| | ᠬᠦᠯᠦᠨ ᠪᠣᠶᠢᠷ ᠠᠵᠢᠯ ᠮᠡᠷᠭᠡᠵᠢᠯ ᠤᠨ ᠲᠡᠭᠡᠳᠦ ᠰᠣᠷᠭᠠᠭᠤᠯᠢ ᠪᠦᠷᠢᠨ | ᠵᠦᠸᠧ ᠶᠧ 涿涂᠄ ᠵᠦᠸᠧ ᠶᠧ ᠮᠣᠩᠭᠤᠯ ᠬᠡᠯᠡᠨ ᠳᠤ ᠵᠡᠵᠡᠬᠡᠷ᠂ Жэжээр ᠪᠠᠰᠠ | ᠵᠡᠵᠡᠭᠡᠷ ᠦᠨᠳᠦᠷ Жэжээр-Үндүр ᠭᠡᠳᠡᠭ᠂涿涂山︵ᠵᠡᠵᠡᠭᠡᠷ ᠠᠭᠤᠯᠠ᠂ | Жэжээр -Үндүр︶᠄ 涿涂 ᠬᠤᠶᠠᠷ ᠦᠰᠦᠭ ᠤᠨ ᠣᠳᠣᠬᠢ ᠬᠢᠳᠠᠳ ᠠᠪᠢᠶ᠎ᠠ ᠨᠢ | zhuō tú ᠪᠠᠶᠢᠬᠤ ᠳᠤ ᠬᠠᠷᠢᠨ涿 ᠦᠰᠦᠭ ᠤᠨ ᠡᠷᠳᠡᠨ ᠤ ᠠᠪᠢᠶ᠎ᠠ ᠶᠢ ᠨᠢ ︽ᠲᠠᠩ ᠶᠦᠨ ᠲᠣᠯᠢ︾᠂ ︽ | ᠵᠢᠢ ᠶᠦᠨ ᠲᠣᠯᠢ︾᠂ ︽ᠶᠦᠨ ᠾᠦᠢ ᠲᠣᠯᠢ︾᠂ ︽ᠵᠧᠩ ᠶᠦᠨ ᠲᠣᠯᠢ︾᠂ ᠳᠤ ᠪᠦᠷ竹角切 ᠭᠡᠵᠦ | ᠭᠠᠯᠢᠭᠴᠢᠯᠠᠨ᠂ ᠠᠪᠢᠶ᠎ᠠ ᠨᠢ濁 ︵ᠵᠦᠸᠧ᠂ zhuó︶ ᠭᠡᠵᠦ᠂涂 ᠦᠰᠦᠭ ᠢ ᠨᠢ余遮切 ᠭᠡᠵᠦ | ᠭᠠᠯᠢᠭᠴᠢᠯᠠᠨ ᠠᠪᠢᠶ᠎ᠠ ᠨᠢ耶 ︵yé᠂ ᠶᠧ︶ ᠭᠡᠵᠡᠢ᠃ ︽ᠰᠣᠳᠣᠷ ᠲᠡᠮᠳᠡᠭᠯᠡᠯ︾ ᠤᠨ ᠬᠤᠷᠢᠶᠠᠩᠭᠤᠢ | ᠲᠠᠶᠢᠯᠪᠣᠷᠢ ᠳᠤ涿涂山 ᠠᠭᠤᠯᠠ ᠶᠢᠨ涿 ᠨᠢ卓 ︵ᠵᠦᠸᠧ︶ ᠠᠪᠢᠶ᠎ᠠ ᠲᠠᠢ ᠭᠡᠵᠦ᠂涂 ᠨᠢ以奢反 | ᠭᠡᠵᠦ ᠠᠪᠢᠶᠠᠯᠠᠨ ᠶᠧ ᠠᠪᠢᠶ᠎ᠠ ᠪᠠᠷ ᠣᠩᠰᠢᠨ᠎ᠠ ᠭᠡᠵᠦ ᠲᠠᠶᠢᠯᠪᠣᠷᠢ ᠬᠢᠵᠡᠢ᠃ ᠵᠠᠩ ᠱᠸᠥ ᠵᠢᠶᠧ ᠶᠢᠨ ᠰᠣᠳᠣᠷ | ᠲᠡᠮᠳᠡᠭᠯᠡᠯ ᠳᠤ ᠬᠢᠭᠰᠡᠨ ᠭᠤᠣᠯ ᠲᠠᠶᠢᠯᠪᠣᠷᠢ ᠳᠤ ᠬᠡᠯᠡᠭᠰᠡᠨ ᠨᠢ ᠾᠦᠩᠨᠦ ᠶᠢᠨ ᠣᠯᠣᠰ ᠤᠨ ᠲᠦᠪ ᠲᠤ ᠪᠠᠶᠢᠭ᠎ᠠ | ᠠᠭᠤᠯᠠ ᠪᠣᠯᠣᠨ᠎ᠠ᠂涿 ᠶᠢᠨ ᠣᠩᠰᠢᠯᠭ᠎ᠠ ᠨᠢ直角切᠂ ᠠᠪᠢᠶ᠎ᠠ ᠨᠢ濁 ︵zhuó᠂ ᠵᠦᠸᠧ︶ ᠭᠡᠵᠦ᠂ | 涂 ᠶᠢᠨ ᠣᠩᠰᠢᠯᠭ᠎ᠠ ᠶᠢ余遮切᠂ ᠠᠪᠢᠶ᠎ᠠ ᠨᠢ耶 ︵yé ᠪᠣᠶᠣ yē᠂ ᠶᠧ︶ ᠭᠡᠵᠡᠢ᠃ ᠲᠡᠭᠡᠭᠡᠳ | ᠲᠣᠷᠣᠭᠰᠢ ᠲᠠᠶᠢᠯᠪᠣᠷᠢᠯᠠᠬᠤ ᠲᠠᠭᠠᠨ涿涂山 ︵ᠵᠦᠸᠧ ᠶᠧ ᠱᠠᠨ︶ ᠠᠭᠤᠯᠠ ᠬᠡᠮᠡᠭᠴᠢ ᠾᠦᠩᠨᠦ ᠶᠢᠨ | ᠣᠯᠣᠰ ᠲᠣᠲᠣᠷᠠᠬᠢ ᠠᠭᠤᠯᠠᠨ ᠤ ᠨᠡᠷ᠎ᠡ ᠪᠣᠯᠣᠮᠣᠢ ᠭᠡᠵᠦ ᠯᠠᠪᠰᠢᠷᠠᠭᠤᠯᠣᠨ ᠲᠠᠶᠢᠯᠪᠣᠷᠢᠯᠠᠪᠠ᠃ ᠠᠳᠡ ᠠᠴᠠ ᠪᠢᠳᠡ涿 | 涂 ᠬᠤᠶᠠᠷ ᠬᠢᠳᠠᠳ ᠦᠰᠦᠭ ᠢ ᠵᠦᠸᠧ ᠶᠧ ᠭᠡᠵᠦ ᠣᠩᠰᠢᠬᠤ ᠶᠢ ᠣᠯᠵᠣ ᠮᠡᠳᠡᠵᠡᠢ᠃ ᠲᠣᠰ ᠠᠭᠤᠯᠠ ᠣᠳᠣᠬᠢ | ᠮᠣᠩᠭᠤᠯ ᠣᠯᠣᠰ ᠤᠨ ᠴᠡᠴᠡᠷᠯᠢᠭ ᠬᠤᠳᠠ ᠶᠢᠨ ᠡᠮᠦᠨ᠎ᠡ ᠲᠠᠯ᠎ᠠ ᠳᠤ ᠪᠠᠶᠢᠭ᠎ᠠ ᠬᠠᠩᠭᠠᠢ ᠨᠢᠷᠣᠭᠤ ᠳᠤ | ᠬᠠᠷᠢᠶᠠᠯᠠᠭᠳᠠᠬᠤ ᠨᠢᠭᠡᠨ ᠠᠭᠤᠯᠠ ᠪᠣᠯᠣᠨ᠎ᠠ ᠭᠡᠳᠡᠭ᠃ ᠲᠣᠰ ᠠᠭᠤᠯᠠᠨ ᠤ ᠨᠡᠷ᠎ᠡ ᠶᠢ ᠮᠢᠨᠦ ᠦᠵᠡᠬᠦ ᠪᠠᠷ ᠵᠡᠵᠡᠭᠡᠷ ︵ | Жэжээр︶ ᠭᠡᠳᠡᠭ ᠦᠭᠡ ᠪᠣᠯᠣᠨ᠎ᠠ᠃ ᠬᠢᠳᠠᠳ ᠳᠡᠣᠬᠡᠨ ᠳᠤ ᠪᠢᠴᠢᠭᠳᠡᠵᠦ ᠪᠠᠶᠢᠭ᠎ᠠ涿涂山 | ᠪᠣᠯ ᠮᠣᠩᠭᠤᠯ ᠤᠨ ᠨᠢᠭᠤᠴᠠᠨ ᠲᠣᠪᠴᠢᠶᠠᠨ ᠳᠤ ᠭᠠᠷᠳᠠᠭ᠂ ᠸᠠᠩ ᠬᠠᠨ ᠤ ᠬᠦᠪᠡᠭᠦᠨ ᠨᠢᠯᠬ᠎ᠠ ᠰᠡᠩᠭᠦᠮ ᠤᠨ | ᠪᠠᠭᠤᠴᠠ ᠪᠣᠯᠬᠤ ᠵᠡᠵᠡᠭᠡᠷ ᠦᠨᠳᠦᠷ᠂ ᠪᠡᠷᠭᠡ ᠡᠯᠡᠳ ᠭᠡᠳᠡᠭ ᠭᠠᠵᠠᠷ ᠲᠠᠢ ᠭᠠᠵᠠᠷ ᠵᠦᠢ ᠶᠢᠨ ᠲᠠᠯ᠎ᠠ ᠪᠠᠷ ᠶᠠᠪ ᠴᠠᠪ | ᠨᠡᠶᠢᠴᠡᠵᠦ ᠪᠠᠶᠢᠭ᠎ᠠ ᠶᠣᠮ᠃ ᠵᠡᠵᠡᠭᠡᠷ ᠦᠨᠳᠦᠷ ᠭᠡᠳᠡᠭ ᠠᠭᠤᠯᠠ ᠪᠣᠯ ᠣᠳᠣᠬᠢ ᠴᠡᠴᠡᠷᠯᠢᠭ ᠬᠤᠳᠠ ᠠᠴᠠ ᠣᠶᠢᠷᠬᠠᠨ | ᠪᠠᠶᠢᠵᠣ᠂ ᠬᠡᠷᠡᠶᠢᠳ ᠤᠨ ᠸᠠᠩ ᠬᠠᠨ ᠤ ᠣᠷᠳᠣᠨ ᠪᠠᠶᠢᠭ᠎ᠠ ᠲᠣᠣᠯᠠ ᠶᠢᠨ ᠬᠠᠷ᠎ᠠ ᠲᠦᠩ ᠠᠴᠠ ᠪᠠᠷᠠᠭᠤᠨᠰᠢ | ᠪᠠᠶᠢᠷᠢᠯᠠᠳᠠᠭ ᠠᠵᠠᠢ᠃ | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ | |