ᠲᠣᠣᠯᠠ ᠭᠡᠳᠡᠭ ᠡᠾᠦ᠋ᠩᠨᠤ ᠦᠭᠡᠨ ᠤ ᠲᠤᠬᠠᠢ
ᠨᠡᠶᠢᠲᠡᠯᠡᠭᠰᠡᠨ ᠴᠠᠭ᠄
2020/7/2
                     ᠬᠦᠯᠦᠨ ᠪᠣᠶᠢᠷ ᠠᠵᠢᠯ ᠮᠡᠷᠭᠡᠵᠢᠯ ᠤᠨ ᠲᠡᠭᠡᠳᠦ ᠰᠣᠷᠭᠠᠭᠤᠯᠢ    ᠪᠦᠷᠢᠨ    ᠢᠥᠢ ᠡᠣ余吾 ︵ ᠲᠤ ᠣᠯ᠂ ᠲᠣᠬᠤᠯ᠂ ᠲᠣᠬᠤᠯᠠ᠂ ᠲᠣᠣᠯᠠ︶᠄ ᠢᠥᠢ ᠡᠣ ᠣᠰᠣ ᠭᠡᠳᠡᠭ ᠨᠢ ᠾᠦᠩᠨᠦ ᠶᠢᠨ ᠣᠯᠣᠰ ᠳᠣᠳᠣᠷᠠᠬᠢ ᠭᠤᠣᠯ ᠤᠨ ᠨᠡᠷ᠎ᠡ ᠪᠣᠯᠣᠨ᠎ᠠ᠃余吾 ᠬᠤᠶᠠᠷ ᠬᠢᠳᠠᠳ ᠦᠰᠦᠭ ᠤᠨ ᠣᠳᠣᠬᠢ ᠠᠪᠢᠶ᠎ᠠ ᠨᠢ 余 ᠨᠢ yú ᠪᠣᠶᠣ yù ᠭᠡᠵᠦ ᠠᠪᠢᠶᠠᠯᠠᠵᠣ ᠪᠠᠶᠢᠬᠤ ᠳᠤ᠂吾 ᠨᠢ ᠬᠠᠷᠢᠨ wú᠂ we ᠵᠢᠴᠢ yú ᠪᠠ yá ᠵᠡᠷᠭᠡ ᠶᠢᠨ ᠣᠯᠠᠨ ᠠᠪᠢᠶ᠎ᠠ ᠲᠠᠢ ᠪᠠᠶᠢᠨ᠎ᠠ᠃    余吾 ︵ ᠲᠤ ᠡᠣ ︵ ᠲᠤ ᠣᠯ︶ — ᠲᠣᠬᠤᠯᠠ — ᠲᠣᠣᠯᠠ︶᠄余吾 ᠶᠢᠨ ᠣᠳᠣ ᠦᠶ᠎ᠡ ᠶᠢᠨ ᠣᠩᠰᠢᠯᠭ᠎ᠠ ᠨᠢ yú wú ᠪᠣᠯᠣᠨ᠎ᠠ᠃ ᠭᠡᠪᠡᠴᠦ ᠡᠷᠳᠡᠨ ᠦᠶ᠎ᠡ ᠳᠤ余 ᠶᠢ ᠪᠠᠰᠠ ᠲᠤ ᠭᠡᠵᠦ ᠣᠩᠰᠢᠳᠠᠭ ᠪᠠᠶᠢᠵᠠᠢ᠃ ᠵᠢᠱᠢᠶᠠᠯᠠᠪᠠᠯ ᠵᠢᠢ ᠶᠦᠨ ᠭᠡᠳᠡᠭ ᠲᠣᠯᠢ ᠪᠢᠴᠢᠭ ᠲᠤ余 ᠶᠢᠨ ᠣᠩᠰᠢᠯᠭ᠎ᠠ ᠨᠢ同都切 ᠭᠡᠵᠦ ᠭᠠᠯᠢᠭᠴᠢᠯᠠᠨ徒 ︵ ᠲᠤ︶ ᠭᠡᠵᠦ ᠣᠩᠰᠢᠨ᠎ᠠ ᠭᠡᠵᠦ ᠲᠡᠮᠳᠡᠭᠯᠡᠭᠡᠳ᠂余吾 ᠬᠤᠶᠠᠷ ᠦᠰᠦᠭ ᠢᠶᠠᠷ ᠵᠢᠱᠢᠶᠡᠯᠡᠨ余吾︵ ᠲᠤ ᠡᠣ︶ ᠪᠣᠯ ᠾᠦᠩᠨᠦ ᠶᠢᠨ ᠣᠯᠣᠰ ᠳᠣᠳᠣᠷᠠᠬᠢ ᠭᠤᠣᠯ ᠤᠨ ᠨᠡᠷ᠎ᠡ ᠭᠡᠵᠦ ᠲᠣᠲᠣᠷᠬᠠᠶᠢᠯᠠᠨ ᠲᠠᠶᠢᠯᠪᠣᠷᠢᠯᠠᠵᠠᠢ᠃ ᠪᠠᠰᠠ檮余 ︵ᠲᠣᠣ ᠲᠤ︶ ᠭᠡᠳᠡᠭ ᠬᠤᠶᠠᠷ ᠬᠢᠳᠠᠳ ᠦᠰᠦᠭ ᠢᠶᠠᠷ ᠵᠢᠱᠢᠶ᠎ᠡ ᠲᠡᠳᠡᠨ ᠾᠦᠩᠨᠦ ᠶᠢᠨ ᠣᠯᠣᠰ ᠲᠣᠲᠣᠷᠠᠬᠢ ᠠᠭᠤᠯᠠᠨ ᠤ ᠨᠡᠷ᠎ᠡ ᠪᠣᠯᠣᠨ᠎ᠠ ᠭᠡᠵᠡᠢ᠃ ᠶᠠᠭᠠᠬᠢᠭᠠᠳ余 ︵ᠢᠥᠢ︶ ᠦᠰᠦᠭ  ᠢ ᠪᠠᠰᠠ ᠲᠤ ᠭᠡᠵᠦ ᠣᠩᠰᠢᠬᠤ ᠪᠣᠢ ᠭᠡᠪᠡᠯ᠂ ᠡᠷᠳ᠋ᠨ ᠲᠡᠭᠡᠳᠦ ᠦᠶ᠎ᠡ ᠳᠤ ᠬᠢᠳᠠᠳ ᠦᠰᠦᠭ ᠴᠦᠬᠡᠨ ᠪᠣᠯᠬᠤᠷ ᠦᠰᠦᠭ ᠢᠶᠠᠨ ᠬᠠᠷᠢᠯᠴᠠᠨ ᠵᠢᠭᠡᠯᠡᠨ ᠬᠡᠷᠡᠭᠯᠡᠬᠦ ᠦᠵᠡᠭᠳᠡᠯ ᠲᠣᠩ ᠲᠦᠭᠡᠮᠡᠯ ᠪᠠᠶᠢᠭᠰᠠᠨ ᠠᠴᠠ ᠪᠣᠯᠵᠠᠢ᠃ ᠲᠡᠭᠡᠪᠡᠯ余吾 ᠭᠡᠪᠡᠯ ᠲᠤ ᠣᠯ — ᠲᠣᠬᠤᠯᠠ ᠲᠠᠷᠣᠢ ᠲᠣᠭᠤᠯᠬᠤ ᠭᠠᠳᠣᠯᠬᠤ ᠭᠡᠳᠡᠭ ᠣᠳᠬ᠎ᠠ ᠲᠠᠢ ᠦᠭᠡ ᠪᠠᠶᠢᠵᠣ᠂ ᠣᠳᠣ ᠪᠣᠯᠬᠤ ᠳᠤ ᠲᠣᠣᠯᠠ ᠪᠣᠯᠵᠣ ᠲᠣᠭᠳᠠᠪᠣᠷᠢᠵᠢᠭᠰᠠᠨ ᠪᠠᠶᠢᠨ᠎ᠠ᠃ ᠭᠡᠪᠡᠴᠦ ᠲᠣᠬᠠᠢ ᠶᠢᠨ ᠦᠶ᠎ᠡ ᠳᠤ ᠲᠣᠭᠤᠯᠬᠤ ᠪᠣᠶᠣ ᠭᠠᠳᠣᠯᠠᠬᠤ ᠭᠡᠳᠡᠭ ᠣᠳᠬ᠎ᠠ ᠲᠠᠢ ᠦᠭᠡ ᠪᠣᠯᠪᠠᠴᠣ᠂ ᠲᠤ ᠬᠤᠯ ᠭᠡᠵᠦ ᠠᠪᠢᠶᠠᠯᠠᠬᠤ ᠦᠭᠡᠢ ᠬᠠᠷᠢᠨ ᠲᠤ ᠣᠯ ᠭᠡᠵᠦ ᠠᠪᠢᠶᠠᠯᠠᠳᠠᠭ ᠪᠠᠶᠢᠭᠰᠠᠨ ᠪᠣᠯᠣᠯᠳᠠᠢ᠃ ᠡᠨᠡ ᠪᠣᠯ ᠮᠣᠩᠭᠤᠯ ᠬᠡᠯᠡᠨ ᠳᠤ ᠡᠷᠳᠡᠨ ᠠᠴᠠ ᠠᠪᠣᠭᠠᠳ ᠠ ᠬᠠ ᠭᠠ ᠺᠠ  ᠶᠢ ᠰᠡᠯᠬᠦᠴᠡᠨ ᠬᠡᠷᠡᠭᠯᠡᠳᠡᠭ ᠵᠣᠷᠰᠢᠯ ᠲᠠᠢ ᠬᠤᠯᠪᠣᠭ᠎ᠠ ᠲᠠᠢ ᠪᠠᠶᠢᠭᠰᠠᠨ ᠮᠠᠭᠠᠳ᠃ ᠡᠶᠢᠮᠦᠷᠬᠦ ᠪᠠᠶᠢᠳᠠᠯ ᠣᠳᠣ ᠬᠦᠷᠳᠡᠯ᠎ᠡ ᠶᠠᠮᠠᠷ ᠨᠢᠭᠡᠨ ᠬᠡᠮᠵᠢᠶᠡᠨ ᠳᠤ ᠮᠦᠨ ᠣᠷᠣᠰᠢᠭᠰᠠᠭᠠᠷ ᠪᠠᠶᠢᠭ᠎ᠠ ᠶᠢ ᠦᠭᠡᠶᠢᠰᠭᠡᠬᠦ ᠦᠭᠡᠢ᠃ ᠶᠠᠮᠠᠷ ᠪᠠᠶᠢᠭᠰᠠᠨ ᠴᠦ ᠲᠣᠰ ᠦᠭᠡᠨ ᠤ ᠢᠵᠠᠭᠤᠷ ᠲᠤ ᠭᠠᠳᠣᠯᠬᠤ ᠲᠣᠭᠤᠯᠭᠤ ᠭᠡᠳᠡᠭ ᠣᠳᠬ᠎ᠠ ᠠᠬᠤᠭᠤᠯᠣᠭᠳᠠᠵᠣ ᠪᠠᠶᠢᠨ᠎ᠠ ᠭᠡᠵᠦ ᠦᠵᠡᠬᠦ ᠳᠤ ᠪᠣᠷᠣᠭᠤ ᠦᠭᠡᠢ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号