ᠮᠣᠩᠭᠤᠯ ᠡᠷᠳᠡᠮᠲᠡᠨ ᠭᠠᠮᠠᠯᠠ
ᠨᠡᠶᠢᠲᠡᠯᠡᠭᠰᠡᠨ ᠴᠠᠭ᠄
2020/4/7
   ᠭᠠᠮᠠᠯᠠ 1879 ︵ᠰᠢᠷᠠᠭᠴᠢᠨ ᠲᠠᠤᠯᠠᠢ ᠵᠢᠯ︶ ᠤᠨ ᠳᠤ ᠰᠢᠯᠢ ᠶᠢᠨ ᠭᠤᠤᠯ ᠤᠨ ᠴᠢᠭᠤᠯᠭᠠᠨ ᠤ ᠦᠵᠦᠮᠦᠴᠢᠨ ᠵᠡᠭᠦᠨ ᠬᠤᠰᠢᠭᠤᠨ ᠤ ᠡᠩᠡ ᠶᠢᠨ ᠰᠤᠮᠤᠨ ᠤ ︵ᠤᠳᠤ ᠶᠢᠨ ᠭᠠᠬᠢᠯ ᠰᠤᠮᠤᠨ ᠤ ᠬᠠᠳᠠᠳᠤ ᠭᠠᠴᠠᠭ᠎ᠠ︶ ᠬᠤᠶᠠᠷ ᠪᠤᠮᠪᠠᠳᠤ ᠬᠡᠮᠡᠬᠦ ᠭᠠᠵᠠᠷ ᠳᠦᠷᠦᠵᠡᠢ᠃ ᠭᠠᠮᠠᠯᠠ ᠶᠢᠨ ᠡᠴᠢᠭᠡ ᠨᠢ ᠳᠡᠭᠦᠨ ᠢ ᠶᠢᠰᠤᠨ ᠨᠠᠰᠤᠳᠠᠢ ᠳᠤᠨᠢ ᠬᠤᠰᠢᠭᠤ ᠵᠠᠬᠢᠷᠤᠭᠴᠢ ᠯᠤᠪᠰᠠᠩᠳᠤᠩᠷᠤᠪ ᠤᠨ ᠭᠡᠷ ᠤᠨ ᠱᠠᠪᠢ ᠪᠤᠯᠭᠠᠵᠦ ᠪᠢᠴᠢᠭ ᠰᠤᠷᠭᠠᠵᠦ ᠡᠬᠢᠯᠡᠭᠰᠡᠨ ᠠᠴᠠ ᠪᠤᠰᠤᠳ ᠠᠴᠠ ᠬᠡᠳᠤᠷᠬᠡᠢ ᠤᠢ ᠪᠢᠯᠢᠭ᠂ ᠰᠡᠴᠡᠨ ᠰᠡᠷᠭᠦᠯᠡᠩ ᠤᠶᠤᠨ ᠢᠶᠠᠷ ᠢᠶᠠᠨ ᠪᠢᠴᠢᠭ ᠰᠤᠶᠤᠯ ᠢ ᠰᠢᠮᠳᠠᠨ ᠰᠤᠷᠴᠤ᠂ ᠤᠯᠠᠨ ᠨᠤᠮ ᠳᠡᠪᠳᠡᠷ ᠤᠩᠰᠢᠨ ᠳᠤᠭᠤᠯᠵᠦ᠂ ᠠᠷᠠᠳ ᠤᠨ ᠠᠮᠠᠨ ᠦᠯᠢᠭᠡᠷ᠂ ᠬᠤᠯᠪᠤᠭ᠎ᠠ ᠰᠢᠯᠦᠭ ᠤᠨ ᠰᠢᠳᠢᠳᠤ ᠰᠢᠮ᠎ᠡ ᠶᠢ ᠬᠦᠷᠳᠡᠵᠦ᠂ ᠪᠠᠭ᠎ᠠ ᠵᠠᠯᠠᠭᠤ ᠨᠠᠰᠤᠨ ᠠᠴᠠ ᠪᠠᠨ ᠢᠷᠠᠭᠤ ᠨᠠᠶᠢᠷᠠᠭ ᠲᠤ ᠠᠪᠢᠶᠠᠰᠤᠯᠢᠭ ᠴᠢᠳᠠᠮᠠᠭᠠᠢ ᠪᠤᠯᠵᠠᠢ᠃    ᠭᠠᠮᠠᠯᠠ 16 ᠨᠠᠰᠤᠳᠠᠢ ᠳᠠᠭᠠᠨ ᠬᠤᠰᠢᠭᠤ ᠶᠠᠮᠤᠨ ᠤ ᠰᠤᠷᠬᠤ ᠪᠢᠴᠢᠭᠡᠴᠢ ᠪᠤᠯᠵᠦ᠂ ᠳᠠᠷᠠᠭ᠎ᠠ ᠪᠠᠷ ᠨᠢ ᠳᠤᠰᠠᠯᠠᠬᠤ ᠪᠢᠴᠢᠭᠡᠴᠢ᠂ ᠵᠢᠩᠬᠢᠨᠢ ᠪᠢᠴᠢᠭᠡᠴᠢ ᠶᠢᠨ ᠠᠵᠢᠯ ᠢ ᠠᠷᠪᠠᠭᠠᠳ ᠵᠢᠯ ᠬᠢᠵᠠᠢ᠃ ᠡᠨᠡ ᠨᠢ ᠶᠠᠭ ᠦᠵᠦᠮᠦᠴᠢᠨ ᠵᠡᠭᠦᠨ ᠭᠠᠷᠤᠨ ᠬᠤᠰᠢᠭᠤᠨ ᠤ ᠵᠠᠰᠠᠭ ᠳᠦᠷᠦ ᠶᠢᠨ ᠡᠷᠳᠡᠨᠢ ᠪᠡᠶᠢᠯᠡ ᠠᠷᠪᠠᠳᠤᠭᠠᠷ ᠦᠶ᠎ᠡ ᠶᠢᠨ ᠶᠦᠯᠵᠢᠯᠨᠤᠷᠪᠤ ᠵᠢᠶᠦ᠋ᠨ ᠸᠠᠩ᠂ ᠠᠷᠪᠠᠨ ᠨᠢᠭᠡᠳᠦᠭᠡᠷ ᠦᠶ᠎ᠡ ᠶᠢᠨ ᠵᠢᠷᠭᠠᠯᠠᠩ ᠵᠢᠶᠦ᠋ᠨ ᠸᠠᠩ ᠤᠨ ᠦᠶ᠎ᠡ ᠪᠠᠶᠢᠵᠠᠢ᠃ ᠬᠤᠰᠢᠭᠤ ᠵᠠᠰᠠᠭ ᠵᠢᠷᠭᠠᠯᠠᠩ ᠵᠢᠶᠦ᠋ᠨ ᠸᠠᠩ ᠲᠡᠭᠦᠨ ᠤ ᠡᠷᠳᠡᠮ ᠴᠢᠳᠠᠪᠤᠷᠢ ᠶᠢ ᠰᠢᠯᠭᠠᠨ ᠦᠵᠡᠵᠦ᠂ ᠬᠤᠵᠢᠮ ᠬᠤᠰᠢᠭᠤ ᠨᠤᠳᠤᠭ᠂ ᠬᠤᠳᠠᠯᠠ ᠤᠯᠠᠨ ᠳᠤ ᠳᠤᠰᠠᠳᠠᠢ ᠠᠵᠢᠯ ᠬᠢᠵᠦ ᠴᠢᠳᠠᠬᠤ ᠬᠦᠮᠦᠨ ᠬᠡᠮᠡᠨ ᠳᠤᠭᠤᠵᠦ ᠬᠦᠨᠳᠦᠳᠭᠡᠨ ᠬᠡᠷᠡᠭᠯᠡᠵᠡᠢ᠃ 26 ᠨᠠᠰᠤᠨ ᠳᠤᠨᠢ ᠰᠠᠭᠤᠳᠠᠯ ᠤᠨ ᠳᠦᠰᠢᠮᠡᠯ ᠪᠤᠯᠭᠠᠵᠦ᠂ ᠪᠦᠬᠦ ᠬᠤᠰᠢᠭᠤᠨ ᠤ ᠳᠠᠩᠰᠠ ᠪᠢᠴᠢᠭ ᠢ ᠬᠠᠮᠢᠶᠠᠷᠠᠬᠤ ᠠᠵᠢᠯ ᠢ ᠡᠷᠬᠢᠯᠡᠭᠦᠯᠵᠠᠢ᠃ 31 ᠨᠠᠰᠤᠨ ᠳᠤᠨᠢ ᠳᠠᠪᠤᠨ ᠰᠤᠮᠤᠨ ᠤ ᠵᠠᠯᠠᠨ ᠤ ᠳᠤᠰᠢᠶᠠᠯ ᠳᠤ ᠳᠡᠪᠰᠢᠭᠦᠯᠵᠠᠢ᠃ 33 ᠨᠠᠰᠤᠨ ᠳᠤᠨᠢ ᠬᠤᠰᠢᠭᠤᠨ ᠤ ᠴᠡᠷᠢᠭ ᠤᠨ ᠮᠠᠶᠢᠷᠡᠨ ᠢᠶᠠᠷ ᠳᠡᠪᠰᠢᠭᠦᠯᠵᠠᠢ᠃ ᠳᠤᠬᠠᠢ ᠶᠢᠨ ᠦᠶ᠎ᠠ ᠳᠤ ᠴᠠᠭ ᠳᠦᠷᠦ ᠰᠠᠮᠠᠭᠤᠷᠠᠨ᠂ ᠳᠡᠭᠡᠷᠡᠮ ᠬᠤᠯᠠᠭᠠᠢ ᠤᠯᠠᠰᠢᠷᠠᠨ᠂ ᠬᠤᠰᠢᠭᠤ ᠠᠮᠤᠷ ᠳᠠᠶᠢᠪᠤᠩ ᠦᠭᠡᠢ ᠪᠠᠶᠢᠳᠠᠯ ᠳᠤᠤᠷ᠎ᠠ᠂ ᠬᠤᠰᠢᠭᠤ ᠵᠠᠰᠠᠭ ᠵᠢᠷᠭᠠᠯᠠᠩ ᠵᠢᠶᠦ᠋ᠨ ᠸᠠᠩ ᠠᠴᠠ ᠶᠧᠰᠢ ᠮᠡᠶᠢᠷᠠᠨ᠂ ᠭᠠᠮᠠᠯᠠ ᠮᠡᠶᠢᠷᠠᠨ ᠢ ᠳᠤᠮᠢᠯᠠᠵᠦ᠂ ᠴᠢᠩ ᠤᠯᠤᠰ ᠤᠨ ᠡᠵᠡᠨ ᠵᠤᠷᠭᠠᠨ ᠢᠶᠠᠷ ᠵᠦᠪᠰᠢᠶᠡᠷᠡᠭᠦᠯᠦᠨ᠂ ᠲᠢᠶᠠᠨᠵᠢᠨ ᠬᠤᠳᠠ ᠶᠢᠨ ᠢ ᠰᠢᠶᠠᠨ ᠬᠡᠮᠡᠬᠦ ᠫᠦᠰᠡᠨ ᠠᠴᠠ ᠭᠤᠷᠪᠠᠨ ᠵᠠᠭᠤᠨ ᠫᠤᠤ ᠵᠡᠪᠰᠡᠭ ᠬᠤᠳᠠᠯᠳᠤᠨ ᠠᠪᠴᠦ ᠢᠷᠡᠭᠡᠳ ᠬᠤᠰᠢᠭᠤ ᠳᠤᠳᠤᠷᠠᠬᠢ ᠵᠠᠯᠠᠭᠤ ᠢᠳᠡᠷᠴᠤᠳ ᠠᠴᠠ ᠴᠡᠷᠢᠭ ᠲᠤ ᠳᠠᠳᠠᠵᠦ᠂ ᠵᠠᠩᠵᠤᠨ ᠴᠡᠷᠢᠭ᠂ ᠵᠠᠩᠬᠢ ᠶᠢᠨ ᠴᠡᠷᠢᠭ᠂ ᠭᠦᠨᠳᠦ ᠶᠢᠨ ᠴᠡᠷᠢᠭ ᠂ ᠮᠦᠰᠦᠳᠦ ᠤᠨ ᠴᠡᠷᠢᠭ᠂ ᠮᠠᠩᠬᠠᠨ ᠴᠡᠷᠢᠭ᠂ ᠬᠦᠰᠢᠭᠦᠷ ᠴᠡᠷᠢᠭ ᠬᠡᠬᠦ ᠵᠢᠷᠭᠤᠭᠠᠨ ᠰᠠᠭᠤᠷᠢ ᠶᠢᠨ ᠴᠡᠷᠢᠭ ᠪᠠ ᠤᠷᠳᠤᠨ ᠴᠡᠷᠢᠭ᠂ ᠭᠠᠴᠠᠭ᠎ᠠ ᠬᠤᠢ ᠶᠢᠨ ᠴᠡᠷᠢᠭ ᠬᠡᠬᠦ ᠨᠠᠢᠮᠠᠨ ᠰᠠᠭᠤᠷᠢ ᠴᠡᠷᠢᠭ ᠢ ᠵᠤᠬᠢᠶᠠᠨ ᠪᠠᠶᠢᠭᠤᠯᠵᠦ᠂ ᠭᠠᠮᠠᠯᠠ  ᠪᠠᠷ ᠪᠦᠬᠦ ᠴᠡᠷᠢᠭ ᠢ ᠬᠠᠮᠢᠶᠠᠷᠠᠭᠤᠯᠤᠨ ᠰᠤᠷᠭᠠᠭᠤᠯᠢᠯ ᠪᠤᠯᠪᠠᠰᠤᠷᠠᠯ ᠬᠢᠯᠭᠡᠵᠡᠢ᠃ ᠦᠵᠦᠮᠦᠴᠢᠨ ᠴᠡᠷᠢᠭ ᠤᠨ ᠳᠤᠭ᠂ ᠴᠡᠷᠢᠭ ᠤᠨ ᠡᠮᠤᠰᠬᠡᠯ ᠢ ᠮᠦᠨ ᠭᠠᠮᠠᠯᠠ ᠳᠦᠰᠦᠪᠯᠡᠨ ᠬᠢᠭᠰᠡᠨ ᠭᠡᠳᠡᠭ᠃ ᠡᠨᠡ ᠦᠶ᠎ᠡ ᠠᠴᠠ ᠦᠵᠦᠮᠦᠴᠢᠨ ᠴᠡᠷᠢᠭ  ᠤᠨ ᠺᠤᠮᠠᠨᠳᠠᠯᠠᠭᠴᠢ ᠪᠤᠯᠵᠦ᠂ ᠤᠯᠠᠨ ᠤᠳᠠᠭ᠎ᠠ ᠨᠠᠢᠮᠠᠨ ᠰᠠᠭᠤᠷᠢ ᠶᠢᠨ ᠴᠡᠷᠢᠭ ᠢ ᠳᠠᠶᠢᠴᠢᠯᠠᠨ ᠶᠡᠭᠡ ᠪᠠᠭ᠎ᠠ ᠳᠤᠯᠤᠯᠳᠤᠭᠠᠨ ᠳᠤ ᠪᠠᠭᠠᠳᠤᠷᠯᠠᠨ ᠪᠠᠶᠢᠯᠳᠤᠵᠤ᠂ ᠨᠤᠳᠤᠭ ᠤᠰᠤ᠂ ᠬᠦᠮᠦᠨ ᠠᠷᠠᠳ ᠲᠠᠭᠠᠨ ᠳᠤᠯᠭᠠᠷᠠᠭᠰᠠᠨ ᠠᠶᠤᠯ ᠳᠦᠭᠰᠢᠭᠦᠷᠢ ᠶᠢ ᠵᠠᠶᠢᠯᠠᠭᠤᠯᠵᠦ ᠶᠠᠪᠣᠭᠰᠠᠨ ᠢᠶᠠᠷ ᠦᠵᠦᠮᠦᠴᠢᠨ ᠵᠡᠭᠦᠨ ᠭᠠᠷᠤᠨ ᠬᠤᠰᠢᠭᠤᠨ ᠤ ᠨᠠᠢᠮᠠᠨ ᠰᠠᠭᠤᠷᠢ  ᠶᠢᠨ ᠴᠡᠷᠢᠭ ᠬᠡᠮᠡᠨ ᠨᠢᠭᠡᠨ ᠦᠶ᠎ᠡ ᠠᠯᠳᠠᠷᠰᠢᠵᠦ ᠪᠠᠶᠢᠵᠠᠢ᠃    ᠳᠡᠭᠦᠨ ᠤ ︽ᠦᠵᠦᠮᠦᠴᠢᠨ ᠴᠡᠷᠢᠭ ᠤᠨ ᠮᠠᠭᠳᠠᠭᠠᠯ︾᠂ ︽ᠳᠤᠭ ᠤᠨ ᠳᠠᠭᠠᠳᠬᠠᠯ︾᠂ ︽ᠳᠤᠭ ᠤᠨ ᠨᠠᠶᠢᠷ  ᠤᠨ ᠰᠠᠷᠬᠤᠳ ᠤᠨ ᠢᠷᠤᠭᠡᠯ︾ ᠵᠡᠷᠭᠡ ᠨᠢ ᠡᠨᠡ ᠦᠶ᠎ᠡ ᠳᠤ ᠵᠤᠬᠢᠶᠠᠭᠳᠠᠭᠰᠠᠨ ᠭᠡᠳᠡᠭ᠃ 39 ᠨᠠᠰᠤᠨ ᠳᠠᠭᠠᠨ ᠬᠤᠰᠢᠭᠤ ᠵᠠᠬᠢᠷᠤᠭᠴᠢ ᠪᠤᠯᠵᠦ 44 ᠨᠠᠰᠤᠨ ᠳᠠᠭᠠᠨ ᠬᠤᠰᠢᠭᠤ ᠵᠠᠬᠢᠷᠤᠭᠴᠢ ᠶᠢᠨ ᠳᠤᠰᠢᠶᠠᠯ ᠠᠴᠠ ᠤᠭᠴᠷᠠᠭᠳᠠᠭᠰᠠᠨ ᠪᠠᠶᠢᠨ᠎ᠠ᠃ ᠰᠡᠭᠦᠯᠡᠷ ᠨᠢ ᠰᠢᠯᠢ ᠶᠢᠨ ᠭᠤᠤᠯ ᠤᠨ ᠴᠢᠭᠤᠯᠭᠠᠨ ᠳ᠋ᠠ ᠸᠠᠩ ᠤᠨ ᠵᠠᠷᠯᠢᠭ ᠶᠤᠰᠤᠭᠠᠷ ᠬᠠᠶᠢᠷ᠎ᠠ ᠶᠢᠨ ᠵᠠᠬᠢᠷᠤᠭᠴᠢ ᠶᠢᠨ ᠵᠡᠷᠭᠡ ᠤᠯᠭᠤᠵᠦ᠂ ᠬᠤᠰᠢᠭᠤ ᠶᠠᠮᠤᠨ ᠳᠠᠬᠢ ᠵᠢᠱᠢᠶ᠎ᠠ ᠡᠷᠬᠢᠯᠡᠬᠦ ᠳᠦᠰᠢᠮᠡᠯ ᠢᠶᠠᠷ ᠦᠷᠭᠦᠯᠵᠢ ᠰᠠᠭᠤᠳᠠᠯ ᠳᠤ ᠰᠠᠭᠤᠵᠤ ᠴᠢᠬᠤᠯᠠ ᠶᠡᠭᠡ ᠤᠴᠢᠷ ᠶᠠᠪᠤᠳᠠᠯ ᠢ ᠴᠠᠭ ᠳᠤᠬᠠᠢ ᠳᠤᠨᠢ ᠵᠠᠰᠠᠭ ᠨᠤᠶᠠᠳ ᠲᠤ ᠮᠡᠳᠡᠭᠦᠯᠬᠦ ᠠᠯᠪᠠ ᠠᠵᠢᠯ ᠢ ᠬᠢᠵᠦ ᠶᠠᠪᠤᠵᠠᠢ᠃ ᠡᠨᠡᠬᠦ ᠴᠠᠭ ᠦᠶ᠎ᠡ ᠨᠢ ᠶᠠᠭ ᠠᠷᠪᠠᠨ ᠬᠤᠶᠠᠳᠤᠭᠠᠷ ᠦᠶ᠎ᠠ ᠶᠢᠨ ᠵᠢᠶᠦ᠋ᠨ ᠸᠠᠩ ᠭᠤᠮᠪᠣᠰᠦ᠋ᠷᠦᠩ ᠤᠨ ᠦᠶ᠎ᠡ ᠪᠤᠯᠤᠨ᠎ᠠ᠃ ᠳᠡᠭᠦᠨ ᠤ ︽ᠰᠢᠪᠰᠢᠭ ᠪᠠ ᠳᠠᠯᠠᠭᠠᠷ︾᠂ ︽ᠡᠳᠦᠷ ᠤᠨ ᠤᠷᠳᠤ ᠶᠢ ᠦᠩᠭᠡᠷᠡᠭᠡᠬᠦ ᠳᠤ︾᠂ ︽ᠴᠠᠭ ᠤᠯᠠᠷᠢᠯ︾ ᠵᠡᠷᠭᠡ ᠰᠢᠯᠦᠭ ᠨᠢ ᠡᠨᠡ ᠴᠠᠭ ᠦᠶ᠎ᠡ ᠳᠤ ᠵᠤᠬᠢᠶᠠᠭᠳᠠᠭᠰᠠᠨ ᠭᠡᠳᠡᠭ᠃    ᠳᠡᠷᠡ ᠪᠠᠰᠠ ᠬᠤᠰᠢᠭᠤ ᠨᠤᠳᠤᠭ ᠤᠨ ᠢᠶᠠᠨ ᠡᠮᠤᠨ᠎ᠠ ᠠᠴᠠ ᠤᠯᠠᠨ ᠤᠳᠠᠭ᠎ᠠ ᠬᠠᠳᠠᠭᠤ ᠰᠢᠷᠦᠭᠦᠨ᠂ ᠨᠠᠷᠢᠨ ᠪᠤᠳᠤᠯᠢᠶᠠᠨ ᠲᠠᠢ ᠠᠯᠪᠠ᠂ ᠠᠴᠢᠨ ᠳᠤ ᠤᠴᠢᠷ ᠶᠠᠪᠤᠳᠠᠯ ᠢ ᠵᠦᠢ ᠵᠤᠬᠢᠰᠳᠠᠢ ᠰᠢᠢᠳᠪᠤᠷᠢᠯᠡᠭᠰᠠᠨ ᠪᠠ ᠳᠠᠮᠠᠭᠠᠨ ᠪᠢᠴᠢᠭ᠂ ᠡᠷᠭᠦᠯᠳᠠ ᠪᠢᠴᠢᠭ ᠤᠳ ᠢ ᠮᠡᠳᠡᠭᠦᠯᠦᠨ ᠳᠡᠪᠰᠢᠭᠦᠯᠵᠦ᠂ ᠬᠤᠰᠢᠭᠤ ᠨᠤᠳᠤᠭ ᠪᠠ ᠴᠢᠨᠠᠭᠰᠢᠯᠠᠪᠠᠯ ᠰᠢᠯᠢ  ᠶᠢᠨ ᠭᠤᠤᠯ ᠤᠨ ᠴᠢᠭᠤᠯᠭᠠᠨ ᠤ ᠤᠷᠤᠰᠢᠨ ᠳᠤᠭᠳᠠᠨᠢᠬᠤ ᠠᠰᠠᠭᠤᠳᠠᠯ ᠳᠤ ᠴᠦ ᠵᠦᠪ ᠬᠠᠷᠢᠭᠤᠯᠳᠠ ᠦᠭᠴᠦ ᠶᠠᠪᠤᠭᠰᠠ ᠢᠶᠠᠷ ︽ᠳᠡᠮᠤᠷ ᠰᠤᠮᠤ︾ ᠬᠡᠮᠡᠨ ᠠᠯᠳᠠᠷᠰᠢᠭᠰᠠᠨ ᠪᠢᠴᠢᠭ ᠤᠨ ᠡᠷᠳᠡᠮᠳᠡᠨ ᠪᠠᠶᠢᠪᠠ᠃  ᠵᠢᠱᠢᠶᠠᠯᠡᠪᠡᠯ᠄    ᠨᠢᠭᠡ᠂ ᠴᠢᠩ ᠤᠯᠤᠰ ᠤᠨ ᠡᠵᠡᠨ ᠵᠤᠷᠭᠠᠨ ᠠᠴᠠ 1909 ᠤᠨ ᠳᠤ ᠰᠢᠯᠢ ᠶᠢᠨ ᠭᠤᠤᠯ ᠤᠨ ᠴᠢᠭᠤᠯᠭᠠᠨ ᠳᠤ ᠵᠠᠷᠯᠢᠭ ᠢᠷᠡᠭᠦᠯᠵᠦ᠄ ︽ᠳᠠᠨ ᠤ ᠰᠦᠮ᠎ᠡ ᠬᠡᠶᠢᠳ ᠳᠤ ᠳᠦᠳᠡᠢ ᠯᠠᠮᠠ ᠠᠴᠠ ᠢᠯᠡᠭᠦᠦ ᠯᠠᠮᠠ ᠪᠠᠶᠢᠨ᠎ᠠ ᠤᠤ︖ ᠦᠭᠡᠢ ᠤᠤ︖ ᠭᠡᠷᠪᠡ ᠪᠠᠶᠢᠪᠠᠯ ᠡᠵᠡᠨ ᠤ ᠡᠷ᠎ᠡ ᠴᠠᠭᠠᠨ ᠬᠤᠶᠠᠭ ᠢ ᠬᠡᠨ ᠡᠵᠡᠨ ᠮᠡᠳᠡᠵᠦ ᠯᠠᠮᠠ ᠪᠤᠯᠭᠠᠪᠠ᠂ ᠡᠨᠡ ᠪᠣᠯ ᠤᠯᠤᠰ ᠳᠦᠷᠦ ᠶᠢᠨ ᠡᠩᠬᠡ ᠳᠠᠶᠢᠪᠤᠩ ᠢ ᠬᠠᠮᠠᠭᠠᠯᠠᠬᠤ ᠶᠠᠪᠤᠳᠠᠯ ᠢ ᠡᠪᠳᠡᠭᠰᠠᠨ ᠬᠡᠷᠡᠭ ᠪᠤᠯᠬᠤ ᠳᠤᠯᠠ ᠤᠯᠤᠰ ᠳᠦᠷᠦ ᠶᠢ ᠬᠠᠷᠰᠢᠯᠠᠭᠰᠠᠨ ᠶᠠᠯᠠᠳᠤ ᠤᠴᠢᠷ ᠢᠶᠠᠨ ᠳᠤᠳᠤᠷᠬᠠᠢ ᠮᠡᠳᠡᠭᠦᠯ︾ ᠭᠡᠵᠠᠢ᠃ ᠡᠭᠦᠨ ᠢ ᠰᠢᠯᠢ ᠶᠢᠨ ᠭᠤᠤᠯ  ᠤᠨ ᠴᠢᠭᠤᠯᠭᠠᠨ ᠤ ᠠᠷᠪᠠᠨ ᠬᠤᠰᠢᠭᠤ ᠵᠦᠪᠳᠡᠯᠴᠡᠨ ᠡᠨᠡᠬᠦ ᠳᠦᠭᠰᠢᠭᠦᠷᠢᠳᠡᠢ ᠪᠠᠶᠢᠳᠠᠯ ᠢ ᠳᠠᠶᠢᠯᠠᠬᠤ ᠪᠠᠷ ᠦᠵᠦᠮᠦᠴᠢᠨ ᠤ ᠭᠠᠮᠠᠯᠠ ᠪᠠᠷ ᠡᠷᠭᠦᠯᠳᠡ ᠶᠢᠨ ᠪᠢᠴᠢᠭ ᠳᠡᠪᠰᠢᠭᠦᠯᠦᠯᠪᠡ᠃ ᠴᠢᠩ ᠤᠯᠤᠰ ᠤᠨ ᠡᠵᠡᠨ ᠵᠤᠷᠭᠠᠨ  ᠠᠴᠠ ᠳᠤᠰ ᠪᠢᠴᠢᠭ ᠲᠤ ᠬᠠᠷᠢᠭᠤ ᠢᠷᠡᠭᠦᠯᠦᠭᠰᠠᠨ ᠦᠭᠡᠢ ᠪᠦᠭᠡᠳ ᠰᠢᠯᠢ ᠶᠢᠨ ᠭᠤᠤᠯ ᠤᠨ ᠴᠢᠭᠤᠯᠭᠠᠨ ᠠᠴᠠ ᠳᠠᠬᠢᠨ ᠬᠡᠷᠡᠭ ᠨᠡᠬᠡᠭᠰᠠᠨ ᠦᠭᠡᠢ ᠦᠩᠭᠡᠷᠡᠭᠡᠵᠡᠢ᠃    ᠬᠤᠶᠠᠷ᠂ 1911 ᠤᠨ ᠤ ᠴᠠᠭᠠᠭᠴᠢᠨ ᠭᠠᠭ᠋ᠠᠢ ᠵᠢᠯ ᠤᠨ ᠬᠤᠪᠢᠰᠬᠠᠯ ᠤᠨ ᠦᠶᠡᠰ ᠭᠠᠳᠠᠭᠠᠳᠤ ᠮᠤᠩᠭᠤᠯ ᠤᠨ ᠬᠠᠭᠠᠨᠳᠤ ᠳᠦᠷᠦ ᠠᠴᠠ ᠰᠢᠯᠢ ᠶᠢᠨ ᠭᠤᠤᠯ ᠤᠨ ᠴᠢᠭᠤᠯᠭᠠᠨ ᠢ ᠳᠠᠭᠠᠭᠤᠯᠵᠦ ᠠᠪᠬᠤ ᠶᠢ ᠱᠠᠭᠠᠷᠳᠠᠭᠰᠠᠨ ᠳᠤ ᠭᠠᠮᠠᠯᠠ ᠦᠵᠦᠮᠦᠴᠢᠨ ᠵᠡᠭᠦᠨ ᠭᠠᠷᠤᠨ ᠬᠤᠰᠢᠭᠤ ᠪᠠᠨ ᠳᠦᠯᠦᠭᠡᠯᠡᠨ ᠡᠷᠭᠦᠯᠳᠡ ᠪᠢᠴᠢᠭ ᠳᠡᠪᠰᠢᠭᠦᠯᠦᠭᠰᠡᠨ ᠢ ᠴᠢᠭᠤᠯᠭᠠᠨ ᠤ ᠬᠤᠷᠠᠯ ᠢᠶᠠᠷ ᠵᠦᠪᠳᠡᠯᠴᠡᠭᠡᠳ᠂ ᠭᠠᠮᠠᠯᠠ ᠶᠢᠨ ᠪᠢᠴᠢᠭᠰᠡᠨ ᠡᠷᠭᠦᠯᠳᠡ ᠶᠢᠨ ᠪᠢᠴᠢᠭ ᠢ ᠰᠠᠨᠠᠯ ᠨᠢᠭᠡᠳᠡᠢ ᠪᠠᠳᠤᠯᠠᠨ᠂ ᠰᠡᠶᠢᠷᠡᠭᠦᠯᠦᠨ ᠠᠪᠴᠦ ᠳ᠋ᠠ ᠶᠢᠨ ᠳᠠᠮᠠᠭ᠎ᠠ ᠳᠠᠷᠤᠨ ᠭᠠᠳᠠᠭᠠᠳᠤ ᠮᠤᠩᠭᠤᠯ ᠤᠨ ᠬᠠᠭᠠᠨᠳᠤ ᠬᠦᠷᠭᠡᠭᠦᠯᠦᠭᠰᠠᠨ ᠠᠴᠠ ᠭᠠᠳᠠᠭᠠᠳᠤ ᠮᠤᠩᠭᠤᠯ ᠤᠨ ᠱᠠᠭᠠᠷᠳᠠᠯᠭ᠎ᠠ ᠳᠡᠪᠴᠢᠭᠳᠡᠨ᠂ ᠰᠢᠯᠢ ᠶᠢᠨ ᠭᠤᠤᠯ ᠤᠨ ᠠᠷᠪᠠᠨ ᠬᠤᠰᠢᠭᠤ ᠨᠤᠳᠤᠭ ᠤᠷᠤᠨ ᠠᠴᠠ ᠪᠠᠨ ᠦᠯᠦ ᠬᠠᠭᠠᠴᠠᠨ ᠤᠷᠤᠰᠢᠨ ᠳᠤᠭᠳᠠᠨᠢᠵᠦ ᠴᠢᠳᠠᠭᠰᠠᠨ ᠪᠠᠶᠢᠨ᠎ᠠ᠃    ᠭᠤᠷᠪᠠ᠂ ᠳᠤᠮᠳᠠᠳᠤ ᠢᠷᠭᠡᠨ ᠤᠯᠤᠰ ᠤᠨ ᠠᠷᠪᠠᠨ ᠳᠠᠪᠤᠳᠤᠭᠠᠷ ᠤᠨ ︵1926 ᠤᠨ︶ ᠤ ᠨᠠᠮᠤᠷ ᠳᠡᠤᠬᠡᠨ  ᠳᠤ ᠨᠡᠷᠡᠳᠡᠢ ︽ᠶᠦᠯᠵᠢᠯ ᠤᠨ ᠠᠴᠢᠨ︾ ᠤ ᠰᠢᠭᠦᠨ ᠳᠠᠰᠤᠯᠠᠯᠳᠠ ᠳᠤ ᠳᠤᠰᠠᠯᠠᠭᠴᠢ ᠸᠠᠩᠴᠢᠨᠰᠦ᠋ᠷᠦᠩ ᠲᠠᠢ ᠬᠠᠮᠳᠦ ᠭᠠᠮᠠᠯᠠ ᠤᠷᠤᠯᠴᠠᠭᠰᠠᠨ ᠪᠠᠶᠢᠨ᠎ᠠ᠃ ᠪᠠᠰᠠ ᠨᠢᠭᠡ ᠤᠳᠠᠭ᠎ᠠ ᠬᠠᠯᠬ᠎ᠠ ᠶᠢᠨ ᠨᠢᠭᠡᠨ ᠬᠤᠰᠢᠭᠤ ᠲᠠᠢ ᠨᠤᠳᠤᠭ ᠤᠨ ᠠᠴᠢᠨ ᠬᠢᠵᠦ ᠤᠷᠠᠨ ᠠᠷᠭ᠎ᠠ ᠪᠠᠷ ᠠᠴᠢᠨ ᠠᠪᠤᠭᠰᠠᠠ ᠭᠡᠳᠡᠭ᠃    ᠭᠠᠮᠠᠯᠠ ᠦᠪᠡᠷ ᠤᠨ ᠦᠨᠳᠦᠰᠦᠳᠡᠨ ᠤ ᠪᠠᠨ ᠳᠡᠤᠬᠡ ᠱᠠᠰᠳᠢᠷ ᠢ ᠰᠠᠶᠢᠨ ᠮᠡᠳᠡᠬᠦ ᠠᠴᠠ ᠭᠠᠳᠠᠨ᠎ᠠ᠂ ᠬᠢᠳᠠᠳ ᠦᠨᠳᠦᠰᠦᠳᠡᠨ ᠤ ᠠᠯᠳᠠᠷᠳᠤ ᠷᠤᠮᠠᠨ ᠳᠤᠭᠤᠵᠢ ᠶᠢ ᠤᠩᠰᠢᠵᠦ ᠨᠡᠪᠳᠡᠷᠡᠭᠰᠠᠨ ᠪᠦᠭᠡᠳ ᠪᠤᠷᠬᠠᠨ ᠱᠠᠰᠢᠨ ᠤ ᠨᠤᠮ ᠰᠤᠳᠤᠷ ᠤᠨ ᠶᠤᠰᠤ ᠶᠢ ᠴᠦ ᠰᠠᠶᠢᠨ ᠮᠡᠳᠡᠳᠡᠭ ᠠᠵᠠᠢ᠃ ᠡᠨᠡ ᠨᠢ ᠳᠡᠭᠦᠨ ᠤ ︽ᠤᠩᠭᠤᠨ ᠴᠠᠭᠠᠨ ᠰᠤᠮᠤᠨ ᠤ ᠮᠠᠭᠳᠠᠭᠠᠯ︾᠂ ︽ᠬᠤᠭᠤᠷᠴᠢᠨ ᠴᠤᠭᠤᠷᠴᠢᠨ ᠤ ᠳᠤᠬᠠᠢ︾᠂ ︽ᠰᠤᠷ ᠤᠨ ᠬᠤᠯᠪᠤᠭ᠎ᠠ︾᠂ ︽ᠠᠯᠳᠠᠨ ᠳᠠᠯᠠᠯᠭ᠎ᠠ  ᠶᠢᠨ ᠮᠠᠭᠳᠠᠭᠠᠯ︾ ᠵᠡᠷᠭᠡ ᠳᠤ ᠢᠯᠡ ᠳᠤᠳᠤᠷᠬᠠᠢ ᠬᠠᠷᠠᠭᠳᠠᠵᠦ ᠪᠠᠶᠢᠨ᠎ᠠ᠃    ᠮᠤᠩᠭᠤᠯ ᠤᠯᠤᠰ ᠤᠨ ᠠᠯᠳᠠᠷᠳᠤ ᠡᠷᠳᠡᠮᠳᠡᠨ ᠴ᠊ · ᠲᠠᠮᠳᠢᠨᠰᠦ᠋ᠷᠦᠩ ᠳᠡᠭᠦᠨ ᠤ ︽ᠨᠠᠶᠢᠷ ᠤᠨ ᠪᠦᠬᠡ︾ ᠬᠡᠳᠡᠭ ᠰᠢᠯᠦᠭ ᠢ ᠨᠢ ︽ᠮᠤᠩᠭᠤᠯ ᠤᠷᠠᠨ ᠵᠤᠬᠢᠶᠠᠯ ᠤᠨ ᠳᠡᠭᠡᠵᠢ ᠵᠠᠭᠤᠨ ᠪᠢᠯᠢᠭ ᠤᠷᠤᠰᠢᠪᠠᠢ︾ ᠬᠡᠮᠡᠬᠦ ᠨᠤᠮ ᠳᠤ ᠤᠷᠤᠭᠤᠯᠠᠨ ᠨᠡᠶᠢᠳᠡᠯᠡᠭᠰᠠᠨ ᠪᠠᠶᠢᠨ᠎ᠠ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号