ᠯᠣᠪᠰᠡᠩᠳᠡᠮᠪᠠ ᠶᠢᠨ ᠳᠡᠰᠢᠨᠢᠮ᠎ᠠ ᠨᠠᠬᠦᠳᠠᠯ ᠤᠨ ᠰᠣᠶᠣᠯ ᠢᠷᠭᠡᠨᠰᠢᠯ ᠠᠵᠥ ᠲᠥᠷᠦᠬᠦᠢ ᠶᠢᠨ ᠬᠦᠮᠦᠯᠢᠭ ᠬᠡᠪᠰᠢᠯ
ᠨᠡᠶᠢᠲᠡᠯᠡᠭᠰᠡᠨ ᠴᠠᠭ᠄
2020/6/5
ᠲᠠᠣᠭᠡ ᠶᠢᠨ ᠣᠷᠳᠥ ᠣᠳᠡᠭᠠᠨ ᠭ᠋ᠤᠭᠤᠴᠡᠭᠠᠨ ᠳᠤ homosapiens ᠬᠦᠮᠦᠨ ᠬᠡᠮᠠᠬᠦ ︽ᠨᠠᠶᠢᠭᠡᠮ ᠤᠨ ᠠᠮᠢᠲᠡᠨ︾ ᠪᠤᠯᠵᠥ ︽ᠲᠥᠷᠦᠯ ᠠᠷᠡᠯᠵᠢᠬᠤ︾ ᠳᠤ ᠪᠠᠨ ᠪᠠᠶᠢᠭᠠᠯᠢ ᠠᠴᠠ ᠵᠡᠶᠡᠭᠠᠬᠰᠡᠨ ᠲᠥᠷᠦᠯᠬᠢ ︽ᠦᠭᠬᠦᠭᠳᠠᠬᠦᠨ︾ ᠢᠶᠠᠨ ᠮᠡᠰᠢ ᠶᠠᠭᠡᠪᠠᠷ ᠭᠡᠭᠡᠵᠦ᠂ ᠨᠠᠶᠢᠭᠡᠮᠰᠢᠵᠦ ᠰᠤᠶᠤᠯᠵᠢᠬᠰᠡᠨ ᠪᠢᠰᠢ᠂ ᠭ᠋ᠠᠷᠢᠨ ᠴᠦ ︽ᠪᠠᠭᠤᠷᠡᠶᠢᠵᠤ ᠦᠭᠡᠷᠠᠰᠢᠭ᠍ᠰᠡᠨ︾ ᠲᠤᠬᠠᠢ ᠡᠯᠳᠠᠪ ᠰᠡᠨᠠᠬ᠋᠎ᠠ ᠪᠤᠳᠤᠯ ᠠᠳᠡ ᠲᠠᠨᠳᠡ ᠴᠣᠬᠤᠯᠵᠡᠳᠠᠬ᠃ ᠵᠢᠱᠢᠶ᠎ᠠ ᠨᠢ᠂ ᠭ᠋ᠤᠳᠠ ᠶᠢᠨ ᠬᠢᠨ ᠢ ᠬᠦᠳᠡᠭᠡ ᠶᠢᠨ ᠬᠦᠮᠦᠰ ᠲᠠᠢ ᠭ᠋ᠠᠷᠢᠴᠡᠭᠤᠯᠬᠤ ᠳᠤ ᠭ᠋ᠠᠷᠠᠬ᠋᠎ᠠ ᠪᠦᠷᠢᠯᠭᠡᠨ᠂ ᠰᠤᠨᠣᠷ ᠲᠣᠯᠢᠨᠭᠤᠷ᠂ ᠦᠨᠦᠷᠯᠠᠬᠦ ᠴᠢᠳᠡᠪᠤᠷᠢ ᠲᠥᠯᠠᠷ ᠪᠤᠯᠵᠥ᠂ ᠰᠡᠭᠤᠷᠢᠰᠢᠯ ᠤᠨ ᠬᠢᠨ ᠤ ︽ᠦᠮᠴᠢ︾ ᠪᠤᠯᠬᠤ ᠲᠡᠷᠭᠤᠯᠡᠬᠤ ᠮᠡᠷᠢᠶᠡᠯᠡᠬᠤ ᠡᠪᠠᠳᠴᠢᠨ ᠳᠤ ᠨᠠᠷᠪᠡᠭᠳᠠᠨ᠂ ᠠᠮᠢ ᠪᠠᠨ ᠬᠢᠴᠢᠶᠠᠵᠤ᠂ ᠦᠪᠠᠷ ᠢ ᠪᠠᠨ ᠳᠤᠪᠤᠶᠢᠯᠭᠠᠬᠴᠢ ᠪᠠᠷᠲᠡᠭᠴᠢᠨ ︽ᠱᠣᠯᠣᠮ  ᠨᠤᠭᠤᠳ︾ ᠭ᠋ᠤᠪᠢᠯᠤᠬᠰᠡᠨ ᠲᠤᠬᠠᠢ ᠳᠤ ᠱᠤᠬ ᠭ᠋ᠤᠱᠣᠩ ᠦᠭᠡᠰ ᠴᠦ ᠰᠤᠨᠣᠰᠳᠡᠵᠥ ᠯᠠ ᠪᠠᠶᠢᠳᠠᠬ᠃ ᠨᠠᠭᠡᠷᠠᠨ ᠴᠥ ᠪᠠᠶᠢᠭᠠᠯᠢ ᠶᠢᠨ ᠠᠮᠢᠲᠡᠳ ᠳᠤᠲᠤᠷ᠎ᠠ ᠠᠴᠠ ᠬ᠋ᠠᠭᠴᠠ ᠬᠦ ᠬᠦᠮᠦᠨ ᠯᠠ ᠭ᠋ᠠᠮᠳᠥ ᠶᠢᠨ ᠠᠮᠢᠳᠣᠷᠡᠯ ᠢᠶᠠᠨ ᠬᠦᠭᠵᠢᠬᠦᠯᠵᠦ ᠨᠠᠶᠢᠭᠡᠮᠰᠢᠵᠦ ᠴᠢᠳᠡᠬᠰᠡᠨ ᠢᠶᠠᠷ ᠢᠶᠠᠨ ᠶᠢᠷᠳᠢᠨᠴᠤ ᠶᠢᠨ ᠠᠵᠥ ᠲᠥᠷᠦᠬᠦᠢ ᠶᠢᠨ ᠭ᠋ᠠᠭᠠᠨ ᠪᠤᠯᠣᠬᠰᠡᠨ ᠮᠠᠳᠦ ᠣᠶᠢᠯᠡᠭᠠᠬᠳᠡᠳᠠᠬ ᠪᠤᠯᠪᠠᠴᠥ ᠶᠠᠷᠦ ᠠᠴᠠ ᠪᠠᠶᠢᠭᠠᠯᠢ ᠳᠤ ᠬ᠋ᠠᠶᠢᠬᠠᠮᠰᠢᠬᠲᠡᠢ ᠰᠡᠶᠢᠬᠠᠨ ᠨᠠᠶᠢᠭᠡᠮᠯᠢᠭ ᠠᠮᠢᠳᠤᠷᠡᠯ  ᠢᠶᠠᠷ ︽ᠠᠵᠥ ᠲᠥᠷᠦᠳᠡᠭ︾ ᠠᠮᠢᠲᠡᠳ ᠪᠢᠰᠢᠬᠦᠢ ᠣᠯᠡᠨ ᠪᠠᠶᠢᠳᠠᠬ ᠪᠤᠯᠬᠤ ᠶᠢ ᠰᠣᠳᠣᠯᠣᠭᠠᠴᠢᠳ ᠮᠠᠳᠠᠭᠡᠯᠠᠳᠡᠭ ᠪᠠᠶᠢᠨ᠎ᠠ᠃ ᠵᠥᠭᠡᠢ᠂ ᠮᠤᠷᠢᠨ ᠰᠢᠷᠭᠤᠯᠵᠡᠢ ᠶᠢᠨ ᠠᠮᠢᠳᠤᠷᠡᠯ ᠨᠢ ᠵᠡᠷᠢᠮ ᠲᠡᠯ᠎ᠠ ᠪᠠᠷ ᠬᠦᠮᠦᠨ ᠪᠢᠳᠠᠨ ᠤ ᠬᠢ ᠠᠴᠠ ᠴᠦ ᠨᠡᠷᠢᠨ ᠵᠤᠬᠢᠶᠡᠨ ᠪᠠᠶᠢᠭᠤᠯᠣᠯᠲᠠ ᠲᠠᠢ ᠨᠠᠶᠢᠭᠡᠮᠯᠢᠭ ᠠᠵᠥ ᠲᠥᠷᠦᠬᠦᠢ ᠪᠠᠶᠢᠳᠠᠬ ᠠᠵᠢ᠃ ᠮᠤᠷᠢᠨ ᠰᠢᠷᠭᠤᠯᠵᠡᠢ  ᠶᠢᠨ ᠲᠠᠭᠡᠳᠦ ᠬᠦᠷᠢᠶᠠᠨ ᠤ ᠬᠢᠨ ᠲᠡᠯᠡᠪᠴᠢ ᠲᠠᠢ᠂ ᠭ᠋ᠠᠷᠢᠨ ᠳᠣᠣᠷᠡᠳᠤ ᠬᠡᠰᠡᠭ ᠪᠤᠶᠥ ᠭ᠋ᠠᠷ᠎ᠠ ᠪᠤᠷᠤ ᠠᠵᠢᠯ ᠤᠨ ᠬᠢᠨ  ᠨᠢ ᠳᠡᠯᠡᠪᠴᠢ ᠦᠭᠡᠢ ᠪᠠᠶᠢᠳᠠᠬ ᠨᠢ ᠲᠠᠳᠠᠨ ᠤ ︽ᠨᠠᠶᠢᠭᠡᠮ ᠳᠤ︾ ᠡᠵᠠᠯᠠᠬᠦ ᠪᠠᠶᠢᠷᠢ ᠰᠡᠭᠤᠷᠢ ᠶᠢ ᠪᠠᠶᠢᠭᠠᠯᠢ ᠡᠭᠡ ᠴᠡᠭᠠᠨ᠎ᠠ ᠠᠴᠠ ᠨᠢ ᠵᠣᠬᠢᠴᠡᠭᠤᠯᠵᠤ ᠦᠭᠴᠡᠢ ᠭᠡᠮᠠᠷ ᠪᠠᠶᠢᠳᠠᠬ᠃ ᠭᠡᠪᠠᠴᠥ ᠪᠠᠶᠢᠭᠠᠯᠢ ᠶᠢᠨ ᠴᠦ ᠭᠡᠳᠡᠭ ᠶᠤᠮ ᠦᠦ ᠪᠤᠷᠬᠠᠨ ᠲᠡᠭᠷᠢ ᠶᠢᠨ ᠲᠠᠶᠢᠮᠦ ᠵᠤᠬᠢᠴᠡᠭᠤᠯᠤᠯᠳᠠ ᠶᠢᠨ ᠲᠤᠬᠠᠢ ᠬᠦᠮᠦᠨ ᠲᠥᠷᠦᠯᠬᠢᠲᠠᠨ ᠶᠠᠷᠦ ᠪᠤᠳᠣᠳᠠᠬ ᠴᠦ ᠦᠭᠡᠢ᠂ ᠬᠡᠨ ᠨᠢᠭᠡᠨ ᠲᠠᠷᠡ ᠲᠤᠬᠠᠢ ᠶᠡᠷᠢᠯ᠎ᠠ ᠴᠦ ᠲᠠᠬᠦᠨ ᠢ ᠠᠩᠵᠡᠭᠠᠷᠡᠵᠦ ᠲᠤᠭᠤᠳᠠᠬ ᠴᠦ ᠦᠭᠡᠢ᠂ ᠨᠠᠶᠢᠭᠡᠮ ᠳᠤ ᠡᠵᠠᠯᠠᠬᠦ ᠪᠠᠶᠢᠷᠢ ᠰᠡᠭᠤᠷᠢ ᠪᠠᠨ ᠬᠦᠮᠦᠨ ᠦᠪᠠᠷ ᠢᠶᠠᠨ ᠯᠠ ᠲᠣᠳᠣᠷᠬᠠᠶᠢᠯᠡᠬᠤ ᠣᠴᠢᠷᠳᠡᠢ ᠭᠡᠮᠠᠨ ᠨᠣᠮᠯᠡᠵᠦ᠂ ᠪᠠᠶ᠎ᠠ ᠪᠠᠶ᠎ᠠ ᠠᠴᠠ ᠳᠡᠪᠠᠭ᠋ᠣ ᠦᠷᠢᠰᠦᠯᠳᠦᠭᠡᠨ ᠤ ᠣᠨᠣᠯ ᠢ ᠪᠦᠲᠦᠭᠡᠵᠠᠢ᠃ ᠲᠠᠶᠢᠮᠦ ᠠᠴᠠ ᠴᠦ ᠬᠦᠮᠦᠰ ᠶᠡᠮᠡᠷ ᠨᠢᠭᠡ ︽ᠦᠴᠦᠭᠡᠨ ᠤ︾ ᠲᠥᠯᠦᠭᠡ ᠠᠷᠡᠴᠡᠯᠳᠣᠨ ᠲᠠᠮᠠᠴᠠᠯᠳᠣᠵᠦ᠂ ᠣᠶᠢᠯᠡᠭᠠᠯᠲᠠ ᠣᠬᠠᠭᠠᠷᠡᠯ ᠢᠶᠠᠨ ᠨᠢᠭᠡ ᠨᠢ ᠨᠥᠬᠦᠭᠡ ᠳᠡᠭᠡᠨ ᠬᠦᠴᠦ ᠪᠠᠷ ᠲᠣᠯᠭᠠᠵᠤ᠂ ᠲᠠᠷᠠᠬᠦ ᠰᠥᠷᠬᠦᠯᠳᠦᠭᠡᠨ ᠤ ᠦᠵᠠᠯ ᠪᠤᠳᠤᠯ ᠨᠢ ᠶᠡᠪᠤᠬ᠋᠎ᠠ ᠶᠡᠪᠤᠭᠠᠨ ᠳᠠᠭᠠᠨ ᠨᠡᠶᠢᠷᠰᠠᠬ ᠡᠪᠰᠡᠭ ᠠᠬ ‍ᠠ᠋ ᠳᠠᠬᠦᠦ ᠶᠢᠨ ᠶᠣᠰᠤ ᠶᠢ ᠡᠪᠳᠠᠨ ᠪᠤᠰᠨᠢᠭᠤᠯᠵᠥ᠂ ᠬᠦᠮᠦᠨ ᠶᠢᠷᠳᠢᠨᠴᠤ ᠶᠢᠨ ︽ᠪᠤᠳᠢ ᠶᠢ ᠬᠦᠲᠦᠯᠬᠦ ᠳᠤ︾ ᠴᠦ ᠬᠦᠷᠴᠦ ᠪᠤᠯᠵᠣᠰᠢ ᠦᠭᠡᠢ ᠪᠤᠯᠣᠬᠰᠡᠨ ᠭᠡᠳᠡᠭ ᠪᠠᠶᠢᠨ᠎ᠠ᠃ 1 ᠳ᠋ᠦ᠋ᠭᠡᠷ ᠬᠡᠨ ᠰᠡᠶᠢᠨ᠂ ᠬᠡᠨ ᠮᠡᠭᠤ ᠠᠵᠥ ᠲᠥᠷᠦᠵᠦ ᠪᠠᠶᠢᠬ᠋᠎ᠠ ᠲᠤᠬᠠᠢ ︽ᠲᠥᠮᠠᠨ ᠬᠡᠯᠠᠲᠦ︾ ᠮᠡᠷᠭᠤᠭᠠᠨ ᠮᠠᠳᠭᠡᠯᠴᠠᠭᠡᠨ ᠤ ᠳᠤᠲᠤᠷ᠎ᠠ ᠠᠴᠠ ᠴᠢᠮᠡᠬᠦᠢ ᠶᠡᠭᠡ ᠣᠶᠣᠨ ᠡᠯᠠᠭᠡᠭᠰᠠᠨ᠂ ᠨᠡᠷᠢᠨ ᠳᠠᠭᠠᠨ ᠭ᠋ᠠᠮᠤᠬ ᠤᠨ ᠶᠡᠭᠡ ᠶᠡᠷᠪᠢᠬ ᠣᠷᠰᠢᠬ ᠲᠠᠢ ᠨᠢ ᠮᠡᠭᠠᠳ ᠦᠭᠡᠢ ᠢᠷᠭᠡᠨᠰᠢᠯ ᠤᠨ ᠲᠤᠬᠠᠢ ᠡᠶᠠᠷᠬᠦ ᠰᠥᠷᠬᠦ ᠡᠯᠳᠠᠪ ᠣᠶᠢᠯᠡᠭᠠᠯᠲᠠ ᠣᠬᠠᠭᠠᠷᠡᠯ ᠶᠤᠮ᠃ ᠶᠡᠮᠡᠷ ᠨᠢᠭᠡᠨ ᠮᠡᠷᠭᠤᠭᠠᠨ᠂ ᠰᠡᠨᠡᠯ ᠵᠥᠷᠢᠶ᠎ᠠ ᠲᠠᠢ ᠵᠥᠢᠯ ᠪᠠᠶᠢᠨ᠎ᠠ ᠭᠡᠳᠡᠭ ᠪᠤᠯ ᠶᠡᠭᠤᠨ ᠤ ᠡᠮᠦᠨ᠎ᠠ ᠲᠤᠬᠠᠢ ᠶᠢᠨ ᠵᠥᠢᠯ ᠤᠨ ᠲᠤᠬᠠᠢ ᠢᠵᠢᠯ ᠪᠤᠰᠥ ᠮᠠᠳᠠᠯᠭᠡ ᠣᠶᠢᠯᠡᠭᠠᠯᠲᠠ ᠲᠠᠢ᠂ ᠡᠰᠠᠪᠠᠯ ᠦᠭᠡᠷ᠎ᠠ ᠦᠭᠡᠷ᠎ᠠ ᠭ᠋ᠠᠨᠳᠣᠯᠬ᠋ ‍ᠠ᠋ ᠦᠵᠠᠯ ᠪᠠᠷᠢᠮᠲᠡᠯᠡᠯ ᠲᠠᠢ᠂ ᠲᠠᠷᠠᠴᠢᠯᠠᠨ᠂ ᠶᠠᠷᠦ ᠨᠢ ᠲᠠᠭᠡᠵᠦ ︽ᠰᠡᠨᠡᠯ ᠨᠠᠶᠢᠯᠠᠬᠦ ᠦᠭᠡᠢ ᠪᠠᠶᠢᠬᠤ︾ ᠰᠣᠨᠢᠷᠬᠠᠯ ᠲᠠᠢ ᠪᠠᠶᠢᠨ᠎ᠠ ᠭᠡᠰᠠᠨ ᠦᠭᠡ᠃ ᠦᠭᠡᠷ᠎ᠠ ᠪᠠᠷ ᠬᠡᠯᠠᠪᠠᠯ᠂ ᠰᠡᠨᠠᠬ᠋᠎ᠠ ᠨᠠᠶᠢᠯᠠᠬᠦ ᠦᠭᠡᠢ ᠪᠠᠶᠢᠬᠤ ᠪᠤᠳᠡᠲᠦ ᠪᠤᠯᠤᠨ ᠬᠡᠶᠢᠰᠪᠤᠷᠢ ᠦᠨᠳᠦᠰᠦ᠂ ᠪᠠᠶᠢᠳᠡᠯ ᠠᠴᠠ ᠪᠤᠶᠥ ᠬᠦᠮᠦᠨ ᠠᠴᠠ ᠦᠪᠠᠷ ᠠᠴᠠ ᠨᠢ ᠭ᠋ᠠᠮᠢᠶᠡᠷᠤᠬᠰᠡᠨ ᠬᠦᠴᠦᠨ ᠵᠥᠢᠯ ᠣᠷᠣᠰᠢᠵᠦ ᠪᠠᠶᠢᠬ᠋᠎ᠠ ᠬᠡᠷᠡᠭ ᠶᠤᠮ᠃ ᠮᠢᠨᠦ ᠪᠤᠳᠤᠯ ᠢᠶᠠᠷ᠂ ᠰᠣᠶᠣᠯ ᠢᠷᠭᠡᠨᠰᠢᠯ ᠤᠨ ᠲᠤᠬᠠᠢ ᠰᠣᠳᠣᠯᠣᠭᠠᠴᠢᠳ ᠰᠡᠨᠠᠬ᠋᠎ᠠ ᠣᠨᠤᠬ᠋᠎ᠠ ᠵᠥᠷᠢᠳᠡᠭ ᠨᠢ ᠨᠢᠭᠡᠳᠦᠭᠡᠷ ᠲᠤ᠂ ᠲᠤᠬᠠᠢ ᠶᠢᠨ ᠠᠰᠡᠭᠤᠳᠡᠯ ᠢ ᠰᠣᠳᠣᠯᠵᠤ ᠪᠤᠢ ᠴᠢᠭᠯᠡᠯ ᠬᠦᠷᠢᠶ᠎ᠠ᠂ ᠳᠥᠰᠢᠵᠤ ᠣᠯᠡᠮᠵᠢᠯᠡᠵᠥ ᠢᠷᠡᠭᠰᠠᠨ ᠮᠠᠳᠠᠯᠭᠡ ᠶᠢᠨ ᠲᠥᠪᠰᠢᠨ᠂ ᠰᠣᠳᠣᠯᠬ᠋᠎ᠠ ᠰᠢᠨᠵᠢᠯᠡᠭᠡ᠂ ᠠᠵᠢᠬᠯᠡᠯᠲᠠ ᠶᠡᠪᠤᠭᠤᠯᠣᠬᠰᠡᠨ ᠭ᠋ᠠᠮᠥᠷᠡᠮᠵᠢ᠂ ᠰᠣᠳᠣᠯᠭᠠᠨ ᠤ ᠠᠷᠬ᠋᠎ᠠ ᠪᠠᠷᠢᠯ ᠵᠠᠷᠭᠡ ᠨᠢ ᠭ᠋ᠠᠷᠢᠯᠴᠡᠨ ᠠᠳᠡᠯᠢ ᠦᠭᠡᠢ ᠪᠤᠯᠪᠠᠴᠥ ᠠᠰᠡᠭᠤᠳᠡᠯ ᠳᠤ ᠵᠥᠪᠭᠡᠨ ᠦᠪᠠᠷ ᠤᠨ ︽ᠲᠤᠷᠰᠢᠯᠬ᠋᠎ᠠ ᠪᠠᠷ︾ ᠣᠷᠤᠯᠴᠡᠳᠠᠬ ᠠᠴᠠ᠃ ᠵᠡᠷᠢᠮ ᠰᠤᠳᠤᠯᠤᠭᠠᠴᠢ ᠢᠷᠭᠡᠨᠰᠢᠯ ᠨᠢ ᠶᠡᠭᠤᠨ ᠤ ᠡᠮᠦᠨ᠎ᠠ ᠣᠶᠣᠨ ᠤ ᠠᠮᠢᠳᠤᠷᠡᠯ ᠢᠶᠠᠷ ᠲᠤᠲᠤᠷᠬᠠᠶᠢᠯᠡᠬᠳᠡᠳᠠᠬ ( ᠮ᠊᠂ ᠺᠷᠣᠽᠧ ) ᠭᠡᠵᠦ ᠦᠵᠠᠳᠡᠭ ᠪᠤᠯ ᠨᠥᠬᠦᠭᠡ ᠵᠡᠷᠢᠮ ᠨᠢ ᠲᠤᠬᠠᠢ ᠶᠢᠨ ᠨᠠᠶᠢᠭᠡᠮ ᠤᠨ ᠬᠦᠭᠵᠢᠯ ᠤᠨ ᠲᠥᠪᠰᠢᠨ ᠢᠶᠠᠷ ᠲᠤᠳᠤᠷᠬᠠᠶᠢᠯᠡᠬᠳᠡᠬᠤ ᠣᠴᠢᠷᠳᠡᠢ ᠭᠡᠵᠦ ᠦᠵᠠᠳᠡᠭ ᠪᠠᠶᠢᠨ᠎ᠠ ( ᠣ᠊᠂ ᠠᠳᠡᠮᠰ )᠂ ᠭᠡᠳᠠᠯ᠎ᠠ ᠵᠡᠷᠢᠮ ᠨᠢ ᠠᠵᠥ ᠲᠥᠷᠦᠬᠦᠢ ᠶᠢᠨ ᠬᠢᠭᠡᠳ ᠦᠢᠯᠡ ᠠᠵᠢᠯᠯᠡᠭᠠᠨ ᠤ ᠠᠷᠬ᠋᠎ᠠ ᠪᠠᠷᠢᠯ ᠢᠶᠠᠷ ᠲᠣᠳᠣᠷᠬᠠᠶᠢᠯᠡᠬᠳᠡᠨ᠎ᠠ [ ᠠ᠊᠂ ᠨᠢᠴᠢᠹᠤᠷᠤ᠋ ] ᠭᠡᠳᠡᠭ ᠠᠵᠡᠢ [ 32.13 ]᠂ ᠭ᠋ᠤᠶᠡᠳᠤᠭᠠᠷ ᠲᠤ᠂ ᠰᠤᠶᠤᠯ ᠤᠨ ᠪᠤᠯᠤᠨ ᠢᠷᠭᠡᠨᠰᠢᠯ ᠤᠨ ᠲᠤᠬᠠᠢ ᠣᠶᠢᠯᠡᠭᠠᠯᠲᠠ  ᠨᠤᠭᠤᠳ ᠠᠯᠢ ᠠᠯᠢ ᠨᠢ ᠠᠰᠤᠷᠥ ᠶᠡᠭᠡ ᠦᠷᠭᠡᠵᠢᠨ ᠲᠠᠯᠠᠵᠥ᠂ ᠲᠠᠣᠭᠡᠨ ᠬᠦᠭᠵᠢᠯ ᠤᠨ ᠶᠡᠪᠤᠴᠠ ᠳᠠᠭᠠᠨ ᠨᠢᠭᠡ ᠲᠡᠯ᠎ᠠ ᠪᠠᠷ ᠲᠤᠰ ᠲᠤᠰ ᠲᠠᠭᠠᠨ ᠯᠡᠪᠰᠢᠷᠡᠨ ᠬᠦᠨᠵᠠᠭᠡᠶᠢᠷᠠᠵᠦ᠂ ᠨᠥᠬᠦᠭᠡ ᠲᠡᠯ᠎ᠠ ᠪᠠᠷ ᠣᠳᠬ᠎ᠠ ᠢᠯᠠᠷᠭᠡᠶᠢᠯᠠᠯ ᠤᠨ ᠳᠣᠲᠣᠭᠠᠳᠤ ᠪᠦᠲᠦᠴᠡ᠂ ︽ᠡᠳ᠋ ᠡᠰ︾ ᠨᠢ ᠭ᠋ᠠᠮᠰᠡᠨ ᠨᠠᠶᠢᠯᠡᠭᠵᠢᠵᠥ ᠢᠷᠡᠭᠰᠠᠨ ᠢ ᠦᠯᠦ ᠠᠩᠵᠡᠭᠠᠷᠡᠨ ᠵᠥᠪᠭᠡᠨ ︽ᠣᠣᠭᠠᠯ ᠣᠶᠢᠯᠭᠠᠯᠳᠠ ᠠᠴᠠ︾ ᠬᠡᠲᠦᠷᠭᠡᠢ ᠠᠮᠢ ᠪᠦᠭᠡ ᠲᠠᠢ ᠵᠡᠭᠤᠷᠡᠯᠳᠤᠵᠥ ᠪᠠᠶᠢᠬ᠋ ‍ᠠ᠋ ᠠᠴᠠ᠂ ᠵᠡᠷᠢᠮ ᠰᠣᠳᠣᠯᠣᠭᠠᠴᠢᠳ ᠢᠷᠭᠡᠨᠰᠢᠯ ᠭᠡᠳᠡᠭ ᠣᠶᠢᠯᠡᠭᠠᠯᠳᠠ ᠶᠢ ᠭ᠋ᠤᠲᠠ ᠪᠤᠶᠥ ᠭ᠋ᠤᠲᠠ ᠶᠢᠨ ᠨᠠᠶᠢᠭᠡᠮᠯᠢᠭ ᠲᠠᠢ ᠯᠠ ᠵᠥᠪᠭᠡᠨ ᠭ᠋ᠤᠯᠪᠤᠨ ᠠᠪᠴᠥ ᠦᠵᠠᠳᠡᠭ᠃ ᠵᠢᠱᠢᠶ᠎ᠠ ᠨᠢ᠄ ᠠᠩᠭ᠍ᠯᠢ ᠶᠢᠨ ᠲᠠᠣᠭᠡᠴᠢ ᠫ᠊᠂ ᠪᠧᠭᠪᠢ ︽ᠢᠷᠭᠡᠨᠰᠢᠯ ᠨᠢ ᠭ᠋ᠤᠲᠠ  ᠲᠠᠢ ᠯᠠ ᠭ᠋ᠤᠯᠪᠤᠬ᠋ ‍ᠠ᠋ ᠲᠠᠢ ᠰᠣᠶᠣᠯ︾ ᠭᠡᠰᠠᠨ ᠪᠤᠯ ᠠᠮᠧᠷᠢᠺᠡ ᠶᠢᠨ ᠡᠷᠳᠠᠮᠲᠠᠨ ᠳ᠋᠊᠂ ᠣᠶᠢᠯᠺᠢᠨᠰᠣᠨ ︽ᠢᠷᠭᠡᠨᠰᠢᠯ ᠪᠤᠯ 10000 – ᠠᠴᠠ ᠪᠠᠬ᠋᠎ᠠ ᠦᠭᠡᠢ ᠬᠦᠮᠦᠨ ᠲᠠᠢ᠂ ᠨᠢᠭᠡ ᠬ᠋ᠠᠵᠡᠷ ᠪᠠᠶᠢᠩᠭᠤ ᠰᠡᠭᠤᠷᠢᠰᠢᠬᠰᠡᠨ ᠭ᠋ᠤᠲᠠ ᠶᠢᠨ ᠨᠠᠶᠢᠭᠡᠮᠯᠢᠭ ᠶᠤᠮ︾ [ 32.22 ] ᠭᠡᠰᠠᠨ ᠪᠠᠶᠢᠳᠠᠬ᠃ ᠭᠡᠳᠠᠯ᠎ᠠ ᠵᠡᠷᠢᠮ ᠰᠤᠳᠤᠯᠤᠭᠠᠴᠢ ᠬᠦᠮᠦᠨ ᠤ ᠦᠢᠯᠡ ᠠᠵᠢᠯᠯᠡᠭᠠᠨ ᠤ ᠦᠷ᠎ᠠ ᠳ᠋ᠥᠩ ᠢ ᠦᠭᠡᠷ᠎ᠠ ᠪᠠᠷ ᠬᠡᠯᠠᠪᠠᠯ ᠬᠦᠮᠦᠨ ᠤ ᠨᠠᠶᠢᠭᠡᠮ ᠤᠨ ᠣᠯᠣᠯᠲᠠ ᠠᠮᠵᠢᠯᠲᠠ ᠶᠢ ᠪᠦᠬᠦᠯᠢ  ᠳᠤ ᠨᠢ ᠢᠷᠭᠡᠨᠰᠢᠯ ᠭᠡᠳᠡᠭ ᠣᠶᠢᠯᠡᠭᠠᠯᠲᠠ ᠳᠤ ᠪᠠᠭᠲᠡᠭᠠᠵᠥ ᠦᠵᠠᠳᠡᠭ ᠪᠠᠶᠢᠨ᠎ᠠ 32.22 ]᠂ ᠬ᠋ᠤᠷᠪᠠᠳᠤᠭᠠᠷ ᠲᠤ᠂ ᠶᠠᠷᠦ ᠠᠴᠠ ᠪᠠᠨ ᠠᠰᠡᠭᠤᠳᠡᠯ ᠳᠤ ᠭ᠋ᠠᠨᠳᠤᠬᠤ ᠦᠪᠠᠷ ᠤᠨ ᠲᠡᠪᠢᠯ᠂ ᠬᠦᠳᠠᠯᠦᠰᠢ ᠦᠭᠡᠢ ᠦᠵᠠᠯ ᠪᠠᠷᠢᠮᠳᠡᠯᠡᠯ᠂ ᠪᠠᠶᠢᠷᠢ ᠰᠡᠭᠤᠷᠢ ᠲᠠᠢ᠂ ᠦᠵᠡᠭᠳᠠᠯ ᠢ ᠮᠥᠨ ᠴᠢᠨᠡᠷ ᠢᠶᠠᠷ ᠨᠢ ᠬᠡᠬᠦ ᠠᠴᠠ ᠪᠠᠨ ᠢᠯᠠᠬᠦᠦ ᠲᠣᠣᠷᠡᠳᠡᠴᠢᠯᠡᠬᠤ᠂ ᠲᠠᠭᠡᠷᠠᠴᠢᠯᠠᠭᠦ ᠪᠠᠶᠢᠳᠡᠯ ᠢᠶᠠᠷ ᠭ᠋ᠠᠨᠳᠤᠳᠠᠬ᠂ ᠠᠰᠡᠭᠤᠳᠡᠯ ᠢ ᠦᠷᠦᠭᠡᠰᠦᠯᠠᠯ ᠰᠢᠢᠳᠳᠡᠭ᠂ ︽ᠦᠪᠠᠷ ᠲᠤ ᠪᠠᠨ ᠦᠨᠠᠨᠴᠢ ᠪᠠᠶᠢᠬᠤ︾ ᠰᠤᠨᠢᠷᠬᠠᠯ ᠲᠠᠢ ᠰᠣᠳᠣᠯᠣᠭᠠᠴᠢᠳ ᠮᠠᠷ ᠰᠠᠷ ᠪᠠᠶᠢᠬᠰᠡᠭᠠᠷ ᠪᠠᠶᠢᠬ᠋᠎ᠠ ᠵᠠᠷᠭᠡ ᠲᠠᠢ ᠭ᠋ᠤᠯᠪᠤᠬ᠋ ‍ᠠ᠋  ᠲᠠᠢ ᠪᠠᠶᠢᠨ᠎ᠠ ᠭᠡᠵᠦ ᠦᠵᠠᠵᠦ ᠪᠤᠯᠤᠨ᠎ᠠ᠃ ᠢᠷᠭᠡᠨᠰᠢᠯ ᠤᠨ ᠲᠤᠬᠠᠢ ᠣᠨᠣᠯ ᠢ ᠪᠦᠳᠦᠭᠡᠭᠴᠢᠳ ᠤᠨ ᠮᠡᠷᠭᠤᠭᠠᠨ ᠮᠠᠳᠭᠡᠯᠴᠠᠭᠡᠨ᠂ ᠭ᠋ᠠᠷᠢᠯᠴᠡᠨ ᠰᠢᠬᠦᠮᠵᠢᠯᠠᠴᠢᠵᠥ ᠪᠠᠶᠢᠬ᠋᠎ᠠ ᠪᠠᠶᠢᠳᠡᠯ᠂ ᠲᠣᠬᠠᠶᠢᠯᠡᠪᠠᠯ ᠣᠷᠤᠰ – ᠠᠮᠧᠷᠢᠺᠡ ᠶᠢᠨ ᠡᠷᠳᠠᠮᠲᠠᠨ ᠫ᠊᠂ ᠰᠣᠷᠣᠺᠢᠨ᠂ ᠠᠩᠭ᠍ᠯᠢ ᠶᠢᠨ ᠲᠠᠣᠭᠡᠴᠢ ᠠ᠊ ᠲᠣᠶᠢᠨᠪᠢ᠂ ᠲᠠᠬᠦᠨ ᠤ ᠪᠦᠲᠦᠭᠡᠯ ᠢ ᠰᠢᠬᠦᠮᠵᠢᠯᠡᠭᠴᠢ ᠵᠡᠷᠢᠮ ᠰᠤᠳᠤᠯᠤᠭᠠᠴᠢᠳ ᠤᠨ ᠶᠡᠷᠢᠬᠰᠡᠨ ᠪᠢᠴᠢᠭᠰᠡᠨ ᠢ ᠣᠩᠰᠢᠵᠦ ᠪᠠᠶᠢᠬᠤ ᠳᠤ ᠶᠡᠮᠡᠷ ᠨᠢᠭᠡ ᠵᠥᠭᠡᠯᠠᠨ ᠪᠤᠰᠥ ᠪᠠᠶᠢᠷᠢ᠂ ︽ᠵᠡᠭᠤᠩᠬᠢ︾ ᠲᠥᠷᠬᠦ ᠠᠵᠢᠬᠯᠡᠬᠳᠡᠳᠠᠬ ᠪᠦᠭᠡᠳ ᠢᠯᠡᠩᠭᠤᠶ᠎ᠠ ᠮᠡᠨ ᠤ ᠵᠡᠯᠡᠭᠤ ᠬᠦᠨ ᠣᠬᠠᠭᠠᠨᠴᠢ ᠪ᠊᠂ ᠪᠠᠲᠤᠴᠢᠯᠡᠭᠤᠨ᠂ ᠣᠯᠤᠰ ᠲᠥᠷᠦᠴᠢ ᠪ᠊᠂ ᠪᠠᠭᠠᠪᠤᠷ ᠨᠡᠷ ᠤᠨ ᠨᠠᠬᠦᠳᠠᠯ ᠤᠨ ᠢᠷᠭᠡᠨᠰᠢᠯ ᠤᠨ ᠲᠤᠬᠠᠢ ᠳᠤ ᠦᠬᠦᠯᠡᠭᠰᠠᠨ ᠰᠡᠨᠠᠬ᠋᠎ᠠ ᠪᠤᠳᠤᠯ ᠳᠤ ᠲᠠᠶᠢᠮᠦ ᠪᠠᠶᠢᠳᠡᠯ ᠪᠦᠷ ᠴᠦ ᠲᠣᠳᠤ ᠭ᠋ᠠᠷᠡᠬᠳᠡᠳᠠᠬ᠃ ᠲᠠᠶᠢᠮᠦ ᠬᠦᠮᠦᠰ ᠲᠤ ᠵᠡᠷᠢᠮ ᠳᠠᠭᠠᠨ ︽ᠰᠢᠷ᠎ᠠ ( ᠱᠡᠷ ) ᠭᠡᠳᠡᠭ ᠦᠩᠭᠡ ᠶᠢ ᠴᠦ ᠬᠡᠯᠠᠳᠡᠭ᠂ ᠦᠭᠡᠷ ᠢ ᠴᠦ ᠨᠠᠷᠠᠯᠠᠳᠡᠭ᠂ ᠡᠪᠠᠳᠴᠢᠨ ᠢ ᠴᠦ ᠣᠨᠣᠭᠠᠳᠠᠬ᠂ ᠲᠠᠷᠡ ᠪᠠᠶᠢᠳᠣᠭᠠᠢ ᠠᠭᠤᠷ ᠣᠮᠤᠬ ᠢ ᠴᠦ ᠲᠤᠳᠤᠷᠬᠠᠶᠢᠯᠡᠳᠠᠬ ᠪᠢᠰᠢ ᠪᠢᠯᠠ ᠦᠦ᠂ ᠠᠯᠢᠪᠠ ᠶᠡᠭᠤᠮᠡᠰ ᠦᠵᠡᠭᠳᠠᠯ ᠢ ᠬᠦᠨ ᠬᠦᠨᠵᠠᠭᠡᠢ ᠨᠢᠬᠳᠡᠯᠡᠵᠤ ᠴᠢᠳᠡᠳᠠᠬ ᠦᠭᠡᠢ ᠶᠤᠮ ᠭᠡᠬᠦ ᠳᠤ ᠣᠶᠢᠷ᠎ᠠ ᠵᠡᠭᠤᠷ᠎ᠠ ᠶᠢᠨ ᠬᠢᠨ ᠤ ᠦᠭᠡ᠂ ᠦᠰᠦᠭ ᠤᠨ ᠣᠳᠬ᠎ᠠ ᠢᠯᠠᠷᠭᠡᠶᠢᠯᠠᠯ ᠢ ᠴᠦ ᠪᠤᠯᠬᠤ ᠶᠢᠨ ᠢᠶᠠᠨ ᠠᠩᠵᠡᠭᠠᠷᠡᠵᠦ ᠣᠬᠠᠭᠠᠷᠡᠬᠰᠡᠨ︾ ᠭᠡᠵᠦ ᠬᠡᠯᠠᠮᠠᠷ ᠰᠡᠨᠡᠬᠳᠡᠳᠠᠬ ᠶᠤᠮ᠃ ᠯᠡᠲ᠋ᠢᠨ ᠠᠮᠧᠷᠢᠺᠡ ᠶᠢᠨ ᠰᠤᠳᠤᠯᠤᠭᠠᠴᠢ ᠬ᠊᠂ ᠮᠡᠷᠲᠡᠢ ︽ᠢᠷᠭᠡᠨᠰᠢᠯ᠂ ᠵᠡᠷᠯᠢᠭ ᠪᠦᠳᠦᠬᠦᠯᠢᠭ ᠪᠠᠶᠢᠳᠡᠯ ᠭ᠋ᠤᠶᠡᠷ ᠤᠨ ᠭ᠋ᠤᠭᠤᠷᠤᠨᠳᠦ ︽ᠰᠥᠷᠬᠦᠯᠳᠦᠭᠡᠨ︾ ᠪᠤᠯᠵᠥ ᠪᠠᠶᠢᠬ᠋᠎ᠠ ᠶᠤᠮ ᠪᠢᠰᠢ᠂ ᠭ᠋ᠠᠷᠢᠨ ᠭ᠋ᠠᠭᠤᠷᠮᠡᠴᠢ ᠡᠷᠳᠠᠮᠰᠢᠯ᠂ ᠵᠢᠩᠭᠢᠨᠢ ᠠᠮᠢᠳᠤᠷᠡᠯ ᠭ᠋ᠤᠶᠡᠷ ᠤᠨ ᠭ᠋ᠤᠭᠤᠷᠤᠨᠳᠦ ᠯᠠ ᠲᠠᠮᠠᠴᠠᠯ ᠪᠤᠯᠵᠥ ᠪᠠᠶᠢᠬ᠋᠎ᠠ ᠶᠤᠮ︾ [ 32.441 ] ᠭᠡᠵᠦ ᠪᠢᠴᠢᠭᠰᠡᠨ  ᠨᠢ ᠰᠥᠷᠠᠭᠡᠢ ᠣᠨᠣᠬᠰᠡᠨ ᠦᠭᠡ ᠭᠡᠮᠠᠷ ᠪᠠᠶᠢᠳᠠᠬ᠃ ᠡᠶᠢᠮᠤ ᠳᠤ ︽ᠪᠢᠳᠡ ᠰᠤᠶᠤᠯ ᠲᠠᠢ︾᠂ ︽ᠲᠠᠳᠡ ᠪᠦᠳᠦᠬᠦᠯᠢᠭ︾ ᠭᠡᠵᠦ ᠮᠥᠴᠠᠭᠡᠷᠭᠡᠯᠴᠠᠭᠦ ᠶᠢ ᠬ᠋ᠤᠣᠯ ᠪᠤᠯᠭᠠᠯ ᠦᠭᠡᠢ᠂ ᠬᠦᠮᠦᠨ ᠤ ᠲᠡᠨᠢᠨ ᠮᠠᠳᠠᠬᠦᠢ ᠶᠢᠨ ᠲᠥᠪᠰᠢᠨ  ᠲᠠᠢ ᠰᠤᠶᠤᠯ ᠲᠠᠢ ᠭ᠋ᠠᠷᠢᠯᠴᠡᠵᠥ᠂ ᠣᠶᠢᠯᠡᠭᠠᠯᠲᠠ ᠶᠢᠨ ᠰᠢᠨ᠋ ‍ᠠ᠋ ᠲᠤᠮᠢᠶᠡᠯᠡᠯ ᠬ᠋ᠠᠷᠭᠠᠵᠥ ᠪᠤᠯᠬᠤᠶᠢᠴᠠ ᠪᠤᠳᠡᠲᠦ ᠪᠠᠶᠢᠳᠡᠯ ᠪᠠᠶᠢᠨ᠎ᠠ ᠦᠦ᠂ ᠦᠭᠡᠢ ᠦᠦ︖ ᠭᠡᠳᠡᠭ ᠢ ᠨᠢᠬᠲᠡᠯᠡᠬᠤ ᠨᠢ ᠵᠥᠪᠭᠡᠨ ᠮᠡᠷᠭᠤᠭᠠᠨ ᠢ ᠰᠢᠢᠳᠬᠦ ᠳᠤ ᠲᠠᠳᠦᠢ ᠦᠭᠡᠢ᠂ ᠰᠢᠨᠵᠢᠯᠠᠬᠦ ᠣᠬᠠᠭᠠᠨ ᠳᠤ᠂ ᠴᠢᠨᠡᠬᠰᠢᠯᠡᠪᠠᠯ ᠬᠦᠮᠦᠨ ᠤ ᠭ᠋ᠠᠮᠳᠥ ᠶᠢᠨ ᠠᠵᠥ ᠲᠥᠷᠦᠬᠦᠢ᠂ ᠭ᠋ᠠᠷᠢᠯᠴᠡᠨ ᠣᠶᠢᠯᠡᠭᠠᠯᠴᠡᠯ  ᠳᠤ ᠴᠦ ᠠᠴᠢ ᠲᠣᠰᠠ ᠲᠠᠢ ᠪᠤᠯᠬᠤ ᠨᠢ ᠵᠥᠢ ᠶᠢᠨ ᠬᠡᠷᠡᠭ ᠶᠤᠮ᠃ ᠵᠡᠷᠢᠮ ᠰᠤᠳᠤᠯᠤᠭᠠᠴᠢ ᠮᠣᠩᠭᠤᠯᠴᠣᠳ ᠤᠨ ᠪᠦᠲᠦᠭᠡᠭᠰᠠᠨ ᠦᠨ᠎ᠠ ᠴᠠᠨᠠᠲᠥ ᠵᠥᠢᠯᠠᠰ᠂ ᠡᠳ᠋ ᠤᠨ ᠪᠤᠯᠤᠨ ᠣᠶᠣᠨ ᠤ ᠦᠢᠯᠠᠳᠪᠤᠷᠢᠯᠠᠯ ᠤᠨ ᠰᠡᠯᠪᠤᠷᠢ᠂ ᠨᠠᠶᠢᠭᠡᠮ᠂ ᠣᠯᠣᠰ ᠲᠥᠷᠦ ᠶᠢᠨ ᠬᠦᠭᠵᠢᠯ ᠳᠡᠭᠡᠨ ᠣᠯᠤᠬᠰᠡᠨ ᠣᠯᠣᠯᠲᠠ ᠠᠮᠵᠢᠯᠲᠠ ᠶᠢ ᠳᠤᠲᠡᠭᠤ ᠦᠨᠠᠯᠠᠵᠦ ᠢᠷᠡᠭᠰᠠᠨ ᠨᠢ ᠣᠨᠣᠯ ᠤᠨ ᠳᠤᠲᠡᠬᠳᠡᠯ᠂ ᠬ᠋ᠠᠵᠢ ᠦᠵᠠᠯ ᠲᠠᠢ ᠭ᠋ᠤᠯᠪᠤᠬ᠋ ‍ᠠ᠋ ᠲᠠᠢ ᠭᠡᠵᠦ ᠳ᠋ᠦᠩᠨᠠᠵᠦ ᠪᠤᠢ [ 31.511 ]᠂ ᠳ᠋ᠣᠺᠲ᠋ᠣᠷ ᠭ᠊᠂ ᠴᠢᠯᠡᠭᠤᠨᠪᠠᠭᠠᠲᠤᠷ ᠮᠣᠩᠭᠤᠯᠴᠣᠳ ᠤᠨ ᠠᠵᠥ ᠲᠥᠷᠦᠬᠦᠢ ᠲᠠᠣᠭᠡᠨ ᠬᠦᠭᠵᠢᠯ ᠤᠨ ᠵᠡᠮᠨᠡᠯ ᠢ ︽ᠨᠢᠭᠡ ᠣᠯᠤᠰ – ᠭ᠋ᠤᠶᠡᠷ ᠰᠣᠶᠣᠯ ᠢᠷᠭᠡᠨᠰᠢᠯ︾ ᠬᠡᠮᠠᠬᠦ ᠣᠶᠢᠯᠡᠭᠠᠯᠲᠠ ᠣᠬᠠᠬᠳᠡᠬᠤᠨ ᠤ ᠡᠬᠦᠳᠠᠨ ᠠᠴᠠ ᠰᠣᠳᠣᠯᠬᠤ ᠠᠷᠬ᠋᠎ᠠ ᠵᠥᠢ ᠶᠢᠨ ᠰᠢᠨᠡᠯᠢᠭ ᠪᠠᠷᠢᠮᠳᠡᠯᠡᠯ ᠢ ᠳᠠᠪᠰᠢᠬᠦᠯᠵᠤ᠂ ᠶᠡᠭᠡ ᠡᠷᠳᠠᠮᠲᠠᠨ ᠸ᠊᠂ ᠢ᠊᠂ ᠸᠧᠷᠨᠡᠳᠡᠰᠺᠢ  ᠶᠢᠨ ᠲᠤᠳᠤᠷᠬᠠᠶᠢᠯᠡᠬᠰᠡᠨ ᠢᠶᠠᠷ ︽ᠬᠦᠮᠦᠰ᠂ ᠪᠠᠶ᠎ᠠ ᠬᠦᠮᠦᠨ᠂ ᠭᠡᠷ ᠪᠦᠯᠢ᠂ ᠣᠯᠤᠰ ᠦᠨᠳᠦᠰᠦᠲᠠᠨ᠂ ᠭ᠋ᠤᠯᠪᠤᠬ᠋ ‍ᠠ᠋ ᠨᠠᠶᠢᠭᠡᠮᠯᠢᠭ ᠤᠨ ᠬᠡᠮᠵᠢᠶᠠᠨ ᠳᠤ ᠲᠠᠳᠦᠢ ᠦᠭᠡᠢ᠂ ᠣᠷᠴᠢᠯᠡᠩ ᠶᠢᠷᠳᠢᠨᠴᠤ ᠶᠢᠨ ᠵᠢᠩᠳᠡᠭᠠᠨ ᠳᠤ ᠰᠠᠳᠬᠢᠵᠥ ᠠᠵᠢᠯᠯᠡᠬᠤ ᠣᠬᠠᠭᠠᠷᠡᠯ ᠤᠨ ᠰᠢᠨ᠋ ‍ᠠ᠋ ᠲᠥᠪᠰᠢᠨ ᠳᠤ ᠢᠷᠡᠭᠰᠠᠨ ᠢ︾ ᠰᠡᠨᠡᠭᠤᠯᠤᠨ᠂ ᠮᠣᠩᠭᠤᠯ ᠬᠦᠮᠦᠨ ᠤ ᠨᠠᠶᠢᠭᠡᠮᠰᠢᠬᠦ᠂ ᠢᠷᠭᠡᠨᠰᠢᠬᠦ᠂ ᠰᠤᠶᠤᠯᠵᠢᠬᠤ ᠦᠢᠯᠡ ᠶᠡᠪᠤᠴᠠ ᠶᠢ ᠮᠣᠩᠭᠤᠯᠴᠣᠳ ᠤᠨ ᠪᠠᠯᠴᠢᠭᠡᠷ ᠤᠨ ᠮᠡᠯ ᠠᠵᠥ ᠠᠬᠤᠢ ᠳᠤ ᠰᠡᠭᠤᠷᠢᠯᠡᠨ ᠨᠠᠬᠦᠳᠠᠯᠯᠠᠨ ᠠᠮᠢᠳᠣᠷᠡᠬᠤ ᠠᠷᠬ᠋᠎ᠠ ᠣᠬᠠᠭᠠᠨ ᠤ ᠦᠪᠠᠷᠮᠢᠴᠡ ᠦᠪ ᠰᠡᠩ ᠲᠠᠢ ᠭ᠋ᠤᠯᠪᠤᠨ ᠰᠣᠳᠣᠯᠬᠤ ᠶᠢ ᠴᠢᠬᠤᠯᠴᠢᠯᠡᠬᠰᠡᠨ ᠨᠢ ᠠᠩᠬᠠᠷᠤᠭᠤᠰᠢᠲᠡᠢ ᠵᠥᠪᠯᠠᠮᠵᠢ ᠪᠤᠯᠵᠡᠢ ᠭᠡᠵᠦ ᠦᠵᠠᠵᠦ ᠪᠠᠶᠢᠨ᠎ᠠ [ 24.405 – 419 ]᠂ 2 ᠳ᠋ᠣᠭᠠᠷ ᠢᠷᠭᠡᠨᠰᠢᠯ ᠭᠡᠳᠡᠭ ᠣᠶᠢᠯᠡᠭᠠᠯᠲᠠ ᠨᠢ ᠯᠡᠲ᠋ᠢᠨ ᠬᠡᠯᠠᠨ ᠤ civilis ᠭᠡᠳᠡᠭ ᠦᠭᠡᠨ ᠠᠴᠠ ᠡᠬᠦᠰᠦᠯ ᠬ᠋ᠠᠷᠤᠯ ᠲᠠᠢ ᠭᠡᠵᠦ ᠦᠵᠠᠳᠡᠭ ᠪᠦᠭᠡᠳ ᠲᠠᠷᠡ ᠨᠢ ᠢᠷᠭᠡᠨ᠂ ᠭ᠋ᠤᠲᠠ ᠶᠢᠨ ᠬᠦᠮᠦᠨ ᠭᠡᠰᠠᠨ ᠣᠳᠬ᠎ᠠ ᠰᠡᠨᠠᠬ᠋᠎ᠠ ᠣᠷᠤᠭᠤ ᠬᠦᠲᠦᠯᠳᠡᠭ ᠪᠠᠶᠢᠨ᠎ᠠ᠃ ᠣᠳᠥ ᠪᠠᠷᠡᠭᠤᠨ ᠤ ᠬᠢᠨ ᠤ ᠬᠡᠯᠠᠨ ᠳᠤ ᠲᠥᠭᠡᠮᠠᠯ ᠳᠤᠬᠢᠶᠡᠯᠳᠤᠳᠠᠬ civilian ( ᠣᠷᠤᠰ  ᠢᠶᠠᠷ ) ᠭᠡᠳᠡᠭ ᠦᠭᠡ ᠨᠢ ᠴᠡᠷᠢᠭ ᠳᠡᠶᠢᠨ ᠤ ᠪᠤᠰᠥ ᠬᠦᠮᠦᠨ ᠭᠡᠳᠡᠭ ᠣᠳᠬ᠎ᠠ ᠶᠢ ᠢᠯᠠᠷᠭᠡᠶᠢᠯᠠᠳᠡᠭ ᠪᠦᠭᠡᠳ civil ᠭᠡᠳᠡᠭ ᠣᠣᠭᠠᠯ ᠦᠭᠡ ᠶᠢᠨ ᠲᠠᠣᠭᠡᠨ ᠲᠣᠷᠡᠰᠬᠠᠯ ᠪᠤᠯᠤᠨ ᠦᠯᠠᠳᠡᠭᠰᠠᠨ ᠦᠭᠡ ᠭᠡᠵᠦ ᠦᠵᠠᠳᠡᠭ᠃ ᠶᠠᠷᠦ ᠨᠢ civil ᠭᠡᠳᠡᠭ ᠨᠢ ᠬᠡᠷᠡᠭ ᠲᠥᠪᠡᠭ ᠲᠤ ᠦᠷᠲᠦᠭᠡ ᠦᠭᠡᠢ᠂ ᠰᠥᠮ ‍ᠠ᠋ ᠬᠡᠶᠢᠳ ᠲᠤ ᠱᠡᠪᠢᠯᠠᠬ᠋ ‍ᠠ᠋ ᠦᠭᠡᠢ᠂ ᠴᠡᠷᠢᠭ ᠠᠷᠮᠢ ᠳᠤ ᠭ᠋ᠠᠮᠢᠶᠡᠷᠠᠬ᠋᠎ᠠ ᠦᠭᠡᠢ᠂ ᠮᠡᠨᠡᠶᠢᠬᠢᠨ ᠤ ᠶᠡᠷᠢᠳᠠᠬ ᠢᠶᠠᠷ ᠡᠩ ᠤᠨ ᠬᠦᠮᠦᠰ ᠢ ᠨᠠᠷᠠᠯᠠᠳᠡᠭ᠃ ᠢᠷᠭᠡᠨ ᠬᠦᠮᠦᠨ ᠪᠤᠶᠥ ᠨᠠᠶᠢᠭᠡᠮ ᠤᠨ ᠬᠦᠮᠦᠨ ᠴᠦ ᠭᠡᠳᠡᠭ᠃ ᠭᠡᠪᠠᠴᠥ civilis ᠭᠡᠳᠡᠭ ᠦᠭᠡ ᠶᠢᠨ ᠠᠩᠬᠠᠨ ᠤ ᠣᠳᠬ᠎ᠠ ᠢᠯᠠᠷᠭᠡᠶᠢᠯᠠᠯ ᠨᠢ ᠭ᠋ᠤᠵᠢᠮ ᠭ᠋ᠤᠶᠢᠨ᠋ ‍ᠠ᠋ ᠠᠰᠤᠷᠥ ᠶᠡᠭᠡ ᠦᠭᠡᠷᠠᠴᠢᠯᠡᠭᠳᠡᠭᠰᠠᠨ ᠭᠡᠵᠦ ᠰᠣᠳᠣᠯᠣᠭᠠᠴᠢᠳ ᠦᠵᠠᠳᠡᠭ ᠪᠠᠶᠢᠨ᠎ᠠ᠃ ᠹᠷᠡᠨᠼᠢ  ᠶᠢᠨ ᠲᠠᠣᠭᠡᠴᠢ ᠯ᠊᠂ ᠹᠧᠪᠷ ︽ᠭᠡᠷᠪᠠ ᠢᠷᠭᠡᠨᠰᠢᠯ ᠬᠡᠮᠠᠬᠦ ᠹᠷᠡᠨᠼᠢ ᠦᠭᠡ ᠶᠢᠨ ᠲᠠᠣᠭᠡ ᠶᠢ ᠡᠭᠡᠬᠦᠯᠦᠨ ᠪᠦᠲᠦᠭᠡᠶ᠎ᠠ ᠭᠡᠪᠠᠯ ᠦᠨᠠᠨ ᠬᠡᠷᠡᠭ ᠲᠡᠭᠡᠨ 18 ᠳ᠋ᠣᠭᠠᠷ ᠵᠡᠭᠤᠨ ᠠᠴᠠ ᠦᠨᠦᠳᠦᠷ ᠢ ᠬᠦᠷᠳᠠᠯᠠᠬᠢ᠂ ᠳᠣᠮᠳᠡᠭᠤᠷ ᠨᠢ ᠹᠷᠡᠨᠽᠢᠴᠤᠳ  ᠤᠨ ᠣᠶᠣᠨ ᠰᠡᠨᠠᠬ᠋᠎ᠠ ᠲᠤᠭᠤᠯᠵᠥ ᠬ᠋ᠠᠲᠤᠯᠵᠥ ᠢᠷᠡᠭᠰᠠᠨ ᠬᠦᠨ ᠬᠦᠨᠵᠠᠭᠡᠢ ᠭ᠋ᠤᠪᠢᠰᠬᠠᠯ ᠤᠨ ᠦᠶ᠎ᠠ ᠱᠡᠲᠦ ᠨᠤᠭᠤᠳ  ᠢ ᠰᠠᠷᠬᠦᠭᠡᠨ ᠪᠤᠰᠬᠠᠨ᠎ᠠ ᠭᠡᠰᠠᠨ ᠦᠭᠡ ᠪᠤᠯᠤᠨ᠎ᠠ︾ ᠬᠡᠮᠠᠵᠡᠢ [ 32.10 ]᠂ ᠡᠷᠲᠠᠨ ᠤ ᠷᠤᠮᠡᠴᠤᠳ ᠦᠪᠠᠷᠰᠠᠳ ᠠᠴᠠ ᠪᠠᠨ ᠦᠭᠡᠷ᠎ᠠ ᠬᠡᠯᠡ᠂ ᠦᠭᠡᠷ᠎ᠠ ᠠᠵᠥ ᠲᠥᠷᠦᠯ ᠲᠠᠢ ᠬᠦᠮᠦᠰ᠂ ᠢᠯᠡᠩᠭᠤᠶ᠎ᠠ ᠭᠧᠷᠮᠡᠨ᠂ ᠺᠧᠯᠲ ᠣᠪᠤᠬ ᠤᠨ ᠬᠢᠨ ᠢ ᠪᠠᠷᠪᠠᠷᠣᠢ ᠪᠤᠶᠥ ︽ᠫᠠᠢ ᠲᠠᠢ︾ ᠭᠡᠳᠡᠭ ᠪᠠᠶᠢᠵᠡᠢ᠃ ᠭᠡᠳᠠᠯ᠎ᠠ ᠭᠧᠷᠮᠡᠨ ᠤ ᠨᠢᠭᠡ ᠣᠪᠤᠬ ᠪᠤᠯᠬᠤ ᠷᠸᠢᠨ ᠮᠥᠷᠠᠨ ᠤ ᠰᠡᠪᠠ ᠨᠣᠲᠤᠬ ᠤᠨ ᠪᠠᠲ᠋ᠡᠷ ᠨᠡᠷ ᠨᠠᠶᠢᠭᠡᠮᠯᠢᠭ ᠠᠵᠥ ᠲᠥᠷᠦᠬᠦᠢ  ᠪᠠᠷ ᠢᠶᠠᠨ ᠣᠨᠴᠤᠭᠤᠢ ᠢᠯᠭᠠᠷᠡᠳᠠᠬ ᠪᠠᠶᠢᠬᠰᠡᠨ ᠪᠦᠭᠡᠳ ᠲᠠᠳᠠᠨ ᠤ ᠣᠳᠤᠷᠢᠳᠤᠬᠴᠢ civilis – ᠤᠨ ᠨᠠᠷ᠎ᠠ ᠪᠠᠷ ᠭ᠋ᠤᠲᠠ ᠶᠢᠨ ᠬᠢᠨ ᠪᠤᠯᠪᠠᠰᠣᠨ ᠬᠦᠮᠦᠨ ᠢᠶᠠᠨ ︽ᠠᠪᠤᠭᠠᠶᠢᠯᠡᠳᠠᠬ︾ ᠪᠤᠯᠤᠬᠰᠡᠨ ᠠᠴᠠ civilis ᠭᠡᠳᠡᠭ ᠦᠭᠡ ᠡᠬᠦᠰᠦᠭᠰᠠᠨ ᠲᠤᠬᠠᠢ ᠮᠢᠨᠦ ᠪᠠᠶ᠎ᠠ ᠨᠢᠭᠡᠨᠲᠡ ᠲᠠᠮᠳᠡᠭᠯᠠᠵᠥ ᠠᠪᠤᠬᠰᠡᠨ ᠪᠠᠶᠢᠬᠤ ᠪᠤᠯᠪᠠᠴᠥ ᠴᠣᠬᠤᠮ ᠭ᠋ᠠᠮᠢᠬ᠋᠎ᠠ ᠠᠴᠠ ᠣᠯᠵᠥ ᠦᠵᠡᠭᠰᠠᠨ ᠢᠶᠠᠨ ᠲᠤᠬᠠᠢ ᠶᠢᠨ ᠦᠶ᠎ᠠ ᠳᠤ ᠲᠠᠮᠳᠡᠭᠯᠠᠨ ᠦᠯᠠᠳᠡᠭᠡ ᠦᠭᠡᠢ ᠲᠣᠯᠠ ᠣᠳᠥ ᠡᠷᠭᠢᠭᠡᠳ ᠡᠰᠢᠯᠡᠭᠰᠠᠨ ᠡᠬᠢ ᠶᠢ ᠣᠯᠬᠤᠶ᠎ᠠ ᠪᠠᠷᠭᠡ ᠪᠤᠯᠵᠡᠢ᠃ ᠲᠠᠷᠡ ᠦᠶ᠎ᠠ ᠳᠤ ᠮᠢᠨᠦ ᠠᠩᠬᠠᠷᠤᠯ ᠢ ᠳᠡᠳᠡᠬᠰᠡᠨ ᠦᠭᠡ ᠨᠢ civilis ᠪᠤᠰᠥ ᠪᠠᠷᠪᠠᠷᠣᠢ ᠭᠡᠳᠡᠭ ᠦᠭᠡ ᠪᠠᠶᠢᠬᠰᠡᠨ ᠪᠦᠭᠡᠳ ︽ᠭᠧᠷᠮᠡᠨᠴᠤᠳ ᠪᠦᠷ ᠨᠠᠶᠢᠲᠡ ᠶᠢᠨ ᠲᠤᠭᠠᠯᠡᠯ ᠤᠨ ᠡᠮᠦᠨ᠎ᠠ ( 67 – 70 ᠣᠨ ᠤ ᠦᠶ᠎ᠠ ᠳᠤ ) ᠦᠪᠠᠷᠰᠠᠳ ᠢ ᠪᠠᠨ ᠬᠡᠯᠡ ᠦᠭᠡᠢ ᠬᠦᠮᠦᠰ ᠭᠡᠮᠠᠨ ᠪᠠᠭᠠᠯᠡᠭᠤᠯᠳᠠᠬ ᠪᠠᠶᠢᠬᠰᠡᠨ ᠪᠦᠭᠡᠳ ᠭ᠋ᠤᠵᠢᠮ ᠨᠢ 18 ᠳ᠋ᠣᠭᠠᠷ – 19 ᠳ᠋ᠦ᠋ᠭᠡᠷ ᠵᠡᠭᠤᠨ ᠬᠦᠷᠦᠭᠰᠠᠨ ᠭ᠋ᠤᠶᠢᠨ᠋ ‍ᠠ᠋ ᠴᠦ ᠣᠷᠤᠰ ᠤᠳ  ᠢᠶᠠᠷ ︽ᠨᠧᠮᠧᠼ︾ ᠭᠡᠮᠠᠨ ᠴᠤᠯᠡᠯᠡᠭᠤᠯᠵᠥ ᠯᠠ ᠶᠡᠪᠤᠬᠰᠡᠨ ᠪᠠᠶᠢᠬᠤ ᠶᠤᠮ᠃ ᠲᠠᠭᠡᠯ᠎ᠠ ᠭᠡᠳ ᠲᠠᠳᠡ ᠬ᠋ᠤᠲᠣᠵᠤ ᠬ᠋ᠤᠳᠤᠶᠢᠬᠰᠡᠨ ᠶᠡᠭᠤᠮ᠎ᠠ ᠦᠭᠡᠢ᠂ ᠭ᠋ᠠᠷᠢᠨ ᠴᠦ ᠬᠦᠮᠦᠨ ᠲᠥᠷᠦᠯᠬᠢᠲᠠᠨ ᠤ ᠣᠶᠣᠨ ᠤ ᠶᠢᠷᠳᠢᠨᠴᠤ ᠳᠤ ᠭ᠋ᠠᠮᠤᠬ ᠤᠨ ᠶᠡᠭᠡ ᠭ᠋ᠤᠪᠢ ᠭ᠋ᠠᠨᠳᠢᠪ ᠣᠷᠣᠭᠤᠯᠣᠬᠰᠡᠨ ᠠᠷᠡᠳ ᠵᠤᠨ ᠶᠤᠮ ᠳ᠋ᠠ︾ ᠭᠡᠰᠠᠨ ᠰᠢᠤ ᠶᠡᠭᠤᠮ᠎ᠠ ᠪᠤᠳᠤᠵᠥ᠂ ᠶᠡᠭᠤᠮᠡᠨ  ᠤ ᠣᠨᠣᠭᠠᠯ᠂ ᠢᠷᠦᠭᠡᠯ ᠲᠡᠪᠢᠯᠡᠩ ᠢ ᠬ᠋ᠠᠶᠢᠬᠠᠵᠦ ᠰᠡᠭᠤᠬᠰᠡᠨ ᠬᠡᠷᠡᠭ ᠶᠤᠮ᠃ ᠨᠢᠭᠡ ᠦᠨᠳᠦᠰᠦᠲᠠᠨ ᠨᠥᠬᠦᠭᠡ ᠦᠨᠳᠦᠰᠦᠲᠠᠨ ᠢᠶᠠᠨ ᠰᠤᠶᠤᠯ ᠦᠭᠡᠢ᠂ ᠪᠦᠳᠦᠬᠦᠯᠢᠭ ᠢ ᠨᠢ ᠲᠡᠭᠤᠳᠡᠨ ᠳᠣᠭᠤᠭᠢᠯᠡᠵᠦ ᠲᠣᠬᠤᠭᠤᠷᠬᠠᠬᠰᠡᠨ ᠦᠭᠡ ᠦᠯᠠᠳᠠᠭᠡᠭᠰᠠᠨ ᠨᠢ ᠲᠠᠣᠭᠡᠨ ᠳᠤ ᠪᠢᠰᠢᠬᠦᠢ ᠣᠯᠡᠨ ᠪᠤᠯᠪᠠᠴᠥ ᠦᠨᠠᠨ ᠬᠡᠷᠡᠭ ᠲᠡᠭᠡᠨ ᠲᠠᠷᠡ ᠪᠦᠳᠦᠬᠦᠯᠢᠭ ᠵᠡᠷᠯᠢᠭ᠂ ᠶᠡᠳᠡᠭᠤ ᠲᠣᠷᠣᠢ ᠪᠠᠨ ᠲᠡᠭᠤᠳᠡᠭᠤᠯᠤᠭᠠᠳ ᠪᠠᠶᠢᠬ᠋᠎ᠠ ᠨᠢ ᠭ᠋ᠠᠷᠢᠨ ᠢᠯᠠᠬᠦᠦ ᠶᠣᠰᠤ ᠰᠤᠷᠲᠡᠬᠤᠨ ᠲᠠᠢ ᠪᠤᠶᠥ ᠢᠯᠠᠬᠦᠦ ᠣᠶᠤᠨᠯᠢᠬ ᠴᠦ ᠪᠠᠶᠢᠬᠰᠡᠨ ᠪᠠᠶᠢᠵᠥ ᠮᠠᠳᠠᠬᠦ ᠲᠣᠬᠢᠶᠡᠯᠳᠣᠯ ᠪᠢᠰᠢᠬᠦᠢ ᠯᠠ ᠠᠵᠢᠬᠯᠡᠬᠳᠡᠳᠠᠬ᠃ ᠡᠷᠲᠠᠨ ᠤ ᠡᠨᠠᠳᠭᠡᠭ ᠤᠨ ᠲᠡᠪᠤᠨ ᠣᠬᠠᠭᠠᠨ ᠤ ᠡᠷᠳᠠᠮᠲᠥ ᠯᠡᠮᠠ ᠷᠡᠳᠨᠡᠮᠡᠨᠲ᠋ᠢ ᠬᠢᠲᠡᠳ ᠤᠨ ᠸᠧᠢ ᠣᠯᠤᠰ ᠤᠨ ᠯᠥᠸᠧᠶᠡᠩ ᠭ᠋ᠤᠲᠡᠨ᠎ᠠ ᠠᠰᠢᠳᠠ ᠠᠮᠤᠭᠤᠯᠡᠩ ᠨᠠᠷᠠᠲᠦ ᠰᠥᠮ᠎ᠠ ᠳᠤ ᠨᠢᠭᠡᠨ ᠨᠢᠷᠤᠭᠤᠨ ᠬᠦᠮᠦᠨ ᠲᠠᠢ ᠡᠳᠦᠷᠵᠢᠨ ᠭ᠋ᠠᠭᠤᠴᠢᠯᠡᠵᠦ ᠬᠦᠭᠡᠷᠦᠯᠳᠠᠭᠦ ᠶᠢ ᠭ᠋ᠠᠷᠡᠬᠰᠡᠨ ᠮᠣᠵᠢ ᠶᠢᠨ ᠵᠡᠬᠢᠷᠣᠬᠴᠢ ᠼᠢᠮᠤ᠋ ᠭ᠋ᠤᠶᠢᠸᠡᠨ ᠡᠷᠳᠠᠮᠲᠠᠨ ᠷᠡᠳᠨᠡᠮᠡᠨᠲ᠋ᠢ ᠳᠤ ᠭ᠋ᠠᠨᠳᠣᠨ᠄ ᠲᠠ ᠨᠡᠳᠠ ᠲᠠᠢ ᠣᠳᠥ ᠪᠤᠯᠲᠡᠯ ‍ᠠ᠋ ᠨᠢᠭᠡ ᠦᠭᠡ ᠰᠤᠯᠢᠬ᠋᠎ᠠ ᠦᠭᠡᠢ ᠮᠥᠷᠲᠠᠯ ‍ᠠ᠋ ᠪᠠᠨ ᠣᠮᠡᠷ᠎ᠠ ᠵᠥᠭ ᠤᠨ ᠡᠨᠡ ᠬᠦᠮᠦᠨ ᠨᠢᠭᠤᠷᠳᠥ᠂ ᠠᠷᠢᠶᠡᠲᠡᠨ ᠵᠢᠷᠦᠭᠡᠳᠠᠨ ᠲᠠᠢ ᠶᠡᠭᠤ ᠶᠡᠷᠢᠳᠠᠬ ᠪᠠᠶᠢᠨ᠎ᠠ︖ ᠭᠡᠬᠦ ᠳᠤ ᠴᠡᠭᠠᠳᠤᠬᠢ ᠨᠢ ᠪᠢ ᠠᠭᠤᠯᠠ ᠶᠢᠨ ᠦᠨᠳᠦᠷ ᠣᠰᠣᠨ ᠤ ᠬᠦᠨ ᠢ ᠬᠡᠮᠵᠢᠬᠦ ᠦᠭᠡᠢ ᠲᠣᠳᠣᠷᠬᠠᠶᠢᠯᠡᠵᠦ ᠴᠢᠳᠡᠨ᠎ᠠ᠃ ᠭᠡᠳᠠᠯ᠎ᠠ ᠲᠥᠮᠠᠨ ᠭ᠋ᠠᠤᠯᠢ ᠠᠴᠠ ᠨᠣᠮ ᠣᠩᠰᠢᠬᠰᠡᠨ ᠡᠨᠡ ᠬᠦᠮᠦᠨ ᠤ ᠭ᠋ᠤᠪᠢ ᠳᠤ ᠪᠤᠯ ᠲᠠᠷᠡ ᠨᠢ ᠬᠡᠣᠭᠡᠳ ᠤᠨ ᠲᠤᠬᠯᠡᠭᠠᠮ ᠶᠤᠮ᠃ ᠡᠨᠡ ᠬᠦᠮᠦᠨ ᠢ ᠪᠠᠰᠤᠮᠵᠢᠯᠡᠵᠥ ᠶᠠᠷᠦ ᠪᠤᠯᠬᠤ ᠦᠭᠡᠢ ᠭᠡᠵᠦ ᠭ᠋ᠠᠷᠢᠭᠤᠯᠵᠡᠢ [ 21.12 ]᠂ ᠬᠢᠲᠡᠳ ᠯᠢ ᠣᠪᠤᠬᠲᠥ ᠰᠤᠯᠤᠩᠭᠤᠰ ᠵᠠᠷᠭᠡ ᠨᠢ ᠺᠦᠩᠽᠢ ᠶᠢᠨ ᠰᠤᠷᠭᠠᠯ ᠢᠶᠠᠷ ᠲᠥᠷᠦ ᠶᠢᠨ ᠨᠡᠷᠢᠨ ᠵᠤᠬᠢᠶᠡᠨ ᠪᠠᠶᠢᠭᠤᠯᠣᠯᠲᠠ ᠲᠠᠢ ᠪᠠᠶᠢᠬᠰᠡᠨ ᠣᠴᠢᠷ ᠧᠳᠤ᠋ ᠶᠢᠨ ᠦᠶ᠎ᠠ ᠶᠢᠨ ᠶᠡᠫᠤᠨ ᠢ ︽ᠵᠡᠷᠯᠢᠭ ᠤᠳ ᠤᠨ ᠣᠷᠤᠨ︾ ᠭᠡᠵᠦ ᠦᠵᠠᠳᠡᠭ ᠪᠠᠶᠢᠪᠠ᠃ ᠺᠦᠩᠽᠢ ᠶᠢᠨ ᠰᠣᠷᠭᠠᠯ ᠵᠤ ᠵᠢᠢ ᠣᠬᠠᠭᠠᠨ ᠢᠶᠠᠷ ᠰᠢᠬᠦᠪᠠᠯ ᠲᠠᠳᠠᠨ ᠠᠴᠠ ᠪᠤᠰᠤᠳ ᠣᠯᠤᠰ ᠬᠦᠷᠦᠨ ᠨᠦᠭᠦᠳ ᠴᠥᠮ ︽ᠠᠳᠤᠭᠤᠰᠥ︾ ᠮᠠᠳᠦ ᠪᠦᠳᠦᠬᠦᠯᠢᠭ ᠲᠤ ᠲᠣᠭᠠᠴᠡᠬᠳᠡᠳᠠᠬ ᠪᠠᠶᠢᠬᠰᠡᠨ ᠪᠠᠶᠢᠨ᠎ᠠ [ 29.16 ]᠂ ᠡᠶᠢᠨᠬᠦ civilis ᠭᠡᠳᠡᠭ ᠦᠭᠡ ᠭ᠋ᠤᠶᠡᠷ ᠮᠢᠩᠬ᠋ ‍ᠠ᠋ ᠬ᠋ᠠᠷᠤᠢ ᠵᠢᠯ ᠤᠨ ᠲᠠᠷᠲᠡᠭᠡ ᠳᠤ ᠮᠠᠨᠳᠣᠯᠡᠭᠰᠠᠨ ᠪᠠᠶᠢᠵᠥ ᠪᠤᠯᠬᠤ ᠴᠦ᠂ ᠲᠡᠬᠢᠭᠠᠳ ᠨᠢᠭᠡᠨ ᠮᠢᠩᠭᠠᠨ ᠵᠢᠯ ᠪᠤᠯᠵᠥ ᠪᠠᠶᠢᠵᠥ ᠰᠡᠶ᠋ᠢ ᠭ᠋ᠤᠯᠡᠨᠳ᠋ ᠣᠯᠤᠰ ᠲᠤ ᠬᠡᠪᠯᠡᠭᠳᠡᠭᠰᠠᠨ ᠠ᠊᠂ ᠹᠤᠫᠧᠲ᠋ᠢᠶᠣᠷ ᠤᠨ ︽ᠲᠥᠭᠡᠮᠠᠯ ᠲᠤᠯᠢ︾ ᠳᠤ ( 1690 ᠣᠨ ᠳᠤ ) ᠣᠷᠤᠬᠰᠡᠨ ᠢᠶᠠᠷ ᠠᠩᠬ ‍ᠠ᠋ ᠲᠥᠷᠦᠬᠦᠨ ᠡᠷᠭᠡᠰᠢᠶᠠᠨ ᠣᠷᠣᠰᠢᠬᠤ ᠡᠷᠭᠡ ᠲᠡᠷᠬ ‍ᠠ᠋ ᠪᠠᠨ ᠣᠯᠵᠥ ᠠᠪᠤᠬᠰᠡᠨ ᠪᠤᠯᠣᠯᠲᠡᠢ ᠶᠤᠮ᠃ ᠮᠡᠷᠺᠢᠽ ᠸ᠊᠂ ᠷ᠊᠂ ᠮᠢᠷᠡᠪᠤ 1757 ᠣᠨ ᠳᠤ ᠨᠠᠶᠢᠲᠠᠯᠠᠬᠦᠯᠦᠭᠰᠠᠨ ︽ᠭ᠋ᠠᠣᠯᠢ ᠶᠢᠨ ᠠᠨᠳᠠ︾ ᠬᠡᠮᠠᠬᠦ ᠨᠠᠷ᠎ᠠ ᠴᠤᠣᠲᠡᠢ ᠨᠣᠮᠯᠡᠯ ᠳᠤ ᠪᠠᠨ ᠢᠷᠭᠡᠨᠰᠢᠯ ᠭᠡᠳᠡᠭ ᠦᠭᠡ ᠶᠢ ᠨᠠᠶᠢᠲᠡ ᠶᠢᠨ ᠬᠡᠷᠡᠭᠯᠠᠭᠡᠨ ᠳᠤ ᠠᠩᠬ ‍ᠠ᠋ ᠣᠷᠣᠭᠤᠯᠵᠤ ︽ᠢᠷᠭᠡᠨᠰᠢᠯ ᠭᠡᠳᠡᠭ ᠪᠤᠯ ᠳᠥᠷᠬᠦ ᠲᠠᠢ ᠪᠠᠶᠢᠬᠤ ᠲᠢᠭ ᠵᠡᠶ᠋ᠢᠬ ᠢ ᠰᠡᠬᠢᠨ᠂ ᠲᠠᠷᠠᠬᠦ ᠵᠡᠶ᠋ᠢᠬ ᠲᠢᠭ ᠨᠢ ᠭ᠋ᠠᠮᠳᠥ ᠶᠢᠨ ᠠᠮᠢᠳᠤᠷᠡᠯ ᠤᠨ ᠭ᠋ᠠᠣᠯᠢ ᠶᠢᠨ ᠡᠬᠦᠷᠭᠡ ᠬᠦᠢᠴᠠᠳᠭᠡᠳᠡᠭ ᠪᠤᠯᠭᠠᠬᠤ ᠵᠣᠷᠢᠯᠬ᠋ ‍ᠠ᠋ ᠲᠡᠯᠪᠢᠨ ᠳᠠᠯᠭᠡᠷᠠᠬᠦᠯᠵᠥ ᠲᠥᠭᠡᠭᠡᠵᠥ ᠪᠠᠶᠢᠬ᠋᠎ᠠ ᠲᠠᠷᠡ ᠯᠠ ᠵᠥᠭᠡᠯᠠᠨ ᠠᠭᠠᠰᠢ ᠠᠶᠠᠬ᠂ ᠬᠦᠯᠢᠶᠠᠴᠡ ᠲᠠᠢ᠂ ᠡᠯᠢᠭᠡᠮᠰᠠᠬᠦᠦ ᠨᠡᠶᠢᠷᠰᠠᠬ ᠵᠡᠩ ᠴᠢᠨᠡᠷ᠂ ᠮᠠᠳᠠᠯᠭᠡ ᠶᠤᠮ︾ ᠭᠡᠵᠦ ᠪᠢᠴᠢᠭᠰᠡᠨ ᠪᠠᠶᠢᠨ᠎ᠠ [ 32.10 ]᠂ ᠢᠷᠭᠡᠨᠰᠢᠭᠰᠡᠨ ᠪᠤᠶᠥ ᠭ᠋ᠤᠳᠡᠵᠢᠵᠥ ᠰᠡᠭᠤᠷᠢᠰᠢᠬᠰᠡᠨ ᠣᠯᠤᠰ ᠦᠨᠳᠦᠰᠦᠲᠠᠨ ᠢ ᠪᠢᠳᠡ ᠡᠳᠦᠭᠡ ᠭ᠋ᠠᠮᠤᠬ ᠤᠨ ᠰᠤᠶᠤᠯ ᠲᠠᠢ ᠬᠦᠮᠦᠰ ᠭᠡᠵᠦ ᠣᠶᠢᠯᠡᠭᠠᠳᠠᠬ᠃ ᠭᠡᠳᠠᠯ᠎ᠠ ᠡᠷᠲᠠ ᠲᠠᠭᠡᠷ᠎ᠠ ᠨᠢᠭᠡᠨ ᠴᠠᠬ ᠲᠤ ᠭ᠋ᠤᠳᠡᠵᠢᠵᠥ ᠰᠡᠭᠤᠷᠢᠰᠢᠭᠦ ᠦᠭᠡᠢ ᠴᠥ ᠬᠦᠮᠦᠨ ᠶᠣᠰᠤ ᠶᠢ ᠰᠡᠬᠢᠵᠥ᠂ ᠲᠢᠭ ᠵᠢᠷᠤᠮ ᠲᠠᠢ ᠠᠵᠥ ᠲᠥᠷᠦᠳᠡᠭ ᠬᠦᠮᠦᠨ – ᠨᠠᠶᠢᠭᠡᠮᠯᠢᠭ ᠨᠢ ᠭ᠋ᠠᠷᠢᠨ civilis ᠭᠡᠬᠦ ᠪᠠᠷ ᠪᠠᠶᠢᠵᠡᠢ ᠳ᠋ᠧ ᠭᠡᠵᠦ ᠪᠤᠳᠤᠬᠳᠡᠮᠡᠷ ᠪᠠᠶᠢᠬ᠋᠎ᠠ ᠶᠤᠮ᠃ ᠡᠯᠳᠠᠪ ᠲᠤᠯᠢ᠂ ᠲᠡᠶᠢᠯᠪᠤᠷᠢ ᠰᠠᠯᠲᠡ ᠠᠴᠠ ᠪᠠᠲ᠋ᠡᠪᠴᠥᠳ ᠤᠨ ᠲᠤᠬᠠᠢ ᠪᠤᠯᠤᠨ ᠴᠢᠪᠢᠯᠢᠰ ᠬᠡᠮᠠᠬᠦ ᠪᠠᠭᠠᠳᠤᠷ ᠡᠷ᠎ᠠ ᠶᠢᠨ ᠲᠤᠬᠠᠢ ᠲᠣᠳᠣᠳᠬᠠᠨ ᠦᠵᠠᠵᠦ ᠪᠤᠯᠬᠤ ᠪᠤᠯᠪᠠᠴᠥ ᠲᠠᠬᠦᠨ ᠤ ᠠᠯᠳᠡᠷ ᠨᠠᠷ᠎ᠠ᠂ ᠪᠠᠲ᠋ᠡᠪᠴᠥᠳ  ᠤᠨ ︽ᠰᠤᠶᠤᠯᠴᠢ︾ ᠠᠵᠥ ᠲᠥᠷᠦᠬᠦᠢ ᠴᠤᠬᠤᠮ ᠢᠷᠭᠡᠨᠰᠢᠯ ᠭᠡᠳᠡᠭ ᠦᠭᠡ ᠶᠢᠨ ᠡᠴᠢᠭᠡ ᠪᠤᠯᠣᠬᠰᠡᠨ ᠡᠰᠠᠬᠦ ᠶᠢ ᠲᠤᠳᠤᠷᠡᠭᠤᠯᠬᠤ ᠳᠤ ᠠᠮᠡᠷ ᠦᠭᠡᠢ ᠪᠠᠶᠢᠨ᠎ᠠ᠃ ᠶᠡᠭᠤᠲᠡᠢ ᠴᠦ ᠳᠡᠶᠢᠨ ᠳᠤ ᠡᠷᠠᠰᠳᠡᠭᠰᠠᠨ ᠬᠡᠨ ᠨᠢᠭᠡᠨ ᠢ ᠠᠪᠤᠷᠡᠬᠰᠡᠨ ᠬᠦᠮᠦᠨ ᠳᠤ ᠷᠤᠮᠡᠴᠤᠳ ᠴᠡᠷᠡᠰᠥᠨ ᠤ ᠨᠡᠪᠴᠢᠨ ᠡᠷᠢᠭᠡ ᠲᠢᠳᠢᠮ ᠪᠤᠯᠭᠠᠨ ᠵᠠᠬᠦᠵᠥ ᠦᠭᠳᠡᠭ ᠪᠦᠭᠡᠳ ᠲᠠᠬᠦᠨ ᠢᠶᠠᠨ civic ᠭᠡᠮᠠᠨ ᠨᠠᠷᠠᠯᠠᠳᠡᠭ ᠪᠠᠶᠢᠬᠰᠡᠨ ᠢ ᠲᠤᠯᠢ ᠪᠢᠴᠢᠭ ᠤᠳ ᠮᠠᠳᠠᠭᠡᠯᠠᠳᠡᠭ ᠠᠵᠡᠢ᠃ ᠴᠡᠰᠢ ᠴᠢᠨᠡᠬᠰᠢᠳᠠ ᠢᠷᠭᠡᠨᠰᠢᠯ ᠭᠡᠳᠡᠭ ᠣᠶᠢᠯᠡᠭᠠᠯᠲᠠ ᠧᠥᠷᠥ᠋ᠫᠡ ᠶᠢᠨ ᠬᠢᠨ ᠤ ᠣᠶᠣᠨ ᠤ ᠠᠮᠢᠳᠤᠷᠡᠯ ᠳᠤ ᠬᠦᠨ ᠬᠦᠨᠵᠠᠭᠡᠢ ᠨᠠᠪᠲᠠᠷᠠᠵᠦ 1772 ᠣᠨ ᠳᠤ ᠠᠩᠭ᠍ᠯᠢ ᠳᠤ ᠨᠠᠶᠢᠲᠠᠯᠡᠭᠳᠡᠭᠰᠠᠨ ᠮᠧᠷᠷᠠᠢ ᠶᠢᠨ ︽ᠠᠩᠭ᠍ᠯᠢ ᠲᠤᠯᠢ︾᠂ 1798 ᠣᠨ ᠳᠤ ᠬᠡᠪᠯᠡᠭᠳᠡᠭᠰᠠᠨ ︽ᠠᠺᠡᠳᠧᠮᠢ ᠶᠢᠨ ᠲᠤᠯᠢ︾ ᠵᠠᠷᠭᠡ ᠰᠡᠭᠤᠷᠢ ᠪᠦᠲᠦᠭᠡᠯ ᠤᠳ ᠲᠤ ᠣᠷᠤᠵᠥ᠂ ᠣᠶᠢᠯᠡᠭᠠᠯᠲᠠ ᠣᠬᠠᠬᠳᠡᠬᠤᠨ ᠤ ᠭ᠋ᠤᠪᠢ ᠳᠤ ᠣᠯᠡᠨ ᠨᠠᠶᠢᠲᠡ ᠶᠢᠨ ᠬᠦᠷᠲᠠᠭᠡᠯ ᠪᠤᠯᠵᠡᠢ ᠠᠩᠭ᠍ᠯᠢᠴᠥᠳ ᠤᠨ civilization ᠭᠡᠳᠡᠭ ᠦᠭᠡ ᠪᠤᠯ ᠹᠷᠡᠨᠽᠢ ᠠᠴᠠ ︽ᠮᠢᠬᠠᠴᠢᠯᠡᠨ ᠪᠠᠭᠤᠯᠭᠠᠬᠰᠡᠨ︾ ᠣᠶᠢᠯᠡᠭᠠᠯᠲᠠ ᠭᠡᠭᠳᠠᠳᠡᠭ ᠪᠦᠭᠡᠳ ᠶᠠᠷᠦ ᠨᠢ ᠢᠷᠭᠡᠨᠰᠢᠯ ᠤᠨ ᠲᠤᠬᠠᠢ ᠣᠶᠢᠯᠡᠭᠠᠯᠳᠠ ᠶᠢ ᠹᠷᠡᠨᠽᠢᠴᠤᠳ ᠢᠯᠠᠬᠦᠦ ᠳᠥᠯᠬᠢᠬᠦᠦ ᠬᠦᠭᠵᠢᠬᠦᠯᠦᠭᠰᠠᠨ ᠭᠡᠵᠦ ᠦᠵᠠᠳᠡᠭ᠃ ᠯ᠊᠂ ᠹᠧᠪᠷ ︽ᠢᠷᠭᠡᠨᠰᠢᠯ ᠭᠡᠳᠡᠭ ᠦᠭᠡ ᠶᠢ 1819 ᠣᠨ ᠳᠤ ᠯᠠ ᠰᠡᠶ᠋ᠢ ᠣᠯᠡᠨ ᠲᠤᠬ᠋ ‍ᠠ᠋ ᠪᠠᠷ ᠬᠡᠷᠡᠭᠯᠡᠭᠰᠠᠨ︾ ᠭᠡᠳ ︽ᠡᠨᠡ ᠨᠢ ᠡᠷᠲᠠᠨ ᠤ ᠬᠢᠭᠡᠳ ᠰᠢᠨ᠋ ‍ᠠ᠋ ᠴᠠᠬ ᠤᠨ ᠣᠯᠤᠰ ᠦᠨᠳᠦᠰᠦᠲᠠᠨ ᠨᠦᠭᠦᠳ ᠤᠨ ᠢᠷᠭᠡᠨᠰᠢᠯ ᠤᠨ ︽ᠶᠡᠰᠤ ᠮᠣᠳᠤ︾ ᠣᠯᠡᠨ ᠳᠥᠷᠢ ᠳᠥᠷᠬᠦ ᠲᠠᠢ᠂ ᠦᠭᠡᠷ᠎ᠠ ᠦᠭᠡᠷ᠎ᠠ ᠪᠤᠯᠬᠤ ᠶᠢ ᠬᠦᠯᠢᠶᠠᠨ ᠵᠥᠪᠰᠢᠶᠠᠷᠠᠵᠦ ᠡᠬᠢᠯᠡᠭᠰᠠᠨ  ᠢ ᠢᠯᠠᠳᠭᠡᠵᠥ ᠪᠠᠶᠢᠬ᠋᠎ᠠ ᠬᠡᠷᠡᠭ ᠪᠦᠭᠡᠳ ᠠᠩᠬ ‍ᠠ᠋ ᠡᠬᠦᠰᠬᠦ ᠳᠡᠭᠡᠨ ᠭ᠋ᠠᠮᠤᠬ ᠤᠨ ᠡᠭᠡᠯ ᠣᠳᠬ᠎ᠠ ᠶᠢ ᠢᠯᠠᠷᠭᠡᠶᠢᠯᠠᠵᠥ ᠠᠬᠰᠡᠨ ᠡᠨᠡ ᠦᠭᠡ ᠰᠢᠨ᠋ ‍ᠠ᠋ ᠰᠢᠨ᠋ ‍ᠠ᠋ ᠣᠳᠬ᠎ᠠ ᠠᠭᠤᠯᠬ᠋ ‍ᠠ᠋ ᠪᠠᠷ ᠪᠠᠶᠡᠵᠢᠬᠰᠡᠭᠠᠷ᠂ ᠣᠷᠢᠳᠴᠢᠯᠡᠨ ᠲᠥᠰᠦᠭᠡᠯᠠᠬᠦ ᠶᠢᠨ ᠠᠷᠬ᠋᠎ᠠ ᠦᠭᠡᠢ ᠲᠠᠶᠢᠮᠦ ᠰᠢᠨᠵᠢ ᠴᠢᠨᠡᠷ ᠤᠳ ᠢᠶᠠᠨ ᠨᠠᠭᠡᠭᠡᠯ᠎ᠠ︾ ᠭᠡᠵᠦ ᠲᠠᠮᠳᠡᠭᠯᠡᠭᠰᠠᠨ ᠪᠠᠶᠢᠨ᠎ᠠ [ 32.11 ]᠂ ᠣᠷᠣᠰ ᠤᠳ ᠡᠷᠲᠠᠨ ᠤ ᠷᠣᠮᠠ ᠳᠤ ᠦᠨᠳᠦᠰᠦ ᠰᠡᠭᠤᠷᠢ ᠨᠢ ᠲᠡᠯᠪᠢᠬᠳᠡᠬᠰᠡᠨ ᠡᠨᠠᠬᠦ ᠢᠷᠭᠡᠨᠰᠢᠯ ᠬᠡᠮᠠᠬᠦ ᠣᠶᠢᠯᠡᠭᠠᠯᠳᠠ ᠶᠢ ᠹᠷᠡᠨᠽᠢ ᠠᠴᠠ ᠣᠯᠡᠮᠵᠢᠯᠡᠨ ᠬᠡᠷᠡᠭᠯᠡᠭᠰᠠᠨ ᠲᠠᠦᠭᠡ ᠲᠠᠢ᠃ ᠭ᠋ᠠᠷᠢᠨ ᠮᠡᠨᠡᠶᠢᠬᠢᠨ civilization ᠭᠡᠳᠡᠭ ᠣᠶᠢᠯᠡᠭᠠᠯᠳᠠ ᠶᠢ ᠣᠷᠤᠰ ᠠᠴᠠ ᠳᠡᠮᠵᠢᠭᠤᠯᠤᠨ ᠠᠪᠴᠥ᠂ ᠢᠷᠭᠡᠨᠰᠢᠯ ᠭᠡᠵᠦ ᠣᠨᠣᠭᠠᠨ ᠲᠤᠮᠢᠶᠡᠯᠡᠭᠠᠳ ᠣᠳᠬ᠎ᠠ ᠶᠢ ᠪᠦᠷᠢᠨ ᠲᠥᠬᠦᠷᠠᠩ ᠬ᠋ᠠᠷᠭᠠᠬᠤ ᠡᠬᠦᠳᠠᠨ ᠠᠴᠠ ᠶᠡᠪᠤᠭᠠᠨ ᠳᠠᠭᠠᠨ ᠰᠣᠶᠣᠯ – ᠢᠷᠭᠡᠨᠰᠢᠯ ᠭᠡᠵᠦ ᠶᠡᠷᠢᠵᠥ᠂ ᠪᠢᠴᠢᠳᠡᠭ ᠪᠤᠯᠣᠬᠰᠡᠨ ᠪᠠᠶᠢᠨ᠎ᠠ᠃ ᠵᠡᠷᠢᠮ ᠬᠦᠮᠦᠨ ᠢᠷᠭᠡᠨ ᠭᠡᠳᠡᠭ ᠦᠭᠡ ᠮᠣᠩᠭᠤᠯ ᠦᠭᠡ ᠪᠢᠰᠢ᠂ ᠶᠡᠭᠤ ᠭᠡᠪᠠᠯ᠄ ᠪᠢᠳᠡ ᠬᠢᠲᠡᠳ ᠬᠦᠮᠦᠨ ᠢ ᠢᠷᠭᠡᠨ ᠬᠦᠮᠦᠨ᠂ ᠬᠢᠲᠡᠳ ᠣᠯᠤᠰ ᠢ ᠳᠣᠮᠳᠡᠳᠤ ᠢᠷᠭᠡᠨ ᠣᠯᠤᠰ ᠭᠡᠳᠡᠭ ᠪᠤᠯᠬᠤᠷ ᠲᠠᠷᠡ ᠵᠥᠭ ᠤᠨ ᠬ᠋ᠠᠷᠤᠯ ᠡᠬᠦᠰᠭᠡᠯ ᠲᠠᠢ ᠦᠭᠡ ᠪᠠᠶᠢᠬᠤ ᠣᠴᠢᠷ ᠲᠠᠢ ᠭᠡᠳᠡᠭ᠃ ᠭᠡᠪᠠᠴᠥ ᠮᠣᠩᠭᠤᠯ ᠬᠡᠯᠠᠨ  ᠳᠤ ᠭ᠋ᠠᠶᠡᠭᠠᠪᠴᠢ ᠶᠢ ᠨᠠᠷᠠᠯᠡᠭᠰᠠᠨ ᠢᠷᠭᠡ ᠭᠡᠳᠡᠭ ᠦᠭᠡ᠂ ᠨᠥᠭᠡᠨ ᠣᠷᠣᠮᠵᠢ ᠭᠡᠰᠠᠨ ᠣᠳᠬ᠎ᠠ ᠲᠠᠢ ᠢᠷᠭᠡᠵᠢᠨ ᠭᠡᠷ ᠭᠡᠳᠡᠭ ᠦᠭᠡ ᠨᠦᠭᠦᠳ ᠪᠠᠶᠢᠬ᠋᠎ᠠ ᠶᠢ ᠣᠯᠠ ᠰᠡᠭᠤᠷᠢ ᠲᠠᠢ ᠲᠤᠯᠢ ᠪᠢᠴᠢᠭ ᠤᠳ ᠨᠣᠲᠡᠯᠡᠨ ᠬᠡᠯᠠᠳᠡᠭ᠃ ᠲᠠᠷᠡ ᠪᠠᠶᠢᠳᠣᠭᠠᠢ ᠠᠯᠢ ᠳᠣᠮᠳᠡᠳᠤ ᠵᠡᠭᠤᠨ ᠤ ᠦᠶ᠎ᠠ ᠶᠢᠨ ᠪᠦᠲᠦᠭᠡᠯ ᠪᠤᠯᠬᠤ ︽ᠨᠢᠭᠤᠴᠠ ᠲᠤᠪᠴᠢᠶᠡᠨ ᠳᠤ ᠴᠦ ᠢᠷᠭᠡᠨ ᠭᠡᠳᠡᠭ ᠦᠭᠡ ᠡᠳᠣᠢ ᠲᠠᠳᠦᠢ ᠣᠳᠠᠬ᠋᠎ᠠ ᠬ᠋ᠠᠷᠳᠠᠬ ᠪᠤᠯᠬᠤ ᠶᠢ ᠪᠢᠳᠡ ᠮᠠᠳᠠᠨ᠋ ‍ᠠ᠋ ( ᠴ᠊᠂ ᠲᠡᠮᠳᠢᠨᠰᠦ᠋ᠷᠦᠩ ᠬ᠋ᠤᠸᠡᠢ  ᠶᠢᠨ ︽ᠨᠢᠭᠤᠴᠠ ᠲᠤᠪᠴᠢᠶ᠎ᠠ︾ – ᠳᠤ 85 ᠣᠳᠠᠬ᠋᠎ᠠ᠂ ᠦᠪᠤᠷ ᠮᠣᠩᠭᠤᠯ ᠤᠨ ᠡᠷᠳᠠᠮᠲᠠᠨ ᠪᠠᠶᠡᠷ ᠬ᠋ᠤᠸᠡᠢ ᠶᠢᠨ ᠮᠣᠩᠭᠤᠯ ᠡᠬᠢ᠂ ᠬ᠋ᠠᠯᠢᠬ᠂ ᠭ᠋ᠠᠭᠤᠴᠢᠨ ᠪᠤᠯᠤᠨ ᠣᠳᠥ ᠶᠢᠨ ᠲᠡᠭᠤᠳᠡᠯᠬ᠋᠎ᠠ ᠪᠠᠷ ᠵᠠᠷᠭᠡᠴᠠᠬᠦᠯᠦᠨ ᠣᠨᠣᠭᠠᠬᠰᠡᠨ ᠨᠥᠰᠠᠷ ᠲᠣᠮᠤ ᠲᠤᠯᠢ ᠳᠤ 155 ᠣᠳᠠᠬ᠋᠎ᠠ ᠬ᠋ᠠᠷᠳᠠᠬ )᠂ Civil ᠬᠦᠮᠦᠨ ᠰᠡᠭᠤᠳᠠᠬ ᠬ᠋ᠠᠵᠡᠷ ᠢ city ᠪᠤᠶᠥ ᠭ᠋ᠤᠲᠠ᠂ ᠭ᠋ᠤᠲᠠ ᠶᠢᠨ ᠢᠷᠭᠡᠨ ᠢ ( ᠭ᠋ᠤᠵᠢᠮ ᠶᠠᠷᠦ ᠨᠢ ᠢᠷᠭᠡᠨ ᠬᠦᠮᠦᠨ ᠢ ) citizen᠂ ᠣᠷᠤᠰ ᠢᠶᠠᠷ ᠮᠥᠨ ᠯᠠ ᠭ᠋ᠤᠲᠠ ᠶᠢᠨ ᠢᠷᠭᠡᠨ grajdanin ( ᠬ᠋ᠠᠷᠣᠭᠠᠳ – ᠭ᠋ᠤᠲᠠ )᠂ ᠮᠣᠩᠭᠤᠯ ᠢᠶᠠᠷ ᠢᠷᠭᠡᠵᠢᠨ ᠭᠡᠷ ᠠᠴᠠ ᠡᠬᠢᠯᠠᠭᠡᠳ ᠭ᠋ᠤᠲᠠ ᠣᠷᠤᠨ ᠬ᠋ᠠᠵᠡᠷ ᠰᠡᠭᠤᠬᠴᠢᠳ ᠢ ᠢᠷᠭᠡᠨ ᠭᠡᠵᠦ ᠠᠯᠢ ᠴᠦ ᠦᠨᠳᠦᠰᠦᠲᠠᠨ ᠨᠢᠭᠡ ᠯᠠ ᠢᠵᠢᠯ ᠣᠶᠢᠯᠡᠭᠠᠯᠳᠠ ᠶᠢ ᠦᠭᠡᠷ᠎ᠠ ᠦᠭᠡᠷ᠎ᠠ ᠬᠡᠯᠠᠨ ᠤ ᠣᠬᠠᠬᠳᠡᠬᠤᠨ ᠢᠶᠠᠷ᠂ ᠭᠡᠬᠦ ᠳᠡᠭᠡᠨ ᠨᠢᠭᠡ ᠯᠠ ᠢᠵᠢᠯ ᠣᠬᠠᠭᠠᠷᠡᠯ  ᠢᠶᠠᠷ ᠲᠣᠮᠢᠶᠡᠯᠡᠵᠡᠢ᠃ ᠲᠠᠭᠡᠭᠡᠳ ᠲᠠᠷᠠᠬᠦ ᠢᠷᠭᠡᠨ ᠨᠢ ᠶᠡᠪᠤᠨ ᠶᠡᠪᠤᠬᠰᠡᠭᠠᠷ ᠢᠷᠭᠡᠨᠰᠢᠯ ᠢ ᠡᠬᠦᠳᠦᠭᠰᠠᠨ ᠪᠤᠯᠵᠥ ᠲᠡᠭᠠᠷᠡᠵᠤ ᠪᠠᠶᠢᠨ᠎ᠠ᠃ ᠲᠠᠶᠢᠮᠦ ᠠᠴᠠ ᠢᠷᠭᠡᠨᠰᠢᠯ ᠢ ᠰᠡᠭᠤᠷᠢᠰᠢᠯ ᠲᠠᠢ ᠭ᠋ᠤᠯᠪᠤᠳᠠᠬ ᠨᠢ ᠴᠦ ᠪᠠᠰᠠ ᠣᠴᠢᠷ ᠣᠳᠬ᠎ᠠ  ᠲᠠᠢ ᠶᠤᠮ᠃ ᠶᠡᠮᠡᠷ ᠴᠦ ᠠᠳᠣᠭᠠᠢ ᠢᠷᠭᠡᠨᠰᠢᠯ ᠭᠡᠳᠡᠭ ᠦᠭᠡ ᠡᠶᠢᠨᠬᠦ ᠳᠠᠯᠠᠭᠡᠢ ᠨᠠᠶᠢᠲᠡ ᠶᠢᠨ ᠣᠬᠠᠬᠳᠡᠬᠤᠨ ᠪᠤᠯᠵᠥ ᠦᠪᠠᠷ ᠤᠨ ᠢᠯᠠᠷᠭᠡᠶᠢᠯᠠᠬᠦ ᠴᠢᠳᠡᠪᠤᠷᠢ᠂ ᠬᠡᠯᠪᠠᠷᠢ ᠳᠥᠷᠰᠤ᠂ ᠣᠳᠬ᠎ᠠ ᠠᠭᠤᠯᠬ᠋ ‍ᠠ᠋ ᠪᠠᠨ ᠦᠭᠡᠷᠴᠢᠯᠡᠭᠰᠠᠭᠡᠷ ᠢᠷᠡᠭᠰᠠᠨ ᠪᠠᠶᠢᠨ᠎ᠠ᠃ ︵ᠦᠷᠬᠦᠯᠵᠢᠯᠡᠯ ᠪᠤᠢ︶ ᠬᠡᠷᠡᠶᠢᠳ᠂ ᠳ᠋᠊᠂ ᠬᠠᠷᠭᠠᠨ᠎ᠠ ᠺᠢᠷᠢᠯ ᠠᠴᠠ ᠬᠦᠷᠪᠡᠭᠦᠯᠪᠡ ᠪᠡᠯᠡᠳᠬᠡᠭᠰᠡᠨ ᠨᠢ᠄ ᠡᠷᠳᠡᠨᠢᠬᠦᠦ ᠨᠠᠶᠢᠷᠠᠭᠤᠯᠤᠭᠰᠠᠨ ᠨᠢ᠄ ᠨᠠᠮᠤᠷ ᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号