ᠪᠦᠳᠤᠬᠦᠨ ᠭᠤᠨᠭ᠍ᠴᠤᠭ ᠤᠨ ᠲᠤᠮᠤᠭ
ᠨᠡᠶᠢᠲᠡᠯᠡᠭᠰᠡᠨ ᠴᠠᠭ᠄
2020/4/21
  ᠭᠤᠨᠭ᠍ᠴᠤᠭ ᠤᠨ ᠡᠭᠡ ᠨᠢ ᠴᠡᠴᠡᠭ ︵ᠰᠠᠷᠵᠢ ᠬᠠᠹᠠᠨ ᠤ ᠡᠭᠡᠨᠠᠷ︶᠂ ᠡᠴᠢᠭᠡ ᠨᠢ ᠪᠠᠯᠳᠠᠨ ᠵᠠᠰᠠᠭ ᠤᠨ ᠬᠤᠰᠢᠭᠤᠨ ᠤ ᠲᠠᠷᠯᠠᠢ ᠤᠮᠵᠢᠤᠨ ᠭᠡᠭᠴᠢ ᠬᠦᠮᠤᠨ ᠪᠠᠶᠢᠵᠤ ᠭᠡᠨ᠎ᠠ᠃ ᠰᠠᠷᠵᠢ ᠶᠢᠨ ᠲᠠᠭᠠᠪᠤᠷᠢ ᠬᠦᠤ ᠪᠤᠯᠬᠤ ᠶᠤᠮ ᠭᠡᠨ᠎ᠠ᠃ ᠭᠤᠨᠭ᠍ᠴᠤᠭ ᠤᠨ ᠡᠭᠡᠨᠠᠷ ᠨᠢ ᠲᠤᠯᠤᠮᠤ᠂ ᠬᠦᠤ ᠨᠢ ᠡᠷᠳᠠᠨᠢᠳᠤᠭᠳᠠᠬᠤ᠂ ᠭᠤᠮᠪᠤᠰᠦ᠋ᠷᠤᠩ ᠬᠤᠶᠠᠷ᠃ ᠭᠤᠨᠭ᠍ᠴᠤᠭ ᠦᠨᠠᠭᠡᠷ ᠪᠦᠳᠤᠬᠦᠨ ᠬᠦᠮᠤᠨ ᠪᠠᠶᠢᠵᠠᠢ᠃ ᠮᠤᠩᠭᠤᠯ ᠭᠡᠷ ᠤᠨ ᠡᠬᠦᠳᠠ ᠪᠠᠷ ᠪᠠᠭᠳᠠᠵᠤ ᠶᠠᠳᠠᠮ᠎ᠠ ᠤᠷᠤᠵᠤ ᠢᠷᠠᠳᠡᠭ᠂ ᠲᠦᠡᠭᠬᠢᠨᠡᠭᠰᠠᠨ ᠲᠠᠭᠤ᠂ ᠲᠤᠮᠤ ᠲᠤᠯᠤᠭᠠᠢ ᠲᠠᠢ᠂ ᠪᠠᠷᠤᠭ ᠠᠳᠤᠭᠤ ᠦᠭᠡᠷ ᠤᠨ ᠨᠢᠳᠤᠨ ᠴᠢᠨᠡᠭᠡ ᠲᠤᠮᠤ ᠨᠢᠳᠤ ᠲᠠᠢ᠂ ᠨᠢᠳᠤᠨ ᠬᠦᠡᠭᠬᠦᠷᠭᠡᠢ ᠨᠢ ᠡᠷᠬᠢ ᠰᠢᠭ᠂ ᠦᠷᠭᠡᠨ ᠤᠷᠳᠤ ᠬᠦᠮᠤᠰᠭᠡ᠂ ᠭᠡᠳᠤᠨ ᠨᠠᠷᠢᠨ ᠰᠠᠬᠠᠯ ᠲᠠᠢ᠂ ᠭᠠᠷ ᠤᠨ ᠬᠤᠷᠤᠭᠤ ᠨᠢ ᠶᠠᠷᠤ ᠶᠢᠨ ᠬᠦᠮᠤᠨ ᠤ ᠭᠤᠷᠪᠠᠨ ᠬᠤᠷᠤᠭᠤ ᠶᠢ ᠨᠠᠶᠢᠯᠠᠬᠦᠯᠦᠭᠰᠠᠨ ᠲᠠᠢ ᠠᠳᠠᠯᠢ ᠪᠠᠶᠢᠵᠤ᠂ ᠬᠦᠯ ᠤᠨ ᠰᠢᠯᠪᠢ ᠨᠢ ᠶᠠᠷᠤ ᠶᠢᠨ ᠬᠦᠮᠤᠨ ᠤ ᠬᠢ ᠠᠴᠠ ᠬᠤᠪᠢ ᠲᠠᠬᠢᠨ ᠪᠦᠳᠤᠬᠦᠨ ᠪᠠᠶᠢᠳᠠᠭ᠃   ᠭᠤᠨᠭ᠍ᠴᠤᠭ ᠵᠠᠯᠠᠭᠤ ᠳᠠᠭᠠᠨ ᠲᠠᠰᠢ ᠨᠤᠶᠠᠨ ᠤ ᠠᠳᠤᠭᠤ ᠶᠢ ᠬᠠᠷᠢᠭᠤᠯᠵᠤ ᠪᠠᠶᠢᠵᠠᠢ᠃ ᠲᠠᠷᠨ ᠪᠠᠶ᠎ᠠ ᠪᠦᠳᠤᠬᠦᠨ ᠲᠠᠭᠡᠷ᠎ᠠ ᠲᠠᠩᠭᠡᠭᠡ ᠴᠢᠳᠠᠯ ᠲᠠᠢ ᠬᠦᠮᠤᠨ ᠪᠠᠶᠢᠭᠰᠠᠨ ᠪᠤᠯᠬᠤᠷ ᠠᠳᠤᠭᠤ ᠴᠠᠯᠮᠠᠳᠠᠨ ᠲᠠᠳᠠᠵᠤ ᠵᠤᠭᠰᠤᠭᠠᠬᠤ᠂ ᠠᠳᠤᠭᠤ ᠲᠠᠯᠯᠠᠬᠦ ᠳᠡᠭᠡᠨ ᠶᠠᠷᠤ ᠵᠤᠪᠠᠳᠠᠭ ᠦᠭᠡᠢ ᠪᠠᠶᠢᠵᠠᠢ᠃ ᠲᠠᠷᠨ ᠵᠠᠯᠠᠭᠤ ᠢᠳᠠᠷ ᠨᠠᠰᠤᠨ ᠳᠠᠭᠠᠨ ᠨᠠᠷᠠᠳᠠᠢ ᠪᠦᠭᠡᠴᠢᠨ ᠪᠠᠶᠢᠭᠰᠠᠨ ᠶᠤᠮ᠃ ᠲᠠᠷᠨ ᠦᠶ᠎ᠠ ᠳᠤ ᠬᠤᠶᠠᠷ ᠬᠦᠮᠤᠨ ᠢ ᠤᠨᠤᠭᠳᠠᠭᠤᠯᠤᠨ᠂ ᠨᠢᠭᠡ ᠯᠠ ᠤᠳᠠᠭ᠎ᠠ ᠪᠠᠷᠢᠯᠳᠤᠳᠠᠭ ᠲᠤᠷᠭᠤᠤᠨ ᠪᠦᠭᠡ ᠪᠠᠶᠢᠭᠰᠠᠨ ᠤᠴᠢᠷ ᠲᠠᠷᠨ ᠪᠠᠰᠠ ᠮᠠᠩᠯᠠᠢ ᠪᠦᠭᠡ ᠳᠤ ᠭᠠᠷᠳᠠᠭ ᠪᠠᠶᠢᠵᠠᠢ᠃ ᠭᠡᠪᠠᠴᠤ ᠤᠯᠠᠨ ᠵᠢᠯ ᠪᠠᠷᠢᠯᠳᠤᠵᠤ ᠴᠢᠳᠠᠭᠰᠠᠨ ᠦᠭᠡᠢ ᠨᠢ ᠲᠠᠬᠦᠨ ᠳᠤ ᠪᠠᠭᠳᠠᠬᠤ ᠵᠤᠳᠤᠭ ᠱᠤᠳᠠᠭ ᠪᠠᠶᠢᠬᠤ ᠦᠭᠡᠢ ᠠᠴᠠ ᠪᠤᠯᠤᠭᠰᠠᠨ ᠭᠡᠳᠡᠭ᠃    ᠭᠤᠨᠭ᠍ᠴᠤᠭ ᠨᠢᠭᠡ ᠤᠳᠠᠭ᠎ᠠ ᠨᠤᠶᠠᠨ ᠢ ᠲᠠᠭᠠᠵᠤ ᠬᠦᠮᠪᠤᠮ᠂ ᠯᠠᠠᠵᠸᠤ ᠳᠤ ᠤᠴᠢᠭᠰᠠᠨ ᠳᠤ ᠭᠤᠨᠭ᠍ᠴᠤᠭ ᠬᠠᠮᠢᠭ᠎ᠠ ᠬᠦᠷᠪᠠᠯ ᠲᠠᠡᠳᠠᠬᠢ ᠬᠦᠮᠤᠰ ᠪᠦᠭᠡᠮᠨᠠᠷᠠᠨ ᠴᠤᠭᠯᠠᠷᠠᠭᠠᠤᠨ ᠦᠵᠠᠵᠤ ᠭᠠᠶᠢᠬᠠᠵᠠᠭᠠᠨ ᠤᠷᠤᠭᠰᠢ ᠬᠢᠰᠬᠢᠬᠦᠯᠳᠡᠭ ᠦᠭᠡᠢ ᠭᠡᠨ᠎ᠠ᠃ ᠨᠠᠩ ᠵᠠᠷᠢᠮ ᠨᠢ ᠭᠤᠨᠭ᠍ᠴᠤᠭ ᠤᠨ ᠨᠢᠭᠡ ᠬᠤᠷᠤᠭᠤᠨ ᠤ ᠲᠠᠷᠭᠡᠳᠠ ᠦᠪᠠᠷ ᠤᠨ ᠭᠤᠷᠪᠠᠨ ᠬᠤᠷᠤᠭᠤ ᠪᠠᠨ ᠨᠠᠶᠢᠯᠠᠬᠦᠯᠵᠤ ᠪᠠᠷᠢᠭᠠᠤᠨ ᠪᠠᠰᠠ ᠬᠠᠪᠢᠳᠠᠬᠤ ᠦᠭᠡᠢ ᠪᠠᠶᠢᠬᠤ ᠶᠢ ᠦᠵᠠᠭᠡᠤᠨ ᠶᠡᠭᠡ ᠯᠠ ᠭᠠᠶᠢᠬᠠᠨ ᠰᠤᠨᠢᠷᠬᠠᠳᠠᠭ ᠪᠠᠶᠢᠯ᠎ᠠ ᠭᠡᠳᠡᠭ᠃  ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号