ᠬᠦᠴᠦᠷᠬᠡᠢ ᠢᠪᠡᠭᠡᠯᠳᠡᠢ ᠭᠡᠳᠡᠭ ᠡᠾᠦ᠋ᠩᠨᠤ ᠦᠭᠡᠨ ᠤ ᠲᠤᠬᠠᠢ
ᠨᠡᠶᠢᠲᠡᠯᠡᠭᠰᠡᠨ ᠴᠠᠭ᠄
2020/7/2
                  ᠬᠦᠯᠦᠨ ᠪᠣᠶᠢᠷ ᠠᠵᠢᠯ ᠮᠡᠷᠭᠡᠵᠢᠯ ᠤᠨ ᠲᠡᠭᠡᠳᠦ ᠰᠣᠷᠭᠠᠭᠤᠯᠢ    ᠪᠦᠷᠢᠨᠹᠦ᠋ ᠵᠦ᠋ ᠯᠸᠢ ᠷᠦᠸᠧ ᠳ᠋ᠢ ᠴᠠᠨ ᠢᠥᠢ 復株累若鞮单于᠄ 復株累 ᠭᠡᠳᠡᠭ ᠭᠤᠷᠪᠠᠨ ᠬᠢᠳᠠᠳ ᠦᠰᠦᠭ ᠤᠨ ᠯᠠᠲ᠋ᠢᠨ ᠭᠠᠯᠢᠭ ᠨᠢ fù zhū léi/ lěi/ lèi᠂ ᠣᠳᠣᠬᠢ ᠮᠣᠩᠭᠤᠯ ᠦᠭᠡᠨ ᠳᠤ ᠪᠠᠭᠤᠯᠭᠠᠪᠠᠯ ᠬᠦᠴᠦᠷᠬᠡᠢ хүчирхий ᠢᠪᠡᠭᠡᠯᠳᠡᠢ ИВЭЭЛТЭЙ︶᠄ ᠡᠨᠡᠬᠦ ᠴᠠᠨ ᠢᠥᠢ ᠶᠢᠨ ᠵᠢᠩᠬᠢᠨᠢ ᠨᠡᠷ᠎ᠡ ᠨᠢ 雕陶莫皋 ︵ᠲᠣᠭᠳᠤᠭ᠎ᠠ ᠪᠣᠬ᠎ᠠ︶ ᠭᠡᠳᠡᠭ᠂ ᠲᠡᠷᠡ ᠪᠣᠯ ᠾᠦᠩᠨᠦ ᠶᠢᠨ ᠲᠠᠬᠢᠨ ᠨᠢᠭᠡᠳᠦᠭᠰᠡᠨ ᠴᠠᠭ ᠦᠶ᠎ᠡ ᠶᠢᠨ ᠬᠤᠶᠠᠳᠣᠭᠠᠷ ᠴᠠᠨ ᠢᠥᠢ ᠪᠣᠯᠣᠨ᠎ᠠ᠃ ᠲᠡᠭᠦᠨ ᠤ ᠡᠴᠢᠭᠡ ᠨᠢ ᠲᠠᠷᠣᠢ ᠬᠠᠭ᠋ᠠᠨᠰ᠎ᠡ ᠴᠠᠨ ᠢᠥᠢ ︵呼韩邪︶ ᠮᠦᠨ᠃ ᠬᠦᠴᠦᠷᠬᠡᠢ ᠢᠪᠡᠬᠡᠯᠳᠡᠢ ᠴᠠᠨ ᠢᠥᠢ ᠶᠢᠨ ᠡᠨᠡᠬᠦ ᠬᠦᠨᠳᠦᠳᠭᠡᠯ ᠴᠣᠯᠠ ᠨᠢ ᠲᠡᠭᠦᠨ ᠤ ᠰᠠᠭᠤᠷᠢᠨ ᠳᠤ ᠪᠠᠶᠢᠭᠰᠠᠨ ᠴᠠᠭ ᠦᠶ᠎ᠡ ᠠᠴᠠ ᠢᠷᠡᠯᠳᠡ ᠲᠠᠢ ᠭᠡᠵᠦ ᠵᠣᠬᠢᠶᠠᠭᠴᠢ ᠦᠵᠡᠵᠦ ᠪᠠᠶᠢᠨ᠎ᠠ᠃ ᠲᠡᠷᠡ ᠪᠣᠯ ᠡᠴᠢᠭᠡ ᠪᠠᠨ ᠵᠠᠯᠭᠠᠮᠵᠢᠯᠠᠨ ᠨᠡᠶᠢᠳᠡ ᠶᠢᠨ ᠣᠨ ᠲᠣᠭᠠᠯᠠᠯ ᠤᠨ ᠡᠮᠦᠨ᠎ᠡ 31 ᠣᠨ ᠠᠴᠠ ᠨᠡᠶᠢᠳᠡ ᠶᠢᠨ ᠣᠨ ᠲᠣᠭᠠᠯᠠᠯ ᠤᠨ ᠡᠮᠦᠨ᠎ᠡ 20 ᠣᠨ ᠪᠣᠯᠳᠠᠯ᠎ᠠ ᠴᠠᠨ ᠢᠥᠢ ᠶᠢᠨ ᠰᠠᠭᠤᠷᠢᠨ ᠳᠤ ᠪᠠᠶᠢᠵᠠᠢ᠃ ᠲᠡᠭᠦᠨ ᠤ ᠡᠴᠢᠭᠡ ᠬᠠᠭ᠋ᠠᠨᠰ᠎ᠡ ᠴᠠᠨ ᠢᠥᠢ ᠶᠢ ᠰᠠᠭᠤᠷᠢᠨ ᠳᠤ ᠪᠠᠶᠢᠬᠤ ᠬᠤᠭᠤᠴᠠᠭᠠᠨ ᠳᠤ ᠾᠦᠩᠨᠦ ᠲᠦᠷᠦ ᠳᠤ ᠲᠣᠲᠣᠭᠠᠳᠣ ᠶᠢᠨ ᠰᠠᠮᠠᠭᠤᠷᠠᠯ ᠦᠷᠪᠢᠰᠴᠦ᠂ ᠲᠡᠷᠡ ᠦᠪᠡᠷ ᠤᠨ ᠬᠦᠴᠦ ᠪᠠᠷ ᠢᠶᠠᠨ ᠲᠣᠲᠣᠭᠠᠳᠣ ᠶᠢᠨ ᠰᠠᠮᠠᠭᠤᠷᠠᠯ ᠢᠶᠠᠨ ᠲᠦᠪᠰᠢᠳᠭᠡᠵᠦ ᠲᠡᠶᠢᠯᠬᠦ ᠦᠭᠡᠢ ᠪᠣᠯᠣᠭᠰᠠᠨ ᠪᠣᠯᠬᠤᠷ᠂ ᠵᠠᠷᠢᠮ ᠶᠡᠭᠡ ᠲᠦᠰᠢᠮᠡᠯ ᠤᠨ ᠢᠶᠠᠨ ᠢᠳᠬᠠᠯ ᠢᠶᠠᠷ ᠡᠮᠦᠨᠡᠰᠢ ᠬᠠᠨ ᠣᠯᠣᠰ ᠲᠤ ᠪᠠᠭᠤᠵᠣ ᠦᠭᠬᠦ ᠪᠠᠷ ᠨᠦᠬᠦᠴᠡᠯ ᠪᠣᠯᠭᠠᠨ᠂ ᠬᠠᠨ ᠣᠯᠣᠰ ᠠᠴᠠ ᠲᠣᠰᠠᠯᠠᠮᠵᠢ ᠭᠤᠶᠣᠴᠢᠯᠠᠵᠣ᠂ ᠬᠠᠨ ᠣᠯᠣᠰ ᠤᠨ ᠴᠡᠷᠢᠭ ᠵᠡᠪᠰᠡᠭ ᠪᠣᠯᠣᠨ ᠡᠳ᠋ ᠪᠣᠳᠠᠰ ᠤᠨ ᠲᠡᠮᠵᠢᠯᠭᠡ ᠲᠣᠣᠷ᠎ᠠ ᠰᠠᠶ᠋ᠢ ᠾᠦᠩᠨᠦ ᠨᠣᠳᠤᠭ ᠲᠠᠭᠠᠨ ᠬᠦᠯ ᠲᠣᠭᠳᠠᠵᠣ ᠴᠢᠳᠠᠭᠰᠠᠨ ᠪᠠᠶᠢᠨ᠎ᠠ᠃ ᠭᠡᠪᠡᠴᠦ ᠦᠪᠡᠷ ᠤᠨ ᠲᠠᠶᠢᠰᠣᠨ ᠡᠳᠡᠭᠡᠳ ᠢᠶᠠᠨ ᠪᠠᠰᠠ ᠲᠣᠶᠢᠯᠪᠣᠷᠢᠳᠡᠢ ᠣᠰᠠᠳᠬᠠᠵᠣ ᠴᠢᠳᠠᠭᠰᠠᠨ ᠦᠭᠡᠢ ᠪᠣᠯᠬᠤᠷ᠂ ᠲᠡᠷᠡ ᠲᠠᠶᠢᠰᠣᠨ ᠡᠳᠡᠭᠡᠳ  ᠢᠶᠠᠨ ᠰᠦᠷᠳᠡᠬᠦᠯᠬᠦ ᠡᠭᠦᠳᠡᠨ ᠠᠴᠠ᠂ ᠮᠦᠨ ᠲᠡᠮᠵᠢᠯᠭᠡ ᠬᠠᠩᠭᠠᠭᠰᠠᠨ ᠬᠠᠨ ᠣᠯᠣᠰ ᠲᠤ ᠲᠠᠯᠠᠷᠬᠠᠬᠤ ᠡᠭᠦᠳᠡᠨ ᠠᠴᠠ ᠦᠪᠡᠷ ᠤᠨ ᠣᠯᠠᠨ ᠬᠦᠪᠡᠭᠦᠳ ᠢᠶᠠᠨ ᠵᠠᠪᠠᠯ ᠬᠠᠨ ᠣᠯᠣᠰ ᠲᠠᠢ ᠡᠪ ᠨᠠᠶᠢᠷᠠᠮᠳᠠᠯ ᠲᠠᠢ ᠪᠠᠶᠢᠬᠤ ᠬᠡᠷᠡᠭᠳᠡᠢ ᠭᠡᠵᠦ ᠭᠡᠷᠢᠶᠡᠰᠦᠯᠡᠵᠡᠢ᠃ ᠶᠠᠭ ᠡᠶᠢᠮᠦ ᠠᠴᠠ ᠲᠡᠭᠦᠨ ᠤ ᠵᠠᠯᠭᠠᠮᠵᠢᠯᠠᠭᠴᠢ ᠪᠣᠯᠣᠭᠰᠠᠨ ᠲᠣᠭᠳᠤᠭ᠎ᠠ ᠪᠣᠬ᠎ᠠ ᠴᠠᠨ ᠢᠥᠢ ︽ᠬᠦᠴᠦᠷᠬᠡᠢ ᠢᠪᠡᠭᠡᠯᠳᠡᠢ︾ ᠴᠠᠨ ᠢᠥᠢ ᠭᠡᠰᠡᠨ ᠬᠦᠨᠳᠦᠳᠭᠡᠯ ᠴᠣᠯᠠ ᠠᠪᠣᠭᠰᠠᠨ ᠠᠴᠠ ᠡᠬᠢᠯᠡᠨ ᠨᠡᠶᠢᠳᠡ ᠵᠢᠷᠭᠤᠭᠠᠨ ᠴᠠᠨ ᠢᠥᠢ ᠪᠦᠷ ᠡᠶᠢᠮᠦᠷᠬᠦ ×× ᠢᠪᠡᠭᠡᠯᠳᠡᠢ ᠴᠠᠨ ᠢᠥᠢ ᠭᠡᠳᠡᠭ ᠴᠣᠯᠠ ᠶᠢ ᠬᠡᠷᠡᠭᠯᠡᠭᠰᠡᠨ ᠪᠠᠶᠢᠨ᠎ᠠ᠃ ᠲᠡᠣᠬᠡᠨ ᠦᠨᠡᠨ ᠬᠡᠷᠡᠭ ᠲᠡᠭᠡᠷ᠎ᠡ᠂ ᠬᠠᠭ᠋ᠠᠨᠰ᠎ᠡ ᠴᠠᠨ ᠢᠥᠢ ᠶᠢᠨ ᠣᠯᠠᠨ ᠬᠦᠪᠡᠭᠦᠳ ᠣᠴᠢ ᠨᠡᠷ ᠬᠤᠶᠢᠨ᠎ᠠ ᠬᠤᠶᠢᠨ᠎ᠠ ᠠᠴᠠ  ᠪᠠᠨ ᠴᠠᠨ ᠢᠥᠢ ᠶᠢᠨ ᠰᠠᠭᠤᠷᠢᠨ ᠢ ᠵᠠᠯᠭᠠᠮᠵᠢᠯᠠᠨ ᠰᠠᠭᠤᠭᠰᠠᠳ ᠦᠨᠡᠬᠡᠷ ᠲᠡᠭᠦᠨ ᠤ ᠭᠡᠷᠢᠶᠡᠰ ᠵᠠᠷᠯᠢᠭ ᠶᠣᠰᠣᠭᠠᠷ ᠬᠠᠨ ᠣᠯᠣᠰ ᠲᠠᠢ ᠨᠠᠶᠠ ᠭᠠᠷᠣᠢ ᠵᠢᠯ ᠲᠠᠶᠢᠨ ᠲᠠᠵᠢᠨ ᠦᠭᠡᠢ ᠡᠩᠬᠡ ᠲᠠᠶᠢᠪᠣᠩ ᠵᠡᠷᠭᠡᠴᠡᠨ ᠣᠷᠣᠰᠢᠵᠣ ᠪᠠᠶᠢᠵᠠᠢ᠃ ᠬᠡᠵᠢᠶ᠎ᠡ ᠬᠤᠶᠢᠨ᠎ᠠ ᠸᠠᠩ ᠮᠠᠩ ᠠᠴᠠ ᠬᠠᠨ ᠣᠯᠣᠰ ᠤᠨ ᠲᠦᠷᠦ ᠶᠢ ᠡᠵᠡᠷᠬᠡᠵᠦ ᠪᠠᠶᠢᠭᠰᠠᠨ ᠦᠶ᠎ᠡ ᠳᠡᠭᠡᠨ᠂ ᠲᠡᠷᠡ ᠬᠠᠨ ᠣᠯᠣᠰ ᠤᠨ ᠲᠦᠷᠦ ᠶᠢ ᠪᠣᠯᠢᠶᠠᠬᠤ ᠵᠡᠷᠯᠢᠭ ᠰᠠᠨᠠᠭ᠎ᠠ ᠪᠠᠨ ᠪᠡᠶᠡᠯᠡᠬᠦᠯᠬᠦ ᠡᠭᠦᠳᠡᠨ ᠠᠴᠠ ᠡᠯᠴᠢ ᠲᠣᠮᠢᠯᠠᠨ ᠾᠦᠩᠨᠦ ᠳᠤ ᠡᠴᠢᠭᠦᠯᠦᠨ᠂ ᠭᠠᠵᠠᠷ ᠨᠣᠳᠤᠭ ᠢ ᠨᠢ ᠰᠠᠯᠭᠠᠨ ᠠᠪᠬᠤ ᠪᠠᠷ ᠱᠠᠭᠠᠷᠳᠠᠭᠠᠳ ᠰᠠᠶ᠋ᠢ ᠡᠨᠡᠬᠦ ᠾᠦ᠋ᠩᠨᠦ ᠪᠣᠯᠣᠨ ᠬᠠᠨ ᠣᠯᠣᠰ ᠤᠨ ᠡᠪ ᠨᠠᠶᠢᠷᠠᠮᠳᠠᠯ ᠡᠴᠦᠰ ᠲᠡᠭᠦᠰᠭᠡᠯ ᠢᠶᠠᠨ ᠦᠵᠡᠵᠡᠢ᠃ 復株累 ᠭᠡᠳᠡᠭ ᠭᠤᠷᠪᠠᠨ ᠬᠢᠳᠠᠳ ᠦᠰᠦᠭ ᠪᠣᠯ ᠾᠦᠩᠨᠦ — ᠮᠣᠩᠭᠤᠯ ᠬᠡᠯᠡᠨ ᠤ ︽ᠬᠦᠴᠦᠷᠬᠡᠢ︾ ᠶᠢ ᠠᠪᠢᠶᠠᠴᠢᠯᠠᠨ ᠲᠡᠮᠳᠡᠭᠯᠡᠭᠰᠡᠨ ᠦᠰᠦᠭ ᠪᠣᠯᠣᠨ᠎ᠠ᠃ ᠬᠦᠴᠦᠷᠬᠡᠢ ᠨᠢ ᠰᠦᠷᠡᠬᠡᠢ᠂ ᠲᠦᠷᠢᠮᠡᠬᠡᠢ ᠵᠡᠷᠭᠡ ᠦᠭᠡᠰ ᠲᠠᠢ ᠣᠳᠬ᠎ᠠ ᠣᠶᠢᠷᠠᠯᠴᠠᠭ᠎ᠠ ᠬᠡᠷᠡᠭᠯᠡᠭᠳᠡᠵᠦ ᠪᠠᠶᠢᠵᠠᠢ᠃ ᠬᠦᠴᠦᠷᠬᠡᠢ ᠶᠢ ᠣᠳᠣᠬᠢ ᠮᠣᠩᠭᠤᠯ ᠬᠡᠯᠡᠨ ᠳᠤ ᠬᠦᠴᠦᠷᠬᠡᠭ ᠭᠡᠳᠡᠭ᠂ ᠦᠨᠳᠦᠰᠦᠨ ᠣᠳᠬ᠎ᠠ ᠪᠠ ᠠᠪᠢᠶ᠎ᠠ ᠨᠢ ᠲᠡᠮᠡᠢ ᠶᠡᠭᠡ ᠬᠤᠪᠢᠷᠠᠯᠳᠠ ᠦᠭᠡᠢ ︽ᠬᠦᠴᠦᠳᠡᠢ᠂ ᠴᠢᠳᠠᠯᠳᠠᠢ᠂ ᠰᠦᠷ ᠬᠦᠴᠦᠨ ᠶᠡᠭᠡ  ᠲᠠᠢ︾ ᠭᠡᠳᠡᠭ ᠣᠳᠬ᠎ᠠ ᠣᠣᠯ ᠬᠡᠪ ᠢᠶᠠᠷ ᠢᠶᠠᠨ ᠣᠷᠣᠰᠢᠭᠰᠠᠭᠠᠷ ᠪᠠᠶᠢᠨ᠎ᠠ᠃ ᠬᠢᠳᠠᠳ ᠬᠡᠯᠡᠨ ᠳᠤ hu ᠶᠢ fu ᠪᠠᠷ ᠠᠪᠢᠶᠠᠯᠠᠳᠠᠭ ᠦᠵᠡᠭᠳᠡᠯ ᠣᠳᠣ ᠪᠣᠯᠳᠠᠯ᠎ᠠ ᠬᠢᠳᠠᠳ ᠤᠨ ᠣᠯᠠᠨ ᠨᠣᠳᠤᠭ ᠤᠨ ᠬᠡᠯᠡᠨ ᠳᠤ ᠪᠦᠷ ᠨᠡᠯᠢᠶᠡᠳ ᠳᠦᠭᠡᠮᠡᠯ ᠲᠣᠬᠢᠶᠠᠯᠳᠣᠬᠤ ᠪᠣᠯᠬᠤᠷ ᠡᠭᠦᠨ ᠢ ᠣᠯᠠᠨ ᠶᠠᠷᠢᠬᠤ ᠦᠭᠡᠢ᠂ ᠬᠠᠷᠢᠨ 若鞮 ᠭᠡᠳᠡᠭ ᠬᠤᠶᠠᠷ ᠦᠰᠦᠭ ᠤᠨ ᠡᠷᠳᠡᠨ ᠤ ᠠᠪᠢᠶ᠎ᠠ ᠶᠢ ᠰᠡᠷᠭᠦᠭᠡᠬᠦ ᠨᠢ ᠨᠡᠩ ᠴᠢᠬᠤᠯᠠ ᠡᠷᠳᠡᠮ ᠰᠢᠨᠵᠢᠯᠡᠭᠡᠨ ᠤ ᠦᠷᠳᠡᠭ ᠲᠠᠢ ᠭᠡᠵᠦ ᠵᠣᠬᠢᠶᠠᠭᠴᠢ ᠦᠵᠡᠵᠦ ᠪᠠᠶᠢᠨ᠎ᠠ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号