| | ᠮᠣᠩᠭᠤᠯ ᠠᠳᠤᠭᠤᠨ ᠤ ᠲᠠᠷᠬᠠᠯᠳᠠ ᠬᠡᠳᠦᠨ ᠤᠯᠤᠰ ᠤᠨ ᠠᠭᠤᠳᠠᠮ ᠶᠡᠭᠡ ᠨᠤᠳᠤᠭ ᠢ ᠬᠠᠮᠤᠷᠴᠦ ᠪᠠᠶᠢᠬᠤ ᠪᠠᠷ | ᠦᠯᠦ ᠪᠠᠷᠠᠨ ᠮᠣᠩᠭᠤᠯ ᠠᠳᠤᠭᠤ ᠨᠢ ᠪᠠᠰᠠ ᠬᠡᠳᠦᠨ ᠮᠢᠩᠭᠠᠨ ᠵᠢᠯ ᠤᠨ ᠲᠡᠤᠬᠡ ᠶᠢᠨ ᠶᠠᠪᠤᠴᠠ ᠶᠢ | ᠦᠩᠭᠡᠷᠡᠭᠦᠯᠦᠭᠰᠡᠨ ᠪᠣᠯᠬᠤᠷ ᠲᠡᠭᠦᠨ ᠤ ᠨᠤᠳᠤᠭ ᠤᠨ ᠤᠭᠰᠠᠭ᠎ᠠ ᠴᠣᠬᠤᠮ ᠬᠡᠴᠢᠨᠡᠨ ᠪᠠᠶᠢᠳᠠᠭ ᠢ ᠬᠡᠯᠡᠬᠦᠶ᠎ᠡ ᠪᠡᠷᠬᠡ᠃ | ᠠᠳᠡ ᠵᠦᠪᠬᠡᠨ 20 ᠳ᠋ᠤᠭᠠᠷ ᠵᠠᠭᠤᠨ ᠤ ᠡᠬᠢᠨ ᠤ ᠦᠶᠡᠰ ᠤᠨ ᠦᠪᠦᠷ ᠮᠣᠩᠭᠤᠯ ᠣᠷᠤᠨ ᠳᠤ ᠦᠷᠡᠵᠢᠨ | ᠲᠦᠯᠵᠢᠵᠦ ᠪᠠᠶᠢᠭᠰᠠᠨ ᠬᠡᠳᠦᠨ ᠵᠦᠢᠯ ᠤᠨ ᠠᠳᠤᠭᠤᠨ ᠤ ᠨᠤᠳᠤᠭ ᠤᠨ ᠤᠭᠰᠠᠭ᠎ᠠ ᠶᠢ ᠵᠢᠱᠢᠶ᠎ᠡ ᠪᠣᠯᠭᠠᠨ | ᠳᠤᠷᠠᠳᠬᠤ ᠳᠤ ᠭᠤᠣᠯᠳᠠᠭᠤ ᠦᠵᠦᠮᠦᠴᠢᠨ ᠠᠳᠤᠭᠤ᠂ ᠰᠦᠨᠢᠳ ᠤᠷᠠᠳ ᠤᠯᠠᠭᠠᠨᠴᠠᠪ ᠠᠳᠤᠭᠤ᠂ ᠦᠦᠰᠢᠨ | ᠠᠳᠤᠭᠤ᠂ ᠬᠠᠶᠢᠯᠠᠷ ᠠᠳᠤᠭᠤ᠂ ᠬᠡᠰᠢᠭᠳᠡᠨ ᠠᠳᠤᠭᠤ ᠵᠡᠷᠭᠡ ᠪᠣᠢ᠃ | ᠦᠵᠦᠮᠤᠴᠢᠨ ᠠᠳᠤᠭᠤ | ᠰᠢᠯᠢ ᠶᠢᠨ ᠭᠤᠣᠯ ᠠᠶᠢᠮᠠᠭ ᠤᠨ ᠬᠤᠶᠠᠷ ᠦᠵᠦᠮᠤᠴᠢᠨ ᠬᠤᠰᠢᠭᠤᠨ ᠳᠤ ᠲᠠᠷᠬᠠᠵᠦ ᠪᠠᠶᠢᠳᠠᠭ ᠪᠣᠯᠬᠤᠷ《 | ᠦᠵᠦᠮᠤᠴᠢᠨ ᠠᠳᠤᠭᠤ》 ᠭᠡᠵᠦ ᠨᠡᠷᠡᠯᠡᠵᠠᠢ᠃ ᠦᠵᠦᠮᠤᠴᠢᠨ ᠠᠳᠤᠭᠤ ᠵᠢᠷᠤᠭ᠎ᠠ ᠪᠠᠷ ᠢᠶᠠᠨ ᠠᠯᠳᠠᠷᠰᠢᠵᠠᠢ᠃ | ᠭᠤᠣᠯᠳᠠᠭᠤ ᠵᠡᠭᠦᠨ ᠦᠵᠦᠮᠦᠴᠢᠨ ᠬᠤᠰᠢᠭᠤᠨ ᠤ ᠡᠷᠢᠶᠡᠨᠭᠤᠪᠢ ᠰᠣᠮᠦ᠂ ᠤᠯᠠᠭᠠᠢ ᠭᠤᠤᠯ ᠳᠠᠭᠠᠤ ᠲᠠᠷᠬᠠᠯᠳᠠ ᠲᠠᠢ᠃ | ᠲᠡᠶᠢᠨ ᠬᠦ《 ᠤᠯᠠᠭᠠᠢ ᠭᠤᠤᠯ ᠠᠴᠠ ᠤᠤᠭᠤᠭᠰᠠᠨ ᠠᠳᠤᠭᠤ ᠪᠦᠬᠦᠨ ᠵᠢᠷᠤᠭ᠎ᠠ᠂ ᠦᠵᠦᠮᠤᠴᠢᠨ ᠨᠤᠳᠤᠭ ᠲᠤ | ᠲᠦᠷᠦᠭᠰᠡᠨ ᠬᠦᠦ ᠪᠦᠬᠦᠨ ᠪᠦᠬᠡ》ᠭᠡᠳᠡᠭ᠃ ᠦᠵᠦᠮᠤᠴᠢᠨ ᠠᠳᠤᠭᠤ ᠪᠤᠯ ᠲᠡᠰᠪᠤᠷᠢ ᠳᠠᠭᠠᠭᠠᠴᠠᠳᠠᠢ᠂ | ᠰᠨᠳᠠᠰᠤᠷᠬᠠᠭ ᠪᠠᠶᠢᠳᠠᠭ᠃ ᠲᠠᠩ ᠤᠯᠤᠰ ᠤᠨ ᠬᠤᠢ ᠶᠣᠣ ᠪᠢᠴᠢᠭ ᠲᠤ ᠲᠦᠷᠺ ︵ᠲᠦᠷᠦᠭ︶ ᠠᠳᠤᠭᠤ ᠪᠣᠯ | ᠤᠷᠠᠯᠢᠭ᠂ ᠪᠡᠶ᠎ᠠ ᠪᠢᠯᠳᠠᠷ ᠰᠠᠶᠢᠳᠠᠢ᠂ ᠬᠦᠴᠦ ᠴᠢᠳᠠᠯ ᠲᠠᠢ᠂ ᠠᠪᠠ ᠳᠤ ᠤᠨᠤᠬᠤ ᠳᠤ ᠠᠳᠠᠯᠢᠳᠬᠠᠰᠢ ᠦᠭᠡᠢ ᠰᠠᠶᠢᠨ | ᠭᠡᠵᠦ ᠲᠡᠮᠳᠡᠭᠯᠡᠵᠠᠢ᠃《 ᠪᠠᠶᠢᠴᠠᠭᠠᠯᠳᠠ ᠶᠢ ᠦᠨᠳᠦᠰᠦᠯᠡᠪᠡᠯ ᠠᠳᠡ ᠲᠡᠮᠳᠡᠭᠯᠡᠭᠰᠡᠨ ᠲᠦᠷᠺ ᠠᠳᠤᠭᠤ ᠪᠣᠯ | ᠣᠳᠤ ᠶᠢᠨ ᠦᠵᠦᠮᠤᠴᠢᠨ ᠠᠳᠤᠭᠤ ᠪᠤᠯᠤᠨ᠎ᠠ》ᠭᠡᠵᠦ ᠦᠪᠦᠷ ᠮᠣᠩᠭᠤᠯ ᠤᠨ ᠮᠠᠯ ᠠᠵᠦ ᠠᠬᠤᠢ ᠶᠢᠨ ᠲᠢᠩᠬᠢᠮ ᠤᠨ | ᠮᠠᠯ ᠤᠨ ᠡᠭᠦᠯᠳᠡᠷ ᠢ ᠰᠠᠶᠢᠵᠢᠷᠠᠭᠤᠯᠬᠤ ᠲᠣᠪᠴᠢᠶᠠᠨ ᠠᠴᠠ《ᠦᠪᠦᠷ ᠮᠣᠩᠭᠤᠯ ᠤᠨ ᠡᠳᠦᠷ ᠤᠨ ᠰᠣᠨᠢᠨ》ᠳᠡᠭᠡᠷ᠎ᠡ | 1961 ᠣᠨ ᠳᠤ ᠨᠡᠶᠢᠳᠡᠯᠡᠭᠰᠡᠨ ᠪᠠᠶᠢᠨ᠎ᠠ᠃ ᠡᠨᠡ ᠨᠤᠳᠠᠯᠠᠯ ᠬᠡᠷᠪᠡ ᠲᠡᠤᠬᠡ ᠶᠢᠨ ᠦᠨᠡᠨ ᠲᠠᠢ ᠨᠡᠶᠢᠴᠡᠬᠦ ᠳᠤ | ᠬᠦᠷᠪᠡᠯ ᠡᠨᠡ ᠨᠢ ᠦᠵᠦᠮᠤᠴᠢᠨ ᠠᠳᠤᠭᠤ ᠶᠢᠨ ᠡᠭᠦᠰᠦᠯ ᠭᠠᠷᠤᠯ ᠮᠠᠰᠢ ᠶᠡᠭᠡ ᠡᠷᠳᠡᠨ ᠤ ᠪᠣᠯᠬᠤ ᠶᠢ | ᠲᠣᠳᠤᠷᠬᠠᠶᠢᠯᠠᠵᠦ ᠪᠠᠶᠢᠨ᠎ᠠ᠃ ᠬᠡᠷᠪᠡ ᠲᠦᠷᠺ ᠠᠳᠤᠭᠤᠨ ᠤ ᠴᠢᠰᠤ ᠬᠤᠯᠢᠯᠳᠤᠯᠠ ᠭᠡᠵᠦ ᠦᠵᠡᠬᠦ ᠳᠤ ᠬᠦᠷᠪᠡᠯ ᠲᠡᠷᠡ | ᠨᠢ ᠲᠦᠷᠺ ᠤᠨ ᠬᠠᠭᠠᠨᠳᠤ ᠤᠯᠤᠰ ᠤᠨ ᠦᠶ᠎ᠡ ︵ᠤᠨ ᠲᠤᠭᠠᠯᠠᠯ ᠤᠨ 5᠂6 ᠳ᠋ᠤᠭᠠᠷ ᠵᠠᠭᠤᠨ ᠤ ᠦᠶ᠎ᠡ︶ ᠪᠣᠶᠣ | ᠢᠨᠠᠳᠤ ᠵᠠᠬ᠎ᠠ ᠳᠠᠭᠠᠨ ᠪᠠᠷᠠᠭᠤᠨᠰᠢ ᠨᠡᠭᠦᠳᠡᠯᠯᠡᠭᠰᠡᠨ ᠿᠸᠦ ᠿᠠᠨ ᠤ ᠪᠣᠴᠠᠵᠦ ᠢᠷᠡᠭᠰᠡᠨ 9᠂10 ᠳ᠋ᠤᠭᠠᠷ ᠵᠠᠭᠤᠨ | ᠲᠠᠢ ᠬᠤᠯᠪᠤᠭᠳᠠᠨ᠎ᠠ᠃ ᠦᠵᠦᠮᠤᠴᠢᠨ ᠠᠳᠤᠭᠤ ᠮᠠᠰᠢ ᠰᠤᠷᠭᠤᠭ᠂ ᠭᠡᠭᠡᠨᠴᠢᠷ ᠭᠤᠶᠤᠮᠰᠤᠭ ᠳᠤᠮᠳᠠ ᠬᠡᠪ ᠤᠨ ᠪᠡᠶ᠎ᠡ | ᠲᠠᠢ᠂ ᠲᠣᠯᠤᠭᠠᠢ ᠦᠨᠳᠦᠷ᠂ ᠬᠦᠵᠦᠭᠦᠦ ᠤᠷᠳᠤ᠂ ᠨᠢᠷᠤᠭᠤ ᠵᠤ ᠨᠢ ᠤᠷᠳᠤ ᠲᠡᠭᠰᠢ ᠪᠦᠭᠡᠳ ᠦᠷᠭᠡᠨ᠂ ᠪᠦᠭᠰᠡᠨ | ᠪᠡᠶ᠎ᠡ ᠨᠢ ᠪᠣᠭᠤᠨᠢ᠂ ᠴᠡᠭᠡᠵᠢ ᠨᠢ ᠦᠷᠭᠡᠨ᠂ ᠳᠦᠷᠪᠡᠨ ᠮᠦᠴᠢ ᠨᠢ ᠪᠠᠬᠢᠯᠢᠭ᠌᠂ ᠪᠣᠷᠪᠢ ᠨᠢ ᠳᠤᠣᠷ᠎ᠠ᠂ ᠪᠡᠶ᠎ᠡ ᠨᠢ | ᠪᠠᠬᠢ ᠪᠣᠷᠤᠭ ᠪᠦᠭᠡᠳ ᠪᠣᠯᠴᠢᠩ ᠰᠠᠶᠢᠳᠠᠢ᠂ ᠦᠩᠭᠡ ᠵᠢᠰᠤᠮ ᠨᠢ ᠣᠯᠠᠨ ᠶᠠᠩᠵᠦ ᠪᠣᠯᠪᠠᠴᠦ ᠪᠣᠷᠤ᠂ ᠭᠡᠭᠡᠷ᠂ | ᠰᠢᠷᠭᠠᠯ ᠵᠢᠰᠤᠮ ᠭᠤᠣᠯᠳᠠᠳᠠᠭ᠃ ᠦᠵᠤᠮᠦᠴᠢᠨ ᠠᠳᠤᠭᠤᠨ ᠤ ᠶᠡᠷᠦ ᠶᠢᠨ ᠮᠣᠩᠭᠤᠯ ᠠᠳᠤᠭᠤᠨ ᠠᠴᠠ ᠬᠡᠯᠪᠡᠷᠢ | ᠳᠦᠷᠰᠦ ᠪᠠᠷ ᠢᠶᠠᠨ ᠢᠯᠭᠠᠭᠳᠠᠬᠤ ᠲᠠᠯ᠎ᠠ ᠭᠡᠪᠡᠯ ᠲᠣᠯᠤᠭᠠᠢ ᠬᠦᠵᠦᠭᠦᠦ ᠨᠢ ᠴᠡᠪᠡᠷ ᠪᠦᠭᠡᠳ ᠬᠦᠩᠭᠡᠨ᠂ ᠪᠡᠶ᠎ᠡ ᠨᠢ | ᠪᠦᠳᠦᠭᠦᠨ ᠪᠦᠭᠡᠳ ᠪᠠᠬᠢᠯᠢᠭ᠌᠂ ᠪᠦᠳᠦᠴᠡ ᠨᠢ ᠲᠡᠩᠴᠡᠭᠦᠨ᠂ ᠳᠦᠷᠪᠡᠨ ᠮᠦᠴᠢ ᠨᠢ ᠰᠢᠷᠪᠤᠰᠦᠯᠢᠭ ᠮᠦᠷᠳᠡᠭᠡᠨ | ᠬᠦᠴᠦᠳᠠᠢ᠂ ᠳᠡᠯ ᠰᠡᠭᠦᠯ ᠨᠢ ᠵᠤᠵᠠᠭᠠᠨ ᠪᠠᠶᠢᠳᠠᠭ ᠲᠤ ᠣᠷᠤᠰᠢᠨ᠎ᠠ᠃ ᠦᠵᠦᠮᠤᠴᠢᠨ ᠠᠳᠤᠭᠤ ᠤᠨᠤᠵᠦ ᠬᠦᠯᠬᠦ | ᠬᠤᠶᠠᠷ ᠬᠡᠷᠡᠭᠯᠡᠭᠡᠨ ᠤ ᠠᠯᠢᠨ ᠳᠤ ᠴᠦ ᠲᠣᠬᠢᠷᠠᠨ᠎ᠠ᠃ ᠰᠤᠭᠤᠶᠢᠭᠰᠠᠨ ᠪᠡᠶ᠎ᠡ ᠲᠠᠢ ᠨᠢ ᠤᠨᠤᠬᠤ ᠳᠤ ᠵᠣᠬᠢᠴᠠᠵᠦ᠂ | ᠯᠠᠭᠯᠠᠭᠠᠷ ᠪᠡᠶ᠎ᠡ ᠲᠠᠢ ᠨᠢ ᠬᠦᠯᠬᠦ ᠳᠤ ᠲᠣᠬᠢᠷᠠᠮᠵᠢᠳᠠᠢ ᠪᠠᠶᠢᠳᠠᠭ᠃ ᠦᠵᠦᠮᠤᠴᠢᠨ ᠠᠳᠤᠭᠤ ᠳᠠᠭᠠᠭᠠᠴᠠ ᠰᠠᠶᠢᠳᠠᠢ | ᠪᠣᠯᠬᠤᠷ ᠪᠡᠶᠢᠰᠡ ᠶᠢᠨ ᠰᠦᠮ᠎ᠡ ᠠᠴᠠ ᠰᠢᠨᠡᠰᠦᠮ᠎ᠡ ᠬᠦᠷᠬᠦ 700 ︵350 ᠺᠢᠯᠤᠮᠧᠲᠷ ︶ ᠤᠨ ᠵᠠᠮ ᠢ ᠡᠳᠦᠷ ᠲᠤ | ᠬᠦᠷᠴᠢᠭᠡᠳᠡᠭ ᠮᠣᠷᠢᠳ ᠣᠯᠠᠨ ᠪᠠᠶᠢᠭᠰᠠᠨ ᠶᠣᠮ᠃ | ᠰᠦᠨᠢᠳ ᠤᠷᠠᠳ ᠤᠯᠠᠭᠠᠨᠴᠠᠪ ᠠᠳᠤᠭᠤ | ᠰᠦᠨᠢᠳ ᠤᠷᠠᠳ ᠤᠯᠠᠭᠠᠨᠴᠠᠪ ᠤᠨ ᠬᠠᠩᠭᠠᠢ ᠭᠤᠪᠢ᠂ ᠲᠠᠯ᠎ᠠ ᠨᠤᠳᠤᠭ ᠢᠶᠠᠷ ᠲᠠᠷᠬᠠᠵᠦ ᠪᠠᠶᠢᠳᠠᠭ᠃ ᠡᠳᠡᠭᠡᠷ | ᠨᠤᠳᠤᠭ ᠤᠨ ᠠᠭᠤᠷ ᠠᠮᠢᠰᠬᠤᠯ ᠡᠪᠡᠰᠦ ᠪᠡᠯᠴᠢᠭᠡᠷ ᠨᠢ ᠦᠨᠳᠦᠰᠦᠨ ᠳᠡᠭᠡᠨ ᠠᠳᠠᠯᠢ ᠶᠣᠮ᠃ ᠰᠦᠨᠢᠳ ᠤᠷᠠᠳ | ᠤᠯᠠᠭᠠᠨᠴᠠᠪ ᠠᠳᠤᠭᠤ ᠨᠢ ᠬᠡᠳᠦᠶᠢᠪᠡᠷ ᠦᠵᠦᠮᠤᠴᠢᠨ ᠠᠳᠤᠭᠤ ᠶᠢ ᠪᠣᠳᠤᠪᠠᠯ ᠪᠡᠶ᠎ᠡ ᠪᠠᠷ ᠪᠠᠭ᠎ᠠ ᠪᠣᠯᠪᠠᠴᠦ ᠲᠡᠭᠰᠢ | ᠴᠢᠮᠪᠠᠢ᠂ ᠴᠡᠭᠡᠵᠢ ᠭᠦᠨ ᠪᠦᠭᠡᠳ ᠦᠷᠭᠡᠨ᠂ ᠵᠤ ᠨᠢᠷᠤᠭᠤ ᠠᠪᠰᠠᠷᠬᠠᠨ᠂ ᠬᠠᠷᠠᠭᠠᠮ ᠰᠠᠶᠢᠳᠠᠢ᠂ ᠪᠣᠰᠤᠭ᠎ᠠ ᠴᠢᠬᠢ᠂ | ᠴᠣᠮᠪᠤᠨ ᠲᠤᠭᠤᠷᠠᠢ ᠲᠠᠢ᠂ ᠪᠡᠶ᠎ᠡ ᠪᠠᠬᠢᠯᠢᠭ᠌᠂ ᠴᠣᠪᠤᠭᠤ ᠳᠡᠭᠵᠢᠨ᠂ ᠭᠠᠩᠳᠠᠮᠠᠯ ᠲᠠᠴᠢᠷ ᠪᠠᠶᠢᠭᠠᠯᠢ ᠳᠤ ᠤᠨᠴᠠ | ᠵᠣᠬᠢᠴᠠᠭᠰᠠᠨ ᠣᠨᠴᠠᠯᠢᠭ ᠲᠠᠢ ᠪᠦᠭᠡᠳ ᠭᠤᠣᠯ ᠨᠢ ᠬᠤᠷᠳᠤᠨ ᠬᠦᠯᠦᠭ ᠤᠨ ᠤᠳᠤᠮᠳᠤ ᠠᠳᠤᠭᠤ ᠶᠤᠮ᠃ ᠠᠳᠡ | ᠠᠴᠠ ᠬᠤᠷᠳᠤᠨ ᠭᠦᠶᠦᠳᠡᠯ ᠲᠠᠢ᠂ ᠬᠤᠯᠠ ᠳᠤ ᠳᠠᠭᠠᠭᠠᠴᠠᠳᠠᠢ ᠮᠣᠷᠢ ᠲᠡᠤᠬᠡᠨ ᠳᠤ ᠣᠯᠠᠨ ᠭᠠᠷᠴᠦ ᠪᠠᠶᠢᠵᠠᠢ᠃ | ᠴᠢᠩ ᠤᠯᠤᠰ ᠤᠨ ᠦᠶ᠎ᠡ ᠳᠤ ᠡᠳᠡᠭᠡᠷ ᠬᠤᠰᠢᠭᠤᠳ ᠤᠨ ᠮᠣᠷᠢ ᠡᠯ᠎ᠡ ᠴᠢᠭᠤᠯᠭᠠᠨ ᠳᠤ ᠨᠡᠷ᠎ᠡ ᠠᠯᠳᠠᠷᠰᠢᠵᠦ | ᠪᠠᠶᠢᠭᠰᠠᠨ ᠪᠦᠭᠡᠳ ᠡᠳᠦᠭᠡ ᠴᠦ ᠭᠡᠰᠡᠨ ᠤᠷᠤᠯᠳᠤᠭᠠᠨ ᠤ ᠮᠠᠩᠯᠠᠢ ᠪᠣᠯᠵᠦ ᠪᠠᠶᠢᠨ᠎ᠠ᠃ | ᠦᠦᠰᠢᠨ ᠠᠳᠤᠭᠤ | ᠦᠦᠰᠢᠨ ᠠᠳᠤᠭᠤ ᠪᠣᠯ ᠦᠪᠦᠷ ᠮᠣᠩᠭᠤᠯ ᠤᠨ ᠶᠡᠭᠡ ᠵᠤᠤ ᠠᠶᠢᠮᠠᠭ ᠤᠨ ᠦᠦᠰᠢᠨ ᠬᠤᠰᠢᠭᠤᠨ ᠳᠤ ᠲᠠᠷᠬᠠᠵᠦ | ᠪᠠᠶᠢᠳᠠᠭ᠃ ᠲᠤᠰ ᠬᠤᠰᠢᠭᠤ ᠦᠪᠦᠷ ᠮᠣᠩᠭᠤᠯ ᠤᠨ ᠮᠣᠣᠠᠤᠰᠦ ᠡᠯᠡᠰᠦᠷᠬᠡᠭ ᠣᠷᠤᠨ ᠤ ᠬᠦᠪᠡᠭᠡ ᠵᠠᠬ᠎ᠠ ᠳᠤ | ᠣᠷᠤᠰᠢᠵᠦ ᠪᠠᠶᠢᠭ᠎ᠠ ᠪᠣᠯᠬᠤᠷ ᠠᠭᠤᠷ ᠠᠮᠢᠰᠬᠤᠯ ᠭᠠᠩ ᠬᠠᠭᠤᠷᠠᠢ᠂ ᠡᠪᠡᠰᠦ ᠤᠰᠤ ᠬᠠᠩᠭᠠᠮᠵᠢ ᠦᠭᠡᠢ ᠪᠠᠶᠢᠳᠠᠭ᠃ | ᠦᠦᠰᠢᠨ ᠠᠳᠤᠭᠤᠨ ᠤ ᠪᠡᠶ᠎ᠡ ᠨᠢ ᠪᠠᠭᠠᠪᠳᠤᠷ ᠪᠤᠯᠪᠠᠴᠦ ᠭᠤᠪᠠᠢ ᠨᠠᠷᠢᠯᠵᠠᠬᠠᠨ ᠪᠦᠭᠡᠳ ᠴᠣᠪᠤᠭᠤ ᠳᠡᠭᠵᠢᠨ᠂ | ᠲᠡᠰᠪᠦᠷᠢ ᠳᠠᠭᠠᠭᠠᠮᠠᠭᠠᠢ᠂ ᠡᠯᠡᠰᠦᠷᠬᠡᠭ ᠣᠷᠤᠨ ᠤ ᠨᠦᠬᠦᠴᠡᠯ ᠳᠤ ᠵᠣᠬᠢᠴᠵᠦ ᠴᠢᠳᠠᠬᠤ ᠦᠪᠡᠷᠮᠢᠴᠡ ᠣᠨᠴᠠᠯᠢᠭ ᠢ | ᠪᠦᠷᠢᠯᠳᠦᠭᠦᠯᠵᠠᠢ᠃ ᠦᠦᠰᠢᠨ ᠠᠳᠤᠭᠤ ᠪᠤᠯ ᠡᠷᠳᠡᠨ ᠤ ᠦᠶ᠎ᠡ ᠳᠤ ᠲᠠᠯ᠎ᠠ ᠨᠤᠳᠤᠭ ᠤᠨ ᠠᠳᠤᠭᠤᠨ ᠠᠴᠠ ᠰᠠᠯᠵᠦ | ᠭᠠᠩ ᠬᠠᠭᠤᠷᠠᠢ ᠡᠯᠡᠰᠦᠨ ᠨᠤᠳᠤᠭ ᠤᠨ ᠪᠠᠶᠢᠭᠠᠯᠢ ᠳᠤ ᠵᠣᠬᠢᠴᠠᠨ ᠬᠡᠯᠪᠡᠷᠡᠵᠢᠭᠰᠡᠨ ᠠᠷᠠᠪ ᠠᠳᠤᠭᠤ ᠲᠠᠢ ᠬᠡᠯᠪᠡᠷᠢ | ᠨᠢᠭᠡᠳᠠᠢ ᠪᠠᠶᠢᠳᠠᠭ᠃ | ᠬᠠᠶᠢᠯᠠᠷ ᠠᠳᠤᠭᠤ | ᠬᠦᠯᠦᠨ ᠪᠣᠶᠢᠷ ᠠᠶᠢᠮᠠᠭ ᠤᠨ ᠡᠷᠭᠦᠨ᠎ᠡ ᠪᠠᠷᠠᠭᠤᠨ ᠬᠤᠰᠢᠭᠤᠨ ᠤ ᠭᠤᠷᠪᠠᠨ ᠭᠤᠣᠯ ᠤᠨ ᠬᠦᠪᠡᠭᠡ ᠳᠠᠭᠠᠤ ᠣᠷᠤᠨ | ᠪᠤᠯᠤᠨ ᠶᠡᠭᠡ ᠬᠢᠩᠭᠠᠨ ᠳᠠᠪᠠᠭᠠᠨ ᠠᠴᠠ ᠪᠠᠷᠠᠭᠤᠨᠰᠢ ᠪᠢᠨ — ᠵᠸᠦ ᠲᠡᠮᠦᠷ ᠵᠠᠮ ᠤᠨ ᠬᠠᠪᠢ ᠶᠢᠨ ᠭᠠᠵᠠᠷ | ᠣᠷᠤᠨ ᠢᠶᠠᠷ ᠲᠠᠷᠬᠠᠵᠦ ᠪᠣᠢ᠃ 20 ᠳ᠋ᠤᠭᠠᠷ ᠵᠠᠭᠤᠨ ᠤ ᠲᠠᠪᠢᠭᠠᠳ ᠣᠨ ᠠᠴᠠ ᠡᠮᠦᠨ᠎ᠡ ᠬᠠᠶᠢᠯᠠᠷ ᠠᠳᠤᠭᠤ ᠭᠡᠵᠦ | ᠠᠯᠳᠠᠷᠰᠢᠵᠦ ᠪᠠᠶᠢᠵᠠᠢ᠃ ᠬᠠᠶᠢᠯᠠᠷ ᠠᠳᠤᠭᠤ ᠪᠣᠯ 20 ᠳ᠋ᠤᠭᠠᠷ ᠵᠠᠭᠤᠨ ᠤ ᠡᠬᠢᠨ ᠤ ᠦᠶ᠎ᠡ ︵1904 —1905 | ᠣᠨ︶ ᠪᠠᠷ ᠤᠤᠯ ᠤᠨ ᠵᠦᠪᠯᠡᠯᠳᠤ ᠶᠢᠨ ᠠᠷᠤ ᠪᠠᠶᠢᠭᠠᠯ ᠤᠨ ᠮᠣᠩᠭᠤᠯ ᠠᠳᠤᠭᠤ ᠪᠣᠯᠣᠨ ᠠᠷᠤ ᠪᠠᠶᠢᠭᠠᠯ ᠤᠨ | ᠡᠭᠦᠯᠳᠡᠷ ᠰᠠᠶᠢᠵᠢᠷᠠᠭᠤᠯᠤᠭᠰᠠᠨ ᠠᠳᠤᠭᠤ ︵ᠤᠷᠯᠤᠹ ᠠᠳᠤᠭᠤ᠂ ᠠᠩᠯᠢ ᠶᠢᠨ ᠴᠡᠪᠡᠷ ᠴᠢᠰᠤᠨ ᠤ ᠠᠳᠤᠭᠤ ᠪᠠ | ᠣᠷᠤᠰ ᠤᠨ ᠬᠦᠨᠳᠤ ᠲᠦᠷᠦᠯ ᠤᠨ ᠠᠳᠤᠭᠤᠨ ᠤ ᠡᠷᠯᠢᠰᠡ ᠬᠤᠶᠢᠴᠢ ᠶᠢ ᠬᠡᠯᠡᠵᠦ ᠪᠣᠢ︶ ᠶᠢ ᠲᠤᠰ ᠭᠠᠵᠠᠷ ᠤᠨ | ᠮᠣᠩᠭᠤᠯ ᠠᠳᠤᠭᠤ ᠲᠠᠢ ᠡᠷᠯᠢᠰᠵᠢᠭᠦᠯᠦᠭᠡᠳ ᠭᠠᠷᠤᠭᠰᠠᠨ ᠶᠤᠮ᠃ ᠡᠨᠡ ᠠᠳᠤᠭᠤᠨ ᠤ ᠴᠢᠰᠦᠨ ᠲᠦᠷᠦᠯ ᠨᠢ ᠮᠠᠰᠢ | ᠪᠣᠳᠤᠯᠢᠶᠠᠨᠳᠠᠢ᠃ ᠮᠠᠨ ᠤ ᠤᠯᠤᠰ 1917 —1930 ᠤᠨ ᠤ ᠦᠶ᠎ᠡ ᠪᠠᠷ ᠣᠷᠤᠰ ᠠᠴᠠ ᠶᠡᠭᠡ ᠣᠯᠠᠨ ᠠᠳᠤᠭᠤ | ᠫᠠᠨᠰᠠᠯᠠᠵᠦ ᠠᠪᠴᠢᠷᠠᠵᠠᠢ᠃ 1934 —1935 ᠣᠨ ᠳᠤ ᠶᠠᠫᠤᠨ ᠬᠦᠮᠦᠨ ᠡᠨᠡ ᠬᠠᠪᠢ ᠬᠠᠶᠢᠯᠠᠷ ᠠᠳᠤᠭᠤᠨ ᠤ | ᠲᠠᠯᠠᠪᠠᠢ ᠭᠠᠷᠭᠠᠵᠦ 150 ᠭᠠᠷᠤᠢ ᠰᠠᠶᠢᠨ ᠡᠭᠦᠯᠳᠡᠷ ᠤᠨ ᠠᠵᠢᠷᠭ᠎ᠠ ᠠᠪᠴᠢᠷᠠᠵᠦ ᠠᠳᠡᠬᠢ ᠠᠳᠤᠭᠤ ᠲᠠᠢ | ᠡᠷᠯᠢᠰᠡᠵᠢᠭᠦᠯᠵᠠᠢ᠃ ᠡᠳᠡᠭᠡᠷ ᠰᠢᠯᠳᠠᠭᠠᠨ ᠠᠴᠠ ᠪᠣᠯᠵᠦ ᠬᠠᠶᠢᠯᠠᠷ ᠠᠳᠤᠭᠤᠨ ᠤ ᠴᠢᠰᠦᠨ ᠰᠦᠯᠪᠡᠭᠡ ᠨᠢ | ᠪᠣᠳᠤᠯᠢᠶᠠᠨᠳᠠᠢ ᠪᠣᠯᠵᠠᠢ᠃ ᠭᠡᠪᠡᠴᠦ ᠲᠤᠰ ᠡᠭᠦᠯᠳᠡᠷ ᠤᠤᠯ ᠤᠨ ᠵᠦᠪᠯᠡᠯᠳᠤ ᠶᠢᠨ ᠠᠷᠤ ᠪᠠᠶᠢᠭᠠᠯ ᠤᠨ ᠮᠣᠩᠭᠤᠯ | ᠠᠳᠤᠭᠤ ᠪᠤᠯᠤᠨ ᠲᠤᠰ ᠭᠠᠵᠠᠷ ᠤᠨ ᠮᠣᠩᠭᠤᠯ ᠠᠳᠤᠭᠤᠨ ᠤ ᠣᠨᠴᠠᠯᠢᠭ ᠰᠢᠨᠵᠢ ᠶᠢ ᠭᠤᠤᠯ ᠬᠠᠳᠠᠭᠠᠯᠠᠵᠦ᠂ ᠬᠦᠯᠦᠨ | ᠪᠣᠶᠢᠷ ᠤᠨ ᠲᠠᠯ᠎ᠠ ᠨᠤᠳᠤᠭ ᠤᠨ ᠣᠷᠴᠢᠨ ᠠᠬᠤᠢ ᠶᠢᠨ ᠨᠦᠬᠦᠴᠡᠯ ︵ᠭᠠᠵᠠᠷ ᠵᠦᠢ᠂ ᠠᠭᠤᠷ ᠠᠮᠢᠰᠬᠤᠯ᠂ ᠨᠤᠳᠤᠭ | ᠪᠡᠯᠴᠢᠭᠡᠷ︶ ᠳᠤ ᠤᠷᠳᠤ ᠬᠤᠭᠤᠴᠠᠭ᠎ᠠ ᠪᠠᠷ ᠵᠣᠬᠢᠴᠠᠨ ᠠᠮᠢᠳᠤᠷᠠᠵᠦ ᠢᠷᠡᠭᠰᠡᠨ ᠠᠴᠠ ᠣᠷᠴᠢᠨ ᠲᠣᠭᠤᠷᠢᠨ ᠤ | ᠨᠦᠬᠦᠴᠡᠯ ᠲᠠᠢ ᠪᠠᠨ ᠶᠡᠬᠡᠳᠡ ᠨᠡᠶᠢᠴᠡᠭᠰᠡᠨ ᠬᠡᠯᠪᠡᠷᠢ ᠰᠢᠨᠵᠢ᠂ ᠪᠡᠶ᠎ᠡ ᠴᠤᠭᠴᠠ ᠲᠠᠢ ᠮᠣᠩᠭᠤᠯ ᠠᠳᠤᠭᠤᠨ ᠤ | ᠨᠤᠳᠤᠭ ᠤᠨ ᠰᠠᠶᠢᠨ ᠡᠭᠦᠯᠳᠡᠷ ᠤᠨ ᠠᠳᠤᠭᠤ ᠪᠣᠯᠵᠦ ᠴᠢᠳᠠᠭᠰᠠᠨ ᠪᠠᠶᠢᠨ᠎ᠠ᠃ | 20 ᠳ᠋ᠤᠭᠠᠷ ᠵᠠᠭᠤᠨ ᠤ ᠲᠠᠪᠢᠭᠠᠳ ᠣᠨ ᠪᠣᠯᠬᠤ ᠳᠤ ᠡᠨᠡ ᠡᠭᠦᠯᠳᠡᠷ ᠢ ᠣᠯᠠᠮ ᠰᠠᠶᠢᠨ ᠰᠢᠯᠢᠳᠡᠭᠵᠢᠭᠦᠯᠦᠨ《 | ᠭᠤᠷᠪᠠᠨ ᠭᠤᠤᠯ ᠠᠳᠤᠭᠤ 》ᠭᠡᠵᠦ ᠨᠡᠷᠡᠯᠡᠬᠦ ᠪᠣᠯᠵᠠᠢ᠃ ᠬᠠᠶᠢᠯᠠᠷ ᠠᠳᠤᠭᠤ ᠨᠢ ᠪᠠᠳᠤ ᠪᠠᠬᠢᠯᠢᠭ᠌ ᠪᠡᠶ᠎ᠡ ᠴᠤᠭᠴᠠᠰ | ᠲᠠᠢ᠂ ᠪᠦᠳᠦᠴᠡ ᠲᠡᠩᠴᠡᠭᠦᠬᠡᠨ᠂ ᠪᠣᠯᠴᠢᠩ ᠰᠠᠶᠢᠳᠠᠢ᠂ ᠶᠠᠰᠤᠵᠢᠯᠳᠠ ᠰᠠᠶᠢᠨ᠂ ᠴᠡᠭᠡᠵᠢ ᠦᠷᠭᠡᠨ ᠪᠦᠭᠡᠳ ᠭᠦᠨ᠂ | ᠲᠤᠯᠤᠭᠠᠢ ᠨᠢ ᠲᠤᠮᠤ ᠪᠤᠯᠪᠠᠴᠦ ᠪᠣᠰᠤᠳ ᠴᠣᠭᠴᠠ ᠲᠠᠢ ᠪᠠᠨ ᠲᠡᠩᠴᠡᠭᠦᠨ᠂ ᠰᠤᠷᠳᠤᠯᠵᠠᠭᠰᠠᠨ ᠤᠷᠳᠤ ᠨᠢᠮᠬᠡᠨ | ᠴᠢᠬᠢ ᠲᠠᠢ᠂ ᠮᠠᠩᠨᠠᠢ ᠦᠷᠭᠡᠨ᠂ ᠬᠦᠵᠦᠭᠦᠦ ᠠᠰᠬᠠᠨ ᠪᠠᠬᠢᠯᠢᠭ᠌᠂ ᠰᠡᠷᠪᠡᠭᠡ ᠢᠯᠡᠷᠡᠬᠡᠢ᠂ ᠵᠤ ᠨᠢᠷᠤᠭᠤ ᠨᠢ ᠤᠷᠳᠤ᠂ | ᠰᠡᠷᠭᠦᠯᠡᠩ ᠵᠢᠪᠬᠤᠭᠠᠯᠢᠭ᠂ ᠡᠳ᠋ᠯᠡᠬᠦ ᠳᠤ ᠨᠣᠮᠤᠬᠠᠨ᠂ ᠦᠯᠴᠢᠭᠡᠷ ᠪᠣᠷᠪᠢ ᠲᠠᠢ᠂ ᠪᠣᠷᠤ ᠪᠦᠳᠦᠭᠦᠯᠢᠭ ᠢᠳᠡᠰᠢ ᠲᠠᠢ᠂ | ᠪᠠᠷᠤᠭᠳᠠᠢ ᠳᠤ ᠲᠠᠷᠭᠤ ᠠᠯᠳᠠᠬᠤ ᠦᠭᠡᠢ᠂ ᠡᠪᠡᠳᠴᠢᠨ ᠢ ᠡᠰᠡᠷᠭᠦᠴᠡᠬᠦ ᠴᠢᠳᠠᠯ ᠨᠢ ᠰᠠᠶᠢᠨ᠂ ᠬᠦᠴᠦ ᠬᠤᠷᠳᠤᠴᠠ | ᠬᠤᠤᠰᠯᠠᠭᠰᠠᠨ᠂ ᠡᠳ᠋ᠯᠡᠭᠡᠨ ᠳᠤ ᠲᠠᠭᠠᠭᠠᠴᠠᠳᠠᠢ ᠮᠡᠳᠦ ᠶᠢᠨ ᠣᠨᠴᠠᠯᠢᠭ ᠰᠢᠨᠵᠢ ᠲᠠᠢ ᠪᠣᠯᠵᠠᠢ᠃ | ᠬᠡᠰᠢᠭᠳᠡᠨ ᠠᠳᠤᠭᠤ | ᠬᠡᠰᠢᠭᠳᠡᠨ ᠤ ᠵᠢᠷᠤᠭ᠎ᠠ ᠮᠣᠷᠢ ᠤᠤᠯ ᠨᠢ ᠬᠡᠰᠢᠭᠳᠡᠨ ᠤ ᠪᠠᠶᠢᠴᠠ ᠶᠢᠨ ᠭᠤᠤᠯ ᠳᠠᠭᠠᠤ ᠭᠠᠵᠠᠷ ᠢᠶᠠᠷ ᠤᠳᠤᠮ ᠲᠠᠢ | ᠪᠠᠶᠢᠭᠰᠠᠨ ᠠᠴᠠ ᠪᠠᠶᠢᠴᠠ ᠶᠢᠨ ᠵᠢᠷᠤᠭ᠎ᠠ ᠮᠣᠷᠢ ᠭᠡᠳᠡᠭ ᠪᠠᠶᠢᠵᠠᠢ᠃ ᠤᠳᠤ ᠬᠡᠰᠢᠭᠳᠡᠨ ᠳᠤ ᠵᠡᠭᠦᠨ ᠪᠠᠷᠠᠭᠤᠨ | ᠠᠷᠤ ᠶᠢᠨ ᠮᠠᠯᠵᠢᠬᠤ ᠣᠷᠤᠨ ᠢᠶᠠᠷ ᠨᠡᠶᠢᠳᠡᠮ ᠲᠠᠷᠬᠠᠵᠦ᠂ ᠤᠳᠤᠮ ᠨᠢ ᠦᠷᠭᠡᠵᠢᠨ ᠤᠨᠤᠭᠠᠷᠢ ᠶᠢᠨ ᠮᠣᠷᠢᠳ ᠤᠨ | ᠣᠯᠠᠩᠬᠢ ᠨᠢ ᠵᠢᠷᠤᠭ᠎ᠠ ᠪᠣᠯᠤᠭᠰᠠᠨ ᠢᠶᠠᠷ ᠤᠤᠯ ᠤᠨ ᠨᠡᠷᠡᠶᠢᠳᠤᠯ ᠨᠢ ᠦᠷᠭᠡᠵᠢᠭᠡᠳ ᠬᠡᠰᠢᠭᠳᠡᠨ ᠵᠢᠷᠤᠭ᠎ᠠ ᠮᠣᠷᠢ ᠭᠡᠬᠦ | ᠪᠤᠯᠵᠠᠢ᠃ ᠴᠢᠩ ᠤᠯᠤᠰ ᠤᠨ ᠡᠩᠬᠡ ᠠᠮᠤᠭᠤᠯᠠᠩ ᠬᠠᠭᠠᠨ ᠨᠢᠭᠡ ᠤᠳᠠᠭ᠎ᠠ ᠬᠡᠰᠢᠭᠳᠡᠨ ᠢᠶᠠᠷ ᠦᠩᠭᠡᠷᠡᠬᠦ ᠳᠡᠭᠡᠨ | ᠬᠡᠰᠢᠭᠳᠡᠨ ᠤ ᠵᠢᠷᠤᠭ᠎ᠠ ᠮᠣᠷᠢ ᠶᠢ ᠤᠨᠤᠵᠦ ᠦᠵᠡᠭᠡᠳ ᠦᠨᠳᠦᠷ ᠦᠨᠡᠯᠡᠵᠦ《 ᠵᠢᠷᠤᠭ᠎ᠠ ᠮᠣᠷᠢᠨ ᠤ ᠨᠤᠳᠤᠭ | ᠬᠡᠰᠢᠭᠳᠡᠨ》 ᠭᠡᠵᠦ ᠮᠠᠭᠳᠠᠯ᠎ᠠ ᠭᠡᠳᠡᠭ ᠤᠯᠠᠮᠵᠢᠯᠠᠯ ᠶᠠᠷᠢᠶ᠎ᠠ ᠪᠣᠢ᠃ ᠬᠡᠰᠢᠭᠳᠡᠨ ᠵᠢᠷᠤᠭ᠎ᠠ ᠮᠣᠷᠢ ᠳᠤᠮᠳᠠ ᠵᠡᠷᠭᠡ ᠶᠢᠨ | ᠪᠡᠶ᠎ᠡ ᠲᠠᠢ ᠪᠦᠭᠡᠳ ᠵᠢᠰᠤᠮ ᠨᠢ ᠬᠠᠷ᠎ᠠ ᠪᠤᠷᠤ ᠪᠤᠶᠤ ᠬᠦᠷᠡᠩ ᠵᠡᠷᠭᠡ ᠳᠠᠩ ᠦᠩᠭᠡ ᠪᠠᠷ ᠭᠤᠣᠯᠯᠠᠭᠰᠨ ᠶᠤᠮ᠃ | ᠲᠤᠯᠤᠭᠠᠢ ᠴᠡᠭᠡᠵᠢ ᠨᠢ ᠰᠢᠯᠤᠭᠤᠪᠳᠤᠷ᠂ ᠴᠢᠬᠢ ᠨᠢ ᠦᠨᠳᠦᠷ᠂ ᠬᠠᠮᠠᠷ ᠤᠨ ᠨᠦᠬᠡ ᠨᠢ ᠰᠠᠷᠳᠠᠭᠠᠷ᠂ ᠰᠡᠭᠦᠯ ᠨᠢ | ᠠᠭᠰᠢᠭᠤᠨ ᠪᠦᠭᠡᠳ ᠤᠷᠳᠤ᠂ ᠳᠡᠯ ᠨᠢ ᠰᠢᠩᠭᠡᠪᠳᠤᠷ᠂ ᠴᠡᠭᠡᠵᠢ ᠨᠢ ᠠᠭᠤᠵᠢᠮ᠂ ᠨᠢᠷᠤᠭᠤ ᠨᠢ ᠲᠡᠭᠰᠢ᠂ ᠲᠠᠰᠢᠶ᠎ᠠ | ᠨᠢ ᠦᠷᠭᠡᠨ᠂ ᠲᠤᠭᠤᠷᠠᠢ ᠨᠢ ᠴᠣᠮᠪᠤᠨ᠂ ᠠᠭᠤᠯᠠ ᠲᠠᠯ᠎ᠠ᠂ ᠡᠯᠡᠰᠦᠨ ᠭᠠᠵᠠᠷ ᠤᠨ ᠠᠯᠢᠨ ᠳᠤᠨᠢ ᠴᠦ ᠵᠢᠷᠤᠭᠠᠯᠠᠵᠦ | ᠴᠢᠳᠠᠳᠠᠭ᠃ ᠬᠡᠰᠢᠭᠳᠡᠨ ᠵᠢᠷᠤᠭ᠎ᠠ ᠮᠣᠷᠢ ᠶᠢ ᠤᠬᠠᠭᠠᠨ ᠵᠢᠷᠤᠭ᠎ᠠ᠂ ᠤᠨᠤᠵᠦ ᠣᠷᠤᠭᠤᠯᠤᠭᠰᠠᠨ ᠵᠢᠷᠤᠭ᠎ᠠ ᠭᠡᠵᠦ | ᠬᠤᠶᠠᠷ ᠬᠤᠪᠢᠶᠠᠨ᠎ᠠ᠃ ᠬᠡᠰᠢᠭᠳᠡᠨ ᠵᠢᠷᠤᠭ᠎ᠠ ᠮᠣᠷᠢ ᠶᠢ ᠡᠷᠳᠡᠨ ᠠᠴᠠ ᠠᠪᠤᠭᠠᠳ ᠡᠳᠦᠭᠡ ᠬᠦᠷᠳᠡᠯ᠎ᠡ ᠦᠵᠤᠮᠤᠴᠢᠨ᠂ | ᠴᠠᠬᠠᠷ᠂ ᠠᠪᠠᠭ᠎ᠠ᠂ ᠰᠦᠨᠢᠳ ᠤᠨ ᠮᠣᠩᠭᠤᠯᠴᠤᠳ ᠶᠡᠬᠡᠳᠡ ᠪᠠᠭ᠋ᠠᠷᠬᠠᠨ ᠤᠨᠤᠭᠠᠷᠢ ᠪᠤᠯᠭᠠᠬᠤ ᠪᠤᠶᠤ ᠲᠡᠵᠢᠭᠡᠵᠦ | ᠦᠷᠡᠵᠢᠭᠦᠯᠵᠦ ᠢᠷᠡᠭᠰᠡᠨ ᠲᠡᠤᠬᠡ ᠲᠠᠢ᠃ | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |