| | ︽ᠡᠭᠡᠰᠢᠭ ᠳᠤᠯᠤᠭ᠎ᠠ︾ ᠶᠢᠨ ᠦᠯᠢᠭᠡᠷ᠄ ᠶᠠᠮᠠᠷ ᠨᠢᠬᠡ ᠶᠠᠭᠤᠮ᠎ᠠ ᠠᠴᠠ ᠤᠯᠠᠮ ᠬᠤᠯᠠᠳᠠᠬᠤ ᠪᠦᠷᠢ | ᠳᠡᠬᠦᠨ ᠤ ᠡᠷᠬᠢᠮ ᠨᠠᠨᠳᠢᠨ ᠬᠡᠳᠡᠭ ᠢ ᠤᠬᠠᠷᠠᠳᠠᠭ ᠤᠨ ᠤᠴᠢᠷ᠂ 2014 ᠤᠨ ᠤ 6 ᠰᠠᠷ᠎ᠠ ᠳᠤ ᠪᠡᠬᠡᠵᠢᠩ ᠤᠨ | ᠰᠢᠤᠳᠠᠨ ᠤ ᠶᠡᠭᠡ ᠰᠤᠷᠭᠠᠭᠤᠯᠢ ᠳᠤ ᠰᠤᠷᠤᠯᠴᠠᠵᠤ ᠪᠠᠶᠢᠭ᠎ᠠ ᠮᠤᠩᠭᠤᠯ ᠤᠶᠤᠳᠠᠳ ᠮᠠᠨᠢ ︽ᠡᠬᠡᠰᠢᠭ ᠳᠤᠯᠤᠭ᠎ᠠ︾ | ᠡᠬᠡ ᠬᠡᠯᠡᠨ ᠤ ᠵᠢᠷᠬᠢᠶ᠎ᠡ ᠶᠢᠨ ᠳᠠᠪᠴᠠᠩ ᠨᠡᠪᠳᠡᠷᠡᠬᠦᠯᠵᠦ᠂ ᠪᠤᠰᠤᠭ᠎ᠠ ᠮᠤᠩᠭᠤᠯ ᠬᠡᠯᠡ ᠪᠠᠨ ᠵᠢᠷᠬᠢᠶ᠎ᠠ ᠶᠢᠨ | ᠳᠠᠪᠴᠠᠩ ᠢᠶᠠᠷ ᠮᠤᠩᠭᠤᠯ ᠬᠡᠯᠡ ᠰᠤᠶᠤᠯ ᠰᠤᠷᠬᠤ ᠳᠤᠷᠠᠳᠠᠢ ᠬᠦᠮᠦᠰ ᠲᠤ ᠵᠢᠭᠠᠵᠠᠢ᠃ ᠳᠡᠳᠡᠨᠡᠷ ᠡᠳᠦᠷ ᠪᠦᠷᠢ ᠨᠢᠬᠡ | ᠦᠰᠦᠭ᠂ ᠦᠬᠦᠯᠡᠪᠦᠷᠢ ᠶᠢ ᠠᠪᠢᠶ᠎ᠠ ᠦᠰᠦᠭ ᠤᠨ ᠬᠡᠯᠪᠡᠷᠢ ᠪᠠᠷ ᠦᠢᠯᠡᠳᠦᠨ ᠢᠯᠡᠬᠡᠳᠡᠭ᠃ ᠡᠨᠡᠬᠦ ᠰᠢᠨ᠎ᠠ ᠴᠠᠭ | ᠦᠶ᠎ᠡ ᠶᠢᠨ ᠤᠷᠤᠰᠬᠠᠯ ᠪᠤᠯᠵᠤ ᠪᠠᠶᠢᠭ᠎ᠠ ᠳᠠᠪᠴᠠᠩ ᠢ ᠠᠩᠬ᠎ᠠ ᠪᠠᠶᠢᠭᠤᠯᠬᠤ ᠳᠤ ᠳᠤᠯᠤᠭᠠᠨ ᠬᠦᠮᠦᠨ ᠢᠶᠠᠷ | ᠪᠦᠷᠢᠯᠳᠦᠭᠰᠡᠨ ᠪᠦᠯᠬᠦᠮ ᠭᠠᠷᠳᠠᠨ ᠬᠢᠭᠰᠡᠨ ᠪᠤᠯᠬᠤᠷ ᠨᠢ ᠦᠪᠡᠷ ᠢ ᠪᠠᠨ ᠮᠤᠩᠭᠤᠯ ᠦᠬᠡ ᠦᠰᠦᠭ ᠤᠨ ᠨᠢᠷᠤᠭᠤ | ᠳᠤᠯᠭᠠᠭᠤᠷᠢ ᠨᠢ ᠪᠤᠯᠳᠠᠭ ︽ᠡᠬᠡᠰᠢᠭ ᠳᠤᠯᠤᠭ᠎ᠠ︾ ᠲᠠᠢ ᠵᠦᠢᠷᠯᠡᠨ᠂ ᠦᠪᠡᠷᠰᠡᠳ ᠤᠨ ᠦᠢᠯᠡᠰ ᠲᠡᠭᠡᠨ ᠡᠶᠢᠮᠦᠷᠬᠦ | ᠰᠠᠶᠢᠬᠠᠨ ᠨᠡᠷ᠎ᠡ ᠬᠠᠶᠢᠷᠠᠯᠠᠵᠠᠢ᠃ ︽ᠮᠤᠩᠭᠤᠯ ᠬᠡᠯᠡ ᠰᠤᠶᠤᠯ ᠢᠶᠠᠨ ᠤᠯᠠᠮᠵᠢᠯᠠᠵᠤ ᠳᠡᠯᠬᠡᠷᠡᠬᠦᠯᠬᠦ ᠶᠠᠪᠤᠳᠠᠯ ᠢ ᠪᠢᠳᠡ | ᠬᠢᠬᠦ ᠦᠬᠡᠢ ᠪᠤᠯ ᠪᠤᠰᠤᠳ ᠬᠦᠮᠦᠰ ᠨᠡᠩ ᠬᠢᠬᠦ ᠦᠬᠡᠢ᠂ ᠬᠢᠬᠦ ᠬᠦᠮᠦᠨ ᠦᠬᠡᠢ ᠪᠤᠯ ᠤᠳᠤᠬᠢ ᠪᠠᠶᠢᠳᠠᠯ ᠢ | ᠦᠬᠡᠷᠡᠴᠢᠯᠡᠵᠦ ᠳᠡᠶᠢᠯᠬᠦ ᠦᠬᠡᠢ᠂ ᠦᠬᠡᠷᠡᠴᠢᠯᠡᠬᠦ ᠦᠬᠡᠢ ᠪᠤᠯ ᠨᠡᠩ ᠰᠠᠶᠢᠵᠢᠷᠠᠵᠤ ᠳᠡᠶᠢᠯᠬᠦ ᠦᠬᠡᠢ︾ ᠬᠡᠵᠦ ᠦᠵᠡᠯ | ᠪᠤᠳᠤᠯ ᠨᠢᠬᠡᠳᠦᠭᠰᠡᠨ ᠵᠠᠯᠠᠭᠤᠰ ᠬᠠᠮᠳᠤ ᠶᠢᠨ ᠬᠠᠶᠢᠷᠠᠳᠠᠢ ᠦᠢᠯᠡᠰ ᠢᠶᠠᠨ ᠡᠬᠢᠯᠡᠬᠦᠯᠵᠡᠢ᠃ ᠬᠤᠶᠠᠷ ᠵᠢᠯ ᠤᠨ | ᠬᠤᠭᠤᠴᠠᠭᠠᠨ ᠳᠤ ︽ᠡᠬᠡᠰᠢᠭ ᠳᠤᠯᠤᠭ᠎ᠠ︾ ᠪᠦᠯᠬᠦᠮ ᠤᠨ ᠬᠢᠨ ᠳᠤᠤᠭᠠᠷᠪᠠᠯ ᠳᠠᠭᠤ ᠨᠢᠬᠡᠳᠡᠢ ᠳᠤᠭᠳᠤᠷᠪᠠᠯ | ᠬᠦᠴᠦᠨ ᠨᠢᠬᠡᠳᠡᠢ ᠵᠢᠳᠬᠦᠵᠦ᠂ ᠬᠠᠮᠳᠤᠪᠡᠷ ᠰᠤᠷᠤᠯᠴᠠᠨ᠂ ᠬᠠᠷᠢᠯᠴᠠᠨ ᠴᠢᠷᠮᠠᠶᠢᠳᠠᠭ᠃ ︽ᠡᠬᠡᠰᠢᠭ ᠳᠤᠯᠤᠭ᠎ᠠ︾ | ᠵᠷᠢᠬᠢᠶᠠ ᠶᠢᠨ ᠳᠠᠪᠴᠠᠩ ᠤᠨ ᠬᠡᠰᠢᠬᠦᠨ ᠪᠠᠳᠠᠷᠠᠬᠤ᠄ ︽ᠬᠤᠶᠠᠷ ᠵᠢᠯ ᠤᠨ ᠳᠤᠷᠰᠢ ᠪᠢᠳᠡ ᠰᠦᠨᠢ ᠲᠦᠯᠢ ᠪᠤᠯᠳᠠᠯ᠎ᠠ | ᠰᠢᠨ᠎ᠠ ᠠᠭᠤᠯᠭ᠎ᠠ ᠶᠢᠨ ᠢᠶᠠᠨ ᠳᠤᠬᠠᠢ ᠶᠠᠷᠢᠯᠴᠠᠵᠤ᠂ ᠠᠰᠠᠷ ᠤᠨ ᠭᠤᠳᠤᠮᠵᠢ ᠳᠤ ᠰᠢᠩᠬᠡᠬᠡᠯᠳᠡ ᠬᠢᠵᠦ᠂ ᠰᠦᠨᠢ | ᠲᠦᠯᠢ ᠪᠤᠯᠳᠠᠯ᠎ᠠ ᠠᠭᠤᠯᠭ᠎ᠠ ᠪᠠᠨ ᠨᠠᠶᠢᠷᠠᠭᠤᠯᠤᠨ ᠦᠢᠯᠡᠳᠳᠡᠭ ᠪᠤᠯᠪᠠᠴᠤ ᠪᠢᠳᠡ ᠡᠨᠡᠬᠦ ᠠᠵᠢᠯ ᠢᠶᠠᠨ ᠰᠠᠶᠢᠳᠤᠷ | ᠬᠢᠬᠦ ᠶᠢ ᠪᠠᠷᠢᠮᠳᠠᠯᠠᠭᠰᠠᠭᠠᠷ ᠢᠷᠡᠵᠡᠢ᠃ ᠮᠠᠨ ᠤ ᠪᠦᠯᠬᠦᠮ ᠤᠨ ᠬᠦᠮᠦᠨ ᠪᠤᠯᠭᠠᠨ ᠤ ᠴᠢᠷᠮᠠᠶᠢᠯᠠᠭ᠎ᠠ ᠨᠢ ᠡᠬᠡ ᠬᠡᠯᠡ ᠪᠠᠨ | ᠠᠯᠳᠠᠭᠰᠠᠨ ᠬᠦᠮᠦᠰ ᠲᠤ ᠬᠠᠪᠰᠤᠷᠤᠯᠭ᠎ᠠ ᠳᠡᠮᠵᠢᠯᠬᠡ ᠪᠤᠯᠵᠤ ᠪᠠᠶᠢᠨ᠎ᠠ ᠬᠡᠵᠦ ᠪᠤᠳᠤᠬᠤ ᠪᠦᠷᠢ ᠪᠢ ᠴᠤ ᠪᠠᠶᠠᠷ | ᠪᠠᠶᠠᠰᠤᠯ ᠲᠠᠢ ᠰᠡᠳᠬᠢᠯ ᠳᠡᠨᠢᠬᠦᠨ ᠪᠤᠯᠳᠠᠭ ᠬᠡᠵᠦ ᠪᠠᠶᠢᠯ᠎ᠠ᠃ ᠤᠳᠤᠬᠠᠨ ᠳᠤ ᠮᠠᠨ ᠤ ᠳᠠᠪᠴᠠᠩ ᠢ 3 ᠲᠦᠮᠠ | ᠭᠠᠷᠤᠢ ᠬᠦᠮᠦᠰ ᠠᠩᠬᠠᠷᠤᠯ ᠳᠠᠭᠠᠨ ᠠᠪᠴᠤ᠂ ᠡᠳᠦᠷ ᠲᠤ 800 ᠭᠠᠷᠤᠢ ᠬᠦᠮᠦᠰ ᠪᠢᠳᠡᠨ ᠤ ᠮᠡᠳᠡᠭᠡ ᠶᠢ | ᠬᠦᠯᠢᠶᠡᠨ ᠠᠪᠴᠤ ᠰᠤᠷᠤᠯᠴᠠᠵᠤ ᠪᠠᠶᠢᠨ᠎ᠠ︾ ᠬᠡᠯᠡ᠃ | ︽ᠮᠤᠩᠭᠤᠯ ᠰᠦᠯᠳᠡ︾ ᠶᠢᠨ ᠦᠯᠢᠬᠡᠷ᠄ ︽ᠮᠤᠩᠭᠤᠯ ᠰᠦᠯᠳᠡ︾ ᠪᠤᠯ ᠬᠤᠷᠴᠢᠨ ᠨᠤᠳᠤᠭ ᠲᠠᠢ ᠵᠠᠯᠠᠭᠤ | ᠬᠡᠨᠳᠡᠨᠵᠠᠪ ᠤᠨ ᠰᠡᠳᠦᠨ ᠡᠷᠬᠢᠯᠡᠵᠦ ᠪᠠᠶᠢᠭ᠎ᠠ ᠳᠤᠰᠬᠠᠢᠢᠯᠠᠨ ᠪᠦᠬᠦ ᠤᠯᠤᠰ ᠤᠨ ᠡᠯ᠎ᠠ ᠭᠠᠵᠠᠷ ᠤᠨ ᠶᠠᠳᠠᠭᠤ | ᠬᠦᠴᠢᠷᠳᠡᠯᠳᠡᠢ ᠮᠤᠩᠭᠤᠯ ᠰᠤᠷᠤᠭᠴᠢ ᠶᠢ ᠳᠡᠮᠵᠢᠳᠡᠭ ᠪᠤᠶᠠᠨ ᠤ ᠦᠢᠯᠡᠰ ᠤᠨ ᠪᠦᠯᠬᠦᠮ ᠪᠤᠯᠤᠨ᠎ᠠ᠃ ︽ᠮᠤᠩᠭᠤᠯ | ᠰᠦᠯᠳᠡ︾ ᠨᠢ ᠨᠢᠬᠡ ᠶᠢ ᠨᠢᠬᠡ ᠪᠠᠷ ᠳᠤᠰᠠᠯᠠᠬᠤ ᠬᠡᠯᠪᠡᠷᠢ ᠪᠠᠷ ᠶᠠᠳᠠᠭᠤ ᠬᠦᠴᠢᠷᠳᠡᠯᠳᠡᠢ ᠰᠤᠷᠤᠭᠴᠢ ᠶᠢ ᠳᠤᠰᠠᠯᠠᠨ | ᠳᠡᠮᠵᠢᠬᠦ ᠰᠠᠨᠠᠭ᠎ᠠ ᠲᠠᠢ ᠪᠤᠷᠬᠠᠨ ᠰᠡᠳᠬᠢᠯᠳᠤ ᠬᠦᠮᠦᠰ ᠪᠠ ᠶᠠᠳᠠᠭᠤ ᠬᠦᠴᠢᠷᠳᠡᠯᠳᠡᠢ ᠰᠤᠷᠤᠭᠴᠢ ᠶᠢᠨ | ᠬᠤᠭᠤᠷᠤᠨᠳᠤ ᠨᠢ ᠬᠤᠯᠪᠤᠭᠠᠰᠤ ᠪᠤᠯᠵᠤ ᠬᠠᠷᠢᠯᠴᠠᠨ ᠳᠠᠨᠢᠯᠴᠠᠭᠤᠯᠳᠠᠭ᠃ ᠡᠬᠦᠨ ᠠᠴᠠ ᠭᠠᠳᠠᠨ᠎ᠠ᠂ ᠮᠤᠩᠭᠤᠯ | ᠤᠳᠬ᠎ᠠ ᠰᠤᠶᠤᠯ ᠳᠠᠭᠠᠨ ᠬᠠᠶᠢᠷᠠᠳᠠᠢ ᠬᠦᠮᠦᠰ ᠪᠤᠶᠤ ᠳᠡᠳᠡᠨᠡᠷ ᠤᠨ ᠬᠠᠵᠠᠭᠤ ᠬᠠᠪᠢ ᠶᠢᠨ ᠨᠠᠶᠢᠵᠠ ᠨᠦᠬᠦᠳ ᠨᠢ | ᠳᠡᠳᠡᠨ ᠤ ᠡᠨᠡᠬᠦ ᠬᠦᠨᠳᠦᠬᠡᠯ ᠪᠢᠰᠢᠷᠡᠯ ᠲᠠᠢ ᠦᠢᠯᠡ ᠠᠵᠢᠯᠯᠠᠭ᠎ᠠ ᠳᠤ ᠢᠳᠡᠪᠬᠢᠳᠡᠢ ᠤᠷᠤᠯᠴᠠᠳᠠᠭ ᠬᠡᠨ᠎ᠡ᠃ ᠬᠤᠯᠠ | ᠭᠠᠵᠠᠷ ᠬᠦᠨᠳᠡᠯᠡᠨ ᠤ ᠨᠤᠳᠤᠭ ᠳᠤ ᠠᠵᠢᠯᠯᠠᠵᠤ ᠠᠮᠢᠳᠤᠷᠠᠬᠤ ᠳᠠᠭᠠᠨ ᠨᠤᠳᠤᠭ ᠤᠨ ᠬᠦᠮᠦᠰ ᠮᠠᠨᠢ ᠨᠡᠩ ᠡᠬᠡᠯᠢᠳᠡᠢ | ᠰᠠᠨᠠᠭᠳᠠᠬᠤ ᠶᠢᠨ ᠤᠴᠢᠷ ᠨᠤᠳᠤᠭ ᠤᠰᠤᠨ ᠳᠠᠭᠠᠨ ᠬᠦᠴᠦᠨ ᠢᠶᠠᠨ ᠨᠡᠮᠡᠷᠢᠯᠡᠵᠦ᠂ ᠨᠢᠬᠡᠨ ᠤᠳᠬ᠎ᠠ ᠠᠭᠤᠯᠭ᠎ᠠ ᠲᠠᠢ | ᠶᠠᠪᠤᠳᠠᠯ ᠬᠢᠵᠦ ᠶᠠᠪᠤᠶ᠎ᠠ ᠬᠡᠮᠡᠨ ᠪᠤᠳᠤᠵᠤ ᠬᠦᠬᠡᠷᠦᠬᠦᠨ ᠶᠦᠮᠦᠷᠯᠢᠭ ᠵᠠᠯᠠᠭᠤ ᠬᠡᠨᠳᠡᠨᠵᠠᠪ 2010 ᠤᠨ ᠤ 9 | ᠰᠠᠷ᠎ᠠ ᠳᠤ ᠡᠨᠡᠬᠦ ᠪᠦᠯᠬᠦᠮ ᠢᠶᠠᠨ ᠪᠠᠶᠢᠭᠤᠯᠤᠭᠰᠠᠨ ᠶᠤᠮ᠃ ᠬᠡᠨᠳᠡᠨᠵᠠᠪ᠄ ︽ᠮᠢᠨᠦ ᠪᠠᠭ᠎ᠠ ᠶᠢᠨ ᠦᠶ᠎ᠡ ᠳᠤ ᠡᠵᠢ ᠮᠠᠨᠢ | ᠴᠢᠰᠤ ᠴᠠᠶᠢᠬᠤ ᠡᠪᠡᠳᠴᠢᠨ ᠢᠶᠠᠷ ᠨᠠᠰᠤ ᠪᠠᠷᠠᠭᠰᠠᠨ ᠪᠤᠯᠬᠤᠷ ᠮᠠᠨ ᠤ ᠠᠮᠢᠳᠤᠷᠠᠯ ᠲᠦᠢᠯ ᠤᠨ ᠬᠦᠴᠢᠷᠳᠡᠯᠳᠡᠢ᠂ | ᠰᠤᠷᠭᠠᠭᠤᠯᠢ ᠳᠤ ᠪᠢᠴᠢᠭ ᠦᠵᠡᠵᠦ ᠪᠠᠶᠢᠬᠤ ᠳᠠᠭᠠᠨ ᠰᠤᠷᠤᠯᠭ᠎ᠠ ᠶᠢᠨ ᠰᠦᠢᠳᠬᠡᠯ ᠢᠶᠠᠨ ᠳᠤᠰᠢᠶᠠᠵᠤ ᠳᠡᠶᠢᠯᠬᠦ ᠦᠬᠡᠢ | ᠬᠡᠷ ᠲᠡᠭᠡᠨ ᠬᠦᠬᠡᠬᠡᠭᠳᠡᠵᠦ ᠶᠠᠪᠤᠳᠠᠭ ᠤᠴᠢᠷ ᠳᠠᠩᠳᠠ ᠤᠯᠠᠨ ᠳᠤᠬᠢᠶᠠᠯᠳᠤᠵᠤ ᠪᠠᠶᠢᠵᠠᠢ᠃ ᠨᠡᠩ ᠴᠤ ᠪᠠᠭ᠎ᠠ ᠶᠢᠨ | ᠦᠶ᠎ᠡ ᠳᠤ ᠡᠷᠳᠡᠨᠢ ᠰᠢᠰᠢ ᠶᠢᠨ ᠪᠤᠤᠪᠤ ᠶᠢ ᠰᠠᠷ᠎ᠠ ᠪᠠᠷ ᠢᠳᠡᠵᠦ ᠪᠠᠶᠢᠭᠰᠠᠨ ᠰᠢᠤ᠂ ᠳᠡᠬᠡᠬᠦ ᠪᠠᠷ ᠢᠶᠠᠨ ᠶᠠᠳᠠᠭᠤ | ᠬᠦᠴᠢᠷᠳᠡᠯᠳᠡᠢ ᠰᠤᠷᠤᠭᠴᠢ ᠶᠢᠨ ᠬᠦᠴᠢᠷ ᠵᠤᠪᠠᠭᠤᠷᠢ ᠶᠢ ᠰᠡᠳᠬᠢᠯ ᠢᠶᠠᠷ ᠢᠶᠠᠨ ᠮᠡᠳᠡᠷᠡᠳᠡᠭ ᠤᠨ ᠤᠴᠢᠷ | ᠠᠮᠢᠳᠤᠷᠠᠯ ᠤᠨ ᠬᠦᠴᠢᠷ ᠵᠤᠪᠠᠭᠤᠷᠢ ᠠᠴᠠ ᠪᠤᠯᠵᠤ ᠰᠤᠷᠤᠯᠭ᠎ᠠ ᠪᠠᠨ ᠦᠷᠬᠦᠯᠵᠢᠯᠡᠬᠦᠯᠵᠦ ᠴᠢᠳᠠᠬᠤ ᠦᠬᠡᠢ | ᠰᠤᠷᠤᠭᠴᠢᠳ ᠢ ᠳᠡᠮᠵᠢᠨ ᠳᠤᠰᠠᠯᠠᠵᠤ ᠶᠠᠪᠤᠶ᠎ᠠ ᠬᠡᠮᠡᠬᠦ ᠪᠤᠳᠤᠯ ᠢᠶᠠᠷ ᠡᠨᠡᠬᠦ ᠪᠤᠶᠠᠨ ᠤ ᠦᠢᠯᠡᠰ ᠢ ᠡᠷᠬᠢᠯᠡᠵᠡᠢ︾ ᠬᠡᠯᠡ᠃ | ︵ᠨᠠᠪᠴᠢ︶ | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ | | |