ᠠᠷᠪᠠᠨ ᠨᠠᠢᠮᠠᠳᠤᠭᠠᠷ ᠵᠠᠭᠤᠨ ᠤ ᠦᠶ᠎ᠡ ᠶᠢᠨ ᠠᠯᠳᠠᠷᠳᠤ ᠰᠤᠶᠤᠯ ᠤᠨ ᠵᠢᠳᠬᠦᠯᠳᠡᠨ ᠪᠦᠬᠡᠳ ᠨᠡᠶᠢᠭᠡᠮ ᠲᠠᠶᠠᠭᠠᠷ | ᠨᠠᠷ᠎ᠡ ᠠᠯᠳᠠᠷᠰᠢᠭᠰᠠᠨ ᠬᠦᠨᠳᠦᠳᠦ ᠡᠷᠳᠡᠮᠳᠡᠨ ᠦᠵᠦᠮᠦᠴᠢᠨ ᠬᠦᠩ ᠭᠤᠮᠪᠤᠵᠠᠪ ᠪᠤᠯ᠂ ᠡᠩᠬᠡ ᠠᠮᠤᠭᠤᠯᠠᠩ ᠬᠠᠭᠠᠨ ᠤ | ᠦᠶ᠎ᠡ ᠳᠤ᠂ ᠤᠤᠯ ᠤᠨ ᠰᠢᠯᠢ ᠶᠢᠨ ᠭᠤᠤᠯ ᠴᠢᠭᠤᠯᠭᠠᠨ ᠤ ᠦᠵᠦᠮᠦᠴᠢᠨ ᠪᠠᠷᠠᠭᠤᠨ ᠬᠤᠰᠢᠭᠤ ᠶᠢᠨ ᠲᠡᠷᠢᠬᠦᠨ | ᠵᠡᠷᠭᠡ ᠶᠢᠨ ᠲᠤᠰᠠᠯᠠᠭᠴᠢ ᠲᠠᠶᠢᠵᠢ᠂ ᠵᠠᠰᠠᠭ ᠲᠦᠷᠦ ᠶᠢᠨ ᠬᠦᠩ ᠤᠳᠠᠷᠠᠢ ᠨᠤᠶᠠᠨ ᠤ ᠬᠦᠪᠡᠬᠦᠨ ᠪᠤᠯᠤᠨ ᠵᠠᠶᠠᠭᠠᠭᠰᠠᠨ | ᠪᠠᠶᠢᠨ᠎ᠠ᠃ ᠭᠤᠮᠪᠤᠵᠠᠪ ᠤᠨ ᠬᠤᠶᠠᠳᠤᠭᠠᠷ ᠶᠡᠭᠡ ᠠᠪᠠᠭ᠎ᠠ ᠰᠤᠳᠠᠨᠢ ᠪᠤᠯ ᠦᠵᠦᠮᠦᠴᠢᠨ ᠪᠠᠷᠠᠭᠤᠨ ᠬᠤᠰᠢᠭᠤᠨ ᠤ | ᠭᠤᠷᠪᠠᠳᠤᠭᠠᠷ ᠦᠶ᠎ᠡ ᠶᠢᠨ ᠵᠠᠰᠠᠭ ᠨᠤᠶᠠᠨ ᠬᠤᠱᠤᠢ ᠰᠡᠴᠡᠨ ᠴᠢᠨ ᠸᠠᠩ ᠪᠤᠯᠤᠨ᠃ ᠲᠡᠷᠡ 1658 ᠤᠨ ᠳᠤ | ᠦᠵᠦᠮᠦᠴᠢᠨ ᠪᠠᠷᠠᠭᠤᠨ ᠬᠤᠰᠢᠭᠤᠨ ᠤ ᠴᠢᠨ ᠸᠠᠩ ᠤᠨ ᠰᠠᠭᠤᠷᠢᠨ ᠢ ᠵᠠᠯᠠᠭᠠᠮᠵᠢᠯᠠᠵᠤ 1690 ᠤᠨ ᠳᠤ | ᠡᠪᠡᠳᠴᠢᠨ ᠢᠶᠠᠷ ᠨᠠᠰᠤ ᠪᠠᠷᠠᠵᠠᠢ᠃ ᠰᠤᠳᠠᠨᠢ ᠶᠢ ᠵᠠᠰᠠᠭ ᠪᠠᠷᠢᠵᠤ ᠪᠠᠶᠢᠬᠤ ᠬᠤᠭᠤᠴᠠᠭᠠᠨ ᠳᠤ᠂ ᠭᠤᠮᠪᠤᠵᠠᠪ ᠤᠨ | ᠡᠴᠢᠭᠡ ᠤᠳᠠᠷᠠᠢ ᠵᠠᠰᠠᠭ ᠲᠦᠷᠦ ᠶᠢᠨ ᠲᠤᠰᠠᠯᠠᠭᠴᠢ ᠬᠦᠩ ᠪᠠᠶᠢᠵᠤ᠂ ᠠᠬ᠎ᠠ ᠰᠤᠳᠠᠨᠢ ᠶᠢ ᠬᠠᠪᠰᠤᠷᠤᠨ ᠲᠦᠷᠤ | ᠵᠠᠰᠠᠭ ᠤᠨ ᠶᠡᠭᠡ ᠦᠢᠯᠡ ᠶᠢ ᠬᠠᠮᠢᠶᠠᠷᠤᠨ ᠰᠢᠳᠬᠡᠳᠡᠭ ᠡᠷᠭᠡ ᠵᠡᠷᠭᠡ ᠲᠠᠢ ᠬᠦᠮᠦᠨ ᠪᠠᠶᠢᠪᠠ᠃ ᠡᠷᠳᠡᠮᠳᠡᠨ ᠬᠦᠩ | ᠭᠤᠮᠪᠤᠵᠠᠪ ᠬᠡᠳᠦᠶᠢᠪᠡᠷ ᠡᠶᠢᠮᠤ ᠨᠢᠭᠡᠨ ᠢᠵᠠᠭᠤᠷᠳᠠᠨ ᠤ ᠡᠭᠦᠳᠡᠨ ᠳᠤ ᠮᠡᠨᠳᠤᠯᠠᠵᠤ᠂ ᠲᠦᠷᠦ ᠶᠢᠨ ᠬᠡᠷᠬᠢᠮᠳᠡᠨ ︽ | ᠲᠠᠶᠢᠵᠢ︾ ᠪᠤᠶᠤ ︽ᠬᠦᠩ︾ ᠤᠨ ᠵᠡᠷᠭᠡ ᠪᠠᠷ ᠲᠡᠤᠬᠡ ᠰᠤᠳᠤᠷ ᠲᠤ ᠲᠡᠮᠳᠡᠭᠯᠡᠭᠳᠡᠭᠰᠡᠨ ᠪᠤᠯᠪᠠᠴᠤ᠂ ᠦᠨᠡᠨ ᠳᠡᠭᠡᠨ | ᠲᠡᠷᠡ ᠪᠤᠯ᠂ ᠵᠡᠷᠭᠡ ᠬᠡᠷᠬᠢᠮ ᠳᠤ ᠰᠢᠨᠤᠬᠠᠶᠢᠷᠠᠵᠤ᠂ ᠵᠢᠩᠰᠡ ᠤᠳᠤᠭ ᠬᠦᠬᠡᠬᠡᠴᠡᠯᠳᠤᠨ᠂ ᠵᠢᠷᠭᠠᠯ ᠴᠡᠩᠭᠡᠯ ᠳᠤ | ᠰᠤᠭᠳᠤᠭᠤᠷᠠᠭᠰᠠᠨ ︽ᠲᠠᠶᠢᠵᠢ︾᠂ ︽ᠬᠦᠩ︾ ᠪᠢᠰᠢ᠂ ᠬᠠᠷᠢᠨ ᠪᠦᠬᠦ ᠨᠠᠰᠤᠨ ᠤ ᠤᠶᠤᠨ ᠴᠢᠳᠠᠯ᠂ ᠤᠢ | ᠪᠢᠯᠢᠭ ᠢᠶᠠᠨ ᠪᠦᠬᠦᠶᠢᠯᠡ ᠮᠤᠩᠭᠤᠯ ᠦᠨᠳᠦᠰᠦᠳᠡᠨ ᠤ ᠰᠤᠶᠤᠯ ᠪᠤᠯᠪᠠᠰᠤᠨ ᠤ ᠮᠠᠨᠳᠤᠯ ᠬᠦᠭᠵᠢᠯᠳᠡ ᠪᠠ ᠲᠤᠮᠳᠠᠳᠤ | ᠤᠯᠤᠰ ᠤᠨ ᠦᠨᠳᠦᠰᠦᠳᠡᠨ ᠨᠦᠭᠦᠳ ᠤᠨ ᠰᠤᠶᠤᠯ ᠤᠨ ᠰᠤᠯᠢᠯᠴᠠᠭᠠᠨ ᠤ ᠦᠢᠯᠡᠰ ᠲᠤ ᠬᠠᠷᠠᠮ ᠦᠬᠡᠢ | ᠵᠤᠷᠢᠭᠤᠯᠤᠭᠰᠠᠨ ᠬᠦᠨᠳᠦᠳᠬᠡᠨ ᠪᠢᠰᠢᠷᠡᠭᠦᠰᠢᠳᠡᠢ ᠰᠤᠶᠤᠯ ᠤᠨ ᠵᠢᠳᠬᠦᠯᠳᠡᠨ ᠪᠠᠶᠢᠭᠰᠠᠨ ᠶᠤᠮ᠃ | ᠭᠤᠮᠪᠤᠵᠠᠪ ᠬᠦᠩ ᠤᠨ ᠲᠦᠷᠦᠵᠤ ᠮᠡᠨᠳᠤᠯᠡᠭᠰᠡᠨ ᠪᠠ ᠨᠦᠭᠴᠢᠵᠤ ᠬᠠᠯᠢᠭᠰᠠᠨ ᠪᠤᠳᠠᠳᠠᠢ ᠤᠨ ᠵᠢᠯ ᠤᠨ ᠲᠤᠬᠠᠢ | ᠤᠳᠤᠬᠠᠨ ᠪᠤᠯᠳᠠᠯ᠎ᠠ ᠲᠡᠤᠬᠡᠨ ᠪᠠᠳᠤᠳᠠᠢ ᠪᠠᠷᠢᠮᠳᠠ ᠤᠯᠳᠠᠭᠠᠳᠤᠢ ᠪᠤᠯᠪᠠᠴᠤ᠂ ᠰᠤᠳᠤᠯᠤᠭᠴᠢ ᠨᠠᠷ ᠲᠡᠬᠦᠨ ᠤ ᠦᠢᠯᠡ | ᠬᠦᠳᠡᠯᠭᠡᠭᠡᠨ ᠤ ᠰᠦᠪᠡᠭᠴᠢ ᠪᠠ ᠵᠤᠬᠢᠶᠠᠯ ᠪᠦᠳᠦᠭᠡᠯ ᠤᠨ ᠬᠢᠨᠢ ᠮᠡᠳᠡᠭᠡ ᠪᠠᠷᠢᠮᠳᠠ ᠶᠢ ᠠᠰᠢᠭᠯᠠᠵᠤ ᠨᠡᠶᠢᠳᠡᠮ ᠳᠡᠭᠡᠨ | ᠪᠦᠷ ᠲᠡᠬᠦᠨ ᠢ ᠠᠷᠪᠠᠨ ᠲᠤᠯᠤᠳᠤᠭᠠᠷ ᠵᠠᠭᠤᠨ ᠤ ᠰᠡᠭᠦᠯᠴᠢ ᠶᠢᠨ ᠦᠶ᠎ᠡ ᠠᠴᠠ ᠠᠷᠪᠠᠨ ᠨᠠᠢᠮᠠᠳᠤᠭᠠᠷ ᠵᠠᠭᠤᠨ ᠤ | ᠲᠤᠮᠳᠠᠴᠢ ᠦᠶ᠎ᠡ ᠬᠦᠷᠳᠡᠯ᠎ᠡ ᠠᠮᠢᠳᠤᠷᠠᠵᠤ ᠪᠠᠶᠢᠭᠰᠠᠨ ᠮᠤᠩᠭᠤᠯ ᠦᠨᠳᠦᠰᠦᠳᠡᠨ ᠤ ᠠᠯᠳᠠᠷᠳᠤ ᠲᠠᠤᠬᠡᠴᠢ᠂ | ᠤᠷᠴᠢᠭᠤᠯᠤᠭᠴᠢ᠂ ᠭᠡᠯᠡᠨ ᠤ ᠡᠷᠳᠡᠮᠳᠡᠨ᠂ ᠰᠤᠶᠤᠯ ᠰᠤᠷᠭᠠᠨ ᠬᠦᠮᠦᠵᠢᠯ ᠤᠨ ᠵᠢᠳᠬᠦᠯᠳᠡᠨ ᠪᠠ ᠠᠨᠠᠭᠠᠬᠤ | ᠤᠬᠠᠭᠠᠨᠳᠠᠨ ᠮᠦᠨ ᠭᠡᠵᠦ ᠰᠠᠨᠠᠯ ᠨᠢᠭᠡᠳᠡᠢ ᠦᠨᠡᠯᠡᠨ ᠦᠵᠡᠵᠡᠭᠡᠵᠤ ᠪᠠᠶᠢᠨ᠎ᠠ᠃ | ᠭᠤᠮᠪᠤᠵᠠᠪ ᠬᠦᠩ ᠡᠩᠬᠡ ᠠᠮᠤᠭᠤᠯᠠᠩ ᠬᠠᠭᠠᠨ ᠤ ᠦᠶ᠎ᠡ ︵1662 — 1722︶ ᠳᠤ ᠪᠡᠭᠡᠵᠢᠩ ᠳᠤ | ᠤᠴᠢᠵᠤ᠂ ᠬᠠᠭᠠᠨ ᠤ ᠤᠷᠳᠤᠨ ᠤ ᠤᠯᠤᠰ ᠤᠨ ᠬᠦᠪᠡᠬᠦᠳ ᠤᠨ ᠰᠤᠷᠭᠠᠭᠤᠯᠢ ᠳᠤ᠂ ᠮᠠᠨᠵᠤ᠂ ᠮᠤᠩᠭᠤᠯ᠂ ᠬᠢᠳᠠᠳ᠂ | ᠲᠦᠪᠡᠳ ᠵᠡᠷᠭᠡ ᠲᠦᠷᠪᠡᠨ ᠲᠦᠷᠦᠯ ᠤᠨ ᠦᠬᠡ ᠬᠡᠯᠡ ᠦᠰᠦᠭ ᠪᠢᠴᠢᠭ ᠢ ᠰᠤᠷᠴᠤ ᠡᠵᠡᠮᠰᠢᠭᠰᠡᠨ ᠪᠦᠬᠡᠳ | ᠰᠡᠬᠦᠯᠡᠷ ᠨᠢ ᠪᠠᠰᠠ ᠡᠨᠡᠳᠬᠡᠭ ᠰᠠᠨᠰᠺᠢᠷᠲ᠂ ᠤᠶᠢᠭᠤᠷ ᠵᠡᠷᠭᠡ ᠬᠡᠯᠡ᠂ ᠦᠰᠦᠭ ᠢ ᠨᠡᠮᠡᠨ ᠰᠤᠷᠤᠭᠠᠳ᠂ | ᠨᠠᠶᠢᠳᠡ ᠪᠠᠷ ᠢᠶᠠᠨ ᠵᠦᠪᠰᠢᠶᠡᠷᠡᠭᠰᠡᠨ ᠨᠡᠷᠡᠳᠤ ᠡᠷᠳᠡᠮᠳᠡᠨ ᠪᠤᠯᠤᠭᠰᠠᠨ ᠪᠠᠶᠢᠨ᠎ᠠ᠃ ᠡᠨᠡ ᠪᠦᠬᠦᠨ ᠨᠢ ᠲᠡᠬᠦᠨ ᠳᠤ᠂ | ᠪᠡᠭᠡᠵᠢᠩ ᠳᠠᠬᠢ ︽ᠲᠠᠩᠭᠤᠳ ᠪᠢᠴᠢᠭ ᠤᠨ ᠰᠤᠷᠭᠠᠭᠤᠯᠢ ᠶᠢᠨ ᠪᠦᠬᠦᠳᠡ ᠶᠢ ᠵᠠᠬᠢᠨ ᠰᠤᠷᠭᠠᠭᠴᠢ︾ ᠪᠠᠷ ᠠᠵᠢᠯᠯᠠᠬᠤ | ᠳᠤᠨᠢ ᠠᠰᠢᠭᠳᠠᠢ ᠰᠠᠶᠢᠨ ᠨᠦᠬᠦᠴᠡᠯ ᠤᠯᠭᠤᠭᠰᠠᠨ ᠪᠤᠯᠬᠤᠷ᠂ ᠨᠡᠶᠢᠷᠠᠯᠳᠤ ᠲᠦᠪ ᠬᠠᠭᠠᠨ ︵1723 — 1735︶ | ᠤ ᠦᠶ᠎ᠡ ᠠᠴᠠ ᠡᠬᠢᠯᠡᠵᠤ᠂ ᠲᠠᠩᠭᠤᠳ ᠪᠢᠴᠢᠭ ᠤᠨ ᠰᠤᠷᠭᠠᠭᠤᠯᠢ ᠶᠢᠨ ᠨᠡᠶᠢᠳᠡ ᠶᠢ ᠵᠠᠬᠢᠨ ᠰᠤᠷᠭᠠᠭᠴᠢ ᠪᠠᠷ ᠪᠠᠷᠤᠭ | ᠭᠤᠴᠢᠭᠠᠳ ᠵᠢᠯ ᠠᠵᠢᠯᠯᠠᠭᠰᠠᠨ ᠪᠠᠶᠢᠨ᠎ᠠ᠃ ᠡᠨᠡᠬᠦ ᠬᠤᠭᠤᠴᠠᠭᠠᠨ ᠳᠠᠭᠠᠨ ᠬᠦᠨᠳᠦᠳᠦ ᠡᠷᠳᠡᠮᠳᠡᠨ ᠮᠠᠨᠢ ᠦᠯ | ᠬᠤᠭᠤᠯᠠ ᠶᠢ ᠤᠮᠠᠷᠳᠠᠨ᠂ ᠡᠳᠦᠷ ᠰᠦᠨᠢ ᠶᠢ ᠲᠡᠮᠡᠴᠡᠵᠤ᠂ ᠡᠷᠳᠡᠮ ᠰᠢᠨᠵᠢᠯᠡᠭᠡᠨ ᠤ ᠦᠢᠯᠡᠰ ᠪᠠ ᠡᠯ᠎ᠡ | ᠦᠨᠳᠦᠰᠦᠳᠡᠨ ᠤ ᠰᠤᠶᠤᠯ ᠤᠨ ᠰᠤᠯᠢᠯᠴᠠᠭᠠᠨ ᠤ ᠲᠦᠯᠦᠭᠡ᠂ ᠦᠪᠡᠷ ᠤᠨ ᠬᠦᠯᠦᠰᠤ ᠴᠢᠰᠤ ᠪᠠᠨ ᠬᠠᠷᠠᠮ ᠦᠬᠡᠢ | ᠤᠷᠤᠰᠬᠠᠭᠰᠠᠨ ᠤ ᠳ᠋ᠦᠩ ᠳᠤ᠂ ᠡᠷᠳᠡᠨᠢ ᠶᠢᠨ ᠦᠨ᠎ᠡ ᠴᠠᠨ᠎ᠠ ᠲᠠᠢ ᠡᠯᠪᠡᠭ ᠪᠠᠶᠠᠯᠢᠭ ᠰᠤᠳᠤᠷ ᠨᠤᠮ ᠪᠠ | ᠰᠤᠳᠤᠯᠭᠠᠨ ᠤ ᠦᠪ ᠬᠦᠷᠦᠩᠬᠡ ᠪᠠᠨ ᠦᠷ᠎ᠡ ᠬᠡᠦᠬᠡᠳ ᠪᠢᠳᠡᠨ ᠳᠡᠭᠡᠨ ᠦᠪᠯᠡᠵᠤ ᠦᠯᠡᠳᠡᠭᠡᠭᠰᠡᠨ ᠪᠠᠶᠢᠨ᠎ᠠ᠃ | ᠡᠩ ᠲᠡᠷᠢᠬᠦᠨ ᠳᠤ᠂ ᠡᠷᠳᠡᠮᠳᠡᠨ ᠬᠦᠩ ᠭᠤᠮᠪᠤᠵᠠᠪ ᠪᠤᠯ ᠨᠢᠭᠡᠨ ᠦᠨᠡᠨ ᠢ ᠪᠠᠷᠢᠮᠳᠠᠯᠠᠳᠠᠭ ᠠᠯᠳᠠᠷᠳᠤ ᠲᠡᠤᠬᠡᠴᠢ | ᠪᠠᠶᠢᠭᠰᠠᠨ ᠶᠤᠮ᠃ ᠲᠡᠷᠡ ᠪᠠᠷ ᠨᠠᠶᠢᠷᠠᠯᠳᠤ ᠲᠦᠪ ᠬᠠᠭᠠᠨ ᠤ ᠭᠤᠷᠪᠠᠳᠤᠭᠠᠷ ᠤᠨ᠂ ᠲᠤᠬᠠᠶᠢᠯᠠᠪᠠᠯ ᠨᠡᠶᠢᠳᠡ ᠶᠢᠨ | ᠤᠨ ᠲᠤᠭᠠᠯᠠᠯ ᠤᠨ 1725 ᠤᠨ ᠳᠤ᠂ ᠲᠠᠩᠭᠤᠳ ᠪᠢᠴᠢᠭ ᠤᠨ ᠰᠤᠷᠭᠠᠭᠤᠯᠢ ᠳᠤ ᠰᠤᠷᠤᠯᠴᠠᠨ ᠰᠤᠳᠤᠯᠵᠤ | ᠪᠠᠶᠢᠬᠤ ᠳᠠᠭᠠᠨ᠂ ︽ᠭᠠᠩᠭ᠎ᠠ ᠶᠢᠨ ᠤᠷᠤᠰᠬᠠᠯ︾ ᠭᠡᠳᠡᠭ ᠲᠡᠤᠬᠡ ᠶᠢᠨ ᠵᠤᠬᠢᠶᠠᠯ ᠢᠶᠠᠨ ᠦᠪᠡᠷ ᠤᠨ ᠦᠨᠳᠦᠰᠦᠳᠡᠨ ᠤ | ᠬᠡᠯᠡ ᠪᠠᠷ ᠢᠶᠠᠨ ᠪᠢᠴᠢᠨ ᠲᠠᠭᠤᠰᠬᠠᠵᠠᠢ᠃ ︽ᠭᠠᠩᠭ᠎ᠠ ᠶᠢᠨ ᠤᠷᠤᠰᠬᠠᠯ︾ ᠪᠤᠯ ᠲᠦᠢᠯ ᠤᠨ ᠪᠠᠶᠠᠯᠢᠭ ᠠᠭᠤᠯᠭ᠎ᠠ | ᠲᠠᠢ ᠲᠡᠤᠬᠡ ᠶᠢᠨ ᠵᠤᠬᠢᠶᠠᠯ ᠪᠦᠭᠡᠳ ᠲᠡᠬᠦᠨ ᠳᠤ ᠲᠤᠰᠬᠠᠭᠰᠠᠨ ᠨᠡᠶᠢᠭᠡᠮ ᠤᠨ ᠦᠵᠡᠯ ᠰᠠᠨᠠᠭ᠎ᠠ ᠨᠢ ᠴᠤ ᠲᠤᠬᠠᠢ ᠶᠢᠨ | ᠦᠶ᠎ᠡ ᠳᠡᠭᠡᠨ ᠲᠡᠤᠬᠡᠳᠤ ᠲᠠᠪᠰᠢᠩᠭᠤᠢ ᠦᠢᠯᠡᠳᠦᠯ ᠲᠠᠢ ᠪᠠᠶᠢᠭᠰᠠᠨ ᠶᠤᠮ᠃ ᠡᠨᠡ ᠲᠤᠬᠠᠢ ᠡᠷᠳᠡᠮᠳᠡᠨ ᠴᠤᠶᠢᠵᠢ | ᠪᠠᠭᠰᠢ ᠪᠠᠷ ︽ᠭᠠᠩᠭᠠᠩ ᠶᠢᠨ ᠤᠷᠤᠰᠬᠠᠯ︾ ᠤᠨ ᠤᠷᠤᠰᠢᠯ ᠳᠠᠭᠠᠨ᠄ ︽ᠴᠢᠩᠬᠢᠰ ᠬᠠᠭᠠᠨ ᠤ ᠠᠯᠳᠠᠨ ᠤᠷᠤᠭ ᠪᠤᠯ | ᠲᠡᠭᠡᠳᠦ ᠲᠡᠭᠷᠢ ᠠᠴᠠ ᠵᠠᠶᠠᠭᠠᠭᠰᠠᠨ ᠪᠦᠬᠡᠳ ᠭᠠᠩᠭ᠎ᠠ ᠮᠦᠷᠡᠨ ᠤ ᠤᠷᠤᠰᠬᠠᠯ ᠮᠡᠳᠦ ᠦᠨᠢ ᠡᠭᠦᠷᠢᠳᠡ ᠲᠠᠰᠤᠷᠠᠰᠢ | ᠦᠬᠡᠢ ᠦᠷᠬᠦᠯᠵᠢᠯᠡᠵᠤ ᠪᠠᠶᠢᠨ᠎ᠠ ᠭᠡᠰᠡᠨ ᠢ ᠮᠤᠩᠭᠤᠯᠴᠤᠳ ᠲᠤ ᠮᠡᠳᠡᠬᠦᠯᠦᠨ᠂ ᠲᠠᠳᠡᠨᠡᠷ ᠲᠤ 〈 ᠠᠯᠳᠠᠨ | ᠲᠡᠯᠡᠬᠡᠢ ᠶᠢ ᠡᠵᠡᠯᠡᠭᠰᠡᠨ ᠰᠤᠳᠤ ᠪᠤᠭᠳᠠ ᠴᠢᠩᠬᠢᠰ ᠬᠠᠭᠠᠨ ᠢᠯᠠᠳᠤᠭᠠᠢ 〉 ᠭᠡᠰᠡᠨ ᠢᠳᠡᠭᠡᠯ ᠵᠤᠷᠢᠭ ᠢ ᠪᠤᠢ | ᠪᠤᠯᠭᠠᠬᠤ ᠭᠡᠵᠠᠢ᠃ ᠡᠨᠡ ᠪᠤᠯ 〈 ᠭᠠᠩᠭ᠎ᠠ ᠶᠢᠨ ᠤᠷᠤᠰᠬᠠᠯ 〉 ᠢ ᠲᠤᠭᠤᠷᠪᠢᠨ ᠪᠢᠴᠢᠭᠰᠡᠨ ᠤ ᠭᠤᠤᠯ ᠵᠤᠷᠢᠯᠭ᠎ᠠ | ᠪᠤᠯᠵᠤ᠂ ᠲᠡᠬᠦᠨ ᠤ ᠦᠨᠳᠦᠰᠦᠨ ᠦᠵᠡᠯ ᠰᠠᠨᠠᠠᠭᠠ ᠪᠤᠯᠵᠤ ᠲᠤᠭᠳᠠᠵᠠᠢ︾ ᠬᠡᠮᠡᠨ ᠮᠠᠰᠢ ᠵᠦᠪ ᠤᠨᠤᠪᠴᠢᠳᠠᠢ | ᠮᠦᠷᠳᠡᠭᠡᠨ ᠦᠨᠡᠨ ᠭᠤᠤᠯᠴᠢ ᠪᠠᠷ ᠦᠨᠡᠯᠡᠨ ᠲᠡᠮᠳᠡᠭᠯᠡᠵᠤ ᠪᠢᠯᠡ᠃ | ᠮᠠᠨ ᠤ ᠦᠵᠡᠬᠦ ᠪᠠᠷ ᠭᠤᠮᠪᠤᠵᠠᠪ ᠬᠦᠩ ︽ᠭᠠᠩᠭ᠎ᠠ ᠶᠢᠨ ᠤᠷᠤᠰᠬᠠᠯ︾ ᠢᠶᠠᠨ ᠪᠢᠴᠢᠬᠦ ᠳᠤ᠂ ᠡᠶᠢᠮᠤ ᠨᠢᠭᠡ | ᠬᠡᠳᠦᠨ ᠲᠠᠯ᠎ᠠ ᠶᠢᠨ ᠠᠰᠠᠭᠤᠳᠠᠯ ᠢ ᠲᠤᠩ ᠲᠤᠪᠤᠶᠢᠯᠭᠠᠭᠰᠠᠨ ᠪᠠᠶᠢᠨ᠎ᠠ᠃ | ︵ᠨᠢᠭᠡ︶ ᠲᠡᠤᠬᠡ ᠶᠢᠨ ᠦᠨᠡᠨ ᠢ ᠲᠦᠪ ᠶᠤᠰᠤᠭᠠᠷ ᠰᠡᠷᠭᠦᠬᠡᠵᠦ᠂ ᠮᠤᠩᠭᠤᠯᠴᠤᠳ ᠲᠤ ᠦᠪᠡᠷ ᠤᠨ ᠬᠢᠨᠢ | ᠲᠡᠤᠬᠡ ᠶᠢ ᠦᠨᠡᠨ ᠮᠦᠨ ᠢᠶᠠᠷ ᠨᠢ ᠲᠠᠨᠢᠭᠤᠯᠤᠨ᠂ ᠲᠡᠳᠡᠨ ᠤ ᠦᠨᠳᠦᠰᠦᠳᠡᠨ ᠢ ᠪᠠᠨ ᠢᠳᠡᠭᠡᠨ ᠬᠦᠨᠳᠦᠳᠬᠡᠬᠦ ᠡᠷᠢᠯ | ᠬᠦᠰᠡᠯ ᠢ ᠴᠢᠩᠭᠠᠳᠬᠠᠵᠤ᠂ ᠦᠨᠳᠦᠰᠦᠳᠡᠨ ᠤ ᠪᠠᠨ ᠲᠦᠯᠦᠭᠡ ᠲᠡᠮᠡᠴᠡᠬᠦ ᠡᠷᠴᠢ ᠵᠤᠷᠢᠭ ᠤᠳ ᠪᠤᠯᠭᠠᠨ᠎ᠠ᠃ ᠤᠯᠠᠨ ᠤ | ᠮᠡᠳᠡᠭᠡᠵᠢ ᠪᠠᠷ᠂ ᠭᠤᠮᠪᠤᠵᠠᠪ ᠬᠦᠩ ᠤᠨ ᠤᠷᠤᠰᠢᠨ ᠠᠮᠢᠳᠤᠷᠠᠵᠤ ᠪᠠᠶᠢᠭᠰᠠᠨ ᠴᠠᠭ ᠦᠶ᠎ᠡ ᠪᠤᠯ ᠲᠡᠤᠬᠡ ᠶᠢᠨ ᠤᠷᠤᠭ᠎ᠠ | ᠪᠤᠰᠤᠭ᠎ᠠ ᠤᠨ ᠵᠢᠯ ᠪᠤᠯᠬᠤ ᠪᠦᠬᠡᠳ ᠮᠠᠨᠵᠤ ᠴᠢᠩ ᠤᠨ ᠨᠤᠶᠠᠷᠬᠠᠯ ᠮᠤᠩᠭᠤᠯ ᠤᠷᠤᠨ ᠳᠤ ᠲᠤᠭᠳᠠᠨᠢᠬᠤ ᠶᠢ | ᠲᠠᠭᠠᠯᠳᠤᠨ ᠡᠷᠬᠡ ᠴᠢᠯᠦᠭᠡᠳᠤ ᠮᠤᠩᠭᠤᠯ ᠦᠨᠳᠦᠰᠦᠳᠡᠨ ᠨᠢᠭᠡᠳᠡᠨ ᠪᠤᠰᠤᠳ ᠤᠨ ᠪᠤᠭᠤᠯᠴᠢᠯᠠᠯ ᠳᠤ ᠤᠷᠤᠭᠰᠠᠨ | ᠪᠠᠶᠢᠨ᠎ᠠ᠃ ᠮᠠᠨᠵᠤ ᠴᠢᠩ ᠤᠨ ᠲᠡᠷᠰᠡᠯᠡᠬᠦᠤ ᠨᠤᠶᠠᠷᠬᠠᠭᠴᠢᠳ ᠦᠪᠡᠷ ᠤᠨ ᠦᠨᠳᠦᠰᠦᠳᠡᠨ ᠤ ᠪᠠᠨ ᠨᠤᠶᠠᠷᠬᠠᠯ ᠢ | ᠦᠨᠢᠳᠡ ᠪᠠᠳᠤᠳᠬᠠᠬᠤ ᠶᠢᠨ ᠲᠦᠯᠦᠭᠡ᠂ ᠮᠤᠩᠭᠤᠯᠴᠤᠳ ᠲᠤ ᠬᠠᠳᠠᠭᠤ ᠵᠦᠬᠡᠯᠡᠨ ᠠᠷᠭ᠎ᠠ ᠶᠢ ᠵᠡᠷᠭᠡ ᠪᠠᠷ ᠬᠡᠷᠡᠭᠯᠡᠵᠤ | ᠂ ᠮᠤᠩᠭᠤᠯ ᠤᠨ ᠲᠡᠭᠡᠳᠤ ᠲᠠᠪᠬᠤᠷᠭᠠᠳᠠᠨ ᠢ ᠪᠤᠯ ᠦᠨᠳᠦᠷ ᠪᠦᠭᠯᠡᠬᠦᠤ᠂ ᠤᠳᠤᠭ ᠵᠢᠩᠰᠡ᠂ ᠦᠩᠬᠡᠳᠤ ᠦᠬᠢᠳ | ᠰᠢᠪᠡᠭᠴᠢᠨ ᠢᠶᠠᠷ ᠨᠢᠳᠤ ᠰᠡᠳᠬᠢᠯ ᠢ ᠨᠢ ᠬᠤᠷᠢᠶᠠᠵᠤ᠂ ᠡᠪᠦᠳᠦᠭ ᠰᠦᠬᠦᠷᠡᠬᠦᠯᠦᠨ ᠡᠮᠦᠨ᠎ᠡ ᠪᠠᠨ ᠮᠦᠷᠬᠦᠯᠦᠨ ᠠᠪᠴᠠᠢ | ᠃ ᠨᠦᠬᠦᠭᠡ ᠲᠠᠯ᠎ᠠ ᠪᠠᠷ ᠱᠠᠰᠢᠨ ᠤ ᠮᠤᠩᠬᠠᠷᠠᠭᠤᠯᠤᠯ ᠤᠨ ᠲᠦᠷᠦ ᠶᠢᠨ ᠪᠤᠳᠤᠯᠭ᠎ᠠ ᠶᠢ ᠲᠡᠩᠭᠡᠭᠡ ᠮᠡᠳᠡᠨ | ᠬᠦᠭᠡᠭᠡᠷᠡᠭᠳᠡᠵᠦ᠂ ᠦᠷᠬᠡᠨ ᠤᠯᠠᠨ ᠲᠦᠮᠡᠨ ᠤ ᠤᠶᠤᠨ ᠰᠠᠨᠠᠭ᠎ᠠ ᠤᠢ ᠪᠢᠯᠢᠭ ᠢ ᠬᠦᠯᠢᠶᠡᠰᠦᠯᠡᠵᠤ᠂ ᠰᠦᠮ᠎ᠡ | ᠶᠡᠭᠡ ᠪᠠᠷ ᠪᠠᠷᠢᠵᠤ᠂ ᠰᠦᠰᠦᠭ ᠢ ᠨᠢ ᠠᠳᠬᠤᠬᠤ ᠬᠡᠷᠴᠡᠭᠡᠢ ᠲᠦᠷᠦ ᠶᠢᠨ ᠪᠤᠳᠤᠯᠭ᠎ᠠ ᠶᠢ ᠬᠡᠷᠡᠭᠵᠢᠭᠦᠯᠦᠭᠰᠡᠨ ᠪᠠᠶᠢᠨ᠎ᠠ᠃ | ᠪᠠᠰᠠ ᠶᠠᠭᠤᠨ ᠤ ︽ᠲᠦᠪᠡᠳ ᠮᠤᠩᠭᠤᠯ ᠨᠢᠭᠡᠨ ᠤᠭᠰᠠᠭ᠎ᠠ︾ ᠭᠡᠬᠦ ᠪᠤᠶᠤ ︽ᠮᠠᠨᠵᠤ ᠮᠤᠩᠭᠤᠯ ᠨᠢᠭᠡᠨ ᠤᠭᠰᠠᠭ᠎ᠠ︾ | ᠭᠡᠬᠦ ᠬᠤᠳᠠᠯ ᠬᠠᠭᠤᠷᠮᠠᠭ ᠲᠡᠤᠬᠡ ᠵᠤᠬᠢᠶᠠᠵᠤ ᠦᠷᠬᠡᠨ ᠤᠯᠠᠨ ᠮᠤᠩᠭᠤᠯᠴᠤᠳ ᠢ ︽ᠪᠤᠭᠳᠠ ᠬᠠᠭᠠᠨ︾ ᠪᠠ ︽ᠪᠠ | ᠪᠦᠷᠢᠨ ᠴᠢᠩ ᠤᠯᠤᠰ︾ ᠤᠨ ᠢᠶᠠᠨ ᠨᠤᠶᠠᠷᠬᠠᠯ ᠳᠤ ᠪᠠᠶᠢᠯᠭᠠᠬᠤ ᠳᠠᠭᠠᠨ᠂ ᠦᠨᠳᠦᠰᠦ ᠪᠠᠷᠢᠮᠳᠠ ᠤᠯᠬᠤ ᠭᠡᠵᠦ | ᠲᠡᠤᠬᠡ ᠶᠢ ᠭᠠᠵᠢᠭᠤᠳᠠᠭᠤᠯᠤᠭᠰᠠᠨ ᠲᠤᠩ ᠴᠤ ᠤᠯᠠᠨ ᠴᠠᠯᠴᠢᠶ᠎ᠠ ᠨᠤᠮᠯᠠᠯ ᠭᠠᠷᠭᠠᠭᠰᠠᠨ ᠪᠠᠶᠢᠨ᠎ᠠ᠃ ᠡᠨᠡ ᠪᠦᠬᠦᠨ ᠨᠢ | ᠬᠡᠷᠬᠢᠨ ᠪᠢᠴᠢᠭ ᠰᠤᠶᠤᠯ ᠳᠤ ᠨᠡᠪᠲᠡᠷᠡᠵᠦ ᠪᠢᠯᠢᠭ ᠤᠬᠠᠭᠠᠨ ᠨᠡᠭᠡᠭᠡᠭᠳᠡᠭᠰᠡᠨ ᠡᠷᠳᠡᠮᠳᠡᠨ ᠭᠤᠮᠪᠤᠵᠠᠪ ᠢ ᠮᠡᠭᠡᠯᠡᠨ | ᠴᠢᠳᠠᠬᠤ ᠠᠵᠠᠢ᠃ ᠡᠶᠢᠨᠬᠦ ᠡᠷᠳᠡᠮᠳᠡᠨ ᠭᠤᠮᠪᠤᠵᠠᠪ ᠢᠶᠠᠷ ᠮᠤᠩᠭᠤᠯ ᠦᠨᠳᠦᠰᠦᠳᠡᠨ ᠪᠤᠯ ᠡᠨᠡᠳᠬᠡᠭ ᠲᠦᠪᠡᠳ ᠠᠴᠠ | ᠡᠰᠢ ᠦᠨᠳᠦᠰᠦ ᠲᠠᠢ ᠬᠡᠬᠦ ᠪᠤᠯ ︽ᠲᠠᠯᠠᠢ ᠯᠠᠮᠠ ᠲᠡᠷᠢᠬᠦᠳᠡᠨ ᠲᠠᠶᠢᠨ ᠨᠤᠮᠠᠯᠠᠭᠰᠠᠨ︾ ᠪᠤᠷᠬᠠᠨ ᠱᠠᠰᠢᠨᠳᠠᠨ ᠤ | ᠪᠤᠷᠤᠭᠤ ᠭᠠᠵᠢᠭᠤ ᠴᠠᠯᠴᠢᠶ᠎ᠠ ᠭᠡᠰᠡᠨ ᠢ ᠵᠠᠳᠠ ᠢᠯᠡᠴᠢᠯᠡᠵᠤ ︽ᠮᠤᠩᠭᠤᠯ ᠤᠨ ᠨᠢᠭᠤᠴᠠ ᠲᠤᠪᠴᠢᠶᠠᠨ︾ ᠪᠤᠯᠤᠨ ︽ | ᠲᠠᠶᠢᠶᠤᠸᠠᠨ ᠤᠯᠤᠰ ᠤᠨ ᠭᠤᠤᠯ ᠰᠤᠳᠤᠷ︾ ᠵᠡᠷᠭᠡ ᠦᠨᠡᠨ ᠲᠡᠤᠬᠡ ᠶᠢ ᠮᠦᠷᠳᠡᠨ ᠬᠢᠨᠠᠵᠤ᠂ ᠮᠤᠩᠭᠤᠯ | ᠦᠨᠳᠦᠰᠦᠳᠡᠨ ᠤ ᠲᠡᠤᠬᠡ ᠶᠢ ᠦᠨᠡᠨ ᠵᠦᠪ ᠢᠶᠠᠷ ᠨᠢ ᠰᠡᠷᠬᠦᠬᠡᠬᠦ ᠪᠠᠷ ᠴᠢᠷᠮᠠᠶᠢᠵᠤ ︽ᠲᠡᠭᠡᠳᠤ ᠲᠡᠭᠷᠢ ᠠᠴᠠ ᠵᠠᠶᠠᠭᠠᠵᠤ | ᠲᠦᠷᠦᠭᠰᠡᠨ ᠲᠡᠭᠡᠳᠤᠰ ᠤᠨ ᠲᠡᠤᠬᠡ︾ ᠪᠠᠨ ᠪᠢᠴᠢᠭᠰᠡᠨ ᠪᠢᠯᠡ᠃ ᠶᠠᠭ ᠡᠶᠢᠮᠤ ᠵᠤᠷᠢᠯᠳᠠ ᠪᠠᠷ ᠦᠪᠡᠷ ᠤᠨ | ᠦᠨᠳᠦᠰᠦᠳᠡᠨ ᠤ ᠬᠡᠯᠡ ᠦᠰᠦᠭ ᠢᠶᠠᠷ ︽ᠭᠠᠩᠭ᠎ᠠ ᠶᠢᠨ ᠤᠷᠤᠰᠬᠠᠯ︾ ᠭᠡᠳᠡᠭ ᠠᠯᠳᠠᠷᠳᠤ ᠲᠡᠤᠬᠡ ᠶᠢᠨ | ᠵᠤᠬᠢᠶᠠᠯ ᠢᠶᠠᠨ ᠪᠢᠴᠢᠭᠰᠡᠨ ᠪᠦᠬᠡᠳ ︽ᠠᠩᠬᠠᠨ ᠤ ᠪᠦᠯᠦᠭ︾ ᠪᠠ ︽ᠨᠦᠬᠦᠭᠡ ᠪᠦᠯᠦᠭ︾ ᠬᠡᠮᠡᠨ ᠬᠤᠶᠠᠷ | ᠠᠩᠬᠢᠯᠠᠵᠤ᠂ ︽ᠠᠩᠬᠠᠨ ᠤ ᠪᠦᠯᠦᠭ︾ ᠲᠡᠭᠡᠨ ︽ᠬᠢᠶᠠᠳ ᠶᠠᠰᠤᠳᠠᠨ︾ ᠤ ᠠᠯᠳᠠᠨ ᠤᠷᠤᠭ ᠤᠨ ᠤᠭ ᠦᠨᠳᠦᠰᠦ | ᠪᠤᠯᠬᠤ ᠴᠢᠩᠬᠢᠰ ᠬᠠᠭᠠᠨ ᠤ ᠢᠵᠠᠭᠤᠷ ᠠᠴᠠ ᠮᠤᠩᠭᠤᠯ ᠲᠦᠷᠦ ᠶᠢᠨ ᠬᠠᠭᠠᠳ ᠨᠤᠶᠠᠳ ᠤᠨ ᠭᠤᠤᠯ ᠤᠭᠰᠠᠭ᠎ᠠ | ᠵᠠᠯᠭᠠᠮᠵᠢᠯᠠᠯ ᠢ ᠤᠨ ᠲᠠᠷᠠᠭᠠᠯᠠᠨ ᠨᠠᠷᠢᠨ ᠲᠤᠭᠠᠴᠢᠵᠤ ᠲᠡᠮᠳᠡᠭᠯᠡᠭᠰᠡᠨ ᠪᠠᠶᠢᠨ᠎ᠠ᠃ ︽ᠨᠦᠬᠦᠭᠡ ᠪᠦᠯᠦᠭ︾ ᠲᠡᠭᠡᠨ | ᠴᠢᠩᠬᠢᠰ ᠬᠠᠭᠠᠨ ᠤ ᠲᠡᠭᠦᠤᠨᠡᠷ ᠤᠳ ᠪᠤᠯᠤᠨ ᠲᠡᠳᠡᠨ ᠤ ᠦᠷ᠎ᠡ ᠠᠴᠢᠨᠠᠷ ᠤᠨ ᠬᠠᠷᠢᠶ᠎ᠠ ᠠᠶᠢᠮᠠᠭ ᠤᠨ ᠨᠤᠶᠠᠳ | ᠲᠦᠰᠢᠮᠡᠳ ᠤᠨ ᠦᠷ᠎ᠡ ᠵᠠᠯᠭᠠᠮᠵᠢ᠂ ᠮᠤᠩᠭᠤᠯ ᠤᠨ ᠲᠡᠤᠬᠡᠨ ᠳᠠᠬᠢ ᠭᠠᠪᠢᠶ᠎ᠠ ᠵᠢᠳᠬᠦᠯ ᠲᠠᠢ ᠰᠠᠶᠢᠳ ᠲᠦᠰᠢᠮᠡᠯ᠂ | ᠮᠤᠩᠭᠤᠯ ᠤᠨ ᠨᠡᠶᠢᠭᠡᠮ ᠤᠨ ᠵᠠᠰᠠᠭ ᠵᠠᠬᠢᠷᠭᠠᠨ ᠤ ᠪᠠᠶᠢᠭᠤᠯᠤᠮᠵᠢ᠂ ᠮᠠᠨᠵᠤ ᠴᠢᠩ ᠤᠨ ᠨᠤᠶᠠᠷᠬᠠᠯ ᠳᠠᠬᠢ ᠦᠪᠦᠷ | ᠮᠤᠩᠭᠤᠯ ᠤᠨ ᠬᠤᠰᠢᠭᠤ ᠨᠤᠳᠤᠭ ᠤᠨ ᠬᠤᠪᠢᠶᠠᠷᠢ ᠵᠡᠷᠭᠡ ᠶᠢ ᠨᠢᠭᠡᠳ ᠨᠢᠭᠡ ᠪᠠᠷ ᠨᠠᠷᠢᠨ ᠲᠤᠳᠤᠷᠬᠠᠢ ᠲᠡᠮᠳᠡᠭᠯᠡᠵᠠᠢ᠃ | ᠮᠤᠩᠭᠤᠯ ᠦᠨᠳᠦᠰᠦᠳᠡᠨ ᠤ ᠮᠠᠨᠳᠤᠭᠰᠠᠨ ᠲᠡᠤᠬᠡ ᠶᠢ ᠨᠠᠷᠢᠨ ᠲᠤᠳᠤᠷᠬᠠᠢ ᠪᠦᠬᠡᠳ ᠵᠦᠪ ᠦᠨᠡᠨ ᠢᠶᠠᠷ ᠨᠢ ᠰᠡᠷᠭᠦᠭᠡᠨ | ᠪᠢᠴᠢᠭᠰᠡᠨ ᠶᠠᠪᠤᠳᠠᠯ ᠪᠤᠯ ᠮᠤᠩᠭᠤᠯᠴᠤᠳ ᠤᠨ ᠦᠵᠡᠯ ᠤᠬᠠᠮᠰᠠᠷ ᠢ ᠤᠷᠢᠶᠠᠯᠠᠨ ᠲᠠᠭᠤᠳᠠᠵᠤ᠂ ᠲᠡᠳᠡᠨ ᠤ | ᠦᠨᠳᠦᠰᠦᠳᠡᠨ ᠢᠶᠠᠨ ᠬᠠᠶᠢᠷᠠᠯᠠᠨ ᠬᠦᠨᠳᠦᠳᠬᠡᠬᠦ ᠦᠵᠡᠯ ᠰᠡᠳᠬᠢᠯᠭᠡ ᠶᠢ ᠬᠠᠳᠠᠭᠠᠯᠠᠨ ᠪᠠᠳᠠᠷᠠᠭᠤᠯᠵᠤ᠂ ᠮᠤᠩᠭᠤᠯ | ᠦᠨᠳᠦᠰᠦᠳᠡᠨ ᠤ ᠪᠠᠨ ᠢᠷᠡᠭᠡᠳᠦᠢ ᠳᠤ ᠢᠳᠡᠭᠡᠯ ᠡᠷᠡᠮᠡᠯᠵᠡᠯᠡᠯ ᠲᠠᠢ ᠪᠠᠶᠢᠯᠭᠠᠬᠤ ᠶᠢ ᠵᠤᠷᠢᠭᠰᠠᠨ ᠶᠤᠮ᠃ ᠡᠶᠢᠮᠤ ᠨᠢᠭᠡᠨ | ᠬᠠᠳᠠᠭᠤ ᠪᠤᠳᠤᠯ ᠲᠦᠰᠢᠵᠤ ᠬᠤᠯᠠ ᠶᠢᠨ ᠵᠤᠷᠢᠯᠳᠠ ᠶᠢ ᠡᠪᠦᠷᠯᠡᠭᠰᠡᠨ ᠪᠤᠯᠬᠤᠷ᠂ ᠲᠡᠷᠡ ᠦᠪᠡᠷ ᠤᠨ ᠡᠷᠬᠡ | ᠵᠡᠷᠭᠡ ᠪᠠᠨ ᠤᠭᠴᠠᠷᠠᠭᠳᠠᠬᠤ ᠶᠢ ᠦᠴᠦᠬᠡᠨ ᠤᠶᠢᠰᠢᠶᠠᠯ ᠦᠬᠡᠢ᠂ ᠦᠬᠦᠵᠤ ᠵᠤᠪᠠᠭ᠋ᠤ ᠠᠶᠤᠯ ᠢ ᠦᠴᠦᠬᠡᠨ ᠴᠤ | ᠬᠠᠶᠢᠬᠤᠷᠬᠤ ᠦᠬᠡᠢ᠂ ᠪᠤᠷᠬᠠᠨ ᠱᠠᠰᠢᠨ ᠪᠦᠬᠦ ᠮᠤᠩᠭᠤᠯ ᠤᠷᠤᠨ ᠢ ᠨᠤᠶᠠᠷᠬᠠᠵᠤ ᠪᠠᠶᠢᠭᠰᠠᠨ ᠪᠠᠯᠠᠷ ᠬᠠᠷᠠᠩᠭᠤᠢ | ᠦᠶ᠎ᠡ ᠳᠤ ᠡᠨᠡᠳᠬᠡᠭ᠂ ᠲᠦᠪᠡᠳ᠂ ᠮᠤᠩᠭᠤᠯ ᠦᠨᠳᠦᠰᠦ ᠤᠭᠰᠠᠭ᠎ᠠ ᠨᠢᠭᠡ ᠭᠡᠬᠦ ᠪᠤᠯ ︽ᠲᠠᠯᠠᠢ ᠯᠠᠮᠠ ᠲᠡᠷᠢᠬᠦᠳᠡᠨ | ᠲᠠᠶᠢᠨ ᠨᠤᠮᠯᠠᠭᠰᠠᠨ︾ ᠲᠠᠰᠢᠶᠠᠷᠠᠯ ᠪᠤᠷᠤᠭᠤ ᠴᠠᠯᠴᠢᠶ᠎ᠠ ᠭᠡᠳᠡᠭ ᠢ ᠲᠡᠤᠬᠡ ᠶᠢᠨ ᠪᠠᠷᠢᠮᠳᠠ ᠪᠠᠷ ᠨᠢᠴᠤᠭᠠᠵᠤ᠂ ᠮᠤᠩᠭᠤᠯ | ᠦᠨᠳᠦᠰᠦᠳᠡᠨ ᠤ ᠲᠡᠤᠬᠡ ᠶᠢ ᠮᠦᠨ ᠵᠦᠪ ᠢᠶᠠᠷ ᠨᠢ ᠰᠡᠷᠭᠦᠬᠡᠨ ᠲᠡᠮᠳᠡᠭᠯᠡᠭᠰᠡᠨ ᠶᠠᠪᠤᠳᠠᠯ ᠪᠤᠯ ᠦᠨᠢᠳᠡ ᠪᠠᠯᠠᠷᠠᠰᠢ | ᠦᠬᠡᠢ ᠡᠷᠳᠡᠮᠳᠡᠨ ᠤ ᠮᠠᠨᠢ ᠭᠠᠪᠢᠶ᠎ᠠ ᠵᠢᠳᠬᠦᠯ ᠪᠤᠯᠤᠨ᠎ᠠ᠃ | ︵ᠬᠤᠶᠠᠷ︶ ᠮᠠᠨᠵᠤ ᠴᠢᠩ ᠤᠨ ᠦᠨᠳᠦᠰᠦᠳᠡᠨ ᠤ ᠲᠠᠷᠤᠯᠠᠯ ᠢ ᠡᠰᠡᠷᠬᠦᠴᠡᠵᠤ᠂ ᠦᠪᠡᠷ ᠤᠨ | ᠦᠨᠳᠦᠰᠦᠳᠡᠨ ᠤ ᠪᠠᠨ ᠲᠤᠰᠠᠭᠠᠷ ᠲᠤᠭᠳᠠᠨᠢᠯ ᠢ ᠰᠡᠷᠬᠦᠬᠡᠬᠦ ᠲᠦᠪ ᠴᠢᠩᠭ᠎ᠠ ᠤᠯᠤᠰ ᠲᠦᠷᠦ ᠶᠢᠨ ᠵᠤᠷᠢᠯᠳᠠ ᠶᠢ | ᠪᠠᠷᠢᠮᠳᠠᠯᠠᠭᠰᠠᠨ ᠪᠠᠶᠢᠨ᠎ᠠ᠃ ᠮᠤᠩᠭᠤᠯ ᠦᠨᠳᠦᠰᠦᠳᠡᠨ ᠪᠤᠯ ᠮᠠᠨᠳᠤᠭᠰᠠᠨ ᠴᠠᠭ ᠠᠴᠠ ᠪᠠᠨ ᠠᠪᠤᠭᠠᠳ ᠨᠢᠭᠡᠨ ᠡᠷᠬᠡ | ᠴᠢᠯᠦᠭᠡᠳᠤ ᠲᠤᠰᠠᠭᠠᠷ ᠲᠤᠭᠳᠠᠨᠢᠭᠰᠠᠨ ᠤᠯᠤᠰ ᠦᠨᠳᠦᠰᠦᠳᠡᠨ ᠪᠠᠶᠢᠭᠰᠠᠨ ᠶᠤᠮ᠃ ᠠᠷᠪᠠᠨ ᠲᠤᠯᠤᠳᠤᠭᠠᠷ ᠵᠠᠭᠤᠨ ᠤ | ᠦᠶ᠎ᠡ ᠳᠤ᠂ ᠮᠠᠨᠵᠤ ᠴᠢᠩ ᠤᠨ ᠵᠠᠰᠠᠭ ᠤᠨ ᠭᠠᠵᠠᠷ ᠤᠨ ᠵᠦᠢᠯ ᠵᠦᠢᠯ ᠤᠨ ᠬᠠᠷᠬᠢᠰ ᠬᠡᠷᠴᠡᠭᠡᠢ ᠲᠦᠷᠦ ᠶᠢᠨ | ᠪᠤᠳᠤᠯᠭ᠎ᠠ ᠶᠢᠨ ᠳ᠋ᠦᠩ ᠳᠤ᠂ ᠮᠤᠩᠭᠤᠯᠴᠤᠳ ᠪᠦᠷ ᠯᠡ ᠮᠠᠨᠵᠤ ᠴᠢᠩ ᠤᠨ ᠨᠤᠶᠠᠷᠬᠠᠯ ᠳᠤ ᠤᠷᠤᠵᠤ ᠦᠪᠡᠷ ᠤᠨ | ᠦᠨᠳᠦᠰᠦᠳᠡᠨ ᠤ ᠡᠷᠬᠡ ᠴᠢᠯᠦᠭᠡ ᠪᠠ ᠲᠤᠰᠠᠭᠠᠷ ᠲᠤᠭᠳᠠᠨᠢᠯ ᠢᠶᠠᠨ ᠠᠯᠳᠠᠨ᠂ ᠬᠡᠷᠴᠡᠭᠡᠢ ᠪᠠᠯᠠᠮᠠᠳ ᠦᠨᠳᠦᠰᠦᠳᠡᠨ ᠤ | ᠲᠠᠷᠤᠯᠠᠯ ᠮᠦᠯᠵᠢᠯ ᠢ ᠠᠮᠰᠠᠬᠤ ᠪᠤᠯᠤᠭᠰᠠᠨ ᠪᠠᠶᠢᠨ᠎ᠠ᠃ ᠭᠡᠳᠡᠯ᠎ᠡ ᠮᠠᠨᠵᠤ ᠴᠢᠩ ᠤᠨ ᠨᠤᠶᠠᠷᠬᠠᠯ ᠢ ᠡᠰᠡᠷᠬᠦᠴᠡᠭᠰᠡᠨ | ᠮᠤᠩᠭᠤᠯ ᠦᠨᠳᠦᠰᠦᠳᠡᠨ ᠤ ᠲᠡᠮᠡᠴᠡᠯ ᠶᠡᠷᠦᠨᠢ ᠲᠠᠰᠤᠷᠠᠭᠰᠠᠨ ᠦᠬᠡᠢ᠂ ᠯᠢᠭᠳᠡᠨ ᠬᠠᠭᠠᠨ ᠤ ᠲᠠᠶᠢᠨ ᠠᠴᠠ ᠭᠠᠯᠳᠠᠨ | ᠪᠤᠱᠤᠭᠳᠤ ᠶᠢᠨ ᠲᠡᠮᠡᠴᠡᠯ ᠬᠦᠷᠳᠡᠯ᠎ᠡ᠂ ᠶᠡᠭᠡ ᠪᠠᠭ᠎ᠠ ᠤᠯᠠᠨ ᠤᠳᠠᠭᠠᠨ ᠤ ᠪᠤᠰᠤᠯᠭ᠎ᠠ ᠲᠡᠮᠡᠴᠡᠯ ᠢ ᠶᠠᠪᠤᠭᠤᠯᠤᠭᠰᠠᠨ | ᠪᠦᠬᠡᠳ ᠤᠨᠴᠠᠭᠠᠶᠢᠯᠠᠨ ᠭᠠᠯᠳᠠᠨ ᠪᠤᠱᠤᠭᠳᠤ ᠶᠢᠨ ᠮᠠᠨᠵᠤ ᠴᠢᠩ ᠢ ᠡᠰᠡᠷᠬᠦᠴᠡᠭᠰᠡᠨ ᠲᠡᠮᠡᠴᠡᠯ ᠳᠤ ᠭᠤᠮᠪᠤᠵᠠᠪ ᠤᠨ | ᠡᠷᠦᠬᠡ ᠭᠡᠷ᠂ ᠤᠶᠢᠷ᠎ᠠ ᠰᠠᠳᠤᠨ ᠪᠦᠬᠦᠨ ᠢᠶᠠᠷ ᠬᠤᠯᠪᠤᠭᠳᠠᠵᠤ᠂ ᠦᠵᠦᠮᠦᠴᠢᠨ ᠲᠠᠶᠢᠵᠢ ᠨᠤᠶᠠᠳ ᠢᠶᠠᠷ ᠭᠠᠯᠳᠠᠨ | ᠪᠤᠱᠤᠭᠳᠤ ᠶᠢᠨ ᠲᠡᠮᠡᠴᠡᠯ ᠢ ᠢᠯᠡ ᠪᠤᠶᠤ ᠲᠠᠯᠳᠠ ᠪᠠᠷ ᠲᠠᠮᠵᠢᠨ ᠲᠤᠰᠠᠯᠠᠵᠤ᠂ ᠮᠠᠨᠵᠤ ᠴᠢᠩ ᠤᠨ ᠨᠤᠶᠠᠷᠬᠠᠯ ᠢ | ᠡᠰᠡᠷᠬᠦᠴᠡᠭᠰᠡᠨ ᠪᠠᠶᠢᠨ᠎ᠠ᠃ ᠡᠳᠡᠭᠡᠷ ᠭᠡᠷᠡᠭ ᠠᠴᠠ ᠪᠤᠯᠵᠤ ᠭᠤᠮᠪᠤᠵᠠᠪ ᠬᠦᠩ ᠴᠤ ᠡᠯᠳᠡᠪ ᠢᠶᠠᠷ ᠭᠠᠳᠠᠭᠤᠷᠴᠢᠯᠠᠭᠳᠠᠨ | ᠰᠡᠵᠢᠭᠯᠡᠭᠳᠡᠬᠦ ᠪᠤᠯᠤᠭᠰᠠᠨ ᠪᠤᠶᠤ ᠡᠶᠢᠮᠤ ᠪᠤᠶᠤ ᠲᠡᠶᠢᠮᠤ ᠰᠢᠯᠳᠠᠭᠠᠨ ᠠᠴᠠ ᠪᠤᠯᠵᠤ ᠮᠠᠨᠵᠤ ᠴᠢᠩ ᠢ ᠡᠰᠡᠷᠬᠦᠴᠡᠭᠰᠡᠨ | ᠮᠤᠩᠭᠤᠯ ᠤᠨ ᠤᠯᠠᠨ ᠤᠳᠠᠭᠠᠨ ᠤ ᠪᠤᠰᠤᠯᠭ᠎ᠠ ᠢᠯᠠᠭᠳᠠᠭᠰᠠᠨ ᠪᠠᠶᠢᠨ᠎ᠠ᠃ ᠡᠨᠡᠬᠦ ᠪᠠᠶᠢᠳᠠᠯ ᠳᠤ ᠮᠤᠩᠭᠤᠯ ᠤᠨ ᠵᠠᠷᠢᠮ | ᠢᠵᠠᠭᠤᠷᠳᠠᠨ ᠲᠤᠷᠠᠳᠠᠶ᠎ᠠ ᠦᠨᠳᠦᠰᠦᠳᠡᠨ ᠤ ᠡᠷᠬᠡ ᠠᠰᠢᠭ ᠢ ᠬᠤᠳᠠᠯᠳᠤᠵᠤ᠂ ᠮᠠᠨᠵᠤ ᠴᠢᠩ ᠤᠯᠤᠰ ᠲᠤ ᠡᠪᠦᠳᠦᠭ | ᠲᠠᠷᠤᠨ ᠪᠠᠭᠤᠵᠤ ᠦᠭᠭᠦᠭᠰᠡᠨ ᠪᠦᠬᠡᠳ ᠨᠡᠯᠢᠶᠡᠳ ᠬᠦᠮᠦᠰ ᠴᠤ ᠦᠨᠳᠦᠰᠦᠳᠡᠨ ᠤ ᠢᠷᠡᠭᠡᠳᠦᠢ ᠳᠤ ᠢᠳᠡᠭᠡᠯ | ᠵᠤᠷᠢᠭ ᠢᠶᠠᠨ ᠠᠯᠳᠠᠵᠤ ᠭᠠᠷ ᠢᠶᠠᠨ ᠨᠤᠬᠤᠯᠤᠨ ᠭᠤᠳᠤᠷᠠᠨ ᠵᠤᠪᠠᠵᠤ ᠪᠠᠶᠢᠪᠠ᠃ ᠡᠶᠢᠮᠤ ᠲᠡᠤᠬᠡᠳᠤ ᠠᠬᠤᠢ | ᠪᠠᠶᠢᠳᠠᠯ ᠤᠨ ᠲᠤᠤᠷ᠎ᠠ᠂ ᠭᠤᠮᠪᠤᠵᠠᠪ ᠬᠦᠩ ︽ᠭᠠᠩᠭ᠎ᠠ ᠶᠢᠨ ᠤᠷᠤᠰᠬᠠᠯ︾ ᠢᠶᠠᠨ ᠪᠢᠴᠢᠵᠤ᠂ ᠮᠤᠩᠭᠤᠯᠴᠤᠳ ᠤᠨ | ᠰᠦᠰᠦ ᠵᠤᠷᠢᠭ ᠪᠠ ᠰᠡᠳᠬᠢᠯ ᠰᠠᠨᠠᠭᠠᠨ ᠤ ᠲᠤᠯᠭᠠᠭᠤᠷᠢ ᠪᠤᠯᠤᠭᠰᠠᠨ ᠴᠢᠩᠬᠢᠰ ᠬᠠᠭᠠᠨ ᠤ ᠴᠠᠭ ᠦᠶ᠎ᠡ ᠶᠢ | ᠡᠷᠬᠢᠴᠡᠬᠦᠯᠦᠨ ᠲᠤᠩᠭᠠᠵᠤ ︽ᠠᠯᠳᠠᠨ ᠲᠡᠯᠡᠬᠡᠢ ᠶᠢ ᠡᠵᠡᠯᠡᠭᠰᠡᠨ ᠰᠤᠳᠤ ᠪᠤᠭᠳᠠ ᠴᠢᠩᠬᠢᠰ ᠬᠠᠭᠠᠨ ᠢᠯᠠᠳᠤᠭᠠᠢ︾ | ᠭᠡᠵᠦ ᠦᠨᠳᠦᠷ ᠲᠠᠭᠤᠨ ᠢᠶᠠᠷ ᠬᠠᠰᠬᠢᠷᠴᠤ ᠪᠦᠬᠦ ᠮᠤᠩᠭᠤᠯᠴᠤᠳ ᠢ ᠤᠷᠢᠶᠠᠯᠠᠨ ᠲᠠᠶᠢᠴᠢᠯᠠᠵᠤ᠂ ᠦᠪᠡᠷ ᠤᠨ | ᠦᠨᠳᠦᠰᠦᠳᠡᠨ ᠤ ᠪᠠᠨ ᠢᠷᠡᠭᠡᠳᠦᠢ ᠳᠤ ᠢᠳᠡᠭᠡᠯ ᠲᠠᠢ ᠪᠠᠶᠢᠬᠤ ᠶᠢ ᠰᠡᠩᠭᠡᠷᠡᠬᠦᠯᠦᠨ ᠰᠤᠷᠭᠠᠭᠰᠠᠨ ᠶᠤᠮ᠃ | ᠮᠤᠩᠭᠤᠯᠴᠤᠳ ᠤᠨ ᠮᠠᠨᠳᠤᠵᠤ ᠮᠦᠬᠦᠬᠦ ᠳᠤ ᠬᠤᠯᠪᠤᠭᠳᠠᠭᠰᠠᠨ ᠪᠠᠴᠢᠮ ᠵᠠᠩᠬᠢᠯᠠᠭ᠎ᠠ ᠶᠢᠨ ᠦᠶ᠎ᠡ ᠳᠤ᠂ ᠦᠩᠬᠡᠷᠡᠭᠰᠡᠨ | ᠲᠡᠤᠬᠡ ᠶᠢᠨ ᠬᠢᠨᠢ ᠰᠢᠵᠢᠷ ᠠᠯᠳᠠᠨ ᠦᠶ᠎ᠡ ᠪᠠᠷ ᠦᠯᠢᠭᠡᠷ ᠲᠠᠭᠤᠷᠢᠶᠠᠯ ᠪᠤᠯᠭᠠᠵᠤ᠂ ᠡᠪ ᠨᠢᠭᠡᠳᠤᠯ ᠲᠠᠢ ᠨᠢᠭᠳᠠᠷᠠᠵᠤ᠂ | ᠡᠷᠬᠡ ᠴᠢᠯᠦᠭᠡᠳᠤ ᠲᠤᠰᠠᠭᠠᠷ ᠲᠤᠭᠳᠠᠨᠢᠭᠰᠠᠨ ᠵᠠᠰᠠᠭ ᠲᠦᠷᠦ ᠪᠠᠶᠢᠭᠤᠯᠬᠤ ᠡᠷᠡᠮᠡᠯᠵᠡᠯᠡᠯ ᠬᠦᠰᠡᠯ ᠢ ᠨᠢ ᠲᠤᠰᠬᠠᠵᠤ᠂ | ᠮᠤᠩᠭᠤᠯ ᠦᠨᠳᠦᠰᠦᠳᠡᠨ ᠢᠯᠠᠭᠳᠠᠰᠢ ᠦᠬᠡᠢ᠂ ᠬᠠᠷᠢᠨ ᠭᠠᠩᠭ᠎ᠠ ᠮᠦᠷᠡᠨ ᠤ ᠤᠷᠤᠰᠬᠠᠯ ᠮᠡᠳᠤ ᠦᠨᠢ ᠡᠭᠦᠷᠢᠳᠡ ᠪᠠᠨ | ᠤᠶᠢᠯᠤᠨ ᠲᠠᠪᠠᠯᠭᠠᠯᠠᠵᠤ ᠤᠷᠤᠰᠬᠤ ᠶᠤᠰᠤᠳᠠᠢ ᠭᠡᠳᠡᠭ ᠤᠳᠬ᠎ᠠ ᠰᠠᠨᠠᠭ᠎ᠠ ᠶᠢ ᠴᠢᠬᠤᠯᠠᠴᠢᠯᠠᠵᠤ ᠦᠷᠭᠡᠨ ᠤᠯᠠᠨ | ᠲᠦᠮᠡᠨ ᠪᠠ ᠤᠶᠤᠳᠠᠨ ᠰᠡᠭᠡᠭᠡᠳᠡᠨ ᠢ ᠤᠷᠢᠶᠠᠯᠠᠵᠤ ᠲᠠᠶᠢᠴᠢᠯᠠᠭᠰᠠᠨ ᠶᠠᠪᠤᠳᠠᠯ ᠨᠢ ᠬᠡᠷᠡᠭ ᠲᠡᠭᠡᠷ᠎ᠡ ᠪᠠᠨ | ᠮᠤᠩᠭᠤᠯᠴᠤᠳ ᠤᠨ ᠦᠨᠳᠦᠰᠦᠳᠡᠨ ᠢᠶᠠᠨ ᠬᠠᠶᠢᠷᠠᠯᠠᠬᠤ ᠡᠬᠡ ᠤᠷᠤᠨᠴᠢ ᠦᠵᠡᠯ ᠰᠠᠨᠠᠭ᠎ᠠ ᠶᠢ ᠪᠠᠳᠤᠳᠬᠠᠨ | ᠪᠠᠬᠢᠵᠢᠬᠦᠯᠵᠤ᠂ ᠮᠠᠨᠵᠤ ᠴᠢᠩ ᠤᠨ ᠨᠤᠶᠠᠷᠬᠠᠯ ᠢ ᠡᠰᠡᠷᠬᠦᠴᠡᠬᠦ ᠠᠪᠤᠷᠭᠤ ᠶᠡᠭᠡ ᠬᠦᠴᠦᠨ ᠤ ᠡᠬᠢ ᠤᠨᠳᠤᠷᠤᠯ | ᠪᠤᠯᠤᠭᠰᠠᠨ ᠪᠠᠶᠢᠨ᠎ᠠ᠃ ᠡᠨᠡ ᠨᠢ ᠮᠦᠨᠴᠤ ᠦᠶ᠎ᠡ ᠶᠢᠨ ᠦᠶ᠎ᠡ ᠶᠢᠨ ᠦᠨᠳᠦᠰᠦᠳᠡᠨ ᠤ ᠪᠠᠭᠠᠳᠤᠷᠴᠤᠳ ᠤᠨ | ᠦᠨᠳᠦᠰᠦᠳᠡᠨ ᠢᠶᠠᠨ ᠮᠠᠨᠳᠤᠭᠤᠯᠬᠤ ᠢᠳᠡᠭᠡᠯ ᠵᠤᠷᠢᠭ ᠤᠨ ᠬᠢᠨᠢ ᠢᠪᠡᠯᠦᠯ ᠬᠦᠴᠦᠨ ᠪᠤᠯᠤᠭᠰᠠᠨ ᠭᠡᠵᠦ ᠬᠡᠯᠡᠬᠦ | ᠶᠤᠰᠤᠳᠠᠢ᠃ | ᠮᠤᠩᠭᠤᠯᠴᠤᠳ ᠤᠨ ᠦᠨᠳᠦᠰᠦᠳᠡᠨ ᠢᠶᠠᠨ ᠬᠠᠶᠢᠷᠠᠯᠠᠬᠤ ᠦᠵᠡᠯ ᠤᠬᠠᠮᠰᠠᠷ ᠪᠠ ᠢᠳᠡᠭᠡᠯ ᠵᠤᠷᠢᠭ ᠢ ᠬᠦᠪᠴᠢᠯᠡᠬᠦ | ᠵᠤᠷᠢᠯᠭ᠎ᠠ ᠪᠠᠷ ︽ᠭᠠᠩᠭ᠎ᠠ ᠶᠢᠨ ᠤᠷᠤᠰᠬᠠᠯ︾ ᠪᠢᠴᠢᠭᠳᠡᠭᠰᠡᠨ ᠪᠤᠯᠬᠤᠷ᠂ ᠦᠭᠡᠷ᠎ᠡ ᠪᠤᠰᠤᠳ ᠮᠤᠩᠭᠤᠯ ᠤᠨ ᠲᠡᠤᠬᠡ | ᠰᠤᠷᠪᠤᠯᠵᠢ ᠪᠢᠴᠢᠭ ᠲᠤ ᠪᠠᠶᠢᠳᠠᠭ ᠦᠬᠡᠢ ᠰᠢᠨ᠎ᠡ ᠰᠤᠷᠭᠤᠭ ᠮᠡᠳᠡᠭᠡ ᠪᠠᠷᠢᠮᠳᠠ ᠶᠢ ᠬᠠᠩᠭᠠᠵᠤ᠂ | ᠦᠨᠳᠦᠰᠦᠳᠡᠨ ᠤ ᠪᠠᠨ ᠲᠡᠤᠬᠡ ᠰᠤᠶᠤᠯ ᠤᠨ ᠦᠪ ᠢ ᠪᠦᠬᠦ ᠲᠠᠯ᠎ᠠ ᠪᠠᠷ ᠤᠯᠠᠮᠵᠢᠯᠠᠵᠤ ᠬᠠᠳᠠᠭᠠᠯᠠᠬᠤ ᠶᠢ | ᠰᠠᠨᠠᠭᠠᠴᠢᠯᠠᠭᠰᠠᠨ ᠢ ︽ᠭᠠᠩᠭ᠎ᠠ ᠶᠢᠨ ᠤᠷᠤᠰᠬᠠᠯ︾ ᠤᠨ ᠪᠠᠶᠠᠯᠢᠭ ᠠᠭᠤᠯᠭ᠎ᠠ ᠠᠴᠠ ᠤᠬᠠᠭᠠᠷᠠᠵᠤ ᠪᠤᠯᠤᠨ᠎ᠠ᠃ | ᠵᠢᠱᠢᠶᠡᠯᠡᠬᠦ ᠳᠤ᠂ ︽ᠮᠤᠩᠭᠤᠯ ᠤᠨ ᠶᠡᠭᠡ ᠬᠦᠭᠵᠢᠮ ᠠᠷᠪᠠᠨ ᠵᠢᠷᠭᠤᠭ᠎ᠠ᠂ ᠪᠠᠭ᠎ᠠ ᠬᠦᠭᠵᠢᠮ ᠠᠷᠪᠠᠨ ᠭᠤᠷᠪᠠ︾ | ᠭᠡᠵᠦ ᠲᠤᠳᠤᠷᠬᠠᠢ ᠲᠤᠷᠠᠳᠤᠭᠰᠠᠨ ᠪᠦᠬᠡᠳ ᠠᠷᠪᠠᠨ ᠬᠡᠳᠦᠨ ᠬᠦᠭᠵᠢᠮ ᠤᠨ ᠨᠡᠷᠡᠰ ᠢ ᠲᠡᠮᠳᠡᠭᠯᠡᠭᠰᠡᠨ ᠶᠤᠮ᠃ ᠡᠨᠡ | ᠨᠢ ᠮᠤᠩᠭᠤᠯ ᠦᠨᠳᠦᠰᠦᠳᠡᠨ ᠤ ᠲᠠᠭᠤᠤ ᠬᠦᠭᠵᠢᠮ ᠤᠨ ᠲᠡᠤᠬᠡ ᠶᠢ ᠰᠤᠳᠤᠯᠬᠤ ᠳᠤ ᠪᠦᠷ ᠴᠤ ᠬᠤᠪᠤᠷ ᠴᠤᠬᠠᠭ | ᠮᠡᠳᠡᠭᠡ ᠪᠠᠷᠢᠮᠳᠠ ᠪᠤᠯᠬᠤ ᠶᠤᠮ ᠡ᠃ ᠡᠨᠡᠬᠦ ︽ᠭᠠᠩᠭ᠎ᠠ ᠶᠢᠨ ᠤᠷᠤᠰᠬᠠᠯ︾ ᠭᠡᠳᠡᠭ ᠵᠤᠬᠢᠶᠠᠯ ᠨᠢ ᠦᠨᠡᠨ ᠢ | ᠪᠠᠷᠢᠮᠳᠠᠯᠠᠭᠰᠠᠨ ᠵᠤᠷᠢᠭ ᠰᠠᠨᠠᠭ᠎ᠠ ᠪᠠ ᠪᠠᠶᠠᠯᠢᠭ ᠠᠭᠤᠯᠭ᠎ᠠ ᠪᠠᠷ ᠢᠶᠠᠨ ᠭᠠᠳᠠᠭᠠᠳᠤ ᠲᠤᠳᠤᠭᠠᠳᠤ ᠶᠢᠨ ᠲᠡᠤᠬᠡᠴᠢ ᠪᠤᠯᠤᠨ | ᠡᠷᠳᠡᠮᠳᠡᠨ ᠨᠠᠷ ᠤᠨ ᠦᠨᠳᠦᠷ ᠦᠨᠡᠯᠡᠯᠳᠡ ᠶᠢ ᠤᠯᠵᠤ᠂ ᠮᠤᠩᠭᠤᠯ ᠦᠨᠳᠦᠰᠦᠳᠡᠨ ᠤ ᠲᠡᠤᠬᠡ ᠰᠤᠷᠪᠤᠯᠵᠢ | ᠪᠢᠴᠢᠭ ᠤᠨ ᠬᠢᠨᠢ ᠨᠢᠭᠡ ᠨᠢ ᠪᠤᠯᠵᠤ ᠲᠡᠭᠡᠵᠢᠯᠡᠭᠳᠡᠭᠰᠡᠨ ᠪᠢᠯᠡ᠃ ᠵᠢᠱᠢᠶᠡᠯᠡᠬᠦ ᠳᠤ᠂ ᠠᠷᠪᠠᠨ ᠨᠠᠢᠮᠠᠳᠤᠭᠠᠷ ᠵᠠᠭᠤᠨ ᠤ | ᠦᠶ᠎ᠡ ᠶᠢᠨ ᠪᠠᠭᠠᠷᠢᠨ ᠤ ᠲᠡᠤᠬᠡᠴᠢᠨ ᠷᠠᠰᠢᠫᠤᠩᠰᠤᠭ᠂ ᠲᠡᠷᠮᠠᠳᠠᠯᠠᠢ ᠠᠷᠠᠳ ᠤᠨ ᠲᠡᠤᠬᠡᠴᠢᠨ ᠲᠠᠷᠮ᠎ᠠ ᠬᠦᠤᠰᠢ ᠨᠠᠷ ︽ | ᠪᠤᠯᠤᠷ ᠡᠷᠢᠬᠡ︾᠂ ︽ᠴᠠᠭᠠᠨ ᠯᠢᠩᠬᠸ᠎ᠠ ᠶᠢᠨ ᠡᠷᠢᠬᠡᠰ︾᠂ ︽ᠠᠯᠳᠠᠨ ᠤᠷᠤᠭ ᠤᠨ ᠲᠠᠨ ᠤ ᠲᠤᠳᠠ ᠲᠡᠤᠬᠡ︾ | ᠵᠡᠷᠭᠡ ᠮᠤᠩᠭᠤᠯ ᠲᠡᠤᠬᠡ ᠶᠢᠨ ᠵᠤᠬᠢᠶᠠᠯ ᠪᠢᠴᠢᠬᠦ ᠳᠡᠭᠡᠨ ᠪᠦᠷ ︽ᠭᠠᠩᠭ᠎ᠠ ᠶᠢᠨ ᠤᠷᠤᠰᠬᠠᠯ︾ ᠢ ᠠᠰᠢᠭᠯᠠᠭᠰᠠᠨ | ᠪᠠᠶᠢᠨ᠎ᠠ᠃ ᠮᠦᠨ ᠲᠡᠬᠦᠨᠴᠢᠯᠡᠨ ᠬᠤᠷᠢᠳᠤᠭᠠᠷ ᠵᠠᠭᠤᠨ ᠤ ᠡᠬᠢᠨ ᠤ ᠦᠶ᠎ᠡ ᠶᠢᠨ ᠵᠦᠪᠯᠡᠯᠳᠤ ᠶᠢᠨ ᠮᠤᠩᠭᠤᠯᠴᠢ | ᠡᠷᠳᠡᠮᠳᠡᠨ ᠫᠦᠴᠡᠺᠦᠹᠰᠺᠢ 1910 ᠤᠨ ᠤ ᠦᠶ᠎ᠡ ᠪᠠᠷ ︽ᠭᠠᠩᠭ᠎ᠠ ᠶᠢᠨ ᠤᠷᠤᠰᠬᠠᠯ︾ ᠤᠨ ᠨᠢᠭᠡ ᠬᠠᠭᠤᠯᠠᠪᠤᠷᠢ ᠶᠢ | ᠠᠪᠠᠭ᠎ᠠ ᠬᠤᠰᠢᠭᠤᠨ ᠠᠴᠠ ᠤᠯᠵᠤ ᠠᠪᠠᠴᠢᠭᠠᠳ᠂ 1960 ᠤᠨ ᠳᠤ ᠭᠡᠷᠡᠯ ᠵᠢᠷᠤᠭ ᠢᠶᠠᠷ ᠪᠠᠭᠤᠯᠭᠠᠨ | ᠤᠳᠤᠷᠢᠳᠬᠠᠯ ᠬᠠᠪᠰᠤᠷᠭᠠᠵᠤ ᠮᠤᠰᠺᠧᠨ ᠳᠤ ᠬᠡᠪᠯᠡᠬᠦᠯᠵᠠᠢ᠃ | ᠦᠪᠦᠷ ᠮᠤᠩᠭᠤᠯ ᠤᠨ ᠨᠡᠶᠢᠭᠡᠮ ᠤᠨ ᠰᠢᠨᠵᠢᠯᠡᠬᠦ ᠤᠬᠠᠭᠠᠨ ᠤ ᠲᠡᠤᠬᠡ ᠰᠤᠳᠤᠯᠬᠤ ᠭᠠᠵᠠᠷ ᠤᠨ ᠡᠷᠳᠡᠮᠳᠡᠨ | ᠴᠤᠶᠢᠵᠢ ᠪᠠᠭᠰᠢ ᠪᠠᠷ ︽ᠭᠠᠩᠭ᠎ᠠ ᠶᠢᠨ ᠤᠷᠤᠰᠬᠠᠯ︾ ᠪᠢᠴᠢᠭᠳᠡᠭᠰᠡᠨ ᠬᠤᠶᠠᠷ ᠵᠠᠭᠤ ᠲᠠᠪᠢᠨ ᠵᠢᠯ ᠤᠨ ᠤᠢ ᠳᠤ | ᠵᠤᠷᠢᠭᠤᠯᠤᠨ ᠲᠠᠶᠢᠯᠤᠭ᠎ᠠ ᠲᠠᠯᠪᠢᠵᠤ᠂ ᠲᠠᠶᠢᠯᠪᠤᠷᠢ ᠬᠠᠳᠠᠭᠠᠭᠠᠳ᠂ 1981 ᠤᠨ ᠳᠤ᠂ ᠦᠪᠦᠷ ᠮᠤᠩᠭᠤᠯ ᠤᠨ | ᠠᠷᠠᠳ ᠤᠨ ᠬᠡᠪᠯᠡᠯ ᠤᠨ ᠬᠤᠷᠢᠶᠠᠨ ᠠᠴᠠ ᠬᠡᠪᠯᠡᠬᠦᠯᠦᠨ ᠨᠡᠶᠢᠳᠡᠯᠡᠭᠰᠡᠨ ᠪᠢᠯᠡ᠃ | ᠭᠤᠮᠪᠤᠵᠠᠪ ᠪᠤᠯ ᠡᠯ᠎ᠡ ᠦᠨᠳᠦᠰᠦᠳᠡᠨ ᠤ ᠤᠳᠬ᠎ᠠ ᠰᠤᠶᠤᠯ ᠤᠨ ᠰᠤᠯᠢᠯᠴᠠᠭᠠᠨ ᠳᠤ ᠡᠷᠬᠢᠮ ᠵᠢᠳᠬᠦᠯ ᠢᠶᠠᠨ | ᠨᠡᠮᠡᠷᠢᠯᠡᠭᠰᠡᠨ ᠰᠢᠯᠭᠠᠷᠠᠭᠰᠠᠨ ᠤᠷᠴᠢᠭᠤᠯᠤᠭᠴᠢ ᠪᠠ ᠭᠠᠷᠮᠠᠭᠠᠢ ᠰᠤᠶᠤᠯ ᠤᠨ ᠵᠢᠳᠬᠦᠯᠳᠡᠨ ᠪᠤᠯᠤᠨ᠎ᠠ᠃ ᠲᠡᠷᠡ ᠪᠠᠷ | ᠡᠷᠳᠡᠨ ᠤ ᠡᠨᠡᠳᠬᠡᠭ ᠲᠦᠪᠡᠳ ᠤᠨ ᠰᠤᠶᠤᠯ ᠤᠨ ᠠᠪᠤᠷᠭᠤ ᠪᠦᠳᠦᠭᠡᠯ ᠪᠤᠯᠬᠤ ︽ᠭᠠᠨᠵᠤᠤᠷ︾ ᠬᠢᠭᠡᠳ ︽ᠲᠠᠨᠵᠤᠤᠷ | ︾ ᠢ ᠤᠷᠴᠢᠭᠤᠯᠬᠤ ᠠᠵᠢᠯ ᠳᠤ ᠤᠯᠠᠨ ᠠᠴᠠ ᠤᠷᠤᠶᠢᠯᠠᠮᠠ ᠭᠠᠪᠢᠶ᠎ᠠ ᠵᠢᠳᠬᠦᠯ ᠭᠠᠷᠭᠠᠭᠰᠠᠨ ᠶᠤᠮ᠃ ᠲᠤᠬᠠᠶᠢᠯᠠᠪᠠᠯ | ᠡᠷᠳᠡᠮᠳᠡᠨ ᠭᠤᠮᠪᠤᠵᠠᠪ ᠠᠷᠪᠠᠨ ᠨᠠᠢᠮᠠᠳᠤᠭᠠᠷ ᠵᠠᠭᠤᠨ ᠤ ᠲᠦᠴᠢᠭᠡᠳ ᠤᠨ ᠤ ᠦᠶ᠎ᠡ ᠪᠠᠷ ︽ᠲᠠᠨᠵᠤᠤᠷ︾ ᠢ | ᠪᠦᠷᠢᠳᠬᠡᠨ ᠤᠷᠴᠢᠭᠤᠯᠬᠤ ᠪᠠ ᠶᠡᠷᠦᠩᠬᠡᠶᠢᠯᠡᠨ ᠬᠢᠨᠠᠬᠤ ᠬᠦᠨᠳᠦ ᠬᠠᠳᠠᠭᠤᠵᠢᠯᠳᠠᠢ ᠡᠬᠦᠷᠭᠡ ᠶᠢ ᠬᠦᠯᠢᠶᠡᠵᠠᠢ᠃ | ᠢᠩᠬᠢᠬᠡᠳ ᠲᠡᠷᠡ ᠶᠠᠭᠤᠨ ᠤ ᠡᠮᠦᠨ᠎ᠡ ︽ᠲᠦᠪᠡᠳ ᠬᠡᠯᠡ ᠶᠢ ᠬᠢᠯᠪᠠᠷ ᠢᠶᠠᠷ ᠰᠤᠷᠬᠤ ᠨᠡᠷᠡᠳᠤ ᠪᠢᠴᠢᠭ︾ ᠭᠡᠳᠡᠭ | ᠲᠦᠪᠡᠳ ᠮᠤᠩᠭᠤᠯ ᠲᠤᠯᠢ ᠪᠢᠴᠢᠭ ᠢ ᠨᠠᠶᠢᠷᠠᠭᠤᠯᠤᠨ ᠵᠤᠬᠢᠶᠠᠭᠰᠠᠨ ᠪᠠᠶᠢᠨ᠎ᠠ᠃ ᠡᠨᠡᠬᠦ ᠲᠤᠯᠢ ᠶᠢ ᠤᠷᠠᠳ ᠤᠨ | ᠬᠦᠤᠰᠢ ᠪᠢᠯᠢᠬᠦᠨᠳᠠᠯᠠᠢ ᠨᠦᠬᠦᠵᠤ ᠰᠢᠬᠦᠭᠡᠳ᠂ ᠲᠡᠭᠷᠢ ᠲᠡᠳᠬᠦᠭᠰᠡᠨ ᠤ ᠬᠤᠶᠠᠳᠤᠭᠠᠷ ᠤᠨ᠂ ᠲᠤᠬᠠᠶᠢᠯᠠᠪᠠᠯ 1737 | ᠤᠨ ᠳᠤ ᠮᠤᠳᠤᠨ ᠪᠠᠷ ᠢᠶᠠᠷ ᠬᠡᠪᠯᠡᠬᠦᠯᠵᠠᠢ᠃ ᠡᠨᠡᠬᠦ ᠲᠤᠯᠢ ᠶᠢ ᠵᠤᠬᠢᠶᠠᠬᠤ ᠳᠠᠭᠠᠨ ᠭᠤᠮᠪᠤᠵᠠᠪ ᠭᠥᠡᠭ ᠲᠤᠶᠢᠯ ᠤᠨ | ᠨᠡᠷᠢᠨ ᠨᠢᠮᠪᠠᠢ ᠬᠥᠳᠡᠯᠮᠥᠷᠢ ᠵᠠᠷᠤᠴᠠᠭᠤᠯᠵᠦ ᠤᠷᠢᠳ ᠬᠤᠵᠢᠳ 《 ᠭᠤᠷᠪᠠᠨᠳᠠ ᠰᠢᠭᠦᠵᠦ 》 ᠪᠤᠯᠬᠤᠷ᠂ ᠤᠯᠠᠩᠬᠢ | ᠥᠬᠡᠰ ᠨᠢ ᠮᠠᠰᠢ ᠵᠥᠪ ᠤᠨᠤᠪᠴᠢᠳᠠᠢ ᠤᠷᠴᠢᠭᠤᠯᠵᠦ ᠲᠠᠶᠢᠯᠪᠣᠷᠢᠯᠠᠭᠰᠠᠨ ᠭᠡᠳᠡᠭ᠃ ᠵᠢᠱᠢᠶᠠᠯᠡᠬᠦ ᠳᠤ᠂ ᠲᠥᠪᠡᠳ | ᠬᠡᠯᠡᠨ ᠳᠤ ᠮᠤᠩᠭᠤᠯ ᠢ 《 ᠰᠤᠭ 》 ᠪᠣᠶᠣ 《 ᠡᠾᠦᠷ 》 ᠬᠡᠵᠦ ᠬᠤᠶᠠᠷ ᠵᠥᠢᠯ ᠢᠶᠠᠷ ᠨᠡᠷᠡᠯᠡᠳᠡᠭ ᠪᠤᠯᠪᠠᠴᠦ᠂ | ᠲᠡᠳᠡᠨ ᠤ ᠬᠤᠭᠤᠷᠤᠨᠳᠦᠬᠢ ᠢᠯᠭᠠᠪᠤᠷᠢ ᠨᠢ ᠮᠠᠰᠢ ᠪᠠᠯᠠᠷᠬᠠᠢ ᠪᠠᠶᠢᠭᠰᠠᠨ ᠬᠡᠨ᠎ᠡ᠃ ᠬᠡᠳᠡᠯ᠎ᠡ 《 ᠭᠤᠮᠪᠤᠵᠡᠪ ᠤᠨ | ᠲᠤᠯᠢ 》 ︵ᠲᠦᠪᠡᠳ ᠬᠡᠯᠡ ᠶᠢ ᠬᠢᠯᠪᠡᠷ ᠢᠶᠠᠷ ᠰᠣᠷᠬᠤ ᠨᠠᠷᠡᠳᠥ ᠪᠢᠴᠢᠭ ᠢ ᠪᠠᠰᠠ ︿ᠭᠤᠮᠪᠣᠵᠡᠪ ᠤᠨ ᠲᠤᠯᠢ﹀ | ᠭᠡᠳᠡᠭ︶ ᠳᠤ 《 ᠰᠤᠭ 》 ᠢ 《 ᠮᠤᠩᠭᠤᠯ 》 ᠬᠡᠮᠡᠨ 《 ᠡᠾᠥᠷ 》 ᠬᠡᠳᠡᠭ ᠢ 《 ᠱᠠᠷᠠᠶᠢᠭᠤᠯ ᠤᠨ | ᠮᠤᠩᠭᠤᠯ 》 ︵ᠤᠳᠥ ᠶᠢᠨ ᠮᠤᠩᠭᠤᠷ᠂ ᠶᠤᠭᠤᠷ᠂ ᠪᠤᠤ ᠠᠨ᠂ ᠳ᠋ᠦᠩᠰᠢᠶᠠᠩ ᠵᠡᠷᠬᠡ ᠮᠤᠩᠭᠤᠯ ᠤᠨ ᠲᠦᠷᠥᠯ | ᠬᠡᠯᠡᠳᠡᠨ︶ ᠬᠡᠵᠦ ᠲᠤᠳᠤᠷᠬᠠᠢ ᠢᠯᠭᠠᠨ ᠲᠠᠶᠢᠯᠪᠤᠷᠢᠯᠠᠭᠰᠠᠨ ᠬᠡᠨ᠎ᠡ᠃ ᠡᠶᠢᠮᠥ ᠠᠴᠠ 《 ᠭᠤᠮᠪᠤᠵᠡᠪ ᠤᠨ ᠲᠤᠯᠢ 》 | ᠬᠡᠵᠦ ᠠᠯᠳᠠᠷᠰᠢᠭᠰᠠᠨ ᠪᠤᠶᠦ ᠬᠤᠵᠢᠮ ᠤᠨ ᠲᠤᠯᠢᠴᠢ ᠨᠢ ᠲᠥᠪᠡᠳ ᠮᠤᠩᠭᠤᠯ ᠲᠤᠯᠢ ᠵᠤᠬᠢᠶᠠᠬᠤ ᠳᠠᠭᠠᠨ ᠪᠥᠷ | ᠬᠥᠨᠳᠥᠳᠬᠡᠨ ᠠᠰᠢᠬᠯᠠᠭᠰᠠᠨ ᠶᠤᠮ᠃ | ᠭᠤᠮᠪᠤᠵᠡᠪ 《 ᠲᠥᠪᠡᠳ ᠬᠡᠯᠡ ᠶᠢ ᠬᠢᠯᠪᠡᠷ ᠢᠶᠠᠷ ᠰᠤᠷᠬᠤ ᠨᠡᠷᠡᠳᠥ ᠪᠢᠴᠢᠭ 》 ᠢᠶᠠᠨ ᠪᠠᠷᠯᠠᠭᠤᠯᠣᠭᠰᠠᠨ ᠤ | ᠲᠠᠷᠠᠭ᠎ᠠ᠂ 《 ᠲᠠᠨᠵᠤᠤᠷ 》 ᠢ ᠭᠤᠤᠯᠴᠢᠯᠡᠨ ᠤᠷᠴᠢᠭᠤᠯᠬᠤ ᠪᠡ ᠶᠡᠷᠦᠩᠬᠡᠶᠢᠯᠡᠨ ᠬᠢᠨᠡᠬᠤ ᠬᠥᠨᠳᠥ ᠡᠭᠦᠷᠬᠡ ᠶᠢ | ᠬᠥᠯᠢᠶᠠᠨ ᠭᠠᠷᠳᠠᠵᠦ᠂ 1741 ᠤᠨ — 1742 ᠤᠨ ᠤ ᠬᠤᠭᠤᠷᠤᠨᠳᠥ 《 ᠮᠡᠷᠭᠡᠳ ᠭᠠᠷᠬᠤ ᠶᠢᠨ ᠤᠷᠤᠨ | 》 ᠬᠡᠮᠡᠬᠦ ᠲᠠᠪᠤᠨ ᠤᠬᠠᠭᠠᠨ ︵ᠡᠷᠳᠡᠨ ᠤ ᠡᠨᠡᠳᠬᠡᠭ ᠤᠨ ᠲᠡᠪᠤᠨ ᠤᠬᠠᠭᠠᠨ ᠭᠡᠳᠡᠭ ᠨᠢ ᠲᠤᠳᠤᠭᠠᠳᠥ ᠤᠬᠠᠭᠠᠨ ︵ | ᠬᠥᠨ ᠤᠬᠠᠭᠠᠨ︶ ᠤᠴᠢᠷ ᠰᠢᠯᠲᠠᠭᠠᠨ ᠤ ᠤᠬᠠᠭᠠᠨ ︵ᠯᠤᠬᠢᠭ ᠤᠨ ᠤᠬᠠᠭᠠᠨ︶ ᠲᠠᠭᠤᠨ ᠤ ᠤᠬᠠᠭᠠᠨ ︵ᠬᠡᠯᠡ | ᠰᠢᠨᠵᠢᠯᠡᠯ︶ ᠤᠷᠠᠯᠠᠬᠤᠢ ᠶᠢᠨ ᠤᠬᠠᠭᠠᠨ ︵ᠲᠤᠭ᠎ᠠ ᠵᠢᠷᠤᠬᠠᠢ᠂ ᠤᠳᠬ᠎ᠠ ᠤᠷᠠᠯᠢᠭ᠂ ᠤᠷᠠᠨ ᠪᠡᠷᠢᠯᠭ᠎ᠠ᠂ ᠥᠰᠥᠭ | ᠪᠢᠴᠢᠭ᠂ ᠴᠡᠷᠢᠭ ᠤᠨ ᠡᠷᠳᠡᠮ ᠵᠡᠷᠬᠡ︶ ᠲᠡᠵᠢᠬᠡᠬᠦᠢ ᠶᠢᠨ ᠤᠬᠠᠭᠠᠨ ︵ᠡᠮ ᠡᠮᠨᠡᠯᠬᠡ᠂ ᠡᠷᠡᠬᠦᠯ ᠬᠠᠮᠠᠭᠠᠯᠠᠯ︶ ᠤ | ᠲᠤᠯᠢ ᠶᠢ ᠭᠤᠤᠯᠴᠢᠯᠠᠨ ᠨᠠᠶᠢᠷᠠᠭᠤᠯᠵᠦ᠂ ᠪᠢᠯᠢᠬᠦᠨᠳᠠᠯᠠᠢ᠂ ᠠᠭᠸᠠᠩᠳᠠᠮᠫᠢᠯ ᠵᠡᠷᠬᠡ ᠤᠯᠡᠨ ᠡᠷᠳᠡᠮᠳᠡᠨ ᠬᠥᠥᠰᠢ | ᠣᠷᠴᠢᠭᠤᠯᠤᠭᠴᠢ ᠨᠡᠷ ᠬᠢᠨᠡᠨ ᠰᠢᠬᠦᠬᠡᠳ᠂ 1742 ᠤᠨ ᠳᠤ ᠪᠡᠭᠡᠵᠢᠩ ᠳᠤ ᠮᠤᠳᠤᠨ ᠪᠠᠷ ᠢᠶᠠᠷ ᠬᠡᠪᠯᠡᠬᠦᠯᠥᠭᠰᠡᠨ | ᠪᠡᠶᠢᠨ᠎ᠡ᠃ | 《 ᠯᠢᠰᠢ ᠶᠢᠨ ᠣᠷᠳᠥ ᠬᠠᠷᠰᠢ 》ᠭᠡᠳᠡᠭ ᠲᠦᠪᠡᠳ ᠮᠤᠩᠭᠤᠯ ᠲᠤᠪᠴᠢ ᠲᠤᠯᠢ ᠶᠢ ᠤᠷᠠᠳ ᠤᠨ ᠭᠥᠥᠰᠢ | ᠪᠢᠯᠢᠬᠦᠨᠳᠠᠯᠠᠢ ᠨᠠᠶᠢᠷᠠᠭᠤᠯᠵᠦ ᠭᠤᠮᠪᠤᠵᠠᠪ ᠬᠥᠩ ᠬᠢᠨᠡᠵᠦ ᠠᠷᠢᠭᠤᠤᠬᠠᠭᠠᠳ 1734 ᠤᠨ ᠳᠤ ᠪᠡᠭᠡᠵᠢᠩ ᠳᠤ | ᠪᠡᠷᠠᠯᠠᠭᠤᠯᠤᠭᠰᠠᠨ ᠶᠤᠮ᠃ ᠲᠤᠰ ᠲᠤᠯᠢ ᠪᠤᠯ ᠬᠢᠴᠢᠶᠠᠯ ᠬᠥᠮᠥᠵᠢᠯ ᠤᠨ ᠯᠠᠪᠯᠠᠯᠳᠠ ᠪᠡ ᠡᠷᠳᠡᠮ ᠰᠢᠨᠵᠢᠯᠡᠬᠡᠨ ᠤ | ᠬᠢᠨᠡᠯᠳᠠ ᠳᠤ ᠵᠤᠷᠢᠭᠤᠯᠤᠭᠰᠠᠨ ᠪᠥᠭᠡᠳ 《 ᠮᠡᠷᠭᠡᠳ ᠭᠠᠷᠬᠤ ᠶᠢᠨ ᠤᠷᠤᠨ 》 ᠬᠡᠭᠦ ᠲᠠᠪᠤᠨ ᠤᠬᠠᠭᠠᠨ ᠤ | ᠲᠤᠯᠢ ᠳᠠᠬᠢ ᠰᠠᠨᠰᠺᠠᠷᠲ ᠵᠢᠬᠡᠯᠡᠯᠬᠡ ᠥᠬᠡ ᠪᠡ ᠡᠷᠳᠡᠨ ᠤ ᠡᠨᠡᠳᠬᠡᠭ ᠲᠦᠪᠡᠳ ᠤᠨ ᠬᠥᠨ ᠪᠡᠷᠭᠡ ᠤᠳᠬ᠎ᠠ ᠲᠠᠢ | ᠥᠬᠡᠰ ᠢ ᠨᠠᠷᠢᠨ ᠲᠠᠶᠢᠯᠪᠤᠷᠢᠯᠡᠵᠦ ᠥᠬᠦᠯᠡᠭᠰᠡᠨ ᠪᠠᠶᠢᠨ᠎ᠡ᠃ ᠭᠤᠮᠪᠣᠵᠠᠪ ᠬᠥᠩ ᠤᠨ ᠭᠤᠤᠯᠴᠢᠯᠠᠵᠦ | ᠨᠠᠶᠢᠷᠠᠭᠤᠯᠤᠭᠰᠠᠨ《 ᠮᠡᠷᠭᠡᠳ ᠭᠠᠷᠬᠤ ᠶᠢᠨ ᠤᠷᠤᠨ》ᠬᠡᠭᠦ ᠲᠠᠪᠤᠨ ᠤᠬᠠᠭᠠᠨ ᠤ ᠲᠤᠯᠢ ᠨᠢ《 ᠲᠠᠨᠵᠥᠥᠷ》 ᠢ | ᠤᠷᠴᠢᠭᠤᠯᠬᠤ ᠳᠤ ᠪᠡᠷᠢᠮᠵᠢᠶ᠎ᠡ ᠪᠤᠯᠤᠭᠰᠠᠨ ᠨᠡᠷ᠎ᠡ ᠲᠤᠮᠢᠶ᠎ᠡ ᠶᠢ ᠨᠢᠬᠡᠳᠬᠡᠭᠰᠡᠨ《 ᠲᠤᠬᠢᠶᠠᠨ ᠤ ᠪᠢᠴᠢᠭ 》 ︵ᠲᠤᠯᠢ | ︶ ᠲᠠᠳᠥᠶᠢᠬᠡᠨ ᠪᠢᠰᠢ᠂ ᠬᠠᠷᠢᠨ ᠮᠤᠩᠭᠤᠯ ᠥᠨᠳᠥᠰᠥᠳᠡᠨ ᠤ ᠤᠷᠴᠢᠭᠤᠯᠭ᠎ᠠ ᠶᠢᠨ ᠤᠨᠤᠯ ᠢ ᠳ᠋ᠥᠩᠨᠡᠨ ᠰᠢᠬᠦᠮᠵᠢᠯᠡᠵᠦ | ᠂ ᠤᠷᠴᠢᠭᠤᠯᠭ᠎ᠠ ᠶᠢᠨ ᠥᠨᠳᠥᠰᠥᠨ ᠤᠨᠤᠯ ᠱᠠᠭᠠᠷᠳᠠᠯᠭ᠎ᠠ᠂ ᠵᠠᠷᠴᠢᠮ ᠪᠠᠷᠢᠮᠵᠢᠶ᠎ᠡ᠂ ᠠᠷᠭ᠎ᠠ ᠪᠠᠷᠢᠯ ᠳᠤ ᠬᠥᠷᠳᠡᠯ᠎ᠡ | ᠨᠠᠷᠢᠨ ᠥᠬᠦᠯᠡᠨ ᠲᠤᠳᠤᠷᠬᠠᠶᠢᠯᠠᠭᠰᠠᠨ ᠤᠷᠴᠢᠭᠤᠯᠭ᠎ᠠ ᠶᠢᠨ ᠤᠨᠤᠯ ᠤᠨ ᠤᠤᠭᠠᠨ ᠵᠤᠬᠢᠶᠠᠯ ᠬᠡᠵᠦ ᠰᠣᠳᠣᠯᠣᠭᠴᠢᠳ | ᠪᠠᠳᠣᠯᠠᠭᠰᠠᠨ ᠪᠠᠶᠢᠨ᠎ᠡ᠃ ᠤᠷᠴᠢᠭᠤᠯᠭ᠎ᠠ ᠶᠢᠨ ᠲᠤᠬᠠᠢ《 ᠮᠡᠷᠭᠡᠳ ᠭᠠᠷᠬᠤ ᠶᠢᠨ ᠤᠷᠤᠨ》 ᠤ ᠤᠷᠣᠰᠢᠯ ᠳᠤ | ᠲᠤᠷᠠᠳᠤᠭᠰᠠᠨ ᠢ ᠲᠤᠪᠴᠢᠯᠠᠨ ᠲᠡᠮᠳᠡᠭᠯᠡᠪᠡᠯ᠄ | 《 ᠡᠳᠥᠬᠡ ᠵᠠᠷᠯᠢᠭ ᠤᠨ ᠱᠠᠰᠳᠢᠷ ︵ᠲᠠᠨᠵᠥᠥᠷ︶ ᠪᠥᠭᠦᠳᠡ ᠶᠢ ᠮᠤᠩᠭᠤᠯ ᠤᠨ ᠬᠡᠯᠡᠨ ᠳᠤᠷ ᠤᠷᠴᠢᠭᠤᠯᠵᠦ | ᠬᠡᠪ ᠲᠤᠷ ᠪᠥᠳᠥᠬᠡᠬᠦ ᠬᠡᠷᠡᠭ ᠲᠠᠢ ᠬᠡᠮᠡᠨ ᠵᠠᠷᠯᠢᠭ ᠪᠠᠭᠤᠯᠭᠠᠭᠰᠠᠨ ᠳᠤᠷ ᠰᠢᠳᠥᠵᠦ᠂ ᠤᠷᠴᠢᠭᠤᠯᠬᠤᠢ ᠳᠤᠷ ᠴᠢᠬᠤᠯᠠ | ᠣᠷᠣᠪᠠᠢ᠃ | ᠲᠡᠭᠦᠨ᠎ᠡ ᠶᠡᠭᠡ ᠤᠤᠷ ᠮᠤᠩᠭᠤᠯ ᠤᠨ ᠲᠤᠰ ᠲᠣᠰ ᠤᠷᠤᠨ ᠤ ᠥᠬᠡ ᠶᠢᠨ ᠭᠤᠤᠯ ᠠᠳᠠᠯᠢ ᠪᠤᠯᠪᠠᠴᠥ ᠪᠠᠷ | ᠥᠨᠴᠥᠭ ᠥᠴᠥᠬᠡᠨ ᠠᠳᠠᠯᠢ ᠪᠤᠰᠥ ᠤᠯᠠᠨ ᠪᠤᠢ᠃ ᠢᠯᠠᠩᠭᠤᠶ᠎ᠡ ᠨᠤᠮ ᠤᠷᠴᠢᠭᠤᠯᠤᠭᠴᠢ ᠳᠤᠷ ᠨᠡᠷ᠎ᠡ ᠲᠤᠬᠢᠶ᠎ᠡ ︵ | ᠲᠤᠮᠢᠶ᠎ᠡ︶ ᠨᠡᠷᠡᠶᠢᠳᠭᠦᠢ ᠶᠤᠰᠤᠨ ᠢ ᠴᠠᠭᠠᠵᠢᠯᠠᠨ ᠲᠤᠭᠳᠠᠭᠠᠭᠰᠠᠨ ᠮᠠᠳᠥ ᠨᠢᠬᠡᠨ ᠥᠬᠡᠢ ᠶᠢᠨ ᠲᠤᠯᠠ ᠬᠡᠯᠡᠮᠥᠷᠴᠢ ᠨᠠᠷ | ᠥᠪᠡᠷ ᠥᠪᠡᠷ ᠤᠨ ᠵᠤᠷᠢᠭ ᠢᠶᠠᠷ ᠡᠯᠳᠡᠪ ᠵᠥᠢᠯ ᠥᠯᠥ ᠵᠤᠬᠢᠯᠳᠣᠬᠤ ᠨᠡᠷᠡᠶᠢᠳᠭᠡᠯ ᠨᠠᠶᠢᠷᠠᠭᠤᠯᠪᠠᠰᠥ ᠰᠤᠨᠤᠰᠬᠤᠢ | ᠰᠡᠳᠬᠢᠭᠦᠢ ᠶᠢ ᠲᠠᠭᠠᠯᠠᠭᠴᠢᠳ ᠲᠠ ᠮᠠᠳᠡᠬᠦᠶᠡ ᠪᠡᠷᠭᠡ ᠲᠡᠷᠢᠬᠦᠳᠡᠨ ᠬᠡᠮ ᠤᠨ ᠤᠷᠤᠨ ᠪᠤᠯᠬᠤ ᠶᠢᠨ ᠲᠤᠯᠠ ᠰᠠᠶᠢᠨ | ᠵᠠᠷᠯᠢᠭ ᠤᠨ ᠨᠡᠷ᠎ᠡ ᠲᠤᠬᠢᠶᠠᠨ ᠤ ᠨᠡᠷᠡᠶᠢᠳᠬᠡᠯ ᠢ ᠨᠡᠷᠡᠶᠢᠳᠭᠦᠢ ᠶᠤᠰᠤᠨ ᠢ ᠪᠥᠳᠥᠭᠦᠪᠴᠢᠯᠡᠨ ᠬᠤᠷᠢᠶᠠᠭᠰᠠᠨ ᠨᠢᠬᠡᠨ ᠢ | ᠨᠠᠶᠢᠷᠠᠭᠤᠯᠵᠦ ᠬᠡᠪ ᠰᠡᠶᠢᠯᠥᠬᠡᠳ ᠬᠤᠳᠠᠯᠠ ᠳᠤᠷ ᠲᠦᠭᠡᠭᠡᠨ ᠥᠢᠯᠡᠳᠪᠡᠢ᠃ | ᠲᠤᠰᠠ ᠡᠷᠳᠡᠮ ᠬᠢᠬᠡᠳ ᠭᠡᠮ ᠠᠯᠳᠠᠯ ᠢ ᠰᠠᠶᠢᠳᠣᠷ ᠮᠠᠭᠠᠳᠯᠠᠵᠦ ᠪᠤᠳᠠᠳᠠᠢ ᠤᠷᠴᠢᠭᠤᠯᠬᠤ ᠶᠤᠰᠤᠨ ᠠᠨᠥ᠂ | ᠭᠤᠤᠯ ᠥᠬᠡᠰ ᠢ ᠲᠥᠪᠡᠳ ᠬᠡᠯᠡᠨ ᠤ ᠥᠶ᠎ᠡ ᠵᠡᠷᠬᠡ ᠶᠠᠮᠪᠠᠷᠴᠢᠯᠠᠨ ᠤᠷᠴᠢᠭᠤᠯᠪᠠᠰᠥ ᠮᠣᠩᠭᠤᠯ ᠤᠨ ᠬᠡᠯᠡᠨ᠎ᠡ ᠮᠠᠳᠠᠬᠦᠢ | ᠳᠤᠷ ᠬᠢᠯᠪᠡᠷ ᠪᠥᠭᠡᠳ ᠤᠳᠬ᠎ᠠ ᠥᠯᠥ ᠰᠣᠯᠢᠯᠴᠠᠬᠤ ᠨᠤᠭᠤᠳ ᠢ ᠲᠡᠷᠡ ᠬᠦ ᠶᠤᠰᠤᠭᠠᠷ ᠤᠷᠴᠢᠭᠤᠯᠤᠭᠳᠠᠬᠤᠢ ︵ | ᠤᠷᠴᠢᠭᠤᠯᠳᠤᠭᠠᠢ︶᠃ ᠲᠡᠶᠢᠮᠥ ᠪᠤᠰᠥ ᠤᠷᠢᠳᠥ ᠬᠤᠶᠢᠳᠥ ᠥᠬᠡ ᠶᠢ ᠰᠣᠯᠢᠭᠤᠯᠪᠠᠰᠥ ᠤᠳᠬ᠎ᠠ ᠠᠨᠥ ᠲᠤᠳᠥ | ᠮᠠᠳᠡᠭᠳᠠᠭᠦᠨ ᠥᠬᠦᠯᠡᠬᠦ ᠬᠢᠯᠪᠡᠷ ᠨᠤᠭᠤᠳ ᠢ ᠰᠢᠯᠥᠭᠯᠡᠭᠰᠡᠨ ᠥᠬᠡ ᠪᠤᠯᠪᠠᠰᠥ ᠨᠢᠬᠡᠨ ᠰᠢᠯᠥᠭ ᠤᠨ ᠲᠤᠲᠤᠷ᠎ᠡ ᠠᠯᠢ | ᠠᠮᠠᠷ ᠢᠶᠠᠷ ᠰᠣᠯᠢᠭᠤᠯᠵᠦ᠂ ᠤᠷᠴᠢᠭᠤᠯᠬᠤᠢ ᠬᠢᠭᠡᠳ ᠥᠷᠬᠦᠯᠵᠢᠯᠡᠭᠰᠡᠨ ᠥᠭᠡᠰ ᠢ ᠨᠢᠬᠡᠨ ᠬᠤᠶᠠᠷ ᠪᠠ ᠭᠤᠷᠪᠠᠨ | ᠲᠠᠷᠢᠬᠦᠳᠡᠨ ᠲᠠᠳᠡᠭᠡᠷ ᠥᠬᠡᠰ ᠤᠨ ᠤᠳᠬ᠎ᠠ ᠠᠯᠢᠨ ᠳᠤᠷ ᠬᠥᠷᠬᠦᠢ ᠲᠡᠭᠡᠭᠰᠢ ᠠᠯᠢ ᠠᠮᠠᠷ ᠢᠶᠠᠷ ᠰᠣᠯᠢᠭᠤᠯᠵᠦ | ᠤᠷᠴᠢᠭᠤᠯᠤᠭᠳᠠᠬᠤᠢ ᠁ | ᠪᠠᠰᠠ ᠵᠠᠷᠢᠮ ᠳᠤᠷ ᠲᠥᠪᠡᠳ ᠬᠡᠯᠡᠨ ᠤ ᠶᠤᠰᠤᠭᠠᠷ ᠤᠷᠴᠢᠭᠤᠯᠪᠠᠰᠥ ᠮᠤᠩᠭᠤᠯ ᠥᠰᠥᠭ ᠲᠤᠷ ᠠᠰᠥᠷᠥ ᠢᠯᠡᠬᠦ | ︵ᠢᠯᠡᠬᠦᠥ︶ ᠥᠯᠡᠳᠡᠵᠦ ᠤᠳᠬ᠎ᠠ ᠶᠢᠨ ᠬᠤᠪᠢ ᠶᠢ ᠬᠠᠯᠬᠠᠯᠠᠬᠤ ᠮᠠᠳᠥ ᠴᠥ ᠤᠯᠠᠨ ᠪᠤᠢ ᠶᠢᠨ ᠲᠤᠯᠠ ᠲᠠᠬᠦᠨ ᠳᠤᠷ | ᠬᠡᠮ ᠥᠯᠥ ᠪᠤᠯᠬᠤᠷ ᠪᠠᠷ ᠢᠯᠡᠬᠦ ᠥᠬᠡᠰ ᠢ ᠤᠭᠤᠷᠴᠥ ︵ᠣᠷᠬᠢᠵᠦ︶ ᠪᠤᠯᠬᠤ ᠪᠥᠭᠡᠳ ᠤᠳ᠋ ᠦᠬᠡᠢ ︵ᠬᠡᠮ︶ | ᠦᠯᠦ ᠪᠤᠯᠬᠤ ᠦᠬᠡ ᠶᠢ ᠦᠴᠦᠬᠡᠨ ᠨᠡᠮᠡᠵᠤ ᠤᠷᠴᠢᠭᠤᠯᠤᠭᠳᠠᠬᠤᠢ᠃ | ᠁ ᠪᠤᠰᠤ ᠪᠠᠰᠠ ᠮᠠᠭᠳᠠᠬᠤ ᠦᠬᠡ ᠬᠢᠭᠡᠳ ᠮᠠᠭᠠᠳᠬᠠᠬᠤ ᠶᠢᠨ ᠦᠬᠡ ᠪᠠ ᠭᠠᠶᠢᠬᠠᠬᠤ ᠦᠬᠡ᠂ | ᠤᠶᠢᠳᠬᠠᠷᠯᠠᠬᠤ ᠶᠢᠨ ᠦᠬᠡ᠂ ᠠᠶᠤᠬᠤ ᠶᠢᠨ ᠦᠬᠡ ᠮᠡᠳᠤᠰ ᠲᠤᠷ ᠢᠨᠤ᠂ ᠮᠤᠩᠭᠤᠯ ᠬᠡᠯᠡᠨ ᠳᠤᠷ ᠬᠤᠳᠠᠯᠠ ᠶᠢᠨ | ᠠᠯᠳᠠᠷᠰᠢᠭᠰᠠᠨ ᠪᠦᠬᠡᠳ ᠶᠡᠭᠡ ᠴᠢᠳᠠᠯ ᠲᠤ ᠰᠡᠳᠬᠢᠯ ᠢ ᠬᠦᠳᠡᠯᠭᠡᠨ ᠴᠢᠳᠠᠬᠤᠢ ᠤᠴᠢᠷ ᠲᠤᠷ ᠬᠦᠷᠦᠭᠰᠡᠨ | ᠦᠬᠡᠰ ᠢᠶᠠᠷ ᠤᠷᠴᠢᠭᠤᠯᠤᠭᠳᠠᠬᠤᠢ᠃ | ᠪᠤᠰᠤ ᠪᠠᠰᠠ ᠮᠤᠩᠭᠤᠯ ᠬᠡᠯᠡᠨ ᠳᠤᠷ ᠰᠢᠯᠦᠭᠯᠡᠭᠰᠡᠨ ᠬᠢᠬᠡᠳ ᠦᠷᠬᠦᠯᠵᠢᠯᠡᠭᠰᠡᠨ ᠤ ᠢᠯᠭᠠᠯ ᠪᠠ ᠰᠢᠯᠦᠭ ᠳᠤᠷ | ᠴᠤ ᠪᠠᠳᠠᠭ ᠤᠷᠳᠤ ᠤᠬᠤᠷ ᠲᠡᠭᠰᠢ ᠪᠤᠯᠬᠤ ᠲᠡᠷᠢᠬᠦᠳᠡᠨ ᠲᠦᠪᠡᠳ ᠤᠨ ᠬᠡᠯᠡᠨ ᠶᠠᠮᠪᠠᠷᠴᠢᠯᠠᠨ ᠡᠰᠡ ᠪᠤᠯᠪᠠᠰᠤ ᠪᠠᠷ | ᠰᠢᠯᠦᠭᠯᠡᠭᠰᠡᠨ ᠨᠦᠭᠦᠳ ᠢ ᠢᠨᠤ ᠢᠷᠠᠭᠤ ᠨᠠᠶᠢᠷᠳᠠᠢ ᠤᠳᠬ᠎ᠠ ᠲᠡᠬᠦᠰ ᠮᠡᠳᠡᠬᠦᠶ᠎ᠡ ᠬᠢᠯᠪᠡᠷ ᠪᠦᠬᠡᠳ ᠪᠠᠳᠠᠭ ᠤᠨ ᠤᠷᠳᠤ | ᠤᠬᠤᠷ ᠢ ᠴᠤ ᠤᠯᠠᠩᠬᠢᠨ ᠢ ᠲᠡᠭᠰᠢ ᠦᠢᠯᠡᠳᠴᠤ ᠪᠠᠰᠠ ᠮᠠᠭᠳᠠᠭᠠᠯ ᠬᠢᠭᠡᠳ ᠵᠠᠯᠪᠠᠷᠢᠯ ᠮᠡᠳᠤ ᠵᠠᠷᠢᠮ ᠤᠳ ᠲᠤᠷ | ᠮᠤᠩᠭᠤᠯ ᠬᠡᠯᠡᠨ ᠳᠤᠷ ᠠᠯᠳᠠᠷᠰᠢᠭᠰᠠᠨ ᠲᠤᠯᠤᠭᠠᠢ ᠬᠤᠯᠪᠤᠬᠤ ᠮᠡᠳᠤ ᠦᠢᠯᠡᠳᠪᠡᠰᠤ ᠪᠠᠷ ᠬᠠᠷᠰᠢ ᠦᠬᠡᠢ ᠪᠤᠯᠠᠢ…… | | ᠢᠯᠠᠭᠤᠭᠰᠠᠨ ᠤ ᠰᠠᠶᠢᠨ ᠵᠠᠷᠯᠢᠭ ᠲᠠᠭᠠᠯᠠᠯ ᠤᠨ ᠲᠠᠶᠢᠯᠪᠤᠷᠢ ᠯᠤᠭ᠎ᠠ ᠰᠠᠯᠳᠠ ᠶᠢ ᠶᠡᠭᠡ ᠤᠤᠷ ᠮᠤᠩᠭᠤᠯ ᠤᠨ | ᠬᠡᠯᠡᠪᠡᠷ ᠤᠷᠴᠢᠭᠤᠯᠬᠤᠢ ᠳᠤᠷ ᠴᠢᠬᠤᠯᠠ ᠬᠡᠷᠡᠭ ᠲᠤ ᠭᠤᠤᠯ ᠶᠤᠰᠤᠨ ᠮᠡᠷᠭᠡᠳ ᠭᠠᠷᠬᠤ ᠶᠢᠨ ᠤᠷᠤᠨ ᠬᠡᠮᠡᠳᠡᠬᠦ | ᠡᠬᠦᠨ ᠢ ᠰᠤᠳᠤᠯᠬᠤᠶᠠ ᠲᠠᠭᠠᠯᠠᠭᠴᠢᠳ ᠨᠢᠭᠳᠠᠳᠠ ᠰᠢᠨᠵᠢᠯᠡᠵᠦ ᠪᠤᠤᠺᠠᠯᠢ ︵ᠬᠤᠪᠢ ᠬᠦᠮᠦᠨ︶ ᠳᠤᠷ ᠦᠯᠦ | ᠢᠳᠡᠬᠡᠨ ᠨᠤᠮ ᠳᠤᠷ ᠢᠳᠡᠬᠡᠬᠦ᠂ ᠦᠬᠡ ︵ᠦᠰᠦᠭ︶ ᠳᠤᠷ ᠦᠯᠦ ᠢᠳᠡᠬᠡᠨ ︵ᠦᠯᠦ ᠪᠠᠷᠢᠮᠳᠠᠯᠠᠨ︶ ᠤᠳᠬ᠎ᠠ | ᠳᠤᠷ ᠢᠳᠡᠬᠡᠬᠦᠢ ︵ᠪᠠᠷᠢᠮᠳᠠᠯᠠᠬᠤ︶ ᠶᠢᠨ ᠡᠬᠦᠳᠡᠨ ᠠᠴᠠ ᠰᠠᠶᠢᠳᠤᠷ ᠮᠡᠳᠡᠨ ᠦᠢᠯᠡᠳᠦᠮᠤᠢ ᠶᠠ︾ ᠭᠡᠵᠠᠢ᠃ | ᠢᠩᠬᠢᠬᠡᠳ ᠡᠷᠳᠡᠮᠳᠡᠨ ᠭᠤᠮᠪᠤᠵᠠᠪ ᠤᠨ ᠰᠢᠭᠤᠳ ᠡᠷᠬᠢᠯᠡᠭᠡ ᠪᠠᠷ ᠡᠨᠡᠬᠦ ᠤᠷᠴᠢᠭᠤᠯᠭ᠎ᠠ ᠶᠢᠨ ᠤᠨᠤᠯ ᠵᠠᠷᠴᠢᠮ ᠢ | ᠪᠠᠷᠢᠮᠳᠠᠯᠠᠵᠤ᠂ ᠤᠯᠠᠨ ᠬᠡᠯᠡᠮᠤᠷᠴᠢ ᠬᠦᠤᠰᠢ ᠡᠷᠳᠡᠮᠳᠡᠨ ᠨᠠᠷ᠂ ᠬᠤᠶᠠᠷ ᠵᠠᠭᠤ ᠬᠤᠷᠢᠨ ᠲᠠᠪᠤᠨ ᠪᠤᠳᠢ ᠲᠠᠨᠵᠤᠤᠷ ᠢ | 1742 ᠤᠨ ᠠᠴᠠ ᠡᠬᠢᠯᠡᠵᠦ 1749 ᠤᠨ ᠳᠤ ᠤᠷᠴᠢᠭᠤᠯᠵᠤ ᠲᠡᠭᠦᠰᠬᠡᠬᠡᠳ ᠪᠠᠷᠠᠯᠠᠭᠤᠯᠤᠭᠰᠠᠨ ᠪᠠᠶᠢᠨ᠎ᠠ᠃ | ᠠᠷᠪᠠᠨ ᠭᠤᠷᠪᠠᠳᠤᠭᠠᠷ ᠵᠠᠭᠤᠨ ᠤ ᠰᠡᠬᠦᠯᠴᠢ ᠶᠢᠨ ᠦᠶ᠎ᠡ ᠪᠠᠷ ᠮᠤᠩᠭᠤᠯ ᠤᠨ ᠰᠤᠶᠤᠯ ᠤᠨ ᠵᠢᠳᠬᠦᠯᠳᠡᠨ | ᠴᠤᠶᠢᠵᠢᠠᠤᠳᠰᠤᠷ ᠤᠨ ᠤᠷᠴᠢᠭᠤᠯᠵᠤ ᠡᠬᠢᠯᠡᠭᠰᠡᠨ ︽ᠭᠤᠷᠪᠠᠨ ᠵᠠᠭᠤᠨ ᠭᠤᠴᠢᠨ ᠭᠤᠷᠪᠠᠳᠤ︾ ᠨᠢ ᠠᠷᠪᠠᠨ | ᠨᠠᠢᠮᠠᠳᠤᠭᠠᠷ ᠵᠠᠭᠤᠨ ᠤ ᠦᠶ᠎ᠡ ᠳᠤ ᠠᠯᠳᠠᠷᠳᠤ ᠡᠷᠳᠡᠮᠳᠡᠨ ᠭᠤᠮᠪᠤᠵᠠᠪ ᠤᠨ ᠭᠠᠷ ᠲᠤ ᠠᠮᠵᠢᠯᠳᠠ ᠲᠠᠢ ᠪᠠᠷ | ᠤᠷᠴᠢᠭᠤᠯᠤᠭᠳᠠᠵᠤ ᠲᠡᠭᠦᠰᠴᠠᠢ᠃ ᠡᠨᠡᠬᠦ ᠲᠡᠯᠡᠬᠡᠢ ᠶᠢᠨ ᠰᠤᠶᠤᠯ ᠤᠨ ᠠᠪᠤᠷᠭᠤ ᠪᠦᠳᠦᠭᠡᠯ ᠪᠤᠯᠬᠤ ︽ᠲᠠᠨᠵᠤᠤᠷ︾ ᠢ | ᠦᠨᠳᠦᠰᠦᠳᠡᠨ ᠤ ᠪᠠᠨ ᠬᠡᠯᠡ ᠪᠠᠷ ᠠᠭᠤᠯᠭ᠎ᠠ ᠪᠦᠷᠢᠨ ᠤᠳᠬ᠎ᠠ ᠲᠡᠭᠦᠰ ᠢᠷᠠᠭᠤ ᠤᠶᠢᠯᠠᠭᠠᠮᠵᠢᠳᠠᠢ ᠤᠷᠴᠢᠭᠤᠯᠵᠤ | ᠪᠠᠷᠠᠯᠠᠭᠤᠯᠤᠭᠰᠠᠨ ᠶᠠᠪᠤᠳᠠᠯ ᠪᠤᠯ ᠡᠷᠬᠢᠨ ᠰᠠᠶᠢᠳ ᠭᠤᠮᠪᠤᠵᠠᠪ ᠤᠨ ᠡᠷᠬᠢᠮ ᠭᠠᠪᠢᠶ᠎ᠠ ᠵᠢᠳᠬᠦᠯ ᠲᠠᠢ ᠰᠠᠯᠵᠤ ᠪᠤᠯᠤᠰᠢ | ᠦᠬᠡᠢ ᠶᠤᠮ᠃ ᠡᠨᠡ ᠨᠢ ᠲᠡᠯᠡᠬᠡᠢ ᠶᠢᠨ ᠦᠨᠳᠦᠰᠦᠳᠡᠨ ᠨᠦᠭᠦᠳ ᠤᠨ ᠰᠤᠶᠤᠯ ᠤᠨ ᠰᠤᠯᠢᠯᠴᠠᠭ᠎ᠠ ᠶᠢ ᠠᠬᠢᠭᠤᠯᠬᠤ ᠳᠤ | ᠬᠦᠨᠳᠦ ᠴᠢᠬᠤᠯᠠ ᠬᠤᠪᠢ ᠨᠡᠮᠡᠷᠢ ᠪᠤᠯᠤᠭᠰᠠᠨ ᠢᠶᠠᠷ ᠪᠠᠷᠠᠬᠤ ᠦᠬᠡᠢ ᠲᠡᠯᠡᠬᠡᠢ ᠳ᠋ᠠᠬᠢᠨ ᠤ ᠮᠤᠩᠭᠤᠯ ᠤ ᠰᠤᠳᠤᠯᠤᠯ ᠤᠨ | ᠬᠦᠭᠵᠢᠯ ᠳᠤ ᠴᠤ ᠲᠦᠯᠬᠢᠨ ᠠᠬᠢᠭᠤᠯᠤᠭᠰᠠᠨ ᠶᠤᠮ᠃ | ᠠᠷᠪᠠ ᠶᠢᠰᠦᠳᠦᠭᠡᠷ ᠵᠠᠭᠤᠨ ᠠᠴᠠ ᠨᠠᠰᠢ ᠫᠤᠼᠳᠠᠨᠢᠶᠧᠹ᠂ ᠯᠠᠤᠹᠧᠷ᠂ ᠺᠤᠸᠠᠸ᠋ᠹᠰᠺᠢ ᠱᠮᠢᠲ᠂ ᠸᠠᠯᠳᠢᠮᠢᠷᠼᠤᠹ | ᠵᠡᠷᠭᠡ ᠮᠤᠩᠭᠤᠯᠴᠢ ᠡᠷᠳᠡᠮᠳᠡᠨ ᠨᠠᠷ ᠴᠦᠮ ︽ᠮᠡᠷᠭᠡᠳ ᠭᠠᠷᠬᠤ ᠶᠢᠨ ᠤᠷᠤᠨ︾᠂ ︽ᠲᠦᠪᠡᠳ ᠤᠨ ᠬᠡᠯᠡ ᠶᠢ | ᠬᠢᠯᠪᠠᠷ ᠢᠶᠠᠷ ᠰᠤᠷᠬᠤ ᠨᠡᠷᠡᠳᠦ ᠪᠢᠴᠢᠭ︾ ᠵᠡᠷᠭᠡ ᠪᠠᠷ ᠲᠦᠯᠬᠢᠬᠦᠷ ᠪᠤᠯᠭᠠᠵᠤ ᠪᠠᠶᠢᠭᠠᠳ ︽ᠭᠠᠨᠵᠤᠤᠷ︾ ︽ | ᠲᠠᠨᠵᠤᠤᠷ︾ ᠤᠨ ᠮᠤᠩᠭᠤᠯ ᠤᠷᠴᠢᠭᠤᠯᠭ᠎ᠠ ᠶᠢᠨ ᠬᠡᠯᠡ ᠶᠢ ᠰᠤᠳᠤᠯᠵᠤ ᠡᠷᠳᠡᠮ ᠰᠢᠨᠵᠢᠯᠡᠬᠡᠨ ᠤ ᠠᠯᠳᠠᠷᠳᠤ ᠦᠬᠦᠯᠡᠯ | ᠵᠤᠬᠢᠶᠠᠯ ᠪᠢᠴᠢᠵᠠᠢ᠃ | ᠲᠡᠷᠡᠴᠢᠯᠡᠨ ︽ᠮᠡᠷᠭᠡᠳ ᠭᠠᠷᠬᠤ ᠶᠢᠨ ᠤᠷᠤᠨ︾ ︽ᠲᠦᠪᠡᠳ ᠤᠨ ᠬᠡᠯᠡ ᠶᠢ ᠬᠢᠯᠪᠠᠷ ᠢᠶᠠᠷ ᠰᠤᠷᠬᠤ ᠨᠡᠷᠡᠳᠤ | ᠪᠢᠴᠢᠭ︾ ︽ᠭᠠᠨᠵᠤᠤᠷ︾ ︽ᠲᠠᠨᠵᠤᠤᠷ︾ ᠵᠡᠷᠭᠡ ᠵᠤᠬᠢᠶᠠᠯ ᠳᠤ ᠲᠠᠪᠤᠨ ᠤᠬᠠᠭᠠᠨ ᠤ ᠠᠯᠢ ᠤᠯᠠᠨ ᠨᠡᠷ᠎ᠡ | ᠲᠤᠮᠢᠶ᠎ᠠ ᠶᠢ ᠮᠤᠩᠭᠤᠯ ᠬᠡᠯᠡ ᠪᠠᠷ ᠢᠶᠠᠨ ᠤᠨᠤᠪᠴᠢᠳᠠᠢ ᠰᠠᠶᠢᠬᠠᠨ ᠨᠡᠷᠡᠯᠡᠨ ᠤᠷᠴᠢᠭᠤᠯᠤᠭᠰᠠᠨ ᠶᠠᠪᠤᠳᠠᠯ ᠨᠢ ᠡᠳᠦᠭᠡ | ᠴᠤ ᠪᠢᠳᠡ ᠪᠦᠬᠦᠨ ᠤ ᠬᠦᠷᠳᠡᠭᠡᠯ ᠪᠤᠯᠬᠤ ᠶᠤᠰᠤᠳᠠᠢ᠃ ᠡᠨᠡ ᠲᠤᠬᠠᠢ ᠡᠷᠳᠡᠮᠳᠡᠨ ᠲᠡᠮᠤᠷᠴᠡᠷᠢᠩ᠄ ︽ᠮᠤᠩᠭᠤᠯ ᠤᠨ | ᠰᠤᠩᠭᠤᠳᠠᠭ ᠪᠢᠴᠢᠭ ᠤᠨ ᠬᠡᠯᠡ ᠪᠤᠶᠤ ᠤᠳᠬ᠎ᠠ ᠵᠤᠬᠢᠶᠠᠯ ᠤᠨ ᠬᠡᠯᠡ ᠨᠢ 17 —18 ᠳ᠋ᠤᠭᠠᠷ ᠵᠠᠭᠤᠨ ᠤ ᠦᠶ᠎ᠡ ᠳᠤ | ᠪᠠᠷᠠᠯᠠᠭᠰᠠᠨ〈 ᠭᠠᠨᠵᠤᠤᠷ 〉〈 ᠲᠠᠨᠵᠤᠤᠷ 〉 ᠤᠨ ᠤᠷᠴᠢᠭᠤᠯᠭ᠎ᠠ ᠶᠢᠨ ᠬᠡᠯᠡᠨ ᠳᠤ ᠬᠠᠮᠤᠭ ᠤᠨ ᠲᠤᠳᠤ | ᠢᠯᠡᠷᠡᠯ ᠢᠶᠠᠨ ᠤᠯᠤᠭᠰᠠᠨ ᠪᠠᠶᠢᠨ᠎ᠠ︾ ᠭᠡᠵᠦ ᠦᠨᠳᠦᠷ ᠢᠶᠠᠷ ᠦᠨᠡᠯᠡᠨ ᠲᠡᠮᠳᠡᠭᠯᠡᠵᠠᠢ᠃ | ᠭᠤᠮᠪᠤᠵᠠᠪ ᠢᠶᠠᠷ ︽ᠲᠠᠨᠵᠤᠤᠷ︾ ᠤᠨ ᠤᠷᠴᠢᠭᠤᠯᠭ᠎ᠠ ᠶᠢ ᠶᠡᠷᠦᠩᠬᠡᠶᠢᠯᠡᠨ ᠬᠢᠨᠠᠵᠤ ᠪᠠᠷᠠᠯᠠᠭᠤᠯᠤᠭᠰᠠᠨ ᠤ ᠲᠠᠷᠠᠭ᠎ᠠ | ᠂ ᠪᠠᠰᠠ ᠲᠡᠭᠷᠢ ᠲᠡᠳᠬᠦᠭᠴᠢ ︵1736 ᠤᠨ — 1796 ᠤᠨ︶ ᠬᠠᠭᠠᠨ ᠤ ᠵᠠᠷᠯᠢᠭ ᠢᠶᠠᠷ ᠬᠢᠲᠠᠳ ︽ᠭᠠᠨᠵᠤᠤᠷ | ︾ ᠲᠤᠳᠤᠷᠠᠬᠢ ᠲᠦᠪᠡᠳ ᠬᠡᠯᠡ ᠲᠡᠭᠡᠷ᠎ᠡ ᠦᠬᠡᠢ ᠵᠦᠢᠯ ᠢ ᠲᠦᠪᠡᠳ ᠬᠡᠯᠡ ᠪᠠᠷ ᠤᠷᠴᠢᠭᠤᠯᠬᠤ ᠪᠤᠶᠤ ᠬᠢᠲᠠᠳ ᠬᠡᠯᠡ | ᠲᠡᠭᠡᠷ᠎ᠡ ᠦᠬᠡᠢ ᠶᠢ ᠬᠢᠲᠠᠳ ᠬᠡᠯᠡ ᠪᠠᠷ ᠤᠷᠴᠢᠭᠤᠯᠬᠤ ᠡᠬᠦᠷᠭᠡ ᠶᠢ ᠬᠦᠯᠢᠶᠡᠭᠰᠡᠨ ᠪᠦᠬᠡᠳ ︽ᠬᠤᠶᠠᠷ ᠦᠬᠡᠢ | ᠦᠨᠳᠦᠰᠦᠨ ᠲᠠᠶᠢᠨ ᠢᠯᠭᠤᠭᠰᠠᠨ︾ ᠢ ᠤᠷᠴᠢᠭᠤᠯᠤᠨ ᠲᠡᠯᠭᠡᠷᠡᠬᠦᠯᠬᠦ ᠴᠢᠬᠤᠯᠠ ᠰᠠᠨᠠᠯ ᠢ ᠲᠤᠷᠠᠳᠤᠭᠰᠠᠨ ᠬᠡᠮᠡᠨ | ᠪᠠᠭᠠᠷᠢᠨ ᠤ ᠲᠡᠤᠬᠡᠴᠢ ᠲᠠᠷᠮᠠᠳᠠᠯᠠᠢ ︽ᠴᠠᠭᠠᠨ ᠯᠢᠩᠬᠸ᠎ᠠ ᠶᠢᠨ ᠡᠷᠢᠬᠡᠰ︾ ᠲᠡᠭᠡᠨ ᠮᠡᠳᠡᠭᠡᠯᠡᠭᠰᠡᠨ ᠪᠢᠯᠡ᠃ ᠪᠢᠳᠡ ︽ | ᠭᠠᠨᠵᠤᠤᠷ︾ ᠢ ᠤᠷᠴᠢᠭᠤᠯᠬᠤ ᠳᠤ ᠤᠷᠤᠯᠴᠠᠭᠰᠠᠨ ᠬᠦᠮᠦᠰ ᠢ ᠰᠢᠬᠦᠨ ᠦᠵᠡᠬᠦ ᠳᠤ᠂ ᠦᠵᠦᠮᠦᠴᠢᠨ ᠬᠦᠩ | ᠭᠤᠮᠪᠤᠵᠠᠪ ︽ᠭᠠᠨᠵᠤᠤᠷ︾ ᠢ ᠪᠦᠷᠢᠳᠬᠡᠨ ᠤᠷᠴᠢᠭᠤᠯᠬᠤ ᠠᠵᠢᠯ ᠳᠤ ᠤᠷᠤᠯᠴᠠᠭᠰᠠᠨ ᠮᠡᠳᠦ ᠪᠠᠶᠢᠨ᠎ᠠ᠃ ︽ | ᠭᠠᠨᠵᠤᠤᠷ︾ ᠢ ᠤᠷᠴᠢᠭᠤᠯᠬᠤ ᠳᠤ ᠤᠷᠤᠯᠴᠠᠭᠰᠠᠨ ᠬᠦᠮᠦᠰ ᠤᠨ ᠲᠤᠳᠤᠷ᠎ᠠ᠂ ︽ᠦᠵᠦᠮᠦᠴᠢᠨ ᠤᠪᠠᠰᠢ︾ ᠬᠡᠮᠡᠨ | ᠲᠡᠮᠳᠡᠭᠯᠡᠭᠳᠡᠭᠰᠡᠨ ᠨᠢᠬᠡᠨ ᠬᠦᠮᠦᠨ ᠪᠠᠶᠢᠳᠠᠭ᠃ ᠮᠠᠨ ᠤ ᠦᠵᠡᠬᠦ ᠪᠠᠷ ᠡᠨᠡᠬᠦ ︽ᠦᠵᠦᠮᠦᠴᠢᠨ ᠤᠪᠠᠰᠢ︾ ᠭᠡᠳᠡᠭ ᠨᠢ | ᠦᠭᠡᠷ᠎ᠡ ᠬᠦᠮᠦᠨ ᠪᠢᠰᠢ᠂ ᠬᠠᠷᠢᠨ ᠡᠷᠳᠡᠮᠳᠡᠨ ᠬᠦᠩ ᠭᠤᠮᠪᠤᠵᠠᠪ ᠤᠨ ᠰᠠᠬᠢᠯ ᠤᠨ ᠨᠡᠷ᠎ᠡ ᠰᠢᠭ ᠪᠠᠶᠢᠨ᠎ᠠ᠃ | ᠮᠤᠩᠭᠤᠯ ᠤᠨ ᠡᠷᠳᠡᠨ ᠤ ᠰᠤᠷᠪᠤᠯᠵᠢ ᠪᠢᠴᠢᠭ ᠲᠤ ᠵᠠᠷᠢᠮ ᠳᠠᠭᠠᠨ ᠰᠢᠭᠤᠳ ᠤᠪᠤᠭ ᠨᠡᠷ᠎ᠡ ᠪᠠᠨ ᠪᠢᠴᠢᠬᠦ ᠦᠬᠡᠢ᠂ | ᠬᠠᠷᠢᠨ ᠵᠡᠷᠭᠡ ᠬᠡᠷᠬᠢᠮ᠂ ᠴᠤᠯᠠ ᠮᠢᠨᠳᠠᠭ᠂ ᠰᠠᠬᠢᠯ ᠰᠠᠨᠸᠠᠷ ᠤᠨ ᠨᠡᠷ᠎ᠡ ᠪᠠᠨ ᠪᠢᠴᠢᠳᠡᠭ ᠵᠠᠩᠰᠢᠯ ᠵᠦᠩᠳᠡᠬᠡᠨ | ᠪᠠᠶᠢᠭᠰᠠᠨ ᠶᠤᠮ᠃ ᠭᠤᠮᠪᠤᠵᠠᠪ ︽ᠤᠪᠠᠰᠢ︾ ᠶᠢᠨ ᠰᠠᠬᠢᠯ ᠠᠪᠤᠭᠰᠠᠨ ᠨᠢ ᠦᠨᠡᠨ ᠪᠢᠯᠡ᠃ ᠭᠤᠮᠪᠤᠵᠠᠪ ᠤᠨ | ᠨᠠᠶᠢᠷᠠᠭᠤᠯᠤᠨ ᠵᠤᠬᠢᠶᠠᠭᠰᠠᠨ᠂ ︽ᠤᠳᠠᠶᠢᠱᠠᠨ ᠠᠭᠤᠯᠠ ᠶᠢᠨ ᠠᠳᠢᠰᠳᠢᠨ ᠲᠤ ᠰᠢᠳᠦᠬᠡᠨ ᠲᠠᠪᠤᠨ ᠵᠠᠭᠤᠨ | ᠪᠠᠨᠳᠢᠳᠠ ᠶᠢᠨ ᠴᠢᠳᠡᠭ ᠤᠷᠤᠰᠢᠪᠠᠢ︾ ᠭᠡᠮᠡᠬᠦ ᠰᠤᠳᠤᠷ ᠲᠤ᠂ ︽ᠴᠢᠩᠬᠢᠰ ᠪᠤᠭᠳᠠ ᠶᠢᠨ ᠠᠯᠳᠠᠨ ᠤᠷᠤᠭ ᠠᠴᠠ | ᠴᠢᠳᠡᠭ ᠦᠬᠦᠯᠡᠭᠴᠢ ᠲᠦᠷᠪᠡᠨ ᠬᠡᠯᠡᠲᠦ ᠤᠪᠠᠰᠢ ᠮᠠᠭᠦᠸᠠᠪᠤᠸᠠ ᠰᠬᠢᠨᠪᠠᠰ ︵ᠭᠤᠮᠪᠤᠵᠠᠪ︶ ᠪᠢ︾ ᠭᠡᠵᠦ ᠲᠤᠪ | ᠲᠤᠳᠤᠷᠬᠠᠢ ᠲᠤᠰᠢᠶᠠᠨ ᠲᠡᠮᠳᠡᠭᠯᠡᠭᠰᠡᠨ ᠪᠠᠶᠢᠳᠠᠭ᠃ ᠡᠬᠦᠨ ᠢᠶᠠᠷ ᠦᠵᠡᠬᠦᠯ᠎ᠡ᠂ ᠡᠷᠳᠡᠮᠳᠡᠨ ᠬᠦᠩ ᠭᠤᠮᠪᠤᠵᠠᠪ ︽ | ᠭᠠᠨᠵᠤᠤᠷ︾ ᠢ ᠪᠦᠷᠢᠳᠬᠡᠨ ᠤᠷᠴᠢᠭᠤᠯᠬᠤ ︵ᠬᠢᠲᠠᠳ ᠬᠡᠯᠡᠨ ᠠᠴᠠ ᠲᠦᠪᠡᠳ ᠬᠡᠯᠡᠨ ᠳᠤ ᠤᠷᠴᠢᠭᠤᠯᠤᠭᠰᠠᠨ ᠪᠤᠶᠤ | ᠲᠦᠪᠡᠳ ᠬᠡᠯᠡᠨ ᠠᠴᠠ ᠬᠢᠲᠠᠳ ᠬᠡᠯᠡᠨ ᠳᠤ ᠤᠷᠴᠢᠭᠤᠯᠤᠭᠰᠠᠨ︶ ᠠᠵᠢᠯ ᠢ ᠬᠢᠵᠦ ᠪᠠᠶᠢᠭᠰᠠᠨ ᠨᠢ ᠮᠠᠳᠠᠭ ᠦᠬᠡᠢ | ᠪᠠᠶᠢᠨ᠎ᠠ᠃ ᠪᠤᠳᠠᠳᠠᠢ ᠮᠡᠳᠡᠭᠡ ᠪᠠᠷᠢᠮᠳᠠ ᠶᠢ ᠦᠨᠳᠦᠰᠦᠯᠡᠪᠡᠯ ᠲᠡᠷᠡ ᠪᠠᠷ ᠬᠢᠲᠠᠳ ︽ᠭᠠᠨᠵᠤᠤᠷ︾ ︵大藏经︶ | ᠤᠨ ᠲᠤᠳᠤᠷᠠᠬᠢ ︽ᠪᠤᠷᠬᠠᠨ ᠤ ᠬᠦᠷᠦᠭ ᠢ ᠱᠤᠭᠤᠮᠠᠯᠠᠬᠤ ᠪᠠ ᠵᠢᠷᠤᠬᠤ ᠲᠤᠬᠠᠢ ᠵᠢᠭᠠᠪᠤᠷᠢ︾ ᠪᠤᠶᠤ ︽造像量 | 度经︾ ᠬᠡᠮᠡᠬᠦ ᠰᠤᠳᠤᠷ ᠢ ᠲᠦᠪᠡᠳ ᠬᠡᠯᠡᠨ ᠠᠴᠠ ᠬᠢᠲᠠᠳ ᠬᠡᠯᠡᠨ ᠳᠤ ᠤᠷᠴᠢᠭᠤᠯᠤᠭᠰᠠᠨ ᠪᠠᠶᠢᠨ᠎ᠠ᠃ ︽ | ᠲᠠᠩᠰᠤᠭ ᠯᠠᠮᠠ ᠶᠢᠨ ᠴᠠᠳᠢᠭ︾ ᠢ ᠬᠢᠲᠠᠳ ᠬᠡᠯᠡᠨ ᠠᠴᠠ ᠲᠦᠪᠡᠳ ᠬᠡᠯᠡᠨ ᠳᠤ ᠤᠷᠴᠢᠭᠤᠯᠵᠠᠢ᠃ ᠪᠠᠰᠠ ︽ᠼᠠᠨᠳᠠᠨ | ᠵᠤᠤ ᠶᠢᠨ ᠨᠠᠮᠳᠠᠷ︾᠂ ︽ᠤᠳᠠᠶᠢᠱᠠᠨ ᠠᠭᠤᠯᠠ ᠶᠢᠨ ᠠᠳᠢᠰᠳᠢᠨ ᠲᠤ ᠰᠢᠳᠦᠭᠡᠨ ᠲᠠᠪᠤᠨ ᠵᠠᠭᠤᠨ ᠪᠠᠨᠳᠢᠳᠠ ᠶᠢᠨ | ᠴᠢᠳᠡᠭ ᠤᠷᠤᠰᠢᠪᠠᠢ︾ ᠭᠡᠬᠦ ᠮᠡᠲᠦ ᠶᠢᠨ ᠱᠠᠰᠢᠨ ᠤ ᠲᠡᠤᠬᠡ ᠨᠠᠮᠳᠠᠷ ᠤᠨ ᠬᠤᠪᠤᠷ ᠴᠤᠬᠠᠭ ᠨᠤᠮ ᠢ ᠲᠦᠪᠡᠳ | ᠬᠡᠯᠡ ᠪᠠᠷ ᠵᠤᠬᠢᠶᠠᠭᠰᠠᠨ ᠪᠠᠶᠢᠨ᠎ᠠ᠃ ᠲᠡᠬᠦᠨᠴᠢᠯᠡᠨ ᠲᠡᠷᠡ ᠪᠠᠰᠠ ᠦᠪᠡᠷᠦᠨ ᠦᠨᠳᠦᠷ ᠮᠡᠳᠡᠯᠭᠡ ᠪᠤᠯᠪᠠᠰᠤᠷᠠᠯ ᠢᠶᠠᠨ | ᠠᠰᠢᠭᠯᠠᠵᠤ᠂ ︽ᠵᠠᠨᠠᠭ ᠴᠤᠶᠢᠵᠤᠩ︾ ᠲᠤᠬᠠᠶᠢᠯᠠᠪᠠᠯ ︽ᠬᠢᠲᠠᠳ ᠭᠠᠵᠠᠷ ᠪᠤᠷᠬᠠᠨ ᠤ ᠱᠠᠰᠢᠨ ᠲᠡᠯᠭᠡᠷᠡᠭᠰᠡᠨ ᠲᠡᠤᠬᠡ︾ | ᠭᠡᠳᠡᠭ ᠲᠤᠰᠬᠠᠢ ᠱᠠᠰᠢᠨ ᠲᠡᠯᠭᠡᠷᠡᠭᠰᠡᠨ ᠲᠡᠤᠬᠡ ᠶᠢᠨ ᠨᠤᠮ ᠢᠶᠠᠨ ᠲᠦᠪᠡᠳ ᠬᠡᠯᠡ ᠪᠠᠷ ᠵᠤᠬᠢᠶᠠᠵᠤ 1746 | ᠤᠨ ᠳᠤ ᠲᠦᠪᠡᠳ ᠤᠨ ᠯᠾᠰᠠ ᠬᠤᠳᠠᠨ ᠳᠤ ᠬᠡᠪᠯᠡᠬᠦᠯᠵᠦ᠂ ᠪᠤᠳᠠᠯᠠᠩ ᠤᠷᠳᠤᠨ ᠤ ᠪᠢᠴᠢᠭ ᠰᠤᠳᠤᠷ ᠤᠨ | ᠬᠦᠷᠢᠶᠡᠯᠡᠩ ᠳᠤ ᠬᠠᠳᠠᠭᠠᠯᠠᠭᠤᠯᠵᠠᠢ᠃ ᠡᠳᠡᠭᠡᠷ ᠪᠦᠬᠦᠨ ᠨᠢ ᠪᠤᠷᠬᠠᠨ ᠱᠠᠰᠢᠨ ᠤ ᠲᠡᠤᠬᠡ ᠶᠢᠨ ᠰᠤᠳᠤᠯᠤᠯ ᠪᠤᠯᠤᠨ | ᠮᠤᠩᠭᠤᠯ᠂ ᠲᠦᠪᠡᠳ᠂ ᠬᠢᠲᠠᠳ ᠵᠡᠷᠭᠡ ᠦᠨᠳᠦᠰᠦᠳᠡᠨ ᠤ ᠰᠤᠶᠤᠯ ᠤᠨ ᠬᠠᠷᠢᠯᠴᠠᠭ᠎ᠠ ᠰᠤᠯᠢᠯᠴᠠᠭ᠎ᠠ ᠶᠢ | ᠰᠤᠳᠤᠯᠬᠤ ᠳᠤ ᠪᠦᠷ ᠴᠤ ᠦᠨ᠎ᠡ ᠴᠠᠨ᠎ᠠ ᠲᠠᠢ ᠲᠡᠤᠬᠡ ᠶᠢᠨ ᠪᠠᠷᠢᠮᠳᠠ ᠪᠤᠯᠬᠤ ᠨᠢ ᠭᠠᠷᠴᠠᠭ᠎ᠠ ᠦᠬᠡᠢ ᠶᠤᠮ᠃ | ᠭᠤᠮᠪᠤᠵᠠᠪ ᠬᠦᠩ ᠪᠤᠯ ᠮᠦᠨᠴᠦ ᠨᠢᠬᠡᠨ ᠬᠡᠯᠡ ᠰᠢᠨᠵᠢᠯᠡᠯ ᠤᠨ ᠡᠷᠳᠡᠮᠳᠡᠨ ᠪᠠ ᠰᠤᠷᠭᠠᠨ ᠬᠦᠮᠦᠵᠢᠯ ᠤᠨ | ᠵᠢᠳᠬᠦᠯᠳᠡᠨ ᠪᠤᠯᠤᠨ᠎ᠠ᠃ ᠲᠡᠷᠡ ᠪᠡᠭᠡᠵᠢᠩ ᠳᠠᠬᠢ ᠲᠠᠩᠭᠤᠳ ᠪᠢᠴᠢᠭ ᠤᠨ ᠰᠤᠷᠭᠠᠭᠤᠯᠢ ᠶᠢᠨ ᠪᠦᠬᠦᠳᠡ ᠶᠢ ᠵᠠᠬᠢᠨ | ᠰᠤᠷᠭᠠᠭᠴᠢ ᠪᠠᠷ ᠭᠤᠴᠢᠭᠠᠳ ᠵᠢᠯ ᠠᠵᠢᠯᠯᠠᠬᠤ ᠳᠠᠭᠠᠨ ᠬᠦᠨᠳᠦ ᠬᠠᠳᠠᠭᠤᠵᠢᠯᠳᠠᠢ ᠬᠢᠴᠢᠶᠡᠯ ᠬᠦᠮᠦᠵᠢᠯ ᠤᠨ ᠠᠵᠢᠯ ᠢ | ᠬᠠᠷᠢᠭᠤᠴᠠᠨ ᠬᠢᠬᠦ ᠠᠴᠠ ᠭᠠᠳᠠᠨ᠎ᠠ ᠵᠢᠭᠠᠨ ᠰᠤᠷᠭᠠᠬᠤ ᠬᠡᠷᠡᠭᠴᠡᠭᠡ ᠱᠠᠭᠠᠷᠳᠠᠯᠭ᠎ᠠ ᠶᠢ ᠦᠨᠳᠦᠰᠦᠯᠡᠨ ᠬᠢᠴᠢᠶᠡᠯ | ᠬᠦᠮᠦᠵᠢᠯ ᠤᠨ ᠪᠢᠴᠢᠭ ᠨᠤᠮ ᠢ ᠤᠯᠠᠨ ᠲᠤᠭ᠎ᠠ ᠪᠠᠷ ᠨᠠᠶᠢᠷᠠᠭᠤᠯᠤᠨ ᠪᠢᠴᠢᠭᠰᠡᠨ ᠪᠠᠶᠢᠨ᠎ᠠ᠃ ᠵᠢᠱᠢᠶᠡᠯᠡᠬᠦ ᠳᠤ᠂ ︽ | ᠠᠯᠢ ᠭᠠᠯᠢ ᠦᠰᠦᠭ ᠤᠨ ᠲᠦᠷᠢᠮ︾ ᠬᠡᠮᠡᠬᠦ ᠰᠠᠨᠰᠺᠠᠷᠠᠲ ᠴᠠᠭᠠᠨ ᠲᠤᠯᠤᠭᠠᠢ ᠶᠢᠨ ᠰᠤᠷᠬᠤ ᠪᠢᠴᠢᠭ᠂ ︽ᠲᠦᠪᠡᠳ | ᠬᠡᠯᠡ ᠶᠢ ᠬᠢᠯᠪᠠᠷ ᠢᠶᠠᠷ ᠰᠤᠷᠬᠤ ᠨᠡᠷᠡᠳᠦ ᠪᠢᠴᠢᠭ︾ ᠵᠡᠷᠬᠡ ᠶᠢ ᠨᠠᠶᠢᠷᠠᠭᠤᠯᠤᠨ ᠵᠢᠭᠠᠵᠤ᠂ ᠤᠯᠠᠨ ᠲᠤᠭᠠᠨ ᠤ | ᠤᠶᠤᠳᠠᠨ ᠰᠡᠭᠡᠭᠡᠳᠡᠨ ᠪᠠ ᠤᠷᠴᠢᠭᠤᠯᠤᠭᠴᠢ ᠬᠡᠯᠡᠮᠤᠷᠴᠢ ᠨᠠᠷ ᠢ ᠬᠦᠮᠦᠵᠢᠭᠦᠯᠦᠭᠰᠡᠨ ᠶᠤᠮ᠃ ᠡᠨᠡᠬᠦ ᠲᠠᠩᠭᠤᠳ | ᠪᠢᠴᠢᠭ ᠤᠨ ᠰᠤᠷᠭᠠᠭᠤᠯᠢ ᠠᠴᠠ ᠬᠦᠮᠦᠵᠢᠬᠦᠯᠵᠦ ᠭᠠᠷᠭᠠᠭᠰᠠᠨ ᠤᠯᠠᠨ ᠠᠷᠪᠢᠨ ᠤᠶᠤᠳᠠᠨ ᠰᠡᠭᠡᠭᠡᠳᠡᠨ ᠨᠢ ︽ | ᠲᠠᠨᠵᠤᠤᠷ︾ ᠢ ᠤᠷᠴᠢᠭᠤᠯᠬᠤ ᠳᠤ ᠭᠤᠤᠯᠯᠠᠭᠴᠢ ᠬᠦᠴᠦᠨ ᠪᠤᠯᠤᠭᠰᠠᠨ ᠪᠦᠬᠡᠳ ᠬᠤᠵᠢᠮ ᠨᠢ ᠪᠦᠷ ᠮᠤᠩᠭᠤᠯ | ᠦᠨᠳᠦᠰᠦᠳᠡᠨ ᠤ ᠰᠤᠶᠤᠯ ᠤᠨ ᠵᠢᠳᠬᠦᠯᠳᠡᠨ ᠪᠤᠯᠤᠭᠰᠠᠨ ᠪᠢᠯᠡ᠃ | ᠭᠤᠮᠪᠤᠵᠠᠪ ᠢᠶᠠᠷ ︽ᠲᠦᠪᠡᠳ ᠬᠡᠯᠡ ᠶᠢ ᠬᠢᠯᠪᠠᠷ ᠢᠶᠠᠷ ᠰᠤᠷᠬᠤ ᠨᠡᠷᠡᠳᠦ ᠪᠢᠴᠢᠭ︾ ᠲᠡᠭᠡᠨ᠂ ᠲᠦᠪᠡᠳ ᠤᠨ | ᠦᠰᠦᠭ ᠪᠢᠴᠢᠭ ᠤᠨ ᠡᠭᠦᠰᠦᠯ ᠭᠠᠷᠤᠯ᠂ ᠦᠭᠡᠰ ᠤᠨ ᠰᠠᠩ ᠪᠠ ᠬᠡᠯᠡᠨ ᠤ ᠵᠦᠢ ᠵᠡᠷᠭᠡ ᠶᠢ ᠨᠡᠯᠢᠶᠡᠳ ᠰᠢᠰᠲ᠋ᠧᠮ | ᠲᠠᠢ ᠰᠢᠨᠵᠢᠯᠡᠨ ᠰᠤᠳᠤᠯᠤᠭᠰᠠᠨ ᠪᠠᠶᠢᠨ᠎ᠠ᠃ ᠤᠤᠯ ᠵᠤᠬᠢᠶᠠᠯ ᠤᠨ ᠤᠷᠤᠰᠢᠯ ᠳᠤ᠂ ︽ᠲᠦᠪᠡᠳ ᠤᠨ ᠦᠰᠦᠭ | ᠬᠡᠮᠡᠪᠡᠰᠤ ᠲᠦᠪᠡᠳ ᠤᠨ ᠰᠤᠷᠤᠭᠰᠠᠩᠭᠠᠮᠪᠤ ᠬᠠᠭᠠᠨ ᠢᠶᠠᠷ ᠲᠦᠪᠡᠳ ᠲᠤᠷ ᠪᠤᠷᠬᠠᠨ ᠤ ᠱᠠᠰᠢᠨ ᠢ ᠲᠡᠯᠭᠡᠷᠡᠬᠦᠯᠦᠨ | ᠦᠢᠯᠡᠳᠬᠦ ᠶᠢᠨ ᠲᠤᠯᠠᠳᠠ ᠲᠤᠮᠢ ᠰᠠᠮᠪᠤᠸᠠ ᠲᠦᠰᠢᠮᠡᠯ ᠢ ᠡᠨᠡᠳᠬᠡᠭ ᠲᠤ ᠦᠰᠦᠭ ᠬᠢᠭᠡᠳ ᠨᠤᠮ ᠢ ᠰᠤᠷᠬᠤ ᠪᠠᠷ | ᠢᠯᠡᠭᠡᠪᠡᠢ᠃ ᠲᠤᠮᠢ ᠰᠠᠮᠪᠤᠸᠠ ᠡᠨᠡᠳᠬᠡᠭ ᠲᠤᠷ ᠬᠦᠷᠴᠤ ᠦᠰᠦᠭ ᠲᠡᠷᠢᠬᠦᠳᠡᠨ ᠢ ᠰᠤᠨᠤᠰᠤᠭᠠᠳ᠂ ᠲᠦᠪᠡᠳ ᠲᠤᠷ | ᠢᠷᠡᠵᠦ ᠶᠡᠭᠡ ᠬᠡᠷᠡᠭ ᠲᠤ ᠶᠢᠨ ᠲᠤᠯᠠᠳᠠ ᠯᠠᠸ᠋ᠹᠠ ᠦᠰᠦᠭ ᠢ ᠦᠯᠢᠭᠡᠷᠯᠡᠨ ᠲᠦᠪᠡᠳ ᠤᠨ ᠬᠡᠼᠢᠢᠭ ᠦᠰᠦᠭ ᠬᠢᠭᠡᠳ | ᠸᠠᠷᠳᠤ ᠦᠰᠦᠭ ᠢ ᠦᠯᠢᠭᠡᠷᠯᠡᠵᠦ ᠲᠦᠪᠡᠳ ᠤᠨ ᠺᠠᠱᠠᠷ ᠦᠰᠦᠭ ᠢ ᠵᠤᠬᠢᠶᠠᠪᠠᠢ︾ ᠭᠡᠵᠦ ᠲᠦᠪᠡᠳ ᠦᠰᠦᠭ | ᠪᠢᠴᠢᠭ ᠤᠨ ᠡᠬᠦᠰᠦᠯ ᠭᠠᠷᠤᠯ ᠢ ᠲᠤᠳᠤᠷᠬᠠᠢ ᠲᠡᠮᠳᠡᠭᠯᠡᠭᠰᠡᠨ ᠪᠦᠬᠡᠳ ᠪᠤᠷᠬᠠᠨ ᠱᠠᠰᠢᠨ ᠠᠴᠠ ᠠᠯᠢ ᠡᠷᠳᠡ ︽ | ᠡᠰᠷᠤᠨ ᠦᠰᠦᠭ᠂ ︵ᠰᠠᠨᠰᠺᠠᠷᠲ ᠦᠰᠦᠭ︶ ᠸᠠᠷᠳᠤ ᠦᠰᠦᠭ᠂ ᠰᠢᠨᠳᠤ ᠦᠰᠦᠭ᠂ ᠨᠠᠩᠬᠢᠶᠠᠳ ᠦᠰᠦᠭ᠂ | ᠬᠠᠮᠤᠭ ᠲᠠᠭᠤᠨ ᠢ ᠤᠷᠢᠶᠠᠭᠰᠠᠨ ᠦᠰᠦᠭ᠂ ᠯᠢᠩᠬᠤᠸ᠎ᠠ ᠶᠢᠨ ᠵᠢᠷᠦᠬᠡᠨ ᠤ ᠦᠰᠦᠭ᠂ ᠲᠠᠯᠠᠢ ᠶᠢᠨ ᠬᠢᠵᠠᠭᠠᠷ ᠤᠨ | ᠦᠰᠦᠭ︾ ᠵᠡᠷᠭᠡ ᠵᠢᠷᠠᠨ ᠲᠦᠷᠪᠡᠨ ᠵᠦᠢᠯ ᠤᠨ ᠦᠰᠦᠭ ᠪᠠᠶᠢᠭᠰᠠᠨ ᠭᠡᠵᠦ ᠵᠢᠭᠠᠭᠠᠳ᠂ ᠬᠦᠮᠦᠨ ᠲᠦᠷᠦᠯᠭᠢᠳᠡᠨ ᠤ | ᠪᠤᠯᠪᠠᠰᠤᠨ ᠰᠤᠶᠤᠯ ᠪᠤᠳᠢᠳᠢᠨ ᠤ ᠱᠠᠰᠢᠨ ᠠᠴᠠ ᠬᠤᠯᠠ ᠡᠷᠳᠡ ᠪᠤᠢ ᠪᠤᠯᠤᠭᠰᠠᠨ ᠢ ᠨᠤᠳᠠᠯᠠᠭᠰᠠᠨ ᠪᠠᠶᠢᠨ᠎ᠠ᠃ ᠮᠦᠨ | ᠲᠡᠬᠦᠨᠴᠢᠯᠡᠨ ᠱᠠᠷᠠᠶᠢᠭᠤᠯ ᠬᠡᠯᠡ ︵ᠤᠳᠤ ᠶᠢᠨ ᠮᠤᠩᠭᠤᠷ᠂ ᠶᠤᠭᠤᠷ᠂ ᠪᠤᠤ ᠠᠨ᠂ ᠳ᠋ᠦᠩᠰᠢᠶᠠᠩ ᠵᠡᠷᠭᠡ | ᠦᠨᠳᠦᠰᠦᠳᠡᠨ ᠤ ᠬᠡᠯᠡ︶ ᠪᠤᠯ ᠮᠤᠩᠭᠤᠯ ᠲᠦᠷᠦᠯ ᠬᠡᠯᠡ ᠪᠤᠯᠬᠤ ᠶᠢ ᠠᠩᠬ᠎ᠠ ᠤᠳᠠᠭ᠎ᠠ ᠲᠤᠳᠤᠷᠬᠠᠶᠢᠯᠠᠨ ᠵᠢᠭᠠᠭᠰᠠᠨ | ᠪᠢᠯᠡ᠃ | ᠭᠤᠮᠪᠤᠵᠠᠪ ᠬᠦᠩ ᠢᠶᠠᠷ ᠡᠷᠳᠡᠨ ᠤ ᠡᠨᠡᠳᠬᠡᠭ ᠲᠦᠪᠡᠳ ᠤᠨ ᠲᠠᠪᠤᠨ ᠤᠬᠠᠭᠠᠨ ᠳᠤ ᠨᠡᠪᠲᠡᠷᠡᠭᠰᠡᠨ ᠨᠡᠷᠡᠳᠦ | ᠡᠷᠳᠡᠮᠳᠡᠨ ᠪᠤᠯᠬᠤ ᠶᠢᠨ ᠬᠤᠪᠢ ᠠᠴᠠ ᠵᠦᠪᠬᠡᠨ ᠨᠡᠶᠢᠭᠡᠮ ᠤᠨ ᠰᠢᠨᠵᠢᠯᠡᠬᠦ ᠤᠬᠠᠭᠠᠨ ᠢ ᠨᠢᠮᠪᠠᠢ ᠰᠤᠳᠤᠯᠵᠤ ᠨᠠᠨᠳᠢᠨ | ᠪᠦᠳᠦᠭᠡᠯ ᠦᠪᠯᠡᠵᠦ ᠦᠯᠡᠳᠡᠭᠡᠭᠰᠡᠨ ᠲᠡᠳᠦᠶᠢᠯᠡ ᠪᠢᠰᠢ᠂ ᠮᠦᠨᠴᠦ ᠪᠠᠶᠢᠭᠠᠯᠢ ᠶᠢᠨ ᠰᠢᠨᠵᠢᠯᠡᠬᠦ ᠤᠬᠠᠭᠠᠨ ᠢ ᠪᠠᠭ᠋ᠠᠳᠠᠢ | ᠰᠢᠮᠳᠠᠨ ᠰᠤᠳᠤᠯᠵᠤ᠂ ᠦᠪᠡᠷ ᠤᠨ ᠦᠳᠡᠯᠦᠭᠡ ᠨᠠᠰᠤᠨ ᠳᠠᠭᠠᠨ ᠪᠠᠰᠠ ᠡᠯ᠎ᠡ ᠦᠨᠳᠦᠰᠦᠳᠡᠨ ᠤ ᠡᠷᠡᠬᠦᠯ ᠮᠡᠨᠳᠤ ᠶᠢᠨ | ᠲᠦᠯᠦᠭᠡ᠂ ᠪᠡᠶ᠎ᠡ ᠰᠡᠳᠬᠢᠯ ᠢᠶᠠᠨ ᠵᠦᠳᠡᠭᠡᠵᠦ ᠮᠤᠩᠭᠤᠯ ᠬᠡᠯᠡ ᠪᠠᠷ ︽ᠲᠤᠯᠤᠭᠠᠨ ᠡᠷᠳᠡᠨᠢ ᠶᠢᠨ ᠮᠦᠬᠦᠯᠢᠭ ᠪᠠ | ᠡᠮ ᠤᠨ ᠵᠤᠷ︾ ︽ᠡᠮ ᠤᠨ ᠨᠡᠷ᠎ᠡ ᠲᠦᠪᠡᠳ᠂ ᠮᠤᠩᠭᠤᠯ᠂ ᠬᠢᠲᠠᠳ ᠬᠠᠳᠠᠮᠠᠯ ᠤᠷᠤᠰᠢᠪᠠᠢ︾᠂ ︽ᠡᠯᠳᠡᠪ | ᠴᠢᠬᠤᠯᠠ ᠬᠡᠷᠡᠭᠲᠦ ᠡᠮ ᠤᠨ ᠨᠠᠶᠢᠷᠠᠯᠭ᠎ᠠ︾ ᠬᠡᠬᠦ ᠬᠡᠳᠦᠨ ᠢᠵᠢ ᠠᠨᠠᠭᠠᠬᠤ ᠤᠬᠠᠭᠠᠨ ᠤ ᠨᠤᠮ ᠪᠢᠴᠢᠭ ᠢ | ᠨᠠᠶᠢᠷᠠᠭᠤᠯᠤᠨ ᠵᠤᠬᠢᠶᠠᠵᠠᠢ᠃ ᠡᠳᠡᠭᠡᠷ ᠠᠨᠠᠭᠠᠬᠤ ᠤᠬᠠᠭᠠᠨ ᠤ ᠨᠤᠮ ᠪᠢᠴᠢᠭ ᠨᠢ ᠮᠤᠩᠭᠤᠯ ᠦᠨᠳᠦᠰᠦᠳᠡᠨ ᠤ ᠡᠮ | ᠡᠮᠨᠡᠯᠭᠡ ᠶᠢᠨ ᠲᠡᠤᠬᠡ᠂ ᠡᠮᠨᠡᠯᠭᠡ ᠮᠡᠷᠭᠡᠵᠢᠯ ᠤᠨ ᠲᠤᠷᠰᠢᠯᠭ᠎ᠠ ᠰᠤᠷᠭᠠᠮᠵᠢ ᠵᠢᠴᠢ ᠡᠨᠡᠬᠦ ᠲᠠᠯ᠎ᠠ ᠪᠠᠷ ᠬᠢ | ᠦᠨᠳᠦᠰᠦᠳᠡᠨ ᠤ ᠰᠤᠶᠤᠯ ᠤᠨ ᠰᠤᠯᠢᠯᠴᠠᠭ᠎ᠠ ᠶᠢ ᠤᠶᠢᠯᠠᠭᠠᠬᠤ ᠳᠤ ᠪᠦᠷ ᠴᠤ ᠦᠨ᠎ᠡ ᠴᠠᠨ᠎ᠠ ᠲᠠᠢ ᠲᠡᠤᠬᠡ ᠶᠢᠨ | ᠲᠤᠷᠠᠰᠬᠠᠯ ᠮᠦᠨ᠃ | ︽ᠡᠯᠳᠡᠪ ᠴᠢᠬᠤᠯᠠ ᠬᠡᠷᠡᠭᠳᠦ ᠡᠮ ᠤᠨ ᠨᠠᠶᠢᠷᠠᠯᠭ᠎ᠠ︾ ᠭᠡᠳᠡᠭ ᠨᠤᠮ ᠨᠢ ︽ᠲᠤᠯᠤᠭᠠᠨ ᠡᠷᠳᠡᠨᠢ ᠶᠢᠨ ᠮᠦᠬᠦᠯᠢᠭ | ᠪᠠ ᠡᠮ ᠤᠨ ᠵᠤᠷ︾ ᠭᠡᠰᠡᠨ ᠨᠡᠷ᠎ᠡ ᠪᠠᠷ ᠴᠢᠩ ᠤᠯᠤᠰ ᠤᠨ ᠦᠶ᠎ᠡ ᠳᠤ ᠮᠤᠳᠤᠨ ᠪᠠᠷ ᠢᠶᠠᠷ ᠬᠡᠪᠯᠡᠭᠳᠡᠵᠠᠢ᠃ ᠪᠤᠳᠠᠳᠠᠢ | ᠪᠢᠴᠢᠭᠳᠡᠭᠰᠡᠨ ᠤᠨ ᠵᠢᠯ ᠢ ᠨᠤᠳᠠᠳᠠᠢ ᠬᠡᠯᠡᠬᠦᠶ᠎ᠡ ᠪᠡᠷᠭᠡ᠂ ᠵᠤᠬᠢᠶᠠᠯ ᠤᠨ ᠲᠡᠭᠦᠰᠬᠡᠯ ᠰᠢᠯᠦᠭ ᠲᠤ᠂ ︽ᠬᠡᠦᠬᠡᠨ | ᠡᠴᠡᠭᠡᠨ ︵ᠬᠡᠦᠬᠡᠳ ᠠᠴᠠ ᠪᠠᠨ︶ ᠬᠦᠭᠰᠢᠷᠡᠯᠳᠦᠭᠰᠡᠨ᠂ ᠬᠡᠨ ᠬᠡᠨ ᠳᠤᠷ ᠲᠤᠰᠠ ᠪᠤᠯᠬᠤ ᠶᠢ ᠰᠠᠨᠠᠵᠤ᠂ ᠬᠡᠳᠦᠨ | ᠮᠡᠷᠭᠡᠳ ᠠᠴᠠ ᠤᠯᠵᠤ ᠰᠤᠨᠤᠰᠤᠭᠰᠠᠨ ᠢᠶᠠᠨ ᠬᠡᠯᠬᠢᠵᠦ ᠵᠢᠭᠳᠡᠯᠡᠬᠦᠯᠦᠨ ᠪᠢᠴᠢᠪᠡᠢ ᠪᠢ︾ ᠭᠡᠵᠦ ᠲᠡᠮᠳᠡᠭᠯᠡᠭᠰᠡᠨ ᠢ | ᠦᠨᠳᠦᠰᠦᠯᠡᠵᠦ᠂ ᠪᠠᠷᠤᠭ ᠠᠷᠪᠠᠨ ᠨᠠᠢᠮᠠᠳᠤᠭᠠᠷ ᠵᠠᠭᠤᠨ ᠤ ᠲᠤᠮᠳᠠᠴᠢ ᠦᠶ᠎ᠡ ᠪᠠᠷ ᠵᠤᠬᠢᠶᠠᠭᠳᠠᠭᠰᠠᠨ ᠦᠳᠡᠯᠦᠭᠡ | ᠨᠠᠰᠤᠨ ᠤ ᠬᠢᠨᠢ ᠪᠦᠳᠦᠭᠡᠯ ᠬᠡᠵᠦ ᠮᠠᠭᠠᠳᠯᠠᠨ᠎ᠠ᠃ ᠤᠳᠤᠬᠠᠨ ᠳᠤ ᠤᠯᠳᠠᠭᠰᠠᠨ ᠬᠤᠯᠪᠤᠭᠳᠠᠯ ᠪᠦᠬᠦᠢ ᠮᠡᠳᠡᠭᠡ | ᠪᠠᠷᠢᠮᠳᠠ ᠶᠢ ᠦᠨᠳᠦᠰᠦᠯᠡᠪᠡᠯ᠂ ᠲᠤᠰ ᠪᠢᠴᠢᠭ ᠪᠤᠯ ᠮᠤᠩᠭᠤᠯ ᠬᠡᠯᠡ ᠪᠠᠷ ᠠᠩᠬᠠᠳᠤᠭᠴᠢ ᠤᠳᠠᠭ᠎ᠠ ᠪᠢᠴᠢᠭᠳᠡᠨ | ᠬᠡᠪᠯᠡᠭᠳᠡᠭᠰᠡᠨ ᠠᠨᠠᠭᠠᠬᠤ ᠤᠬᠠᠭᠠᠨ ᠤ ᠪᠢᠴᠢᠭ ᠪᠤᠯᠬᠤ ᠶᠤᠮ᠃ | ︽ᠲᠤᠯᠤᠭᠠᠨ ᠡᠷᠳᠡᠨᠢ ᠶᠢᠨ ᠮᠦᠬᠦᠯᠢᠭ ᠪᠠ ᠡᠮ ᠤᠨ ᠵᠤᠷ︾ ᠬᠠᠭᠤᠳᠠᠰᠤᠨ ᠲᠤᠭ᠎ᠠ ᠬᠢᠵᠠᠭᠠᠷ ᠲᠠᠢ ᠨᠢᠮᠬᠡᠨ | ᠪᠤᠯᠪᠠᠴᠤ ᠲᠤᠶᠢᠯ ᠤᠨ ᠪᠠᠶᠠᠯᠢᠭ ᠠᠭᠤᠯᠭ᠎ᠠ ᠲᠠᠢ᠃ ᠡᠬᠦᠨᠳᠦ ᠭᠠᠳᠠᠷ ᠲᠤᠳᠤᠷ ᠰᠠᠯᠠᠭᠠᠨ ᠤ ᠡᠪᠡᠳᠴᠢᠨ᠂ ᠡᠬᠡ | ᠨᠢᠯᠬᠠᠰ ᠤᠨ ᠡᠪᠡᠳᠴᠢᠨ᠂ ᠲᠠᠪᠤᠨ ᠡᠷᠬᠡᠳᠡᠨ ᠵᠢᠷᠭᠤᠭᠠᠨ ᠮᠠᠬᠠᠪᠤᠳ ᠲᠠᠪᠤᠨ ᠴᠤᠯᠤ ᠶᠢᠨ ᠡᠯ᠎ᠡ ᠵᠦᠢᠯ ᠤᠨ | ᠡᠪᠡᠳᠴᠢᠨ ᠢ ᠡᠮᠨᠡᠨ ᠵᠠᠰᠠᠬᠤ ᠡᠯᠳᠡᠪ ᠴᠢᠬᠤᠯᠠ ᠡᠮᠨᠡᠯᠭᠡ ᠶᠢᠨ ᠠᠷᠭ᠎ᠠ ᠲᠤᠷᠰᠢᠯᠭ᠎ᠠ ᠶᠢ ᠡᠮᠬᠢᠳᠬᠡᠵᠦ ᠤᠷᠤᠭᠤᠯᠵᠠᠢ᠃ | ᠤᠨᠴᠠᠭᠠᠶᠢᠯᠠᠨ ᠨᠢᠭᠡᠨ ᠵᠦᠢᠯ ᠤᠨ ᠡᠮ ᠢ ᠠᠳᠠᠯᠢ ᠪᠤᠰᠤ ᠬᠦᠯᠭᠡ ᠪᠠᠷ ᠬᠤᠪᠢᠷᠠᠭᠤᠯᠵᠤ ᠬᠡᠷᠡᠭᠯᠡᠭᠰᠡᠨ ᠨᠢ ᠮᠠᠰᠢ | ᠭᠠᠶᠢᠬᠠᠮᠰᠢᠭ ᠲᠠᠢ ᠪᠠᠶᠢᠳᠠᠭ᠃ ᠵᠢᠱᠢᠶᠡᠯᠡᠬᠦ ᠳᠤ᠂ ︽ᠲᠤᠯᠤᠭᠠᠨ ᠡᠷᠳᠡᠨᠢ ᠶᠢᠨ ᠮᠦᠬᠦᠯᠢᠭ︾ ᠭᠡᠳᠡᠭ ᠨᠢᠭᠡᠨ ᠵᠤᠷ | ᠡᠮ ᠢ ᠭᠤᠴᠢ ᠶᠢᠰᠦᠨ ᠬᠦᠯᠭᠡ ᠪᠠᠷ ᠬᠤᠪᠢᠷᠠᠭᠤᠯᠤᠨ ᠬᠡᠷᠡᠭᠯᠡᠵᠦ᠂ ᠭᠤᠴᠢᠨ ᠶᠢᠰᠦᠨ ᠵᠦᠢᠯ ᠤᠨ ᠡᠪᠡᠳᠴᠢᠨ ᠢ | ᠠᠨᠠᠭᠠᠵᠤ ᠴᠢᠳᠠᠬᠤ ᠪᠠ ᠲᠡᠬᠦᠨ ᠠᠴᠠ ᠨᠡᠩ ᠤᠯᠠᠨ ᠡᠪᠡᠳᠴᠢᠨ ᠢ ᠡᠮᠨᠡᠨ ᠵᠠᠰᠠᠵᠤ ᠪᠤᠯᠬᠤ ᠶᠢ ᠠᠮᠢᠳᠤᠯᠢᠭ ᠰᠢᠳᠢ | ᠲᠠᠢ ᠦᠵᠡᠬᠦᠯᠦᠭᠰᠡ ᠪᠢᠯᠡ᠃ ᠲᠡᠬᠦᠨᠴᠢᠯᠡᠨ ᠪᠠᠰᠠ ᠴᠡᠴᠡᠭ ︵ᠪᠤᠳᠤ︶ ᠡᠪᠡᠳᠴᠢᠨ ᠢ ᠰᠡᠷᠭᠡᠶᠢᠯᠡᠨ ᠵᠠᠰᠠᠬᠤ ᠠᠷᠭ᠎ᠠ | ᠬᠡᠮᠵᠢᠶ᠎ᠡ ᠪᠠ ᠮᠠᠯᠴᠢᠨ ᠬᠦᠮᠦᠨ ᠤ ᠬᠠᠨᠢ ᠪᠤᠯᠤᠭᠰᠠᠨ ᠮᠤᠷᠢ᠂ ᠨᠤᠬᠠᠢ ᠶᠢᠨ ᠵᠠᠷᠢᠮ ᠡᠪᠡᠳᠴᠢᠨ ᠢ ᠡᠮᠨᠡᠨ ᠵᠠᠰᠠᠬᠤ | ᠢᠬᠡᠷ ᠰᠢᠬᠢᠷ ᠲᠤᠷᠰᠢᠯᠭᠠᠳᠤ ᠵᠤᠷ ᠢ ᠴᠦᠬᠡᠨ ᠪᠤᠰᠤ ᠶᠢ ᠡᠮᠬᠢᠳᠬᠡᠨ ᠤᠷᠤᠭᠤᠯᠪᠠ᠃ | ︽ᠡᠯᠳᠡᠪ ᠴᠢᠬᠤᠯᠠ ᠬᠡᠷᠡᠭᠳᠦ ᠡᠮ ᠤᠨ ᠨᠠᠶᠢᠷᠠᠯᠭ᠎ᠠ︾ ᠭᠡᠳᠡᠭ ᠨᠤᠮ ᠨᠢ ᠡᠳᠦᠭᠡ ᠮᠠᠨ ᠳᠤ ᠭᠠᠷ ᠪᠢᠴᠢᠮᠡᠯ ᠢᠶᠠᠷ | ᠤᠯᠳᠠᠵᠠᠢ᠃ ᠡᠬᠦᠨ ᠤ ᠡᠮᠦᠨᠡᠬᠢ ᠪᠦᠯᠦᠭ ᠨᠢ ︽ᠲᠤᠯᠤᠭᠠᠨ ᠡᠷᠳᠡᠨᠢ ᠶᠢᠨ ᠮᠦᠬᠦᠯᠢᠭ ᠪᠠ ᠡᠮ ᠤᠨ ᠵᠤᠷ︾ | ᠲᠠᠢ ᠪᠠᠨ ᠠᠳᠠᠯᠢ ᠪᠠᠶᠢᠳᠠᠭ᠃ ᠭᠡᠳᠡᠯ᠎ᠡ ᠰᠡᠬᠦᠯ ᠤᠨ ᠬᠠᠭᠠᠰ ᠬᠡᠰᠡᠭ ᠨᠢ ᠬᠢᠲᠠᠳ ᠦᠨᠳᠦᠰᠦᠳᠡᠨ ᠤ ᠨᠡᠷᠡᠳᠦ ᠡᠮ ᠤᠨ | ᠦᠢᠯᠡᠳᠦᠯ ᠲᠤᠰᠠ ᠶᠢ ᠡᠮᠬᠢᠳᠬᠡᠨ ᠲᠠᠨᠢᠯᠴᠠᠭᠤᠯᠤᠭᠰᠠᠨ ᠲᠤᠰᠬᠠᠢ ᠵᠤᠷ ᠪᠤᠯᠤᠨ᠎ᠠ᠃ ᠡᠬᠦᠨᠳᠦ ᠭᠤᠴᠢᠨ ᠨᠠᠢᠮᠠᠨ | ᠵᠦᠢᠯ ᠤᠨ ᠬᠢᠲᠠᠳ ᠦᠨᠳᠦᠰᠦᠳᠡᠨ ᠤ ᠤᠯᠠᠮᠵᠢᠯᠠᠯᠳᠤ ᠴᠢᠬᠤᠯᠠ ᠡᠮ ᠤᠨ ᠨᠡᠷ᠎ᠡ᠂ ᠦᠢᠯᠡᠳᠦᠯ ᠬᠡᠷᠡᠭᠴᠡᠭᠡ᠂ ᠠᠴᠢ | ᠲᠤᠰᠠ᠂ ᠠᠨᠠᠭᠠᠬᠤ ᠡᠪᠡᠳᠴᠢᠨ ᠪᠠ ᠤᠤᠭᠤᠬᠤ ᠠᠷᠭ᠎ᠠ᠂ ᠬᠡᠷᠡᠭᠯᠡᠬᠦ ᠬᠡᠮᠵᠢᠶ᠎ᠡ ᠳᠤ ᠬᠦᠷᠳᠡᠯ᠎ᠡ ᠨᠠᠷᠢᠨ | ᠲᠠᠨᠢᠯᠴᠠᠭᠤᠯᠤᠭᠰᠠᠨ ᠪᠦᠬᠡᠳ ᠴᠦᠬᠡᠨ ᠪᠤᠰᠤ ᠬᠢᠲᠠᠳ ᠮᠤᠩᠭᠤᠯ ᠡᠮ ᠤᠨ ᠨᠡᠷ᠎ᠡ ᠲᠤᠮᠢᠶ᠎ᠠ ᠶᠢ ᠬᠠᠷᠢᠴᠠᠭᠤᠯᠤᠨ | ᠲᠡᠮᠳᠡᠭᠯᠡᠵᠦ ᠦᠯᠡᠳᠡᠭᠡᠪᠡ᠃ ᠡᠨᠡ ᠨᠢ ᠮᠦᠨᠴᠦ ᠮᠤᠩᠭᠤᠯ ᠢᠶᠠᠷ ᠤᠷᠴᠢᠭᠤᠯᠤᠭᠳᠠᠭᠰᠠᠨ ᠬᠠᠮᠤᠭ ᠠᠩᠬᠠᠨ ᠤ ᠬᠢᠲᠠᠳ | ᠡᠮ ᠤᠨ ᠵᠤᠷ ᠪᠤᠯᠬᠤ ᠰᠢᠭ᠋ ᠪᠠᠶᠢᠨ᠎ᠠ᠃ ᠡᠨᠡ ᠪᠦᠬᠦᠨ ᠨᠢ ᠡᠯ᠎ᠡ ᠦᠨᠳᠦᠰᠦᠳᠡᠨ ᠤ ᠰᠤᠶᠤᠯ ᠤᠨ ᠰᠤᠯᠢᠯᠴᠠᠭ᠎ᠠ ᠶᠢ | ᠠᠬᠢᠭᠤᠯᠵᠤ᠂ ᠡᠯᠳᠡᠪ ᠵᠦᠢᠯ ᠤᠨ ᠡᠪᠡᠳᠴᠢᠨ ᠡᠮᠬᠡᠭ ᠤᠨ ︽ᠡᠰᠡᠷᠭᠦᠴᠡᠭᠴᠢ ᠬᠦᠨᠦᠭᠡᠯ ᠢ ᠨᠢ ᠠᠷᠢᠯᠭᠠᠵᠤ︾ ︽ᠡᠬᠡ | ᠪᠤᠯᠤᠭᠰᠠᠤᠨᠠ︾ ᠪᠦᠬᠦᠨ ᠳᠤ ︽ᠶᠡᠭᠡ ᠲᠤᠰᠠ ᠪᠤᠯᠵᠤ᠂ ᠡᠭᠡᠨᠡᠩᠳᠡ ᠤᠷᠤᠰᠢᠨ ᠲᠡᠯᠭᠡᠷᠡᠵᠦ︾ ᠢᠷᠡᠭᠰᠡᠨ ᠪᠢᠯᠡ᠃ | ᠪᠢᠳᠡ ᠦᠨᠳᠦᠰᠦᠳᠡᠨ ᠤ ᠰᠤᠶᠤᠯ ᠤᠨ ᠦᠪ ᠬᠦᠷᠦᠩᠭᠡ ᠪᠠᠨ ᠦᠮᠴᠢᠯᠡᠵᠦ ᠠᠪᠬᠤ ᠪᠠ ᠦᠷᠭᠡᠨ ᠤᠯᠠᠨ | ᠲᠦᠮᠡᠨ ᠳᠡᠭᠡᠨ ᠲᠠᠨᠢᠯᠴᠠᠭᠤᠯᠬᠤ ᠵᠤᠷᠢᠯᠭ᠎ᠠ ᠶᠢ ᠡᠪᠦᠷᠯᠡᠨ᠂ ᠮᠠᠨ ᠳᠤ ᠤᠯᠳᠠᠭᠰᠠᠨ ︽ᠲᠤᠯᠤᠭᠠᠨ ᠡᠷᠳᠡᠨᠢ ᠶᠢᠨ | ᠮᠦᠬᠦᠯᠢᠭ ᠪᠠ ᠡᠮ ᠤᠨ ᠵᠤᠷ︾ ᠭᠡᠳᠡᠭ ᠮᠤᠳᠤᠨ ᠪᠠᠷ ᠤᠨ ᠬᠡᠪᠯᠡᠯ ᠪᠠ ︽ᠡᠯᠳᠡᠪ ᠴᠢᠬᠤᠯᠠ ᠬᠡᠷᠡᠭᠲᠦ ᠡᠮ ᠤᠨ | ᠨᠠᠶᠢᠷᠠᠯᠭ᠎ᠠ︾ ᠭᠡᠳᠡᠭ ᠪᠢᠴᠢᠮᠡᠯ ᠲᠡᠪᠳᠡᠷ ᠬᠤᠶᠠᠷ ᠢ ᠡᠮᠬᠢᠳᠬᠡᠨ ᠨᠡᠶᠢᠯᠡᠬᠦᠯᠵᠦ᠂ 1988 ᠤᠨ ᠤ 7 ᠰᠠᠷ᠎ᠠ ᠳᠤ᠂ | ᠵᠡᠬᠦᠨ ᠦᠵᠦᠮᠦᠴᠢᠨ ᠬᠤᠰᠢᠭᠤᠨ ᠤ ᠮᠤᠩᠭᠤᠯ ᠡᠮᠨᠡᠯᠭᠡ ᠶᠢᠨ ᠰᠤᠳᠤᠯᠤᠯ ᠤᠨ ᠨᠡᠶᠢᠭᠡᠮᠯᠢᠭ ᠤᠨ ᠨᠠᠶᠢᠳᠠᠯᠭ᠎ᠠ ᠪᠠᠷ | ᠲᠤᠳᠤᠭᠠᠳᠤ ᠳᠠᠭᠠᠨ ᠬᠡᠪᠯᠡᠬᠦᠯᠦᠨ ᠲᠠᠷᠬᠠᠭᠠᠭᠰᠠᠨ ᠶᠤᠮ᠃ | ᠡᠬᠦᠨ ᠠᠴᠠ ᠭᠠᠳᠠᠨ᠎ᠠ ᠡᠷᠳᠡᠮᠳᠡᠨ ᠬᠦᠩ ᠭᠤᠮᠪᠤᠵᠠᠪ ᠢᠶᠠᠷ ︽ᠡᠮ ᠤᠨ ᠨᠡᠷ᠎ᠡ ᠲᠦᠪᠡᠳ᠂ ᠮᠤᠩᠭᠤᠯ᠂ ᠬᠢᠲᠠᠳ | ᠬᠠᠳᠠᠮᠠᠯ ᠤᠷᠤᠰᠢᠪᠠᠢ︾ ᠭᠡᠳᠡᠭ ᠭᠤᠷᠪᠠᠨ ᠬᠡᠯᠡᠨ ᠤ ᠬᠠᠪᠰᠤᠷᠠᠮᠠᠯ ᠡᠮ ᠤᠨ ᠨᠡᠷᠡᠰ ᠤᠨ ᠲᠤᠯᠢ ᠶᠢ ᠪᠢᠴᠢᠭᠰᠡᠨ | ᠪᠠᠶᠢᠨ᠎ᠠ᠃ ᠡᠬᠦᠨ ᠳᠡᠭᠡᠨ ᠭᠤᠷᠪᠠᠨ ᠵᠠᠭᠤ ᠲᠠᠯ᠎ᠠ ᠭᠠᠷᠤᠢ ᠡᠮ ᠤᠨ ᠨᠡᠷᠡᠰ ᠢ ᠨᠠᠢᠮᠠᠨ ᠶᠡᠭᠡ ᠰᠡᠳᠦᠪ ᠢᠶᠠᠷ ᠠᠩᠬᠢᠯᠠᠨ | ᠵᠢᠭᠰᠠᠭᠠᠵᠤ ᠪᠢᠴᠢᠵᠠᠢ᠃ ᠲᠤᠰ ᠲᠤᠯᠢ ᠤᠷᠢᠳ ᠬᠤᠵᠢᠳ ᠬᠤᠶᠠᠷ ᠤᠳᠠᠭ᠎ᠠ ᠪᠠᠷᠠᠯᠠᠭᠳᠠᠭᠰᠠᠨ ᠪᠠᠶᠢᠳᠠᠯᠳᠠᠢ᠃ ᠡᠨᠡᠬᠦ | ᠲᠤᠯᠢ ᠶᠢᠨ ᠠᠩᠬᠠᠨ ᠤ ᠪᠠᠷ ᠨᠢ ᠪᠠᠭ᠎ᠠ ᠰᠠᠭ᠎ᠠ ᠠᠳᠡᠬᠦᠷᠡᠯ ᠲᠠᠢ ᠪᠠᠶᠢᠭᠰᠠᠨ ᠠᠵᠠᠢ᠃ ᠡᠬᠦᠨ ᠢ ᠦᠵᠡᠭᠰᠡᠨ ᠠᠷᠪᠠᠨ | ᠶᠢᠰᠦᠳᠦᠭᠡᠷ ᠵᠠᠭᠤᠨ ᠤ ᠦᠶ᠎ᠡ ᠶᠢᠨ ᠠᠯᠳᠠᠷᠳᠤ ᠡᠮᠳᠤ ᠪᠤᠳᠠᠰ ᠤᠨ ᠤᠬᠠᠭᠠᠨᠳᠠᠨ ᠨᠠᠢᠮᠠᠨ ᠬᠤᠰᠢᠭᠤᠨ ᠤ | ᠠᠮᠪᠠᠯᠳᠤᠷᠵᠢ ᠪᠠᠷ ᠲᠡᠬᠦᠨ ᠤ ᠪᠢᠴᠢᠭᠰᠡᠨ ︽ᠦᠵᠡᠰᠬᠦᠯᠡᠩᠳᠤ ᠨᠢᠳᠤᠨ ᠴᠢᠮᠡᠭ︾ ᠭᠡᠳᠡᠭ ᠡᠮ ᠤᠨ ᠤᠬᠠᠭᠠᠨ ᠤ | ᠨᠤᠮ ᠤᠨ ᠤᠷᠤᠰᠢᠯ ᠳᠠᠭᠠᠨ᠄ ︽ᠡᠳᠦᠭᠡ ᠶᠢᠨ ᠡᠮᠴᠢ ᠨᠠᠷ ᠦᠪᠡᠷ ᠦᠪᠡᠷ ᠤᠨ ᠢᠶᠠᠨ ᠡᠮ ᠲᠠᠨᠢᠬᠤ ᠶᠤᠰᠤ ᠪᠠᠨ ᠲᠤᠰ | ᠲᠤᠰ ᠪᠠᠷᠢᠮᠳᠠᠯᠠᠵᠤ…… ᠬᠢᠲᠠᠳ ᠨᠡᠷ᠎ᠡ ᠶᠢ ᠬᠤᠳᠬᠤᠯᠳᠤᠭᠤᠯᠵᠤ᠂ ᠱᠤᠤ ᠶᠤᠤ ︵芍药︶ ᠶᠢ ᠮᠠᠨᠤ ᠬᠡᠬᠦ᠂ | ᠬᠤᠸᠠᠩ ᠴᠢ ︵黄芪︶ ᠶᠢ ᠯᠢᠳᠡᠷᠢ ᠬᠡᠬᠦ…… ᠵᠡᠷᠭᠡ ᠪᠤᠯ ᠵᠦᠷᠢᠶᠡᠨ ᠢᠶᠠᠨ ᠭᠠᠷᠭᠠᠭᠰᠠᠨ ᠦᠬᠡᠢ ᠶᠢᠨ ᠤᠴᠢᠷ | ᠪᠤᠯᠠᠢ᠂ ᠲᠡᠬᠦᠨ ᠤ ᠤᠯᠠᠩᠬᠢ ᠠᠨᠤ ᠨᠤᠶᠠᠨ ᠭᠤᠮᠪᠤᠵᠠᠪ ᠤᠨ ᠪᠤᠷᠤᠭᠤ ᠪᠢᠴᠢᠭ ᠢ ᠰᠢᠳᠦᠭᠰᠡᠨ ᠠᠴᠠ ᠪᠤᠯᠵᠤᠬᠤᠢ︾ | ᠭᠡᠮᠡᠨ ᠪᠤᠯᠭᠤᠮᠵᠢ ᠦᠬᠡᠢ ᠰᠢᠬᠦᠮᠵᠢᠯᠡᠯ ᠲᠠᠯᠪᠢᠭᠰᠠᠨ ᠪᠠᠶᠢᠳᠠᠭ᠃ ᠭᠡᠳᠡᠯ᠎ᠡ ᠭᠤᠮᠪᠤᠵᠠᠪ ᠬᠦᠩ ᠠᠯᠢ ᠡᠷᠳᠡ | ᠦᠪᠡᠷ ᠤᠨ ᠲᠤᠯᠢ ᠶᠢᠨ ᠢᠶᠠᠨ ᠪᠤᠷᠤᠭᠤ ᠶᠢ ᠨᠢᠭᠡᠨᠳᠡ ᠵᠠᠯᠠᠷᠠᠭᠤᠯᠤᠭᠠᠳ ᠲᠠᠬᠢᠨ ᠬᠡᠪᠯᠡᠬᠦᠯᠦᠭᠰᠡᠨ ᠪᠠᠶᠢᠨ᠎ᠠ᠃ ᠲᠠᠬᠢᠨ | ᠬᠡᠪᠯᠡᠬᠦᠯᠦᠭᠰᠡᠨ᠂ ︽ᠡᠮ ᠤᠨ ᠨᠡᠷ᠎ᠡ ᠲᠦᠪᠡᠳ ᠮᠤᠩᠭᠤᠯ ᠬᠢᠲᠠᠳ ᠬᠠᠳᠠᠮᠠᠯ ᠤᠷᠤᠰᠢᠪᠠᠢ︾ ᠭᠡᠳᠡᠭ | ᠵᠤᠬᠢᠶᠠᠯ ᠤᠨ ᠢᠶᠠᠨ ᠲᠡᠭᠦᠰᠬᠡᠯ ᠦᠬᠡᠨ ᠳᠤ᠂ ︽ᠮᠢᠨᠤ ᠤᠷᠢᠳᠠ ᠦᠢᠯᠡᠳᠦᠭᠰᠡᠨ ᠪᠢᠴᠢᠭ ᠲᠡᠬᠦᠨ ᠳᠤᠷ᠂ ᠠᠷᠠᠬᠠᠨ ︵ | ᠬᠠᠷᠠᠬᠠᠨ ᠪᠤᠶᠤ︶ ᠠᠪᠴᠤ ᠶᠠᠪᠤᠬᠤᠶ᠎ᠠ ᠡᠪ ᠦᠬᠡᠢ ᠮᠡᠳᠦ᠂ ᠪᠠᠭ᠎ᠠ ᠰᠠᠭ᠎ᠠ ᠵᠠᠰᠠᠪᠠᠰᠤ ᠵᠤᠬᠢᠬᠤ ᠪᠤᠢ ᠶᠢᠨ ᠲᠤᠯᠠᠳᠠ | ᠵᠢᠴᠢ ᠨᠠᠶᠢᠷᠠᠯᠳᠤ ᠲᠦᠪ ᠤᠨ ᠠᠷᠪᠠᠨ ᠬᠤᠶᠠᠳᠤᠭᠠᠷ ᠤᠨ ︵1734︶ ᠮᠤᠳᠤᠨ ︵ᠬᠦᠭᠡ︶ ᠪᠠᠷᠰ ᠵᠢᠯ ᠤᠨ ᠵᠤᠨ ᠤ | ᠲᠤᠮᠳᠠᠳᠤ ᠰᠠᠷ᠎ᠠ ᠶᠢᠨ ᠰᠠᠶᠢᠨ ᠡᠳᠦᠷ ᠡᠨᠡ ᠬᠡᠪ ᠢ ᠲᠠᠬᠢᠵᠤ ᠰᠡᠶᠢᠯᠦᠭᠰᠡᠨ ᠪᠤᠯᠠᠢ︾ ᠭᠡᠵᠦ ᠲᠤᠳᠤᠷᠬᠠᠶᠢᠯᠠᠭᠰᠠᠨ | ᠪᠦᠬᠡᠳ ᠲᠤᠰ ᠲᠤᠯᠢ ᠳᠠᠭᠠᠨ ︽ᠯᠢᠳᠡᠷᠢ ᠶᠢ苦参︾᠂ ︽ᠮᠠᠨᠤ ᠶᠢ青木香︾ ᠭᠡᠵᠦ ᠲᠤᠰ ᠲᠤᠰ | ᠲᠤᠳᠤᠷᠬᠠᠢ ᠰᠠᠶᠢᠬᠠᠨ ᠵᠠᠰᠠᠨ ᠵᠠᠯᠠᠷᠠᠭᠤᠯᠤᠭᠰᠠᠨ ᠪᠠᠶᠢᠨ᠎ᠠ᠃ ᠲᠡᠬᠦᠨᠴᠢᠯᠡᠨ ︽ᠲᠦᠪᠡᠳ ᠬᠡᠯᠡ ᠶᠢ ᠬᠢᠯᠪᠠᠷ ᠢᠶᠠᠷ | ᠰᠤᠷᠬᠤ ᠨᠡᠷᠡᠳᠦ ᠪᠢᠴᠢᠭ︾ ᠭᠡᠬᠦ ᠲᠦᠪᠡᠳ ᠮᠤᠩᠭᠤᠯ ᠲᠤᠯᠢ ᠳᠠᠭᠠᠨ ᠴᠤ ᠴᠦᠬᠡᠨ ᠪᠤᠰᠤ ᠲᠦᠪᠡᠳ ᠮᠤᠩᠭᠤᠯ | ᠡᠮ ᠤᠨ ᠨᠡᠷᠡᠰ ᠢ ᠡᠮᠬᠢᠳᠬᠡᠨ ᠲᠡᠮᠳᠡᠭᠯᠡᠵᠦ ᠪᠢᠯᠡ᠃ ᠡᠨᠡ ᠪᠦᠬᠦᠨ ᠨᠢ ᠮᠤᠩᠭᠤᠯ ᠦᠨᠳᠦᠰᠦᠳᠡᠨ ᠤ ᠠᠨᠠᠭᠠᠬᠤ | ᠤᠬᠠᠭᠠᠨ ᠤ ᠲᠠᠯ᠎ᠠ ᠪᠠᠷ ᠤᠷᠤᠭᠤᠯᠤᠭᠰᠠᠨ ᠭᠤᠮᠪᠤᠵᠠᠪ ᠬᠦᠩ ᠤᠨ ᠭᠠᠪᠢᠶ᠎ᠠ ᠵᠢᠳᠬᠦᠯ ᠪᠤᠯᠬᠤ ᠪᠠᠷ ᠪᠠᠷᠠᠬᠤ ᠦᠬᠡᠢ | ᠡᠮ ᠡᠮᠨᠡᠯᠭᠡ ᠶᠢᠨ ᠲᠡᠤᠬᠡ ᠰᠤᠳᠤᠯᠤᠯ ᠳᠤ ᠴᠤ ᠲᠤᠳᠠᠭᠳᠠᠵᠤ ᠪᠤᠯᠤᠰᠢ ᠦᠬᠡᠢ ᠬᠤᠪᠤᠷ ᠴᠤᠬᠠᠭ ᠪᠢᠴᠢᠭ ᠤᠳ | ᠪᠤᠯᠤᠨ᠎ᠠ᠃ | ᠬᠦᠨᠳᠦᠳᠦ ᠡᠷᠳᠡᠮᠳᠡᠨ ᠭᠤᠮᠪᠤᠵᠠᠪ ᠮᠠᠨᠢ ᠬᠡᠳᠦ ᠬᠡᠳᠦᠨ ᠦᠨᠳᠦᠰᠦᠳᠡᠨ ᠤ ᠬᠡᠯᠡ ᠪᠠᠷ ᠪᠤᠯᠪᠠᠰᠤᠷᠠᠩᠭᠤᠢ | ᠰᠠᠶᠢᠬᠠᠨ ᠪᠢᠴᠢᠵᠤ ᠨᠡᠶᠢᠷᠠᠭᠤᠯᠬᠤ ᠪᠤᠶᠤ ᠤᠷᠴᠢᠭᠤᠯᠵᠤ ᠴᠢᠳᠠᠳᠠᠭ ᠢᠶᠠᠷ ᠪᠠᠷᠠᠬᠤ ᠦᠬᠡᠢ ᠤᠷᠠᠨ ᠵᠤᠬᠢᠶᠠᠯ ᠤᠶᠠᠩᠭ᠎ᠠ | ᠨᠠᠶᠢᠷᠠᠭ ᠤᠨ ᠲᠠᠯ᠎ᠠ ᠪᠠᠷ ᠴᠤ ᠦᠷᠭᠡᠨ ᠮᠡᠳᠡᠯᠭᠡ ᠦᠨᠳᠦᠷ ᠪᠤᠯᠪᠠᠰᠤᠷᠠᠯ ᠲᠠᠢ ᠪᠠᠶᠢᠯ᠎ᠠ ᠭᠡᠰᠡᠨ ᠢ ᠲᠡᠬᠦᠨ ᠤ | ᠵᠤᠬᠢᠶᠠᠯ ᠤᠨ ᠬᠡᠯᠡ ᠨᠠᠶᠢᠷᠠᠭᠤᠯᠭ᠎ᠠ ᠪᠠ ᠡᠬᠢᠯᠡᠯᠳᠡ ᠲᠡᠭᠦᠰᠬᠡᠯ ᠤᠨ ᠰᠤᠨᠢᠨ ᠰᠠᠶᠢᠬᠠᠨ ᠰᠢᠯᠦᠭ ᠤᠶᠠᠩᠭ᠎ᠠ ᠪᠠᠷ | ᠪᠠᠳᠤᠯᠠᠭᠳᠠᠨ ᠪᠠᠶᠢᠨ᠎ᠠ᠃ ᠡᠷᠳᠡᠮ ᠰᠢᠨᠵᠢᠯᠡᠭᠡᠨ ᠤ ᠬᠦᠨᠳᠦ ᠬᠠᠳᠠᠭᠤᠵᠢᠯᠳᠠᠢ ᠡᠭᠦᠷᠭᠡᠯᠡᠯ ᠲᠠᠷᠤᠭᠠᠰᠤ ᠠᠴᠠ ᠪᠤᠯᠵᠤ᠂ | ᠡᠨᠡᠬᠦ ᠡᠷᠳᠡᠮᠳᠡᠨ ᠮᠠᠨᠢ ᠲᠠ ᠪᠢᠳᠡᠨ ᠳᠤ ᠤᠩᠰᠢᠵᠤ ᠰᠤᠨᠢᠷᠬᠠᠬᠤ ᠤᠯᠠᠨ ᠠᠷᠪᠢᠨ ᠤᠶᠠᠩᠭ᠎ᠠ ᠨᠠᠶᠢᠷᠠᠭ ᠢ ᠡᠷᠬᠦᠨ | ᠪᠠᠷᠢᠭ᠎ᠠ ᠦᠬᠡᠢ ᠴᠤ᠂ ᠲᠡᠬᠦᠨ ᠤ ᠵᠤᠬᠢᠶᠠᠯ ᠤᠨ ᠤᠯᠠᠩᠬᠢ ᠨᠢ ᠡᠬᠢᠯᠡᠯᠳᠡ ᠲᠡᠭᠦᠰᠬᠡᠯ ᠤᠨ ᠰᠢᠯᠦᠭ ᠲᠠᠢ ᠪᠦᠭᠡᠳ | ᠰᠢᠯᠦᠭ ᠤᠨ ᠬᠢᠨᠢ ᠦᠬᠡ ᠬᠡᠯᠡᠯᠭᠡ ᠨᠢ ᠤᠷᠤᠰᠤᠮ᠎ᠠ ᠤᠨᠤᠪᠴᠢᠳᠠᠢ᠂ ᠤᠳᠬ᠎ᠠ ᠰᠠᠨᠠᠭ᠎ᠠ ᠨᠢ ᠬᠦᠨ ᠶᠤᠭᠳᠠ ᠪᠠᠶᠢᠳᠠᠭ | ᠃ ᠡᠶᠢᠨᠬᠦ ᠲᠡᠬᠦᠨ ᠤ ᠰᠢᠯᠦᠭ ᠤᠶᠠᠩᠭ᠎ᠠ ᠨᠢ ᠪᠦᠬᠦ ᠵᠤᠬᠢᠶᠠᠯ ᠪᠦᠳᠦᠭᠡᠯ ᠤᠨ ᠢᠶᠠᠨ ᠪᠦᠷᠢᠯᠳᠦᠭᠦᠨ ᠭᠡᠰᠡᠭ ᠪᠤᠯᠬᠤ ᠪᠠᠷ | ᠪᠠᠷᠠᠬᠤ ᠦᠬᠡᠢ ᠮᠦᠨᠴᠤ ᠲᠡᠬᠦᠨ ᠤ ᠦᠵᠡᠯ ᠰᠠᠨᠠᠭ᠎ᠠ ᠶᠢ ᠤᠶᠢᠯᠠᠭᠠᠨ ᠡᠵᠡᠮᠰᠢᠬᠦ ᠳᠤ ᠲᠤᠳᠠᠭᠳᠠᠵᠤ ᠪᠤᠯᠤᠰᠢ ᠦᠬᠡᠢ | ᠦᠨᠳᠦᠰᠦ ᠪᠠᠷᠢᠮᠳᠠ ᠪᠤᠯᠬᠤ ᠶᠤᠮ᠃ ᠢᠩᠬᠢᠬᠡᠳ ᠪᠢᠳᠡ ᠵᠢᠱᠢᠶ᠎ᠡ ᠪᠠᠷᠢᠮᠳᠠ ᠪᠤᠯᠭᠠᠨ ᠲᠠᠨᠢᠯᠴᠠᠭᠤᠯᠬᠤ ᠵᠤᠷᠢᠯᠭ᠎ᠠ ᠪᠠᠷ | ᠲᠡᠬᠦᠨ ᠤ ᠰᠢᠯᠦᠭ ᠠᠴᠠ ᠨᠢᠭᠡ ᠪᠦᠯᠦᠭ ᠢ ᠰᠡᠶᠢᠷᠡᠬᠦᠯᠦᠨ ᠡᠨᠡᠬᠦ ᠲᠠᠨᠢᠯᠴᠠᠭᠤᠯᠭ᠎ᠠ ᠶᠢᠨ ᠬᠠᠮᠳᠤ ᠲᠠᠭᠠᠯᠳᠤᠭᠤᠯᠪᠠ᠃ | ᠦᠵᠡᠬᠦ ᠮᠡᠷᠭᠡᠳ ᠦᠨᠡᠯᠡᠨ ᠰᠢᠬᠦᠮᠵᠢᠯᠡᠬᠦ ᠶᠢ ᠬᠢᠴᠢᠶᠡᠩᠬᠦᠶᠢᠯᠡᠨ ᠠᠶᠢᠯᠠᠳᠬᠠᠶ᠎ᠠ᠃ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ | | |