| | ᠬᠦᠯᠦᠨ ᠪᠣᠶᠢᠷ ᠠᠵᠢᠯ ᠮᠡᠷᠭᠡᠵᠢᠯ ᠤᠨ ᠲᠡᠭᠡᠳᠦ ᠰᠣᠷᠭᠠᠭᠤᠯᠢ ᠪᠦᠷᠢᠨ | ᠶᠠᠫᠣᠨ ᠤ ᠡᠷᠳᠡᠮᠳᠡᠨ ᠰᠢᠷᠠᠲ᠋ᠣᠷᠢ · ᠺᠦᠷᠠᠺᠢᠴᠢ ︵白鸟 库吉᠂ しらとり くらきち︶ | ᠠᠪᠣᠭᠠᠢ ᠶᠢᠨ ᠦᠵᠡᠬᠦ ᠪᠠᠷ ᠬᠢᠳᠡᠳ ᠦᠰᠦᠭ 奴 ᠶᠢᠨ ᠣᠩᠰᠢᠯᠭ᠎ᠠ ᠨᠢ ᠡᠷᠳᠡᠨ ᠦᠶ᠎ᠡ ᠳᠡᠭᠡᠨ ᠨᠦ᠋ ᠪᠢᠰᠢ ᠨᠠ | ᠪᠣᠯᠣᠨ᠎ᠠ ᠭᠡᠵᠡᠢ᠃ ᠡᠶᠢᠮᠦ ᠠᠴᠠ Hu-na ᠭᠡᠬᠦ ᠪᠣᠶᠣ Hun-na ᠭᠡᠵᠦ ᠣᠩᠰᠢᠬᠤ ᠨᠢ ᠵᠦᠪ ᠭᠡᠵᠡᠢ᠃ | ᠨᠦᠬᠦᠬᠡ ᠨᠢᠭᠡᠨ ᠶᠠᠫᠣᠨ ᠡᠷᠳᠡᠮᠳᠡᠨ 桑原鷺蔵 ᠤ ᠬᠡᠯᠡᠬᠦ ᠪᠠᠷ ᠪᠣᠯ Hunni ᠭᠡᠬᠦ ᠨᠢ ᠵᠦᠪ ᠭᠡᠳᠡᠭ | ᠶᠣᠮ᠃ ᠭᠡᠳᠡᠯ᠎ᠡ ᠦᠴᠢᠳᠠ ᠭᠢᠨᠹᠦ ︵内田吟风Uchida Ginpu︶ ᠶᠢᠨ ᠦᠵᠡᠬᠦ ᠪᠠᠷ | flōŋ-nah ᠭᠡᠳᠡᠭ ᠪᠣᠶᠣ ᠾᠦᠨ ︵フン︶ ᠭᠡᠵᠦ ᠡᠷᠳᠡᠨ ᠤ ᠭᠷᠢᠭ ᠬᠡᠯᠡᠨ ᠤ Φροῦνοι | ᠲᠠᠢ ᠬᠤᠯᠪᠣᠭᠳᠠᠭᠤᠯᠵᠣ ᠪᠠᠶᠢᠬᠤ ᠳᠤ᠂ ᠰᠣᠭᠳᠠ ᠬᠦᠮᠦᠰ ᠡᠮᠦᠨ᠎ᠡ ᠵᠣᠤ ᠣᠯᠣᠰ ᠤᠨ ᠾᠦᠩᠨᠦ ᠬᠦᠮᠦᠨ ᠢ | ᠰᠢᠭᠤᠳ ᠾᠦᠨ ᠭᠡᠵᠦ ᠲᠠᠭᠤᠳᠠᠵᠣ ᠪᠠᠶᠢᠭᠰᠠᠨ ᠲᠠᠢ ᠬᠤᠯᠪᠣᠭᠳᠠᠭᠤᠯᠣᠨ ᠶᠠᠷᠢᠵᠣ ᠪᠠᠶᠢᠪᠠᠴᠣ᠂ ᠾᠦᠩᠨᠦ ᠶᠢᠨ | ᠡᠷᠳᠡᠨ ᠤ ᠠᠪᠢᠶ᠎ᠠ ᠨᠢ ᠾᠦᠨ ᠪᠢᠰᠢ ᠪᠠᠷᠤᠭ ᠬᠤᠷᠨᠠᠢ ︵フルノイ︶ ᠴᠣ᠋ ᠶᠣᠮ ᠤᠤ ᠭᠡᠵᠦ ᠲᠦᠰᠦᠭᠡᠯᠡᠵᠡᠢ᠃ | | ᠦᠷᠦᠳᠡᠬᠢᠨ ᠤ ᠬᠢᠨᠢ Hun-na ︵フンナ︶ ᠭᠡᠳᠡᠭ ᠦᠭᠡ ᠶᠢ ᠲᠠᠪᠣᠨ ᠬᠠᠷᠢ ᠶᠢᠨ ᠠᠷᠪᠠᠨ ᠵᠢᠷᠭᠤᠭᠠᠨ | ᠣᠯᠣᠰ ᠤᠨ ᠦᠶ᠎ᠡ ᠶᠢᠨ ᠲᠠᠷᠢᠮ ᠤᠨ ᠬᠤᠳᠣᠭᠤᠷ ᠲᠤ ᠪᠠᠶᠢᠭᠰᠠᠨ ᠡᠮᠦᠨ᠎ᠡ ᠵᠣᠤ ᠣᠯᠣᠰ ᠤᠨ ᠾᠦᠩᠨᠦ ᠬᠦᠮᠦᠨ ᠢ | ᠾᠦᠨ ᠭᠡᠵᠦ ᠲᠠᠭᠤᠳᠠᠵᠣ ᠪᠠᠶᠢᠭᠰᠠᠨ ᠠᠴᠠ ᠡᠭᠦᠰᠦᠯᠳᠡ ᠲᠠᠢ ᠪᠦᠭᠡᠳ ᠠᠷᠪᠠᠨ ᠨᠠᠢᠮᠠᠳᠣᠭᠠᠷ ᠵᠠᠭᠤᠨ ᠠᠴᠠ ᠣᠳᠣ | ᠪᠣᠯᠳᠠᠯ᠎ᠠ ᠮᠦᠨ ᠾᠦᠨ ᠭᠡᠵᠦ ᠲᠠᠭᠤᠳᠠᠭᠰᠠᠭᠠᠷ ᠪᠢᠯᠡ᠃ | ᠾᠦᠩᠨᠦ ᠶᠢᠨ ᠡᠬᠦᠰᠦᠯᠳᠡ ᠶᠢᠨ ᠲᠣᠬᠠᠢ ᠲᠡᠣᠬᠡ ᠲᠡᠮᠳᠡᠭᠯᠡᠯ ᠠᠴᠠ ᠦᠵᠡᠪᠡᠯ᠂ ᠪᠠᠶᠢᠯᠳᠣᠭᠠᠨᠳᠣ ᠣᠯᠣᠰ ᠤᠨ | ᠪᠣᠳᠣᠯᠭ᠎ᠠ ︵戦国策︶᠂ ᠱᠠᠨ ᠬᠠᠢ ᠵᠢᠩ ᠪᠢᠴᠢᠭ ︵山海経︶ ᠪᠣᠯᠣᠨ ᠵᠸᠥ ᠣᠯᠣᠰ ᠤᠨ | ᠠᠯᠪᠠᠨ ᠪᠢᠴᠢᠭ ᠤᠨ ᠡᠮᠬᠢᠳᠭᠡᠯ ᠪᠣᠯᠬᠤ ︵逸周書︶ ᠵᠡᠷᠭᠡ ᠨᠣᠮ ᠵᠣᠬᠢᠶᠠᠯ ᠠᠴᠠ ᠯᠠᠪᠯᠠᠪᠠᠯ᠂ ᠾᠦᠩᠨᠦ | ᠭᠡᠳᠡᠭ ᠨᠡᠷ᠎ᠡ ᠪᠣᠯ ᠪᠠᠶᠢᠯᠳᠣᠭᠠᠨᠳᠣ ᠣᠯᠣᠰ ᠤᠨ ᠰᠡᠭᠦᠯᠴᠢ ᠠᠴᠠ ᠬᠠᠨ ᠣᠯᠣᠰ ᠤᠨ ᠡᠬᠢᠨ ᠢᠶᠠᠷ ᠲᠡᠣᠬᠡᠨ ᠲᠠᠪᠴᠠᠩ | ᠳᠤ ᠢᠯᠡᠷᠡᠭᠰᠡᠨ ᠭᠡᠵᠦ ᠦᠵᠡᠯᠳᠡᠢ ᠪᠠᠶᠢᠨ᠎ᠠ᠃ ᠮᠠᠨ ᠳᠤ ᠣᠯᠳᠠᠭᠠᠳ ᠪᠠᠶᠢᠭ᠎ᠠ ᠰᠢᠭᠤᠳ ᠰᠣᠷᠪᠣᠯᠵᠢ ᠪᠣᠯ ︽ | ᠪᠠᠶᠢᠯᠳᠣᠭᠠᠨᠳᠣ ᠣᠯᠣᠰ ᠤᠨ ᠪᠣᠳᠣᠯᠭ᠎ᠠ︾ ᠶᠢᠨ ︽ᠶᠠᠨ ᠤ ᠪᠣᠳᠣᠯᠭ᠎ᠠ︾ ᠳᠤ ᠪᠠᠶᠢᠭ᠎ᠠ ᠶᠠᠨ ᠣᠯᠣᠰ ᠤᠨ ᠲᠠᠶᠢᠽᠢ | ᠳ᠋ᠠᠨ᠂ ᠴᠢᠨ ᠣᠯᠣᠰ ᠲᠤ ᠲᠠᠨᠵᠢ ᠪᠣᠯᠬᠤ ᠦᠶ᠎ᠡ ᠳᠤ᠂ ᠾᠦᠩᠨᠦ ᠭᠡᠳᠡᠭ ᠦᠭᠡ ᠬᠠᠮᠤᠭ ᠠᠩᠬ᠎ᠠ ᠢᠯᠡᠷᠡᠵᠡᠢ᠃ ᠢ | ᠵᠸᠥ ᠱᠣ᠋ ︵逸周書︶ ᠶᠢᠨ ᠸᠠᠩ ᠤᠨ ᠠᠭᠤᠯᠵᠠᠯᠳᠠ ᠶᠢᠨ ᠪᠦᠯᠦᠭ ᠤᠨ ᠲᠠᠩ ᠤᠨ ᠲᠦᠷᠪᠡᠨ ᠵᠣᠪᠬᠢᠰ ᠤᠨ | ᠪᠠᠷᠠᠭᠠᠳᠠᠯᠳᠠ ᠶᠢᠨ ᠬᠡᠰᠡᠭ ᠲᠤ ᠲᠡᠮᠳᠡᠭᠯᠡᠭᠰᠡᠨ ᠢᠶᠠᠷ ᠬᠠᠮᠤᠭ ᠠᠩᠬ᠎ᠠ ᠡᠬᠢᠯᠡᠨ ᠵᠸᠥ ᠣᠯᠣᠰ ᠲᠤ ᠠᠪᠠ ᠶᠢᠨ ᠨᠣᠬᠠᠢ᠂ | ᠬᠤᠷᠳᠣᠨ ᠮᠣᠷᠢ᠂ ᠠᠴᠢᠶᠠᠨ ᠤ ᠲᠡᠮᠡᠭᠡ᠂ ᠴᠠᠭᠠᠨ ᠬᠠᠰ᠂ ᠰᠠᠶᠢᠨ ᠨᠣᠮᠣ ᠡᠷᠭᠦᠭᠰᠡᠨ ᠬᠠᠷᠢ ᠶᠢᠨ ᠦᠨᠳᠦᠰᠦᠳᠡᠨ | ᠪᠣᠯ ᠾᠦᠩᠨᠦ ᠭᠡᠵᠦ ᠲᠡᠮᠳᠡᠭᠯᠡᠵᠡᠢ᠃ | ᠬᠠᠭᠤᠴᠢ ᠮᠠᠯᠳᠠᠮᠠᠯ ᠲᠠᠬᠢ ᠾᠦᠩᠨᠦ ᠶᠢᠨ ᠡᠬᠦᠰᠦᠯᠳᠡ ᠣᠷᠴᠢᠮ ᠤᠨ ᠵᠢᠯ ᠢᠶᠠᠷ ᠰᠺᠢᠲ᠋ᠠᠶᠢᠴᠣᠳ ︵ᠦᠷᠦᠨ᠎ᠡ | ᠲᠡᠬᠢᠨ ᠤ ᠬᠢᠨᠢ ᠤ ᠰᠠᠺᠠ ᠬᠡᠬᠦ ᠪᠣᠶᠣ ᠰᠠᠺᠠᠷᠣᠢ ᠭᠡᠳᠡᠭ ᠰᠺᠢᠲ᠋ᠠᠢ ᠬᠦᠮᠦᠰ ᠢ ᠮᠣᠩᠭᠤᠯᠴᠣᠳ ᠪᠣᠯ ᠰᠠᠺᠢᠶᠠᠳ ᠭᠡᠬᠦ | ᠪᠣᠶᠣ ᠰᠠᠬᠢᠶᠠᠳ ᠭᠡᠵᠦ᠂ ᠣᠯᠠᠮ ᠢᠶᠠᠷ ᠰᠠᠬᠠᠶᠢᠳ ᠭᠡᠬᠦ ᠪᠣᠯᠣᠭᠰᠠᠨ ᠮᠡᠳᠦ ᠪᠠᠶᠢᠨ᠎ᠠ᠃︶ ᠢ ᠳᠣᠷᠣᠨ᠎ᠠ ᠲᠠᠬᠢᠨ ᠠᠴᠠ | ᠡᠭᠦᠰᠦᠭᠰᠡᠨ ᠭᠡᠬᠦ ᠦᠵᠡᠯᠳᠡ ᠣᠯᠠᠮ ᠭᠠᠵᠠᠷ ᠠᠪᠴᠣ ᠪᠠᠶᠢᠨ᠎ᠠ᠃ ᠡᠷᠳᠡᠨ ᠤ ᠪᠣᠯᠠᠰᠢ ᠠᠴᠠ ᠣᠯᠳᠠᠭᠰᠠᠨ ᠡᠳ᠋ | ᠦᠯᠦᠭ ︵ᠰᠢᠵᠢᠷ ᠠᠯᠳᠠᠨ ᠬᠡᠷᠡᠭᠰᠡᠯ ᠵᠡᠷᠭᠡ︶ ᠠᠴᠠ ᠦᠵᠡᠪᠡᠯ᠂ ᠲᠣᠮᠳᠠᠳᠣ ᠣᠯᠣᠰ — ᠾᠦᠩᠨᠦ — ᠰᠠᠷᠮᠠᠲ ︵ | ᠪᠠᠷᠠᠭᠤᠨ ᠦᠷᠦᠨᠡᠳᠦ ᠺᠠᠣᠺᠠᠽ︶ ᠤᠨ ᠬᠤᠭᠤᠷᠣᠨᠳᠣᠬᠢ ᠠᠷᠠᠯᠵᠢᠶ᠎ᠠ ᠬᠤᠳᠠᠯᠳᠤᠭ᠎ᠠ ᠮᠠᠰᠢ ᠡᠷᠳᠡᠨ ᠠᠴᠠ ᠬᠦᠭᠵᠢᠯᠳᠡ | ᠲᠠᠢ ᠶᠠᠪᠣᠭᠳᠠᠵᠣ ᠪᠠᠶᠢᠭᠰᠠᠨ ᠨᠢ ᠢᠯᠡᠷᠡᠵᠦ ᠪᠠᠶᠢᠨ᠎ᠠ᠃ | | ᠾᠦᠩᠨᠦ ︵匈奴︶ ᠭᠡᠳᠡᠭ ᠦᠭᠡ ᠶᠢ ᠲᠣᠮᠳᠠᠳᠣ ᠣᠯᠣᠰ ᠤᠨ ᠡᠦ ᠶᠢᠨ ᠣᠩᠰᠢᠯᠭ᠎ᠠ ᠪᠠᠷ ᠺᠦᠨᠦ᠋ ︵くぬ | ︶ ᠭᠡᠵᠦ᠂ ᠬᠠᠨ ᠤ ᠣᠩᠰᠢᠯᠭ᠎ᠠ ᠪᠠᠷ ᠺᠢᠶᠣᠳᠣ᠋ きょうど ᠭᠡᠵᠦ᠂ ᠣᠳᠣᠬᠢ ᠭᠤᠸᠠᠩᠳᠦ᠋ᠩ ᠠᠪᠢᠶ᠎ᠠ ᠪᠠᠷ | Heung Nou ᠭᠡᠵᠦ᠂ ᠪᠡᠭᠡᠵᠢᠩ ᠠᠪᠢᠶ᠎ᠠ ᠪᠠᠷ Xiōngnú ᠭᠡᠳᠡᠭ ᠠᠵᠠᠢ᠃ | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ | |