭᠲᠠᠪᠤᠷᠢᠲᠠᠢ | ᠪᠤᠯᠭᠤᠭᠰᠠᠨ ᠤ ᠳᠠᠷᠠᠭ᠎ᠠ ᠬᠦᠵᠤᠬᠦᠨ ᠤ ᠳᠤᠤᠷ᠎ᠠ ᠨᠢᠮᠬᠢᠨ ᠳᠡᠷᠠ ᠲᠠᠯᠪᠢᠵᠤ ᠳᠡᠬᠡᠭᠰᠢ ᠬᠠᠨᠳᠤᠭᠳᠯᠤᠨ ᠲᠡᠭᠰᠢ | ᠬᠡᠪᠲᠠᠬᠦᠯᠠᠨᠠ᠃ | ᠠᠵᠢᠯᠠᠯᠭᠠᠨ ᠤ ᠪᠤᠯᠪᠠᠰᠤᠷᠠᠯ᠄ ᠬᠦᠵᠤᠬᠦᠦ ᠨᠢ ᠮᠤᠯᠲᠤᠷᠠᠯ ᠢ ᠪᠠᠶᠢᠷᠢᠨ ᠳᠤᠨᠢ ᠤᠷᠤᠭᠤᠯᠤᠭᠰᠠᠨ ᠤ ᠳᠠᠷᠠᠭ᠎ᠠ | ᠬᠦᠳᠠᠯᠬᠡᠬᠡᠨ ᠶᠢ ᠳᠤᠯᠤᠭᠠᠨ ᠡᠳᠤᠷ ᠴᠢᠩᠭ᠎ᠠ ᠬᠤᠷᠢᠭᠯᠠᠨ᠎ᠠ᠃ ᠳᠤᠯᠤᠭᠠᠨ ᠡᠳᠤᠷ ᠤᠨ ᠳᠠᠷᠠᠭ᠎ᠠ ᠠᠭᠠᠵᠢᠮ ᠢᠶᠠᠷ | ᠤᠷᠢᠳᠠᠪᠠᠷ ᠬᠠᠭᠠᠰ ᠡᠷᠬᠢᠬᠦ ᠬᠦᠳᠡᠯᠬᠡᠬᠡᠨ ᠬᠢᠯᠬᠡᠵᠤ᠂ ᠳᠠᠬᠢᠨ ᠵᠠᠬᠦᠨ ᠪᠠᠷᠠᠭᠤᠨ᠂ ᠳᠡᠬᠡᠷ᠎ᠠ ᠳᠤᠤᠷ᠎ᠠ ᠡᠷᠬᠢᠬᠦ | ᠬᠦᠳᠡᠯᠬᠡᠬᠡᠨ ᠬᠢᠯᠬᠡᠵᠤ ᠪᠤᠯᠪᠠᠰᠤᠷᠠᠭᠤᠯᠤᠨ᠎ᠠ᠃ ᠢᠯᠢᠬᠦ ᠵᠠᠰᠠᠯ᠄ ᠬᠦᠵᠤᠬᠦᠨ ᠤ ᠮᠤᠯᠲᠤᠷᠠᠯ ᠢ ᠪᠠᠶᠢᠷᠢᠨ ᠳᠤᠨᠢ | ᠤᠷᠤᠭᠤᠯᠤᠭᠰᠠᠨ ᠤ ᠳᠠᠷᠠᠭ᠎ᠠ᠂ ᠬᠦᠵᠤᠬᠦᠦ ᠨᠢ ᠬᠤᠶᠠᠷ ᠬᠠᠵᠠᠭᠤ ᠶᠢᠨ ᠰᠢᠷᠪᠤᠰᠤ᠂ ᠰᠢᠯᠢ ᠶᠢᠨ ᠠᠷᠤ ᠬᠤᠲᠤᠭᠤᠷ᠂ | ᠬᠤᠶᠠᠷ ᠡᠬᠡᠮ ᠬᠦᠷᠲᠠᠯ᠎ᠠ ᠪᠠᠵᠠᠭᠠᠵᠤ᠂ ᠳᠠᠷᠤᠵᠤ᠂ ᠨᠤᠬᠤᠯᠵᠤ᠂ ᠰᠢᠪᠲᠤᠷᠴᠤ ᠢᠯᠢᠬᠦ ᠠᠷᠭ᠎ᠠ ᠶᠢ ᠬᠡᠷᠠᠬᠡᠯᠠᠨ | ᠬᠤᠷᠠᠭᠰᠠᠨ ᠬᠡᠢ ᠴᠢᠰᠤ ᠶᠢ ᠲᠠᠷᠬᠠᠵᠤ᠂ ᠴᠢᠰᠤᠨ ᠤ ᠬᠦᠶᠤᠳᠠᠯ ᠢ ᠰᠠᠶᠢᠵᠢᠷᠠᠭᠤᠯᠵᠤ᠂ ᠲᠦᠷᠬᠡᠨ ᠡᠳᠡᠬᠡᠬᠦ ᠳᠤ | ᠬᠠᠪᠰᠤᠷᠠᠮᠵᠢ ᠪᠤᠯᠭᠠᠨ᠎ᠠ᠃ | ᠭᠤᠷᠪᠠᠳᠤᠭᠠᠷ ᠬᠡᠰᠡᠭ ᠰᠡᠬᠡᠷ ᠨᠢᠷᠤᠭᠤᠨ ᠤ ᠦᠶᠠᠰ ᠤᠨ ᠮᠤᠯᠲᠤᠷᠠᠯᠲᠠ | ᠬᠠᠪᠢᠷᠭ᠎ᠠ ᠶᠢᠨ ᠬᠠᠪᠢᠰᠤᠨ ᠶᠠᠰᠤᠨ ᠤ ᠲᠤᠯᠤᠭᠠᠢ ᠲᠠᠢ ᠵᠠᠯᠭᠠᠯᠳᠠᠵᠤ ᠪᠠᠶᠢᠭ᠎ᠠ ᠠᠷᠪᠠᠨ ᠬᠤᠶᠠᠷ ᠶᠠᠰᠤ ᠶᠢ | ᠰᠡᠬᠡᠷ ᠨᠢᠷᠤᠭᠤᠨ ᠤ ᠶᠠᠰᠤ ᠬᠡᠳᠡᠭ ᠪᠢᠯᠠ᠃ ᠡᠨᠠ ᠨᠢ ᠳᠡᠬᠡᠭᠰᠢ ᠪᠠᠨ ᠬᠦᠵᠤᠬᠦᠨ ᠤ ᠶᠠᠰᠤ ᠲᠠᠢ ᠦᠶ᠎ᠠ ᠵᠠᠯᠭᠠᠯᠳᠤᠵᠤ | ᠂ ᠳᠤᠷᠳᠭᠰᠢ ᠪᠠᠨ ᠪᠦᠰᠠᠯᠠᠬᠦᠷ ᠨᠢᠷᠤᠭᠤᠨ ᠤ ᠦᠶ᠎ᠠ ᠲᠠᠢ ᠵᠠᠯᠭᠠᠯᠳᠤᠨ᠎ᠠ᠃ ᠰᠡᠬᠡᠷ ᠨᠢᠷᠤᠭᠤ ᠪᠠ ᠪᠦᠰᠠᠯᠠᠬᠦᠷ | ᠨᠢᠷᠤᠭᠤ ᠬᠠᠮᠲᠤᠷᠠᠵᠤ᠂ ᠪᠠᠶ᠎ᠠ ᠶᠢᠨ ᠤᠷᠤᠭᠰᠢ ᠪᠠᠨ ᠪᠦᠬᠦᠶᠢᠬᠦ᠂ ᠠᠷᠤ ᠳᠠᠭᠠᠨ ᠬᠡᠳᠡᠶᠢᠬᠦ᠂ ᠵᠠᠬᠦᠨᠰᠢ ᠪᠠᠷᠠᠭᠤᠨᠰᠢ | ᠮᠠᠲᠠᠶᠢᠬᠤ ᠵᠡᠷᠬᠡ ᠬᠦᠳᠡᠯᠬᠡᠬᠡᠨ ᠬᠢᠯᠬᠡᠳᠡᠭ᠃ ᠰᠢᠯᠲᠠᠭᠠᠨ ᠨᠦᠬᠦᠴᠠᠯ᠄ ᠰᠡᠬᠡᠷ ᠨᠢᠷᠤᠭᠤᠨ ᠤ ᠦᠶᠠᠰ ᠤᠨ | ᠮᠤᠯᠲᠤᠷᠠᠯᠲᠠ ᠭᠤᠤᠯᠳᠠᠭᠤ ᠭᠠᠳᠠᠭᠠᠳᠤ ᠬᠦᠴᠤᠨ ᠤ ᠳᠠᠮ ᠲᠤᠰᠤᠯᠲᠠ ᠠᠴᠠ ᠡᠬᠦᠰᠳᠡᠭ᠃ ᠳᠠᠷᠤᠢ ᠬᠦᠨᠳᠤ | ᠶᠠᠭᠤᠮ᠎ᠠ ᠡᠷᠬᠦᠬᠦ᠂ ᠦᠨᠳᠤᠷ ᠭᠠᠵᠠᠷ᠂ ᠮᠤᠷᠢ᠂ ᠮᠤᠲ᠋ᠤᠷ ᠠᠴᠠ ᠤᠨᠠᠬᠤ ᠳᠠᠭᠠᠨ ᠨᠢᠷᠤᠭᠤ ᠪᠠᠨ ᠮᠤᠰᠬᠢᠵᠤ | ᠤᠨᠠᠭᠰᠠᠨ᠂ ᠡᠰᠠᠬᠦᠯ᠎ᠠ ᠶᠠᠮᠠᠷ ᠨᠢᠬᠡ ᠶᠠᠭᠤᠮ᠎ᠠ ᠳᠤ ᠴᠤᠬᠢᠭᠳᠠᠭᠰᠠᠨ ᠠᠴᠠ ᠪᠠᠭ᠎ᠠ ᠦᠶ᠎ᠠ ᠪᠠᠶᠢᠷᠢᠨ ᠠᠴᠠ ᠪᠠᠨ | ᠬᠦᠳᠡᠯᠵᠤ᠂ ᠰᠡᠬᠡᠷ ᠨᠢᠷᠤᠭᠤᠨ ᠤ ᠦᠶ᠎ᠠ ᠮᠤᠯᠲᠤᠷᠳᠠᠭ᠃ | ᠰᠢᠨᠵᠢᠯᠠᠨ ᠲᠤᠳᠤᠯᠬᠤ ᠠᠷᠭ᠎ᠠ᠄ | 1᠂ ᠦᠵᠠᠵᠤ ᠰᠢᠨᠵᠢᠯᠠᠨᠠ᠃ ᠰᠡᠬᠡᠷ ᠨᠢᠷᠤᠭᠤᠨ ᠤ ᠮᠤᠯᠲᠤᠷᠠᠭᠰᠠᠨ ᠬᠡᠰᠡᠭ ᠬᠠᠪᠤᠳᠬᠤ᠂ ᠲᠤᠪᠤᠶᠢᠵᠤ ᠭᠠᠷᠬᠤ᠂ | ᠮᠠᠲᠠᠶᠢᠬᠤ ᠵᠡᠷᠬᠡ ᠬᠤᠪᠢᠷᠠᠯᠲᠠ ᠭᠠᠷᠤᠭᠰᠠᠨ ᠪᠠᠶᠢᠳᠠᠭ᠃ | 2᠂ ᠪᠠᠷᠢᠵᠤ ᠰᠢᠨᠵᠢᠯᠠᠨᠠ᠃ ᠪᠠᠷᠢᠵᠤ ᠢᠯᠢᠬᠦ ᠳᠤ ᠮᠤᠯᠲᠤᠷᠠᠭᠰᠠᠨ ᠦᠶ᠎ᠠ ᠲᠤᠪᠤᠶᠢᠵᠤ ᠭᠠᠷ ᠲᠤ ᠪᠠᠷᠢᠭᠳᠠᠳᠠᠭ᠃ | ᠮᠤᠯᠲᠤᠷᠠᠭᠰᠠᠨ ᠦᠶ᠎ᠠ ᠶᠢ ᠳᠠᠷᠤᠬᠤ ᠳᠤ ᠡᠪᠳᠡᠬᠦ ᠨᠢ ᠶᠡᠭᠡ ᠪᠠᠶᠢᠳᠠᠭ᠃ | 3᠂ ᠠᠰᠠᠭᠤᠵᠤ ᠰᠢᠨᠵᠢᠯᠠᠨᠠ᠃ ᠭᠠᠳᠠᠷ ᠬᠡᠮᠲᠤᠯ ᠤᠨ ᠲᠠᠤᠬᠡ᠂ ᠭᠠᠷ ᠬᠦᠯ ᠨᠢ ᠮᠢᠨᠴᠤᠬᠦᠷᠠᠬᠦ ᠡᠰᠠᠬᠦ᠂ ᠳᠦᠷᠪᠠᠨ | ᠮᠦᠴᠢ ᠶᠢᠨ ᠮᠡᠳᠠᠷᠠᠯ ᠤᠨ ᠪᠠᠶᠢᠳᠠᠯ ᠢ ᠲᠤᠳᠤᠷᠬᠠᠶᠢᠯᠠᠨ᠎ᠠ᠃ | ᠪᠠᠶᠢᠷᠢᠨ ᠳᠤᠨᠢ ᠤᠷᠤᠭᠤᠯᠬᠤ ᠠᠷᠭ᠎ᠠ᠄ | ︵1︶ ᠡᠪᠠᠳᠴᠢᠲᠠᠨ ᠶᠢ ᠲᠦᠷᠬᠦᠯᠤᠤ ︵ᠡᠯᠢᠬᠡᠳᠠᠬᠦᠯᠤᠨ︶ ᠬᠡᠪᠲᠡᠬᠦᠯᠵᠤ ᠨᠢᠬᠡ ᠬᠠᠪᠰᠤᠷᠤᠭᠴᠢ ᠬᠤᠶᠠᠷ | ᠰᠤᠭᠤᠨ ᠠᠴᠠ ᠨᠢ ᠳᠡᠬᠡᠭᠰᠢ ᠲᠠᠲᠠᠵᠤ᠂ ᠨᠦᠬᠦᠬᠡ ᠨᠢᠬᠡ ᠬᠠᠪᠰᠤᠷᠤᠭᠴᠢ ᠡᠪᠠᠳᠴᠢᠲᠠᠨ ᠤ ᠬᠤᠶᠠᠷ ᠬᠦᠯ ᠤᠨᠱᠠᠭᠠ | ᠴᠢᠮᠤᠬᠡᠨ ᠠᠴᠠ ᠨᠢ ᠳᠡᠬᠡᠭᠰᠢ ᠡᠷᠬᠦᠰᠬᠡᠨ ᠤᠷᠤᠭᠰᠢ ᠪᠠᠨ ᠲᠠᠲᠠᠨ᠎ᠠ᠃ ᠡᠨᠠ ᠦᠶᠠᠰ ᠶᠠᠰᠤᠴᠢ ᠬᠠᠵᠠᠭᠤ ᠲᠠᠯ᠎ᠠ ᠳᠤᠨᠢ | ᠵᠤᠭᠰᠤᠵᠤ᠂ ᠪᠠᠷᠠᠭᠤᠨ ᠭᠠᠷ ᠤᠨ ᠠᠯᠠᠭᠠᠨ ᠤ ᠠᠷᠤ ᠬᠡᠰᠡᠭ ᠪᠠᠨ ᠡᠪᠠᠳᠴᠢᠲᠠᠨ ᠤ ᠮᠤᠯᠲᠤᠷᠠᠭᠰᠠᠨ ᠰᠡᠬᠡᠷ ᠤᠨ | ᠦᠶ᠎ᠠ ᠳᠡᠬᠡᠷ᠎ᠠ ᠲᠠᠯᠪᠢᠵᠤ᠂ ᠵᠠᠬᠦᠨ ᠭᠠᠷ ᠤᠨ ᠠᠯᠠᠭᠠᠨ ᠪᠠᠨ ᠪᠠᠷᠠᠭᠤᠨ ᠭᠠᠷ ᠤᠨ ᠠᠯᠠᠭᠠᠨ ᠳᠡᠬᠡᠷ᠎ᠠ ᠠᠴᠠ ᠵᠤᠬᠢᠰᠲᠠᠢ | ᠪᠠᠷ ᠳᠠᠷᠤᠵᠤ ᠮᠤᠯᠲᠤᠷᠠᠭᠰᠠ ᠦᠶ᠎ᠠ ᠶᠢ ᠪᠠᠶᠢᠷᠢᠨ ᠳᠤᠨᠢ ᠤᠷᠤᠭᠤᠯᠤᠨ᠎ᠠ᠃ | ︵2︶ ᠡᠪᠠᠳᠴᠢᠲᠠᠨ ᠶᠢ ᠲᠦᠷᠬᠦᠯᠤᠤ ︵ᠡᠯᠢᠬᠡᠳᠠᠬᠦᠯᠠᠨ︶ ᠬᠡᠪᠳᠠᠬᠦᠯᠵᠤ᠂ ᠰᠢᠯᠵᠢᠭᠰᠡᠨ ᠦᠶ᠎ᠠ ᠶᠢ | ᠲᠤᠳᠤᠯᠠᠭᠰᠠᠨ ᠤ ᠳᠠᠷᠠᠭ᠎ᠠ ᠨᠢᠷᠤᠭᠤᠨ ᠳᠡᠬᠡᠷ᠎ᠠ ᠨᠢ ᠰᠢᠷ᠎ᠠ ᠲᠤᠰᠤ ᠪᠤᠶᠤ ᠦᠨᠤᠷᠲᠤ ᠰᠠᠪᠤᠩ ᠲᠦᠷᠬᠢᠵᠤ᠂ ᠶᠠᠰᠤᠴᠢ | ᠡᠪᠠᠳᠴᠢᠲᠠᠨ ᠤ ᠳᠡᠬᠡᠷ᠎ᠠ ᠡᠪᠤᠳᠤᠭ᠌ ᠪᠠᠷ ᠢᠶᠠᠨ ᠵᠠᠶᠢᠳᠠᠯᠠᠨ ᠵᠤᠭᠰᠤᠵᠤ᠂ ᠮᠤᠯᠲᠤᠷᠠᠭᠰᠠᠨ ᠦᠶ᠎ᠠ ᠶᠢ ᠬᠤᠶᠠᠷ ᠭᠠᠷ | ᠤᠨ ᠡᠷᠠᠬᠡᠢ ᠪᠠᠷ ᠰᠢᠪᠲᠤᠷᠠᠨ ᠳᠠᠷᠤᠵᠤ ᠪᠠᠶᠢᠷᠢᠨ ᠳᠤᠨᠢ ᠤᠷᠤᠭᠤᠯᠤᠨ᠎ᠠ ︵ᠵᠢᠷᠤᠭ — 16 ᠳᠤ ᠦᠵᠠ︶᠃ | ︵3︶ ᠡᠪᠠᠳᠴᠢᠲᠠᠨ ᠶᠢ ᠰᠠᠨᠳᠠᠯᠢ ᠳᠡᠬᠡᠷ᠎ᠠ ᠲᠡᠭᠰᠢ ᠰᠠᠭᠤᠯᠭᠠᠵᠤ᠂ ᠶᠠᠰᠤᠴᠢ ᠠᠷᠤ ᠳᠤᠨᠢ ᠵᠤᠭᠰᠤᠨ | ᠡᠪᠠᠳᠴᠢᠲᠠᠨ ᠤ ᠬᠤᠶᠠᠷ ᠡᠬᠡᠮ ᠠᠴᠠ ᠴᠢᠩᠭ᠎ᠠ ᠪᠠᠷᠢᠵᠤ᠂ ᠪᠠᠷᠠᠭᠤᠨ ᠬᠦᠯ ᠤᠨ ᠡᠪᠤᠳᠤᠭ᠌ ᠪᠠᠨ ᠰᠡᠬᠡᠷ ᠨᠢᠷᠤᠭᠤᠨ ᠤ | ᠮᠤᠯᠲᠤᠷᠠᠭᠰᠠᠨ ᠦᠶ᠎ᠠ ᠳᠡᠬᠡᠷ᠎ᠠ ᠲᠤᠯᠭᠠᠵᠤ ᠡᠬᠡᠮ ᠢ ᠠᠷᠤᠨᠰᠢ ᠬᠦᠴᠤᠯᠠᠨ ᠲᠠᠲᠠᠬᠤ ᠶᠢᠨ ᠬᠠᠮᠲᠤ ᠡᠮᠤᠨᠠᠰᠢ | ᠡᠪᠤᠳᠤᠬᠡᠯᠠᠨ ᠮᠤᠯᠲᠤᠷᠠᠭᠰᠠᠨ ᠦᠶ᠎ᠠ ᠶᠢ ᠪᠠᠶᠢᠷᠢᠨ ᠳᠤᠨᠢ ᠤᠷᠤᠭᠤᠯᠤᠨ᠎ᠠ᠃ | ᠪᠠᠬᠢᠯᠠᠨ ᠪᠤᠭᠤᠵᠤ ᠲᠤᠭᠲᠠᠪᠤᠷᠢᠵᠢᠭᠤᠯᠬᠤ ᠠᠷᠭ᠎ᠠ᠄ ᠰᠡᠬᠡᠷ ᠨᠢᠷᠤᠭᠤᠨ ᠤ ᠮᠤᠯᠲᠤᠷᠠᠯ ᠬᠡᠷᠪᠠ ᠠᠷᠤ ᠦᠶ᠎ᠠ ᠶᠢᠨ | ᠨᠢᠬᠡ ᠲᠠᠯ᠎ᠠ ᠮᠤᠯᠲᠤᠷᠠᠭᠰᠠᠨ ᠪᠤᠯ ᠰᠡᠬᠡᠷ ᠨᠢᠷᠤᠭᠤᠨ ᠤ ᠳᠤᠤᠷ᠎ᠠ ᠵᠦᠬᠡᠯᠠᠨ ᠵᠤᠵᠠᠭᠠᠨ ᠶᠠᠭᠤᠮ᠎ᠠ ᠲᠠᠯᠪᠢᠵᠤ ᠳᠡᠬᠡᠭᠰᠢ | ᠬᠠᠨᠳᠤᠭᠤᠯᠤᠨ ᠲᠡᠭᠰᠢ ᠬᠡᠪᠲᠠᠬᠦᠯᠤᠨᠠ᠃ ᠰᠡᠬᠡᠷ ᠨᠢᠷᠤᠭᠤᠨ ᠤ ᠠᠷᠤ ᠦᠶ᠎ᠠ ᠬᠤᠶᠠᠭᠤᠯᠠᠨ ᠪᠠᠨ ᠮᠤᠯᠲᠤᠷᠠᠭᠰᠠᠨ ᠪᠤᠯ | ᠬᠡᠮᠲᠤᠭ᠍ᠰᠠᠨ ᠤᠨ ᠬᠤᠶᠠᠷ ᠬᠡᠰᠡᠭ ᠲᠤ ᠵᠤᠬᠢᠰᠲᠠᠢ ᠪᠠᠷ ᠬᠠᠪᠳᠠᠰᠤ ᠲᠠᠯᠪᠢᠵᠤ᠂ ᠳᠡᠬᠡᠷ᠎ᠠ ᠠᠴᠠ ᠨᠢ ᠳᠠᠷᠤᠭᠤᠯᠵᠤ | ᠪᠤᠭᠤᠭᠠᠳ ᠪᠠᠬᠢᠯᠠᠨ ᠲᠤᠭᠲᠠᠪᠤᠷᠢᠵᠢᠭᠤᠯᠤᠨ᠎ᠠ᠃ | ᠠᠵᠢᠯᠠᠯᠭᠠᠨ ᠤ ᠪᠤᠯᠪᠠᠰᠤᠷᠠᠯ᠄ ᠦᠶ᠎ᠠ ᠶᠢ ᠤᠷᠤᠭᠤᠯᠤᠭᠰᠠᠨ ᠤ ᠳᠠᠷᠠᠭ᠎ᠠ ᠨᠢᠬᠡ ᠭᠠᠷᠠᠭ ᠬᠦᠳᠡᠯᠬᠡᠬᠦ ᠦᠬᠡᠢ ᠳᠡᠬᠡᠭᠰᠢ | ᠬᠠᠨᠳᠤᠭᠤᠯᠤᠨ ᠬᠡᠪᠲᠠᠬᠦᠯᠤᠨᠠ᠃ ᠨᠢᠬᠡ ᠭᠠᠷᠠᠭ ᠤᠨ ᠳᠠᠷᠠᠭ᠎ᠠ ᠪᠠᠭ᠎ᠠ ᠰᠠᠭ᠎ᠠ ᠬᠦᠩᠬᠡᠨ ᠰᠢᠭ ᠬᠦᠳᠡᠯᠬᠡᠬᠡᠨ ᠬᠢᠯᠬᠡᠨ᠎ᠠ | ᠃ ᠬᠦᠨᠳᠤ ᠶᠠᠭᠤᠮ᠎ᠠ ᠡᠷᠬᠦᠬᠦ ᠪᠠ ᠬᠠᠲᠠᠭᠤ ᠬᠦᠳᠡᠯᠬᠡᠬᠡᠨ ᠶᠢ ᠴᠡᠬᠡᠷᠠᠯᠠᠨᠠ᠃ | ᠢᠯᠢᠬᠦ ᠵᠠᠰᠠᠯ᠄ ᠡᠪᠠᠳᠴᠢᠲᠠᠨ ᠤ ᠰᠡᠬᠡᠷ ᠨᠢᠷᠤᠭᠤᠨ ᠤ ᠮᠤᠯᠲᠤᠷᠠᠯ ᠢ ᠤᠷᠤᠭᠤᠯᠤᠭᠰᠠᠨ ᠤ ᠨᠢᠬᠡ ᠭᠠᠷᠠᠭ ᠤᠨ | ᠳᠠᠷᠠᠭ᠎ᠠ ᠠᠴᠠ ᠡᠬᠡᠯᠠᠨ ᠢᠯᠢᠬᠦ ᠵᠠᠰᠠᠯ ᠬᠢᠨ᠎ᠠ᠃ ᠬᠡᠬᠦ ᠳᠡᠭᠡᠨ ᠵᠤᠬᠢᠬᠤ ᠪᠡᠯᠴᠢᠷ ᠢ ᠰᠤᠩᠭᠤᠨ ᠰᠢᠪᠲᠤᠷᠬᠤ᠂ | ᠨᠤᠬᠤᠯᠬᠤ᠂ ᠵᠦᠬᠡᠯᠠᠨ ᠳᠠᠷᠤᠬᠤ ᠵᠡᠷᠬᠡ ᠠᠷᠭ᠎ᠠ ᠶᠢ ᠬᠡᠷᠬᠡᠯᠠᠨᠠ᠃ | ᠳᠦᠷᠪᠠᠳᠤᠬᠡᠷ ᠬᠡᠰᠡᠭ ᠬᠠᠪᠢᠷᠭ᠎ᠠ ᠨᠢᠷᠤᠭᠤᠨ ᠤ ᠦᠶᠠᠰ ᠤᠨ ᠮᠤᠯᠲᠤᠷᠠᠯᠲᠠ | ᠬᠠᠪᠢᠷᠭ᠎ᠠ ᠪᠤᠯ ᠬᠠᠪᠲᠠᠭᠠᠢ ᠤᠷᠲᠤ ᠪᠦᠬᠡᠳ ᠳᠤᠭᠤᠷᠠᠭ ᠬᠡᠯᠪᠠᠷᠢ ᠲᠠᠢ ᠬᠠᠪᠠᠰᠤᠨ ᠶᠠᠰᠤᠨ ᠶᠢ ᠬᠡᠯᠠᠨ᠎ᠠ᠃ ᠵᠠᠬᠦᠨ | ᠪᠠᠷᠠᠭᠤᠨ ᠨᠠᠶᠢᠲᠠ ᠠᠷᠪᠠᠨ ᠬᠤᠶᠠᠷ ᠬᠤᠤᠰ ᠪᠠᠶᠢᠳᠠᠭ ᠪᠦᠬᠡᠳ ᠡᠮᠤᠨ᠎ᠠ ᠲᠠᠯ᠎ᠠ ᠨᠢ ᠡᠪᠴᠢᠬᠦᠨ ᠤ ᠶᠠᠰᠤ ᠲᠠᠢ᠂ ᠠᠷᠤ | ᠲᠤᠯᠤᠭᠠᠢ ᠨᠢ ᠨᠢᠷᠤᠭᠤᠨ ᠤ ᠶᠠᠰᠤ ᠲᠠᠢ ᠬᠤᠯᠪᠤᠯᠳᠤᠵᠤ ᠪᠠᠶᠢᠨ᠎ᠠ᠃ ᠬᠠᠪᠢᠷᠭ᠎ᠠ ᠨᠢᠷᠤᠭᠤᠨ ᠪᠤᠯ ᠨᠠᠶᠢᠲᠠ ᠲᠠᠪᠤᠨ | ᠬᠡᠰᠡᠭ ᠶᠠᠰᠤ ᠪᠠᠷ ᠪᠦᠷᠢᠯᠳᠤᠵᠠᠢ᠃ ᠳᠡᠬᠡᠭᠰᠢ ᠪᠠᠨ ᠠᠷᠪᠠᠨ ᠬᠤᠶᠠᠷᠳᠤᠭᠠᠷ ᠰᠡᠬᠡᠷ ᠤᠨ ᠶᠠᠰᠤ ᠲᠠᠢ ᠵᠠᠯᠭᠠᠯᠳᠤᠵᠤ᠂ | ᠰᠡᠬᠡᠷ — ᠬᠠᠪᠢᠷᠭ᠎ᠠ ᠶᠢᠨ ᠦᠶ᠎ᠠ ᠶᠢ ᠪᠦᠲᠤᠬᠡᠳᠡᠭ᠃ ᠰᠢᠯᠲᠠᠭᠠᠨ ᠨᠦᠬᠦᠴᠠᠯ᠄ ᠬᠠᠪᠢᠷᠭ᠎ᠠ ᠨᠢᠷᠤᠭᠤᠨ ᠤ | ᠦᠶ᠎ᠠ ᠪᠠᠶ᠎ᠠ ᠶᠢᠨ ᠳᠡᠬᠡᠳᠤ ᠬᠡᠰᠡᠭ ᠤᠨ ᠬᠦᠨᠳᠤ ᠳᠠᠷᠤᠯᠲᠠ ᠶᠢᠨ ᠲᠤᠯᠠᠭᠠᠭᠤᠷᠢ ᠪᠤᠯᠵᠤ᠂ ᠪᠦᠬᠦᠶᠢᠬᠦ᠂ ᠬᠡᠳᠡᠶᠢᠬᠦ᠂ | ᠨᠤᠭᠤᠯᠬᠤ᠂ ᠮᠤᠰᠬᠢᠷᠬᠤ ᠠᠵᠢᠯᠠᠯᠭ᠎ᠠ ᠶᠢ ᠬᠦᠢᠴᠠᠳᠬᠡᠳᠡᠭ᠃ ᠡᠶᠢᠮᠤ ᠤᠴᠢᠷ ᠠᠴᠠ ᠨᠢᠷᠤᠭᠤᠨ ᠦᠶ᠎ᠠ ᠶᠢᠨ ᠶᠠᠰᠤᠨ | ᠤ ᠦᠶ᠎ᠠ ᠮᠤᠯᠲᠤᠷᠠᠬᠤ ᠶᠠᠪᠤᠳᠠᠯ ᠦᠷᠬᠦᠯᠵᠢ ᠲᠤᠬᠢᠶᠠᠯᠳᠤᠳᠠᠭ᠃ ᠡᠨᠠ ᠨᠢ ᠨᠢᠷᠤᠭᠤᠨ ᠤ ᠦᠶ᠎ᠠ ᠬᠡᠳᠡᠶᠢᠭᠰᠠᠨ | ᠪᠠᠶᠢᠷᠢᠰᠢᠯ ᠤᠨ ᠳᠤᠤᠷ᠎ᠠ ᠬᠦᠴᠤᠲᠠᠢ ᠮᠤᠰᠬᠢᠬᠤ᠂ ᠦᠨᠳᠤᠷ ᠭᠠᠵᠠᠷ ᠪᠤᠶᠤ ᠮᠤᠷᠢ ᠠᠴᠠ ᠤᠨᠠᠬᠤ ᠳᠠᠭᠠᠨ ᠪᠠᠶ᠎ᠠ ᠪᠠᠨ | ᠬᠡᠲᠤᠷᠬᠡᠢ ᠪᠦᠬᠦᠶᠢᠵᠤ᠂ ᠨᠢᠷᠤᠭᠤ ᠪᠠᠨ ᠮᠤᠰᠬᠢᠵᠤ ᠤᠨᠠᠭᠰᠠᠨ᠂ ᠨᠢᠷᠤᠭᠤᠨ ᠳᠤ ᠬᠦᠨᠳᠤ ᠴᠤᠬᠢᠯᠲᠠ ᠤᠴᠢᠷᠠᠭᠰᠠᠨ᠂ | ᠡᠰᠠᠬᠦᠯ᠎ᠠ ᠪᠦᠳᠤᠷᠤᠨ ᠬᠠᠯᠢᠲᠤᠷᠵᠤ ᠤᠨᠠᠬᠤ ᠳᠠᠭᠠᠨ ᠨᠢᠷᠤᠭᠤ ᠪᠠᠨ ᠬᠠᠲᠠᠭᠤ ᠰᠠᠵᠢᠭᠰᠠᠨ ᠵᠡᠷᠬᠡ ᠠᠴᠠ ᠰᠢᠯᠲᠠᠭᠠᠯᠵᠤ | ᠨᠢᠷᠤᠭᠤᠨ ᠤ ᠦᠶ᠎ᠠ ᠤᠭ ᠪᠠᠶᠢᠷᠢᠨ ᠠᠴᠠ ᠪᠠᠨ ᠮᠤᠯᠲᠤᠷᠳᠠᠭ᠃ | ᠰᠢᠨᠵᠢᠯᠠᠨ ᠲᠤᠳᠤᠯᠬᠤ ᠠᠷᠭ᠎ᠠ᠄ | 1᠂ ᠦᠵᠠᠵᠤ ᠰᠢᠨᠵᠢᠯᠠᠨᠠ᠃ ᠬᠡᠬᠦ ᠳᠡᠭᠡᠨ ᠬᠠᠪᠢᠷᠭ᠎ᠠ ᠨᠢᠷᠤᠭᠤᠨ ᠤ ᠮᠤᠯᠲᠤᠷᠠᠭᠰᠠᠨ ᠬᠡᠰᠡᠭ ᠤᠨ ᠦᠶ᠎ᠠ ᠬᠦᠬᠡᠷᠠᠵᠤ | ᠬᠠᠪᠤᠳᠠᠭᠰᠠᠨ ᠡᠰᠠᠬᠦ᠂ ᠲᠤᠪᠤᠶᠢᠭᠰᠠᠨ ᠡᠰᠠᠬᠦ᠂ ᠬᠠᠪᠢᠷᠭ᠎ᠠ ᠨᠢᠷᠤᠭᠤᠨ ᠤ ᠡᠩᠨᠠᠬᠡᠨ ᠬᠤᠪᠢᠷᠠᠯᠲᠠ ᠭᠠᠷᠤᠭᠰᠠᠨ ᠡᠰᠠᠬᠦ | ᠶᠢ ᠦᠵᠠᠵᠤ ᠲᠤᠳᠤᠷᠬᠠᠶᠢᠯᠠᠨ᠎ᠠ᠃ | 2᠂ ᠪᠠᠷᠢᠵᠤ ᠰᠢᠨᠵᠢᠯᠠᠨᠠ᠃ ᠬᠠᠪᠢᠷᠭ᠎ᠠ ᠨᠢᠷᠤᠭᠤᠨ ᠤ ᠠᠷᠤ ᠦᠶ᠎ᠠ ᠶᠢᠨ ᠨᠢᠬᠡ ᠲᠠᠯ᠎ᠠ ᠮᠤᠯᠲᠤᠷᠪᠠᠯ ᠨᠢᠷᠤᠭᠤᠨ ᠨᠢ | ᠳᠠᠯᠠᠪᠴᠢ ᠨᠢᠬᠡ ᠲᠠᠯ᠎ᠠ ᠪᠠᠨ ᠬᠠᠵᠢᠢᠳᠠᠭ᠃ ᠳᠠᠷᠤᠢ ᠮᠤᠯᠲᠤᠷᠠᠭᠰᠠᠨ ᠲᠠᠯ᠎ᠠ ᠪᠠᠨ ᠮᠠᠲᠠᠶᠢᠵᠤ᠂ ᠭᠤᠤᠯ ᠪᠠᠶ᠎ᠠ ᠡᠷᠠᠬᠦᠯ | ᠲᠠᠯ᠎ᠠ ᠤᠷᠤᠭᠤ ᠮᠠᠲᠠᠶᠢᠳᠠᠭ᠃ ᠠᠷᠤ ᠳᠠᠯᠠᠪᠴᠢ ᠶᠢᠨ ᠬᠤᠭᠤᠷᠤᠨᠳᠤᠬᠢ ᠵᠠᠢ ᠨᠢ ᠠᠳᠠᠯᠢ ᠪᠤᠰᠤ ᠪᠤᠯᠳᠠᠭ᠃ ᠠᠷᠤ | ᠦᠶ᠎ᠠ ᠬᠤᠶᠠᠭᠤᠯᠠ ᠪᠠᠨ ᠮᠤᠯᠲᠤᠷᠪᠠᠯ ᠬᠡᠮᠲᠤᠭ᠍ᠰᠠᠨ ᠬᠠᠪᠢᠷᠭ᠎ᠠ ᠨᠢᠷᠤᠭᠤᠨ ᠤ ᠠᠷᠤ ᠳᠠᠯᠠᠪᠴᠢ ᠶᠢᠨ ᠬᠡᠰᠡᠭ | ᠲᠤᠳᠤᠷᠬᠠᠢ ᠬᠤᠲᠤᠶᠢᠵᠤ᠂ ᠬᠠᠷᠢᠨ ᠲᠠᠬᠦᠨ ᠤ ᠳᠤᠤᠷᠠᠬᠢ ᠬᠠᠪᠢᠷᠭ᠎ᠠ ᠨᠢᠷᠤᠭᠤᠨ ᠤ ᠨᠦᠬᠦᠬᠡ ᠳᠠᠯᠠᠪᠴᠢ ᠨᠢ | ᠬᠤᠶᠢᠰᠢ ᠪᠠᠨ ᠲᠤᠪᠤᠶᠢᠵᠤ ᠲᠤᠳᠤᠷᠬᠠᠢ ᠪᠠᠷᠢᠭᠳᠠᠳᠠᠭ᠃ | 3᠂ ᠠᠰᠠᠭᠤᠵᠤ ᠰᠢᠨᠵᠢᠯᠠᠨᠠ᠃ ᠭᠠᠳᠠᠷ ᠬᠡᠮᠲᠤᠯ ᠤᠨ ᠲᠠᠤᠬᠡ ᠪᠠᠶᠢᠬᠤ ᠡᠰᠠᠬᠦ᠂ ᠳᠦᠷᠪᠠᠨ ᠮᠦᠴᠢ ᠮᠢᠨᠴᠤᠬᠦᠷᠠᠬᠦ | ᠡᠰᠠᠬᠦ ᠶᠢ ᠠᠰᠠᠭᠤᠨ ᠲᠤᠳᠤᠷᠬᠠᠶᠢᠯᠠᠨ᠎ᠠ᠃ ᠪᠠᠶᠢᠷᠢᠨ ᠳᠤᠨᠢ ᠤᠷᠤᠭᠤᠯᠬᠤ ᠠᠷᠭ᠎ᠠ᠄ | ︵1︶ ᠡᠪᠠᠳᠴᠢᠲᠠᠨ ᠶᠢ ᠲᠦᠷᠬᠦᠯᠤᠤ ︵ᠡᠯᠢᠬᠡᠳᠠᠬᠦᠯᠤᠨ︶ ᠬᠡᠪᠲᠠᠬᠦᠯᠵᠤ᠂ ᠬᠡᠳᠡᠰᠤ ᠳᠤᠤᠷ᠎ᠠ ᠨᠢ ᠵᠤᠬᠢᠬᠤ | ᠬᠡᠮᠵᠢᠶᠠᠨ ᠤ ᠶᠠᠭᠤᠮ᠎ᠠ ᠢᠪᠢᠵᠤ᠂ ᠨᠢᠷᠤᠭᠤᠨ ᠬᠡᠰᠡᠭ ᠢ ᠬᠦᠳᠤᠯᠬᠡᠭᠰᠠᠨ ᠤ ᠳᠠᠷᠠᠭ᠎ᠠ᠂ ᠨᠢᠬᠡ ᠬᠠᠪᠰᠤᠷᠤᠭᠴᠢ | ᠡᠪᠠᠳᠴᠢᠲᠠᠨ ᠤ ᠬᠤᠶᠠᠷ ᠰᠤᠭᠤᠨ ᠠᠴᠠ ᠨᠢ ᠳᠡᠬᠡᠭᠰᠢ ᠲᠠᠲᠠᠵᠤ᠂ ᠨᠦᠬᠦᠬᠡ ᠬᠠᠪᠰᠤᠷᠤᠭᠴᠢ ᠡᠪᠠᠳᠴᠢᠲᠠᠨ ᠤ | ᠬᠤᠶᠠᠷ ᠬᠦᠯ ᠤᠨ ᠱᠠᠭ᠎ᠠ ᠠᠴᠠ ᠨᠢ ᠪᠠᠷᠢᠵᠤ ᠳᠤᠷᠳᠭᠰᠢ ᠲᠠᠲᠠᠨ᠎ᠠ᠃ ᠡᠨᠠ ᠦᠶ᠎ᠠ ᠳᠤ ᠶᠠᠰᠤᠴᠢ ᠨᠢᠷᠤᠭᠤᠨ ᠤ | ᠮᠤᠯᠲᠤᠷᠠᠭᠰᠠᠨ ᠦᠶ᠎ᠠ ᠶᠢ ᠳᠠᠷᠤᠵᠤ ᠪᠠᠶᠢᠷᠢᠨ ᠳᠤᠨᠢ ᠤᠷᠤᠭᠤᠯᠤᠨ᠎ᠠ᠃ | ︵2︶ ᠡᠪᠠᠳᠴᠢᠲᠠᠨ ᠶᠢ ᠲᠡᠭᠰᠢ ᠰᠠᠭᠤᠯᠭᠠᠵᠤ᠂ ᠶᠠᠰᠤᠴᠢ ᠡᠪᠠᠳᠴᠢᠲᠠᠨ ᠶᠢ ᠨᠢᠬᠡ ᠭᠠᠷ ᠪᠠᠷ ᠢᠶᠠᠨ ᠲᠡᠪᠡᠷᠢᠨ | ᠳᠡᠬᠡᠭᠰᠢ ᠡᠷᠬᠦᠬᠦ ᠶᠢᠨ ᠬᠠᠮᠲᠤ ᠨᠦᠬᠦᠬᠡ ᠭᠠᠷ ᠪᠠᠷ ᠢᠶᠠᠨ ᠮᠤᠯᠲᠤᠷᠠᠭᠰᠠᠨ ᠦᠶ᠎ᠠ ᠶᠢ ᠳᠠᠷᠤᠵᠤ ᠪᠠᠶᠢᠷᠢᠨ ᠳᠤᠨᠢ | ᠤᠷᠤᠭᠤᠯᠤᠨ᠎ᠠ ︵ᠵᠢᠷᠤᠭ — 17 ᠳᠠᠬᠢ ᠦᠵᠠ︶᠃ | ︵3︶ ᠡᠪᠠᠳᠴᠢᠲᠠᠨ ᠶᠢ ᠲᠡᠭᠰᠢ ᠰᠠᠭᠤᠯᠭᠠᠵᠤ᠂ ᠶᠠᠰᠤᠴᠢ ᠨᠢᠬᠡ ᠭᠠᠷ ᠪᠠᠨ ᠡᠪᠠᠳᠴᠢᠲᠠᠨ ᠤ ᠰᠤᠭᠤᠨ ᠳᠤᠭᠤᠤᠷ | ᠤᠷᠤᠭᠤᠯᠵᠤ᠂ ᠬᠦᠵᠤᠬᠦᠨ ᠠᠴᠠ ᠨᠢ ᠭᠤᠬᠠᠳᠠᠨ ᠪᠠᠷᠢᠵᠤ᠂ ᠳᠤᠷᠤᠭᠰᠢ ᠪᠠᠨ ᠳᠠᠷᠤᠨ ᠨᠢᠷᠤᠭᠤ ᠶᠢ ᠨᠢ ᠮᠤᠰᠬᠢᠬᠤ | ᠶᠢᠨ ᠬᠠᠮᠲᠤ ᠨᠦᠬᠦᠬᠡ ᠭᠠᠷ ᠤᠨ ᠡᠷᠠᠬᠡᠢ ᠪᠤᠶᠤ ᠠᠯᠠᠭ᠎ᠠ ᠪᠠᠷ ᠢᠶᠠᠨ ᠮᠤᠯᠲᠤᠷᠠᠭᠰᠠᠨ ᠦᠶ᠎ᠠ ᠶᠢ ᠳᠠᠷᠤᠵᠤ | ᠤᠷᠤᠭᠤᠯᠤᠨ᠎ᠠ᠃ ᠪᠠᠬᠢᠯᠠᠨ ᠪᠤᠭᠤᠵᠤ ᠲᠤᠭᠲᠤᠪᠤᠷᠢᠵᠢᠭᠤᠯᠬᠤ ᠠᠷᠭ᠎ᠠ᠄ ᠬᠠᠪᠢᠷᠭ᠎ᠠ ᠨᠢᠷᠤᠭᠤᠨ ᠤ ᠦᠶ᠎ᠠ ᠶᠢᠨ | ᠨᠢᠬᠡ ᠲᠠᠯ᠎ᠠ ᠨᠢ ᠮᠤᠯᠲᠤᠷᠠᠭᠰᠠᠨ ᠪᠤᠯ ᠪᠤᠭᠤᠵᠤ ᠪᠠᠬᠢᠯᠠᠬᠦ ᠬᠡᠷᠡᠭ ᠦᠬᠡᠢ᠂ ᠵᠦᠪᠬᠡᠨ ᠮᠤᠯᠲᠤᠷᠠᠭᠰᠠᠨ ᠦᠶ᠎ᠠ ᠶᠢᠨ | ᠳᠤᠤᠷ᠎ᠠ ᠵᠤᠬᠢᠬᠤ ᠶᠠᠭᠤᠮ᠎ᠠ ᠢᠪᠢᠵᠤ᠂ ᠳᠡᠬᠡᠭᠰᠢ ᠬᠠᠨᠳᠤᠭᠤᠯᠤᠨ ᠲᠡᠭᠰᠢ ᠬᠡᠪᠲᠡᠬᠦᠯᠤᠨᠠ᠃ ᠬᠡᠷᠪᠠ ᠬᠠᠪᠢᠷᠭ᠎ᠠ | ᠨᠢᠷᠤᠭᠤᠨ ᠤ ᠠᠷᠤ ᠦᠶ᠎ᠠ ᠬᠤᠶᠠᠭᠤᠯᠨ ᠪᠠᠨ ᠮᠤᠯᠲᠤᠷᠠᠭᠰᠠᠨ ᠪᠤᠯ ᠬᠡᠮᠲᠤᠭ᠍ᠰᠠᠨ ᠦᠶ᠎ᠠ ᠶᠢᠨ ᠬᠡᠰᠡᠭ ᠲᠤ ᠵᠤᠬᠢᠬᠤ | ᠬᠠᠪᠳᠠᠰᠤ ᠲᠠᠯᠪᠢᠵᠤ ᠪᠠᠬᠢᠯᠠᠨ ᠲᠤᠭᠲᠠᠪᠤᠷᠢᠵᠢᠭᠤᠯᠤᠨ᠎ᠠ᠃ | ᠠᠵᠢᠯᠠᠯᠭᠠᠨ ᠤ ᠪᠤᠯᠪᠠᠰᠤᠷᠠᠯ᠄ ᠬᠠᠪᠢᠷᠭ᠎ᠠ ᠨᠢᠷᠤᠭᠤᠨ ᠤ ᠮᠤᠯᠲᠤᠷᠠᠭᠰᠠᠨ ᠦᠶ᠎ᠠ ᠶᠢ ᠪᠠᠶᠢᠷᠢᠨ ᠳᠤᠨᠢ | ᠤᠷᠤᠭᠤᠯᠤᠭᠰᠠᠨ ᠤ ᠳᠠᠷᠠᠭ᠎ᠠ ᠨᠢᠬᠡ ᠭᠠᠷᠠᠭ ᠬᠦᠳᠡᠯᠬᠡᠬᠦ ᠦᠬᠡᠢ ᠳᠡᠬᠡᠭᠰᠢ ᠬᠠᠨᠳᠤᠭᠤᠯᠤᠨ ᠬᠡᠪᠳᠡᠬᠦᠯᠤᠨᠠ᠃ ᠨᠢᠬᠡ | ᠭᠠᠷᠠᠭ ᠤᠨ ᠳᠠᠷᠠᠭ᠎ᠠ ᠪᠠᠭ᠎ᠠ ᠰᠠᠭ᠎ᠠ ᠬᠦᠳᠡᠯᠬᠡᠬᠡᠨ ᠬᠡᠯᠬᠡᠨᠠ᠃ ᠬᠡᠪᠠᠴᠤ ᠬᠦᠨᠳᠤ ᠶᠠᠭᠤᠮ᠎ᠠ ᠡᠷᠬᠦᠬᠦ ᠪᠤᠶᠤ ᠴᠤᠴᠠᠮᠠᠭ | ᠮᠤᠰᠬᠢᠬᠤ ᠵᠡᠷᠬᠡ ᠬᠠᠲᠠᠭᠤ ᠬᠦᠳᠡᠯᠬᠡᠬᠡᠨ ᠶᠢ ᠴᠡᠬᠡᠷᠠᠯᠠᠨᠠ᠃ ᠢᠯᠢᠬᠦ ᠵᠠᠰᠠᠯ᠄ ᠮᠤᠯᠲᠤᠷᠠᠭᠰᠠᠨ ᠶᠠᠰᠤ ᠶᠢ | ᠤᠷᠤᠭᠤᠯᠤᠭᠰᠠᠨ ᠤ ᠳᠠᠷᠠᠭ᠎ᠠ ᠨᠢᠬᠡ ᠭᠠᠷᠠᠭ ᠠᠴᠠ ᠬᠤᠭᠤᠷᠤ ᠠᠭᠠᠵᠢᠮ ᠪᠠᠷ ᠬᠡᠮᠲᠤᠭ᠍ᠰᠠᠨ ᠦᠶ᠎ᠠ ᠪᠠ ᠵᠤᠬᠢᠬᠤ | ᠪᠡᠯᠴᠢᠷ ᠢ ᠰᠤᠩᠭᠤᠨ ᠳᠠᠷᠤᠵᠤ᠂ ᠨᠤᠬᠤᠯᠬᠤ᠂ ᠰᠢᠪᠲᠤᠷᠬᠤ ᠵᠡᠷᠬᠡ ᠢᠯᠢᠬᠦ ᠠᠷᠭ᠎ᠠ ᠶᠢ ᠬᠡᠷᠬᠡᠯᠠᠨᠠ᠃ | ᠲᠠᠪᠤᠳᠤᠭᠠᠷ ᠬᠡᠰᠡᠭ | ᠬᠠᠪᠢᠷᠭ᠎ᠠ — ᠤᠭᠤᠴᠠ ᠤ ᠦᠶ᠎ᠠ ᠶᠢᠨ ᠮᠤᠯᠲᠤᠷᠠᠯᠲᠠ ᠬᠠᠪᠢᠷᠭ᠎ᠠ — ᠤᠭᠤᠴᠠ ᠤ ᠦᠶ᠎ᠠ ᠪᠤᠯ | ᠬᠠᠪᠢᠷᠭ᠎ᠠ ᠨᠢᠷᠤᠭᠤ ᠬᠢᠬᠡᠳ ᠤᠭᠤᠴᠠ ᠨᠢᠷᠤᠭᠤ ᠵᠠᠯᠭᠠᠯᠳᠠᠨ ᠪᠦᠲᠤᠳᠡᠭ᠃ ᠦᠬᠡᠷ᠎ᠠ ᠪᠠᠷ ᠬᠡᠯᠠᠪᠠᠯ ᠬᠠᠪᠢᠷᠭ᠎ᠠ ᠨᠢ | ᠬᠠᠪᠢᠰᠤᠨ ᠤ ᠲᠤᠯᠤᠭᠠᠢ ᠪᠠ ᠤᠭᠤᠴᠠ ᠨᠠᠶᠢᠯᠡᠵᠤ ᠪᠦᠲᠤᠭ᠍ᠰᠠᠨ ᠶᠤᠮ᠃ ᠤᠭᠤᠴᠠ ᠶᠢᠨ ᠶᠠᠰᠤᠨ ᠤ ᠵᠠᠬᠦᠨ | ᠪᠠᠷᠠᠭᠤᠨ ᠬᠤᠶᠠᠷ ᠲᠠᠯ᠎ᠠ ᠳᠤ ᠠᠬᠠᠷ ᠵᠢᠬᠦᠷ ᠶᠠᠰᠤ ᠪᠠᠶᠢᠬᠤ ᠪᠦᠬᠡᠳ ᠡᠨᠠ ᠨᠢ ᠰᠠᠬᠦᠵᠢ ᠶᠢᠨ ᠶᠠᠰᠤ ᠲᠠᠢ | ᠵᠠᠯᠭᠠᠯᠳᠤᠵᠤ᠂ ᠤᠭᠤᠴᠠ — ᠲᠠᠰᠢᠶᠠᠨ ᠦᠶ᠎ᠠ ᠶᠢ ᠪᠦᠲᠤᠬᠡᠳᠡᠭ᠃ ᠰᠢᠯᠲᠠᠭᠠᠨ ᠨᠦᠬᠦᠴᠠᠯ᠄ ᠭᠠᠳᠠᠭᠠᠳᠤ | ᠰᠢᠯᠲᠠᠭᠠᠨ ᠠᠴᠠ ᠪᠤᠯᠳᠠᠭ᠃ ᠳᠠᠷᠤᠢ ᠦᠨᠳᠤᠷ ᠭᠠᠵᠠᠷ ᠪᠤᠶᠤ ᠮᠤᠷᠢ᠂ ᠮᠤᠲ᠋ᠤᠷ ᠲᠡᠷᠬᠡ ᠠᠴᠠ ᠤᠨᠠᠬᠤ᠂ ᠶᠠᠮᠠᠷ ᠨᠢᠬᠡ | ᠶᠠᠭᠤᠮ᠎ᠠ ᠳᠤ ᠴᠤᠬᠢᠭᠳᠠᠬᠤ ᠠᠴᠠ ᠪᠤᠯᠵᠤ᠂ ᠬᠠᠪᠢᠷᠭ᠎ᠠ — ᠤᠭᠤᠴᠠ ᠶᠢᠨ ᠦᠶ᠎ᠠ ᠶᠢᠨ ᠬᠡᠰᠡᠭ ᠬᠠᠲᠠᠭᠤ | ᠶᠠᠭᠤᠮ᠎ᠠ ᠳᠡᠬᠡᠷ᠎ᠠ ᠳᠠᠮ ᠲᠤᠰᠬᠤ ᠵᠡᠷᠬᠡ ᠠᠴᠠ ᠪᠤᠯᠵᠤ ᠬᠠᠪᠢᠷᠭ᠎ᠠ ᠨᠢᠷᠤᠭᠤᠨ ᠪᠤᠯᠤᠨ ᠤᠭᠤᠴᠠ ᠨᠢᠷᠤᠭᠤᠨ ᠤ ᠦᠶ᠎ᠠ | ᠮᠤᠯᠲᠤᠷᠳᠠᠭ᠃ | ᠰᠢᠨᠵᠢᠯᠠᠨ ᠲᠤᠳᠤᠯᠬᠤ ᠠᠷᠭ᠎ᠠ᠄ | 1᠂ ᠦᠵᠠᠵᠤ ᠰᠢᠨᠵᠢᠯᠠᠨᠠ᠃ ᠬᠡᠮᠲᠤᠭ᠍ᠰᠠᠨ ᠭᠠᠵᠠᠷ ᠨᠢ ᠬᠦᠬᠡᠷᠠᠬᠦ᠂ ᠬᠠᠪᠤᠳᠠᠬᠤ᠂ ᠮᠤᠯᠲᠤᠷᠠᠭᠰᠠᠨ ᠦᠶ᠎ᠠ | ᠮᠡᠳᠡᠭᠳᠡᠬᠦᠴᠠ ᠲᠤᠪᠤᠶᠢᠳᠠᠭ᠃ | 2᠂ ᠪᠠᠷᠢᠵᠤ ᠰᠢᠨᠵᠢᠯᠠᠨᠠ᠃ ᠮᠤᠯᠲᠤᠷᠠᠭᠰᠠᠨ ᠦᠶ᠎ᠠ ᠶᠢ ᠪᠠᠷᠢᠵᠤ ᠦᠵᠠᠬᠦ ᠳᠤ ᠶᠡᠭᠡ ᠡᠪᠳᠬᠦ ᠪᠠᠶᠢᠳᠠᠯ ᠲᠠᠢ ᠪᠦᠬᠡᠳ | ᠠᠷᠤ ᠲᠠᠯ᠎ᠠ ᠪᠠᠨ ᠲᠤᠪᠤᠶᠢᠬᠤ ᠪᠤᠶᠤ ᠤᠷᠤᠭᠰᠢ ᠪᠠᠨ ᠬᠤᠲᠤᠶᠢᠵᠤ ᠰᠢᠯᠵᠢᠭᠰᠡᠨ ᠨᠢ ᠭᠠᠷ ᠲᠤ ᠪᠠᠷᠢᠭᠳᠠᠳᠠᠭ᠃ | 3᠂ ᠠᠰᠭᠤᠵᠤ ᠰᠢᠨᠵᠢᠯᠠᠨᠠ᠃ ᠭᠠᠳᠠᠷ ᠰᠢᠷᠬᠠᠳᠤᠯ ᠤᠨ ᠲᠠᠤᠬᠡ ᠲᠠᠢ ᠡᠰᠠᠬᠦ᠂ ᠮᠡᠳᠡᠷᠠᠯ ᠤᠨ ᠰᠤᠳᠠᠰᠤ ᠶᠢ | ᠳᠠᠷᠤᠭᠰᠠᠨ ᠠᠴᠠ ᠭᠠᠷ ᠬᠦᠯ ᠮᠢᠨᠴᠤᠷᠠᠬᠦ ᠪᠠᠶᠢᠳᠠᠯ ᠪᠠᠶᠢᠬᠤ ᠡᠰᠠᠬᠦ ᠶᠢ ᠠᠰᠭᠤᠨ ᠲᠤᠳᠤᠷᠬᠠᠶᠢᠯᠠᠨ᠎ᠠ᠃ | ᠪᠠᠶᠢᠷᠢᠨ ᠳᠤᠨᠢ ᠤᠷᠤᠭᠤᠯᠬᠤ ᠠᠷᠭ᠎ᠠ᠄ | ︵1︶ ᠡᠪᠠᠳᠴᠢᠲᠠᠨ ᠶᠢ ᠲᠦᠷᠬᠦᠯᠤᠤ ︵ᠡᠯᠢᠬᠡᠳᠠᠬᠦᠯᠤᠨ︶ ᠬᠡᠪᠲᠠᠬᠦᠯᠵᠤ᠂ ᠬᠡᠳᠡᠰᠤ ᠳᠤᠤᠷ᠎ᠠ ᠨᠢ ᠵᠤᠬᠢᠬᠤ | ᠬᠡᠮᠵᠢᠶᠠᠨ ᠤ ᠶᠠᠭᠤᠮ᠎ᠠ ᠢᠪᠡᠭᠰᠠᠨ ᠤ` ᠳᠠᠷᠠᠭ᠎ᠠ ᠨᠢᠬᠡ ᠬᠠᠪᠰᠤᠷᠤᠭᠴᠢ ᠡᠪᠠᠳᠴᠢᠲᠠᠨ ᠤ ᠬᠤᠶᠠᠷ ᠰᠤᠭᠤᠨ ᠠᠴᠠ | ᠳᠡᠬᠡᠭᠰᠢ ᠲᠠᠲᠠᠵᠤ᠂ ᠨᠦᠬᠦᠬᠡ ᠨᠢᠬᠡ ᠬᠠᠪᠰᠤᠷᠤᠭᠴᠢ ᠡᠪᠠᠳᠴᠢᠲᠠᠨ ᠤ ᠬᠤᠶᠠᠷ ᠬᠦᠯ ᠤᠨ ᠱᠠᠭ᠎ᠠ ᠠᠴᠠ ᠤᠷᠤᠭᠰᠢ | ᠪᠠᠨ ᠲᠠᠲᠠᠬᠤ ᠳᠤ ᠶᠠᠰᠤᠴᠢ ᠬᠠᠵᠠᠭᠤ ᠲᠠᠯ᠎ᠠ ᠳᠤᠨᠢ ᠵᠤᠭᠰᠤᠵᠤ ᠭᠠᠷ ᠤᠨ ᠡᠷᠠᠬᠡᠢ ᠬᠤᠷᠤᠭᠤ ᠪᠤᠶᠤ ᠠᠯᠠᠭᠠᠨ ᠤ | ᠠᠷᠤ ᠬᠡᠰᠡᠭ ᠪᠠᠷ ᠮᠤᠯᠲᠤᠷᠠᠭᠰᠠᠨ ᠦᠶ᠎ᠠ ᠶᠢ ᠳᠠᠷᠤᠵᠤ ᠤᠭ ᠪᠠᠶᠢᠷᠢᠨ ᠳᠤᠨᠢ ᠤᠷᠤᠭᠤᠯᠤᠨ᠎ᠠ᠃ | ︵2︶ ᠡᠪᠠᠳᠴᠢᠲᠠᠨ ᠶᠢ ᠲᠡᠭᠰᠢ ᠰᠠᠭᠤᠯᠭᠠᠵᠤ᠂ ᠬᠠᠪᠰᠤᠷᠠᠭᠴᠢ ᠪᠠᠷ ᠬᠤᠶᠠᠷ ᠬᠦᠯ ᠢ ᠪᠠᠷᠢᠭᠤᠯᠵᠤ᠂ ᠶᠠᠰᠤᠴᠢ | ᠨᠢᠬᠡ ᠭᠠᠷ ᠪᠠᠨ ᠡᠪᠠᠳᠴᠢᠲᠠᠨ ᠤ ᠰᠤᠭᠤᠨ ᠳᠤᠤᠭᠤᠷ ᠤᠷᠤᠭᠤᠯᠤᠨ᠂ ᠳᠦᠷᠪᠠᠨ ᠬᠤᠷᠤᠭᠤ ᠪᠠᠷ ᠢᠶᠠᠨ | ᠬᠦᠵᠤᠬᠦᠳᠠᠵᠤ᠂ ᠨᠢᠷᠤᠭᠤ ᠶᠢ ᠪᠠᠶ᠎ᠠ ᠲᠠᠯ᠎ᠠ ᠦᠬᠡᠳᠠ ᠨᠢ ᠮᠤᠰᠬᠢᠬᠤ ᠶᠢᠨ ᠬᠠᠮᠲᠤ ᠨᠦᠬᠦᠬᠡ ᠭᠠᠷ ᠤᠨ ᠡᠷᠠᠬᠡᠢ | ᠬᠤᠷᠤᠭᠤ ᠪᠠᠷ ᠢᠶᠠᠨ ᠲᠤᠪᠤᠶᠢᠵᠤ ᠰᠢᠯᠵᠢᠭᠰᠡᠨ ᠦᠶ᠎ᠠ ᠶᠢ ᠡᠰᠠᠷᠬᠦ ᠴᠢᠬᠡᠯᠠᠯ ᠢᠶᠠᠷ ᠳᠠᠷᠤᠵᠤ ᠤᠭ ᠪᠠᠶᠢᠷᠢᠨ ᠳᠤᠨᠢ | ᠤᠷᠤᠭᠤᠯᠤᠨ᠎ᠠ᠃ ᠪᠠᠬᠢᠯᠠᠨ ᠪᠤᠭᠤᠵᠤ ᠲᠤᠭᠲᠠᠪᠤᠷᠢᠵᠢᠭᠤᠯᠬᠤ ᠠᠷᠭ᠎ᠠ᠄ ᠮᠤᠯᠲᠤᠷᠠᠭᠰᠠᠨ ᠦᠶ᠎ᠠ ᠶᠢ ᠤᠭ ᠪᠠᠶᠢᠷᠢᠨ | ᠳᠤᠨᠢ ᠤᠷᠤᠭᠤᠯᠤᠭᠰᠠᠨ ᠤ ᠳᠠᠷᠠᠭ᠎ᠠ᠂ ᠮᠤᠯᠲᠤᠷᠠᠭᠰᠠᠨ ᠦᠶ᠎ᠠ ᠳᠡᠬᠡᠷ᠎ᠠ ᠪᠦᠰ ᠶᠢ ᠳᠦᠷᠪᠤᠯᠵᠢᠯᠠᠨ ᠲᠠᠯᠪᠢᠵᠤ | ᠪᠦᠰᠠᠯᠠᠬᠦᠷ ᠪᠠᠷ ᠨᠢ ᠡᠷᠬᠢᠬᠦᠯᠤᠨ ᠪᠠᠬᠢᠯᠠᠨ ᠪᠤᠭᠤᠵᠤ ᠳᠠᠬᠢᠨ ᠰᠢᠯᠵᠢᠬᠦ ᠠᠴᠠ ᠰᠡᠷᠬᠡᠶᠢᠯᠠᠨ᠎ᠠ᠃ | ᠠᠵᠢᠯᠠᠯᠭᠠᠨ ᠤ ᠪᠤᠯᠪᠠᠰᠤᠷᠠᠯ᠄ ᠨᠢᠬᠡ ᠭᠠᠷᠠᠭ ᠬᠤᠭᠤᠴᠠᠭ᠎ᠠ ᠡᠪᠠᠳᠴᠢᠲᠠᠨ ᠶᠢ ᠬᠦᠳᠠᠯᠬᠡᠬᠦ ᠦᠬᠡᠢ ᠲᠡᠭᠰᠢ | ᠬᠡᠪᠲᠠᠬᠦᠯᠤᠨᠠ᠃ ᠰᠠᠬᠦᠯᠠᠷ ᠨᠢ ᠪᠠᠭ᠎ᠠ ᠰᠠᠭ᠎ᠠ ᠬᠦᠳᠡᠯᠬᠡᠬᠡᠨ ᠬᠢᠯᠬᠡᠬᠦ ᠪᠤᠯᠪᠠᠴᠤ ᠮᠤᠰᠬᠢᠬᠤ ᠬᠦᠳᠡᠯᠬᠡᠬᠡᠨ ᠶᠢ ᠴᠢᠩᠭ᠎ᠠ | ᠴᠡᠬᠡᠷᠠᠯᠠᠨᠠ᠃ | ᠢᠯᠢᠬᠦ ᠵᠠᠰᠠᠯ᠄ ᠨᠢᠬᠡ ᠭᠠᠷᠠᠭ ᠤᠨ ᠳᠠᠷᠠᠭ᠎ᠠ ᠬᠠᠪᠢᠷᠭ᠎ᠠ ᠨᠢᠷᠤᠭᠤᠨ ᠤ ᠵᠤᠬᠢᠬᠤ ᠪᠡᠯᠴᠢᠷ ᠲᠤ ᠨᠤᠬᠤᠯᠬᠤ᠂ | ᠰᠢᠪᠲᠤᠷᠬᠤ᠂ ᠳᠠᠷᠤᠬᠤ ᠵᠡᠷᠬᠡ ᠵᠠᠰᠠᠯ ᠬᠢᠵᠤ ᠬᠤᠷᠠᠭᠰᠠᠨ ᠰᠢᠷ᠎ᠠ ᠤᠰᠤ ᠶᠢ ᠲᠠᠷᠬᠠᠬᠤ᠂ ᠴᠢᠰᠤᠨ ᠬᠦᠶᠤᠳᠠᠯ ᠢ | ᠰᠠᠶᠢᠵᠢᠷᠠᠭᠤᠯᠤᠨ᠎ᠠ᠃ | ᠵᠢᠷᠭᠤᠳᠤᠭᠠᠷ ᠬᠡᠰᠡᠭ ᠤᠭᠤᠴᠠ — ᠭᠤᠳᠤᠩ ᠤᠨ ᠦᠶ᠎ᠠ ᠶᠢᠨ ᠮᠤᠯᠲᠤᠷᠠᠯᠲᠠ | ᠬᠦᠮᠤᠨ ᠤ ᠪᠠᠶ᠎ᠠ ᠶᠢᠨ ᠤᠭᠤᠴᠠ ᠨᠢᠷᠤᠭᠤᠨ ᠤ ᠠᠳᠠᠭ ᠤᠨ ᠬᠡᠰᠡᠭ ᠤᠨ ᠵᠢᠵᠢᠭ ᠶᠠᠰᠤ ᠶᠢ ᠭᠤᠳᠤᠩ ᠤᠨ ᠶᠠᠰᠤ | ᠬᠡᠵᠤ᠂ ᠤᠭᠤᠴᠠ ᠨᠢᠷᠤᠭᠤ ᠪᠤᠯᠤᠨ ᠭᠤᠳᠤᠩ ᠤᠨ ᠶᠠᠰᠤᠨ ᠤ ᠵᠠᠯᠭᠠᠯᠳᠤᠵᠤ ᠪᠠᠶᠢᠭ᠎ᠠ ᠬᠡᠰᠡᠭ ᠢ ᠤᠭᠤᠴᠠ — | ᠭᠤᠳᠤᠩ ᠤᠨ ᠦᠶ᠎ᠠ ᠬᠡᠳᠡᠭ᠃ | ᠰᠢᠯᠲᠠᠭᠠᠨ ᠨᠦᠬᠦᠴᠠᠯ᠄ ᠦᠨᠳᠤᠷ ᠭᠠᠵᠠᠷ᠂ ᠮᠤᠷᠢ᠂ ᠮᠤᠲ᠋ᠤᠷ ᠠᠴᠠ ᠰᠠᠪᠠᠭᠳᠠᠨ ᠤᠨᠠᠬᠤ ᠳᠠᠭᠠᠨ ᠭᠤᠳᠤᠩ ᠤᠨ | ᠬᠡᠰᠡᠭ ᠨᠢ ᠬᠠᠲᠠᠭᠤ ᠶᠠᠭᠤᠮ᠎ᠠ ᠳᠤ ᠴᠤᠬᠢᠭᠳᠠᠬᠤ ᠵᠡᠷᠬᠡ ᠠᠴᠠ ᠰᠢᠯᠲᠠᠭᠠᠯᠠᠵᠤ᠂ ᠤᠭᠤᠴᠠ — ᠭᠤᠳᠤᠩ ᠤᠨ | ᠦᠶ᠎ᠠ ᠮᠤᠯᠲᠤᠷᠠᠳᠠᠭ᠃ ᠰᠢᠨᠵᠢᠯᠠᠨ ᠲᠤᠳᠤᠯᠬᠤ ᠠᠷᠭ᠎ᠠ᠄ | 1᠂ ᠦᠵᠠᠵᠤ ᠰᠢᠨᠵᠢᠯᠠᠨᠠ᠃ ᠠᠯᠬᠤᠵᠤ ᠶᠠᠪᠤᠬᠤ ᠳᠤ ᠬᠦᠴᠤᠷᠳᠡᠵᠤ᠂ ᠪᠦᠬᠦᠶᠢᠵᠤ ᠶᠠᠪᠤᠨ᠎ᠠ᠃ ᠲᠦᠤ ᠰᠠᠭᠤᠵᠤ | ᠴᠢᠳᠠᠬᠤ ᠦᠬᠡᠢ᠃ | 2᠂ ᠪᠠᠷᠢᠵᠤ ᠰᠢᠨᠵᠢᠯᠠᠨᠠ᠃ ᠪᠠᠷᠢᠬᠤ ᠳᠤ ᠳᠤᠲᠤᠭᠰᠢ ᠰᠢᠯᠵᠢᠭᠰᠡᠨ ᠨᠢ ᠲᠤᠳᠤᠷᠬᠠᠢ ᠮᠡᠳᠡᠭᠳᠡᠳᠡᠭ᠃ ᠭᠤᠳᠤᠩ | ᠤᠨ ᠦᠵᠤᠬᠦᠷ ᠢ ᠳᠠᠷᠤᠬᠤ ᠳᠤ ᠢᠷᠤᠭᠠᠷ ᠤᠨ ᠬᠡᠰᠡᠭ ᠲᠤᠨᠢ ᠬᠦᠳᠡᠯᠬᠦ ᠪᠠᠶᠢᠳᠠᠯ ᠲᠠᠢ ᠪᠠᠶᠢᠳᠠᠭ᠃ | 3᠂ ᠠᠰᠭᠤᠵᠤ ᠰᠢᠨᠵᠢᠯᠠᠨᠠ᠃ ᠦᠳᠬᠡᠨ ᠮᠦᠷ ᠪᠠᠨ ᠦᠵᠠᠬᠦ ᠳᠤ ᠡᠪᠳᠬᠦ ᠡᠰᠠᠬᠦ᠂ ᠭᠠᠳᠠᠷ ᠰᠢᠷᠬᠠᠳᠤᠯ ᠤᠨ | ᠲᠠᠤᠬᠡ ᠪᠠᠶᠢᠬᠤ ᠡᠰᠠᠬᠦ ᠵᠡᠷᠬᠡ ᠶᠢ ᠲᠤᠳᠤᠷᠬᠠᠶᠢᠯᠠᠨ ᠠᠰᠭᠤᠨᠠ᠃ ᠪᠠᠶᠢᠷᠢᠨ ᠳᠤᠨᠢ ᠤᠷᠤᠭᠤᠯᠬᠤ ᠠᠷᠭ᠎ᠠ᠄ | ᠡᠪᠠᠳᠴᠢᠲᠠᠨ ᠶᠢ ᠬᠠᠪᠢᠷᠭᠠᠳᠤᠯᠤᠨ ᠬᠡᠪᠲᠠᠬᠦᠯᠵᠤ᠂ ᠡᠪᠤᠳᠤᠭ᠌ ᠰᠠᠬᠦᠵᠢᠨ ᠦᠶ᠎ᠠ ᠪᠠᠨ ᠨᠤᠭᠤᠯᠤᠨ᠎ᠠ᠃ ᠶᠠᠰᠤᠴᠢ ᠭᠠᠷ | ᠪᠠᠨ ᠠᠷᠢᠭᠤᠳᠬᠠᠨ ᠤᠭᠠᠭᠠᠵᠤ ᠴᠡᠪᠠᠷᠠᠯᠠᠨ ᠵᠢᠤᠶᠢᠫᠢ ᠪᠡᠬᠡᠯᠠ ᠵᠠᠬᠦᠵᠤ᠂ ᠪᠠᠷᠠᠭᠤᠨ ᠭᠠᠷ ᠤᠨ ᠳᠤᠮᠳᠠ ᠬᠤᠷᠤᠭᠤ | ᠪᠠᠷ ᠡᠪᠠᠳᠴᠢᠲᠠᠨ ᠤ ᠭᠤᠳᠤᠩ ᠤᠨ ᠦᠵᠠᠬᠦᠷ ᠠᠴᠠ ᠡᠷᠬᠦᠵᠤ᠂ ᠵᠠᠬᠦᠨ ᠭᠠᠷ ᠤᠨ ᠡᠷᠠᠬᠡᠢ ᠬᠤᠷᠤᠭᠤ ᠪᠠᠷ ᠦᠶ᠎ᠠ | ᠬᠡᠰᠡᠭ ᠢ ᠤᠷᠤᠭᠰᠢ ᠲᠦᠯᠬᠢᠵᠤ ᠪᠠᠶᠢᠷᠢᠨ ᠳᠤᠨᠢ ᠤᠷᠤᠭᠤᠯᠤᠨ᠎ᠠ᠃ ᠪᠠᠬᠢᠯᠠᠨ ᠪᠤᠭᠤᠵᠤ ᠲᠤᠭᠲᠠᠪᠤᠷᠢᠵᠢᠭᠤᠯᠬᠤ | ᠠᠷᠭ᠎ᠠ᠄ ᠤᠭᠤᠴᠠ — ᠭᠤᠳᠤᠩ ᠤᠨ ᠮᠤᠯᠲᠤᠷᠠᠭᠰᠠᠨ ᠦᠶ᠎ᠠ ᠶᠢ ᠤᠷᠤᠭᠤᠯᠤᠭᠰᠠᠨ ᠤ ᠳᠠᠷᠠᠭ᠎ᠠ ᠳᠡᠬᠡᠷ᠎ᠠ ᠨᠢ | ᠭᠤᠤᠶᠤ ᠨᠠᠭᠠᠬᠤ ᠪᠤᠶᠤ ᠬᠦᠨᠳᠤ ᠰᠢᠭ ᠪᠤᠯ ᠭᠤᠳᠤᠩ ᠤᠨ ᠳᠤᠤᠷ᠎ᠠ ᠪᠠᠭ᠎ᠠ ᠵᠡᠷᠬᠡ ᠪᠦᠰ ᠪᠤᠶᠤ ᠬᠦᠪᠤᠩ ᠢᠪᠢᠵᠤ | ᠪᠠᠬᠢᠯᠠᠨ ᠲᠤᠭᠲᠠᠪᠤᠷᠢᠵᠢᠭᠤᠯᠤᠨ᠎ᠠ᠃ ᠠᠵᠢᠯᠠᠯᠭᠠᠨ ᠤ ᠪᠤᠯᠪᠠᠰᠤᠷᠠᠯ᠄ ᠦᠶ᠎ᠠ ᠤᠷᠤᠭᠰᠠᠨ ᠤ ᠳᠠᠷᠠᠭ᠎ᠠ ᠰᠠᠭᠤᠬᠤ | ᠶᠢ ᠬᠤᠷᠢᠭᠯᠠᠵᠤ᠂ ᠠᠯᠭᠤᠷ ᠶᠠᠪᠤᠬᠤ ᠪᠤᠶᠤ ᠬᠠᠵᠠᠭᠤ ᠪᠠᠷ ᠬᠡᠪᠲᠠᠬᠦᠬᠦ ᠶᠢ ᠭᠤᠤᠯ ᠪᠤᠯᠭᠠᠨ᠎ᠠ᠃ | ᠢᠯᠢᠬᠦ ᠵᠠᠰᠠᠯ᠄ ᠳᠠᠷᠤᠢ ᠤᠭᠤᠴᠠ ᠶᠢᠨ ᠵᠤᠬᠢᠰᠲᠠᠢ ᠪᠡᠯᠴᠢᠷ ᠢ ᠰᠤᠩᠭᠠᠨ ᠨᠤᠬᠤᠯᠬᠤ᠂ ᠰᠢᠪᠲᠤᠷᠬᠤ᠂ ᠳᠠᠷᠤᠬᠤ | ᠵᠠᠰᠠᠯ ᠢ ᠬᠢᠯᠬᠡᠨ᠎ᠠ᠃ | ᠳᠤᠯᠤᠳᠤᠭᠠᠷ ᠬᠡᠰᠡᠭ ᠤᠭᠤᠴᠠ — ᠲᠠᠰᠢᠶᠠᠨ ᠤ ᠦᠶ᠎ᠠ ᠶᠢᠨ ᠮᠤᠯᠲᠤᠷᠠᠯᠲᠠ | ᠤᠭᠤᠴᠠ — ᠲᠠᠰᠢᠶᠠᠨ ᠤ ᠶᠠᠰᠤ ᠪᠤᠯ ᠰᠠᠬᠦᠵᠢᠨ ᠶᠠᠰᠤᠨ ᠤ ᠳᠡᠬᠡᠷ᠎ᠠ ᠬᠡᠰᠡᠭ ᠲᠤ ᠪᠠᠶᠢᠳᠠᠭ ᠤᠷᠲᠤ | ᠳᠦᠷᠪᠠᠯᠵᠢᠨ ᠬᠡᠯᠪᠠᠷᠢ ᠶᠢᠨ ᠶᠠᠰᠤ ᠪᠤᠯᠤᠨ᠎ᠠ᠃ ᠡᠬᠦᠨ ᠢ ᠪᠠᠰᠠ ᠲᠠᠰᠢᠶᠠᠨ ᠶᠠᠰᠤᠨ ᠤ ᠳᠠᠯᠠᠪᠴᠢ ᠬᠡᠰᠡᠭ ᠪᠠ ᠬᠤᠶᠠᠷ | ᠢᠷᠮᠡᠭ ᠤᠨ ᠬᠡᠰᠡᠭ ᠬᠡᠵᠤ ᠬᠤᠪᠠᠶᠠᠨᠠ᠃ | ᠰᠢᠯᠲᠠᠭᠠᠨ ᠨᠦᠬᠦᠴᠠᠯ᠄ ᠭᠠᠳᠠᠭᠠᠳᠤ ᠬᠦᠴᠤᠨ ᠤ ᠰᠢᠭᠤᠳ ᠪᠤᠶᠤ ᠳᠠᠮ ᠲᠤᠰᠤᠯᠲᠠ ᠠᠴᠠ ᠪᠤᠯᠵᠤ ᠤᠭᠤᠴᠠ | — ᠲᠠᠰᠢᠶᠠᠨ ᠤ ᠦᠶ᠎ᠠ ᠮᠤᠯᠲᠤᠷᠠᠳᠠᠭ᠃ ᠳᠠᠷᠤᠢ ᠭᠠᠳᠠᠷ ᠬᠦᠴᠤᠨ ᠠᠷᠤ ᠠᠴᠠ ᠴᠤᠬᠢᠬᠤ᠂ ᠡᠰᠠᠬᠦᠯ᠎ᠠ ᠦᠨᠳᠤᠷ | ᠭᠠᠵᠠᠷ᠂ ᠮᠤᠷᠢ᠂ ᠮᠤᠲ᠋ᠤᠷ ᠠᠴᠠ ᠰᠠᠪᠠᠭᠳᠠᠨ ᠤᠨᠠᠬᠤ ᠳᠠᠭᠠᠨ ᠰᠠᠬᠦᠵᠢ ᠶᠢᠨ ᠬᠡᠰᠡᠭ ᠪᠠᠷ ᠤᠨᠠᠵᠤ ᠤᠭᠤᠴᠠ — | ᠲᠠᠰᠢᠶ᠎ᠠ ᠦᠶ᠎ᠠ ᠶᠢᠨ ᠬᠤᠯᠪᠤᠭᠠᠰᠤ ᠰᠠᠯᠵᠤ᠂ ᠲᠠᠰᠢᠶ᠎ᠠ ᠶᠢᠨ ᠶᠠᠰᠤ ᠨᠢ ᠤᠭᠤᠴᠠ ᠶᠢᠨ ᠶᠠᠰᠤᠨ ᠤ ᠠᠷᠤ ᠳᠡᠬᠡᠳᠤ | ᠲᠠᠯ᠎ᠠ ᠦᠬᠡᠳᠠ ᠮᠤᠯᠲᠤᠷᠠᠳᠠᠭ᠃ ᠰᠢᠨᠵᠢᠯᠠᠨ ᠲᠤᠳᠤᠯᠠᠬᠤ ᠠᠷᠭ᠎ᠠ᠄ 1᠂ ᠦᠵᠠᠵᠤ ᠰᠢᠨᠵᠢᠯᠠᠨᠠ᠃ | ᠡᠪᠠᠳᠴᠢᠲᠠᠨ ᠶᠢ ᠦᠵᠠᠬᠦ ᠳᠤ ᠤᠭᠤᠴᠠ — ᠲᠠᠰᠢᠶᠠᠨ ᠤ ᠦᠶ᠎ᠠ ᠡᠷᠠᠬᠦᠯ ᠬᠡᠪ ᠪᠠᠨ ᠠᠯᠳᠠᠵᠤ᠂ ᠳᠤᠤᠷᠠᠳᠤ | ᠮᠦᠴᠢᠨ ᠬᠦᠳᠡᠯᠬᠡᠬᠡᠨ ᠬᠠᠷᠰᠢᠯ ᠳᠤ ᠤᠴᠢᠷᠠᠳᠠᠭ᠃ 2᠂ ᠪᠠᠷᠢᠵᠤ ᠰᠢᠨᠵᠢᠯᠠᠨᠠ᠃ ᠤᠭᠤᠴᠠ — ᠲᠠᠰᠢᠶᠠᠨ ᠤ | ᠮᠤᠯᠲᠤᠷᠠᠭᠰᠠᠨ ᠪᠤᠯ ᠪᠠᠷᠢᠬᠤ ᠳᠤ ᠲᠠᠰᠢᠶᠠᠨ ᠶᠠᠰᠤᠨ ᠤ ᠳᠠᠯᠠᠪᠴᠢ ᠶᠢᠨ ᠬᠡᠰᠡᠭ ᠠᠷᠤ ᠲᠠᠯ᠎ᠠ ᠪᠠᠨ ᠰᠢᠯᠵᠢᠵᠤ | ᠲᠤᠪᠤᠶᠢᠳᠠᠭ᠃ | 3᠂ ᠠᠰᠭᠤᠵᠤ ᠰᠢᠨᠵᠢᠯᠠᠨᠠ᠃ ᠭᠠᠳᠠᠷ ᠰᠢᠷᠬᠠᠳᠤᠯ ᠤᠨ ᠲᠠᠤᠬᠡ ᠲᠠᠢ ᠡᠰᠠᠬᠦ᠂ ᠶᠠᠪᠤᠬᠤ ᠳᠤ ᠬᠦᠯ ᠤᠨ ᠠᠯᠢ | ᠬᠡᠰᠡᠭ ᠶᠡᠭᠡ ᠡᠪᠳᠬᠦ ᠶᠢ ᠲᠤᠳᠤᠷᠬᠠᠶᠢᠯᠠᠨ ᠠᠰᠭᠤᠨᠠ᠃ | ᠪᠠᠶᠢᠷᠢᠨ ᠳᠤᠨᠢ ᠤᠷᠤᠭᠤᠯᠬᠤ ᠠᠷᠭ᠎ᠠ᠄ | ︵1︶ ᠡᠪᠠᠳᠴᠢᠲᠠᠨ ᠶᠢ ᠲᠦᠷᠬᠦᠯᠤᠤ ︵ᠡᠯᠢᠬᠡᠳᠠᠬᠦᠯᠤᠨ︶ ᠬᠡᠪᠲᠠᠬᠦᠯᠵᠤ᠂ ᠨᠢᠬᠡ ᠬᠠᠪᠰᠤᠷᠤᠭᠴᠢ ᠬᠤᠶᠠᠷ | ᠰᠤᠭᠤᠨ ᠠᠴᠠ ᠨᠢ ᠳᠡᠬᠡᠭᠰᠢ ᠲᠠᠲᠠᠵᠤ᠂ ᠨᠦᠬᠦᠬᠡ ᠨᠢᠬᠡ ᠬᠠᠪᠰᠤᠷᠤᠭᠴᠢ ᠡᠪᠠᠳᠴᠢᠲᠠᠨ ᠤ ᠬᠤᠶᠠᠷ ᠬᠦᠯ ᠤᠨ ᠱᠠᠭ᠎ᠠ | ᠶᠢᠨ ᠬᠡᠰᠡᠭ ᠠᠴᠠ ᠠᠳᠬᠠᠵᠤ᠂ ᠭᠤᠤᠯ ᠱᠤᠭᠤᠮ ᠢ ᠳᠠᠭᠠᠭᠤᠯᠤᠨ ᠪᠠᠶ᠎ᠠ ᠲᠠᠯ᠎ᠠ ᠪᠠᠨ ᠲᠠᠲᠠᠨ᠎ᠠ᠃ ᠢᠩᠬᠢᠬᠡᠳ | ᠲᠠᠲᠠᠯᠲᠠ ᠨᠢ ᠵᠤᠬᠢᠬᠤ ᠬᠡᠮᠵᠢᠶᠠᠨ ᠳᠤ ᠬᠦᠷᠤᠭ᠍ᠰᠠᠨ ᠤ ᠳᠠᠷᠠᠭ᠎ᠠ ᠠᠷᠤ ᠳᠡᠬᠡᠭᠰᠢ ᠪᠠᠨ ᠲᠤᠪᠤᠶᠢᠭᠰᠠᠨ ᠲᠠᠰᠢᠶᠠᠨ | ᠶᠠᠰᠤᠨ ᠤ ᠠᠷᠤ ᠳᠡᠬᠡᠳᠤ ᠳᠠᠯᠠᠪᠴᠢ ᠶᠢ ᠶᠠᠰᠤᠴᠢ ᠬᠤᠶᠠᠷ ᠭᠠᠷ ᠤᠨ ᠡᠷᠠᠬᠡᠢ ᠬᠤᠷᠤᠭᠤ ᠪᠤᠶᠤ ᠪᠠᠷᠠᠭᠤᠨ ᠭᠠᠷ ᠤᠨ | ᠠᠯᠠᠭᠠᠨ ᠤ ᠠᠷᠤ ᠬᠡᠰᠡᠭ ᠪᠠᠨ ᠲᠠᠰᠢᠶᠠᠨ ᠤ ᠮᠤᠯᠲᠤᠷᠠᠭᠰᠠᠨ ᠦᠶ᠎ᠠ ᠳᠡᠬᠡᠷ᠎ᠠ ᠲᠠᠯᠪᠢᠵᠤ ᠵᠠᠬᠦᠨ ᠭᠠᠷ ᠤᠨ ᠠᠯᠠᠭᠠᠨ ᠤ | ᠠᠷᠤ ᠬᠡᠰᠡᠭ ᠪᠠᠷ ᠳᠠᠷᠤᠵᠤ ᠪᠠᠶᠢᠷᠢᠨ ᠳᠤᠨᠢ ᠤᠷᠤᠭᠤᠯᠤᠨ᠎ᠠ᠃ | ︵2︶ ᠡᠪᠠᠳᠴᠢᠲᠠᠨ ᠶᠢ ᠲᠦᠷᠬᠦᠯᠤᠤ ᠬᠡᠪᠲᠠᠬᠦᠯᠠᠨ ᠬᠤᠶᠠᠷ ᠭᠠᠷ ᠪᠠᠨ ᠲᠠᠮᠤᠷ ᠲᠤᠯᠤᠭᠠᠢ ᠠᠴᠠ ᠪᠠᠷᠢᠵᠤ ᠪᠠᠶ᠎ᠠ | ᠲᠠᠯ᠎ᠠ ᠪᠠᠨ ᠲᠠᠲᠠᠨ᠎ᠠ᠂ ᠬᠠᠪᠰᠤᠷᠤᠭᠴᠢ ᠡᠪᠠᠳᠴᠢᠲᠠᠨ ᠤ ᠬᠦᠯ ᠤᠨ ᠱᠠᠭ᠎ᠠ ᠠᠴᠠ ᠭᠤᠤᠯ ᠱᠤᠭᠤᠮ ᠢ ᠳᠠᠭᠠᠭᠤᠯᠤᠨ | ᠪᠠᠶ᠎ᠠ ᠲᠠᠯ᠎ᠠ ᠪᠠᠨ ᠲᠠᠲᠠᠨ᠎ᠠ᠂ ᠡᠨᠠ ᠦᠶ᠎ᠠ ᠳᠤ ᠡᠮᠴᠢ ᠡᠪᠠᠳᠴᠢᠲᠠᠨ ᠤ ᠡᠷᠠᠬᠦᠯ ᠲᠠᠯ᠎ᠠ ᠶᠢᠨ ᠰᠠᠬᠦᠵᠢ ᠶᠢᠨ ᠬᠡᠰᠡᠭ | ᠡᠪᠤᠳᠤᠭ᠌ ᠪᠠᠷ ᠢᠶᠠᠨ ᠲᠤᠯᠠᠵᠤ᠂ ᠲᠠᠰᠢᠶ᠎ᠠ ᠶᠠᠰᠤᠨ ᠤ ᠳᠡᠬᠡᠳᠤ ᠳᠠᠯᠠᠪᠴᠢ ᠶᠢ ᠭᠠᠷ ᠤᠨ ᠬᠤᠶᠠᠷ ᠡᠷᠠᠬᠡᠢ ᠪᠠᠷ ᠢᠶᠠᠨ | ᠲᠦᠯᠬᠢᠵᠤ ᠤᠭ ᠪᠠᠶᠢᠷᠢᠨ ᠳᠤᠨᠢ ᠤᠷᠤᠭᠤᠯᠤᠨ᠎ᠠ ︵ᠵᠢᠷᠤᠭ — 18 ᠳᠤ ᠦᠵᠠ︶᠃ | ᠪᠠᠬᠢᠯᠠᠨ ᠪᠤᠭᠤᠵᠤ ᠲᠤᠭᠲᠠᠪᠤᠷᠢᠵᠢᠭᠤᠯᠬᠤ ᠠᠷᠭ᠎ᠠ᠄ ᠮᠤᠯᠲᠤᠷᠠᠭᠰᠠᠨ ᠤᠭᠤᠴᠠ — ᠲᠠᠰᠢᠶ᠎ᠠ ᠨᠢ ᠦᠶ᠎ᠠ | ᠶᠢ ᠪᠠᠶᠢᠷᠢᠨ ᠳᠤᠨᠢ ᠤᠷᠤᠭᠤᠯᠤᠭᠰᠠᠨ ᠤ ᠳᠠᠷᠠᠭ᠎ᠠ᠂ ᠬᠤᠶᠠᠷ ᠳᠠᠯᠠᠪᠴᠢ ᠳᠤᠨᠢ ᠵᠤᠬᠢᠰᠲᠠᠢ ᠬᠠᠪᠳᠠᠰᠤ ᠲᠠᠯᠪᠢᠵᠤ᠂ | ᠵᠦᠬᠡᠯᠠᠨ ᠪᠦᠰ ᠪᠠᠷ ᠤᠷᠤᠭᠠᠭᠠᠳ ᠪᠠᠬᠢᠯᠠᠨ ᠪᠤᠭᠤᠨ᠎ᠠ᠃ ᠡᠰᠠᠬᠦᠯ᠎ᠠ ᠡᠪᠠᠳᠴᠢᠲᠠᠨ ᠶᠢ ᠳᠡᠬᠡᠭᠰᠢ ᠬᠠᠨᠳᠤᠭᠤᠯᠤᠨ | ᠲᠡᠭᠰᠢ ᠬᠡᠪᠲᠡᠬᠦᠯᠵᠤ᠂ ᠤᠭᠤᠴᠠ — ᠲᠠᠰᠢᠶᠠᠨ ᠤ ᠬᠡᠰᠡᠭ ᠲᠤ ᠵᠤᠬᠢᠬᠤ ᠬᠡᠮᠵᠢᠶᠠᠨ ᠤ ᠶᠠᠭᠤᠮ᠎ᠠ ᠢᠪᠢᠵᠤ᠂ | ᠬᠤᠶᠠᠷ ᠲᠠᠯ᠎ᠠ ᠠᠴᠠ ᠨᠢ ᠡᠯᠠᠰᠤᠨ ᠤᠭᠤᠲᠠ ᠪᠠᠷ ᠬᠠᠪᠴᠢᠵᠤ ᠪᠠᠬᠢᠯᠠᠨ ᠲᠤᠭᠲᠠᠪᠤᠷᠢᠵᠢᠭᠤᠯᠤᠨ᠎ᠠ᠃ | ᠠᠵᠢᠯᠠᠯᠭᠠᠨ ᠤ ᠪᠤᠯᠪᠠᠰᠤᠷᠠᠯ᠄ ᠨᠢᠬᠡ ᠭᠠᠷᠠᠭ ᠤᠨ ᠳᠠᠷᠠᠭ᠎ᠠ ᠠᠯᠭᠤᠷ ᠠᠭᠠᠵᠢᠮ ᠪᠠᠷ ᠰᠠᠭᠤᠬᠤ᠂ ᠪᠤᠰᠴᠤ ᠶᠠᠪᠤᠬᠤ | ᠬᠦᠳᠡᠯᠬᠡᠬᠡᠨ ᠬᠢᠯᠬᠡᠨ᠎ᠠ᠃ | ᠢᠯᠢᠬᠦ ᠵᠠᠰᠠᠯ᠄ ᠤᠭᠤᠴᠠ — ᠲᠠᠰᠢᠶᠠᠨ ᠤ ᠬᠡᠰᠡᠭ ᠤᠨ ᠵᠤᠬᠢᠬᠤ ᠪᠡᠯᠴᠢᠷ ᠢ ᠰᠤᠩᠭᠠᠨ᠂ ᠢᠯᠢᠵᠤ ᠳᠠᠷᠤᠬᠤ᠂ | ᠵᠦᠬᠡᠯᠠᠨ ᠨᠤᠬᠤᠯᠬᠤ᠂ ᠨᠤᠳᠤᠷᠴᠤ ᠰᠢᠪᠲᠤᠷᠤᠬᠤ ᠵᠡᠷᠬᠡ ᠵᠠᠰᠠᠯ ᠢ ᠠᠯᠬᠤᠮ ᠳᠠᠷᠠᠭ᠎ᠠ ᠲᠠᠢ ᠪᠠᠷ ᠪᠠᠭ᠎ᠠ ᠠᠴᠠ ᠶᠡᠭᠡ᠂ | ᠳᠠᠬᠢᠨ ᠪᠠᠭ᠎ᠠ᠂ ᠬᠦᠩᠬᠡᠨ ᠠᠴᠠ ᠬᠦᠨᠳᠤ᠂ ᠳᠠᠬᠢᠨ ᠬᠦᠩᠬᠡᠨ᠂ ᠤᠳᠠᠭᠠᠨ ᠠᠴᠠ ᠲᠦᠷᠬᠡᠨ᠂ ᠳᠠᠬᠢᠨ ᠤᠳᠠᠭᠠᠨ ᠶᠢ | ᠪᠠᠷᠢᠮᠲᠠᠯᠠᠨ᠎ᠠ᠃ | ᠨᠠᠶᠢᠮᠠᠳᠤᠭᠠᠷ ᠬᠡᠰᠡᠭ ᠤᠮᠳᠠᠭ ᠶᠠᠰᠤᠨ ᠤ ᠵᠠᠭᠠᠳᠠᠰᠤᠨ ᠤ ᠰᠠᠯᠤᠯᠲᠠ ᠤᠮᠳᠠᠭ ᠶᠠᠰᠤᠨ ᠤ ᠵᠠᠭᠠᠳᠠᠰᠤ | ᠪᠤᠯ ᠬᠤᠶᠠᠷ ᠲᠠᠯ᠎ᠠ ᠶᠢᠨ ᠤᠮᠳᠠᠭ ᠶᠠᠰᠤᠨ ᠤ ᠮᠦᠬᠡᠷᠰᠤ ᠪᠠᠷ ᠵᠠᠯᠭᠠᠯᠳᠤᠵᠤ᠂ ᠪᠠᠶ᠎ᠠ ᠶᠢᠨ ᠠᠭᠠᠷᠴᠠᠭ ᠤᠨ ᠶᠠᠰᠤ ᠶᠢ | ᠪᠦᠲᠤᠬᠡᠳᠡᠭ᠃ ᠲᠡᠷᠠ ᠤ ᠰᠠᠬᠦᠵᠢᠨ ᠶᠠᠰᠤᠨ ᠤ ᠡᠮᠤᠨ᠎ᠠ ᠳᠤᠤᠷ᠎ᠠ ᠬᠡᠰᠡᠭ ᠲᠤ ᠪᠠᠶᠢᠷᠢᠰᠢᠵᠤ ᠪᠠᠶᠢᠭ᠎ᠠ ᠪᠦᠬᠡᠳ ᠡᠬᠦᠨ | ᠢ ᠤᠮᠳᠠᠭ ᠶᠠᠰᠤᠨ ᠤ ᠪᠠᠶ᠎ᠠ᠂ ᠤᠮᠳᠠᠭ ᠶᠠᠰᠤᠨ ᠤ ᠳᠡᠬᠡᠷ᠎ᠠ ᠰᠠᠯᠠᠭ᠎ᠠ ᠬᠢᠬᠡᠳ ᠳᠤᠤᠷ᠎ᠠ ᠰᠠᠯᠠᠭ᠎ᠠ ᠬᠡᠵᠤ ᠬᠤᠪᠢᠶᠠᠨ᠎ᠠ | ︵ᠵᠢᠷᠤᠭ — 39 ᠳᠤ ᠦᠵᠠ︶᠃ | ᠰᠢᠯᠲᠠᠭᠠᠨ ᠨᠦᠬᠦᠴᠠᠯ᠄ ᠭᠠᠳᠠᠭᠠᠳᠤ ᠰᠢᠯᠲᠠᠭᠠᠨ ᠠᠴᠠ ᠪᠤᠯᠵᠤ ᠨᠦᠰᠠᠷ ᠬᠦᠨᠳᠤ ᠴᠤᠬᠢᠯᠲᠠ ᠳᠤ ᠤᠴᠢᠷᠠᠬᠤ᠂ | ᠰᠢᠬᠠᠭᠳᠠᠬᠤ ᠪᠤᠶᠤ ᠠᠭᠠᠷᠴᠠᠭ ᠲᠡᠯᠡᠭᠳᠡᠬᠦ ᠠᠴᠠ ᠪᠤᠯᠵᠤ ᠤᠮᠳᠠᠭ ᠤᠨ ᠶᠠᠰᠤᠨ ᠤ ᠵᠠᠭᠠᠳᠠᠰᠤ ᠰᠠᠯᠳᠠᠭ᠃ | ᠰᠢᠨᠵᠢᠯᠠᠨ ᠲᠤᠳᠤᠯᠬᠤ ᠠᠷᠭ᠎ᠠ᠄ | 1᠂ ᠦᠵᠠᠵᠤ ᠰᠢᠨᠵᠢᠯᠠᠨᠠ᠃ ᠤᠮᠳᠠᠭ ᠤᠨ ᠶᠠᠰᠤᠨ ᠤ ᠵᠠᠭᠠᠳᠠᠰᠤ ᠰᠠᠯᠤᠭᠠᠳ ᠪᠠᠶᠢᠷᠢᠨ ᠠᠴᠠ ᠪᠠᠨ ᠰᠢᠯᠵᠢᠭᠰᠡᠨ | ᠪᠤᠯ ᠠᠭᠠᠷᠴᠠᠭ ᠤᠨ ᠪᠠᠶᠢᠷᠢᠯᠠᠯ ᠠᠳᠠᠯᠢ ᠪᠢᠰᠢ ᠪᠤᠯᠵᠤ᠂ ᠤᠮᠳᠠᠭ ᠤᠨ ᠶᠠᠰᠤ ᠨᠢ ᠨᠢᠬᠡ ᠲᠠᠯ᠎ᠠ ᠳᠡᠬᠡᠭᠰᠢ ᠲᠤᠪᠤᠶᠢᠵᠤ᠂ | ᠤᠮᠳᠠᠭ ᠤᠨ ᠨᠦᠬᠦᠬᠡ ᠲᠠᠯ᠎ᠠ ᠶᠢᠨ ᠶᠠᠰᠤ ᠳᠤᠤᠷ᠎ᠠ ᠦᠵᠡᠭᠳᠠᠳᠡᠭ᠃ | 2᠂ ᠪᠠᠷᠢᠵᠤ ᠰᠢᠨᠵᠢᠯᠠᠨᠠ᠃ ᠤᠮᠳᠠᠭ ᠤᠨ ᠶᠠᠰᠤᠨ ᠤ ᠵᠠᠳᠠᠭᠠᠰᠤ ᠰᠠᠯᠪᠠᠯ ᠵᠠᠭᠠᠳᠠᠰᠤᠨ ᠤ ᠬᠡᠰᠡᠭ ᠲᠤ ᠪᠠᠷᠢᠪᠠᠯ | ᠵᠠᠪᠰᠠᠷ ᠲᠠᠢ ᠪᠠᠶᠢᠳᠠᠭ ᠵᠠᠭᠠᠳᠠᠰᠤ ᠨᠢ ᠰᠠᠯᠤᠭᠠᠳ ᠰᠤᠯᠪᠢᠭᠰᠠᠨ ᠪᠤᠯ ᠨᠢᠬᠡ ᠲᠠᠯ᠎ᠠ ᠦᠵᠠᠬᠦᠷ ᠲᠤᠪᠤᠶᠢᠵᠤ᠂ ᠨᠦᠬᠦᠬᠡ | ᠲᠠᠯ᠎ᠠ ᠬᠤᠲᠤᠶᠢᠵᠤ ᠪᠠᠷᠢᠭᠳᠠᠳᠠᠭ᠃ | 3᠂ ᠠᠰᠠᠭᠤᠵᠤ ᠰᠢᠨᠵᠢᠯᠠᠨᠠ᠃ ᠭᠠᠳᠠᠷ ᠬᠡᠮᠲᠤᠯ ᠤᠨ ᠲᠠᠤᠬᠡ ᠲᠠᠢ ᠡᠰᠠᠬᠦ᠂ ᠳᠤᠤᠷᠠᠳᠤ ᠮᠦᠴᠢ ᠶᠢᠨ ᠬᠦᠳᠡᠯᠬᠡᠬᠡᠨ | ᠤ ᠪᠠᠶᠢᠳᠠᠯ ᠢ ᠠᠰᠠᠭᠤᠵᠤ ᠲᠤᠳᠤᠷᠬᠠᠶᠢᠯᠠᠨ᠎ᠠ᠃ ᠪᠠᠶᠢᠷᠢᠨ ᠳᠤᠨᠢ ᠤᠷᠤᠭᠤᠯᠬᠤ ᠠᠷᠭ᠎ᠠ᠄ | ︵1︶ ᠤᠮᠳᠠᠭ ᠶᠠᠰᠤᠨ ᠤ ᠵᠠᠭᠠᠳᠠᠰᠤ ᠰᠠᠯᠵᠤ ᠵᠠᠢ ᠭᠠᠷᠤᠭᠰᠠᠨ ᠪᠤᠯᠪᠠᠴᠤ ᠰᠢᠯᠵᠢᠵᠤ ᠵᠦᠷᠢᠭᠰᠡᠨ ᠦᠬᠡᠢ ᠪᠤᠯ | ᠡᠪᠠᠳᠴᠢᠲᠠᠨ ᠶᠢ ᠳᠡᠬᠡᠭᠰᠢ ᠬᠠᠨᠳᠤᠭᠠᠯᠤᠨ ᠲᠡᠭᠰᠢ ᠬᠡᠪᠲᠠᠬᠦᠯᠵᠤ᠂ ᠶᠠᠰᠤᠴᠢ ᠭᠠᠷ ᠪᠠᠷ ᠢᠶᠠᠨ ᠰᠠᠬᠦᠵᠢᠨ ᠬᠤᠶᠠᠷ | ᠲᠠᠯ᠎ᠠ ᠠᠴᠠ ᠠᠳᠬᠠᠨ᠂ ᠡᠮᠤᠨᠠᠰᠢ ᠡᠷᠬᠦᠵᠤ ᠳᠤᠲᠤᠭᠰᠢ ᠰᠢᠬᠠᠨ ᠪᠠᠶᠢᠷᠢᠨ ᠳᠤᠨᠢ ᠤᠷᠤᠭᠤᠯᠳᠠᠭ᠃ | ︵2︶ ᠡᠪᠠᠳᠴᠢᠲᠠᠨ ᠶᠢ ᠬᠠᠪᠢᠷᠭᠠᠳᠤᠯᠤᠨ ᠬᠡᠪᠲᠡᠬᠦᠯᠵᠤ᠂ ᠰᠠᠬᠦᠵᠢ ᠡᠪᠤᠳᠤᠭ᠌ ᠤᠨ ᠦᠶ᠎ᠠ ᠶᠢ ᠬᠠᠭᠠᠰ | ᠨᠤᠭᠤᠯᠤᠨ᠎ᠠ᠃ ᠶᠠᠰᠤᠴᠢ ᠡᠪᠠᠳᠴᠢᠲᠠᠨ ᠤ ᠡᠮᠤᠨ᠎ᠠ ᠲᠠᠯ᠎ᠠ ᠳᠤ ᠵᠤᠭᠰᠤᠨ᠂ ᠨᠢᠬᠡ ᠭᠠᠷ ᠤᠨ ᠠᠯᠠᠭ᠎ᠠ ᠪᠠᠷ ᠢᠶᠠᠨ | ᠶᠠᠰᠤᠨ ᠤ ᠵᠠᠭᠠᠳᠠᠰᠤ ᠶᠢᠨ ᠬᠡᠰᠡᠭ ᠢ ᠲᠤᠯᠵᠤ᠂ ᠨᠦᠬᠦᠬᠡ ᠭᠠᠷ ᠢᠶᠠᠷ ᠢᠶᠠᠨ ᠰᠠᠬᠦᠵᠢᠨ ᠳᠡᠬᠡᠷ᠎ᠠ ᠳᠠᠷᠤᠵᠤ ᠤᠮᠳᠠᠭ | ᠤᠨ ᠵᠠᠭᠠᠷᠠᠭᠰᠠᠨ ᠦᠶ᠎ᠠ ᠶᠢ ᠤᠭ ᠪᠠᠶᠢᠷᠢᠨ ᠳᠤᠨᠢ ᠤᠷᠤᠭᠤᠯᠤᠨ᠎ᠠ᠃ | ︵3︶ ᠡᠪᠠᠳᠴᠢᠲᠠᠨ ᠤ ᠤᠮᠳᠠᠭ ᠤᠨ ᠶᠠᠰᠤᠨ ᠤ ᠵᠠᠭᠠᠳᠠᠰᠤ ᠰᠠᠯᠤᠭᠠᠳ ᠵᠦᠷᠢᠵᠤ ᠰᠤᠯᠪᠢᠭᠰᠠᠨ ᠪᠤᠯ | ᠡᠪᠠᠳᠴᠢᠲᠠᠨ ᠶᠢ ᠳᠡᠬᠡᠭᠰᠢ ᠬᠠᠨᠳᠤᠭᠤᠯᠤᠨ ᠬᠡᠪᠲᠠᠬᠦᠯᠵᠤ᠂ ᠬᠠᠪᠰᠤᠷᠤᠭᠴᠢ ᠡᠪᠠᠳᠴᠢᠲᠠᠨ ᠤ ᠲᠠᠰᠢᠶᠠᠨ ᠶᠠᠰᠤᠨ ᠤ | ᠬᠤᠶᠠᠷ ᠳᠠᠯᠠᠪᠴᠢ ᠶᠢᠨ ᠳᠡᠬᠡᠷ᠎ᠠ ᠬᠤᠶᠠᠷ ᠪᠠᠨ ᠤᠷᠤᠭᠰᠢ ᠳᠠᠷᠤᠨ᠎ᠠ ︵ᠵᠢᠷᠤᠭ — 19 ᠳᠤ ᠦᠵᠠ︶᠃ ᠡᠨᠠ | ᠦᠶ᠎ᠠ ᠳᠤ ᠶᠠᠰᠤᠴᠢ ᠤᠮᠳᠠᠭ ᠤᠨ ᠶᠠᠰᠤᠨ ᠤ ᠵᠠᠭᠠᠳᠠᠰᠤ ᠨᠢ ᠲᠤᠪᠤᠶᠢᠵᠤ ᠭᠠᠷᠤᠭᠰᠠᠨ ᠦᠵᠠᠬᠦᠷ ᠳᠡᠬᠡᠷ᠎ᠠ ᠠᠴᠠ | ᠳᠠᠷᠤᠵᠤ ᠤᠭ ᠪᠠᠶᠢᠷᠢᠨ ᠳᠤᠨᠢ ᠤᠷᠤᠭᠤᠯᠤᠨ᠎ᠠ᠃ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ | | | | | |