ᠲᠡᠤᠬᠡᠨ ᠲᠠᠬᠢ ᠲᠤᠮᠤ ᠤᠯᠤᠰ ᠤᠳ
ᠨᠡᠶᠢᠲᠡᠯᠡᠭᠰᠡᠨ ᠴᠠᠭ᠄
2020/8/25
1᠂ ᠮᠤᠩᠭᠤᠯ ᠬᠠᠭᠠᠨᠳᠤ ᠤᠯᠤᠰ᠂ ᠴᠢᠩᠭᠢᠰ ᠬᠠᠭᠠᠨ ᠬᠢᠭᠡᠳ ᠳᠡᠭᠦᠨ ᠤ ᠵᠠᠯᠠᠭᠠᠮᠵᠢᠯᠠᠭᠴᠢᠳ 20 ᠲᠦᠮᠡ ᠬᠦᠷᠬᠦ ᠦᠭᠡᠢ ᠴᠡᠷᠢᠭ ᠢᠶᠠᠷ ᠤᠷᠢᠳ ᠬᠤᠵᠢᠳ 40 ᠭᠠᠷᠤᠢ ᠤᠯᠤᠰ ᠶᠢ ᠮᠦᠬᠦᠬᠡᠨ᠂ ᠡᠯ᠎ᠡ ᠤᠯᠤᠰ ᠤᠨ ᠴᠡᠷᠢᠭ ᠢ 1000 ᠳᠦᠮᠡ ᠢᠯᠡᠭᠦᠤ ᠰᠦᠨᠦᠬᠡᠨ᠂ 720 ᠭᠠᠷᠤᠢ ᠦᠨᠳᠦᠰᠤᠳᠡᠨ ᠢ ᠨᠤᠶᠠᠷᠬᠠᠯ ᠳᠠᠭᠠᠨ ᠤᠷᠤᠭᠤᠯᠵᠤ᠂ ᠪᠠᠷᠤᠭ 6 ᠳ᠋ᠥᠩᠰᠢᠭᠤᠷ ᠬᠦᠮᠤᠨ ᠠᠮᠠ ᠲᠠᠢ᠂ ᠬᠠᠮᠤᠭ ᠶᠡᠭᠡ ᠦᠶ᠎ᠡ ᠳᠡᠭᠡᠨ ᠪᠠᠷᠤᠭ 4500 ᠳᠦᠮᠡᠨ ᠳᠦᠷᠪᠡᠯᠵᠢᠨ ᠺᠢᠯᠤᠮᠧᠲᠷ ᠨᠤᠲᠤᠭ ᠳᠡᠪᠢᠰᠭᠡᠷ ᠲᠠᠢ ᠲᠢᠪ ᠠᠯᠤᠰᠯᠭᠰᠠᠨ ᠶᠡᠭᠡ ᠬᠠᠭᠠᠨᠳᠤ ᠤᠯᠤᠰ ᠢ ᠪᠠᠶᠢᠭᠤᠯᠤᠭᠰᠠᠨ ᠪᠠᠶᠢᠨ᠎ᠠ᠃ 2᠂ ᠠᠩᠭᠢᠯᠢ ᠣᠯᠣᠰ ᠨᠢ ᠬᠠᠮᠤᠭ ᠬᠦᠴᠦᠷᠬᠡᠭ ᠦᠶ᠎ᠡ ᠳᠡᠭᠡᠨ 3000 ᠲᠦᠮᠡᠨ ᠲᠦᠷᠪᠡᠯᠵᠢᠨ ᠺᠢᠯᠤᠮᠧᠲᠷ ᠨᠣᠲᠤᠭ ᠳᠡᠪᠢᠰᠭᠡᠷ ᠲᠠᠢ ᠣᠯᠣᠰ ᠪᠠᠶᠢᠭᠤᠯᠵᠣ ᠦᠩᠭᠡᠷᠡᠵᠡᠢ᠃ 3᠂ ᠬᠠᠭᠠᠨᠲᠣ ᠣᠷᠣᠰ᠂ ᠬᠠᠮᠤᠭ ᠶᠡᠭᠡ ᠦᠶ᠎ᠡ ᠳᠡᠭᠡᠨ 2500 ᠲᠦᠮᠡᠨ ᠳᠦᠷᠪᠡᠯᠵᠢᠨ ᠺᠢᠯᠤᠮᠧᠲᠷ ᠨᠣᠲᠤᠭ ᠳᠡᠪᠢᠰᠭᠡᠷ ᠲᠠᠢ᠃ 4᠂ ᠵᠦᠪᠯᠡᠯᠲᠣ ᠬᠤᠯᠪᠤᠭᠠᠲᠣ ᠣᠯᠣᠰ ᠨᠢ 2200 ᠲᠦᠮᠡᠨ ᠺᠢᠯᠤᠮᠧᠲᠷ ᠨᠣᠲᠤᠭ ᠳᠡᠪᠢᠰᠭᠡᠷ ᠲᠠᠢ ᠪᠠᠶᠢᠵᠠᠢ᠃ 5᠂ ᠣᠷᠣᠰ᠂ 1707 ᠲᠦᠮᠡᠨ ᠳᠦᠷᠪᠡᠯᠵᠢᠨ ᠺᠢᠯᠤᠮᠧᠲᠷ ᠨᠣᠲᠤᠭ ᠳᠡᠪᠢᠰᠭᠡᠷ ᠲᠠᠢ᠂ ᠣᠳᠣ ᠶᠢᠨ ᠬᠠᠮᠤᠭ ᠲᠤᠮᠤ ᠭᠠᠵᠠᠷ ᠰᠢᠷᠣᠢ ᠲᠠᠢ ᠣᠯᠣᠰ᠃ 6᠂ ᠢᠰᠫᠠᠨᠢ ᠬᠠᠭᠠᠨᠲᠣ ᠣᠯᠣᠰ᠂ ᠬᠠᠮᠤᠭ ᠬᠦᠴᠦᠷᠬᠡᠭ ᠦᠶ᠎ᠡ ᠳᠡᠭᠡᠨ 1500 ᠲᠦᠮᠡᠨ ᠳᠦᠷᠪᠡᠯᠵᠢᠨ ᠺᠢᠯᠤᠮᠧᠲᠷ ᠨᠣᠲᠤᠭ ᠳᠡᠪᠢᠰᠭᠡᠷ ᠲᠠᠢ 《 ᠨᠠᠷᠠᠨ ᠰᠢᠩᠭᠡᠬᠦ ᠦᠭᠡᠢ ᠲᠤᠮᠤ ᠤᠯᠤᠰ 》 ᠭᠡᠰᠡᠨ ᠨᠡᠷᠡᠶᠢᠳᠦᠯ ᠢ ᠬᠠᠮᠤᠭ ᠠᠩᠬᠠᠨ  ᠳᠠᠭᠠᠨ ᠢᠰᠫᠠᠨᠢ ᠬᠡᠷᠡᠭᠯᠡᠵᠣ ᠪᠠᠶᠢᠵᠠᠢ᠃ ᠰᠡᠭᠦᠯᠡᠷ ᠨᠢ ᠠᠩᠭᠡᠯᠢ ᠲᠣᠰ ᠨᠡᠷ᠎ᠡ ᠶᠢ ᠬᠡᠷᠡᠭᠯᠡᠭᠰᠡᠨ ᠪᠠᠶᠢᠨ᠎ᠡ᠃ 7᠂ ᠴᠢᠩ ᠣᠯᠣᠰ ᠤᠨ ᠦᠶ᠎ᠡ ᠳᠤ ᠶᠡᠭᠡ ᠲᠦᠯᠦᠪ 1300 ᠲᠦᠮᠡᠨ ᠳᠦᠷᠪᠡᠯᠵᠢᠨ ᠺᠢᠯᠤᠮᠧᠲᠷ ᠨᠣᠲᠤᠭ ᠳᠡᠪᠢᠰᠭᠡᠷ  ᠲᠠᠢ ᠪᠠᠶᠢᠵᠠᠢ᠃ 8᠂ ᠷᠣᠮᠠᠨ ᠬᠠᠭᠠᠨᠲᠣ ᠣᠯᠣᠰ ᠨᠢ 590 ᠲᠦᠮᠡᠨ ᠳᠦᠷᠪᠡᠯᠵᠢᠨ ᠺᠢᠯᠤᠮᠧᠲᠷ ᠨᠣᠲᠤᠭ ᠳᠡᠪᠢᠰᠭᠡᠷ ᠲᠠᠢ ᠪᠠᠶᠢᠵᠠᠢ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号