ᠮᠣᠩᠭᠤᠯ ᠭᠡᠷ ᠲᠦᠮᠡᠨ ᠵᠢᠯ ᠤᠨ ᠡᠮᠦᠨ᠎ᠡ ᠡᠭᠦᠰᠦᠭᠰᠡᠨ
ᠨᠡᠶᠢᠲᠡᠯᠡᠭᠰᠡᠨ ᠴᠠᠭ᠄
2020/4/22
 ᠮᠣᠩᠭᠤᠯᠴᠤᠳ ᠤᠨ ᠭᠡᠷ ᠲᠦᠮᠡᠨ ᠵᠢᠯ ᠠᠴᠠ ᠴᠦ ᠡᠮᠦᠨ᠎ᠡ ᠡᠭᠦᠰᠦᠭᠰᠡᠨ ᠭᠡᠳᠡᠭ ᠢ ᠨᠤᠲᠠᠯᠠᠬᠤ ᠶᠠᠩᠵᠤ ᠪᠦᠷᠢ ᠶᠢᠨ ᠬᠠᠳᠠᠨ ᠤ ᠰᠦᠭ ᠵᠢᠷᠤᠭ ᠤᠳ ᠣᠯᠳᠠᠵᠠᠢ᠃ ᠬᠠᠮᠤᠭ ᠤᠨ ᠲᠣᠳᠣ ᠵᠢᠱᠢᠶ᠎ᠡ ᠨᠢ ᠥᠪᠥᠷ ᠬᠠᠩᠭᠠᠢ ᠠᠶᠢᠮᠠᠭ ᠤᠨ ᠪᠤᠭᠤᠲᠤ ᠰᠤᠮᠤ ᠶᠢᠨ ᠬᠠᠳᠠᠨ ᠤ ᠵᠢᠷᠤᠭ ᠪᠥᠭᠡᠳ ᠶᠠᠨᠳᠣᠩ ᠲᠠᠢ ᠭᠡᠷ ᠵᠢᠷᠤᠭᠳᠠᠭᠰᠠᠨ ᠪᠠᠶᠢᠳᠠᠭ ᠪᠣᠯ ᠪᠠᠶᠠᠨ ᠥᠯᠥᠭᠡᠢ ᠠᠶᠢᠮᠠᠭ ᠤᠨ ᠴᠠᠭᠠᠨ ᠰᠠᠯᠠᠭ᠎ᠠ ᠬᠠᠳᠠᠨ ᠤ ᠵᠢᠷᠤᠭ ᠲᠤ ᠭᠡᠷ᠂ ᠳᠥᠷᠥᠭᠡ ᠬᠤᠶᠠᠷ ᠵᠢᠷᠤᠭᠰᠠᠨ ᠪᠠᠶᠢᠳᠠᠭ᠃ ᠠᠷᠪᠠᠨ ᠭᠤᠷᠪᠠᠳᠣᠭᠠᠷ ᠵᠠᠭᠤᠨ ᠤ ᠦᠶ᠎ᠡ ᠳᠤ ᠬᠡᠳᠦ ᠬᠡᠳᠦᠨ ᠶᠠᠩᠵᠤ ᠶᠢᠨ ᠭᠡᠷ ᠪᠠᠶᠢᠵᠠᠢ᠃  ᠬᠦᠵᠦᠬᠦᠪᠴᠢᠨ ᠲᠣᠭᠤᠨᠣ ᠲᠠᠢ᠂ ᠨᠡᠭᠦᠳᠡᠯ ᠬᠢᠬᠦ ᠳᠡᠭᠡᠨ ᠲᠡᠷᠭᠡᠨ ᠳᠡᠭᠡᠷ᠎ᠡ ᠪᠠᠷᠢᠭᠠᠳ ᠵᠥᠭᠡᠭᠡᠵᠦ ᠶᠠᠪᠤᠳᠠᠭ ᠪᠠᠶᠢᠭᠰᠠᠨ ᠭᠡᠷ ᠢ ᠲᠡᠷᠭᠡ ᠳᠤ ᠭᠡᠷ ᠭᠡᠳᠡᠭ ᠪᠣᠯ ᠭᠠᠳᠠᠭᠠᠳᠤ ᠳᠣᠲᠣᠭᠠᠳᠤ ᠶᠢᠨ ᠡᠯᠴᠢ ᠨᠠᠷ ᠢ ᠬᠦᠯᠢᠶᠡᠨ ᠠᠪᠳᠠᠭ᠂ ᠶᠡᠭᠡ ᠬᠤᠷᠠᠯᠳᠠᠢ ᠬᠤᠷᠠᠯᠳᠣᠭᠤᠯᠳᠠᠭ ᠬᠡᠳᠦᠨ ᠵᠠᠭᠤᠨ ᠬᠥᠮᠥᠨ ᠪᠠᠭᠲᠠᠬᠤ ᠲᠣᠮᠣ ᠭᠡᠷ ᠤᠳ ᠪᠠᠶᠢᠭᠰᠠᠨ ᠪᠥᠭᠡᠳ ᠲᠡᠭᠦᠨ ᠢ ᠣᠷᠳᠣ ᠭᠡᠷ ᠪᠤᠶᠤ ᠰᠢᠯᠲᠦᠭᠡᠨ ᠭᠡᠷ ᠭᠡᠨ᠎ᠡ᠃ ᠨᠣᠶᠠᠳ ᠢᠵᠠᠭᠤᠷᠲᠠᠨ ᠤᠳ ᠤᠨ ᠳᠠᠶᠢᠨ ᠪᠠᠶᠢᠯᠳᠤᠭᠠᠨ ᠳᠤ ᠠᠪᠴᠤ ᠶᠠᠪᠤᠳᠠᠭ ᠳᠠᠶᠢᠨ ᠤ ᠵᠣᠷᠢᠭᠤᠯᠤᠯᠲᠠ ᠲᠠᠢ ᠭᠡᠷ ᠢ ᠭᠡᠷᠯᠦᠭᠡ ᠬᠡᠮᠡᠨ᠎ᠡ᠃ ᠪᠤᠷᠭᠠᠰᠤ ᠵᠡᠷᠭᠡ ᠶᠢ ᠦᠵᠦᠭᠦᠷᠯᠡᠨ ᠪᠡᠶ᠎ᠡ ᠪᠡᠶ᠎ᠡ ᠳᠤ ᠨᠢ ᠣᠭᠯᠠᠭᠤᠷᠭᠠᠲᠠᠨ ᠬᠢᠭᠡᠳ ᠬᠠᠨ᠎ᠠ ᠶᠢ ᠡᠪᠡᠰᠦ ᠪᠠᠷ ᠬᠤᠴᠢᠭᠰᠠᠨ ᠭᠡᠷ ᠢ ᠡᠪᠡᠰᠦᠨ ᠭᠡᠷ ᠭᠡᠳᠡᠭ ᠪᠣᠯ ᠣᠷᠣᠴᠠ ᠮᠠᠶ᠋ᠢᠭ ᠤᠨ ᠬᠡᠯᠪᠡᠷᠢ ᠲᠠᠢ ᠭᠡᠷ ᠢ ᠬᠤᠰᠢᠯᠢᠭ ᠭᠡᠷ ᠭᠡᠳᠡᠭ ᠪᠠᠶᠢᠵᠠᠢ᠃ ᠮᠥᠨ 13 ᠳ᠋ᠣᠭᠠᠷ ᠵᠠᠭᠤᠨ ᠤ ᠦᠶ᠎ᠡ ᠳᠤ ᠮᠣᠩᠭᠤᠯ ᠬᠠᠭᠠᠳ ᠤᠨ ᠭᠡᠷ ᠢ ᠣᠯᠠᠨ ᠠᠷᠪᠠᠨ ᠰᠢᠷ᠎ᠠ ᠦᠬᠡᠷ ᠬᠥᠯᠯᠡᠭᠰᠡᠨ ᠲᠡᠷᠭᠡᠨ ᠳᠡᠭᠡᠷ᠎ᠡ ᠪᠠᠷᠢᠵᠤ ᠨᠡᠭᠦᠳᠡᠯ ᠬᠢᠳᠡᠭ ᠪᠠᠶᠢᠭᠰᠠᠨ᠃ ᠶᠡᠭᠡ ᠲᠡᠷᠭᠡ ᠠᠴᠠ ᠭᠠᠳᠠᠨ᠎ᠠ ᠳᠥᠷᠪᠡ᠂ ᠨᠠᠢᠮᠠᠨ ᠦᠬᠡᠷ ᠬᠥᠯᠯᠡᠭᠰᠡᠨ ᠪᠡᠰᠡᠷᠡᠭ ᠭᠡᠷ ᠲᠡᠷᠭᠡ ᠨᠦᠭᠦᠳ ᠴᠦ ᠣᠯᠠᠨ ᠪᠠᠶᠢᠵᠠᠢ᠃ 16 ᠳ᠋ᠣᠭᠠᠷ ᠵᠠᠭᠤᠨ ᠠᠴᠠ ᠣᠳᠣ ᠶᠢᠨ ᠮᠣᠩᠭᠤᠯ ᠭᠡᠷ ᠤᠨ ᠬᠡᠯᠪᠡᠷᠢ ᠳᠤ ᠰᠢᠯᠵᠢᠭᠰᠡᠨ ᠪᠥᠭᠡᠳ ᠭᠡᠷ ᠤᠨ ᠲᠣᠮᠣ ᠪᠠᠭ᠎ᠠ ᠬᠡᠮᠵᠢᠶ᠎ᠡ ᠨᠢ ᠵᠡᠷᠭᠡ ᠳᠡᠪ᠂ ᠬᠥᠷᠥᠩᠭᠡ ᠴᠢᠨᠡᠭᠡᠨ ᠠᠴᠠ ᠬᠠᠮᠢᠶᠠᠷᠴᠤ ᠪᠠᠶᠢᠪᠠ᠃ ᠵᠢᠷ ᠤᠨ ᠮᠠᠯᠴᠢᠳ ᠤᠨ ᠭᠡᠷ 4-5 ᠬᠠᠨ᠎ᠠ ᠲᠠᠢ᠂ ᠨᠣᠶᠠᠳ ᠤᠨ ᠭᠡᠷ ᠶᠡᠬᠡᠪᠴᠢᠯᠡᠨ 6-8 ᠬᠠᠨ᠎ᠠ ᠲᠠᠢ᠂ ᠠᠶᠢᠮᠠᠭ ᠬᠤᠰᠢᠭᠤᠨ ᠤ ᠲᠠᠮᠠᠭ᠎ᠠ ᠶᠢᠨ ᠭᠠᠵᠠᠷ ᠤᠨ ᠭᠡᠷ 10-12 ᠬᠠᠨ᠎ᠠ ᠲᠠᠢ ᠪᠠᠶᠢᠪᠠ᠃ ᠴᠢᠨᠡᠭᠡᠯᠢᠭ ᠠᠶᠢᠯ ᠤᠳ ᠭᠡᠷ ᠤᠨ ᠳᠡᠭᠡᠭᠦᠷ ᠴᠠᠰᠤ ᠪᠣᠷᠣᠭᠠᠨ ᠤ ᠤᠰᠤ᠂ ᠰᠠᠯᠬᠢ ᠰᠢᠭᠤᠷᠭᠠᠨ ᠠᠴᠠ ᠬᠠᠮᠠᠭᠠᠯᠠᠭᠰᠠᠨ ᠬᠥᠯᠲᠦ ᠡᠷᠦᠬᠡ ᠬᠡᠷᠡᠭᠯᠡᠵᠦ᠂ ᠳᠡᠭᠡᠪᠦᠷ ᠤᠨ ᠪᠦᠷᠢᠶᠡᠰᠦ ᠪᠠᠨ ᠤᠯᠠᠭᠠᠨ ᠬᠥᠬᠡ ᠬᠠᠯᠵᠠ ᠪᠠᠷ ᠴᠢᠮᠡᠳᠡᠭ ᠪᠠᠶᠢᠪᠠ᠃ ᠤᠯᠠᠭᠠᠨ ᠬᠠᠯᠵᠠ  ᠨᠢ ᠪᠠᠶᠠᠷ ᠪᠠᠶᠠᠰᠬᠤᠯᠠᠩ ᠢ᠂ ᠬᠥᠬᠡ ᠬᠠᠯᠵᠠ ᠨᠢ ᠲᠡᠭᠷᠢ ᠶᠢ ᠪᠡᠯᠭᠡᠳᠡᠭᠰᠡᠨ ᠪᠣᠯ ᠰᠢᠷ᠎ᠠ ᠶᠢᠨ ᠱᠠᠰᠢᠨ ᠳᠡᠯᠭᠡᠷᠡᠭᠦᠯᠦᠭᠰᠡᠨ ᠲᠠᠢ ᠬᠤᠯᠪᠣᠭᠳᠠᠨ ᠭᠡᠷ ᠤᠨ ᠴᠢᠮᠡᠭᠯᠡᠯ ᠳᠤ ᠶᠠᠩᠵᠤ ᠪᠦᠷᠢ ᠶᠢᠨ ᠬᠡ ᠤᠭᠠᠯᠵᠠ ᠪᠦᠬᠦᠢ ᠢᠲᠡᠭᠡᠯ ᠪᠢᠰᠢᠷᠡᠯ ᠤᠨ ᠴᠢᠨᠠᠷᠲᠠᠢ ᠵᠦᠢᠯᠡᠰ ᠣᠷᠣᠵᠤ ᠢᠷᠡᠭᠰᠡᠨ᠃ ᠡᠨᠡ ᠦᠶ᠎ᠡ ᠶᠢᠨ ᠶᠠᠳᠠᠭᠤᠰ ᠤᠨ ᠭᠡᠷ ᠢ ᠴᠡᠭᠡᠵᠢ ᠭᠡᠷ᠂ ᠲᠣᠪᠢ ᠭᠡᠷ᠂ ᠬᠠᠳᠬᠤᠭᠤᠷ ᠭᠡᠷ ᠭᠡᠬᠦ ᠮᠡᠲᠦ ᠪᠠᠷ ᠨᠡᠷᠡᠯᠡᠵᠦ ᠪᠠᠶᠢᠵᠠᠢ᠃ ᠴᠡᠭᠡᠵᠢ ᠭᠡᠷ ᠭᠡᠳᠡᠭ ᠨᠢ ᠵᠥᠪᠬᠡᠨ ᠤᠨᠢ ᠲᠣᠭᠤᠨᠣ ᠭᠡᠰᠡᠨ ᠶᠠᠰᠤ ᠮᠣᠳᠣ ᠲᠠᠢ ᠭᠡᠷ ᠢ ᠬᠡᠯᠡᠳᠡᠭ ᠪᠣᠯ ᠬᠠᠳᠬᠤᠭᠤᠷ ᠭᠡᠷ ᠨᠢ ᠳᠥᠷᠪᠡᠨ ᠲᠠᠯ᠎ᠠ ᠲᠠᠢ ᠱᠣᠪᠣᠭᠤᠷ ᠣᠷᠣᠢ ᠲᠠᠢ ᠪᠠᠶᠢᠵᠠᠢ᠃ ᠪᠤᠷᠭᠠᠰᠤ ᠶᠢ ᠵᠣᠷᠢᠭᠤᠳᠠ ᠮᠠᠬᠢᠢᠯᠭᠠᠨ ᠤᠨᠢ ᠬᠠᠨ᠎ᠠ ᠶᠢ ᠨᠢ ᠦᠷᠭᠦᠯᠵᠢᠯᠡᠯ ᠪᠣᠯᠭᠠᠨ ᠬᠢᠭᠰᠡᠨ ᠭᠡᠷ ᠢ ᠲᠣᠪᠢ ᠭᠡᠷ ᠭᠡᠳᠡᠭ᠃  ᠮᠣᠩᠭᠤᠯ ᠭᠡᠷ ᠤᠨ ᠬᠦᠨᠳᠦ ᠶᠢᠨ ᠵᠢᠩ ᠨᠢ 250-270 ᠺᠢᠯᠣᠭ᠍ᠷᠠᠮ ᠪᠠᠶᠢᠳᠠᠭ ᠤᠴᠢᠷ ᠬᠡᠳᠦᠬᠡᠨ ᠲᠡᠮᠡᠭᠡ ᠰᠠᠷᠯᠤᠭ ᠵᠡᠷᠭᠡ ᠳᠤ ᠠᠴᠢᠶᠠᠯᠠᠭᠠᠳ ᠨᠡᠭᠦᠴᠢᠬᠡᠳᠡᠭ᠂ ᠬᠡᠳᠦᠬᠡᠨ ᠴᠠᠭ ᠤᠨ ᠳᠣᠲᠣᠷ᠎ᠠ ᠬᠤᠶᠠᠭᠤᠯᠠ ᠭᠤᠷᠪᠠᠭᠤᠯᠠᠬᠠᠨ ᠢᠶᠠᠨ ᠪᠠᠷᠢᠴᠢᠬᠠᠳᠠᠭ᠂ ᠨᠡᠭᠦᠳᠡᠯ ᠳᠤ ᠲᠣᠬᠢᠷᠠᠮᠵᠢᠲᠠᠢ ᠬᠥᠩᠭᠡᠨ ᠠᠪᠰᠠᠷᠬᠠᠨ ᠰᠠᠭᠤᠴᠠ ᠶᠤᠮ᠃ ᠨᠡᠭᠦᠳᠡᠯ ᠬᠢᠵᠦ ᠶᠠᠪᠤᠭ᠎ᠠ ᠬᠥᠮᠥᠰ ᠢ ᠤᠭᠲᠤᠨ ᠲᠣᠰᠴᠤ ᠴᠠᠢ ᠢᠳᠡᠭᠡ ᠪᠠᠷ ᠴᠠᠶᠢᠯᠠᠳᠠᠭ᠂ ᠭᠡᠷ ᠪᠠᠷᠢᠵᠤ ᠪᠠᠶᠢᠬᠤ ᠳᠤ ᠲᠠᠭᠠᠷᠠᠪᠠᠯ ᠲᠠᠨᠢᠳᠠᠭ ᠴᠦ ᠪᠠᠢ᠂ ᠲᠠᠨᠢᠳᠠᠭ ᠦᠭᠡᠢ ᠴᠦ ᠪᠠᠢ ᠣᠴᠢᠵᠤ ᠲᠤᠰᠠᠯᠠᠳᠠᠭ ᠵᠠᠩᠰᠢᠯ ᠲᠠᠢ᠃ ᠭᠡᠷ ᠤᠨ ᠶᠡᠭᠡ ᠪᠠᠭ᠎ᠠ ᠶᠢ ᠬᠠᠨᠠᠨ ᠤ ᠲᠤᠭ᠎ᠠ ᠪᠠ ᠲᠣᠯᠣᠭᠠᠢ ᠪᠠᠷ ᠢᠯᠭᠠᠨ᠎ᠠ᠃ ᠭᠡᠷ ᠪᠣᠯ ᠳᠡᠯᠡᠬᠡᠢ ᠲᠠᠢ ᠠᠳᠠᠯᠢ ᠪᠥᠭᠡᠷᠡᠩᠬᠡᠢ ᠳᠤᠭᠤᠢ ᠤᠴᠢᠷ ᠠᠴᠠ ᠪᠤᠯᠤᠩ ᠲᠣᠬᠤᠢ ᠳᠤ ᠨᠢ ᠮᠠᠭᠤ ᠡᠨᠧᠷᠭᠢ ᠬᠤᠷᠭᠤᠳᠠᠨ ᠦᠯᠡᠳᠡᠬᠦ ᠦᠭᠡᠢ᠂ ᠭᠡᠷ ᠲᠤ ᠪᠠᠶᠢᠭ᠎ᠠ ᠬᠥᠮᠥᠨ ᠰᠠᠶᠢᠬᠠᠨ ᠠᠮᠠᠷᠠᠵᠤ ᠤᠨᠲᠠᠵᠤ ᠴᠢᠳᠠᠳᠠᠭ ᠭᠠᠳᠠᠨ᠎ᠠ ᠬᠥᠮᠥᠨ ᠤ ᠠᠭᠤᠷ ᠪᠣᠬᠢᠨᠢᠳᠣᠯ᠂ ᠣᠴᠠᠭᠠᠷ ᠢ ᠠᠮᠠᠷᠬᠠᠨ ᠲᠠᠶᠢᠯᠳᠠᠭ ᠪᠠᠶᠢᠨ᠎ᠠ᠃ ᠬᠠᠨ᠎ᠠ ᠪᠣᠯᠬᠤ ᠢᠰᠡᠭᠡᠢ ᠲᠤᠭᠤᠷᠭ᠎ᠠ ᠨᠢ ᠴᠠᠭ ᠲᠤ 500 ᠤᠳᠠᠭ᠎ᠠ ᠠᠭᠠᠷ ᠰᠣᠯᠢᠯᠴᠠᠵᠤ ᠴᠢᠳᠠᠳᠠᠭ ᠠᠵᠢ᠃ ᠪᠡᠯᠡᠳᠬᠡᠭᠰᠡᠨ ᠨᠢ᠄ ᠡᠷᠳᠡᠨᠢᠬᠦᠦ ᠨᠠᠶᠢᠷᠠᠭᠤᠯᠤᠭᠰᠠᠨ ᠨᠢ᠄ ᠨᠠᠮᠤᠷ ᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号