ᠨᠤᠲᠤᠭ ᠤᠨ ᠰᠢᠷᠤᠢ ᠭᠦᠷᠦᠭᠡᠴᠢᠨ ᠪᠦ᠊᠂
ᠨᠡᠶᠢᠲᠡᠯᠡᠭᠰᠡᠨ ᠴᠠᠭ᠄
2020-05-14
ᠠᠯᠳᠠᠨ ᠲᠡᠯᠡᠭᠡᠢ ᠳᠤ ᠠᠩᠬ᠎ᠠ ᠢᠷᠡᠭᠦ ᠳᠤ ᠬᠦᠢ ᠶᠢ ᠮᠢᠨᠢ ᠵᠠᠩᠭᠢᠳᠤᠭᠰᠠᠨ ᠠᠪᠤ ᠡ ᠡᠵᠢ ᠡ ᠭᠡᠵᠦ ᠬᠡᠯᠡ ᠳᠤ ᠤᠷᠤᠬᠤ ᠳᠤ ᠠᠯᠠᠭ ᠬᠤᠷᠸ᠎ᠠ ᠠᠮᠤᠷᠵᠢᠭᠰᠠᠨ ᠠᠰᠬ᠎ᠠ ᠰᠢᠭ᠋ ᠪᠤᠰᠤᠭ᠎ᠠ ᠡᠷ᠎ᠡ ᠶᠠᠪᠤᠬᠤ ᠳᠠᠭᠠᠨ ᠨᠤᠲᠤᠭ ᠡᠵᠢ ᠬᠤᠶᠠᠷ ᠢᠶᠠᠨ ᠳᠡᠩᠳᠡᠭᠦᠦ ᠶᠡᠭᠡ ᠰᠠᠨᠠᠭᠰᠠᠨ ᠠᠰᠬᠠᠷᠠᠭᠰᠠᠨ ᠴᠠᠭᠠᠨ ᠰᠦᠨ ᠭᠡᠭᠡ ᠠᠮᠢᠳᠤᠷᠠᠯ ᠪᠠᠶ᠎ᠠ ᠶᠢ ᠮᠢᠨᠢ ᠳᠡᠳᠭᠦᠭᠰᠡᠨ ᠦᠨᠡᠭᠡᠨ ᠬᠠᠷᠠᠩᠭᠤᠢ ᠶᠢ ᠦᠯᠢᠭᠡᠷ ᠢᠶᠠᠷ ᠠᠷᠭᠠᠳᠠᠭᠰᠠᠨ ᠡᠮᠡᠭᠡ ᠶᠢᠨ ᠮᠢᠨᠢ ᠨᠤᠲᠤᠭ ᠦᠯᠭᠡ ᠬᠦᠷᠪᠡᠯ ᠤᠨ ᠮᠦᠷ ᠤᠨ ᠲᠠᠮᠠᠭ᠎ᠠ ᠲᠠᠢ ᠡᠪᠦᠭᠡ ᠶᠢᠨ ᠮᠢᠨᠢ ᠨᠤᠲᠤᠭ ᠲᠤᠩᠭᠠᠯᠠᠭ ᠮᠦᠩᠭᠦᠨ ᠰᠠᠷᠠᠨ ᠰᠢᠩᠭᠡᠬᠦ ᠪᠠᠨ ᠮᠠᠷᠳᠠᠨ ᠬᠤᠷᠭᠤᠳᠠᠭᠰᠠᠨ ᠡᠵᠢ ᠶᠢᠨ ᠮᠢᠨᠢ ᠨᠤᠲᠤᠭ ᠲᠤᠤᠯᠢ ᠶᠢᠨ ᠰᠢᠷᠭᠠᠯ ᠰᠦᠷᠦᠭ ᠤᠳ ᠲᠡᠦᠭᠡ ᠢᠶᠠᠨ ᠲᠠᠭᠠᠨ ᠮᠦᠩᠭᠡᠷᠡᠭᠰᠡᠨ ᠠᠪᠤ ᠶᠢᠨ ᠮᠢᠨᠢ ᠨᠤᠲᠤᠭ ᠠᠳᠠᠨ ᠲᠡᠮᠡᠭᠡᠨ ᠤ ᠬᠤᠮ ᠲᠠᠢ ᠵᠤᠨᠵᠢᠶ᠎ᠠ ᠭᠤᠪᠢ ᠶᠢᠨ ᠨᠠᠮᠤᠷ ᠢ ᠠᠭᠠᠰᠢᠯᠠᠭᠤᠯᠵᠦ ᠠᠶᠠᠨ ᠤ ᠵᠢᠩ ᠤᠨ ᠴᠤᠪᠤᠭ᠎ᠠ ᠲᠡᠦᠬᠡ ᠶᠢᠨ ᠬᠠᠭᠤᠳᠠᠰᠤᠨ ᠳᠤ ᠲᠠᠮᠠᠭᠠᠯᠠᠵᠦ ᠲᠡᠷᠡ ᠴᠤᠪᠤᠭᠠᠨ ᠠᠴᠠ ᠲᠠᠰᠤᠷᠠᠨ ᠤᠨᠠᠠᠭᠰᠠᠨ ᠬᠤᠷᠭᠤᠯ ᠪᠢᠯᠡ ᠪᠢ ᠲᠡᠷᠳᠡᠭᠡ ᠵᠠᠭᠤᠨ ᠤᠷᠤᠭᠤ ᠪᠦᠮᠪᠦᠷᠢᠭᠰᠡᠭᠡᠷ ᠶᠡᠪᠤᠵᠦ ᠪᠠᠶᠢᠨ᠎ᠠ᠂᠂᠂᠂ ᠪᠢ ᠡᠯᠡᠰᠦ ᠮᠠᠩᠬᠠᠨ ᠤ ᠰᠠᠳᠤᠨ ᠡᠭᠡᠷᠡᠮ᠎ᠡ ᠭᠤᠪᠢ ᠶᠢᠨ ᠦᠷ᠎ᠡ ᠰᠠᠳᠦ ᠡᠵᠡᠨ ᠴᠢᠩᠬᠢᠰ ᠤᠨ ᠨᠤᠲᠤᠭ ᠭᠡᠭᠴᠢ ᠮᠢᠨᠤ ᠡᠭᠡ ᠤᠷᠤᠨ ᠡᠯᠢᠭᠡ ᠨᠢ ᠬᠠᠯᠠᠭᠤᠨ ᠰᠢᠷᠤᠢ ᠠᠵᠠᠢ᠃ ᠪᠡᠯᠡᠳᠬᠡᠭᠰᠡᠨ ᠨᠢ᠄ ᠡᠷᠳᠡᠨᠢᠬᠦᠦ ᠨᠠᠶᠢᠷᠠᠭᠤᠯᠤᠭᠰᠠᠨ ᠨᠢ᠄ ᠨᠠᠮᠤᠷ ᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号