| ᠬᠥᠬᠡᠬᠤᠲᠠ ᠶᠢᠨ ᠠᠷᠪᠠᠨ ᠲᠠᠪᠤᠨ ᠬᠦᠷᠢᠶ᠎ᠡ ᠰᠦᠮ᠎ᠡ ᠶᠢᠨ ᠪᠠᠶᠢᠭᠤᠯᠤᠭᠳᠠᠭᠰᠡᠨ ᠤᠨ ᠵᠢᠯ᠂ ᠪᠠᠶᠢᠭᠤᠯᠤᠭᠰᠡᠨ | ᠬᠦᠮᠦᠨ᠂ ᠲᠡᠳᠡᠭᠡᠷ ᠤᠨ ᠵᠠᠷᠯᠢᠭ ᠢᠶᠠᠷ ᠲᠤᠭᠳᠠᠭᠠᠭᠰᠡᠨ ᠨᠡᠷᠡᠶᠢᠳᠦᠯ ᠪᠤᠯᠤᠨ ᠶᠡᠷᠦ ᠶᠢᠨ ᠨᠡᠷᠡᠶᠢᠳᠦᠯ ᠤᠨ ᠲᠤᠬᠠᠢ | ᠡᠷᠳᠡᠮᠳᠠᠳ ᠤᠷᠲᠦ ᠤᠳᠠᠭᠠᠨ ᠬᠤᠭᠤᠴᠠᠭ᠎ᠠ ᠮᠠᠷᠭᠤᠯᠳᠤᠭᠰᠠᠭᠠᠷ ᠢᠷᠡᠵᠡᠢ᠃ ᠲᠤᠰ ᠦᠭᠦᠯᠡᠯ ︽ᠬᠥᠬᠡᠬᠤᠲᠠ ᠶᠢᠨ | ᠪᠦᠭᠦᠳᠠ ᠯᠠᠮᠠ ᠪᠠᠨᠳᠢ ᠨᠠᠷ ᠢ ᠵᠠᠬᠢᠷᠤᠭᠴᠢ ᠵᠠᠰᠠᠭ ᠤᠨ ᠲᠡᠷᠢᠭᠦᠨ ᠯᠠᠮᠠ ᠶᠢᠨ ᠲᠠᠮᠠᠭᠠᠨ ᠭᠠᠵᠠᠷ︾ ᠤᠨ ᠮᠤᠩᠭᠤᠯ | ᠦᠰᠦᠭ ᠤᠨ ᠲᠠᠩᠰᠠ ᠬᠠᠷ᠎ᠠ ᠶᠢ ᠦᠨᠳᠦᠰᠦᠯᠡᠨ ᠲᠡᠳᠡᠭᠡᠷ ᠮᠠᠳᠠᠭ ᠲᠠᠢ ᠠᠰᠠᠭᠤᠳᠠᠯ ᠢ ᠲᠤᠳᠤᠷᠠᠭᠤᠯᠬᠤ ᠶᠢᠨ ᠳᠠᠭᠤ᠂ | ᠲᠡᠳᠡᠭᠡᠷ ᠤᠨ ᠪᠠᠶᠢᠭᠤᠯᠤᠭᠳᠠᠭᠰᠡᠨ ᠲᠡᠤᠭᠡᠲᠦ ᠤᠴᠢᠷ ᠰᠢᠯᠳᠠᠭᠠᠨ ᠢ ᠦᠭᠦᠯᠡᠭᠰᠡᠨ ᠵᠤᠬᠢᠶᠠᠯ ᠪᠤᠯᠬᠤ ᠶᠤᠮ᠃ | ᠨᠢᠭᠡ᠂ ᠮᠤᠩᠭᠤᠯ ᠤᠶᠢᠷᠠᠳ ᠬᠤᠶᠠᠷ ᠤᠨ ᠦᠶ᠎ᠡ ᠶᠢᠨ ᠵᠢᠷᠭᠤᠭᠠᠨ ᠰᠦᠮ᠎ᠡ | 1576 ᠤᠨ ᠳᠤ ᠮᠤᠩᠭᠤᠯ ᠤᠨ ᠪᠠᠷᠭᠤᠨ ᠭᠤᠷᠪᠠᠨ ᠲᠦᠮᠡᠨ ᠤᠨ ᠲᠦᠮᠡᠳ ᠤᠨ ᠠᠯᠳᠠᠨ ᠬᠠᠭᠠᠨ | ᠰᠤᠳᠨᠠᠮᠵᠠᠮᠰᠦ ᠲᠠᠯᠠᠢ ᠯᠠᠮᠠ ᠶᠢ ᠵᠠᠯᠠᠬᠤ ᠪᠠᠷ ᠬᠦᠬᠡᠨᠠᠭᠤᠷ ᠲᠤ ᠪᠠᠶᠢᠭᠤᠯᠤᠭᠰᠡᠨ ᠴᠠᠪᠴᠢᠶᠠᠯ ᠰᠦᠮ᠎ᠡ ᠪᠤᠯ ᠮᠤᠩᠭᠤᠯ | ᠤᠷᠤᠨ ᠳᠤ ᠬᠠᠮᠤᠭ ᠤᠨ ᠲᠡᠷᠢᠭᠦᠨ ᠳᠤ ᠪᠠᠶᠢᠭᠤᠯᠤᠭᠰᠡᠨ ᠰᠢᠷ᠎ᠡ ᠶᠢᠨ ᠱᠠᠰᠢᠨ ᠤ ᠰᠦᠮ᠎ᠡ ᠪᠤᠯᠤᠨ᠎ᠠ᠃ ᠠᠯᠳᠠᠨ | ᠬᠠᠭᠠᠨ ᠴᠠᠪᠴᠢᠶᠠᠯ ᠰᠦᠮ᠎ᠡ ᠶᠢᠨ ᠵᠤᠷᠢᠭ ᠰᠠᠨᠠᠭ᠎ᠠ ᠶᠢ ᠦᠨᠳᠦᠰᠦᠯᠡᠨ᠂ ᠬᠦᠬᠡᠨᠠᠭᠤᠷ ᠠᠴᠠ ᠳ᠋ᠦᠩᠭᠦᠷ ᠬᠤᠳᠤᠭᠳᠦ | ᠶᠢ ᠳᠠᠭᠠᠭᠤᠯᠤᠨ ᠬᠦᠬᠡ ᠬᠤᠳᠠᠨ᠎ᠠ ᠢᠷᠡᠭᠡᠳ 1579 ᠤᠨ ᠳᠤ ᠰᠤᠶᠤᠯ ᠳᠤᠷ ᠲᠠᠭᠠᠭᠤᠯᠬᠤ ᠬᠤᠳᠠ (归化 | 城) ᠶᠢᠨ ᠡᠮᠦᠨ᠎ᠡ ᠬᠠᠭᠠᠯᠭᠠᠨ ᠤ ᠭᠠᠳᠠᠨ᠎ᠠ ᠨᠢᠭᠡ ᠭᠠᠵᠠᠷ ᠤᠨ ᠠᠯᠤᠰ ᠲᠤ ᠰᠢᠷ᠎ᠡ ᠶᠢᠨ ᠱᠠᠰᠢᠨ ᠤ ᠮᠤᠩᠭᠤᠯ | ᠭᠠᠵᠠᠷ ᠲᠠᠬᠢ ᠬᠤᠶᠠᠳᠤᠭᠠᠷ ᠰᠦᠮ᠎ᠡ ᠶᠢ ᠪᠠᠶᠢᠭᠤᠯᠪᠠ᠃ ᠲᠤᠬᠠᠢ ᠶᠢᠨ ᠦᠶ᠎ᠡ ᠳᠤ ᠮᠢᠩ ᠤᠯᠤᠰ ᠤᠨ ᠸᠠᠨ ᠯᠢ | ᠬᠠᠭᠠᠨ ᠠᠴᠠ ᠡᠨᠡᠬᠦ ᠰᠦᠮ᠎ᠡ ᠳᠤ ᠬᠠᠶᠢᠷᠠᠯᠠᠭᠰᠡᠨ ᠬᠤᠩ ᠽᠢ ᠰᠧ (弘慈寺) ᠬᠡᠮᠡᠬᠦ ᠬᠢᠳᠠᠳ ᠨᠡᠷ᠎ᠡ ᠶᠢ | ᠮᠤᠩᠭᠤᠯᠴᠢᠯᠠᠪᠠᠯ ︵ᠶᠡᠭᠡ ᠨᠢᠭᠦᠯᠡᠰᠬᠦᠢ ᠰᠦᠮ᠎ᠡ︶ ᠭᠡᠰᠡᠨ ᠤᠤᠬ᠎ᠠ ᠲᠠᠢ᠃ ᠪᠤᠳᠤᠬᠤᠯᠠᠷ᠂ ᠮᠤᠩᠭᠤᠯᠴᠤᠳ ᠤᠨ | ᠶᠡᠷᠦᠳᠡᠭᠡᠨ ᠬᠡᠯᠡᠳᠡᠭ ᠶᠡᠭᠡ ᠵᠤᠤ ᠬᠡᠮᠡᠬᠦ ᠨᠢ ︵ᠶᠡᠭᠡ ᠨᠢᠭᠦᠯᠡᠰᠬᠦᠢ ᠰᠦᠮ᠎ᠡ︶ ᠶᠢᠨ ᠲᠦᠭᠦᠮᠴᠢᠯᠡᠯ ᠪᠤᠯᠬᠤ ᠪᠠᠶᠢᠬ᠎ᠠ᠂ | ᠬᠢᠳᠠᠳ ᠢᠶᠠᠷ ᠲᠡᠭᠦᠨ ᠢ ᠳ᠋ᠠ ᠵᠤᠤ (大召) ᠭᠡᠳᠡᠭ᠃ ᠱᠠᠭᠢᠮᠤᠨᠢ ᠶᠢᠨ ᠵᠤᠤ ᠪᠤᠯᠤᠨ ᠰᠦᠮ᠎ᠡ ᠬᠡᠶᠢᠳ | ᠬᠡᠮᠡᠬᠦ ᠦᠭᠡ᠂ ᠰᠢᠷ᠎ᠡ ᠶᠢᠨ ᠱᠠᠰᠢᠨ ᠲᠡᠯᠭᠡᠷᠡᠭᠰᠡᠨ ᠠᠴᠠ ᠨᠠᠭᠠᠰᠢ ᠮᠤᠩᠭᠤᠯ ᠬᠡᠯᠡᠨ ᠳᠤ ᠠᠳᠠᠯᠢ ᠤᠳᠬ᠎ᠠ ᠪᠠᠷ | ᠬᠡᠷᠡᠭᠯᠡᠭᠳᠡᠬᠦ ᠪᠤᠯᠵᠠᠢ᠃ ᠶᠡᠭᠡ ᠵᠤᠤ ᠶᠢ ᠠᠩᠬ᠎ᠠ ᠪᠠᠶᠢᠭᠤᠯᠤᠭᠰᠡᠨ ᠬᠦᠮᠦᠨ ᠢ ᠨᠢ ᠲᠤᠷᠠᠰᠬᠠᠵᠦ᠂ ᠪᠠᠰᠠ ᠠᠯᠳᠠᠨ | ᠬᠠᠭᠠᠨ ᠤ ᠰᠦᠮ᠎ᠡ᠂ ᠭᠡᠬᠡᠨ ᠬᠠᠭᠠᠨ ᠤ ᠰᠦᠮ᠎ᠡ ᠭᠡᠳᠡᠭ ᠪᠢᠯᠡ᠃ ᠭᠡᠬᠡᠨ ᠬᠠᠭᠠᠨ ᠭᠡᠳᠡᠭ ᠨᠢ ᠠᠯᠳᠠᠨ ᠬᠠᠭᠠᠨ ᠤ | ᠱᠠᠰᠢᠨ ᠤ ᠬᠦᠨᠳᠤᠳᠭᠡᠯ ᠴᠤᠯᠠ ᠪᠤᠯᠤᠨ᠎ᠡ᠃ ᠪᠤᠷᠬᠠᠨ ᠤ ᠱᠠᠰᠢᠨ ᠢ ᠦᠨᠳᠦᠰᠦᠯᠡᠭᠴᠢ ᠱᠠᠭᠵᠠᠮᠤᠨᠢ ᠶᠢᠨ ᠵᠠᠷᠯᠢᠭ ︽ | ᠭᠠᠨᠵᠤᠤᠷ︾ ᠨᠤᠮ ᠢ ᠮᠤᠩᠭᠤᠯ ᠤᠨ ᠪᠠᠷᠭᠤᠨ ᠭᠤᠷᠪᠠᠨ ᠲᠦᠮᠡᠨ ᠤ ᠭᠠᠵᠠᠷ ᠲᠤ ᠠᠩᠬ᠎ᠠ ᠲᠡᠷᠢᠭᠦᠨ ᠶᠡᠭᠡ ᠵᠤᠤ ᠳᠤ | ᠵᠠᠯᠠᠵᠦ ᠲᠠᠬᠢᠭᠰᠡᠨ ᠪᠤᠯᠬᠤᠷ᠂ ᠶᠡᠭᠡ ᠵᠤᠤ ᠶᠢ ᠮᠤᠩᠭᠤᠯᠴᠤᠳ ᠵᠠᠷᠢᠮ ᠳᠠᠭᠠᠨ ᠪᠠᠰᠠ ᠭᠠᠨᠵᠤᠤᠷ ᠤᠨ ᠰᠦᠮ᠎ᠡ ᠭᠡᠵᠦ | ᠬᠡᠯᠡᠳᠡᠭ᠃ ᠲᠤᠰ ᠰᠦᠮ᠎ᠡ ᠳᠤ ᠪᠠᠰᠠ ᠮᠦᠩᠭᠦᠨ ᠢᠶᠠᠷ ᠴᠢᠳᠬᠤᠭᠰᠡᠨ ᠪᠤᠷᠬᠠᠨ ᠢ ᠲᠠᠬᠢᠵᠦ ᠪᠠᠶᠢᠪᠠ᠂ ᠡᠶᠢᠨᠬᠦ ᠪᠠᠰᠠ | ᠮᠦᠩᠭᠦᠨ ᠪᠤᠷᠬᠠᠨ ᠤ ᠰᠦᠮ᠎ᠡ ︵银佛寺︶ ᠭᠡᠳᠡᠭ ᠪᠠᠶᠢᠵᠠᠢ᠃ | ᠲᠦᠮᠡᠳ ᠤᠨ ᠠᠯᠳᠠᠨ ᠬᠠᠭᠠᠨ ᠨᠠᠰᠤ ᠨᠦᠭᠴᠢᠭᠰᠡᠨ ᠤ ᠲᠠᠷᠠᠭ᠎ᠠ᠂ ᠲᠡᠭᠦᠨ ᠤ ᠬᠠᠭᠠᠨ ᠰᠭᠤᠷᠢᠨ ᠢ | ᠵᠠᠯᠭᠠᠮᠵᠢᠯᠠᠭᠴᠢ ᠰᠡᠩᠭᠡ ᠲᠦᠭᠦᠷᠡᠩ ᠬᠠᠭᠠᠨ ᠪᠠᠷᠭᠤᠨ ᠭᠤᠷᠪᠠᠨ ᠲᠦᠮᠡᠨ ᠤ ᠹᠸᠤᠳᠠᠯ ᠨᠤᠶᠠᠳ ᠲᠠᠢ ᠵᠦᠪᠳᠡᠯᠴᠡᠵᠦ᠂ | ᠭᠤᠳᠠᠭᠠᠷ ᠲᠦᠷᠢ ᠶᠢᠨ ᠲᠠᠯᠠᠢ ᠯᠠᠮᠠ ᠰᠤᠤᠨᠠᠮᠵᠠᠮᠰᠦ ᠶᠢ ᠬᠦᠬᠡ ᠬᠤᠳᠠᠨᠡ ᠨᠤᠮ ᠲᠠᠯᠪᠢᠭᠤᠯᠬᠤ ᠪᠠᠷ ᠵᠠᠯᠠᠭᠰᠡᠨ᠃ | ᠰᠤᠤᠨᠠᠮᠵᠠᠮᠰᠦ ᠲᠠᠯᠠᠢ ᠯᠠᠮᠠ 1585 ᠤᠨ ᠳᠤ ᠵᠠᠯᠠᠯᠭ᠎ᠠ ᠪᠠᠷ ᠬᠦᠬᠡ ᠬᠤᠳᠠᠨᠡ ᠢᠷᠡᠬᠦ ᠳᠤ᠂ ᠲᠡᠭᠦᠨ ᠤ ᠬᠤᠶᠢᠨ᠎ᠡ | ᠠᠴᠠ ᠰᠢᠳᠢᠳᠦ ᠭᠠᠪᠴᠦ ᠬᠡᠮᠡᠬᠦ ᠯᠠᠮᠠ ᠪᠠᠷ᠎ᠠ ᠪᠤᠯᠵᠦ ᠢᠷᠡᠵᠠᠢ᠃ ᠰᠤᠤᠨᠠᠮᠵᠠᠮᠰᠦ ᠲᠠᠯᠠᠢ ᠯᠠᠮᠠ 1588 ᠤᠨ ᠳᠤ | ᠲᠠᠭᠠᠯᠠᠯ ᠪᠠᠷᠢᠬᠤ ᠳᠠᠭᠠᠨ ᠭᠡᠷᠢᠶᠡᠰᠦ ᠵᠠᠷᠯᠢᠭ ᠪᠢᠴᠢᠵᠦ ᠵᠠᠬᠢᠭᠰᠡᠨ ᠨᠢ᠄ ︽ᠰᠢᠳᠢᠳᠦ ᠭᠠᠪᠴᠦ ᠴᠢ ᠪᠠᠷ ᠮᠢᠨᠦ | ᠤᠷᠤᠨ ᠳᠤ ᠮᠢᠨᠦ ᠰᠢᠷᠡᠭᠡᠨ ᠳᠤ ᠰᠠᠭᠤᠵᠦ᠂ ᠱᠠᠷᠢᠯ ᠤᠨ ᠠᠯᠢᠪᠡ ᠦᠢᠯᠡᠰ ᠢ ᠲᠡᠭᠦᠰᠭᠡᠨ ᠦᠢᠯᠡᠳᠦᠭᠡᠳ᠂ ᠮᠢᠨᠦ | ᠬᠤᠶᠢᠳᠤ ᠲᠦᠷᠦᠯ ᠤᠨ ᠬᠤᠪᠢᠯᠭᠠᠨ ᠢ ᠵᠡᠭᠦᠨ ᠬᠤᠶᠢᠳᠦ ᠵᠦᠭ ᠲᠤ ᠡᠷᠢᠭ᠍ᠳᠦᠨ︾ ᠭᠡᠵᠠᠢ᠃ ᠰᠢᠳᠢᠳᠦ ᠭᠠᠪᠴᠦ | ᠡᠨᠡᠬᠦ ᠬᠡᠷᠢᠶᠡᠰᠦ ᠵᠠᠷᠯᠢᠭ ᠢᠶᠠᠷ ᠬᠥᠬᠡᠬᠤᠲᠠ ᠳᠠᠬᠢ ᠭᠤᠷᠪᠠᠳᠤᠭᠠᠷ ᠲᠠᠯᠠᠢ ᠯᠠᠮᠠ ᠰᠤᠳᠨᠠᠮᠵᠠᠮᠰᠦ ᠶᠢᠨ ᠰᠢᠷᠡᠭᠡᠨ ᠳᠤ | ᠰᠠᠭᠤᠵᠦ ᠮᠤᠩᠭᠤᠯ ᠭᠠᠵᠠᠷ ᠤᠨ ᠱᠠᠰᠢᠨ ᠤ ᠬᠡᠷᠡᠭ ᠢ ᠤᠷᠤᠯᠠᠨ ᠡᠷᠬᠢᠯᠡᠭᠡᠳ᠂ ᠲᠦᠮᠡᠳ ᠤᠨ ᠠᠯᠳᠠᠨ ᠬᠠᠭᠠᠨ ᠤ | ᠠᠴᠢ ᠶᠢ ᠲᠠᠯᠠᠢ ᠯᠠᠮᠠ ᠶᠢᠨ ᠬᠤᠪᠢᠯᠭᠠᠨ ᠪᠤᠯᠭᠠᠨ ᠵᠠᠯᠠᠵᠦ ᠶᠤᠨᠳᠤᠨᠵᠠᠮᠰᠦ ᠬᠡᠮᠡᠨ ᠨᠡᠷᠡᠶᠢᠳᠦᠭᠡᠳ᠂ ᠪᠠᠭᠰᠢ ᠨᠢ ᠪᠤᠯᠵᠦ | ᠨᠤᠮ ᠰᠤᠷᠭᠠᠭᠠᠭᠠᠳ᠂ ᠰᠢᠷᠡᠭᠡᠳᠦ ᠬᠦᠤᠰᠢ ᠴᠤᠷᠵᠢ ᠬᠡᠮᠡᠨ ᠠᠯᠳᠠᠷᠰᠢᠭᠰᠡᠨ᠃ ᠡᠭᠦᠨ ᠠᠴᠠ ᠦᠵᠡᠬᠦ ᠳᠤ ᠰᠢᠷᠡᠭᠡᠳᠦ | ᠵᠤᠤ ᠶᠢ ᠭᠤᠳᠠᠭᠠᠷ ᠰᠤᠳᠨᠠᠮᠵᠠᠮᠰᠦ ᠲᠠᠯᠠᠢ ᠯᠠᠮᠠ 1585 ᠤᠨ ᠳᠤ ᠬᠦᠬᠡᠬᠤᠳᠠ ᠳᠤ ᠢᠷᠡᠬᠦ ᠦᠶᠡᠰ | ᠪᠠᠶᠢᠭᠤᠯᠤᠭᠰᠡᠨ ᠪᠠᠶᠢᠬᠤ ᠶᠤᠰᠤᠳᠠᠢ᠃ ᠰᠢᠷᠡᠭᠡᠳᠦ ᠵᠤᠤ ᠨᠢ ᠶᠡᠭᠡ ᠵᠤᠤ ᠶᠢᠨ ᠵᠡᠭᠦᠨᠳᠠᠢ ᠵᠠᠭᠤ ᠰᠢᠬᠠᠮ ᠠᠯᠬᠤᠮ | ᠵᠠᠶᠢᠳᠠᠢ ᠭᠠᠵᠠᠷ ᠲᠤ ᠤᠷᠤᠰᠢᠨ᠎ᠡ᠃ | ᠬᠥᠬᠡᠬᠤᠲᠠ ᠶᠢᠨ ᠶᠡᠭᠡ ᠵᠤᠤ᠂ ᠰᠢᠷᠡᠭᠡᠳᠦ ᠵᠤᠤ ᠶᠢ ᠲᠦᠮᠠᠳ ᠤᠨ ᠠᠯᠳᠠᠨ ᠬᠠᠭᠠᠨ᠂ ᠰᠤᠳᠨᠠᠮᠵᠠᠮᠰᠦ ᠲᠠᠯᠠᠢ | ᠯᠠᠮᠠ ᠬᠤᠶᠠᠭᠤᠯᠠ ᠶᠢᠨ ᠠᠮᠢᠳᠦ ᠪᠠᠶᠢᠬᠤ ᠴᠠᠭ ᠲᠤ ᠪᠠᠶᠢᠭᠤᠯᠤᠭᠰᠡᠨ ᠪᠤᠯᠬᠤᠷ᠂ ᠮᠤᠩᠭᠤᠯ ᠰᠤᠷᠪᠤᠯᠵᠢ ᠪᠢᠴᠢᠭ ᠲᠤ | ᠲᠡᠳᠡᠭᠡᠷ ᠢ ᠶᠡᠷᠦᠳᠡᠭᠡᠨ ᠠᠯᠳᠠᠨ ᠬᠠᠭᠠᠨ᠂ ᠭᠤᠷᠪᠠᠳᠤᠭᠠᠷ ᠲᠠᠯᠠᠢ ᠯᠠᠮᠠ ᠶᠢᠨ ᠪᠦᠲᠦᠭᠡᠭᠰᠡᠨ ᠬᠤᠶᠠᠷ ᠵᠤᠤ ᠰᠢᠳᠦᠭᠡᠨ | ᠭᠡᠵᠦ ᠬᠠᠮᠳᠤᠤᠬᠠᠨ ᠬᠡᠯᠡᠳᠡᠭ᠃ | ᠲᠦᠷᠪᠡᠳᠦᠭᠡᠷ ᠲᠠᠯᠠᠢ ᠯᠠᠮᠠ ᠶᠤᠨᠳᠤᠨᠵᠠᠮᠰᠦ 1602 ᠤᠨ ᠳᠤ ᠬᠥᠬᠡᠬᠤᠲᠠ ᠠᠴᠠ ᠲᠦᠪᠡᠳ ᠲᠤ ᠵᠠᠯᠠᠭᠳᠠᠭᠰᠡᠨ | ᠳᠤ ᠲᠦᠪᠡᠳ ᠤᠨ ᠱᠠᠰᠢᠨ ᠤ ᠡᠷᠬᠡ ᠪᠠᠷᠢᠭᠴᠢᠳ ᠠᠴᠠ ᠮᠠᠶᠢᠳᠠᠷᠢ ᠬᠤᠳᠤᠭᠳᠦ ᠶᠢ ᠮᠤᠩᠭᠤᠯ ᠤᠷᠤᠨ ᠤ ᠱᠠᠰᠢᠨ ᠤ | ᠡᠷᠬᠡ ᠶᠢ ᠪᠠᠷᠢᠭᠤᠯᠬᠤ ᠪᠠᠷ ᠬᠦᠬᠡ ᠬᠤᠳᠠᠨ᠎ᠠ ᠲᠤᠮᠢᠯᠠᠨ ᠢᠷᠡᠭᠦᠯᠦᠭᠰᠡᠨ᠃ ᠡᠭᠦᠨ ᠠᠴᠠ ᠡᠬᠢᠯᠡᠨ ᠴᠢᠩ ᠤᠯᠤᠰ ᠤᠨ | ᠨᠤᠶᠠᠷᠬᠠᠯ ᠲᠤᠭᠳᠠᠨᠢᠬᠤ ᠪᠤᠯᠳᠠᠯ᠎ᠠ᠂ ᠲᠦᠮᠡᠳ ᠤᠨ ᠬᠠᠷ᠎ᠠ ᠰᠢᠷ᠎ᠡ ᠹᠸᠤᠳᠡᠯ ᠨᠤᠶᠠᠳ ᠠᠴᠠ ᠬᠥᠬᠡᠬᠤᠲᠠ ᠤᠷᠤᠨ ᠳᠤ | ᠤᠷᠢᠳ ᠬᠤᠵᠢᠳ ᠪᠠᠰᠠ ᠲᠦᠷᠪᠡᠨ ᠶᠡᠭᠡ ᠰᠦᠮ᠎ᠡ ᠶᠢ ᠨᠡᠮᠡᠵᠦ ᠪᠠᠶᠢᠭᠤᠯᠵᠠᠢ᠃ ᠶᠠᠭᠤᠨ ᠤ ᠡᠮᠦᠨ᠎ᠡ 1606 ᠤᠨ | ᠳᠤ ᠠᠯᠳᠠᠨ ᠬᠠᠭᠠᠨ ᠤ ᠠᠴᠢ ᠲᠠᠶᠢᠴᠢᠩ ᠡᠵᠠᠢ ᠶᠢᠨ ᠡᠬᠡᠨᠡᠷ ᠮᠠᠴᠢᠨ ᠬᠠᠳᠤᠨ ᠪᠤᠳᠠᠰᠠᠷᠢ ᠲᠠᠢ ᠤᠷᠤᠭᠯᠠᠭᠠᠳ | ᠬᠥᠬᠡᠬᠤᠲᠠ ᠶᠢᠨ ᠪᠠᠷᠭᠤᠨᠳᠠᠢ ᠬᠤᠶᠠᠷ ᠵᠠᠭᠤᠨ ᠭᠠᠵᠠᠷ ᠤᠨ ᠠᠯᠤᠰ ᠤᠨ ᠭᠠᠷᠤᠳᠢ ᠶᠢᠨ ᠭᠤᠤ ᠶᠢᠨ ᠪᠠᠷᠭᠤᠨ ᠡᠷᠭᠢ | ᠳᠠᠬᠢ ᠳᠠᠯᠠᠨ ᠲᠡᠷᠢᠭᠦᠨ ᠠᠭᠤᠯᠠ ︵大青山︶ ᠶᠢᠨ ᠶᠢᠰᠦᠨ ᠤᠷᠭᠢᠯᠳᠦ ᠬᠠᠳᠠ ᠶᠢᠨ ᠡᠩᠭᠡᠷ ᠲᠤᠤᠷ᠎ᠡ | ᠠᠯᠳᠠᠨ ᠬᠠᠭᠠᠨ ᠤ ᠵᠦᠩᠭᠡᠨ ᠬᠠᠳᠤᠨ ᠪᠤᠯᠤᠨ ᠲᠡᠭᠦᠨ ᠤ ᠬᠦᠪᠡᠭᠦᠨ ᠪᠤᠳᠠᠰᠠᠷᠢ ᠶᠢᠨ ᠪᠠᠭ᠎ᠠ ᠬᠤᠷᠢᠶᠠᠨ ᠤ ᠬᠤᠳᠠ | ᠶᠢᠨ ᠪᠠᠬᠢᠯᠡᠯᠳᠡ ᠳᠤ ᠨᠢᠭᠡᠨ ᠰᠦᠮ᠎ᠡ ᠶᠢ ᠦᠷᠭᠡᠳᠭᠡᠨ ᠪᠠᠶᠢᠭᠤᠯᠵᠦ᠂ ᠲᠤᠳᠤᠷᠡᠬᠢ ᠮᠠᠶᠢᠳᠠᠷᠢ ᠪᠤᠷᠬᠠᠨ ᠤ ᠪᠡᠶ᠎ᠡ ᠶᠢ | ᠡᠷᠳᠡᠨᠢᠰ ᠢᠶᠠᠷ ᠪᠦᠳᠦᠭᠡᠭᠰᠡᠨ᠃ ᠨᠡᠨ ᠰᠦᠮ᠎ᠡ ᠶᠢ ᠪᠠᠶᠢᠭᠤᠯᠵᠦ ᠲᠠᠭᠤᠰᠤᠭᠰᠡᠨ ᠤ ᠲᠠᠷᠠᠭ᠎ᠠ ᠲᠤᠬᠠᠢ ᠶᠢᠨ ᠦᠶ᠎ᠡ | ᠶᠢᠨ ᠮᠠᠶᠢᠳᠠᠷᠢ ᠬᠤᠳᠤᠭᠳᠦ ᠶᠢ ᠵᠠᠯᠠᠵᠦ ᠠᠮᠢᠯᠠᠭᠤᠯᠤᠭᠰᠡᠨ ᠪᠤᠯᠬᠤᠷ᠂ ᠲᠡᠭᠦᠨ ᠢ ᠪᠠᠰᠠ ᠮᠠᠶᠢᠳᠠᠷᠢ ᠶᠢᠨ ᠰᠦᠮ᠎ᠡ | ᠪᠤᠶᠤ ᠮᠠᠶᠢᠳᠠᠷᠢ ᠶᠢᠨ ᠵᠤᠤ ᠭᠡᠵᠦ ᠨᠡᠷᠡᠯᠡᠪᠡ᠃ ᠮᠦᠨ 1606 ᠤᠨ ᠳᠤ᠂ ᠤᠰᠤᠳᠤ ᠶᠢᠨ ᠪᠠᠷᠭᠤᠨ ᠵᠤᠤ ᠶᠢ | ᠴᠠᠬᠠᠷ ᠲᠢᠶᠠᠨᠴᠢ ᠬᠤᠳᠤᠭᠳᠦ ᠠᠴᠠ ᠬᠥᠬᠡᠬᠤᠲᠠ ᠶᠢᠨ ᠪᠠᠷᠭᠤᠨ ᠬᠤᠶᠢᠳᠦ ᠠᠷᠪᠠᠭᠠᠳ ᠭᠠᠵᠠᠷ ᠤᠷᠤᠰᠢᠬᠤ | ᠨᠠᠷᠤᠰᠤᠳᠦ ᠠᠭᠤᠯᠠ ᠶᠢᠨ ᠦᠪᠦᠷ ᠲᠤ ᠪᠠᠶᠢᠭᠤᠯᠤᠭᠰᠡᠨ᠃ ᠰᠤᠷᠪᠤᠯᠵᠢ ᠪᠢᠴᠢᠭ ᠤᠨ ᠲᠡᠮᠳᠡᠭᠯᠡᠯ ᠢ ᠦᠨᠳᠦᠰᠦᠯᠡᠪᠡᠯ᠂ | ᠤᠰᠤᠳᠦ ᠶᠢᠨ ᠪᠠᠷᠭᠤᠨ ᠵᠤᠤ ᠶᠢ ᠰᠢᠬᠦᠷ ᠲᠠᠷᠬᠠᠨ᠂ ᠪᠠᠶᠢᠯ᠎ᠠ ᠲᠠᠷᠬᠠᠨ ᠲᠡᠷᠢᠭᠦᠯᠡᠨ ᠮᠤᠩᠭᠤᠯ ᠲᠠᠷᠬᠠᠴᠢᠳ | ᠦᠪᠡᠷᠳᠡᠭᠡᠨ ᠪᠠᠶᠢᠭᠤᠯᠵᠠᠢ᠃ ᠨᠡᠨ ᠦᠶᠡᠰ ᠲᠤ᠂ ᠯᠠᠮᠠ ᠶᠢᠨ ᠠᠭᠤᠢ ᠶᠢᠨ ᠰᠦᠮ᠎ᠡ ᠶᠢ ᠪᠠᠶᠢᠭᠤᠯᠤᠭᠰᠡᠨ ᠨᠢ | ᠴᠤᠶᠢᠰᠢᠪ ᠲᠢᠶᠡᠨᠴᠢ ᠬᠤᠳᠤᠭᠳᠦ ᠶᠢᠨ ᠠᠩᠬᠠᠳᠤᠭᠠᠷ ᠲᠦᠷᠢ ᠭᠡᠬᠦ᠂ ᠮᠢᠩ ᠤᠯᠤᠰ ᠤᠨ ᠦᠶ᠎ᠡ ᠶᠢᠨ ᠮᠤᠩᠭᠤᠯ ᠤᠨ | ᠲᠡᠤᠬᠡᠨ ᠲᠡᠭᠡᠷᠡᠬᠢ ᠠᠯᠳᠠᠷᠳᠦ ᠪᠤᠭᠳᠠ ᠴᠠᠭᠠᠨ ᠯᠠᠮᠠ ᠪᠤᠯᠬᠤ ᠪᠦᠭᠡᠳ ᠴᠢᠩ ᠤᠯᠤᠰ ᠤᠨ ᠦᠶ᠎ᠡ ᠳᠤ ᠨᠡᠷ᠎ᠡ | ᠠᠯᠳᠠᠷᠰᠢᠭᠰᠡᠨ ᠬᠦᠬᠡᠬᠤᠳᠠ ᠶᠢᠨ ᠴᠤᠶᠢᠨᠰᠢᠪ ᠲᠢᠶᠠᠨᠴᠢ ᠬᠤᠳᠤᠭᠳᠦ᠂ ᠴᠠᠭᠠᠨ ᠲᠢᠶᠠᠨᠴᠢ ᠬᠤᠳᠤᠭᠳᠦ᠂ ᠡᠷᠳᠡᠨᠢ | ᠲᠢᠶᠠᠨᠴᠢ ᠬᠤᠳᠤᠭᠳᠦ᠂ ᠲᠡᠷᠡᠴᠢᠯᠡᠨ ᠤᠰᠤᠳᠦ ᠶᠢᠨ ᠪᠠᠷᠭᠤᠨ ᠵᠤᠤ ᠶᠢ ᠪᠠᠶᠢᠭᠤᠯᠤᠭᠰᠡᠨ ᠴᠠᠬᠠᠷ ᠲᠢᠶᠠᠨᠴᠢ | ᠬᠤᠳᠤᠭᠳᠦ ᠶᠢᠨ ᠠᠩᠬᠠᠳᠤᠭᠠᠷ ᠲᠦᠷᠢ ᠨᠦᠭᠦᠳ ᠢ ᠪᠦᠷ ᠲᠡᠭᠦᠨ ᠤ ᠱᠠᠪᠢ ᠭᠡᠵᠦ ᠬᠡᠯᠡᠳᠡᠭ᠃ ᠲᠦᠮᠠᠳ ᠤᠨ | ᠠᠯᠳᠠᠨ ᠬᠠᠭᠠᠨ ᠪᠤᠯᠤᠨ ᠰᠤᠳᠨᠠᠮᠵᠠᠮᠰᠦ ᠲᠠᠯᠠᠢ ᠯᠠᠮᠠ ᠮᠤᠩᠭᠤᠯ ᠤᠷᠤᠨ ᠳᠤ ᠰᠢᠷ᠎ᠡ ᠶᠢᠨ ᠱᠠᠰᠢᠨ ᠢ ᠲᠠᠯᠭᠡᠷᠡᠭᠦᠯᠬᠦ | ᠠᠴᠠ ᠡᠮᠦᠨ᠎ᠡ᠂ ᠪᠤᠭᠳᠠ ᠴᠠᠭᠠᠨ ᠯᠠᠮᠠ ᠪᠢᠴᠢᠭᠡᠴᠢ ᠶᠢᠨ ᠠᠷᠤ ᠠᠭᠤᠯᠠ ᠶᠢᠨ ᠠᠭᠤᠢ ᠰᠠᠭᠤᠷᠢᠨ ᠪᠤᠯᠭᠠᠵᠦ᠂ ᠲᠠᠯᠠᠨ | ᠲᠡᠷᠢᠭᠦᠨ ᠠᠭᠤᠯᠠ ᠪᠡ ᠠᠪᠠᠭ᠎ᠠ ᠬᠠᠷ᠎ᠠ ᠶᠢᠨ ᠠᠭᠤᠯᠠ ᠶᠢ ᠭᠡᠰᠦᠵᠦ ᠨᠤᠮ ᠪᠢᠰᠢᠯᠭᠠᠯ ᠬᠢᠵᠦ᠂ ᠯᠠᠮᠠ ᠶᠢᠨ ᠠᠭᠤᠢ | ᠶᠢᠨ ᠬᠠᠭᠤᠴᠢᠨ ᠰᠦᠮ᠎ᠡ ᠶᠢ ᠪᠠᠶᠢᠭᠤᠯᠤᠭᠰᠡᠨ᠃ ᠡᠶᠢᠮᠦ ᠤᠴᠢᠷ ᠠᠴᠠ᠂ ᠯᠠᠮᠠ ᠶᠢᠨ ᠠᠭᠤᠢ ᠶᠢᠨ ᠰᠦᠮ᠎ᠡ ᠶᠢᠨ | ᠱᠠᠰᠢᠨ ᠲᠦᠷᠦ ᠶᠢᠨ ᠪᠠᠶᠢᠷᠢ ᠰᠠᠭᠤᠷᠢ ᠨᠢ ᠬᠡᠳᠦᠶᠢᠪᠡᠷ ᠠᠯᠳᠠᠨ ᠬᠠᠭᠠᠨ ᠤ ᠪᠠᠶᠢᠭᠤᠯᠤᠭᠰᠨ ᠶᠡᠭᠡ ᠵᠤᠤ ᠪᠤᠯᠤᠨ | ᠰᠤᠳᠨᠠᠮᠵᠠᠮᠰᠦ ᠲᠠᠯᠠᠢ ᠯᠠᠮᠠ ᠶᠢᠨ ᠪᠠᠶᠢᠭᠤᠯᠤᠭᠰᠡᠨ ᠰᠢᠷᠡᠭᠡᠳᠦ ᠵᠤᠤ ᠠᠴᠠ ᠲᠤᠤᠷ᠎ᠠ ᠪᠤᠯᠪᠠᠴᠦ ᠪᠠᠶᠢᠭᠤᠯᠤᠭᠰᠡᠨ ᠴᠠᠭ | ᠦᠶ᠎ᠡ ᠨᠢ ᠲᠡᠳᠡᠭᠡᠷ ᠠᠴᠠ ᠡᠷᠳᠡ ᠶᠤᠮ᠃ ᠨᠡᠨ ᠨᠢ ᠤᠳᠤ ᠪᠤᠯᠳᠠᠯ᠎ᠠ ᠬᠦᠮᠦᠰ ᠤᠨ ᠲᠡᠷᠡ ᠰᠤᠨᠢᠷᠬᠠᠯ ᠢ | ᠲᠠᠳᠠᠭᠰᠡᠭᠠᠷ᠃ ᠡᠭᠦᠨ ᠠᠴᠠ ᠭᠠᠳᠠᠨ᠎ᠡ ᠮᠢᠩ ᠤᠯᠤᠰ ᠤᠨ ᠦᠶ᠎ᠡ ᠳᠤ ᠬᠥᠬᠡᠬᠤᠲᠠ ᠳᠤ ᠪᠠᠶᠢᠭᠤᠯᠤᠭᠳᠠᠭᠰᠡᠨ ᠪᠠᠭ᠎ᠠ | ᠵᠤᠤ ᠪᠤᠢ᠃ ᠪᠠᠭ᠎ᠠ ᠵᠤᠤ ᠨᠢ ᠠᠯᠳᠠᠨ ᠬᠠᠭᠠᠨ ᠤ ᠠᠴᠢ ᠤᠨᠪᠤ ᠬᠤᠩ ᠲᠠᠶᠢᠵᠢ ᠡᠴᠢᠭᠡ ᠪᠤᠳᠠᠰᠠᠷᠢ ᠶᠢᠨ ᠢᠶᠠᠨ | ᠰᠢᠷᠡᠭᠡᠳᠦ ᠵᠤᠤ ᠶᠢᠨ ᠵᠡᠭᠦᠨᠳᠠᠢ ᠪᠠᠶᠢᠭᠤᠯᠤᠭᠰᠡᠨ ᠬᠠᠭᠤᠴᠢᠨ ᠰᠦᠮ᠎ᠡ ᠶᠢ ᠦᠷᠭᠡᠳᠭᠡᠨ ᠪᠠᠶᠢᠭᠤᠯᠤᠭᠰᠡᠨ᠃ ᠲᠡᠭᠦᠨ | ᠢ ᠪᠠᠶᠢᠭᠤᠯᠤᠭᠰᠡᠨ ᠪᠤᠳᠠᠳᠠᠢ ᠤᠨ ᠵᠢᠯ ᠨᠢ 1621 — — 1627 ᠤᠨ ᠪᠤᠯᠤᠨ᠎ᠡ᠃ ᠡᠭᠦᠨ ᠤ ᠬᠠᠮᠳᠦ | ᠤᠨᠪᠤ ᠬᠤᠩ ᠲᠠᠶᠢᠵᠢ 1623 ᠤᠨ ᠳᠤ ᠶᠡᠭᠡ ᠵᠤᠤ ᠶᠢᠨ ᠨᠢᠭᠡᠨ ᠬᠤᠤᠰ ᠬᠦᠷᠡᠯ ᠠᠷᠠᠰᠯᠠᠨ ᠢ ᠴᠢᠳᠬᠤᠭᠰᠡᠨ᠂ | ᠲᠡᠷᠡ ᠨᠢ ᠤᠳᠤ ᠪᠤᠯᠳᠠᠯ᠎ᠠ ᠪᠠᠶᠢᠭᠰᠠᠭᠠᠷ᠃ ︽ᠨᠠᠶᠢᠵᠢ ᠲᠤᠶᠢᠨ ᠤ ᠨᠢᠭᠡᠳᠦᠭᠡᠷ ᠲᠦᠷᠢ ᠶᠢᠨ ᠨᠠᠮᠳᠠᠷ︾ ᠲᠤ | ᠲᠡᠮᠳᠡᠭᠯᠡᠬᠦ ᠪᠠᠷ᠂ ᠮᠢᠩ ᠤᠯᠤᠰ ᠤᠨ ᠸᠠᠨᠯᠢ ᠬᠠᠭᠠᠨ ᠤ ᠦᠶ᠎ᠡ ᠳᠤ ᠨᠠᠶᠢᠵᠢ ᠲᠤᠶᠢᠨ ᠤ ᠨᠢᠭᠡᠳᠦᠭᠡᠷ ᠲᠦᠷᠢ ᠬᠦᠬᠡ | ᠬᠤᠳᠠᠨᠡ ᠢᠷᠡᠬᠦ ᠳᠤ ᠪᠠᠭ᠎ᠠ ᠵᠤᠤ ᠪᠠᠶᠢᠭᠰᠡᠨ ᠦᠭᠡᠢ᠂ ᠴᠢᠩ ᠤᠯᠤᠰ ᠤᠨ ᠡᠶᠡᠪᠡᠷ ᠵᠠᠰᠠᠭᠴᠢ ᠶᠢᠨ ᠠᠷᠪᠠᠳᠤᠭᠠᠷ | ᠤᠨ ᠳᠤ ᠲᠡᠷᠡ ᠬᠤᠷᠴᠢᠨ ᠠᠴᠠ ᠲᠠᠬᠢᠨ ᠬᠦᠬᠡ ᠬᠤᠳᠠᠨᠡ ᠪᠤᠴᠠᠵᠦ ᠢᠷᠡᠬᠦ ᠦᠶ᠎ᠡ ᠳᠤ ᠡᠨᠡᠬᠦ ᠰᠦᠮ᠎ᠡ ᠨᠢᠭᠡᠨᠳᠠ | ᠬᠠᠭᠤᠴᠢᠷᠠᠭᠰᠡᠨ ᠪᠠᠶᠢᠵᠠᠢ᠃ ᠶᠡᠭᠡ ᠵᠤᠤ ᠲᠠᠢ ᠬᠠᠷᠢᠴᠠᠭᠤᠯᠤᠨ ᠡᠭᠦᠨ ᠢ ᠪᠠᠭ᠎ᠠ ᠵᠤᠤ ᠭᠡᠵᠦ ᠨᠡᠷᠡᠶᠢᠳᠦᠭᠰᠡᠨ᠃ | ᠤᠴᠢᠷ ᠨᠢ ᠲᠦᠮᠡᠳ ᠤᠨ ᠠᠯᠳᠠᠨ ᠬᠠᠭᠠᠨ ᠨᠠᠰᠤ ᠨᠦᠭᠴᠢᠭᠰᠡᠨ ᠤ ᠲᠠᠷᠠᠭ᠎ᠠ᠂ ᠰᠡᠩᠭᠡ ᠲᠦᠭᠦᠷᠡᠩ ᠬᠠᠭᠠᠨ ᠪᠠᠷᠭᠤᠨ | ᠭᠤᠷᠪᠡᠨ ᠲᠦᠮᠡᠨ ᠤ ᠬᠠᠭᠠᠨ ᠭᠡᠳᠡᠭ ᠪᠠᠶᠢᠭᠰᠡᠨ ᠪᠤᠯᠪᠠᠴᠦ᠂ ᠤᠳᠠᠯ ᠦᠭᠡᠢ ᠤᠷᠳᠤᠰ ᠤᠨ ᠪᠤᠱᠤᠭᠳᠦ ᠵᠢᠨᠦᠩ ᠪᠡᠶ᠎ᠡ | ᠪᠠᠨ ᠮᠦᠨ ᠴᠦ ᠬᠠᠭᠠᠨ ᠬᠡᠮᠡᠨ᠂ ᠬᠡᠷᠡᠭ ᠲᠡᠭᠡᠷ᠎ᠡ ᠪᠠᠨ ᠲᠦᠮᠡᠳ ᠬᠠᠭᠠᠨ ᠤ ᠤᠳᠤᠷᠢᠳᠤᠯᠭ᠎ᠠ ᠠᠴᠠ ᠰᠠᠯᠴᠢᠬᠠᠭᠰᠡᠨ | ᠪᠠᠶᠢᠵᠠᠢ᠃ ᠡᠭᠦᠨ ᠢᠶᠠᠷ ᠦᠯᠦ ᠪᠠᠷᠠᠮ ᠰᠡᠩᠭᠡ ᠲᠦᠭᠦᠷᠡᠩ ᠬᠠᠭᠠᠨ ᠨᠠᠰᠤ ᠨᠦᠭᠴᠢᠭᠰᠡᠨ ᠤ ᠲᠠᠷᠠᠭ᠎ᠠ᠂ ᠲᠦᠮᠡᠳ ᠤᠨ | ᠬᠠᠭᠠᠨ ᠰᠠᠭᠤᠷᠢᠨ ᠢ ᠨᠠᠮᠤᠳᠠᠢ ᠬᠠᠭᠠᠨ᠂ ᠪᠤᠱᠤᠭᠳᠦ ᠬᠠᠭᠠᠨ ᠵᠠᠯᠭᠠᠨᠵᠢᠯᠠᠭᠰᠡᠨ᠃ ᠤᠨᠪᠤ ᠬᠤᠩ ᠲᠠᠶᠢᠵᠢ ᠡᠮᠡᠭᠡ | ᠵᠦᠩᠭᠡᠨ ᠬᠠᠳᠤᠨ᠂ ᠡᠵᠢ ᠮᠠᠴᠢᠨ ᠬᠠᠳᠤᠨ ᠤ ᠪᠠᠨ ᠨᠦᠯᠦᠭᠡ ᠶᠢ ᠠᠰᠢᠭᠯᠡᠨ ᠦᠪᠡᠷᠦᠨ ᠪᠠᠶᠢᠭᠤᠯᠤᠭᠰᠡᠨ ᠰᠦᠮ᠎ᠡ | ᠪᠠᠨ ᠠᠯᠳᠠᠨ ᠭᠡᠭᠡᠨ ᠬᠠᠭᠠᠨ ᠤ ᠪᠠᠶᠢᠭᠤᠯᠤᠭᠰᠡᠨ ᠶᠡᠭᠡ ᠵᠤᠤ ᠲᠠᠢ ᠵᠡᠷᠭᠡᠴᠡᠭᠦᠯᠦᠨ ᠪᠠᠭ᠎ᠠ ᠵᠤᠤ ᠭᠡᠵᠡᠢ᠃ | ᠡᠶᠢᠨᠬᠦ᠂ ᠮᠤᠩᠭᠤᠯ ᠤᠶᠢᠷᠠᠳ ᠬᠤᠶᠠᠷ ᠤᠨ ᠦᠶ᠎ᠡ ᠶᠢᠨ ᠬᠥᠬᠡᠬᠤᠲᠠ ᠶᠢᠨ ᠰᠦᠮ᠎ᠡ ᠬᠡᠶᠢᠳ ᠭᠡᠳᠡᠭ ᠨᠢ ᠶᠡᠭᠡ | ᠵᠤᠤ᠂ ᠰᠢᠷᠡᠭᠡᠳᠦ ᠵᠤᠤ᠂ ᠮᠠᠶᠢᠳᠠᠷᠢ ᠵᠤᠤ᠂ ᠤᠰᠤᠳᠤ ᠶᠢᠨ ᠪᠠᠷᠭᠤᠨ ᠵᠤᠤ᠂ ᠯᠠᠮᠠ ᠶᠢᠨ ᠠᠭᠤᠢ ᠶᠢᠨ ᠰᠦᠮ᠎ᠡ᠂ | ᠪᠠᠭ᠎ᠠ ᠵᠤᠤ ᠵᠡᠷᠭᠡ ᠪᠤᠯᠤᠨ᠎ᠡ᠃ ᠡᠳᠡᠭᠡᠷ ᠵᠢᠷᠭᠤᠭᠠᠨ ᠰᠦᠮ᠎ᠡ ᠠᠴᠠ ᠭᠠᠳᠠᠨ᠎ᠡ᠂ ᠬᠠᠷᠠᠭᠴᠢᠨ ᠭᠤᠤᠯ ᠤᠨ ᠠᠮᠠᠨ ᠳᠤ | ᠪᠠᠶᠢᠭᠤᠯᠤᠭᠰᠡᠨ ᠰᠠ ᠴᠤᠷᠵᠢ ᠶᠢᠨ ᠰᠦᠮ᠎ᠡ᠂ ᠴᠠᠭᠠᠨ ᠰᠤᠪᠤᠷᠭ᠎ᠠ ᠶᠢᠨ ᠬᠠᠵᠠᠭᠤ ᠳᠤ ᠪᠠᠶᠢᠭᠰᠡᠨ ᠬᠢᠳᠠᠳ | ᠬᠤᠤᠱᠠᠩ ᠤᠨ ᠬᠤᠸᠠ ᠶᠠᠨ ᠰᠧ ᠬᠡᠶᠢᠳ ᠠᠯᠢ ᠡᠷᠳᠡ ᠮᠢᠩ ᠤᠯᠤᠰ ᠤᠨ ᠰᠡᠭᠦᠯᠴᠢ ᠴᠢᠩ ᠤᠯᠤᠰ ᠤᠨ ᠦᠶ᠎ᠡ ᠳᠤ | ᠨᠢᠭᠡᠨᠳᠡ ᠰᠦᠢᠳᠴᠠᠢ᠃ ᠴᠠᠭᠠᠨ ᠰᠤᠪᠤᠷᠭ᠎ᠠ ᠶᠢᠨ ᠵᠡᠭᠦᠨᠳᠠᠢ ᠰᠦᠮᠠᠴᠢᠨ ᠲᠤᠰᠬᠤᠨ ᠳᠤ ᠶᠤᠨᠳᠤᠨᠵᠠᠮᠰᠦ ᠲᠠᠯᠠᠢ ᠯᠠᠮᠠ | ᠶᠢᠨ ᠡᠴᠢᠭᠡ ᠰᠦᠮᠪᠦᠷ ᠲᠠᠶᠢᠵᠢ ᠶᠢᠨ ᠪᠠᠶᠢᠭᠤᠯᠤᠭᠰᠡᠨ ᠪᠠᠶᠠᠭᠤᠳ ᠪᠠᠭᠠᠳᠤᠷ ᠲᠠᠶᠢᠵᠢ ᠶᠢᠨ ᠰᠦᠮ᠎ᠡ ︽ᠰᠤᠶᠤᠯ ᠤᠨ | ᠶᠡᠭᠡ ᠬᠤᠪᠢᠰᠬᠠᠯ︾ ᠤᠨ ᠲᠤᠮᠳᠠ ᠰᠦᠢᠳᠴᠠᠢ᠃ ᠡᠳᠡᠭᠡᠷ ᠰᠦᠮ᠎ᠡ ᠬᠡᠶᠢᠳ ᠢ ᠪᠠᠶᠢᠭᠤᠯᠤᠭᠰᠡᠨ ᠶᠠᠪᠤᠳᠠᠯ ᠨᠢ | ᠮᠤᠩᠭᠤᠯ ᠤᠶᠢᠷᠠᠳ ᠬᠤᠶᠠᠷ ᠤᠨ ᠦᠶ᠎ᠡ ᠠᠴᠠ ᠠᠪᠤᠭᠠᠳ ᠬᠥᠬᠡᠬᠤᠲᠠ ᠶᠢ ᠭᠡᠷᠡᠯ ᠲᠤᠶᠠᠭ᠎ᠠ ᠰᠠᠴᠤᠷᠠᠭᠰᠡᠨ ᠭᠤᠶᠤ | ᠦᠵᠡᠮᠵᠢᠳᠠᠢ ᠬᠤᠳᠠ ᠪᠤᠯᠭᠠᠪᠠ᠃ ᠡᠭᠦᠨ ᠤ ᠵᠡᠷᠭᠡᠴᠡᠭᠡ ᠪᠠᠷ᠂ ᠬᠦᠬᠡ ᠬᠤᠳᠡ ᠨᠢ ᠮᠤᠩᠭᠤᠯ᠂ ᠲᠦᠪᠡᠳ᠂ ᠬᠢᠳᠠᠳ | ᠵᠡᠷᠭᠡ ᠤᠯᠠᠨ ᠦᠨᠳᠦᠰᠦᠳᠠᠨ ᠪᠡ ᠮᠤᠩᠭᠤᠯ ᠤᠨ ᠤᠯᠠᠨ ᠠᠶᠢᠮᠠᠭ ᠤᠨ ᠬᠤᠭᠤᠷᠤᠨᠳᠤᠬᠢ ᠠᠵᠦ ᠠᠬᠤᠢ᠂ ᠰᠤᠶᠤᠯ | ᠤᠨ ᠲᠦᠪ ᠪᠤᠯᠤᠭᠰᠡᠨ ᠢᠶᠠᠷ ᠦᠯᠦ ᠪᠠᠷᠠᠮ᠂ ᠰᠢᠷ᠎ᠡ ᠶᠢᠨ ᠱᠠᠰᠢᠨ ᠤ ᠮᠤᠩᠭᠤᠯ ᠤᠷᠤᠨ ᠳᠤ ᠲᠡᠯᠭᠡᠷᠡᠬᠦ ᠰᠠᠭᠤᠷᠢᠨ | ᠭᠠᠵᠠᠷ ᠪᠤᠯᠵᠠᠢ᠃ ᠲᠡᠷᠡ ᠦᠶ᠎ᠡ ᠠᠴᠠ ᠡᠬᠢᠯᠡᠨ ᠶᠡᠭᠡ ᠬᠡᠮᠵᠢᠶᠡᠨ ᠤ ᠲᠦᠪᠡᠳ᠂ ᠬᠢᠳᠠᠳ ᠨᠤᠮ ᠰᠤᠳᠤᠷ ᠬᠦᠬᠡ | ᠬᠤᠳᠠᠨ ᠳᠤ ᠮᠤᠩᠭᠤᠯ ᠬᠡᠯᠡ ᠪᠠᠷ ᠤᠷᠴᠢᠭᠤᠯᠤᠭᠳᠠᠨ᠂ ᠠᠶᠤᠰᠢ ᠬᠦᠤᠰᠢ᠂ ᠰᠢᠷᠡᠭᠡᠳᠦ ᠬᠦᠤᠰᠢ ᠮᠡᠳᠦ ᠤᠨ | ᠮᠤᠩᠭᠤᠯ ᠦᠨᠳᠦᠰᠦᠳᠡᠨ ᠤ ᠬᠡᠯᠡ ᠲᠡᠤᠬᠡ ᠶᠢᠨ ᠡᠷᠳᠡᠮᠳᠠᠳ ᠭᠠᠷᠪᠡ᠃ ᠰᠦᠮ᠎ᠡ ᠬᠡᠶᠢᠳ ᠤᠨ ᠪᠦᠳᠦᠭᠡᠨ | ᠪᠠᠶᠢᠭᠤᠯᠤᠯᠳᠠ ᠶᠢ ᠲᠠᠭᠠᠯᠳᠤᠨ᠂ ᠰᠢᠬᠦᠷ ᠲᠠᠷᠬᠠᠨ᠂ ᠪᠠᠶᠢᠯ᠎ᠠ ᠲᠠᠷᠬᠠᠨ ᠮᠡᠳᠦ ᠶᠢᠨ ᠮᠤᠩᠭᠤᠯ ᠦᠨᠳᠦᠰᠦᠳᠠᠨ ᠤ | ᠪᠠᠷᠢᠯᠭ᠎ᠠ᠂ ᠤᠷᠠᠨ ᠵᠢᠷᠤᠭ ᠵᠡᠷᠭᠡ ᠤᠯᠠᠨ ᠲᠠᠯ᠎ᠠ ᠶᠢᠨ ᠡᠷᠳᠡᠮᠳᠠᠳ ᠢᠯᠡᠷᠡᠨ ᠭᠠᠷᠪᠡ᠃ ᠢᠩᠭᠢᠭᠡᠳ ᠮᠤᠩᠭᠤᠯ ᠤᠨ | ᠵᠡᠭᠦᠨ ᠭᠠᠷ ᠤᠨ ᠴᠠᠬᠠᠷ ᠲᠦᠮᠡᠨ᠂ ᠬᠠᠯᠬ᠎ᠠ ᠲᠦᠮᠡᠨ ᠪᠡ ᠲᠡᠭᠷᠢ ᠠᠭᠤᠯᠠ ᠶᠢᠨ ᠠᠷᠤ ᠦᠪᠦᠷ ᠤᠨ ᠲᠤᠮᠳᠠᠳᠦ | ᠲᠦᠷᠪᠡᠨ ᠤᠶᠢᠷᠠᠳ ᠬᠦᠷᠳᠡᠯ᠎ᠡ᠂ ᠪᠦᠷ ᠬᠦᠮᠦᠨ ᠢᠷᠡᠭᠦᠯᠦᠨ ᠬᠥᠬᠡᠬᠤᠲᠠ ᠠᠴᠠ ᠨᠤᠮ ᠰᠤᠳᠤᠷ ᠵᠠᠯᠠᠬᠤ ᠪᠤᠶᠤ | ᠰᠦᠮ᠎ᠡ ᠬᠡᠶᠢᠳ ᠪᠠᠶᠢᠭᠤᠯᠬᠤ ᠮᠡᠷᠭᠡᠵᠢᠯ ᠰᠤᠷᠤᠯᠴᠠᠬᠤ ᠪᠤᠯᠤᠭᠰᠡᠨ᠃ ᠠᠷᠤ ᠲᠤᠯᠤᠭᠠᠨ ᠬᠤᠰᠢᠭᠤ ᠬᠠᠯᠬ᠎ᠠ ᠶᠢᠨ | ᠹᠸᠤᠳᠠᠯ ᠨᠤᠶᠠᠳ 1586 ᠤᠨ ᠳᠤ ᠤᠷᠬᠤᠨ ᠭᠤᠤᠯ ᠤᠨ ᠵᠡᠭᠦᠨ ᠡᠷᠭᠢ ᠲᠡᠭᠡᠷ᠎ᠡ ᠭᠤᠪᠢ ᠶᠢᠨ ᠠᠷᠤ ᠶᠢᠨ ᠰᠢᠷ᠎ᠡ | ᠶᠢᠨ ᠱᠠᠰᠢᠨ ᠤ ᠠᠩᠬᠠᠳᠤᠭᠠᠷ ᠰᠦᠮ᠎ᠡ ᠪᠤᠯᠬᠤ ᠡᠷᠳᠡᠨᠢ ᠵᠤᠤ ᠶᠢ ᠪᠠᠶᠢᠭᠤᠯᠬᠤ ᠳᠤ ᠮᠦᠨ ᠬᠥᠬᠡᠬᠤᠲᠠ ᠶᠢᠨ ᠶᠡᠭᠡ | ᠵᠤᠤ ᠶᠢᠨ ᠦᠯᠢᠭᠡᠷ ᠮᠠᠶ᠋ᠢᠭ ᠢ ᠲᠠᠭᠤᠷᠢᠶᠠᠭᠰᠡᠨ᠃ ᠮᠢᠩ ᠤᠯᠤᠰ ᠤᠨ ᠰᠡᠭᠦᠯᠴᠢ ᠴᠢᠩ ᠤᠯᠤᠰ ᠤᠨ ᠡᠬᠢᠨ ᠤ ᠦᠶ᠎ᠡ | ᠪᠤᠯᠤᠭᠠᠳ᠂ ᠵᠠᠷᠢᠮ ᠳᠠᠭᠠᠨ ᠬᠥᠬᠡᠬᠤᠲᠠ ᠬᠡᠮᠡᠬᠦ ᠨᠡᠷ᠎ᠡ ᠴᠦ ᠵᠤᠤ ᠬᠤᠳᠠ ᠬᠡᠮᠡᠬᠦ ᠨᠡᠷ᠎ᠡ ᠪᠠᠷ ᠤᠷᠤᠯᠠᠭᠳᠠᠬᠤ ᠪᠤᠯᠵᠠᠢ᠃ | ᠡᠭᠦᠨ ᠠᠴᠠ᠂ ᠬᠥᠬᠡᠬᠤᠲᠠ ᠳᠠᠬᠢ ᠮᠤᠩᠭᠤᠯ ᠤᠶᠢᠷᠠᠳ ᠬᠤᠶᠠᠷ ᠤᠨ ᠦᠶ᠎ᠡ ᠶᠢᠨ ᠰᠦᠮ᠎ᠡ ᠬᠡᠶᠢᠳ ᠮᠤᠩᠭᠤᠯ ᠤᠨ | ᠡᠯ᠎ᠡ ᠠᠶᠢᠮᠠᠭ ᠲᠤ ᠬᠢᠷᠢ ᠵᠡᠷᠭᠡ ᠶᠡᠭᠡ ᠨᠦᠯᠦᠭᠡ ᠲᠠᠢ ᠪᠠᠶᠢᠭᠰᠡᠨ ᠢ ᠮᠡᠳᠡᠵᠦ ᠪᠤᠯᠤᠨ᠎ᠡ᠃ | ᠬᠤᠶᠠᠷ᠂ ᠴᠢᠩ ᠤᠯᠤᠰ ᠤᠨ ᠦᠶ᠎ᠡ ᠶᠢᠨ ᠶᠢᠰᠦᠨ ᠰᠦᠮ᠎ᠡ | ᠮᠠᠨᠵᠦ ᠶᠢᠨ ᠰᠡᠴᠡᠨ ᠬᠠᠭᠠᠨ 1632 ᠤᠨ ᠳᠤ ᠮᠤᠩᠭᠤᠯ ᠤᠨ ᠯᠢᠭᠳᠡᠨ ᠬᠠᠭᠠᠨ ᠢ ᠲᠡᠶᠢᠯᠦᠭᠡᠳ ᠬᠦᠬᠡ | ᠬᠤᠳᠠᠨᠡ ᠢᠷᠡᠵᠦ ᠶᠡᠭᠡ ᠵᠤᠤ ᠳᠤ ᠪᠠᠭᠤᠵᠦ᠂ ᠦᠪᠡᠷ ᠤᠨ ᠨᠡᠷ᠎ᠡ ᠬᠦᠨᠳᠦ ᠪᠠᠷ ᠢᠶᠠᠨ ᠭᠡᠭᠡᠨ ᠬᠠᠭᠠᠨ ᠤ ᠰᠦᠮ᠎ᠡ ᠶᠢ | ᠬᠠᠮᠠᠭᠠᠯᠠᠨ᠎ᠡ ᠭᠡᠵᠦ ᠲᠤᠩᠬᠠᠭᠯᠠᠪᠠ᠃ ᠲᠡᠭᠦᠨ ᠤ ᠴᠤᠬᠤᠮ ᠰᠠᠨᠠᠭ᠎ᠠ ᠨᠢ ᠪᠡᠶ᠎ᠡ ᠪᠠᠨ ᠮᠤᠩᠭᠤᠯ ᠤᠨ ᠪᠠᠷᠭᠤᠨ ᠭᠠᠷ | ᠤᠨ ᠲᠦᠮᠡᠳ ᠤᠨ ᠠᠯᠳᠠᠨ ᠬᠠᠭᠠᠨ ᠤ ᠱᠠᠰᠢᠨ ᠲᠦᠷᠦ ᠶᠢ ᠵᠠᠯᠭᠠᠮᠵᠢᠯᠠᠪᠠ ᠭᠡᠵᠦ ᠢᠯᠡᠷᠬᠡᠶᠢᠯᠡᠭᠰᠡᠨ ᠶᠠᠪᠤᠳᠠᠯ ᠪᠤᠯᠬᠤ | ᠶᠤᠮ᠃ ᠨᠡᠨ ᠨᠢ ᠮᠤᠩᠭᠤᠯ ᠤᠨ ᠯᠢᠭᠳᠡᠨ ᠬᠠᠭᠠᠨ ᠤ ᠰᠢᠷ᠎ᠡ ᠶᠢᠨ ᠱᠠᠰᠢᠨ ᠢ ᠡᠰᠡᠷᠭᠦᠴᠡᠬᠦ ᠲᠦᠷᠦ ᠶᠢᠨ ᠪᠤᠳᠤᠯᠭ᠎ᠠ | ᠲᠠᠢ ᠢᠯᠡᠷᠬᠡᠢ ᠠᠳᠠᠯᠢᠳᠬᠠᠯ ᠪᠤᠯᠤᠭᠠᠳ᠂ ᠮᠤᠩᠭᠤᠯ ᠤᠨ ᠡᠯ᠎ᠡ ᠠᠶᠢᠮᠠᠭ ᠤᠨ ᠲᠤᠳᠤᠭᠠᠳᠦ ᠶᠢᠨ ᠵᠦᠷᠢᠴᠡᠯ ᠢ | ᠶᠡᠬᠡᠳᠭᠡᠭᠰᠡᠨ ᠢᠶᠠᠷ ᠦᠯᠦ ᠪᠠᠷᠠᠮ᠂ ᠬᠥᠬᠡᠬᠤᠲᠠ ᠶᠢᠨ ᠬᠤᠳᠤᠭᠳᠦ ᠬᠤᠪᠢᠯᠭᠠᠳ ᠢ ᠪᠡᠶ᠎ᠡ ᠳᠡᠭᠡᠨ ᠲᠠᠳᠠᠵᠦ᠂ ᠤᠤᠯ | ᠭᠠᠵᠠᠷ ᠤᠷᠤᠨ ᠤ ᠮᠤᠩᠭᠤᠯ ᠤᠨ ᠦᠷᠭᠡᠨ ᠤᠯᠠᠨ ᠰᠦᠰᠦᠭᠳᠡᠨ ᠲᠦᠮᠡᠨ ᠤ ᠬᠠᠷᠢ ᠦᠨᠳᠦᠰᠦᠳᠠᠨ ᠤ ᠲᠦᠷᠢᠮᠬᠡᠶᠢᠯᠡᠯ | ᠢ ᠡᠰᠡᠷᠭᠦᠴᠡᠬᠦ ᠵᠤᠷᠢᠭ ᠰᠠᠨᠠᠭ᠎ᠠ ᠶᠢ ᠪᠠᠳᠠᠷᠠᠭᠤᠯᠤᠭᠰᠡᠨ᠃ ᠴᠠᠬᠠᠷ ᠤᠨ ᠮᠡᠷᠭᠡᠨ ᠯᠠᠮᠠ ᠮᠤᠩᠭᠤᠯ ᠤᠨ ᠮᠠᠬᠠᠺᠠᠯᠠ | ᠪᠤᠷᠬᠠᠨ ᠢ ᠮᠠᠨᠵᠦ ᠶᠢᠨ ᠰᠡᠴᠡᠨ ᠬᠠᠭᠠᠨ ᠳᠤ ᠬᠦᠷᠭᠡᠬᠦ ᠠᠴᠠ ᠡᠮᠦᠨ᠎ᠡ᠂ ᠬᠥᠬᠡᠬᠤᠲᠠ ᠶᠢᠨ ᠠᠰᠢᠩ ᠯᠠᠮᠠ᠂ ᠨᠠᠶᠢᠵᠢ | ᠲᠤᠶᠢᠨ᠂ ᠴᠠᠬᠠᠷ ᠲᠢᠶᠠᠨᠴᠢ᠂ ᠮᠡᠷᠭᠡᠨ ᠲᠢᠶᠠᠨᠴᠢ ᠪᠡᠶ᠎ᠡ ᠪᠠᠷ ᠢᠶᠠᠨ ᠮᠦᠭᠳᠡᠨ ᠬᠤᠳᠠ ᠳᠤ ᠬᠦᠷᠴᠦ ᠮᠠᠨᠵᠦ ᠶᠢ | ᠲᠠᠭᠠᠪᠠ᠃ ᠨᠠᠶᠢᠵᠢ ᠲᠤᠶᠢᠨ ᠲᠦᠰᠢᠶᠡᠳᠦ ᠴᠢᠨ ᠸᠠᠩ ᠤᠨ ᠬᠤᠰᠢᠭᠤᠨᠡ ᠪᠠᠶᠠᠨ ᠬᠤᠰᠢᠭᠤ ᠰᠦᠮ᠎ᠡ ᠶᠢ | ᠪᠠᠶᠢᠭᠤᠯᠤᠨ᠂ ᠨᠤᠨ ᠠᠷᠪᠠᠨ ᠬᠤᠰᠢᠭᠤ᠂ ᠮᠤᠩᠭᠤᠯ ᠨᠠᠶᠢᠮᠠᠨ ᠬᠤᠰᠢᠭᠤ᠂ ᠵᠤᠰᠤᠳᠦ ᠶᠢᠨ ᠴᠢᠭᠤᠯᠭᠠᠨ᠂ ᠵᠤᠤ | ᠤᠳᠠ ᠶᠢᠨ ᠴᠢᠭᠤᠯᠭᠠᠨ ᠤ ᠲᠠᠬᠢᠯ ᠤᠨ ᠤᠷᠤᠨ ᠪᠤᠯᠤᠭᠰᠡᠨ᠃ ᠠᠰᠢᠩ ᠯᠠᠮᠠ ᠮᠦᠭᠳᠡᠨ ᠤ ᠮᠠᠭᠠᠳ ᠢᠯᠭᠤᠭᠰᠡᠨ | ᠰᠦᠮ᠎ᠡ ᠶᠢ ᠡᠷᠬᠢᠯᠡᠵᠦ᠂ ᠬᠤᠵᠢᠮ ᠨᠢ ᠬᠦᠷᠢᠶ᠎ᠡ ᠬᠤᠰᠢᠭᠤᠨ ᠤ ᠵᠠᠰᠠᠭ ᠤᠨ ᠯᠠᠮᠠ ᠪᠤᠯᠪᠠ᠃ ᠬᠥᠬᠡᠬᠤᠲᠠ ᠶᠢᠨ | ᠤᠰᠤᠳᠦ ᠶᠢᠨ ᠪᠠᠷᠭᠤᠨ ᠵᠤᠤ ᠶᠢᠨ ᠴᠠᠬᠠᠷ ᠲᠢᠶᠠᠨᠴᠢ ᠬᠤᠳᠤᠭᠳᠦ ᠮᠦᠨ ᠪᠡᠶ᠎ᠡ ᠪᠠᠷ ᠢᠶᠠᠨ ᠮᠦᠭᠳᠡᠨ ᠳᠤ ᠤᠴᠢᠵᠦ | ᠮᠠᠨᠵᠦ ᠶᠢᠨ ᠰᠡᠴᠡᠨ ᠬᠠᠭᠠᠨ ᠳᠤ ᠬᠦᠨᠳᠦ ᠪᠡᠯᠡᠭ ᠪᠠᠷᠢᠵᠦ᠂ ᠲᠡᠭᠦᠨ ᠢ ᠰᠢᠳᠤᠷᠭᠤ ᠪᠠᠷ ᠲᠠᠭᠠᠬᠤ ᠰᠡᠳᠭᠢᠯ ᠪᠠᠨ | ᠢᠯᠡᠷᠬᠡᠶᠢᠯᠡᠭᠰᠡᠨ᠃ ᠡᠶᠢᠨᠬᠦ᠂ ᠬᠥᠬᠡᠬᠤᠲᠠ ᠨᠢ ᠮᠤᠩᠭᠤᠯ ᠤᠶᠢᠷᠠᠳ ᠬᠤᠶᠠᠷ ᠤᠨ ᠦᠶ᠎ᠡ ᠳᠤ ᠮᠤᠩᠭᠤᠯ ᠤᠷᠤᠨ | ᠪᠤᠯᠤᠨ ᠲᠤᠳᠤᠷ᠎ᠡ ᠭᠠᠵᠠᠷ᠂ ᠮᠦᠨ ᠲᠡᠷᠡᠴᠢᠯᠡᠨ ᠮᠤᠩᠭᠤᠯ ᠤᠨ ᠤᠯᠠᠨ ᠠᠶᠢᠮᠠᠭ ᠤᠨ ᠬᠤᠭᠤᠷᠤᠨᠳᠤᠬᠢ ᠠᠵᠦ ᠠᠬᠤᠢ | ᠂ ᠰᠤᠶᠤᠯ ᠪᠤᠯᠪᠠᠰᠤᠷᠠᠯ᠂ ᠱᠠᠰᠢᠨ ᠰᠤᠷᠳᠠᠬᠤᠨ ᠤ ᠬᠠᠷᠢᠯᠴᠠᠭᠠᠨ ᠤ ᠲᠦᠪ ᠪᠠᠶᠢᠭᠰᠡᠨ ᠪᠤᠯ᠂ ᠴᠢᠩ ᠤᠯᠤᠰ ᠤᠨ | ᠦᠶ᠎ᠡ ᠳᠤ ᠮᠠᠨᠵᠦ ᠬᠠᠭᠠᠨ ᠠᠴᠠ ᠰᠢᠷ᠎ᠡ ᠶᠢᠨ ᠱᠠᠰᠢᠨ ᠤ ᠬᠤᠳᠤᠭᠳᠦ ᠬᠤᠪᠢᠯᠭᠠᠳ ᠢ ᠠᠰᠢᠭᠯᠡᠨ ᠮᠤᠩᠭᠤᠯ ᠤᠨ | ᠤᠯᠠᠨ ᠠᠶᠢᠮᠠᠭ ᠤᠨ ᠹᠸᠤᠳᠠᠯ ᠨᠤᠶᠠᠳ ᠲᠠᠢ ᠬᠠᠷᠢᠴᠠᠭ᠎ᠠ ᠬᠤᠯᠪᠤᠭ᠎ᠠ ᠠᠪᠬᠤ ᠪᠤᠶᠤ ᠲᠡᠳᠡᠨ ᠢ ᠤᠷᠤᠭᠤᠯᠵᠦ ᠠᠪᠬᠤ | ᠭᠤᠤᠯ ᠭᠠᠵᠠᠷ ᠪᠤᠯᠤᠭᠰᠡᠨ᠃ | ᠴᠢᠩ ᠤᠯᠤᠰ ᠤᠨ ᠨᠤᠶᠠᠷᠬᠠᠯ ᠦᠪᠦᠷ ᠮᠤᠩᠭᠤᠯ ᠳᠤ ᠲᠤᠭᠳᠠᠨᠢᠭᠰᠡᠨ ᠠᠴᠠ ᠮᠠᠨᠵᠦ ᠶᠢᠨ ᠰᠡᠴᠡᠨ ᠬᠠᠭᠠᠨ | 1640 ᠤᠨ ᠳᠤ ᠬᠥᠬᠡᠬᠤᠲᠠ ᠶᠢᠨ ᠲᠦᠮᠡᠳ ᠤᠨ ᠡᠵᠡᠨ ᠭᠦᠯᠦᠭᠡ ᠴᠦᠬᠦᠷ ᠲᠤ ᠵᠠᠷᠯᠢᠭ ᠪᠠᠭᠤᠯᠭᠠᠨ᠂ ᠲᠦᠮᠡᠳ | ᠤᠨ ᠵᠡᠭᠦᠨ ᠪᠡᠷᠭᠤᠨ ᠬᠤᠶᠠᠷ ᠭᠠᠷ ᠠᠴᠠ ᠵᠠᠩᠬᠢ ᠯᠠᠪᠳᠠᠢ ᠪᠤᠯᠤᠨ ᠪᠤᠶᠠᠨᠳᠦ ᠶᠢ ᠲᠤᠰ ᠲᠤᠰ ᠭᠠᠷᠭᠠᠵᠦ᠂ ᠰᠦᠮ᠎ᠡ | ᠶᠢᠨ ᠲᠡᠮᠴᠢ ᠨᠠᠷ ᠲᠠᠢ ᠬᠠᠮᠳᠤᠷᠠᠭᠤᠯᠤᠨ ᠶᠡᠭᠡ ᠵᠤᠤ ᠶᠢ ᠬᠠᠮᠤᠭ ᠤᠨ ᠲᠡᠷᠢᠭᠦᠨ ᠳᠤ ᠶᠡᠬᠡᠳᠭᠡᠨ ᠵᠠᠰᠠᠭᠤᠯᠵᠦ᠂ | ᠵᠠᠷᠯᠢᠭ ᠢᠶᠠᠷ ︽ᠴᠠᠭᠯᠠᠰᠢ ᠦᠭᠡᠢ ᠰᠦᠮ᠎ᠡ︾ ᠬᠡᠮᠡᠬᠦ ᠮᠠᠨᠵᠦ᠂ ᠮᠤᠩᠭᠤᠯ᠂ ᠬᠢᠳᠠᠳ ᠭᠤᠷᠪᠡᠨ ᠵᠦᠢᠯ ᠤᠨ ᠦᠰᠦᠭ | ᠬᠠᠪᠰᠤᠷᠭᠠᠭᠰᠡᠨ ᠰᠦᠮ᠎ᠡ ᠶᠢᠨ ᠢᠯᠡᠷᠬᠡᠶᠢᠯᠡᠯ ᠱᠠᠩᠨᠠᠭᠠᠳ᠂ ᠪᠠᠰᠠ ︽ᠪᠤᠭᠳᠠ ᠡᠵᠡᠨ ᠲᠦᠮᠡᠨ ᠨᠠᠰᠤᠯᠠᠳᠤᠭᠠᠢ︾ | ᠭᠡᠰᠡᠨ ᠠᠯᠳᠠᠨ ᠫᠠᠶᠢᠰᠠ ᠦᠢᠯᠡᠳᠴᠦ ᠶᠡᠭᠡ ᠵᠤᠤ ᠳᠤ ᠲᠤᠰᠢᠶᠠᠨ ᠦᠭᠴᠦ ᠲᠠᠬᠢᠭᠤᠯᠪᠠ᠃ 1652 ᠤᠨ ᠳᠤ | ᠲᠠᠪᠤᠳᠤᠭᠠᠷ ᠲᠦᠷᠢ ᠶᠢᠨ ᠲᠠᠯᠠᠢ ᠯᠠᠮᠠ ᠯᠤᠪᠰᠠᠩᠵᠠᠮᠰᠦ ᠴᠢᠩ ᠤᠯᠤᠰ ᠤᠨ ᠡᠶᠡᠪᠡᠷ ᠵᠠᠰᠠᠭᠴᠢ ᠬᠠᠭᠠᠨ ᠤ ᠵᠠᠯᠠᠯᠭ᠎ᠠ | ᠪᠠᠷ ᠲᠦᠪᠡᠳ ᠠᠴᠠ ᠪᠡᠭᠡᠵᠢᠩ ᠳᠤ ᠢᠷᠡᠬᠦ ᠪᠤᠶᠤ ᠪᠤᠴᠠᠬᠤ ᠵᠠᠮ ᠳᠠᠭᠠᠨ ᠪᠦᠷ ᠬᠥᠬᠡᠬᠤᠲᠠ ᠶᠢ ᠲᠠᠭᠠᠷᠢᠵᠦ᠂ | ᠲᠦᠮᠡᠳ ᠤᠨ ᠠᠯᠳᠠᠨ ᠬᠠᠭᠠᠨ ᠪᠤᠯᠤᠨ ᠰᠤᠳᠨᠠᠮᠵᠠᠮᠰᠦ ᠲᠠᠯᠠᠢ ᠯᠠᠮᠠ ᠶᠢᠨ ᠦᠶ᠎ᠡ ᠳᠤ ᠪᠠᠶᠢᠭᠤᠯᠤᠭᠰᠡᠨ ᠶᠡᠭᠡ ᠵᠤᠤ᠂ | ᠰᠢᠷᠡᠭᠡᠳᠦ ᠵᠤᠤ ᠳᠤ ᠲᠢᠶᠡᠨ ᠤᠷᠤᠰᠢᠯ ᠠᠶᠢᠯᠠᠳᠤᠨ ᠴᠡᠴᠡᠭ ᠡᠷᠭᠦᠭᠡᠳ᠂ ᠠᠷᠤ ᠦᠪᠦᠷ ᠮᠤᠩᠭᠤᠯ ᠤᠨ ᠹᠸᠤᠳᠡᠯ | ᠨᠤᠶᠠᠳ ᠲᠤ ᠮᠦᠷᠭᠦᠯ ᠲᠠᠯᠪᠢᠭᠰᠡᠨ᠃ ᠡᠶᠢᠨᠬᠦ᠂ ᠬᠥᠬᠡᠬᠤᠲᠠ ᠤᠷᠤᠨ ᠳᠤ ᠴᠢᠩ ᠤᠯᠤᠰ ᠤᠨ ᠡᠶᠡᠪᠡᠷ ᠵᠠᠰᠠᠭᠴᠢ | ᠬᠠᠭᠠᠨ ᠤ ᠦᠶ᠎ᠡ ᠳᠤ ᠰᠦᠮ᠎ᠡ ᠬᠡᠶᠢᠳ ᠪᠠᠶᠢᠭᠤᠯᠬᠤ ᠠᠩᠬᠠᠳᠤᠭᠠᠷ ᠤᠳᠠᠭᠠᠨ ᠤ ᠦᠷᠨᠢᠯᠳᠠ ᠪᠤᠢ ᠪᠤᠯᠤᠭᠠᠳ᠂ | ᠲᠠᠪᠤᠬᠠᠨ ᠵᠢᠯ ᠤᠨ ᠬᠤᠭᠤᠷᠤᠨᠳᠦ ᠭᠤᠷᠪᠡᠨ ᠬᠦᠷᠢᠶ᠎ᠡ ᠰᠦᠮ᠎ᠡ ᠨᠡᠮᠡᠵᠦ ᠪᠠᠶᠢᠭᠤᠯᠤᠭᠰᠡᠨ᠃ 1655 ᠤᠨ ᠳᠤ᠂ | ᠬᠥᠬᠡᠬᠤᠲᠠ ᠶᠢᠨ ᠪᠠᠷᠭᠤᠨᠳᠠᠢ ᠵᠢᠷᠠᠨ ᠭᠠᠵᠠᠷ ᠬᠤᠯᠠ ᠪᠠᠶᠢᠭ᠎ᠠ ᠰᠢᠪᠠᠭᠤᠴᠢ ᠲᠤᠰᠬᠤᠨ ᠤ ᠠᠷᠤ ᠠᠭᠤᠯᠠᠨ ᠤ ᠦᠪᠦᠷ | ᠲᠤ ᠴᠠᠭᠠᠨ ᠲᠢᠶᠠᠨᠴᠢ ᠬᠤᠳᠤᠭᠳᠦ ᠠᠴᠠ ︽ᠨᠠᠰᠤᠳᠠ ᠠᠰᠠᠷᠠᠯᠳᠦ ᠰᠦᠮ᠎ᠡ︾ ᠶᠢ ᠪᠠᠶᠢᠭᠤᠯᠪᠠ᠃ ᠮᠦᠨ ᠤᠨ ᠳᠤ᠂ | ᠬᠥᠬᠡᠬᠤᠲᠠ ᠶᠢᠨ ᠵᠡᠭᠦᠨ ᠬᠤᠶᠢᠳᠦ ᠵᠢᠷᠡᠨ ᠭᠠᠵᠠᠷ ᠲᠤ ᠡᠷᠳᠡᠨᠢ ᠲᠢᠶᠠᠨᠴᠢ ᠬᠤᠳᠤᠭᠳᠦ ᠪᠠᠷ ︽ᠪᠤᠶᠠᠨ ᠢ | ᠮᠠᠨᠳᠤᠭᠤᠯᠤᠭᠴᠢ ᠰᠦᠮ᠎ᠡ︾ ᠶᠢ ᠪᠠᠶᠢᠭᠤᠯᠪᠠ᠃ ᠬᠥᠬᠡᠬᠤᠲᠠ ᠳᠤ ᠨᠡᠨ ᠰᠦᠮ᠎ᠡ ᠶᠢ ᠶᠡᠷᠤ ᠳᠡᠭᠡᠨ ᠵᠡᠭᠦᠨ ᠯᠠᠮᠠ ᠶᠢᠨ | ᠠᠭᠤᠢ ᠰᠦᠮ᠎ᠡ ᠬᠡᠮᠡᠨ᠂ ᠠᠩᠬᠠᠨ ᠤ ᠪᠤᠭᠳᠠ ᠴᠠᠭᠠᠨ ᠯᠠᠮᠠ ᠶᠢᠨ ᠪᠢᠰᠢᠯᠭᠠᠯ ᠤᠨ ᠤᠷᠤᠨ ᠪᠠᠶᠢᠭᠰᠡᠨ ᠪᠠᠷᠭᠤᠨ ᠯᠠᠮᠠ | ᠶᠢᠨ ᠠᠭᠤᠢ ᠰᠦᠮ᠎ᠡ ᠠᠴᠠ ᠢᠯᠭᠠᠳᠠᠭ᠃ 1661 ᠤᠨ ᠳᠤ ᠯᠤᠪᠰᠠᠩᠵᠠᠮᠰᠦ ᠲᠠᠯᠠᠢ ᠯᠠᠮᠠ ᠶᠢᠨ ᠵᠠᠯᠠᠯᠭ᠎ᠠ ᠳᠤ | ᠲᠡᠷᠢᠭᠦᠨ ᠤ ᠡᠯᠴᠢ ᠪᠠᠷ ᠶᠠᠪᠤᠭᠰᠡᠨ ᠰᠢᠷᠡᠪᠡ ᠯᠠᠮᠠ ᠬᠠᠷᠢᠭᠤᠴᠠᠨ᠂ ᠬᠥᠬᠡᠬᠤᠲᠠ ᠶᠢᠨ ᠬᠠᠭᠤᠴᠢᠨ ᠬᠤᠳᠠ ᠶᠢᠨ | ᠪᠠᠷᠭᠤᠨᠳᠠᠢ ᠬᠤᠶᠠᠷ ᠭᠠᠵᠠᠷ ᠪᠠᠶᠢᠬᠤ ᠵᠠᠳᠠᠭᠠᠢ ᠭᠤᠤᠯ ᠤᠨ ᠡᠷᠭᠢ ᠲᠡᠭᠡᠷ᠎ᠡ ︽ᠦᠯᠵᠡᠢ ᠶᠢ ᠡᠷᠬᠢᠮ ᠪᠤᠯᠭᠠᠭᠴᠢ | ᠰᠦᠮ᠎ᠡ︾ ᠶᠢ ᠪᠠᠶᠢᠭᠤᠯᠤᠭᠰᠡᠨ ᠪᠠᠶᠢᠨ᠎ᠡ᠃ ᠡᠨᠡᠬᠦ ᠰᠦᠮ᠎ᠡ ᠶᠢ ᠬᠤᠵᠢᠮ ᠨᠢ ᠰᠢᠷᠠᠪᠠ ᠯᠠᠮᠠ ᠶᠢᠨ ᠱᠠᠪᠢ ᠫᠤᠩᠰᠤᠭ | ᠶᠡᠬᠡᠳᠭᠡᠨ ᠵᠠᠰᠠᠭᠰᠡᠨ ᠠᠴᠠ᠂ ᠲᠡᠭᠦᠨ ᠢ ᠶᠡᠷᠦᠨᠢ ᠫᠤᠩᠰᠤᠭ ᠵᠤᠤ ᠭᠡᠵᠦ ᠨᠡᠷᠡᠯᠡᠬᠦ ᠪᠤᠯᠵᠠᠢ᠃ ᠫᠤᠩᠰᠤᠭ ᠵᠤᠤ ᠳᠤ | ᠵᠡᠭᠦᠭᠠᠷ ᠬᠠᠭᠠᠨᠳᠦ ᠤᠯᠤᠰ ᠤᠨ ᠭᠠᠯᠳᠠᠨ ᠪᠤᠱᠤᠭᠳᠦ ᠬᠠᠭᠠᠨ ᠢ ᠲᠡᠮᠵᠢᠵᠦ ᠪᠠᠶᠢᠭᠰᠡᠨ ᠢᠯᠠᠭᠤᠭᠰᠡᠨ ᠬᠤᠳᠤᠭᠳᠦ | ᠰᠠᠭᠤᠵᠦ ᠪᠠᠶᠢᠪᠠ᠃ ᠬᠤᠵᠢᠮ᠂ ᠵᠠᠶᠠᠭᠠᠳᠠᠢ ᠨᠦᠬᠦᠷ ᠬᠤᠪᠢᠰᠬᠠᠯ ᠬᠢᠬᠦ ᠳᠡᠭᠡᠨ ᠮᠦᠨ ᠲᠤᠰ ᠰᠦᠮ᠎ᠡ ᠪᠠᠷ ᠰᠠᠭᠤᠷᠢᠨ | ᠭᠠᠵᠠᠷ ᠪᠤᠯᠭᠠᠵᠦ ᠪᠠᠶᠢᠭᠰᠡᠨ᠃ ᠴᠢᠩ ᠤᠯᠤᠰ ᠤᠨ ᠵᠠᠰᠠᠭ ᠤᠨ ᠭᠠᠵᠠᠷ ᠠᠴᠠ ᠡᠶᠡᠪᠡᠷ ᠵᠠᠰᠠᠭᠴᠢ ᠶᠢᠨ ᠦᠶ᠎ᠡ ᠳᠤ | ᠲᠡᠭᠡᠷᠡᠬᠢ ᠭᠤᠷᠪᠠᠨ ᠰᠦᠮ᠎ᠡ ᠶᠢ ᠵᠦᠪᠰᠢᠶᠡᠷᠡᠨ ᠪᠠᠶᠢᠭᠤᠯᠤᠭᠰᠡᠨ ᠶᠠᠪᠤᠳᠠᠯ ᠨᠢ᠂ ᠲᠤᠬᠠᠢ ᠶᠢᠨ ᠦᠶ᠎ᠡ ᠶᠢᠨ ᠠᠷᠤ | ᠬᠠᠯᠬ᠎ᠠ᠂ ᠤᠶᠢᠷᠠᠳ ᠮᠤᠩᠭᠤᠯ ᠬᠢᠭᠡᠳ ᠲᠦᠪᠡᠳ ᠤᠨ ᠬᠤᠭᠤᠷᠤᠨᠳᠤᠬᠢ ᠬᠠᠷᠢᠴᠠᠭᠠᠨ ᠳᠤ ᠯᠤᠳᠤ ᠶᠡᠭᠡ ᠦᠢᠯᠡᠳᠦᠯ | ᠭᠠᠷᠭᠠᠭᠰᠡᠨ ᠪᠢᠯᠡ᠃ | 1661 ᠤᠨ ᠠᠴᠠ ᠬᠤᠶᠢᠰᠢ᠂ ᠴᠢᠩ ᠤᠯᠤᠰ ᠤᠨ ᠲᠦᠷᠦ ᠶᠢᠨ ᠶᠡᠭᠡ ᠡᠷᠬᠡ ᠶᠢ ᠪᠠᠷᠢᠭᠰᠡᠨ ᠡᠩᠬᠡ | ᠠᠮᠤᠭᠤᠯᠠᠩ ᠬᠠᠭᠠᠨ ᠪᠤᠯᠤᠨ ᠰᠢᠷ᠎ᠡ ᠶᠢᠨ ᠱᠠᠰᠢᠨ ᠤ ᠬᠠᠭᠠᠨ ᠯᠤᠪᠰᠠᠩᠵᠠᠮᠰᠦ ᠲᠠᠯᠠᠢ ᠯᠠᠮᠠ ᠶᠢᠨ ᠬᠤᠭᠤᠷᠤᠨᠳᠦ | ᠵᠦᠷᠢᠴᠡᠯ ᠡᠬᠢᠯᠡᠨ ᠡᠭᠦᠰᠦᠭᠰᠡᠨ᠃ ᠴᠢᠩ ᠤᠯᠤᠰ ᠤᠨ ᠵᠠᠰᠠᠭ ᠤᠨ ᠭᠠᠵᠠᠷ ᠠᠴᠠ ᠬᠢᠳᠠᠳ ᠤᠨ ᠪᠢᠴᠢᠭ ᠤᠨ | ᠰᠤᠷᠭᠠᠯᠳᠠᠨ ᠤ ᠠᠷᠭ᠎ᠠ ᠮᠡᠭᠡ ᠶᠢ ᠬᠡᠷᠡᠭᠯᠡᠵᠦ ᠰᠢᠷ᠎ᠡ ᠶᠢᠨ ᠱᠠᠰᠢᠨ ᠤ ᠬᠦᠴᠦ ᠶᠢ ᠰᠠᠯᠭᠠᠵᠦ᠂ ᠦᠪᠡᠷ ᠤᠨ ᠬᠦᠴᠦ | ᠪᠠᠨ ᠶᠡᠬᠡᠳᠭᠡᠬᠦ ᠶᠢᠨ ᠲᠦᠯᠦᠭᠡ᠂ ᠬᠦᠬᠡᠨᠠᠭᠤᠷ ᠲᠦᠪᠡᠳ ᠲᠤ ᠬᠤᠱᠤᠳ ᠤᠶᠢᠷᠠᠳ ᠤᠨ ᠬᠦᠤᠰᠢ ᠬᠠᠭᠠᠨ ᠤ ᠭᠤᠯ | ᠤᠭᠰᠠᠭ᠎ᠠ ᠲᠦᠷᠦᠯ ᠤᠨ ᠨᠤᠶᠠᠳ ᠢ ᠲᠡᠮᠵᠢᠵᠦ᠂ ᠠᠷᠤ ᠮᠤᠩᠭᠤᠯ ᠳᠤ ᠵᠢᠪᠽᠤᠨᠳᠠᠮᠪᠠ ᠬᠤᠳᠤᠭᠳᠦ ᠶᠢ ᠲᠡᠮᠵᠢᠵᠦ᠂ | ᠦᠪᠦᠷ ᠮᠤᠩᠭᠤᠯ ᠳᠤ ᠨᠠᠶᠢᠵᠢ ᠲᠤᠶᠢᠨ ᠢ ᠲᠡᠮᠵᠢᠵᠦ᠂ ᠪᠡᠭᠡᠵᠢᠩ ᠤᠨ ᠤᠯᠠᠨ ᠰᠦᠮ᠎ᠡ ᠶᠢᠨ ᠵᠠᠰᠠᠭ ᠵᠠᠬᠢᠷᠭᠠᠨ ᠢ | ᠴᠢᠩᠭᠠᠳᠬᠠᠬᠤ ᠶᠢᠨ ᠵᠡᠷᠭᠡᠴᠡᠭᠡ ᠪᠠᠷ᠂ ᠬᠥᠬᠡᠬᠤᠲᠠ ᠳᠤ ᠰᠦᠮ᠎ᠡ ᠬᠡᠶᠢᠳ ᠪᠠᠶᠢᠭᠤᠯᠬᠤ ᠬᠤᠶᠠᠳᠤᠭᠠᠷ ᠤᠳᠠᠭᠠᠨ ᠤ | ᠦᠷᠨᠢᠯᠳᠠ ᠭᠠᠷᠭᠠᠭᠰᠡᠨ᠃ ᠯᠤᠪᠰᠠᠩᠵᠠᠮᠰᠦ ᠲᠠᠯᠠᠢ ᠯᠠᠮᠠ1662 ᠤᠨ ᠳᠤ ᠵᠢᠪᠽᠤᠨᠳᠠᠮᠪᠠ ᠬᠤᠳᠤᠭᠳᠦ ᠶᠢᠨ | ᠬᠦᠴᠦ ᠶᠢ ᠪᠠᠭᠠᠰᠬᠠᠬᠤ ᠵᠢᠴᠢ ᠵᠠᠰᠠᠭᠳᠦ ᠬᠠᠭᠠᠨ ᠳᠤ ᠱᠠᠰᠢᠨ ᠰᠤᠷᠳᠠᠬᠤᠨ ᠤ ᠲᠠᠯ᠎ᠠ ᠶᠢᠨ ᠲᠤᠰᠠᠯᠠᠮᠵᠢ ᠦᠵᠡᠭᠦᠯᠬᠦ | ᠪᠠᠷ ᠲᠦᠪᠡᠳ ᠠᠴᠠ ᠽᠠᠶ᠎ᠠ ᠪᠠᠨᠳᠢᠳᠠ ᠬᠤᠳᠤᠭᠳᠦ ᠶᠢ ᠵᠠᠮ ᠠᠴᠠ ᠨᠢ ᠦᠯᠡᠳᠡᠭᠡᠵᠦ᠂ ᠬᠥᠬᠡᠬᠤᠲᠠ ᠶᠢᠨ ᠵᠡᠭᠦᠨ | ᠬᠤᠶᠢᠳᠦ ᠵᠠᠭᠤᠨ ᠭᠠᠵᠠᠷ ᠲᠠᠬᠢ ᠬᠠᠷᠠᠭᠴᠢᠨ ᠭᠤᠤ ᠶᠢᠨ ᠡᠬᠢ ᠵᠢᠷᠭᠠᠯᠠᠩᠳᠦ ᠠᠭᠤᠯᠠᠨ᠎ᠠ ︽ᠰᠠᠶᠢᠨ ᠢ ᠡᠷᠬᠢᠯᠡᠭᠴᠢ | ᠰᠦᠮ᠎ᠡ︾ ᠶᠢ ᠪᠠᠶᠢᠭᠤᠯᠤᠨ ᠰᠠᠭᠤᠯᠭᠠᠪᠠ᠃ 1669 ᠤᠨ ᠳᠤ᠂ ᠬᠦᠬᠡ ᠬᠤᠳᠠᠨᠡ ᠬᠠᠭᠤᠴᠢᠨ ᠬᠤᠳᠠ ᠶᠢᠨ | ᠪᠠᠷᠭᠤᠨ ᠡᠮᠦᠨ᠎ᠡ ᠬᠤᠶᠠᠷ ᠭᠠᠵᠠᠷ ᠵᠠᠶᠢᠳᠠᠢ ︽ᠦᠯᠵᠡᠢ ᠶᠢ ᠬᠦᠨᠳᠦᠳᠭᠡᠭᠴᠢ ᠰᠦᠮ᠎ᠡ︾ ᠶᠢ ᠪᠠᠶᠢᠭᠤᠯᠵᠦ᠂ ᠤᠮᠪᠤ | ᠵᠠᠮᠰᠠ ᠶᠢᠨ ᠬᠤᠪᠢᠯᠭᠠᠨ ᠢᠶᠠᠷ ᠡᠷᠬᠢᠯᠡᠭᠦᠯᠪᠡ᠃ 1685 ᠤᠨ ᠳᠤ᠂ ᠬᠤᠱᠤᠳ ᠤᠨ ᠬᠦᠤᠰᠢ ᠬᠠᠭᠠᠨ ᠤ ᠤᠭᠰᠠᠭ᠎ᠠ | ᠲᠦᠷᠦᠯ ᠪᠤᠯᠬᠤ ᠬᠤᠶᠠᠳᠤᠭᠠᠷ ᠲᠦᠷᠢ ᠶᠢᠨ ᠢᠯᠭᠤᠭᠰᠡᠨ ᠬᠤᠳᠤᠭᠳᠦ ᠶᠢ ᠵᠠᠯᠠᠵᠦ ᠬᠥᠬᠡᠬᠤᠲᠠ ᠶᠢᠨ ᠪᠦᠭᠦᠳᠠ ᠯᠠᠮᠠ | ᠪᠠᠨᠳᠢ ᠨᠠᠷ ᠢ ᠵᠠᠬᠢᠷᠤᠭᠴᠢ ᠵᠠᠰᠠᠭ ᠯᠠᠮᠠ ᠲᠠᠯᠪᠢᠭᠠᠳ᠂ ᠫᠤᠩᠰᠤᠭ ᠵᠤᠤ ᠳᠤ ᠰᠠᠭᠤᠯᠭᠠᠨ ᠲᠦᠪᠡᠳ ᠮᠤᠩᠭᠤᠯ ᠤᠨ | ᠬᠡᠷᠡᠭ ᠶᠠᠪᠤᠳᠠᠯ ᠤᠨ ᠴᠢᠮᠡᠭᠡ ᠶᠢ ᠲᠠᠮᠵᠢᠭᠤᠯᠬᠤ ᠨᠢᠳᠦ ᠴᠢᠬᠢ ᠪᠤᠯᠭᠠᠨ ᠲᠠᠩᠨᠠᠭᠤᠯ ᠤᠨ ᠠᠵᠢᠯ ᠬᠢᠯᠭᠡᠬᠦ ᠪᠠᠷ | ᠭᠤᠷᠢᠳᠠᠪᠠ᠃ ᠭᠡᠳᠡᠯ᠎ᠡ᠂ ᠬᠤᠶᠠᠳᠤᠭᠠᠷ ᠲᠦᠷᠢ ᠶᠢᠨ ᠢᠯᠭᠤᠭᠰᠡᠨ ᠬᠤᠳᠤᠭᠳᠦ ᠮᠠᠨᠵᠦ ᠬᠠᠭᠠᠨ ᠤ ᠴᠠᠭᠳᠠᠭ᠎ᠠ | ᠲᠠᠩᠨᠠᠭᠤᠯ ᠪᠤᠯᠤᠭᠰᠡᠨ ᠦᠭᠡᠢ ᠮᠦᠷᠳᠡᠭᠡᠨ᠂ ᠴᠢᠩ ᠤᠯᠤᠰ ᠪᠤᠯᠤᠨ ᠵᠡᠭᠦᠭᠠᠷ ᠬᠠᠭᠠᠨᠳᠦ ᠤᠯᠤᠰ ᠬᠤᠶᠠᠷ ᠤᠨ | ᠲᠠᠶᠢᠨ ᠤ ᠶᠠᠪᠤᠴᠠ ᠳᠤ ᠭᠠᠯᠳᠠᠨ ᠪᠤᠱᠤᠭᠳᠦ ᠬᠠᠭᠠᠨ ᠤ ᠲᠠᠯ᠎ᠠ ᠳᠤ ᠵᠤᠭᠰᠤᠵᠦ᠂ ᠴᠢᠩ ᠤᠯᠤᠰ ᠤᠨ ᠡᠩᠭᠡ | ᠠᠮᠤᠭᠤᠯᠠᠩ ᠬᠠᠭᠠᠨ ᠢ ᠨᠢᠭᠡᠨ ᠦᠶ᠎ᠡ ᠪᠤᠳᠤᠯ ᠠᠯᠳᠠᠭᠤᠯᠵᠦ ᠰᠠᠨᠳᠤᠷᠭᠠᠭᠰᠡᠨ ᠪᠢᠯᠠ᠃ ᠨᠠᠨ ᠲᠤᠬᠠᠢ ᠬᠥᠬᠡᠬᠤᠲᠠ | ᠶᠢᠨ ᠲᠦᠮᠡᠳ ᠮᠤᠩᠭᠤᠯᠴᠤᠳ ᠤᠨ ᠲᠤᠮᠳᠠ᠂ ᠬᠤᠶᠠᠳᠤᠭᠠᠷ ᠲᠦᠷᠢ ᠶᠢᠨ ᠢᠯᠠᠭᠤᠭᠰᠡᠨ ᠬᠤᠳᠤᠭᠳᠦ ᠶᠢ ᠮᠠᠭᠳᠠᠨ | ᠲᠠᠭᠤᠯᠠᠭᠰᠡᠨ ᠡᠳᠦᠢ ᠲᠡᠳᠦᠢ ᠤᠯᠠᠮᠵᠢᠯᠠᠯ ᠶᠠᠷᠢᠶ᠎ᠡ ᠪᠤᠢ᠃ ᠲᠡᠷᠡ ᠦᠶ᠎ᠡ ᠳᠤ᠂ ᠡᠩᠭᠡ ᠠᠮᠤᠭᠤᠯᠠᠩ ᠬᠠᠭᠠᠨ ᠠᠷᠭ᠎ᠠ | ᠪᠤᠰᠤ ︽ᠦᠯᠵᠠᠢ ᠶᠢ ᠡᠷᠬᠢᠮ ᠪᠤᠯᠭᠠᠭᠴᠢ ᠰᠦᠮ᠎ᠡ︾ ᠳᠤ ᠰᠠᠭᠤᠵᠦ ᠪᠠᠶᠢᠭᠰᠡᠨ ᠫᠤᠩᠰᠤᠭ ᠯᠠᠮᠠ ᠪᠠᠷ ᠬᠤᠶᠠᠳᠤᠭᠠᠷ | ᠲᠦᠷᠢ ᠶᠢᠨ ᠢᠯᠠᠭᠤᠭᠰᠡᠨ ᠬᠤᠳᠤᠭᠳᠦ ᠶᠢᠨ ᠲᠤᠰᠢᠶᠠᠯ ᠢ ᠲᠦᠷ ᠵᠠᠭᠤᠷ᠎ᠠ ᠤᠷᠤᠯᠠᠭᠤᠯᠵᠦ᠂ 1696 ᠤᠨ ᠪᠤᠯᠤᠨ | 1697 ᠤᠨ ᠳᠤ ᠭᠠᠯᠳᠠᠨ ᠪᠤᠱᠤᠭᠳᠦ ᠬᠠᠭᠠᠨ ᠢ ᠲᠠᠶᠢᠯᠠᠬᠤ ᠳᠠᠭᠠᠨ ᠪᠡᠶ᠎ᠡ ᠪᠠᠷ ᠢᠶᠠᠨ ᠬᠦᠬᠡ ᠬᠤᠳᠠᠨᠡ ᠬᠤᠶᠠᠷ | ᠤᠳᠠᠭ᠎ᠠ ᠢᠷᠡᠵᠦ ᠬᠤᠶᠠᠳᠤᠭᠠᠷ ᠲᠦᠷᠢ ᠶᠢᠨ ᠨᠠᠶᠢᠵᠢ ᠲᠤᠶᠢᠨ ᠤ ᠡᠷᠬᠢᠯᠡᠭᠰᠡᠨ ᠪᠠᠭ᠎ᠠ ᠵᠤᠤ ᠳᠤ ᠪᠠᠭᠤᠭᠠᠳ | ᠡᠮᠦᠰᠦᠭᠰᠡᠨ ᠬᠤᠶᠠᠭ ᠲᠤᠭᠤᠯᠭ᠎ᠠ ᠪᠠᠨ ᠦᠯᠡᠳᠡᠭᠡᠨ ᠲᠠᠬᠢᠭᠤᠯᠵᠦ᠂ ᠬᠤᠶᠠᠳᠤᠭᠠᠷ ᠲᠦᠷᠢ ᠶᠢᠨ ᠨᠠᠶᠢᠵᠢ ᠲᠤᠶᠢᠨ | ᠬᠤᠳᠤᠭᠳᠦ ᠶᠢ ᠵᠢᠩᠬᠢᠨᠢ ᠪᠠᠷ ᠬᠥᠬᠡᠬᠤᠲᠠ ᠶᠢᠨ ᠪᠦᠭᠦᠳᠡ ᠪᠠᠯᠮ᠎ᠠ ᠪᠠᠨᠳᠢ ᠨᠠᠷ ᠢ ᠵᠠᠬᠢᠷᠤᠭᠴᠢ ᠵᠠᠰᠠᠭ ᠤᠨ ᠲᠡᠷᠢᠭᠦᠨ | ᠪᠠᠯᠮ᠎ᠠ ᠲᠠᠯᠪᠢᠵᠦ ᠬᠥᠬᠡᠬᠤᠲᠠ ᠶᠢᠨ ᠤᠯᠠᠨ ᠰᠦᠮ᠎ᠡ ᠳᠤ ᠤᠳᠠᠭ᠎ᠠ ᠲᠠᠷᠠᠭᠠᠯᠠᠨ ᠢᠯᠡᠷᠬᠡᠶᠢᠯᠡᠯ ᠨᠡᠷ᠎ᠡ ᠬᠠᠶᠢᠷᠠᠯᠠᠨ | ᠱᠠᠩᠨᠠᠵᠠᠢ᠃ ᠭᠠᠯᠰᠠᠩᠵᠠᠮᠰᠦ ᠲᠠᠯᠠᠢ ᠯᠠᠮᠠ ᠶᠢ ᠲᠦᠪᠡᠳ ᠲᠤ ᠬᠦᠷᠭᠡᠵᠦ ᠲᠦᠪᠡᠳ ᠠᠴᠠ ᠵᠡᠭᠦᠭᠠᠷ ᠬᠠᠭᠠᠨᠳᠦ | ᠤᠯᠤᠰ ᠤᠨ ᠴᠡᠷᠢᠭ ᠢ ᠦᠯᠳᠠᠨ ᠬᠦᠭᠡᠭᠡᠭᠰᠡ 1722 ᠤᠨ ᠳᠤ᠂ ᠬᠦᠬᠡ ᠬᠤᠳᠠᠨᠡ ︽ᠪᠤᠶᠠᠨ ᠢ ᠡᠩᠭᠡᠵᠢᠭᠦᠯᠦᠭᠴᠢ | ᠰᠦᠮ᠎ᠡ︾ ᠶᠢ ᠪᠠᠶᠢᠭᠤᠯᠪᠠ᠃ ᠡᠶᠢᠨᠬᠦ᠂ ᠴᠢᠩ ᠤᠯᠤᠰ ᠤᠨ ᠡᠩᠬᠡ ᠠᠮᠤᠭᠤᠯᠠᠩ ᠬᠠᠭᠠᠨ ᠤ ᠦᠶ᠎ᠡ ᠳᠤ ᠬᠦᠬᠡ | ᠬᠤᠳᠠᠨᠡ ᠤᠷᠢᠳ ᠬᠤᠵᠢᠳ ︽ᠰᠠᠶᠢᠨ ᠢ ᠡᠷᠬᠢᠯᠡᠭᠴᠢ ᠰᠦᠮ᠎ᠡ︾᠂ ︽ᠦᠯᠵᠡᠢ ᠶᠢ ᠬᠦᠨᠳᠦᠳᠭᠡᠭᠴᠢ ᠰᠦᠮ᠎ᠡ︾᠂ | ︽ᠶᠡᠭᠡ ᠪᠠᠶᠠᠰᠬᠤᠯᠠᠩᠳᠦ ᠰᠦᠮ᠎ᠡ︾᠂ ︽ᠪᠤᠶᠠᠨ ᠢ ᠡᠩᠬᠡᠵᠢᠭᠦᠯᠦᠭᠴᠢ ᠰᠦᠮ᠎ᠡ︾ ᠵᠡᠷᠭᠡ ᠲᠦᠷᠪᠡᠨ ᠬᠦᠷᠢᠶ᠎ᠡ | ᠰᠦᠮ᠎ᠡ ᠪᠤᠯᠤᠨ ᠤᠰᠤᠳᠤ ᠶᠢᠨ ᠵᠡᠭᠦᠨ ᠵᠤᠤ᠂ ᠴᠠᠭᠠᠨ ᠬᠠᠳᠠ ᠶᠢᠨ ᠵᠤᠤ᠂ ᠴᠤᠷᠵᠢ ᠶᠢᠨ ᠵᠤᠤ᠂ ᠯᠢᠰᠦ ᠶᠢᠨ ᠵᠤᠤ | ᠮᠡᠳᠦ ᠶᠢᠨ ᠲᠠᠪᠤᠨ ᠬᠠᠷᠢᠶᠠᠳᠦ ᠰᠦᠮ᠎ᠡ ᠶᠢ ᠪᠠᠶᠢᠭᠤᠯᠤᠭᠰᠡᠨ᠃ | 1722 ᠤᠨ ᠳᠤ ᠴᠢᠩ ᠤᠯᠤᠰ ᠬᠡᠳᠦᠶᠢᠪᠡᠷ ᠲᠦᠪᠡᠳ ᠢ ᠡᠵᠡᠯᠡᠵᠦ ᠭᠠᠯᠰᠠᠩᠵᠠᠮᠰᠦ ᠲᠠᠯᠠᠢ ᠪᠠᠯᠮ᠎ᠠ ᠶᠢ ᠰᠢᠷᠡᠭᠡᠨ | ᠳᠤ ᠰᠠᠭᠤᠯᠭᠠᠨ ᠰᠢᠷ᠎ᠡ ᠶᠢᠨ ᠱᠠᠰᠢᠨ ᠢ ᠡᠷᠬᠡᠨ ᠳᠡᠭᠡᠨ ᠤᠷᠤᠭᠤᠯᠤᠭᠰᠡᠨ ᠪᠤᠯᠪᠠᠴᠦ᠂ ᠦᠨᠳᠦᠰᠦᠳᠠᠨ ᠤ ᠲᠠᠷᠤᠯᠠᠯ ᠢ | ᠡᠰᠡᠷᠭᠦᠴᠡᠭᠰᠡᠨ ᠮᠤᠩᠭᠤᠯ ᠤᠨ ᠠᠷᠠᠳ ᠲᠦᠮᠡᠨ ᠤ ᠰᠢᠳᠤᠷᠭᠤ ᠲᠡᠮᠡᠴᠡᠯ ᠢ ᠪᠦᠷᠢᠮᠦᠰᠦᠨ ᠤᠰᠠᠳᠬᠠᠵᠦ ᠴᠢᠳᠠᠭᠰᠡᠨ | ᠦᠭᠡᠢ᠃ ᠨᠠᠶᠢᠷᠠᠯᠳᠦ ᠲᠦᠪ ᠤᠨ ᠦᠶ᠎ᠡ ᠳᠤ᠂ ᠴᠢᠩ ᠤᠯᠤᠰ ᠤᠨ ᠴᠡᠷᠢᠭ ᠭᠤᠪᠢ ᠶᠢᠨ ᠠᠷᠤ ᠶᠢᠨ ᠬᠠᠯᠬ᠎ᠠ ᠶᠢᠨ | ᠪᠠᠷᠭᠤᠨ ᠵᠠᠬ᠎ᠠ ᠶᠢᠨ ᠬᠤᠳᠤᠩ ᠬᠤᠷᠠᠭ᠎ᠠ ᠨᠠᠭᠤᠷ ᠲᠤ ᠵᠡᠭᠦᠭᠠᠷ ᠬᠠᠭᠠᠨᠳᠦ ᠤᠯᠤᠰ ᠤᠨ ᠴᠡᠷᠢᠭ ᠲᠤ ᠶᠡᠬᠡᠪᠡᠷ | ᠢᠯᠠᠭᠳᠠᠭᠰᠡᠨ ᠪᠦᠭᠡᠳ ᠲᠠᠶᠢᠨ ᠤ ᠡᠮᠦᠨ᠎ᠡ ᠹᠠᠷᠤᠨᠲ ᠠᠴᠠ ᠲᠤᠳᠠᠭᠠᠨ ᠪᠤᠷᠤᠭᠤᠯᠬᠤ ᠮᠤᠩᠭᠤᠯ ᠴᠡᠷᠢᠭ ᠤᠳ ᠤᠨ | ᠲᠤᠭ᠎ᠠ ᠴᠦ ᠡᠳᠦᠷ ᠠᠴᠠ ᠡᠳᠦᠷ ᠤᠯᠠᠰᠢᠷᠠᠭᠰᠡᠨ ᠪᠠᠶᠢᠨ᠎ᠡ᠃ ᠡᠭᠦᠨ ᠠᠴᠠ ᠪᠤᠯᠵᠦ᠂ ᠴᠢᠩ ᠤᠯᠤᠰ ᠤᠨ ᠨᠠᠶᠢᠷᠠᠯᠳᠦ | ᠲᠦᠪ ᠬᠠᠭᠠᠨ ᠤ ᠵᠠᠷᠯᠢᠭ ᠢᠶᠠᠷ ᠬᠥᠬᠡᠬᠤᠲᠠ ᠠᠴᠠ ᠬᠡᠳᠦᠨ ᠮᠢᠩᠭᠠᠨ ᠭᠠᠵᠠᠷ ᠬᠤᠯᠠ ᠪᠠᠶᠢᠬᠤ ᠠᠷᠤ ᠮᠤᠩᠭᠤᠯ ᠠᠴᠠ | ᠦᠪᠦᠷ ᠮᠤᠩᠭᠤᠯ ᠳᠤ ᠢᠷᠡᠬᠦ ᠳᠤ ᠡᠷᠬᠡᠪᠡᠰᠢ ᠲᠠᠭᠠᠷᠢᠬᠤ ᠠᠯᠳᠠᠢ ᠶᠢᠨ ᠴᠡᠷᠢᠭ ᠤᠨ ᠵᠠᠮ ᠤᠨ ᠲᠤᠯᠢ ᠪᠤᠯᠠᠭ | ᠦᠷᠳᠡᠭᠡᠨ ᠳᠤ ︽ᠦᠷᠦᠰᠢᠶᠡᠨ ᠠᠪᠤᠷᠠᠭᠴᠢ ᠰᠦᠮ᠎ᠡ︾ ᠶᠢ ᠪᠠᠶᠢᠭᠤᠯᠵᠦ ᠨᠢᠳᠦ ᠴᠢᠬᠢ ᠪᠤᠯᠭᠠᠭᠠᠳ᠂ ᠬᠥᠬᠡᠬᠤᠲᠠ | ᠠᠴᠠ ᠯᠠᠮᠠ ᠲᠤᠮᠢᠯᠠᠨ ᠰᠠᠭᠤᠯᠭᠠᠵᠦ᠂ ᠲᠡᠳᠡᠨ ᠢ ᠮᠦᠨ ᠬᠥᠬᠡᠬᠤᠲᠠ ᠶᠢᠨ ᠪᠦᠭᠦᠳᠠ ᠯᠠᠮᠠ ᠪᠠᠨᠳᠢ ᠨᠠᠷ ᠢ ᠵᠠᠬᠢᠷᠤᠭᠴᠢ | ᠵᠠᠰᠠᠭ ᠤᠨ ᠲᠡᠷᠢᠭᠦᠨ ᠯᠠᠮᠠ ᠶᠢᠨ ᠲᠠᠮᠠᠭᠠᠨ ᠭᠠᠵᠠᠷ ᠲᠤ ᠲᠤᠰᠢᠶᠠᠨ ᠵᠠᠬᠢᠷᠤᠭᠤᠯᠵᠠᠢ᠃ ᠲᠡᠭᠷᠢ ᠲᠡᠳᠭᠦᠭᠴᠢ ᠬᠠᠭᠠᠨ | ᠠᠴᠠ ᠤᠶᠢᠷᠠᠳ ᠤᠨ ᠠᠷᠠᠳ ᠲᠦᠮᠡᠨ ᠢ ᠬᠠᠷᠬᠢᠰ ᠬᠡᠷᠴᠡᠭᠡᠢ ᠪᠠᠷ ᠬᠢᠳᠤᠨ ᠠᠯᠠᠭᠰᠡᠨ ᠶᠠᠪᠤᠳᠠᠯ ᠨᠢ ᠠᠷᠤ ᠦᠪᠦᠷ | ᠮᠤᠩᠭᠤᠯ ᠤᠨ ᠠᠷᠠᠳ ᠲᠦᠮᠡᠨ ᠤ ᠬᠢᠯᠢᠩ ᠬᠤᠷᠤᠰᠤᠯ ᠢ ᠨᠡᠩ ᠢᠯᠡᠭᠦᠤ ᠲᠡᠭᠳᠡᠭᠡᠭᠰᠡᠨ᠃ ᠡᠶᠢᠮᠦ ᠪᠠᠶᠢᠳᠠᠯ ᠲᠤᠤᠷ᠎ᠠ᠂ | ᠴᠢᠩ ᠤᠯᠤᠰ ᠨᠢᠭᠡᠨᠳᠡᠭᠡᠭᠦᠷ ᠵᠠᠩᠵᠤᠨ ᠬᠤᠳᠤᠭᠳᠦ ᠮᠡᠳᠦ ᠶᠢᠨ ᠰᠢᠷ᠎ᠡ ᠶᠢᠨ ᠱᠠᠰᠢᠨ ᠤ ᠬᠤᠳᠤᠭᠳᠦ ᠬᠤᠪᠢᠯᠭᠠᠳ ᠢ | ᠠᠰᠢᠭᠯᠡᠨ ᠮᠤᠩᠭᠤᠯ ᠤᠨ ᠠᠷᠠᠳ ᠲᠦᠮᠡᠨ ᠤ ᠲᠡᠮᠡᠴᠡᠯ ᠤᠨ ᠵᠤᠷᠢᠭ ᠰᠠᠨᠠᠭ᠎ᠠ ᠶᠢ ᠮᠤᠩᠬᠠᠷᠠᠭᠤᠯᠵᠦ᠂ ᠨᠦᠭᠦᠭᠡᠳᠡᠭᠡᠭᠦᠷ | ᠮᠤᠩᠭᠤᠯ ᠭᠠᠷᠤᠯᠳᠠᠢ ᠬᠤᠳᠤᠭᠳᠦ ᠬᠤᠪᠢᠯᠭᠠᠳ ᠢ ᠴᠦ ᠪᠤᠯᠭᠤᠮᠵᠢᠯᠠᠨ ᠰᠡᠵᠢᠭᠯᠡᠬᠦ ᠪᠤᠯᠵᠠᠢ᠃ 1765 ᠤᠨ ᠳᠤ | ᠲᠡᠭᠷᠢ ᠲᠡᠳᠭᠦᠭᠴᠢ ᠬᠠᠭᠠᠨ ᠬᠦᠬᠡ ᠬᠤᠳᠠᠨᠡ ᠶᠡᠬᠡᠳᠭᠡᠨ ᠪᠠᠶᠢᠭᠤᠯᠤᠭᠰᠡᠨ ︽ᠪᠤᠶᠠᠨ ᠢ ᠲᠡᠯᠭᠡᠷᠡᠭᠦᠯᠦᠭᠴᠢ ᠰᠦᠮ᠎ᠡ︾ | ᠳᠤ ᠢᠯᠡᠷᠬᠡᠶᠢᠯᠡᠯ ᠱᠠᠩᠨᠠᠨ᠂ ᠦᠪᠡᠷ ᠤᠨ ᠰᠢᠳᠤᠷᠭᠤ ᠵᠠᠷᠤᠴᠠ ᠵᠠᠩᠵᠤᠨ ᠬᠤᠳᠤᠭᠳᠦ ᠳᠤ ᠮᠤᠩᠭᠤᠯᠴᠤᠳ ᠢ | ᠴᠠᠭᠳᠠᠨ ᠲᠠᠩᠨᠠᠬᠤ ᠡᠭᠦᠷᠭᠡ ᠲᠤᠰᠢᠶᠠᠭᠰᠡᠨ᠃ ᠬᠥᠬᠡᠬᠤᠲᠠ ᠶᠢᠨ ᠠᠷᠪᠠᠨ ᠲᠠᠪᠤᠨ ᠬᠦᠷᠢᠶ᠎ᠡ ᠰᠦᠮ᠎ᠡ ᠶᠢᠨ ᠲᠤᠳᠤᠷ᠎ᠡ | ᠠᠴᠠ ᠨᠠᠶᠢᠷᠠᠯᠳᠦ ᠲᠦᠪ ᠬᠠᠭᠠᠨ᠂ ᠲᠡᠭᠷᠢ ᠲᠡᠳᠭᠦᠭᠴᠢ ᠬᠠᠭᠠᠨ ᠤ ᠨᠡᠷ᠎ᠡ ᠱᠠᠩᠨᠠᠭᠰᠠᠨ ︽ᠦᠷᠦᠰᠢᠶᠠᠨ ᠠᠪᠤᠷᠠᠭᠴᠢ | ᠰᠦᠮ᠎ᠡ︾ ᠪᠡ ︽ᠪᠤᠶᠠᠨ ᠢ ᠲᠠᠯᠭᠡᠷᠡᠭᠦᠯᠦᠭᠴᠢ ᠰᠦᠮ᠎ᠡ︾ ᠪᠤᠯ ᠤᠯᠤᠰ ᠲᠦᠷᠦ ᠶᠢᠨ ᠤᠨᠴᠠᠭᠠᠢ ᠡᠭᠦᠷᠭᠡ ᠲᠠᠢ ᠶᠤᠮ | ᠃ ᠡᠭᠦᠨ ᠠᠴᠠ ᠭᠠᠳᠠᠨ᠎ᠡ᠂ ᠨᠠᠶᠢᠷᠠᠯᠳᠦ ᠲᠦᠪ ᠪᠠ ᠲᠡᠭᠷᠢ ᠲᠡᠳᠭᠦᠭᠴᠢ ᠶᠢᠨ ᠦᠶ᠎ᠡ ᠳᠤ ᠬᠥᠬᠡᠬᠤᠲᠠ ᠶᠢᠨ ᠪᠦᠭᠦᠳᠠ | ᠯᠠᠮᠠ ᠪᠠᠨᠳᠢ ᠨᠠᠷ ᠢ ᠵᠠᠬᠢᠷᠤᠭᠴᠢ ᠵᠠᠰᠠᠭ ᠤᠨ ᠲᠡᠷᠢᠭᠦᠨ ᠯᠠᠮᠠ ᠶᠢᠨ ᠵᠠᠬᠢᠷᠭᠠᠨ ᠲᠤᠤᠷᠡᠬᠢ ᠰᠢᠷ᠎ᠡ ᠮᠦᠷᠡᠨ ᠵᠤᠤ᠂ | ᠲᠠᠪᠤᠨ ᠰᠤᠪᠤᠷᠭ᠎ᠠ᠂ ᠲᠠᠶᠢᠬᠠ ᠶᠢᠨ ᠰᠦᠮ᠎ᠡ᠂ ᠯᠡᠸ᠋ᠷᠡᠮᠪᠠ ᠶᠢᠨ ᠵᠤᠤ᠂ ᠲᠠᠩᠨᠤᠰᠳᠠᠢ ᠶᠢᠨ ᠰᠦᠮ᠎ᠡ ᠵᠡᠷᠭᠡ ᠲᠠᠪᠤᠨ | ᠬᠠᠷᠢᠶᠠᠳᠦ ᠰᠦᠮ᠎ᠡ ᠶᠢ ᠪᠠᠶᠢᠭᠤᠯᠵᠠᠢ᠃ ᠡᠳᠡᠭᠡᠷ ᠤᠨ ᠲᠤᠳᠤᠷ᠎ᠠ ᠠᠴᠠ ᠨᠠᠶᠢᠵᠢ ᠲᠤᠶᠢᠨ ᠤ ᠠᠩᠬᠠᠳᠤᠭᠠᠷ ᠲᠦᠷᠢ | ᠶᠢᠨ ᠪᠢᠰᠢᠯᠭᠠᠯ ᠤᠨ ᠤᠷᠤᠨ ᠮᠠᠭᠠᠳ ᠴᠠᠭᠠᠨ ᠬᠡᠶᠢᠳ ᠤᠨ ᠤᠶᠢᠷᠠᠯᠴᠠᠭ᠎ᠠ ᠪᠠᠭ᠎ᠠ ᠵᠤᠤ ᠶᠢᠨ ᠬᠠᠷᠢᠶᠠᠳᠦ ᠰᠦᠮ᠎ᠡ | ᠪᠤᠯᠬᠤ ᠲᠠᠩᠨᠤᠰᠳᠠᠢ ᠶᠢᠨ ᠰᠦᠮ᠎ᠡ ᠶᠢ ᠪᠠᠶᠢᠭᠤᠯᠤᠭᠰᠡᠨ ᠴᠤᠬᠤᠮ ᠴᠠᠭ ᠬᠤᠭᠤᠴᠠᠭ᠎ᠠ ᠨᠢ ᠤᠳᠤᠬᠠᠨ ᠳᠠᠭᠠᠨ | ᠲᠤᠳᠤᠷᠬᠠᠢ ᠦᠭᠡᠢ ᠪᠠᠶᠢᠨ᠎ᠡ᠃ ᠡᠳᠡᠭᠡᠷ ᠢ ᠴᠢᠩ ᠤᠯᠤᠰ ᠤᠨ ᠦᠶ᠎ᠡ ᠳᠠᠬᠢ ᠬᠥᠬᠡᠬᠤᠲᠠ ᠶᠢᠨ ᠰᠦᠮ᠎ᠡ ᠬᠡᠶᠢᠳ ᠢ | ᠪᠠᠶᠢᠭᠤᠯᠤᠭᠰᠡᠨ ᠭᠤᠷᠪᠠᠳᠤᠭᠠᠷ ᠤᠳᠠᠭ᠎ᠠ ᠶᠢᠨ᠂ ᠦᠭᠡᠷ᠎ᠡ ᠪᠠᠷ ᠬᠡᠯᠡᠪᠡᠯ ᠬᠠᠮᠤᠭ ᠰᠡᠭᠦᠯᠴᠢ ᠶᠢᠨ ᠦᠷᠨᠢᠯᠳᠠ ᠭᠡᠵᠦ | ᠬᠡᠯᠡᠵᠦ ᠪᠤᠯᠤᠨ᠎ᠡ᠃ ᠡᠭᠦᠨ ᠠᠴᠠ ᠬᠤᠶᠢᠰᠢ᠂ ᠤᠨᠴᠠᠭᠠᠶᠢᠯᠠᠨ 1840 ᠤᠨ ᠤ ᠬᠠᠷ᠎ᠠ ᠲᠠᠮᠠᠬᠢ ᠶᠢᠨ ᠲᠠᠶᠢᠨ ᠤ | ᠲᠠᠷᠠᠭ᠎ᠠ᠂ ᠬᠥᠬᠡᠬᠤᠲᠠ ᠳᠤ ᠰᠢᠨ᠎ᠡ ᠰᠦᠮ᠎ᠡ ᠨᠡᠮᠡᠵᠦ ᠪᠠᠶᠢᠭᠤᠯᠬᠤ ᠪᠠᠶᠢᠳᠤᠭᠠᠢ᠂ ᠦᠩᠭᠡᠷᠡᠭᠰᠡᠨ ᠤ ᠪᠠᠶᠢᠭᠤᠯᠤᠭᠰᠡᠨ | ᠰᠦᠮ᠎ᠡ ᠨᠦᠭᠦᠳ ᠨᠢ ᠴᠦ ᠴᠢᠩ ᠤᠯᠤᠰ ᠤᠨ ᠲᠤᠷᠤᠶᠢᠳᠠᠯ ᠪᠠ ᠮᠤᠩᠭᠤᠯ ᠤᠨ ᠤᠯᠠᠨ ᠬᠤᠰᠢᠭᠤ ᠴᠢᠭᠤᠯᠭᠠᠨ ᠤ | ᠶᠠᠳᠠᠭᠤᠷᠠᠯ ᠢ ᠲᠠᠭᠠᠯᠳᠤᠨ ᠠᠭᠠᠵᠢᠮ ᠢᠶᠠᠷ ᠲᠤᠷᠤᠶᠢᠳᠠᠯ ᠤᠨ ᠵᠠᠮ ᠳᠠᠭᠠᠨ ᠤᠷᠤᠵᠠᠢ᠃ | ᠴᠢᠩ ᠤᠯᠤᠰ ᠤᠨ ᠲᠤᠮᠳᠠᠴᠢ ᠦᠶ᠎ᠡ ᠪᠤᠯᠤᠭᠠᠳ᠂ ᠠᠷᠤ ᠮᠤᠩᠭᠤᠯ ᠤᠨ ᠬᠢᠯᠢ ᠲᠤᠳᠤᠷᠠᠬᠢ ᠲᠤᠯᠢ ᠪᠤᠯᠠᠭ ᠤᠨ | ᠦᠷᠦᠰᠢᠶᠠᠨ ᠠᠪᠤᠷᠠᠭᠴᠢ ᠰᠦᠮ᠎ᠡ ᠠᠴᠠ ᠭᠠᠳᠠᠨ᠎ᠡ᠂ ᠬᠥᠬᠡᠬᠤᠲᠠ ᠤᠷᠤᠨ ᠳᠤ ᠪᠠᠶᠢᠭᠤᠯᠤᠭᠰᠡᠨ ᠮᠤᠩᠭᠤᠯ | ᠤᠶᠢᠷᠠᠳ ᠬᠤᠶᠠᠷ ᠦᠶ᠎ᠡ ᠶᠢᠨ ᠵᠢᠷᠭᠤᠭᠠᠨ ᠰᠦᠮ᠎ᠡ᠂ ᠴᠢᠩ ᠤᠯᠤᠰ ᠤᠨ ᠡᠶᠡᠪᠡᠷ ᠵᠠᠰᠠᠭᠴᠢ ᠶᠢᠨ ᠭᠤᠷᠪᠠᠨ ᠰᠦᠮ᠎ᠡ | ᠂ ᠡᠩᠬᠡ ᠠᠮᠤᠭᠤᠯᠠᠩ ᠤᠨ ᠦᠶ᠎ᠡ ᠶᠢᠨ ᠲᠦᠷᠪᠡᠨ ᠰᠦᠮ᠎ᠡ᠂ ᠲᠡᠭᠷᠢ ᠲᠡᠳᠭᠦᠭᠴᠢ ᠶᠢᠨ ᠦᠶ᠎ᠡ ᠶᠢᠨ ᠨᠢᠭᠡ ᠰᠦᠮ᠎ᠡ ᠶᠢ | ᠬᠠᠮᠳᠤᠷᠠᠭᠤᠯᠤᠨ ᠬᠥᠬᠡᠬᠤᠲᠠ ᠶᠢᠨ ᠠᠷᠪᠠᠨ ᠲᠦᠷᠪᠡᠨ ᠬᠦᠷᠢᠶ᠎ᠡ ᠰᠦᠮ᠎ᠡ ᠭᠡᠵᠦ ᠬᠡᠯᠡᠬᠦ ᠪᠤᠯᠵᠠᠢ᠃ ᠴᠤᠷᠵᠢ ᠶᠢᠨ | ᠵᠤᠤ 1819 ᠤᠨ ᠳᠤ ᠰᠢᠷᠡᠭᠡᠳᠦ ᠵᠤᠤ ᠠᠴᠠ ᠰᠠᠯᠵᠦ ᠲᠤᠰᠭᠠᠷ ᠪᠤᠯᠤᠭᠰᠡᠨ ᠤ ᠬᠤᠶᠢᠨ᠎ᠡ᠂ ᠬᠥᠬᠡᠬᠤᠲᠠ ᠶᠢᠨ | ᠠᠷᠪᠡᠨ ᠲᠠᠪᠤᠨ ᠬᠦᠷᠢᠶ᠎ᠡ ᠰᠦᠮ᠎ᠡ ᠭᠡᠵᠦ ᠬᠡᠯᠡᠬᠦ ᠪᠤᠯᠤᠭᠰᠡᠨ ᠪᠠᠶᠢᠨ᠎ᠡ᠃ ᠭᠡᠳᠡᠯ᠎ᠡ᠂ ᠡᠭᠦᠨ ᠢ ᠰᠢᠷᠡᠭᠡᠳᠦ ᠵᠤᠤ ᠶᠡᠷᠦᠨᠢ | ᠮᠡᠳᠡᠷᠡᠭᠰᠡᠨ ᠦᠭᠡᠢ᠃ ᠬᠥᠬᠡᠬᠤᠲᠠ ᠶᠢᠨ ᠠᠷᠪᠡᠨ ᠲᠠᠪᠤᠨ ᠬᠦᠷᠢᠶ᠎ᠡ ᠰᠦᠮ᠎ᠡ ᠲᠡᠭᠡᠷ᠎ᠡ ᠲᠡᠳᠡᠭᠡᠷ ᠤᠨ ᠶᠢᠰᠦᠨ | ᠬᠠᠷᠢᠶᠠᠳᠦ ᠰᠦᠮ᠎ᠡ ᠪᠤᠯᠤᠨ ᠲᠤᠯᠢ ᠪᠤᠯᠠᠭ ᠤᠨ ᠦᠷᠦᠰᠢᠶᠠᠨ ᠠᠪᠤᠷᠠᠭᠴᠢ ᠰᠦᠮ᠎ᠡ ᠶᠢ ᠨᠡᠮᠡᠪᠡᠯ᠂ ᠬᠥᠬᠡᠬᠤᠲᠠ ᠶᠢᠨ | ᠪᠦᠭᠦᠳᠠ ᠯᠠᠮᠠ ᠪᠠᠨᠳᠢ ᠨᠠᠷ ᠢ ᠵᠠᠬᠢᠷᠤᠭᠴᠢ ᠵᠠᠰᠠᠭ ᠤᠨ ᠲᠡᠷᠢᠭᠦᠨ ᠯᠠᠮᠠ ᠶᠢᠨ ᠵᠠᠬᠢᠷᠭᠠᠨ ᠲᠤᠤᠷ᠎ᠠ ᠨᠠᠶᠢᠳᠠ ᠬᠤᠷᠢᠨ | ᠲᠠᠪᠤᠨ ᠰᠦᠮ᠎ᠡ ᠪᠠᠶᠢᠭᠰᠡᠨ᠃ ᠴᠢᠩ ᠤᠯᠤᠰ ᠤᠨ ᠦᠶ᠎ᠡ ᠶᠢᠨ ᠲᠤᠭᠳᠠᠭᠠᠯ ᠢᠶᠠᠷ᠂ ᠬᠥᠬᠡᠬᠤᠲᠠ ᠶᠢᠨ ᠠᠷᠪᠠᠨ | ᠲᠠᠪᠤᠨ ᠬᠦᠷᠦᠶ᠎ᠡ ᠰᠦᠮ᠎ᠡ ᠳᠤ ᠲᠤᠰ ᠪᠦᠷᠢ ᠵᠠᠰᠠᠭ ᠯᠠᠮᠠ ᠨᠢᠭᠡ ᠬᠦᠮᠦᠨ ᠪᠤᠶᠤ ᠲᠡᠷᠢᠭᠦᠨ ᠯᠠᠮᠠ ᠨᠢᠭᠡ ᠠᠴᠠ | ᠬᠤᠶᠠᠷ ᠬᠦᠮᠦᠨ᠂ ᠶᠢᠰᠦᠨ ᠬᠠᠷᠢᠶᠠᠳᠦ ᠰᠦᠮ᠎ᠡ ᠪᠠ ᠲᠤᠯᠢ ᠪᠤᠯᠠᠭ ᠤᠨ ᠦᠷᠦᠰᠢᠶᠡᠨ ᠠᠪᠤᠷᠠᠭᠴᠢ ᠰᠦᠮ᠎ᠡ ᠳᠤ | ᠲᠤᠰ ᠪᠦᠷᠢ ᠲᠡᠷᠢᠭᠦᠨ ᠯᠠᠮᠠ ᠨᠢᠭᠡᠨ ᠬᠦᠮᠦᠨ ᠢ ᠰᠠᠭᠤᠯᠭᠠᠨ ᠵᠠᠬᠢᠷᠤᠭᠤᠯᠳᠠᠭ᠃ ᠡᠭᠦᠨ ᠢ ᠦᠨᠳᠦᠰᠦᠯᠡᠨ᠂ ᠵᠠᠰᠠᠭ | ᠲᠡᠷᠢᠭᠦᠨ ᠯᠠᠮᠠ ᠠᠴᠠ ᠵᠠᠬᠢᠷᠬᠤ ᠶᠡᠭᠡ ᠵᠤᠤ᠂ ᠰᠢᠷᠡᠭᠡᠳᠦ ᠵᠤᠤ᠂ ᠪᠠᠭ᠎ᠠ ᠵᠤᠤ᠂ ᠫᠤᠩᠰᠤᠭ ᠵᠤᠤ᠂ ᠷᠠᠪᠵᠠᠢ ᠶᠢᠨ ᠵᠤᠤ | ᠂ ᠪᠠᠨᠳᠢᠳᠠ ᠵᠤᠤ᠂ ᠡᠮᠴᠢ ᠶᠢᠨ ᠵᠤᠤ ᠵᠡᠷᠭᠡ ᠶᠢ ᠲᠤᠯᠤᠭᠠᠨ ᠶᠡᠭᠡ ᠵᠤᠤ ᠬᠡᠮᠡᠨ᠂ ᠲᠡᠷᠢᠭᠦᠨ ᠯᠠᠮᠠ ᠠᠴᠠ ᠵᠠᠬᠢᠷᠬᠤ | ᠵᠡᠭᠦᠨ ᠯᠠᠮᠠ ᠶᠢᠨ ᠠᠭᠤᠢ᠂ ᠪᠠᠷᠭᠤᠨ ᠯᠠᠮᠠ ᠶᠢᠨ ᠠᠭᠤᠢ᠂ ᠤᠰᠤᠳᠦ ᠶᠢᠨ ᠪᠠᠷᠭᠤᠨ ᠵᠤᠤ᠂ ᠮᠠᠶᠢᠳᠠᠷᠢ ᠵᠤᠤ᠂ | ᠲᠠᠶᠢᠪᠤᠩ , ᠵᠤᠤ᠂ ᠨᠠᠰᠤᠳᠠ ᠠᠰᠠᠷᠠᠯᠳᠦ ᠰᠦᠮ᠎ᠡ᠂ ᠪᠤᠶᠠᠨ ᠢ ᠲᠡᠯᠭᠡᠷᠡᠭᠦᠯᠦᠭᠴᠢ ᠰᠦᠮ᠎ᠡ᠂ ᠴᠤᠷᠵᠢ ᠶᠢᠨ ᠵᠤᠤ | ᠵᠡᠷᠭᠡ ᠶᠢ ᠨᠠᠶᠢᠮᠠᠨ ᠪᠠᠭ᠎ᠠ ᠵᠤᠤ ᠭᠡᠵᠦ ᠬᠡᠯᠡᠳᠡᠭ᠃ 1819 ᠤᠨ ᠤ ᠬᠦᠮᠦᠨ ᠠᠮᠠ ᠶᠢᠨ ᠲᠤᠭᠠᠨ ᠤ ᠪᠦᠷᠢᠳᠭᠡᠯ ᠢ | ᠦᠨᠳᠦᠰᠦᠯᠡᠪᠡᠯ᠂ ᠬᠥᠬᠡᠬᠤᠲᠠ ᠶᠢᠨ ᠪᠦᠭᠦᠳᠠ ᠯᠠᠮᠠ ᠪᠠᠨᠳᠢ ᠨᠡᠷ ᠢ ᠵᠠᠬᠢᠷᠤᠭᠴᠢ ᠵᠠᠰᠠᠭ ᠤᠨ ᠲᠡᠷᠢᠭᠦᠨ ᠯᠠᠮᠠ ᠶᠢᠨ | ᠵᠠᠬᠢᠷᠭᠠᠨ ᠳᠠᠬᠢ ᠬᠤᠷᠢᠨ ᠲᠠᠪᠤᠨ ᠰᠦᠮ᠎ᠡ ᠳᠤ ᠨᠡᠶᠢᠳᠠ 2151 ᠯᠠᠮᠠ ᠲᠠᠢ ᠪᠠᠶᠢᠵᠠᠢ᠃ | ᠴᠢᠩ ᠤᠯᠤᠰ ᠤᠨ ᠦᠶ᠎ᠡ ᠳᠤ᠂ ᠬᠥᠬᠡᠬᠤᠲᠠ ᠶᠢᠨ ᠪᠦᠭᠦᠳᠠ ᠯᠠᠮᠠ ᠪᠠᠨᠳᠢ ᠨᠠᠷ ᠢ ᠵᠠᠬᠢᠷᠤᠭᠴᠢ ᠵᠠᠰᠠᠭ ᠤᠨ | ᠲᠡᠷᠢᠭᠦᠨ ᠯᠠᠮᠠ ᠶᠢᠨ ᠲᠠᠮᠠᠭᠠᠨ ᠭᠠᠵᠠᠷ ᠨᠢ ᠶᠡᠭᠡ ᠵᠤᠤ ᠳᠤ ᠪᠠᠶᠢᠪᠠ᠃ ᠨᠡᠨ ᠨᠢ ᠨᠢᠭᠡᠨᠳᠡᠭᠡᠭᠦᠷ ᠮᠤᠩᠭᠤᠯ ᠤᠨ ᠲᠡᠤᠬᠡ | ᠶᠢᠨ ᠤᠯᠠᠮᠵᠢᠯᠠᠯ ᠢ ᠲᠠᠭᠠᠭᠰᠡᠨ ᠪᠤᠯ ᠨᠦᠭᠦᠭᠡᠳᠡᠭᠦᠷ ᠮᠠᠨᠵᠦ ᠶᠢᠨ ᠰᠡᠴᠡᠨ ᠬᠠᠭᠠᠨ ᠬᠥᠬᠡᠬᠤᠲᠠ ᠳᠤ ᠢᠷᠡᠭᠡᠳ ᠶᠡᠭᠡ | ᠵᠤᠤ ᠳᠤ ᠪᠠᠭᠤᠭᠰᠡᠨ ᠶᠠᠪᠤᠳᠠᠯ ᠠᠴᠠ ᠪᠤᠯᠤᠭᠰᠡᠨ᠃ ᠲᠡᠷᠡ ᠦᠶ᠎ᠡ ᠶᠢᠨ ᠬᠥᠬᠡᠬᠤᠲᠠ ᠶᠢᠨ ᠪᠦᠭᠦᠳᠠ ᠯᠠᠮᠠ ᠪᠠᠨᠳᠢ | ᠨᠠᠷ ᠢ ᠵᠠᠬᠢᠷᠤᠭᠴᠢ ᠵᠠᠰᠠᠭ ᠤᠨ ᠲᠡᠷᠢᠭᠦᠨ ᠯᠠᠮᠠ ᠶᠢᠨ ᠲᠠᠮᠠᠭᠠᠨ ᠤ ᠭᠠᠵᠠᠷ ᠨᠢ ᠵᠠᠰᠠᠭ ᠤᠨ ᠲᠡᠷᠢᠭᠦᠨ ᠯᠠᠮᠠ᠂ ᠵᠠᠰᠠᠭ | ᠤᠨ ᠲᠡᠳ᠋᠊ ᠲᠡᠷᠢᠭᠦᠨ ᠯᠠᠮᠠ᠂ ᠲᠠᠮᠠᠭ᠎ᠠ ᠬᠠᠮᠢᠶᠠᠷᠤᠭᠴᠢ ᠵᠠᠰᠠᠭ ᠯᠠᠮᠠ ᠲᠤᠰᠪᠤᠷᠢ ᠨᠢᠭᠡ ᠬᠦᠮᠦᠨ ᠪᠠ ᠡᠳᠦᠢ ᠲᠡᠳᠦᠢ | ᠲᠡᠮᠴᠢ᠂ ᠭᠡᠪᠬᠦᠢ ᠲᠠᠢ ᠪᠠᠶᠢᠵᠠᠢ᠃ ᠬᠥᠬᠡᠬᠤᠲᠠ ᠶᠢᠨ ᠪᠦᠭᠦᠳᠠ ᠯᠠᠮᠠ ᠪᠠᠨᠳᠢ ᠨᠠᠷ ᠢ ᠵᠠᠬᠢᠷᠤᠭᠴᠢ ᠵᠠᠰᠠᠭ ᠤᠨ | ᠲᠡᠷᠢᠭᠦᠨ ᠯᠠᠮᠠ ᠨᠢ ᠲᠡᠭᠦᠨ ᠤ ᠠᠷᠪᠡᠨ ᠲᠠᠪᠤᠨ ᠬᠦᠷᠢᠶ᠎ᠡ ᠰᠦᠮ᠎ᠡ ᠶᠢᠨ ᠱᠠᠰᠢᠨ ᠰᠤᠷᠳᠠᠬᠤᠨ᠂ ᠤᠯᠤᠰ ᠲᠦᠷᠦ᠂ | ᠵᠠᠰᠠᠭ ᠵᠠᠬᠢᠷᠭᠠᠨ ᠤ ᠶᠡᠭᠡ ᠬᠡᠷᠡᠭ ᠢ ᠰᠡᠶᠢᠳᠪᠦᠷᠢᠯᠡᠬᠦ ᠳᠡᠭᠡᠨ ᠮᠠᠨᠵᠦ ᠶᠢᠨ ᠰᠡᠴᠡᠨ ᠬᠠᠭᠠᠨ ᠤ ᠰᠠᠭᠤᠭᠰᠡᠨ ᠡᠷᠳᠡᠨᠢ | ᠶᠢᠨ ᠰᠢᠷᠡᠭᠡᠨ ᠳᠤ ᠰᠠᠭᠤᠵᠦ ᠪᠤᠯᠳᠠᠭ᠃ ᠨᠡᠨ ᠨᠢ ᠶᠠᠷᠢᠶᠡᠨ ᠦᠭᠡᠢ ᠲᠡᠭᠦᠨ ᠤ ᠨᠡᠷ᠎ᠡ ᠰᠦᠷ ᠢ ᠲᠡᠭᠡᠭᠰᠢᠯᠡᠭᠦᠯᠬᠦ ᠶᠢᠨ | ᠲᠦᠯᠦᠭᠡ ᠠᠪᠤᠭᠰᠡᠨ ᠠᠷᠭ᠎ᠠ ᠪᠤᠳᠤᠯᠭ᠎ᠠ ᠪᠤᠯᠤᠨ᠎ᠡ᠃ ᠡᠭᠦᠨ ᠤ ᠵᠡᠷᠭᠡᠴᠡᠭᠡ ᠪᠠᠷ᠂ ᠲᠦᠮᠡᠳ ᠤᠨ ᠠᠯᠳᠠᠨ ᠬᠠᠭᠠᠨ ᠤ | ᠦᠶ᠎ᠡ ᠠᠴᠠ ᠤᠯᠠᠮᠵᠢᠯᠠᠵᠦ ᠢᠷᠡᠭᠰᠡᠨ ᠶᠤᠰᠤᠭᠠᠷ᠂ ᠲᠦᠮᠡᠳ ᠤᠨ ᠵᠡᠭᠦᠨ ᠪᠡᠷᠭᠤᠨ ᠬᠤᠶᠠᠷ ᠭᠠᠷ ᠠᠴᠠ ᠰᠠᠷ᠎ᠠ ᠪᠦᠷᠢ | ᠠᠷᠪᠠᠨ ᠮᠤᠩᠭᠤᠯ ᠨᠤᠶᠠᠨ ᠴᠡᠷᠢᠭ ᠢ ᠶᠡᠭᠡ ᠵᠤᠤ ᠳᠤ ᠲᠤᠮᠢᠯᠠᠨ ᠢᠷᠡᠭᠦᠯᠵᠦ ᠲᠠᠮᠠᠭᠠᠨ ᠤ ᠭᠠᠵᠠᠷ ᠢ ᠡᠭᠡᠯᠵᠢᠯᠡᠨ | ᠬᠠᠮᠠᠭᠠᠯᠠᠬᠤ ᠡᠭᠦᠷᠭᠡ ᠶᠢ ᠡᠭᠦᠷᠭᠡᠯᠡᠭᠦᠯᠳᠡᠭ᠃ ᠭᠡᠳᠡᠯ᠎ᠡ᠂ ᠬᠥᠬᠡᠬᠤᠲᠠ ᠶᠢᠨ ᠵᠠᠰᠠᠭ ᠤᠨ ᠲᠡᠷᠢᠭᠦᠨ ᠯᠠᠮᠠ ᠶᠢ | ᠲᠠᠯᠪᠢᠬᠤ ᠳᠤ ᠵᠦᠪᠬᠡᠨ ᠬᠥᠬᠡᠬᠤᠲᠠ ᠳᠠᠬᠢ ᠶᠡᠭᠡ ᠬᠤᠳᠤᠭᠳᠦ ᠬᠤᠪᠢᠯᠭᠠᠳ ᠢᠶᠠᠷ ᠬᠢᠵᠠᠭᠠᠷᠯᠠᠳᠠᠭ ᠪᠢᠰᠢ ᠪᠠᠶᠢᠪᠠ᠃ | ᠡᠭᠦᠨ ᠤ ᠲᠤᠬᠠᠢ ᠡᠩᠬᠡ ᠠᠮᠤᠭᠤᠯᠠᠩ ᠬᠠᠭᠠᠨ 1708 ᠤᠨ ᠳᠤ ᠲᠤᠰᠬᠠᠶᠢᠯᠠᠨ ᠵᠠᠷᠯᠢᠭ ᠪᠠᠭᠤᠯᠭᠠᠭᠰᠡᠨ ᠨᠢ᠄ ︽ | ᠬᠥᠬᠡᠬᠤᠲᠠ ᠶᠢᠨ ᠪᠠᠯᠮ᠎ᠠ ᠨᠡᠷ ᠢ ᠵᠠᠬᠢᠷᠬᠤ ᠠᠨᠤ ᠴᠢᠬᠤᠯᠠ ᠶᠢ ᠲᠠᠭᠠᠵᠦ᠂ ᠲᠤᠳᠤᠭᠠᠳᠦ ᠭᠠᠳᠠᠭᠠᠳᠦ ᠶᠡᠬᠡᠬᠡᠨ ᠪᠠᠯᠮ᠎ᠠ | ᠨᠠᠷ ᠢ ᠰᠤᠩᠭᠤᠵᠦ ᠠᠶᠢᠯᠠᠳᠬᠠ︾ ᠭᠡᠵᠡᠢ᠃ ᠡᠨᠡᠬᠦ ᠵᠠᠷᠯᠢᠭ ᠢ ᠦᠨᠳᠦᠰᠦᠯᠡᠨ᠂ ᠬᠥᠬᠡᠬᠤᠲᠠ ᠶᠢᠨ ᠵᠠᠰᠠᠭ ᠤᠨ | ᠲᠡᠷᠢᠭᠦᠨ ᠯᠠᠮᠠ ᠶᠢ ᠲᠠᠯᠪᠢᠬᠤ ᠳᠠᠭᠠᠨ ᠭᠠᠳᠠᠭᠠᠳᠦ ᠮᠤᠩᠭᠤᠯ ᠤᠨ ᠲᠦᠷᠦ ᠶᠢ ᠵᠠᠰᠠᠬᠤ ᠶᠠᠪᠤᠳᠠᠯ ᠤᠨ ᠶᠠᠮᠤᠨ ᠠᠴᠠ | ᠪᠡᠭᠡᠵᠢᠩ᠂ ᠮᠦᠭᠳᠡᠨ᠂ ᠬᠠᠯᠠᠭᠤᠨ ᠭᠤᠤᠯ᠂ ᠲᠤᠯᠤᠭᠠᠨ ᠨᠠᠭᠤᠷ ᠵᠡᠷᠭᠡ ᠭᠠᠵᠠᠷ ᠤᠨ ᠶᠡᠭᠡ ᠬᠤᠳᠤᠭᠳᠦ ᠬᠤᠪᠢᠯᠭᠠᠳ | ᠤᠨ ᠲᠤᠳᠤᠷ᠎ᠡ ᠠᠴᠠ ᠵᠤᠬᠢᠰᠳᠠᠢ ᠶᠢ ᠰᠤᠩᠭᠤᠵᠦ᠂ ᠨᠡᠷ᠎ᠡ ᠵᠡᠷᠭᠡ ᠶᠢ ᠨᠢ ᠲᠠᠨᠢᠯᠴᠠᠭᠤᠯᠵᠦ᠂ ᠲᠤᠬᠠᠶᠢᠯᠠᠨ | ᠵᠡᠷᠭᠡᠴᠡᠭᠦᠯᠦᠨ ᠮᠡᠳᠡᠭᠦᠯᠦᠭᠡᠳ ᠮᠠᠨᠵᠦ ᠬᠠᠭᠠᠨ ᠢᠶᠠᠷ ᠰᠤᠩᠭᠤᠨ ᠵᠦᠪᠰᠢᠶᠡᠷᠡᠭᠦᠯᠳᠡᠭ᠃ ᠵᠠᠷᠢᠮ ᠳᠠᠭᠠᠨ ᠵᠠᠩᠵᠤᠨ | ᠬᠤᠳᠤᠭᠳᠦ ᠠᠴᠠ ᠨᠡᠷ᠎ᠡ ᠮᠡᠳᠡᠭᠦᠯᠵᠦ ᠮᠠᠨᠵᠦ ᠬᠠᠭᠠᠨ ᠢᠶᠠᠷ ᠵᠦᠪᠰᠢᠶᠡᠷᠡᠭᠦᠯᠳᠡᠭ ᠶᠠᠪᠤᠳᠠᠯ ᠴᠦ ᠪᠤᠢ᠃ ᠴᠢᠩ ᠤᠯᠤᠰ | ᠤᠨ ᠰᠡᠭᠦᠯᠴᠢ ᠶᠢᠨ ᠦᠶ᠎ᠡ ᠪᠤᠯᠤᠭᠠᠳ ᠴᠢᠩ ᠤᠯᠤᠰ ᠤᠨ ᠦᠵᠡᠯ ᠰᠠᠨᠠᠭᠠᠨ ᠤ ᠲᠠᠯ᠎ᠠ ᠶᠢᠨ ᠨᠤᠶᠠᠷᠬᠠᠯ | ᠲᠤᠷᠤᠶᠢᠳᠠᠭᠰᠡᠨ ᠢᠶᠠᠷ᠂ 1819 ᠤᠨ ᠠᠴᠠ ᠡᠬᠢᠯᠡᠨ ᠬᠥᠬᠡᠬᠤᠲᠠ ᠶᠢᠨ ᠵᠠᠰᠠᠭ ᠤᠨ ᠲᠡᠷᠢᠭᠦᠨ ᠯᠠᠮᠠ ᠶᠢᠨ ᠲᠠᠮᠠᠭᠠᠨ | ᠤ ᠭᠠᠵᠠᠷ ᠢ ᠰᠢᠭᠤᠳ ᠬᠤᠯᠠᠳᠠᠬᠢᠨ ᠢ ᠠᠮᠤᠷᠵᠢᠭᠤᠯᠬᠤ ᠬᠤᠳᠠ ᠶᠢᠨ ᠵᠠᠩᠵᠤᠨ ᠳᠤ ᠲᠤᠰᠢᠶᠠᠨ ᠵᠠᠬᠢᠷᠤᠭᠤᠯᠵᠠᠢ᠃ | ᠢᠩᠬᠢᠭᠡᠳ᠂ ᠮᠠᠨᠵᠦ ᠬᠠᠭᠠᠨ ᠠᠴᠠ ᠬᠥᠬᠡᠬᠤᠲᠠ ᠶᠢᠨ ᠠᠷᠪᠠᠨ ᠲᠠᠪᠤᠨ ᠬᠦᠷᠢᠶ᠎ᠡ ᠰᠦᠮ᠎ᠡ ᠪᠤᠯᠤᠨ ᠲᠡᠭᠦᠨ ᠤ | ᠬᠤᠳᠤᠭᠳᠦ ᠬᠤᠪᠢᠯᠭᠠᠳ ᠢ ᠪᠦᠷᠢᠮᠦᠰᠦᠨ ᠡᠷᠬᠡᠨ ᠳᠡᠭᠡᠨ ᠤᠷᠤᠭᠤᠯᠤᠭᠰᠡᠨ ᠤ ᠬᠠᠮᠳᠦ᠂ ᠪᠠᠰᠠ ᠵᠤᠷᠢᠭ ᠢᠶᠠᠷ ᠢᠶᠠᠨ | ᠠᠰᠢᠭᠯᠠᠨ ᠴᠢᠳᠠᠬᠤ ᠪᠤᠯᠤᠭᠰᠡᠨ ᠪᠠᠶᠢᠨ᠎ᠡ᠃ | ᠲᠤᠰ ᠦᠭᠦᠯᠡᠯ ᠢ ᠮᠤᠩᠭᠤᠯ ᠰᠤᠷᠪᠤᠯᠵᠢ ᠪᠢᠴᠢᠭ ᠤᠨ ᠬᠦᠮᠦᠷᠭᠡ ᠪᠤᠯᠬᠤ ︽ᠬᠥᠬᠡᠬᠤᠲᠠ ᠶᠢᠨ ᠰᠦᠮ᠎ᠡ ᠶᠢᠨ | ᠲᠡᠤᠬᠡ︾ ᠬᠡᠮᠡᠬᠦ ᠨᠤᠮ ᠠᠴᠠ ᠰᠡᠶᠢᠷᠡᠭᠦᠯᠪᠠᠢ᠃ | ᠳᠦᠮᠡᠳ᠂ ᠨᠠᠰᠤᠨᠳᠡᠯᠭᠡᠷ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ | |