| | ᠰᠢᠶᠠᠨᠪᠢ ᠨᠠᠷ ᠬᠢᠩᠭᠠᠨ ᠤ ᠨᠢᠷᠤᠭᠤᠨ ᠤ ᠵᠡᠬᠦᠨ ᠲᠠᠯ᠎ᠠ ᠶᠢᠨ ᠰᠢᠶᠠᠨᠪᠢ ᠠᠭᠤᠯᠠᠨ ᠳᠤ ᠣᠷᠤᠰᠢᠨ ᠠᠮᠢᠳᠤᠷᠠᠵᠤ | ᠪᠠᠶᠢᠭᠰᠠᠨ ᠣᠴᠢᠷ ᠡᠶᠢᠨᠬᠦ ᠨᠡᠷᠡᠯᠡᠭᠳᠡᠬᠦ ᠪᠣᠯᠵᠠᠢ᠃ ᠰᠢᠶᠠᠨᠪᠢ ᠨᠢ ᠨᠡᠭᠦᠳᠡᠯ ᠤᠨ ᠮᠠᠯ ᠠᠵᠤ ᠠᠬᠤᠢ ᠡᠷᠬᠢᠯᠡᠳᠡᠭ᠂ | ᠲᠦᠪ ᠠᠽᠢᠶ᠎ᠠ ᠶᠢᠨ ᠨᠡᠭᠦᠳᠡᠯᠴᠢᠨ ᠠᠶᠢᠮᠠᠭ ᠪᠠᠶᠢᠭᠰᠠᠨ ᠶᠤᠮ᠃ | ᠲᠡᠳᠡ ᠵᠡᠷᠭᠡᠯᠡᠳᠡᠭᠡ ᠮᠠᠨᠵᠤ — ᠲᠦᠩᠭᠦᠰ ᠣᠭᠰᠠᠭᠠᠨ ᠤ ᠣᠪᠤᠭ ᠠᠶᠢᠮᠠᠭ ᠤᠳ ᠪᠤᠯᠤᠨ ᠲᠤᠪᠠ ᠨᠠᠷ ᠤᠨ | ᠠᠳᠠᠯᠢ ᠭᠡᠵᠢᠭᠡ ᠪᠠᠨ ᠰᠦᠯᠵᠢᠳᠡᠭ ᠦᠭᠡᠢ᠂ ᠾᠦᠩᠨᠦ ᠨᠠᠷ ᠤᠨ ᠠᠳᠠᠯᠢ ᠦᠰᠦ ᠪᠠᠨ ᠰᠣᠯᠠ ᠲᠠᠯᠪᠢᠳᠠᠭ ᠦᠭᠡᠢ | ᠪᠠᠶᠢᠭᠰᠠᠨ ᠪᠦᠭᠡᠳ ᠦᠰᠦ ᠪᠠᠨ ᠬᠤᠰᠣᠬᠤ ᠶᠤᠮ ᠤᠤ᠂ ᠲᠠᠭᠠᠷᠢᠵᠤ ᠶᠠᠩᠵᠤᠯᠠᠳᠠᠭ ᠪᠠᠶᠢᠭᠰᠠᠨ ᠲᠤᠬᠠᠢ ᠲᠡᠣᠬᠡ | ᠰᠣᠷᠪᠤᠯᠵᠢ ᠳᠤ ᠲᠡᠮᠳᠡᠭᠯᠡᠨ ᠦᠯᠡᠳᠡᠭᠡᠵᠡᠢ᠃ ᠰᠢᠶᠠᠨᠪᠢ ᠨᠠᠷ ᠤᠨ ᠠᠮᠢᠳᠣᠷᠠᠳᠠᠭ ᠰᠢᠷ᠎ᠠ ᠮᠦᠷᠡᠨ ᠤ ᠬᠠᠪᠢ ᠶᠢᠨ | ᠨᠣᠲᠤᠭ ᠲᠤ ᠲᠠᠪᠣᠨ ᠬᠤᠰᠢᠭᠤ ᠮᠠᠯ ᠠᠴᠠ ᠭᠠᠳᠠᠨ᠎ᠠ ᠬᠤᠯᠠᠨ᠂ ᠲᠠᠬᠢ᠂ ᠠᠷᠭᠠᠯᠢ ᠣᠭᠠᠯᠵᠠ᠂ ᠵᠡᠷᠯᠢᠭ ᠦᠬᠡᠷ᠂ | ᠦᠮᠡᠬᠡᠢ ᠬᠦᠷᠡᠩ ᠪᠤᠯᠤᠨ ᠵᠠᠷᠢᠮ ᠲᠦᠷᠦᠯ ᠤᠨ ᠪᠡᠴᠢ ᠪᠠᠶᠢᠭᠰᠠᠨ ᠃ 93 ᠣᠨ ᠳᠤ ᠰᠢᠶᠠᠨᠪᠢ ᠨᠠᠷ ᠴᠡᠷᠢᠭ᠂ ᠦ᠋ | ᠬᠤᠸᠠᠨ᠂ ᠡᠮᠣᠨᠡᠳᠣ ᠾᠦᠩᠨᠦ ᠨᠠᠷ ᠤᠨ ᠬᠠᠮᠳᠤ ᠣᠮᠠᠷᠠᠲᠣ ᠾᠦᠩᠨᠦ ᠶᠢᠨ ᠡᠰᠡᠷᠭᠦ ᠪᠠᠶᠢᠯᠳᠤᠨ ᠮᠦᠬᠦᠬᠡᠵᠤ᠂ | ᠬᠦᠮᠦᠨ ᠠᠮᠠ ᠭᠠᠵᠠᠷ ᠨᠣᠲᠤᠭ ᠢ ᠨᠢ ᠡᠵᠡᠯᠡᠨ ᠠᠪᠴᠤ ᠰᠢᠶᠠᠨᠪᠢ ᠣᠯᠤᠰ ᠢ ᠪᠠᠶᠢᠭᠤᠯᠵᠠᠢ᠃ ᠰᠢᠶᠠᠨᠪᠢ ᠨᠠᠷ ᠺᠧᠮᠤ | ᠪᠢᠴᠢᠭ ᠲᠠᠢ᠂ ᠪᠦᠭᠡ ᠮᠦᠷᠭᠦᠯ ᠢ ᠰᠢᠲᠦᠳᠡᠭ ᠪᠠᠶᠢᠭᠰᠠᠨ ᠠᠵᠢ᠃ ᠮᠦᠨ ᠲᠡᠳᠡ ᠢᠯᠠᠭᠳᠠᠭᠰᠠᠨ ᠲᠠᠶᠢᠰᠣᠨ | ᠡᠳᠡᠭᠡᠳ ᠤᠨ ᠬᠤᠶᠢᠬ᠎ᠠ ᠶᠢ ᠦᠪᠴᠢᠵᠦ ᠠᠪᠤᠨ ︽ᠲᠤᠨᠤᠭ ᠠᠪᠬᠤ ᠶᠣᠰᠣ︾ ᠦᠢᠯᠡᠳᠳᠡᠭ ᠪᠠᠶᠢᠵᠠᠢ᠃ ᠰᠢᠶᠠᠨᠪᠢ | ᠪᠤᠯᠤᠨ ᠪᠤᠰᠤᠳ ᠨᠦᠯᠦᠭᠡ ᠪᠦᠬᠦᠢ ᠨᠡᠭᠦᠳᠡᠯᠴᠢᠨ ᠠᠶᠢᠮᠠᠭ ᠤᠳ ᠰᠢᠯᠦᠭ᠂ ᠳᠠᠭᠤᠣ ᠬᠦᠭᠵᠢᠮ ᠳᠤ ᠳᠣᠷᠠᠲᠠᠢ | ᠪᠠᠶᠢᠭᠰᠠᠨ ᠪᠦᠭᠡᠳ ᠲᠡᠳᠡᠨ ᠤ ᠳᠠᠭᠤᠯᠠᠵᠣ ᠪᠠᠶᠢᠭᠰᠠᠨ ᠳᠠᠭᠤᠨ ᠤ ᠦᠭᠡ ᠡᠷᠲᠡᠨ ᠤ ᠬᠢᠲᠠᠳ ᠣᠷᠴᠢᠭᠤᠯᠭ᠎ᠠ ᠪᠠᠷ | ᠪᠢᠳᠡᠨ ᠤ ᠦᠶ᠎ᠡ ᠳᠤ ᠣᠯᠠᠮᠵᠢᠯᠠᠨ ᠢᠷᠡᠵᠡᠢ᠃ ᠮᠠᠯᠴᠢᠳ ᠤᠨ ᠳᠠᠭᠤᠯᠠᠵᠣ ᠪᠠᠶᠢᠭᠰᠠᠨ ᠨᠢᠭᠡᠨ ᠲᠠᠭᠤᠨ ᠳᠤ | ︽ᠶᠢᠨ ᠠᠭᠤᠯᠠ ᠶᠢᠨ ᠬᠤᠷᠮᠤᠢ ᠳᠤ | ᠴᠢᠯᠧ ᠭᠤᠣᠯ ᠤᠨ ᠰᠠᠪᠠ ᠳᠤ | ᠨᠡᠭᠦᠳᠡᠯᠴᠢᠳ ᠤᠨ ᠦᠷᠭᠦᠭᠡ ᠭᠡᠷ ᠰᠢᠭ ᠲᠡᠭᠷᠢ | ᠨᠡᠯᠡᠭᠡᠷ ᠲᠠᠯ᠎ᠠ ᠶᠢ ᠪᠦᠷᠬᠦᠨ᠎ᠡ᠃ | ᠬᠠᠪᠤᠷ ᠤᠨ ᠨᠣᠭᠤᠭ᠎ᠠ ᠰᠢᠭ᠋᠂ ᠲᠡᠭᠷᠢ ᠬᠦᠬᠡᠷᠡᠨ᠎ᠡ᠃ | ᠬᠠᠶᠠᠭ᠎ᠠ ᠬᠢᠷᠬᠠᠭ ᠦᠭᠡᠢ ᠲᠠᠯ᠎ᠠ ᠴᠡᠯᠡᠶᠢᠨᠡ᠃ | ᠦᠯᠢᠶᠡᠬᠦ ᠰᠠᠯᠬᠢᠨ᠎ᠠ ᠡᠪᠡᠰᠣ ᠦᠶᠡᠯᠵᠡᠨᠡ᠃ | ᠦᠬᠡᠷ ᠬᠤᠨᠢ ᠪᠠᠨ ᠬᠠᠷᠢᠭᠤᠯᠣᠨᠠᠮ︾ ᠭᠡᠮᠡᠨ ᠥᠭᠦᠯᠡᠵᠦ ᠪᠠᠶᠢᠨ᠎ᠠ᠃ | ᠮᠦᠨ 285 ᠣᠨ ᠳᠤ ᠰᠢᠶᠠᠨᠪᠢ ᠣᠯᠤᠰ ᠤᠨ ᠭᠤᠣᠯ ᠠᠶᠢᠮᠠᠭ ᠤᠳ ᠤᠨ ᠨᠢᠭᠡ ᠲᠤᠯᠤᠭᠠᠶᠢᠯᠠᠭᠴᠢ ᠡᠪ | ᠡᠪᠳᠡᠷᠡᠯᠴᠡᠨ ᠠᠯᠤᠰ ᠲᠤ ᠬᠦᠬᠡᠬᠡᠵᠦ ᠶᠠᠪᠤᠭᠤᠯᠣᠭᠰᠠᠨ ᠠᠬ᠎ᠠ ᠶᠢ ᠪᠠᠨ ᠰᠠᠨᠠᠭᠠᠯᠵᠠᠨ ᠭᠡᠮᠰᠢᠵᠦ | ︽ᠠᠬᠠᠨ ᠮᠢᠨᠢ ᠶᠠᠪᠤᠴᠢᠬᠠᠭᠠᠳ ᠡᠷᠭᠢᠵᠦ ᠢᠷᠡᠭᠰᠡᠨ ᠦᠭᠡᠢ | ᠰᠠᠯᠤᠨ ᠬᠠᠭᠠᠴᠠᠬᠤ ᠠᠮᠠᠷᠬᠠᠨ | ᠠᠬᠢᠨ ᠪᠡᠶ᠎ᠡ ᠪᠡᠶ᠎ᠡ ᠲᠠᠢ ᠪᠠᠨ ᠠᠭᠤᠯᠵᠠᠬᠤ ᠬᠡᠴᠡᠭᠦᠦ᠃ | ᠠᠳᠣᠭᠤ ᠨᠣᠴᠤᠯᠳᠤᠨᠡ᠂ ᠬᠦᠮᠦᠨ ᠨᠣᠴᠣᠯᠳᠣᠬᠤ ᠦᠭᠡᠢ᠃ | ᠳᠠᠶᠢᠰᠤᠩᠨᠠᠯᠴᠠᠬᠤ ᠨᠢ ᠬᠦᠮᠦᠰ ᠲᠤ ᠴᠦ ᠪᠤᠢ | ᠳᠠᠶᠢᠰᠤᠩᠨᠠᠯᠴᠠᠬᠤ ᠨᠢ ᠠᠳᠤᠭᠤᠨ ᠳᠤ ᠴᠦ ᠪᠤᠢ᠃ | ᠲᠠ ᠪᠠᠢ ᠯᠠᠨ ᠠᠭᠤᠯᠠ ᠲᠠᠰᠢ ᠶᠠᠪᠣᠭᠰᠠᠨ᠂ | ᠲᠦᠮᠡᠨ ᠭᠠᠵᠠᠷ ᠨᠠᠳᠠ ᠠᠴᠠ ᠬᠤᠯᠠᠳᠠᠭᠰᠠᠨ᠃ | ᠯᠦᠩ ᠠᠭᠤᠯᠠ ᠶᠢᠨ ᠦᠨᠳᠦᠷ ᠢ ᠡ︕ | ᠶᠢᠨ ᠠᠭᠤᠯᠠ ᠶᠢᠨ ᠬᠦᠢᠳᠡᠨ ᠢ ᠡ︕ | ᠠᠳᠡ ᠠᠬ᠎ᠠ ᠮᠢᠨᠢ ᠦᠵᠡᠭᠳᠡᠬᠦ ᠦᠭᠡᠢ ᠨᠢ | ᠡᠯᠢᠭᠡ ᠵᠢᠷᠦᠬᠡ ᠶᠢ ᠮᠢᠨᠢ ᠰᠢᠮᠰᠢᠷᠡᠭᠦᠯᠦᠨ᠎ᠡ ᠬᠡᠮᠡᠭᠰᠡᠨ ᠡᠨᠡᠬᠦ ᠰᠢᠯᠦᠭ ᠤᠨ ᠬᠡᠯᠡᠭᠰᠡᠨ ᠨᠢ ᠡᠷᠲᠡᠨ ᠤ ᠰᠤᠳᠤᠷ ᠲᠤ | ᠲᠡᠮᠳᠡᠭᠯᠡᠭᠳᠡᠨ ᠦᠯᠡᠳᠡᠵᠠᠢ᠃ | 156 ᠣᠨ ᠳᠤ ᠲᠠᠩ ᠰᠢ ᠬᠤᠸᠠᠢ ᠬᠠᠭᠠᠨ ᠳᠤ ᠡᠷᠭᠦᠮᠵᠢᠯᠡᠭᠳᠡᠨ ᠣᠯᠤᠰ ᠢᠶᠠᠨ ᠵᠠᠬᠢᠷᠣᠭᠰᠠᠨ ᠨᠢ ᠰᠢᠶᠠᠨᠪᠢ | ᠶᠢᠨ ᠣᠷᠤᠰᠢᠨ ᠲᠤᠭᠳᠠᠨᠢᠯ ᠳᠤ ᠬᠦᠴᠦᠲᠠᠢ ᠨᠦᠯᠦᠭᠡ ᠦᠵᠡᠭᠦᠯᠦᠭᠰᠡᠨ ᠶᠤᠮ᠃ ᠰᠢᠶᠠᠨᠪᠢ ᠨᠠᠷ ᠬᠡᠳᠦ ᠬᠡᠳᠦᠨ | ᠲᠣᠮᠣ ᠠᠶᠢᠮᠠᠭ᠂ 200 ᠭᠠᠷᠤᠢ ᠣᠪᠣᠭ ᠠᠴᠠ ᠪᠦᠷᠢᠳᠴᠦ ᠪᠠᠶᠢᠭᠰᠠᠨ᠃ ᠲᠡᠳᠡ ᠴᠦᠮ ᠨᠢᠭᠡᠲᠦᠯ ᠨᠢᠭᠲᠠᠷᠠᠯ | ᠦᠭᠡᠢ ᠪᠠᠶᠢᠵᠤ ᠠᠮᠵᠢᠯᠲᠠ ᠣᠯᠬᠤ ᠪᠤᠯᠤᠮᠵᠢ ᠦᠭᠡᠢ ᠪᠣᠯᠬᠤ ᠶᠢ ᠠᠭᠠᠵᠢᠮ ᠢᠶᠠᠷ ᠣᠶᠢᠯᠠᠭᠠᠵᠣ᠂ ᠡᠷᠡᠮᠡᠭᠡᠢ ᠵᠤᠷᠢᠭᠲᠠᠢ | ᠲᠠᠩ ᠰᠢ ᠬᠤᠸᠠᠢ ᠳᠤ ᠵᠠᠬᠢᠷᠣᠭᠳᠠᠵᠠᠢ᠃ ᠲᠠᠩ ᠰᠢ ᠬᠤᠸᠠᠢ ᠴᠦ ᠲᠡᠳᠡᠨ ᠢ ᠶᠡᠬᠡᠬᠡᠨ ᠣᠬᠠᠭᠠᠯᠢᠭ ᠣᠶᠠᠨ ᠬᠠᠲᠠᠨ | ᠪᠦᠭᠡᠳ ᠬᠠᠳᠠᠭᠤ ᠴᠢᠩᠭ᠎ᠠ ᠬᠠᠤᠯᠢ ᠵᠢᠷᠣᠮ ᠢᠶᠠᠷ ᠨᠢᠭᠡᠳᠬᠡᠨ ᠪᠠᠷᠢᠵᠦ᠂ ᠪᠦᠬᠦᠯᠢ ᠪᠦᠳᠦᠨ ᠵᠠᠩᠭᠢᠳᠣᠮᠠᠯ ᠬᠦᠴᠤᠨ | ᠪᠤᠯᠭᠠᠵᠤ ᠴᠢᠳᠠᠭᠰᠠᠨ ᠶᠤᠮ᠃ | ᠣᠯᠤᠰ ᠬᠦᠷᠦᠨ ᠣᠷᠤᠰᠢᠨ ᠲᠤᠭᠳᠠᠨᠢᠬᠤ ᠳᠤ ᠦᠨᠳᠦᠰᠦᠲᠡᠨ ᠤ ᠬᠦᠴᠦᠲᠠᠢ ᠣᠳᠤᠷᠢᠳᠤᠭᠴᠢ ᠪᠠᠭᠠᠳᠤᠷ ᠶᠠᠮᠠᠷ | ᠴᠢᠬᠤᠯᠠ ᠨᠦᠯᠤᠭᠡ ᠲᠠᠢ ᠶᠢ ᠮᠣᠩᠭᠤᠯ ᠤᠨ ᠡᠷᠲᠡᠨ ᠤ ᠲᠦᠷᠦᠲᠦ ᠣᠯᠣᠰ ᠤᠳ ᠤᠨ ᠲᠡᠣᠬᠡ ᠠᠴᠠ ᠲᠤᠳᠤᠷᠬᠠᠢ | ᠪᠤᠯᠵᠤ ᠪᠠᠶᠢᠨ᠎ᠠ᠃ ᠾᠦᠩᠨᠦ ᠶᠢᠨ ᠮᠤᠳᠤᠨ ᠴᠠᠨ ᠢᠣᠢ᠂ ᠰᠢᠶᠠᠨᠪᠢ ᠶᠢᠨ ᠲᠠᠩ ᠰᠢ ᠬᠤᠸᠠᠢ ᠨᠠᠷ ᠪᠤᠯ ᠡᠭᠦᠨ ᠤ | ᠲᠣᠳᠣ ᠵᠢᠱᠢᠶ᠎ᠡ ᠪᠢᠯᠡ᠃ | ᠰᠢᠶᠠᠨᠪᠢ ᠣᠯᠤᠰ ᠲᠠᠩ ᠰᠢ ᠬᠤᠸᠠᠢ ᠶᠢᠨ ᠦᠶ᠎ᠡ ᠠᠴᠠ ᠡᠬᠢᠯᠡᠨ ᠲᠦᠷᠦ ᠶᠢᠨ ᠬᠠᠤᠯᠢ ᠴᠠᠭᠠᠵᠠ ᠲᠠᠢ | ᠪᠣᠯᠣᠭᠰᠠᠨ ᠪᠠᠶᠢᠵᠠᠢ᠃ ᠡᠷᠲᠡᠨ ᠤ ᠵᠠᠷᠢᠮ ᠰᠣᠷᠪᠤᠯᠵᠢ ᠳᠤ ᠲᠠᠩ ᠰᠢ ᠬᠤᠸᠠᠢ ᠢ ︽ᠬᠠᠤᠯᠢ ᠴᠠᠭᠠᠵᠠ ᠬᠡᠷᠡᠭᠯᠡᠨ | ᠵᠦᠪ ᠪᠣᠷᠣᠭᠤ ᠶᠢ ᠰᠢᠢᠳᠴᠦ ᠪᠠᠶᠢᠭᠰᠠᠨ ᠪᠦᠭᠡᠳ ᠵᠢᠷᠦᠬᠡᠯᠡᠨ ᠵᠦᠷᠢᠴᠡᠬᠦ ᠬᠦᠮᠦᠨ ᠪᠠᠶᠢᠭᠰᠠᠨ ᠦᠭᠡᠢ︾ ᠭᠡᠵᠦ | ᠲᠡᠮᠳᠡᠭᠯᠡᠭᠰᠡᠨ ᠨᠢ ᠪᠤᠢ᠃ ᠰᠢᠶᠠᠨᠪᠢ ᠣᠯᠤᠰ ᠢ ᠡᠶᠢᠨᠬᠦ ᠨᠢᠭᠡᠳᠬᠡᠨ ᠵᠠᠬᠢᠷᠴᠤ ᠣᠯᠠᠨ ᠲᠤᠭᠠᠨ ᠤ ᠮᠤᠷᠢᠲᠤ ᠴᠡᠷᠢᠭ | ᠲᠠᠢ ᠪᠣᠯᠣᠭᠰᠠᠨ ᠪ᠊ ᠠᠴᠢ ᠪᠠᠷ ᠲᠠᠩ ᠰᠢ ᠬᠤᠸᠠᠢ ᠨᠡᠩ ᠬᠦᠴᠦᠷᠬᠡᠭ ᠪᠤᠯᠵᠤ᠂ ᠣᠶᠢᠷ᠎ᠠ ᠲᠤᠭᠤᠷᠢᠨ ᠤ ᠲᠡᠳᠦᠢ | ᠦᠬᠡᠢ᠂ ᠠᠯᠣᠰ ᠬᠤᠯᠠ ᠶᠢᠨ ᠣᠯᠤᠰ ᠣᠷᠤᠨ ᠳᠤ ᠴᠦ ᠠᠶᠠᠨ ᠳᠠᠶᠢᠨ ᠢ ᠠᠮᠵᠢᠯᠲᠠᠲᠠᠢ ᠬᠢᠬᠦ ᠨᠦᠬᠦᠴᠡᠯ | ᠪᠦᠷᠢᠳᠴᠡᠢ᠃ ᠲᠡᠳᠡᠨ ᠤ ᠴᠡᠷᠢᠭ ᠤᠨ ᠲᠤᠬᠠᠢ ᠲᠡᠣᠬᠡᠨ ᠰᠣᠷᠪᠤᠯᠵᠢ ᠳᠤ ︽ᠾᠦᠩᠨᠦ ᠨᠠᠷ ᠤᠨ ᠬᠢ ᠠᠴᠠ ᠲᠡᠳᠡᠨ | ᠤ ᠵᠡᠪᠰᠡᠭ ᠨᠢ ᠢᠯᠡᠭᠦᠦ ᠬᠤᠷᠴᠠ᠂ ᠮᠣᠷᠢ ᠨᠢ ᠨᠡᠩ ᠬᠤᠷᠳᠣᠨ︾ ᠬᠡᠮᠡᠭᠰᠡᠨ᠃ ᠰᠢᠶᠠᠨᠪᠢ ᠨᠠᠷ ᠲᠤᠬᠠᠢ ᠶᠢᠨ ᠦᠶ᠎ᠡ | ᠳᠤ ᠣᠯᠠᠮ ᠬᠦᠴᠦᠷᠬᠡᠭᠵᠢᠵᠦ᠂ ᠮᠡᠳᠡᠯᠭᠡ ᠪᠤᠯᠪᠠᠰᠤᠷᠠᠯ ᠨᠢ ᠳᠡᠭᠡᠭᠰᠢᠯᠡᠵᠤ ᠪᠠᠶᠢᠭᠰᠠᠨ ᠲᠤᠬᠠᠢ ᠨᠢᠭᠡᠨ ᠬᠢᠲᠠᠳ | ᠰᠠᠶᠢᠳ ᠬᠠᠭᠠᠨ ᠳᠠᠭᠠᠨ ᠡᠷᠭᠦᠭᠰᠡᠨ ᠪᠢᠴᠢᠭ ᠲᠤ ︽ᠾᠦᠩᠨᠦ ᠨᠠᠷ ᠢ ᠵᠠᠶᠢᠯᠠᠨ ᠣᠳᠤᠭᠰᠠᠨ ᠤ ᠳᠠᠷᠠᠭ᠎ᠠ | ᠰᠢᠶᠠᠨᠪᠢᠴᠣᠳ ᠬᠦᠴᠦᠷᠬᠡᠭ ᠪᠤᠯᠤᠭᠠᠳ ᠲᠡᠳᠡᠨ ᠤ ᠬᠠᠭᠤᠴᠢᠨ ᠡᠵᠡᠩᠨᠡᠵᠦ ᠪᠠᠶᠢᠭᠰᠠᠨ ᠭᠠᠵᠠᠷ ᠨᠣᠲᠤᠭ ᠢ ᠨᠢ | ᠡᠵᠡᠯᠡᠨ ᠵᠠᠬᠢᠷᠣᠭᠰᠠᠨ ᠪᠢᠯᠡ᠃ ᠲᠡᠳᠡ 100 ᠮᠢᠩᠭᠠᠨ ᠴᠡᠷᠢᠭ ᠲᠠᠢ᠂ ᠴᠢᠳᠠᠯ ᠶᠡᠬᠡᠲᠡᠢ᠂ ᠮᠡᠳᠡᠯᠭᠡ ᠪᠤᠯᠪᠠᠰᠤᠷᠠᠯ | ᠨᠢ ᠨᠡᠮᠡᠭᠳᠡᠭᠰᠡᠭᠡᠷ ᠪᠠᠶᠢᠨ᠎ᠠ᠃ ᠲᠠᠶᠢᠰᠤᠨ ᠨᠤᠭᠤᠳ ᠮᠠᠨ ᠤ ᠬᠢ ᠠᠴᠠ ᠰᠢᠵᠢᠷ ᠠᠯᠳᠠ᠂ ᠰᠢᠯᠢᠳᠡᠭ ᠰᠠᠶᠢᠨ ᠲᠡᠮᠣᠷ | ᠣᠯᠵᠤ ᠠᠪᠴᠤ ᠪᠠᠶᠢᠨ᠎ᠠ᠃ ᠰᠢᠶᠠᠨᠪᠢ ᠨᠠᠷ ᠤᠨ ᠣᠪᠣᠭ ᠤᠳ ᠨᠢ ᠣᠯᠠᠨ ᠪᠦᠭᠡᠳ ᠣᠷᠢᠳ ᠴᠠᠭ ᠤᠨ ᠬᠢ ᠠᠴᠠ | ᠪᠠᠨ ᠰᠣᠯᠠ ᠳᠣᠷᠣᠢ ᠦᠭᠡᠢ᠃ ᠬᠤᠶᠠᠷ ᠵᠢᠯ ᠤᠨ ᠲᠤᠷᠰᠢ ᠪᠢᠳᠡ ᠶᠠᠭᠠᠬᠢᠵᠤ ᠴᠦ ᠴᠢᠳᠠᠬᠤ ᠦᠭᠡᠢ ᠪᠠᠶᠢᠨ᠎ᠠ ᠰᠢᠦ | ᠳ᠋ᠡ︾ ᠭᠡᠮᠡᠨ ᠪᠢᠴᠢᠭᠰᠡᠨ ᠪᠠᠶᠢᠵᠠᠢ᠃ | 181 ᠣᠨ ᠳᠤ ᠲᠠᠩ ᠰᠢ ᠬᠤᠸᠠᠢ ᠨᠠᠰᠤ ᠪᠠᠷᠠᠬᠤ ᠳᠤ ᠲᠡᠭᠦᠨ ᠤ ᠲᠠᠪᠣᠨ ᠬᠦᠣ ᠶᠢᠨ ᠨᠢᠭᠡ ᠾᠧ ᠯᠢᠶᠠᠨ | ᠬᠠᠭᠠᠨ ᠰᠢᠷᠡᠭᠡ ᠶᠢ ᠵᠠᠯᠭᠠᠮᠵᠢᠯᠠᠭᠰᠠᠨ ᠪᠠᠶᠢᠨ᠎ᠠ᠃ ᠲᠡᠷᠡ ᠪᠠᠷ ᠡᠴᠢᠭᠡ ᠶᠢᠨ ᠪᠣᠳᠣᠯᠭ᠎ᠠ ᠶᠢ ᠦᠷᠭᠦᠯᠵᠢᠯᠡᠭᠦᠯᠵᠦ᠂ | ᠡᠮᠦᠨᠡᠰᠢ ᠬᠡᠳᠦ ᠬᠡᠳᠦᠨ ᠣᠳᠠᠭ᠎ᠠ ᠳᠤᠪᠲᠤᠯᠤᠭᠰᠠᠨ ᠪᠤᠯᠪᠠᠴᠤ ᠠᠮᠵᠢᠯᠲᠠ ᠣᠯᠣᠭᠰᠠᠨ ᠦᠭᠡᠢ᠂ ᠨᠢᠭᠡᠨ ᠲᠤᠯᠤᠭᠠᠨ | ᠳᠤ ᠠᠮᠢ ᠪᠠᠨ ᠠᠯᠳᠠᠵᠠᠢ᠃ ᠾᠧ ᠯᠢᠶᠠᠨ ᠠᠪᠢᠶᠠᠰ ᠴᠢᠳᠠᠪᠤᠷᠢ᠂ ᠬᠦᠴᠦ ᠴᠢᠳᠠᠯ ᠠᠯᠢ ᠠᠯᠢᠨ ᠢᠶᠠᠷ ᠡᠴᠢᠭᠡ ᠶᠢᠨ | ᠬᠡᠮᠵᠢᠶᠡᠨ ᠳᠤ ᠬᠦᠷᠬᠦ ᠦᠭᠡᠢ ᠪᠠᠶᠢᠭᠰᠠᠨ ᠪᠦᠭᠡᠳ ᠣᠯᠠᠨ ᠤ ᠳᠤᠮᠳᠠ ︽ᠬᠤᠪᠳᠤᠭ ᠰᠢᠨᠣᠬᠠᠢ᠂ ᠰᠢᠳᠣᠷᠭᠤ ᠪᠤᠰᠤ︾ | ᠭᠡᠰᠡᠨ ᠮᠠᠭᠤ ᠨᠡᠷᠡᠳᠡᠢ ᠪᠠᠶᠢᠵᠤ᠂ ᠣᠯᠤᠰ ᠢᠶᠠᠨ ᠣᠳᠤᠷᠢᠳᠴᠦ ᠴᠢᠳᠠᠭ᠎ᠠ ᠦᠭᠡᠢ ᠣᠴᠢᠷ ᠠᠴᠠ ᠰᠢᠶᠠᠨᠪᠢ ᠨᠠᠷ ᠤᠨ | ᠲᠡᠩ ᠬᠠᠭᠠᠰ ᠨᠢ ᠲᠡᠭᠦᠨ ᠳᠤ ᠵᠠᠬᠢᠷᠤᠭᠳᠠᠬᠤ ᠠᠴᠠ ᠲᠠᠲᠠᠭᠠᠯᠵᠠᠨ ᠰᠠᠯᠵᠤ ᠶᠠᠪᠣᠭᠰᠠᠨ ᠪᠠᠶᠢᠨ᠎ᠠ᠃ ᠬᠠᠭᠠᠨ ᠰᠢᠷᠡᠭᠡᠨ | ᠳᠤ ᠦᠶ᠎ᠡ ᠵᠠᠯᠭᠠᠮᠵᠢᠯᠠᠨ ᠰᠠᠭᠤᠬᠤ ᠵᠢᠷᠤᠮ ᠵᠢᠭᠳᠡᠷᠡᠵᠦ ᠲᠤᠭᠳᠠᠭᠰᠠᠨ ᠣᠴᠢᠷ ᠠᠴᠠ ᠾᠧ ᠯᠢᠶᠠᠨ ᠤ ᠬᠦᠦ ᠴᠢᠶᠠᠨ | ᠮᠠᠨ ᠰᠠᠭᠤᠬᠤ ᠶᠤᠰᠤᠲᠠᠢ ᠪᠠᠶᠢᠭᠰᠠᠨ ᠴᠦ ᠨᠠᠰᠤ ᠪᠠᠯᠴᠢᠷ ᠣᠴᠢᠷ ᠦᠶᠡᠯᠢ ᠨᠢ ᠲᠦᠷᠦ ᠶᠢᠨ ᠬᠡᠷᠡᠭ ᠢ ᠬᠠᠮᠢᠶᠠᠷᠴᠦ | ᠪᠠᠶᠢᠭᠰᠠᠨ ᠪᠠᠶᠢᠨ᠎ᠠ᠃ ᠴᠢᠶᠠᠨ ᠮᠠᠨ ᠨᠠᠰᠤᠨ ᠳᠤ ᠬᠦᠷᠦᠮᠡᠭᠴᠡ ᠬᠠᠭᠠᠨ ᠰᠢᠷᠡᠭᠡᠨ ᠤ ᠲᠦᠯᠦᠭᠡ ᠲᠡᠮᠡᠴᠡᠵᠦ | ᠡᠬᠢᠯᠡᠭᠰᠡᠨ ᠪᠦᠭᠡᠳ ᠰᠢᠶᠠᠨᠪᠢ ᠬᠡᠳᠦ ᠬᠡᠳᠦ ᠬᠤᠪᠢᠶᠠᠭᠳᠠᠨ ᠰᠠᠯᠵᠠᠢ᠃ | ᠰᠢᠶᠠᠨᠪᠢ ᠬᠦᠷᠦᠨ ᠨᠢ ᠭᠠᠳᠠᠭᠠᠳᠤ ᠳᠣᠲᠣᠭᠠᠳᠣ ᠶᠢᠨ ᠬᠢᠮᠤᠷᠠᠯ ᠲᠡᠮᠡᠴᠡᠯ᠂ ᠬᠠᠭᠠᠷᠠᠯ ᠪᠣᠲᠠᠷᠠᠯ ᠠᠴᠠ ᠪᠤᠯᠵᠤ | 235 ᠣᠨ ᠳᠤ ᠰᠢᠶᠠᠨᠪᠢ᠂ ᠦ᠋ ᠬᠤᠸᠠᠨ᠂ ᠲᠤᠪᠠ᠂ ᠳ᠋ᠤᠸᠠᠨ ᠵᠡᠷᠭᠡ ᠬᠡᠳᠦ ᠬᠡᠳᠦᠨ ᠠᠶᠢᠮᠠᠭ ᠪᠤᠯᠤᠨ ᠵᠠᠳᠠᠷᠠᠵᠣ | ᠮᠦᠬᠦᠭᠰᠡᠨ ᠶᠤᠮ᠃ | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |