ᠯᠣᠣᠰ ᠤᠨ ᠴᠠᠨ ᠢᠥᠢ ᠭᠡᠳᠡᠭ ᠡᠾᠦ᠋ᠩᠨᠤ ᠦᠭᠡᠨ ᠤ ᠲᠤᠬᠠᠢ
ᠨᠡᠶᠢᠲᠡᠯᠡᠭᠰᠡᠨ ᠴᠠᠭ᠄
2020/7/2
               ᠬᠦᠯᠦᠨ ᠪᠣᠶᠢᠷ ᠠᠵᠢᠯ ᠮᠡᠷᠭᠡᠵᠢᠯ ᠤᠨ ᠲᠡᠭᠡᠳᠦ ᠰᠣᠷᠭᠠᠭᠤᠯᠢ    ᠪᠦᠷᠢᠨᠯᠠᠣ ᠱᠠᠩ ᠴᠠᠨ ᠢᠥᠢ 老上单于 ︵ᠯᠣᠣᠰ ᠤᠨ ᠴᠠᠨ ᠢᠥᠢ︶᠄ ᠲᠣᠰ ᠴᠠᠨ ᠢᠥᠢ ᠪᠣᠯ ︽ᠰᠣᠳᠣᠷ ᠲᠡᠮᠳᠡᠭᠯᠡᠯ︾ ᠳᠤ ᠲᠡᠮᠳᠡᠭᠯᠡᠭᠳᠡᠭᠰᠡᠨ ᠾᠦᠩᠨᠦ ᠬᠠᠭᠠᠨᠳᠣ ᠲᠦᠷᠦ ᠶᠢᠨ ᠮᠠᠨᠳᠣᠨ ᠲᠡᠭᠵᠢᠷᠡᠵᠦ ᠪᠠᠶᠢᠭ᠎ᠠ ᠴᠠᠭ ᠦᠶ᠎ᠡ  ᠶᠢᠨ ᠭᠤᠷᠪᠠᠳᠣᠭᠠᠷ ᠴᠠᠨ ᠢᠥᠢ ᠪᠣᠯᠣᠨ᠎ᠠ᠃ ᠲᠡᠭᠦᠨ ᠤ ᠨᠡᠷ᠎ᠡ ᠨᠢ ᠺᠢᠶᠦᠭ 稽粥 ︵ᠭᠦᠶᠦᠭ᠂ ᠲᠣᠰ ᠬᠦᠮᠦᠨ  ᠤ ᠨᠡᠷ᠎ᠡ ᠦᠭᠡ ᠶᠢ ᠬᠤᠵᠢᠮ ᠤᠨ ᠦᠬᠦᠯᠡᠯ ᠳᠤ ᠬᠦᠨᠵᠡᠭᠡᠶᠢᠷᠡᠨ ᠰᠣᠳᠣᠯᠣᠨ᠎ᠠ︶ ᠭᠡᠵᠦ᠂ ᠨᠡᠶᠢᠳᠡ ᠶᠢᠨ ᠣᠨ ᠲᠣᠭᠠᠯᠠᠯ ᠠᠴᠠ ᠡᠮᠦᠨᠡᠬᠢ 174 ᠣᠨ ᠠᠴᠠ ᠨᠡᠶᠢᠳᠡ ᠶᠢᠨ ᠣᠨ ᠲᠣᠭᠠᠯᠠᠯ ᠠᠴᠠ ᠡᠮᠦᠨᠡᠬᠢ 160 ᠣᠨ ᠪᠣᠯᠳᠠᠯ᠎ᠠ ᠠᠷᠪᠠᠨ ᠲᠦᠷᠪᠡᠨ ᠵᠢᠯ ᠴᠠᠨ ᠢᠥᠢ ᠶᠢᠨ ᠰᠠᠭᠤᠷᠢᠨ ᠳᠤ ᠰᠠᠭᠤᠵᠣ ᠪᠠᠶᠢᠵᠠᠢ᠃ ᠯᠠᠣ ᠱᠠᠩ ᠭᠡᠳᠡᠭ ᠨᠢ ᠲᠡᠭᠦᠨ ᠤ ᠴᠠᠨ ᠢᠥᠢ ᠶᠢᠨ ︵ᠬᠦᠨᠳᠦᠳᠭᠡᠯ︶ ᠴᠣᠯᠠ ᠪᠣᠯᠣᠨ᠎ᠠ᠃ ᠵᠠᠷᠢᠮ ᠬᠦᠮᠦᠰ ᠲᠡᠭᠦᠨ ᠤ ᠨᠡᠷ᠎ᠡ ᠭᠡᠵᠦ ᠠᠨᠳᠣᠭᠤᠷᠠᠭᠰᠠᠨ  ᠨᠢ ᠮᠠᠰᠢ ᠶᠡᠭᠡ ᠲᠠᠱᠢᠶᠠᠷᠠᠯ ᠪᠣᠯᠵᠠᠢ᠃ ᠡᠨᠡᠬᠦ ᠬᠦᠨᠳᠦᠳᠭᠡᠯ ᠴᠣᠯᠠ ᠨᠢ ᠬᠢᠳᠠᠳ ᠲᠦᠷᠦ ᠶᠢᠨ ᠬᠠᠭᠠᠳ ᠢᠶᠠᠨ ᠦᠬᠦᠭᠰᠡᠨ ᠤ ᠲᠠᠷᠠᠭ᠎ᠠ ᠨᠡᠬᠡᠵᠦ ᠡᠷᠭᠦᠮᠵᠢᠯᠡᠭᠰᠡᠨ ᠴᠣᠯᠠ ︵谥号︶ ᠲᠠᠢ ᠣᠶᠢᠷᠠᠯᠴᠠᠭ᠎ᠠ ᠪᠣᠯᠪᠠᠴᠣ ᠦᠨᠳᠦᠰᠦᠨ ᠵᠦᠷᠢᠶ᠎ᠡ ᠲᠠᠢ ᠶᠣᠮ᠂ ᠡᠨᠡᠬᠦ ᠬᠦᠨᠳᠦᠳᠭᠡᠯ ᠴᠣᠯᠠ ᠶᠢᠨ ᠲᠣᠬᠠᠢ ᠲᠠᠷᠠᠭ᠎ᠠ ᠶᠢᠨ ︽ᠾᠦᠩᠨᠦ ᠡᠵᠡᠳ ᠤᠨ ᠬᠦᠨᠳᠦᠳᠭᠡᠯ ᠴᠣᠯᠠ ᠨᠢ ᠮᠣᠩᠭᠤᠯ ᠦᠭᠡ — ᠾᠦᠩᠨᠦ ᠬᠡᠯᠡᠨ ᠤ ᠬᠠᠷᠢᠶᠠᠯᠠᠯ ᠢ ᠰᠣᠳᠣᠯᠣᠨ ᠮᠠᠭᠠᠳᠯᠠᠬᠤ ᠰᠢᠷᠢᠰ ᠦᠬᠦᠯᠡᠯ ︵ᠬᠤᠶᠠᠷ︶︾ ᠭᠡᠳᠡᠭ ᠲᠣᠰᠬᠠᠢ ᠰᠡᠳᠦᠪᠳᠦ ᠦᠬᠦᠯᠡᠯ ᠳᠤ ᠦᠬᠦᠯᠡᠬᠦ ᠪᠣᠯᠬᠤᠷ ᠠᠳᠡ ᠲᠦᠷ ᠦᠬᠦᠯᠡᠬᠦ ᠦᠭᠡᠢ᠃ ᠲᠣᠣᠷ᠎ᠠ ᠭᠤᠣᠯᠳᠠᠭᠤ ᠯᠠᠣ ᠱᠠᠩ ᠬᠤᠶᠠᠷ ᠬᠢᠳᠠᠳ ᠦᠰᠦᠭ ᠢ ᠶᠠᠭᠠᠬᠢᠵᠣ ᠣᠩᠰᠢᠨ ᠠᠪᠢᠶᠠᠯᠠᠬᠤ ᠲᠣᠬᠠᠢ ᠶᠠᠷᠢᠨ᠎ᠠ᠃ ᠯᠠᠣ ᠱᠠᠩ ︵老上︶ ᠬᠤᠶᠠᠷ ᠦᠰᠦᠭ ᠤᠨ ᠣᠳᠣᠬᠢ ᠠᠪᠢᠶ᠎ᠠ ᠶᠢ ᠭᠢᠳᠠᠳ ᠦᠰᠦᠭ ᠤᠨ ᠯᠠᠲ᠋ᠢᠨ ᠭᠠᠯᠢᠭ  ᠢᠶᠠᠷ ᠢᠯᠡᠳᠭᠡᠪᠡᠯ lǎo shàng ᠪᠣᠶᠣ lǎo shǎng ᠪᠣᠯᠣᠨ᠎ᠠ᠃ ᠯᠠᠣ ᠶᠢᠨ ᠡᠷᠳᠡᠨ ᠤ ᠠᠪᠢᠶ᠎ᠠ ᠨᠢ lu ᠪᠣᠯᠣᠨ᠎ᠠ᠂ ᠡᠨᠡ ᠨᠢ ᠣᠳᠣᠬᠢ ᠭᠤᠸᠠᠩᠳᠦ᠋ᠩ ᠬᠡᠯᠡᠨ ᠳᠤ lou5 ᠭᠡᠵᠦ ᠠᠪᠢᠶᠠᠯᠠᠬᠤ ᠲᠠᠢ ᠦᠨᠳᠦᠰᠦᠨ ᠳᠡᠭᠡᠨ ᠠᠳᠠᠯᠢ ᠪᠠᠶᠢᠨ᠎ᠠ᠃ ᠺᠧ ᠵᠢᠶᠠ ᠠᠪᠢᠶᠠᠨ ᠤ ᠬᠠᠢ ᠯᠣ᠋ ᠹᠡᠩ ᠰᠠᠯᠪᠣᠷᠢ ᠳᠤ lo3᠂ lo6᠂ lau3 ᠵᠡᠷᠭᠡ ᠪᠠᠷ ᠠᠪᠢᠶᠠᠯᠠᠵᠣ᠂ ᠲᠠᠶᠢᠸᠠᠨ ᠤ ᠰᠧ ᠰᠢᠶᠠᠨ ᠠᠪᠢᠶᠠᠨ ᠳᠤ lo3᠂ lo5᠂ lau3 ᠵᠡᠷᠭᠡ ᠪᠠᠷ ᠠᠪᠢᠶᠠᠯᠠᠳᠠᠭ ᠠᠵᠠᠢ᠃ ᠡᠳᠡᠭᠡᠷ ᠠᠪᠢᠶ᠎ᠠ ᠾᠦᠩᠨᠦ ᠬᠡᠯᠡᠨ ᠤ ᠯᠣᠣ ︵луу︶ ᠭᠡᠵᠦ ᠠᠪᠢᠶᠠᠯᠠᠬᠤ ᠲᠠᠢ ᠪᠦᠷᠢᠮᠦᠰᠦᠨ ᠨᠡᠶᠢᠴᠡᠵᠦ ᠪᠣᠢ᠃ луу ᠭᠡᠳᠡᠭ ᠨᠢ ᠡᠷᠳᠡᠨ ᠡᠳᠦᠬᠡ ᠶᠢᠨ ᠮᠣᠩᠭᠤᠯ ᠬᠡᠯᠡᠨ ᠳᠤ ᠪᠦᠷ ᠬᠢᠳᠠᠳ ᠬᠡᠯᠡᠨ ᠤ 龙 ︵ᠯᠣᠣ︶ ᠲᠠᠢ ᠢᠵᠢᠯ ᠣᠳᠬ᠎ᠠ ᠶᠢ ᠢᠯᠡᠳᠭᠡᠳᠡᠭ ᠦᠭᠡ ᠶᠣᠮ᠃ луу ᠪᠣᠯ ᠲᠡᠭᠦᠨ ᠤ ᠳ᠋ᠠᠩ ᠲᠣᠭᠠᠨ ᠤ ᠨᠡᠷ᠎ᠡ ᠦᠭᠡ ᠶᠢᠨ ᠬᠡᠯᠪᠡᠷᠢ ᠪᠠᠶᠢᠵᠣ᠂ ᠬᠠᠷᠢᠨ лус ᠪᠣᠯ ᠲᠡᠭᠦᠨ ᠤ ᠣᠯᠠᠨ ᠲᠣᠭᠠᠨ ᠤ ᠨᠡᠷ᠎ᠡ ᠦᠭᠡ ᠶᠢᠨ ᠬᠡᠯᠪᠡᠷᠢ ᠪᠣᠯᠣᠨ᠎ᠠ᠃ ᠲᠠᠷᠠᠭ᠎ᠠ ᠨᠢ ᠱᠠᠩ ︵上︶ ᠦᠰᠦᠭ ᠤᠨ ᠠᠪᠢᠶ᠎ᠠ ᠶᠢ ᠦᠵᠡᠶ᠎ᠡ᠄ ᠴᠦ᠋ ᠼᠢ ᠰᠢᠯᠦᠭᠯᠡᠯ ᠤᠨ ᠵᠢᠥ ᠬᠤᠸᠠᠢ ︵楚辭•九懷︶ ᠭᠡᠳᠡᠭ ᠪᠦᠯᠦᠭ ᠲᠤ ᠮᠠᠨ ᠤ ᠠᠳᠡ ᠶᠠᠷᠢᠯᠴᠠᠵᠣ ᠪᠠᠶᠢᠭ᠎ᠠ ᠱᠠᠩ ᠦᠰᠦᠭ ᠤᠨ ᠠᠪᠢᠶ᠎ᠠ ᠶᠢ 愼 ︵ᠱᠧᠨ︶ ᠭᠡᠵᠦ ᠠᠪᠢᠶᠠᠯᠠᠨ᠎ᠠ ᠭᠡᠵᠦ ᠲᠠᠶᠢᠯᠪᠣᠷᠢᠯᠠᠵᠠᠢ᠃ ᠱᠧᠨ ᠤ ᠣᠳᠣᠬᠢ ᠯᠠᠲ᠋ᠢᠨ ᠭᠠᠯᠢᠭ ᠤᠨ ᠠᠪᠢᠶ᠎ᠠ ᠨᠢ shèn ᠪᠣᠯᠣᠨ᠎ᠠ᠃ ᠭᠡᠳᠡᠯ᠎ᠡ ᠸᠠᠩ ᠸᠧᠢ ᠶᠢᠨ ᠲᠠᠯᠠᠢ ᠶᠢ ᠰᠣᠨᠢᠷᠬᠠᠭᠰᠠᠨ ᠰᠢᠯᠦᠭ ︵王微觀海詩︶ ᠲᠣᠲᠣᠷ᠎ᠠ ᠮᠦᠨ ᠡᠨᠡ ᠱᠠᠩ ᠦᠰᠦᠭ ᠤᠨ ᠠᠪᠢᠶ᠎ᠠ ᠶᠢ 矢忍切 ︵ᠱᠢ ᠷᠧᠨ ᠴᠢᠶᠧ︶ ᠭᠡᠵᠦ ᠠᠪᠢᠶᠠᠯᠠᠵᠠᠢ ᠃ ᠱᠢ ᠷᠧᠨ ᠴᠢᠶᠧ ᠭᠡᠳᠡᠭ ᠨᠢ ᠡᠷᠳᠡᠨ ᠤ ᠬᠢᠳᠠᠳ ᠬᠦᠮᠦᠰ ᠤᠨ ᠬᠢᠳᠠᠳ ᠦᠰᠦᠭ ᠢᠶᠠᠨ ᠵᠦᠪ ᠠᠪᠢᠶᠠᠯᠠᠬᠤ ᠨᠢᠭᠡ ᠵᠦᠢᠯ ᠤᠨ ᠭᠠᠯᠢᠭ ᠪᠣᠯᠣᠨ᠎ᠠ᠃ ᠲᠠᠷᠣᠢ ᠲᠣᠰ ᠦᠰᠦᠭ ᠢ 矢 ᠶᠢᠨ ᠡᠬᠢᠨ ᠤ ᠭᠡᠶᠢᠭᠦᠯᠦᠭᠴᠢ ︵sh︶ ᠪᠠ 忍  ᠤ ᠰᠡᠭᠦᠯ ᠤᠨ ᠡᠭᠡᠰᠢᠭ ︵ěn︶ ᠢᠶᠠᠷ ᠣᠩᠰᠢᠨ᠎ᠠ ᠭᠡᠰᠡᠨ ᠣᠳᠬ᠎ᠠ ᠲᠠᠢ ᠦᠭᠡ ᠪᠣᠯᠣᠨ᠎ᠠ᠃ ᠲᠡᠭᠡᠪᠡᠯ 矢忍切 ᠶᠢᠨ ᠣᠳᠣᠬᠢ ᠠᠪᠢᠶ᠎ᠠ ᠨᠢ shěn ᠪᠣᠯᠣᠨ᠎ᠠ᠃ ᠭᠡᠳᠡᠯ᠎ᠡ ᠣᠳᠣ ᠦᠶ᠎ᠡ ᠶᠢᠨ ᠭᠤᠸᠠᠩᠳᠦ᠋ᠩ ᠠᠪᠢᠶᠠᠨ ᠳᠤ ᠯᠠᠪᠯᠠᠪᠠᠯ᠂ ᠱᠠᠩ ᠦᠰᠦᠭ ᠢ [soeng5] ᠪᠣᠶᠣ [soeng6] ᠭᠡᠵᠦ ᠠᠪᠢᠶᠠᠯᠠᠨ᠂ ᠺᠧ ᠵᠢᠶᠠ ᠠᠪᠢᠶᠠᠨ ᠳᠤ [song1]᠂ [song3] ᠪᠣᠶᠣ [song4] ᠭᠡᠵᠦ ᠠᠪᠢᠶᠠᠯᠠᠳᠠᠭ ᠶᠣᠮ ᠪᠠᠶᠢᠨ᠎ᠠ᠃ ᠡᠳᠡᠭᠡᠷ ᠪᠦᠬᠦᠨ ᠢ ᠬᠤᠷᠢᠶᠠᠩᠭᠤᠶᠢᠯᠠᠭᠠᠳ ᠦᠵᠡᠪᠡᠯ ᠱᠠᠩ ᠦᠰᠦᠭ ᠤᠨ ᠡᠷᠳᠡᠨ ᠤ ᠠᠪᠢᠶ᠎ᠠ ᠨᠢ ᠣᠶᠢᠷᠠᠯᠴᠠᠭ᠎ᠠ ᠪᠠᠷ shen᠂ soen᠂ ᠪᠣᠶᠣ soeng ︵ᠱᠧᠨ᠂ ᠰᠣᠨ᠂ ᠰᠣᠩ︶ ᠪᠣᠯᠬᠤ ᠠᠵᠠᠢ᠃ ᠡᠭᠦᠨ ᠠᠴᠠ ᠦᠵᠡᠪᠡᠯ ᠪᠠᠷᠠᠭᠤᠨ ᠬᠠᠨ ᠣᠯᠣᠰ ᠤᠨ ᠦᠶ᠎ᠡ ᠳᠤ ᠱᠠᠩ ᠦᠰᠦᠭ ᠤᠨ ᠠᠪᠢᠶ᠎ᠠ ᠨᠢ ᠣᠶᠢᠷᠠᠯᠴᠠᠭ᠎ᠠ ᠪᠠᠷ soen ᠪᠣᠶᠣ soeng ᠪᠠᠶᠢᠭᠰᠠᠨ ᠮᠠᠭᠠᠳᠯᠠᠯ ᠲᠠᠢ ᠪᠣᠯᠣᠨ᠎ᠠ᠃ ᠲᠡᠭᠡᠷᠡᠬᠢ ᠪᠠᠶᠢᠳᠠᠯ ᠢ ᠦᠨᠳᠦᠰᠦᠯᠡᠵᠦ ᠯᠠᠣ ᠱᠠᠩ ︵老上︶ ᠬᠤᠶᠠᠷ ᠬᠢᠳᠠᠳ ᠦᠰᠦᠭ ᠤᠨ ᠡᠷᠳᠡᠨ ᠤ ᠠᠪᠢᠶ᠎ᠠ ᠶᠢ ᠲᠣᠷᠰᠢᠨ ᠰᠡᠷᠭᠦᠭᠡᠪᠡᠯ᠄ lu soen ᠪᠣᠶᠣ lu song ᠲᠠᠢ ᠣᠶᠢᠷᠠᠯᠴᠠᠭ᠎ᠠ ᠪᠠᠶᠢᠵᠣ᠂ ᠲᠠᠷᠣᠢ ᠾᠦᠩᠨᠦ — ᠮᠣᠩᠭᠤᠯ ᠬᠡᠯᠡᠨ ᠤ ︽ᠯᠣᠣᠰ ᠤᠨ︾ ᠭᠡᠳᠡᠭ ᠦᠭᠡ ᠶᠢ ᠯᠣ᠋ ᠰᠣᠩ ︵老上︶ ᠭᠡᠬᠦ ᠬᠤᠶᠠᠷ ᠬᠢᠳᠠᠳ ᠦᠰᠦᠭ ᠢᠶᠠᠷ ᠠᠪᠢᠶᠠᠴᠢᠯᠠᠨ ᠲᠡᠮᠳᠡᠭᠯᠡᠭᠰᠡᠨ ᠬᠡᠷᠡᠭ ᠭᠡᠵᠦ ᠦᠵᠡᠬᠦ ᠪᠣᠯᠣᠮᠵᠢ ᠭᠠᠷᠣᠨ᠎ᠠ᠃ ᠲᠠᠷᠣᠢ ᠯᠣᠣᠰ  ᠤᠨ ᠢ ᠯᠣᠣ᠋᠂ ‍ᠰ + ᠤᠨ = ᠰᠣᠨ ᠪᠣᠶᠣ ᠰᠣᠩ ᠪᠣᠯᠭᠠᠨ 老上 ᠬᠤᠶᠠᠷ ᠬᠢᠳᠠᠳ ᠦᠰᠦᠭ ᠢᠶᠠᠷ ᠠᠪᠢᠶᠠᠴᠢᠯᠠᠨ ᠭᠠᠯᠢᠭᠴᠢᠯᠠᠭᠰᠠᠨ ᠭᠡᠵᠦ ᠦᠵᠡᠵᠦ ᠪᠠᠶᠢᠨ᠎ᠠ᠃ ᠢᠩᠬᠢᠵᠦ ᠶᠠᠷᠢᠬᠤ ᠶᠢᠨ ᠦᠨᠳᠦᠰᠦᠯᠡᠯ ᠭᠡᠪᠡᠯ᠂ ᠮᠣᠩᠭᠤᠯ ᠬᠡᠯᠡᠨ ᠳᠤ ᠪᠦᠬᠦ ᠭᠡᠶᠢᠭᠦᠯᠦᠭᠴᠢ ᠪᠦᠷ ᠡᠭᠡᠰᠢᠭ ᠢᠶᠠᠨ ᠠᠯᠳᠠᠵᠣ ᠲᠡᠪᠢᠰᠭᠡᠷ ᠦᠰᠦᠭ ᠪᠣᠯᠵᠣ ᠪᠣᠯᠳᠠᠭ ᠪᠠᠶᠢᠬᠤ ᠳᠤ ᠬᠠᠷᠢᠨ ᠬᠢᠳᠠᠳ ᠦᠰᠦᠭ ᠪᠣᠯ ᠮᠣᠩᠭᠤᠯ ᠦᠰᠦᠭ ᠲᠠᠢ ᠠᠳᠠᠯᠢ ᠦᠭᠡᠢ ᠨᠢ ᠠᠯᠢ ᠡᠷᠳᠡᠨ ᠠᠴᠠ ᠠᠪᠣᠭᠠᠳ ︽‍ᠰ᠂ ‍ᠷ︾ ᠬᠤᠶᠠᠷ ᠭᠡᠶᠢᠭᠦᠯᠦᠭᠴᠢ ᠨᠢ ᠲᠡᠪᠢᠰᠭᠡᠷ ︵韵尾︶ ᠪᠣᠯᠵᠣ ᠴᠢᠳᠠᠳᠠᠭ ᠦᠭᠡᠢ ᠶᠢ ᠭᠠᠷᠭᠠᠪᠠᠯ᠂ ᠪᠣᠰᠣᠳ ᠭᠡᠶᠢᠭᠦᠯᠦᠭᠴᠢ ᠨᠢ ᠬᠠᠷᠢᠨ ᠮᠣᠩᠭᠤᠯ ᠬᠡᠯᠡ ᠲᠠᠢ ᠠᠳᠠᠯᠢᠪᠳᠣᠷ ᠪᠠᠶᠢᠵᠠᠢ᠃ ᠵᠦᠪᠬᠡᠨ ᠠᠳᠠᠯᠢ ᠦᠭᠡᠢ ᠲᠠᠯ᠎ᠠ ᠭᠡᠪᠡᠯ ᠬᠢᠳᠠᠳ ᠬᠡᠯᠡᠨ ᠳᠤ ᠡᠨᠡᠬᠦ ᠲᠡᠪᠢᠰᠭᠡᠷ ᠦᠰᠦᠭ ᠢ ᠠᠶᠠᠯᠭ᠎ᠠ ᠶᠢᠨ ᠰᠡᠬᠦᠯ ︵韵尾᠂ ᠡᠷᠳᠡᠨ ᠤ ᠬᠢᠳᠠᠳ ᠦᠰᠦᠭ ᠪᠣᠯ ᠨᠢᠭᠡ ᠦᠰᠦᠭ ᠤᠨ ᠣᠩᠰᠢᠯᠭ᠎ᠠ ᠶᠢ ᠠᠶᠠᠯᠭ᠎ᠠ ᠶᠢᠨ ᠲᠡᠷᠢᠭᠦᠨ᠂ ᠠᠶᠠᠯᠭ᠎ᠠ ᠶᠢᠨ ᠪᠡᠶ᠎ᠡ ᠪᠣᠯᠣᠨ ᠠᠶᠠᠯᠭ᠎ᠠ ᠶᠢᠨ ᠰᠡᠭᠦᠯ ᠭᠡᠵᠦ ᠭᠤᠷᠪᠠᠨ ᠬᠡᠰᠡᠭ ᠬᠤᠪᠢᠶᠠᠳᠠᠭ ᠪᠠᠶᠢᠵᠠᠢ︶ ᠭᠡᠵᠦ ᠨᠡᠷᠡᠯᠡᠳᠡᠭ ᠪᠠᠶᠢᠨ᠎ᠠ᠃ ᠣᠳᠣ ᠦᠶ᠎ᠡ  ᠶᠢᠨ ᠬᠢᠳᠠᠳ ᠬᠡᠯᠡᠨ ᠳᠤ n ︵‍ᠨ︶᠂ ng ︵‍ᠩ︶ ᠬᠤᠶᠠᠷᠬᠠᠨ ᠭᠡᠶᠢᠭᠦᠯᠦᠭᠴᠢ ᠪᠠᠷ ᠪᠦᠷᠢᠯᠳᠦᠭᠰᠡᠨ ᠠᠶᠠᠯᠭ᠎ᠠ ᠶᠢᠨ ᠰᠡᠭᠦᠯ ᠦᠯᠡᠳᠡᠵᠦ᠂ ᠪᠣᠰᠣᠳ ᠨᠢ ᠪᠦᠷ ᠡᠭᠡᠰᠢᠭ ᠢᠶᠠᠷ ᠰᠣᠯᠢᠭᠳᠠᠭᠰᠠᠨ ᠬᠤᠪᠢᠷᠠᠯᠳᠠ ᠶᠢᠨ ᠶᠠᠪᠣᠴᠠ ᠲᠠᠢ ᠠᠵᠠᠢ᠃ ᠶᠠᠭ ᠡᠶᠢᠮᠦ ᠠᠴᠠ ︽ᠯᠣᠣᠰ ᠤᠨ︾ ᠭᠡᠳᠡᠭ ᠾᠦᠩᠨᠦ ᠦᠭᠡ ᠶᠢ ᠲᠣᠬᠠᠢ ᠶᠢᠨ ᠦᠶ᠎ᠡ ᠶᠢᠨ ᠬᠢᠳᠠᠳ ᠬᠡᠯᠡᠨ ᠳᠤ ᠨᠢᠭᠡᠯ᠎ᠡ ᠬᠢᠳᠠᠳ ᠦᠰᠦᠭ ᠢᠶᠠᠷ ᠠᠪᠢᠶᠠᠴᠢᠯᠠᠨ ᠲᠡᠮᠳᠡᠭᠯᠡᠵᠦ ᠴᠢᠳᠠᠬᠤ ᠦᠰᠦᠭ ᠣᠯᠳᠠᠬᠤ ᠦᠭᠡᠢ ᠪᠣᠯᠬᠤᠷ ᠯᠣᠣᠰ ᠢ ᠯᠣᠣ᠋᠂ ‍ᠰ ᠬᠤᠶᠠᠷ ᠬᠡᠰᠡᠭ ᠰᠠᠯᠭᠠᠵᠣ ᠠᠪᠢᠶᠠᠯᠠᠨ ‍ᠰ ᠶᠢ ᠲᠡᠭᠦᠨ ᠤ ᠲᠣᠣᠷᠠᠬᠢ ᠤᠨ ᠲᠠᠭᠠᠪᠣᠷᠢ ᠲᠠᠢ ᠵᠠᠯᠭᠠᠨ ᠰᠣᠨ ᠭᠡᠵᠦ ᠰᠠᠯᠭᠠᠨ ᠠᠪᠢᠶᠠᠯᠠᠭᠰᠠᠨ ᠭᠡᠵᠦ ᠦᠵᠡᠵᠦ ᠪᠣᠯᠣᠨ᠎ᠠ᠃ ᠡᠶᠢᠮᠦ ᠠᠴᠠ ᠯᠠᠣ ᠱᠠᠩ ᠭᠡᠳᠡᠭ ᠨᠢ ᠯᠣᠣᠰ ᠤᠨ ᠭᠡᠳᠡᠭ ᠦᠭᠡ ᠪᠣᠯᠣᠨ᠎ᠠ ᠭᠡᠵᠦ ᠵᠣᠬᠢᠶᠠᠭᠴᠢ ᠦᠵᠡᠵᠡᠢ᠃ ᠯᠣᠣᠰ ᠤᠨ ᠴᠠᠨ ᠢᠥᠢ ᠭᠡᠳᠡᠭ ᠨᠢ ᠯᠣᠣ ᠨᠠᠷ ᠤᠨ ᠴᠠᠨ ᠢᠥᠢ ︵龙单于︶ ᠭᠡᠳᠡᠭ ᠣᠳᠬ᠎ᠠ ᠪᠦᠬᠦᠢ ᠦᠭᠡ ᠪᠣᠯᠬᠤ ᠨᠢ ᠭᠠᠷᠴᠠᠭ᠎ᠠ ᠦᠭᠡᠢ᠃ ᠲᠡᠭᠡᠪᠡᠯ ᠾᠦᠩᠨᠦ ᠬᠦᠮᠦᠰ ᠯᠣᠣ ᠰᠢᠳᠦᠳᠡᠭ ᠦᠦ ᠦᠭᠡᠢ ᠦᠦ ᠭᠡᠳᠡᠭ ᠠᠰᠠᠭᠤᠯᠳᠠ ᠭᠠᠷᠴᠣ ᠢᠷᠡᠨ᠎ᠡ᠃ ᠲᠡᠭᠦᠨ ᠤ ᠬᠠᠷᠢᠭᠤᠯᠳᠠ ᠨᠢ ᠮᠠᠰᠢ ᠪᠠᠳᠣᠳᠠᠢ᠃ ᠣᠮᠠᠷᠠᠳᠣ ᠸᠧᠢ ᠣᠯᠣᠰ ᠤᠨ ᠶᠡᠭᠡ ᠪᠢᠴᠢᠭᠳᠡᠨ ᠪᠦᠭᠡᠳ ᠡᠷᠬᠡᠳᠡᠨ ᠲᠦᠰᠢᠮᠡᠯ ᠼᠦᠢ ᠬᠤᠣ ︵?-450 ᠣᠨ ᠢᠶᠠᠷ ᠠᠮᠢᠳᠣᠷᠠᠵᠣ ᠪᠠᠶᠢᠭᠰᠠᠨ ᠬᠦᠮᠦᠨ︶ ᠶᠢᠨ ᠬᠡᠯᠡᠭᠰᠡᠨ ᠨᠢ᠄ ︽ᠬᠤᠴᠣᠳ ︵ᠾᠦᠩᠨᠦ ᠶᠢ ᠵᠢᠭᠠᠵᠣ ᠪᠠᠶᠢᠨ᠎ᠠ︶ ᠡᠷᠳᠡᠨ ᠠᠴᠠ ᠪᠠᠨ ᠠᠪᠣᠭᠠᠳ ᠯᠣᠣ ᠶᠢ ᠰᠢᠳᠦᠳᠡᠭ ᠲᠠᠳᠬᠠᠯ ᠠᠮᠣᠢ︾ ᠭᠡᠵᠡᠢ᠃ ᠼᠦᠢ ᠬᠤᠣ ᠪᠣᠯ ᠾᠦᠩᠨᠦ ᠶᠢ ᠣᠷᠣᠯᠠᠨ ᠮᠠᠨᠳᠣᠵᠣ ᠭᠠᠷᠣᠭᠰᠠᠨ ᠰᠢᠶᠠᠨᠪᠸᠢ ᠬᠦᠮᠦᠰ ᠤᠨ ᠲᠣᠪᠠ ᠣᠪᠣᠭᠳᠠᠨ ᠤ ᠪᠠᠶᠢᠭᠤᠯᠣᠭᠰᠠᠨ ᠣᠮᠠᠷᠠᠳᠣ ᠸᠧᠢ ᠣᠯᠣᠰ ᠲᠤ ᠠᠯᠪᠠ ᠬᠠᠭᠠᠵᠣ ᠪᠠᠶᠢᠭᠰᠠᠨ ᠬᠦᠮᠦᠨ ᠪᠣᠯᠬᠤᠷ ᠲᠡᠭᠦᠨ ᠤ ᠬᠡᠯᠡᠭᠰᠡᠨ ︽ᠬᠤᠴᠣᠳ ᠡᠷᠳᠡᠨ ᠠᠴᠠ ᠠᠪᠣᠭᠠᠳ ᠯᠣᠣ ᠶᠢ ᠰᠢᠳᠦᠳᠡᠭ ᠲᠠᠳᠬᠠᠯ ᠠᠮᠣᠢ︾ ᠭᠡᠳᠡᠭ ᠨᠢ ᠣᠷᠣ ᠦᠭᠡᠢ ᠦᠭᠡ ᠪᠢᠰᠢ ᠶᠣᠮ᠃ ᠶᠠᠭ ᠡᠶᠢᠮᠦ ᠠᠴᠠ ᠪᠠᠰᠠ ᠨᠢᠭᠡᠨ ᠬᠠᠵᠠᠭᠤ ᠶᠢᠨ ᠭᠡᠷᠡᠴᠢ ᠭᠡᠪᠡᠯ᠂ ᠾᠦᠩᠨᠦᠴᠦᠳ ᠴᠠᠨ ᠢᠥᠢ ᠨᠡᠷ ᠤᠨ ᠦᠷᠭᠦᠬᠡ ᠪᠠᠨ ᠯᠣᠣ ᠶᠢᠨ ᠣᠷᠳᠣᠨ ︵龙庭︶ ᠭᠡᠵᠦ᠂ ᠬᠠᠭᠠᠨ ᠦᠷᠭᠦᠭᠡ ᠪᠠᠭᠤᠭᠰᠠᠨ ᠭᠠᠵᠠᠷ ᠢᠶᠠᠨ ᠯᠣᠣ  ᠶᠢᠨ ᠬᠤᠳᠠ ︵龙城︶ ᠭᠡᠵᠦ ᠨᠡᠷᠡᠯᠡᠳᠡᠭ ᠵᠣᠷᠰᠢᠯ ᠲᠠᠢ ᠪᠠᠶᠢᠭᠰᠠᠨ ᠪᠣᠯᠬᠤᠷ᠂ ᠡᠨᠡᠬᠦ ᠦᠭᠡ ᠰᠠᠶ᠋ᠢ ᠬᠢᠳᠠᠳ ᠲᠡᠣᠬᠡᠨ ᠨᠣᠮ ᠰᠣᠳᠣᠷ ᠲᠤ ᠦᠷᠭᠡᠨ ᠢᠶᠠᠷ ᠦᠯᠡᠳᠡᠭᠳᠡᠵᠦ ᠴᠢᠳᠠᠵᠠᠢ᠂ ᠡᠭᠦᠨ ᠢᠶᠠᠷ ᠪᠠᠷᠠᠬᠤ ᠦᠭᠡᠢ ᠠᠷᠪᠠᠨ ᠭᠤᠷᠪᠠᠳᠣᠭᠠᠷ ᠵᠠᠭᠤᠨ ᠤ ᠴᠢᠩᠭᠢᠰ ᠬᠠᠭᠠᠨ ᠤ ᠦᠶ᠎ᠡ ᠳᠤ ᠬᠦᠷᠳᠡᠯ᠎ᠡ ᠵᠠᠷᠢᠮ ᠬᠢᠳᠠᠳ ᠪᠢᠴᠢᠭᠳᠡᠨ᠂ ᠵᠢᠱᠢᠶᠡᠯᠡᠪᠡᠯ ᠴᠢᠥ ᠴᠦ᠋ ᠵᠢᠢ ᠵᠡᠷᠭᠡ ᠶᠢᠨ ᠬᠦᠮᠦᠰ᠂ ᠮᠦᠨ ︽ᠯᠣᠣ ᠶᠢᠨ ᠬᠤᠳᠠ᠂ ᠯᠣᠣ ᠶᠢᠨ ᠦᠷᠭᠦᠬᠡ︾ ᠭᠡᠳᠡᠭ ᠦᠭᠡ ᠪᠠᠷ ᠴᠢᠩᠬᠢᠰ ᠬᠠᠭᠠᠨ ᠤ ᠨᠡᠭᠦᠳᠡᠯ ᠣᠷᠳᠣᠨ ᠢ ᠬᠦᠨᠳᠦᠳᠭᠡᠨ ᠨᠡᠷᠡᠯᠡᠳᠡᠭ ᠪᠠᠶᠢᠭᠰᠠᠨ ᠶᠣᠮ᠃ ᠨᠦᠬᠦᠭᠡ ᠲᠠᠯ᠎ᠠ ᠪᠠᠷ ᠣᠳᠣᠬᠢ ᠮᠣᠩᠭᠤᠯ ᠣᠯᠣᠰ ᠤᠨ ᠵᠠᠷᠢᠮ ᠨᠣᠳᠤᠭ ᠲᠤ ᠯᠣᠣ ᠨᠡᠷ᠎ᠡ ᠲᠠᠢ ᠡᠷᠳᠡᠨ ᠤ ᠭᠠᠵᠠᠷ ᠤᠨ ᠨᠡᠷ᠎ᠡ ᠪᠠᠰᠠ ᠴᠦᠬᠡᠨ ᠪᠣᠰᠣ ᠦᠯᠡᠳᠡᠭᠰᠡᠭᠡᠷ ᠪᠠᠶᠢᠭ᠎ᠠ ᠶᠣᠮ᠃ ᠵᠢᠱᠢᠶᠡᠯᠡᠪᠡᠯ ᠠᠷᠣ ᠬᠠᠩᠭᠠᠢ ᠠᠶᠢᠮᠠᠭ ᠤᠨ ᠬᠠᠰᠢᠶᠠᠳᠣ ᠰᠣᠮᠣ ᠶᠢᠨ ᠬᠢᠯᠢ ᠲᠣᠲᠣᠷ᠎ᠠ ᠯᠣᠣ ᠶᠢᠨ ᠬᠠᠶᠢᠷᠬᠠᠨ ︵ᠬᠢᠳᠠᠳ ᠦᠭᠡᠨ ᠤ 龙山 ᠲᠠᠢ ᠲᠡᠩᠴᠡᠨ᠎ᠡ︶ ᠭᠡᠳᠡᠭ ᠨᠡᠷ᠎ᠡ ᠲᠠᠢ ᠠᠭᠤᠯᠠ ᠪᠠᠶᠢᠭᠰᠠᠭᠠᠷ ᠪᠢᠯᠡ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号